ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠬᠣᠷᠢᠨ ᠭᠤᠷᠪᠠ(2) Үүрийн туяа III – Б ᠂ Ренчин Гуравдугаар дэвтэр "Баялдаж олсон эх орон"-23~(2)
ᠬᠣᠷᠢᠨ ᠭᠤᠷᠪᠠ
ᠲᠥᠷᠥ ᠳᠡᠭᠡᠨ ᠨᠡᠷᠡᠲᠡᠨ ᠨᠤᠭᠦᠳ᠂ ᠲᠦᠮᠡᠨ ᠳᠡᠭᠡᠨ ᠬᠠᠶ᠋ᠢᠷᠠᠲᠠᠨ ᠨᠤᠭᠤᠳ – 2
ᠨᠢᠭᠡᠨ ᠨᠠᠰᠤ ᠪᠠᠨ ᠮᠣᠷᠢᠨ ᠤ᠋ ᠨᠢᠷᠤᠭᠤᠨ ᠳᠡᠭᠡᠷ᠎ᠡ ᠥᠩᠭᠡᠷᠡᠭᠦᠯᠦᠭᠰᠡᠨ ᠡᠪᠦᠭᠡᠨ ᠬᠥᠮᠦᠨ ᠦ᠌ ᠶᠠᠭᠠᠷᠠᠯ ᠦᠭᠡᠢ ᠠᠯᠬᠤᠭ᠎ᠠ ᠪᠠᠷ ᠠᠯᠬᠤᠵᠤ᠂ ᠬᠠᠭᠤᠴᠢᠨ ᠯᠠᠮᠠ ᠶ᠋ᠢᠨ ᠭᠡᠭᠡᠨ ᠦ᠌ ᠵᠠᠷᠤᠴᠠ ᠰᠦᠷᠦᠭᠴᠢᠨ ᠦ᠌ ᠨᠢᠭᠡᠳᠦᠭᠰᠡᠨ ᠨᠥᠬᠥᠷᠯᠡᠯ ᠦ᠋ᠨ ᠳᠠᠷᠤᠭ᠎ᠠ᠂ ᠪᠤᠭᠤᠷᠤᠯ ᠦᠰᠦᠲᠦ ᠴᠡᠮᠪᠡᠢ ᠶᠡᠨᠳᠡᠷ ᠳᠡᠭᠡᠷ᠎ᠡ ᠭᠠᠷᠤᠭᠠᠳ᠂ ᠠᠭᠤᠳᠠᠮ ᠰᠠᠢᠬᠠᠨ ᠮᠣᠩᠭᠣᠯ ᠨᠤᠲᠤᠭ ᠤ᠋ᠨ ᠵᠦᠭ ᠵᠣᠪᠬᠢᠰ ᠪᠦᠬᠦᠨ ᠡᠴᠡ ᠭᠠᠷᠮᠠᠭᠠᠢ ᠠᠵᠢᠯ ᠢ᠋ᠶ᠋ᠠᠷ ᠢ᠋ᠶ᠋ᠠᠨ ᠰᠢᠯᠭᠠᠷᠠᠵᠤ᠂ ᠣᠯᠠᠨ ᠵᠢᠯ ᠦ᠋ᠨ ᠲᠤᠷᠰᠢᠯᠭ᠎ᠠ ᠳᠠᠳᠤᠯᠭ᠎ᠠ ᠪᠠᠨ ᠰᠡᠳᠬᠢᠯ ᠵᠣᠷᠢᠯᠭ᠎ᠠ ᠨᠢᠭᠡᠲᠡᠢ ᠨᠥᠬᠥᠳ ᠲᠡᠢ ᠰᠣᠯᠢᠯᠴᠠᠬᠤ ᠭᠡᠵᠦ ᠢᠷᠡᠵᠡᠭᠡᠭᠰᠡᠨ ᠣᠯᠠᠨ ᠰᠠᠢᠨ ᠮᠠᠯᠴᠢᠨ᠂ ᠰᠢᠷᠭᠠᠭᠤ ᠬᠥᠳᠡᠯᠮᠦᠷᠢ ᠶ᠋ᠢᠨ ᠵᠢᠳᠬᠦᠯᠲᠡᠨ ᠲᠡᠳᠡᠨ ᠦ᠌ ᠴᠦᠯ ᠭᠠᠵᠠᠷ ᠤ᠋ᠨ ᠴᠢᠯᠠᠭᠤ ᠶ᠋ᠢ ᠭᠠᠩᠳᠠᠭᠠᠳᠠᠭ ᠬᠤᠷᠴᠠ ᠨᠠᠷᠠᠨ ᠰᠠᠯᠬᠢᠨ ᠳ᠋ᠤ᠌ ᠭᠠᠩᠳᠠᠭᠰᠠᠨ ᠬᠦᠷᠡᠩ ᠤᠯᠠᠭᠠᠨ ᠴᠢᠷᠠᠢ ᠶ᠋ᠢ ᠬᠡᠴᠡᠭᠦᠦ ᠨᠢᠮᠪᠠᠢ ᠨᠢᠳᠦ ᠪᠡᠷ ᠨᠢᠭᠲᠠᠯᠠᠨ ᠬᠠᠷᠠᠵᠤ᠂ ᠴᠣᠬᠣᠮ ᠬᠡᠯᠡᠬᠦ ᠦᠭᠡ ᠪᠡᠨ ᠡᠪᠲᠡᠢᠬᠡᠨ ᠢ᠋ᠶ᠋ᠡᠷ ᠡᠬᠢᠯᠡᠬᠦ ᠭᠡᠵᠦ ᠰᠠᠮᠪᠠᠭᠠᠴᠢᠯᠠᠨ ᠪᠣᠳᠣᠬᠤ ᠮᠡᠲᠦ ᠬᠣᠷᠣᠮᠬᠠᠨ ᠵᠠᠭᠤᠷ᠎ᠠ ᠨᠢᠳᠦ ᠪᠡᠨ ᠠᠨᠢᠰᠬᠢᠭᠠᠳ᠂ ᠠᠭᠤᠳᠠᠮ ᠶᠡᠬᠡ ᠲᠠᠩᠬᠢᠮ ᠳ᠋ᠤ᠌ ᠡᠪᠦᠭᠡᠨ ᠦ᠌ ᠲᠡᠨᠢᠭᠦᠨ ᠲᠠᠯᠪᠢᠭᠤᠨ ᠢ᠋ᠶ᠋ᠠᠷ ᠥᠭᠦᠯᠡᠬᠦ ᠢᠷᠠᠭᠤ ᠲᠣᠳᠣᠬᠠᠨ ᠦᠭᠡ ᠰᠣᠨᠣᠰᠳᠠᠵᠤ᠂
— ᠴᠢᠬᠢ ᠪᠠᠶᠠᠷᠯᠠᠭᠤᠯᠬᠤ ᠰᠠᠢᠬᠠᠨ ᠶᠠᠭᠤᠮ᠎ᠠ ᠴᠡᠭᠡᠵᠢ ᠳᠦᠭᠦᠷᠡᠩ ᠪᠠᠢᠬᠤ ᠳ᠋ᠤ᠌᠂ ᠲᠠ ᠨᠥᠬᠥᠳ ᠲᠡᠭᠡᠨ( ᠲᠤ ᠪᠡᠨ) ᠦᠭᠡ ᠬᠡᠯᠡᠬᠦ ᠨᠢ ᠤᠷᠮ᠎ᠠ ᠲᠠᠢ ᠪᠠᠢᠨ᠎ᠠ ᠳᠠ᠃ ᠰᠢᠷ᠎ᠠ ᠹᠧᠣᠳᠠᠯ ᠯᠠᠮᠠ ᠶ᠋ᠢᠨ ᠭᠡᠭᠡᠨ ᠦ᠌《ᠮᠥᠩᠬᠡ ᠰᠦᠷᠦᠭ》 ᠭᠡᠳᠡᠭ ᠢ᠋ ᠨᠢᠭᠡ ᠨᠠᠰᠤ ᠪᠠᠷ ᠳᠠᠭᠠᠵᠤ ᠶᠠᠪᠤᠭᠰᠠᠨ ᠶᠠᠳᠠᠭᠤ ᠬᠣᠭᠣᠰᠣᠨ ᠵᠠᠷᠤᠴᠠ ᠪᠠᠢᠭᠰᠠᠨ ᠨᠥᠬᠥᠳ ᠮᠢᠨᠢ᠂ ᠡᠪᠦᠭᠡᠨ ᠪᠤᠭᠤᠷᠤᠯ ᠨᠠᠮᠠᠶ᠋ᠢ(ᠨᠠᠮ᠎ᠠ ᠶ᠋ᠢ) ᠪᠡᠨ ᠡᠨᠡ ᠰᠠᠢᠬᠠᠨ ᠬᠤᠷᠠᠯ ᠳ᠋ᠤ᠌ ᠶᠠᠪᠤᠭᠤᠯᠵᠤ᠂ ᠡᠷᠬᠡ ᠴᠢᠯᠥᠭᠡ ᠲᠡᠢ ᠰᠠᠢᠬᠠᠨ ᠠᠵᠤ ᠲᠥᠷᠥᠬᠦ ᠲᠡᠢ᠂ ᠴᠡᠭᠡᠵᠢ ᠳᠦᠭᠦᠷᠡᠩ ᠪᠠᠶᠠᠷ ᠲᠠᠢ ᠮᠠᠩᠨᠠᠢ ᠲᠡᠨᠢᠭᠦᠨ ᠬᠥᠮᠦᠨ ᠪᠣᠯᠵᠤ ᠨᠢᠳᠦ ᠨᠡᠭᠡᠭᠡᠭᠳᠡᠨ᠂ ᠡᠪ ᠰᠠᠨᠠᠭ᠎ᠠ ᠨᠢᠭᠡᠲᠡᠢ᠂ ᠡᠷᠬᠡ ᠵᠢᠷᠭᠠᠯ ᠲᠠᠢ ᠰᠠᠢᠬᠠᠨ ᠰᠠᠭᠤᠵᠤ ᠪᠠᠢᠭ᠎ᠠ ᠪᠠᠨ ᠲᠠ ᠪᠦᠬᠦᠨ ᠳ᠋ᠦ᠍ ᠢᠷᠠᠭᠤ ᠲᠣᠮᠣᠷᠠᠭᠤᠨ ᠢ᠋ᠶ᠋ᠠᠷ ᠬᠡᠯᠡᠵᠦ ᠥᠭᠭᠦᠭᠡᠷᠡᠢ ᠭᠡᠵᠦ ᠵᠠᠬᠢᠵᠤ ᠶᠠᠪᠤᠭᠤᠯᠤᠭᠰᠠᠨ ᠪᠢᠯᠡ᠃
ᠨᠣᠣᠷᠬᠠᠢ ᠴᠣᠭᠣᠷᠬᠠᠢ ᠰᠢᠷ᠎ᠠ ᠢᠰᠡᠭᠡᠢ ᠣᠪᠣᠬᠠᠢ ᠳ᠋ᠠᠭᠠᠨ( ᠳ᠋ᠤ᠌ ᠪᠠᠨ)᠂ ᠤᠷᠠᠩᠬᠠᠢ ᠳᠡᠪᠡᠯ ᠳ᠋ᠡᠭᠡᠨ( ᠳ᠋ᠦ᠍ ᠪᠡᠨ) ᠳᠤᠯᠠᠭᠠᠴᠠᠵᠤ ᠶᠠᠳᠠᠨ ᠴᠡᠴᠡᠷᠡᠨ ᠳᠠᠭᠵᠢᠵᠤ᠂ ᠥᠯᠥᠰᠬᠦ ᠲᠠᠭᠠᠷᠠᠬᠤ ᠳ᠋ᠠᠭᠠᠨ( ᠳ᠋ᠤ᠌ ᠪᠠᠨ) ᠠᠴᠢ ᠦᠷ᠎ᠡ ᠮᠢᠨᠢ ᠰᠥᠨᠢ ᠤᠬᠢᠯᠠᠳᠠᠭ ᠲᠡᠷᠡ ᠴᠠᠭ᠂ ᠣᠳᠣ ᠰᠠᠨᠠᠬᠤ ᠳ᠋ᠤ᠌ ᠵᠡᠭᠦᠳᠦ ᠰᠢᠭ ᠪᠣᠯᠵᠤ᠂ ᠭᠡᠭᠡᠨ ᠱᠠᠩ ᠤ᠋ᠨ ᠲᠤᠭᠤᠯᠯᠠᠭᠰᠠᠨ ᠦᠨᠢᠶ᠎ᠡ ᠶ᠋ᠢᠨ ᠬᠠᠭ ᠨᠢ ᠥᠯᠥᠰᠴᠦ ᠶᠠᠳᠠᠷᠠᠭᠰᠠᠨ ᠪᠢᠳᠡᠨ ᠳ᠋ᠦ᠍ ᠥᠯᠲᠡᠢ ᠰᠢᠮᠡᠲᠡᠢ ᠬᠣᠭᠣᠯᠠ ᠰᠢᠭ᠋ ᠪᠠᠢᠭᠰᠠᠨ ᠢ᠋ ᠰᠠᠨᠠᠬᠤ ᠳ᠋ᠤ᠌᠂ ᠣᠳᠣ 37 ᠢᠲᠡᠭᠡᠮᠡᠷ ᠪᠢᠰᠢ ᠬᠠᠴᠢᠨ ᠰᠠᠨᠠᠭᠳᠠᠳᠠᠭ ᠪᠣᠯᠵᠠᠢ᠃ ᠡᠷᠦᠬᠡ ᠪᠡᠷ ᠮᠢᠨᠢ ᠣᠳᠣ ᠨᠠᠷᠠ ᠣᠷᠣᠵᠤ᠂ ᠡᠭᠦᠳᠡ ᠪᠡᠷ ᠮᠢᠨᠢ ᠥᠯᠵᠡᠢᠬᠤᠲᠤᠭ ᠣᠷᠣᠵᠠᠢ ᠭᠡᠵᠦ ᠭᠡᠭᠡᠨ ᠱᠠᠩ ᠤ᠋ᠨ ᠵᠠᠷᠤᠴᠠ ᠶᠠᠳᠠᠭᠤᠰ ᠠᠷᠲ᠋ᠸᠯ ᠪᠣᠯᠵᠤ ᠬᠦᠴᠦ ᠬᠥᠳᠡᠯᠮᠦᠷᠢ ᠪᠡᠨ ᠨᠢᠭᠡᠳᠬᠡᠭᠡᠳ᠂ ᠡᠯᠪᠡᠭ ᠰᠠᠢᠬᠠᠨ ᠢ᠋ᠶ᠋ᠠᠷ ᠠᠵᠤ ᠲᠥᠷᠥᠬᠦ ᠶ᠋ᠢᠨ ᠵᠠᠮ ᠳ᠋ᠤ᠌ ᠣᠷᠣᠭᠰᠠᠨ ᠢ᠋ᠶ᠋ᠠᠨ ᠵᠦᠢᠷ ᠰᠠᠢᠬᠠᠨ ᠦᠭᠡ ᠪᠡᠷ ᠶᠡᠬᠡᠯ᠎ᠡ(ᠶᠡᠬᠡ ᠯᠡ) ᠠᠶᠠᠲᠠᠢᠬᠠᠨ ᠢ᠋ᠶ᠋ᠠᠷ ᠶᠠᠷᠢᠬᠤ ᠳ᠋ᠤᠨᠢ( ᠳ᠋ᠤ᠌ ᠨᠢ) ᠰᠢᠷᠴᠢᠨ ᠰᠣᠨᠢᠷᠬᠠᠨ ᠴᠢᠩᠨᠠᠵᠤ ᠰᠠᠭᠤᠯ᠎ᠠ᠃
— ᠡᠨᠳᠡ ᠮᠢᠨᠦ ᠡᠮᠦᠨ᠎ᠡ ᠦᠭᠡ ᠬᠡᠯᠡᠵᠦ ᠪᠠᠢᠭᠰᠠᠨ ᠨᠥᠬᠥᠳ᠂ ᠬᠦᠴᠦ ᠬᠥᠷᠥᠩᠭᠡ ᠨᠢᠭᠡᠳᠬᠡᠵᠦ ᠬᠠᠮᠲᠤᠷᠠᠨ ᠠᠵᠢᠯᠯᠠᠬᠤ ᠳ᠋ᠤ᠌ ᠳᠣᠣᠷ᠎ᠠ ᠳᠣᠣᠷ᠎ᠠ ᠪᠠᠨ ᠬᠦᠴᠦ ᠪᠦᠯᠢ ᠦᠭᠡᠢᠳᠡᠵᠦ ᠪᠠᠢᠭᠰᠠᠨ ᠠ᠋ᠴᠠ ᠢᠯᠡᠭᠦᠦ ᠰᠠᠢᠬᠠᠨ ᠶᠤᠮ ᠪᠠᠢᠨ᠎ᠠ ᠭᠡᠵᠦ ᠬᠡᠯᠡᠭᠰᠡᠨ ᠨᠢ ᠲᠦᠮᠡᠨ ᠦᠨᠡᠨ ᠬᠡᠷᠡᠭ᠃ ᠬᠠᠭᠤᠴᠢᠨ ᠤ᠋ ᠰᠡᠴᠡᠨ ᠦᠭᠡᠨ ᠳ᠋ᠦ᠍ ᠴᠣ᠂ ᠭᠠᠭᠴᠠ ᠬᠥᠮᠦᠨ ᠬᠥᠮᠦᠨ ᠪᠢᠰᠢ᠂ ᠭᠠᠭᠴᠠ ᠴᠤᠴᠠᠯᠢ ᠭᠠᠯ ᠪᠢᠰᠢ ᠭᠡᠳᠡᠭ ᠰᠠᠨ ᠰᠢᠦ ᠳᠡ᠃ ᠡᠪ ᠰᠠᠨᠠᠭ᠎ᠠ᠂ ᠬᠦᠴᠦ ᠬᠥᠳᠡᠯᠮᠦᠷᠢ ᠨᠢᠭᠡᠲᠡᠢ ᠪᠡᠷ ᠬᠠᠮᠲᠤᠷᠠᠨ ᠠᠵᠢᠯᠯᠠᠭᠰᠠᠨ ᠤ᠋ ᠠᠰᠢᠭ ᠲᠤᠰᠠ ᠶ᠋ᠢ ᠮᠠᠨ ᠤ᠋ ᠠᠷᠲ᠋ᠸᠯ ᠨᠢᠭᠡᠳᠦᠯ ᠦ᠋ᠨ ᠦᠯᠢᠭᠡᠷ ᠵᠢᠱ᠌ᠢᠶ᠎ᠡ ᠪᠡᠷ ᠴᠦ᠍ ᠪᠠᠰᠠ ᠮᠡᠳᠡᠵᠦ ᠪᠣᠯᠤᠨ᠎ᠠ᠃ ᠮᠠᠨ ᠤ᠋ ᠨᠥᠬᠥᠳ ᠨᠠᠮᠠᠶ᠋ᠢ(ᠨᠠᠮ᠎ᠠ ᠶ᠋ᠢ) ᠡᠨᠡ ᠬᠤᠷᠠᠯ ᠳ᠋ᠤ᠌ ᠶᠠᠪᠤᠭᠤᠯᠬᠤ ᠳ᠋ᠠᠭᠠᠨ (ᠳ᠋ᠤ᠌ ᠪᠠᠨ)᠂ ᠲᠡᠷᠡ ᠤᠴᠢᠷ ᠢ᠋ ᠰᠠᠢᠲᠤᠷ ᠨᠢᠭᠡ ᠳ᠋ᠦ᠍ ᠨᠢᠭᠡᠨ ᠦᠭᠡᠢ ᠬᠡᠯᠡᠵᠦ᠂ ᠬᠤᠷᠠᠯ ᠤ᠋ᠨ ᠣᠯᠠᠨ ᠲᠠ ᠪᠦᠬᠦᠨ ᠳ᠋ᠦ᠍ ᠲᠤᠷᠰᠢᠯᠭ᠎ᠠ ᠪᠠᠨ ᠶᠠᠷᠢᠵᠤ ᠥᠭᠭᠦᠭᠡᠷᠡᠢ ᠭᠡᠵᠦ ᠨᠠᠳᠠᠳᠤ(ᠨᠠᠳᠠ ᠳ᠋ᠤ᠌) ᠶᠡᠬᠡᠯ᠎ᠡ(ᠶᠡᠬᠡ ᠯᠡ) ᠵᠠᠬᠢᠭᠰᠠᠨ ᠪᠢᠯᠡ᠃ ᠡᠪᠦᠭᠡᠨ ᠪᠢ ᠨᠠᠰᠤᠨ ᠳ᠋ᠤ᠌ ᠳᠠᠷᠤᠭᠳᠠᠵᠤ ᠵᠥᠨᠥᠵᠦ ᠮᠤᠩᠭᠠᠨᠢᠭᠠᠳ ᠳᠤᠲᠠᠭᠤ ᠬᠠᠭᠠᠰ ᠬᠡᠯᠡᠭᠰᠡᠨ ᠪᠣᠯ᠂ ᠪᠢᠳᠡᠨ ᠦ᠌ ᠬᠠᠮᠲᠤ ᠤᠷᠢᠳᠤ ᠯᠠᠮᠠ ᠶ᠋ᠢᠨ ᠭᠡᠭᠡᠨ ᠦ᠌ ᠱᠠᠩ ᠤ᠋ᠨ ᠠᠵᠢᠯ ᠳ᠋ᠤ᠌ ᠤᠭᠤᠴᠠ ᠨᠢᠷᠤᠭᠤ ᠪᠠᠨ ᠴᠢᠯᠡᠲᠡᠯ᠎ᠡ ᠠᠵᠢᠯ ᠭᠡᠵᠦ ᠶᠠᠪᠤᠭᠰᠠᠨ ᠡᠪᠦᠭᠡᠨ ᠨᠣᠭᠣᠭᠠᠴᠢᠨ ᠮᠠᠨᠢ ᠣᠳᠣ ᠡᠨᠡ ᠬᠤᠷᠠᠯ ᠳ᠋ᠤ᠌ ᠢᠷᠡᠭᠡᠳ ᠰᠠᠭᠤᠵᠤ ᠪᠠᠢᠭ᠎ᠠ᠃ ᠮᠢᠨᠦ ᠳᠤᠲᠠᠭᠤ ᠬᠡᠯᠡᠭᠰᠡᠨ ᠢ᠋ ᠲᠡᠷᠡ ᠮᠠᠨᠢ ᠨᠥᠬᠥᠨ ᠭᠦᠢᠴᠡᠭᠡᠵᠦ ᠥᠭᠬᠦ ᠪᠢᠵᠡ᠃
ᠬᠥᠮᠦᠨ ᠠᠬ᠎ᠠ ᠲᠠᠢ᠂ ᠳᠡᠪᠡᠯ ᠵᠠᠬ᠎ᠠ ᠲᠠᠢ ᠭᠡᠵᠦ ᠬᠠᠭᠤᠴᠢᠨ ᠤ᠋ ᠦᠭᠡᠨ ᠳ᠋ᠦ᠍ ᠪᠠᠢᠳᠠᠭ᠃ ᠪᠢᠳᠡ ᠪᠦᠭᠦᠳᠡ ᠶ᠋ᠢᠨ ᠠᠬ᠎ᠠ ᠪᠣᠯᠤᠭᠰᠠᠨ ᠵᠥᠪᠯᠡᠯᠲᠦ ᠶ᠋ᠢᠨ ᠠᠷᠠᠳ ᠲᠦᠮᠡᠨ᠂ ᠰᠢᠨ᠎ᠡ ᠰᠠᠢᠬᠠᠨ ᠪᠠᠢᠳᠠᠯ ᠵᠣᠬᠢᠶᠠᠬᠤ ᠠᠷᠭ᠎ᠠ ᠵᠠᠮ ᠢ᠋ ᠰᠢᠳᠤᠷᠭᠤ ᠬᠥᠳᠡᠯᠮᠦᠷᠢ ᠶ᠋ᠢᠨ ᠬᠥᠮᠦᠨ ᠳ᠋ᠦ᠍᠂ ᠠᠷᠠᠳ ᠪᠦᠬᠦᠨ ᠳ᠋ᠦ᠍ ᠵᠢᠭᠠᠵᠤ ᠥᠭᠭᠦᠭᠰᠡᠨ ᠢ᠋ᠶ᠋ᠡᠷ ᠵᠥᠪᠯᠡᠯᠲᠦ ᠶᠡᠬᠡ ᠤᠯᠤᠰ ᠤ᠋ᠨ ᠥᠨᠳᠥᠷ ᠵᠠᠶᠠᠭ᠎ᠠ᠂ ᠥᠷᠭᠡᠨ ᠰᠤᠭᠤᠨ ᠳ᠋ᠤᠨᠢ( ᠳ᠋ᠤ᠌ ᠨᠢ) ᠲᠦᠰᠢᠭᠰᠡᠨ ᠮᠠᠯᠴᠢᠨ ᠪᠢᠳᠡ᠂ ᠡᠨᠡ ᠳᠡᠯᠡᠬᠡᠢ ᠶ᠋ᠢᠨ ᠤᠯᠤᠰ ᠣᠯᠠᠨ ᠤ᠋ ᠡᠩᠬᠡ ᠵᠢᠷᠭᠠᠯ ᠤ᠋ᠨ ᠳᠠᠢᠰᠤᠨ ᠹᠠᠱ᠌ᠢᠰᠲ ᠲᠠᠢ ᠰᠢᠳᠤᠷᠭᠤ ᠲᠡᠮᠡᠴᠡᠯ ᠬᠢᠵᠦ ᠪᠠᠢᠭ᠎ᠠ ᠳ᠋ᠤᠨᠢ( ᠳ᠋ᠤ᠌ ᠨᠢ)ᠪᠣᠢ ᠪᠦᠬᠦ ᠬᠦᠴᠦ ᠪᠡᠨ ᠰᠢᠪᠬᠠᠨ ᠲᠤᠰᠠᠯᠠᠨ᠎ᠠ᠃
ᠡᠷ᠎ᠡ ᠬᠥᠮᠦᠨ ᠬᠡᠯᠡᠭᠰᠡᠨ ᠳ᠋ᠡᠭᠡᠨ( ᠳ᠋ᠦ᠍ ᠪᠡᠨ)᠂ ᠴᠢᠨᠣ᠎ᠠ ᠬᠠᠷᠠᠢᠭᠰᠠᠨ ᠳ᠋ᠠᠭᠠᠨ( ᠳ᠋ᠤ᠌ ᠪᠠᠨ) ᠬᠦᠷᠳᠡᠭ ᠭᠡᠳᠡᠭ᠃ ᠪᠢᠳᠡᠨ ᠦ᠌ ᠮᠠᠯᠴᠢᠨ ᠨᠤᠭᠤᠳ ᠬᠡᠯᠡᠭᠰᠡᠨ ᠦᠭᠡᠨ ᠳ᠋ᠡᠭᠡᠨ( ᠳ᠋ᠦ᠍ ᠪᠡᠨ) ᠬᠦᠷᠴᠦ᠂ ᠦᠨᠡᠨ ᠵᠥᠪ ᠬᠡᠷᠡᠭ ᠢᠯᠠᠵᠤ᠂ ᠨᠡᠢᠭᠡᠮ ᠤᠯᠤᠰ ᠣᠯᠠᠨ ᠤ᠋ ᠡᠩᠬᠡ ᠵᠢᠷᠭᠠᠯ ᠪᠠᠲᠤᠳᠬᠠᠬᠤ ᠶ᠋ᠢᠨ ᠲᠥᠯᠥᠭᠡ ᠮᠠᠨ ᠤ᠋ ᠠᠬ᠎ᠠ ᠪᠣᠯᠤᠭᠰᠠᠨ ᠵᠥᠪᠯᠡᠯᠲᠦ ᠶ᠋ᠢᠨ ᠬᠥᠮᠦᠨ ᠠᠷᠠᠳ ᠤ᠋ᠨ ᠲᠡᠮᠡᠴᠡᠨ ᠵᠢᠳᠬᠦᠵᠦ ᠪᠠᠢᠭ᠎ᠠ ᠵᠢᠱ᠌ᠢᠶ᠎ᠡ ᠪᠡᠷ ᠵᠢᠳᠬᠦᠨ ᠲᠡᠮᠡᠴᠡᠨ᠎ᠡ᠃
ᠡᠩ ᠦ᠋ᠨ ᠮᠠᠯᠴᠢᠨ ᠠᠷᠠᠳ ᠪᠢᠳᠡᠨ ᠢ᠋ ᠬᠠᠯᠠᠭᠤᠨ ᠰᠠᠨᠠᠭ᠎ᠠ ᠲᠠᠯᠪᠢᠵᠤ᠂ ᠦᠷᠭᠦᠯᠵᠢ ᠠᠩᠬᠠᠷᠴᠤ ᠪᠠᠢᠳᠠᠭ ᠨᠠᠮ ᠵᠠᠰᠠᠭ᠂ ᠨᠥᠬᠥᠷ ᠴᠣᠢᠪᠠᠯᠰᠠᠩ ᠳ᠋ᠤ᠌ ᠦᠨᠡᠨ ᠰᠡᠳᠬᠢᠯ ᠦ᠋ᠨ ᠪᠠᠶᠠᠷ ᠲᠠᠯᠠᠷᠬᠠᠯ ᠢ᠋ ᠢᠯᠡᠷᠬᠡᠢᠯᠡᠶ᠎ᠡ᠃ ᠵᠥᠪᠯᠡᠯᠲᠦ ᠶᠡᠬᠡ ᠤᠯᠤᠰ ᠢ᠋ ᠲᠥᠯᠥᠭᠡᠯᠡᠭᠰᠡᠨ ᠨᠥᠬᠥᠷ ᠢᠸᠠᠨᠤᠸ ᠡᠯᠴᠢᠨ ᠳ᠋ᠦ᠍ ᠮᠠᠨ ᠤ᠋ ᠠᠷᠲ᠋ᠧᠯ ᠦ᠋ᠨ ᠬᠢᠨ ᠡᠴᠡ ᠪᠠᠶᠠᠷ ᠪᠠᠬᠠᠳᠤᠯ ᠢ᠋ᠶ᠋ᠠᠨ ᠢᠯᠡᠷᠬᠡᠢᠯᠡᠵᠦ ᠮᠡᠬᠦᠢᠨ ᠶᠣᠰᠣᠯᠠᠶ᠎ᠠ᠃
ᠮᠠᠯᠴᠢᠨ ᠨᠥᠬᠥᠳ ᠲᠠ ᠪᠦᠬᠦᠨ ᠢ᠋ᠶ᠋ᠡᠨ ᠡᠬᠡ ᠣᠷᠣᠨ᠂ ᠠᠯᠲᠠᠨ ᠳᠡᠯᠡᠬᠡᠢ ᠶ᠋ᠢᠨ ᠬᠥᠮᠦᠨ ᠠᠷᠠᠳ ᠤ᠋ᠨ ᠡᠩᠬᠡ ᠵᠢᠷᠭᠠᠯ ᠤ᠋ᠨ ᠲᠥᠯᠥᠭᠡ ᠵᠢᠳᠬᠦᠨ ᠬᠥᠳᠡᠯᠮᠦᠷᠢᠯᠡᠬᠦ ᠳ᠋ᠡᠭᠡᠨ( ᠳ᠋ᠦ᠍ ᠪᠡᠨ) ᠤᠯᠠᠮ ᠰᠠᠢᠬᠠᠨ ᠭᠠᠷᠮᠠᠭᠠᠢ ᠠᠮᠵᠢᠯᠲᠠ ᠪᠠᠢᠭᠤᠯᠬᠤ ᠶ᠋ᠢ ᠢᠷᠥᠭᠡᠶ᠎ᠡ ᠭᠡᠵᠦ ᠡᠪᠦᠭᠡᠨ ᠴᠡᠮᠪᠡᠢ ᠮᠡᠬᠦᠢᠨ ᠶᠣᠰᠣᠯᠠᠵᠤ ᠦᠭᠡ ᠪᠡᠨ ᠲᠡᠭᠦᠰᠬᠡᠵᠡᠢ᠃
ᠮᠣᠩᠭᠣᠯ ᠭᠠᠵᠠᠷ ᠨᠢᠭᠡ ᠨᠠᠰᠤ ᠪᠠᠷ ᠢ᠋ᠶ᠋ᠠᠨ ᠰᠠᠭᠤᠵᠤ᠂ ᠯᠠᠮᠠ ᠶ᠋ᠢᠨ ᠭᠡᠭᠡᠨ ᠦ᠌ ᠲᠠᠷᠢᠶᠠᠨ ᠤ᠋ ᠭᠠᠵᠠᠷ ᠠᠵᠢᠯ ᠬᠢᠵᠦ ᠪᠠᠢᠭᠰᠠᠨ᠂ ᠤᠷᠢᠳᠤ ᠵᠠᠷᠤᠴᠠ ᠶᠠᠪᠤᠭᠰᠠᠨ᠂ ᠠᠷᠠᠳ ᠤ᠋ᠨ ᠨᠢᠭᠡᠳᠦᠯ ᠦ᠋ᠨ ᠭᠡᠰᠢᠭᠦᠨ᠂᠂ ᠡᠪᠦᠭᠡᠨ ᠳᠣᠲᠣᠷ᠎ᠠ ᠠᠵᠢᠯᠴᠢᠨ᠂ ᠨᠢᠭᠡᠳᠦᠯ ᠦ᠋ᠨ ᠨᠣᠭᠣᠭ᠎ᠠ ᠲᠠᠷᠢᠶᠠᠨ ᠤ᠋ ᠭᠠᠵᠠᠷ ᠵᠢᠯ ᠪᠦᠷᠢ ᠶᠡᠬᠡ ᠰᠠᠢᠬᠠᠨ ᠨᠣᠭᠣᠭ᠎ᠠ ᠤᠷᠭᠤᠭᠤᠯᠵᠤ ᠪᠠᠢᠳᠠᠭ ᠢ᠋ᠶ᠋ᠠᠨ ᠶᠠᠷᠢᠭᠠᠳ᠂ ᠤᠯᠠᠮ ᠰᠠᠢᠨ ᠢ᠋ᠶ᠋ᠠᠷ ᠤᠷᠭᠤᠭᠤᠯᠬᠤ ᠶ᠋ᠢ ᠮᠡᠷᠡᠢᠨᠡ ᠭᠡᠵᠦ ᠬᠡᠯᠡᠬᠦ ᠳ᠋ᠡᠭᠡᠨ( ᠳ᠋ᠦ᠍ ᠪᠡᠨ)᠂
— ᠮᠠᠷᠱᠠᠯ ᠴᠣᠢᠪᠠᠯᠰᠠᠩ᠂ ᠵᠥᠪᠯᠡᠯᠲᠦ ᠶ᠋ᠢᠨ ᠠᠷᠠᠳ ᠲᠦᠮᠡᠨ ᠢ᠋ ᠹᠠᠱ᠌ᠢᠰᠮ ᠲᠠᠢ ᠲᠡᠮᠡᠴᠡᠨ ᠪᠠᠢᠯᠳᠤᠵᠤ ᠪᠠᠢᠭ᠎ᠠ ᠡᠨᠡ ᠦᠶ᠎ᠡ ᠳ᠋ᠦ᠍ ᠬᠥᠮᠦᠨ ᠪᠦᠷᠢ ᠵᠦᠢᠯ ᠪᠦᠷᠢ ᠪᠡᠷ ᠵᠥᠪᠯᠡᠯᠲᠦ ᠤᠯᠤᠰ ᠤ᠋ᠨ ᠠᠷᠠᠳ ᠣᠯᠠᠨ ᠳ᠋ᠤ᠌ ᠲᠤᠰᠠᠯᠠᠬᠤ ᠭᠡᠵᠦ ᠤᠯᠠᠮ ᠰᠠᠢᠨ ᠢ᠋ᠶ᠋ᠠᠷ ᠠᠵᠢᠯᠯᠠᠬᠤ ᠬᠡᠷᠡᠭᠲᠡᠢ ᠭᠡᠵᠦ ᠰᠤᠷᠭᠠᠨ ᠬᠡᠯᠡᠭᠰᠡᠨ ᠢ᠋ ᠪᠢ ᠬᠢᠴᠢᠶᠡᠨ ᠭᠦᠢᠴᠡᠳᠬᠡᠵᠦ᠂ ᠠᠷᠪᠠᠨ ᠳᠠᠪᠬᠤᠷ ᠶᠡᠬᠡ ᠮᠡᠷᠡᠢᠨᠡ᠃ ᠪᠢ ᠳᠣᠲᠣᠷ᠎ᠠ ᠬᠥᠮᠦᠨ᠂ ᠶᠡᠬᠡ ᠬᠣᠯᠪᠣᠭᠠᠲᠤ ᠤᠯᠤᠰ ᠬᠠᠷᠭᠢᠰ ᠹᠠᠱ᠌ᠢᠰᠮ ᠢ᠋ ᠢᠯᠠᠨ ᠳᠠᠷᠤᠪᠠᠯ᠂ ᠮᠠᠨ ᠤ᠋ ᠠᠷᠠᠳ ᠲᠦᠮᠡᠨ ᠴᠦ᠍ ᠭᠠᠳᠠᠭᠠᠳᠤ ᠶ᠋ᠢᠨ ᠡᠵᠡᠷᠬᠡᠭ ᠲᠦᠷᠢᠮᠡᠬᠡᠢ᠂ ᠳᠣᠲᠣᠭᠠᠳᠤ ᠶ᠋ᠢᠨ ᠭᠣᠮᠢᠨᠳᠠᠩ ᠤ᠋ᠨ ᠳᠠᠷᠤᠯᠠᠯ ᠠ᠋ᠴᠠ ᠠᠩᠭᠢᠵᠢᠷᠠᠨ ᠰᠠᠯᠬᠤ ᠪᠠᠢᠬᠤ ᠭᠡᠵᠦ ᠪᠢ ᠳᠣᠲᠣᠷ᠎ᠠ ᠪᠠᠨ ᠭᠣᠷᠢᠳᠠᠨ ᠪᠣᠳᠣᠵᠤ ᠶᠠᠪᠤᠳᠠᠭ ᠶᠤᠮ ᠰᠢᠦ ᠭᠡᠵᠦ ᠲᠡᠷᠡ ᠡᠪᠦᠭᠡᠨ ᠳᠣᠲᠣᠷ᠎ᠠ ᠠᠵᠢᠯᠴᠢᠨ ᠬᠡᠯᠡᠵᠦ ᠪᠢᠯᠡ᠃
ᠳᠠᠯᠠᠨ ᠭᠤᠷᠪᠠᠨ ᠨᠠᠰᠤᠲᠠᠢ᠂ ᠲᠣᠷᠭᠤᠳ ᠡᠪᠦᠭᠡᠨ ᠵᠠᠮᠰᠤ ᠶᠡᠨᠳᠡᠷ ᠳᠡᠭᠡᠷ᠎ᠡ ᠭᠠᠷᠴᠤ ᠲᠠᠩᠬᠢᠮ ᠳᠦᠭᠦᠷᠡᠩ ᠰᠠᠭᠤᠭᠰᠠᠨ ᠣᠯᠠᠨ ᠬᠥᠮᠦᠨ ᠢ᠋ ᠬᠠᠷᠠᠭᠠᠳ ᠥᠭᠦᠯᠡᠷᠦᠨ᠂
— ᠨᠥᠬᠥᠳ ᠠ᠋! ᠡᠨᠡ ᠵᠢᠯ ᠪᠢ ᠳᠠᠯᠠᠨ ᠭᠤᠷᠪᠠ ᠲᠠᠢ᠃ ᠵᠣᠪᠠᠯᠠᠩ ᠪᠡᠷᠺᠧ(ᠪᠡᠷᠬᠡ) ᠶ᠋ᠢ ᠶᠡᠺᠧ(ᠶᠡᠬᠡ) ᠦᠵᠡᠭᠰᠡᠨ ᠪᠣᠯᠪᠠᠴᠤ᠂ ᠰᠠᠨᠳᠤᠷᠤᠨ ᠲᠡᠪᠡᠳᠡᠵᠦ ᠦᠵᠡᠭᠡᠳ ᠦᠭᠡᠢ ᠪᠢᠯᠡ᠃ ᠬᠠᠷᠢᠨ ᠡᠨᠡ ᠠᠯᠲᠠᠨ ᠶᠡᠨᠳᠡᠷ ᠳᠡᠭᠡᠷ᠎ᠡ ᠭᠠᠷᠤᠭᠠᠳ᠂ ᠠᠷᠢᠭᠤᠨ ᠺᠥᠳᠡᠯᠮᠦᠷᠢ(ᠬᠥᠳᠡᠯᠮᠦᠷᠢ) ᠪᠡᠷ ᠢ᠋ᠶ᠋ᠡᠨ ᠲᠥᠷᠥ ᠳ᠋ᠡᠭᠡᠨ( ᠳ᠋ᠦ᠍ ᠪᠡᠨ) ᠬᠦᠨᠳᠦᠲᠡᠢ ᠲᠦᠮᠡᠨ ᠳ᠋ᠡᠭᠡᠨ( ᠳ᠋ᠦ᠍ ᠪᠡᠨ) ᠬᠠᠢᠷᠠᠲᠠᠢ ᠲᠠ ᠨᠥᠺᠥᠳ(ᠨᠥᠬᠥᠳ) ᠦ᠋ᠨ ᠪᠠᠢᠳᠠᠯ ᠢ᠋ ᠬᠠᠷᠠᠭᠠᠳ ᠰᠠᠨᠳᠤᠷᠤᠨ ᠲᠡᠪᠡᠳᠡᠵᠦ᠂ ᠰᠡᠳᠺᠢᠯ ᠪᠠᠶᠠᠷᠯᠠᠨ ᠬᠥᠳᠡᠯᠦᠭᠡᠳ ᠰᠦᠷᠳᠡᠵᠦ᠂ ᠦᠭᠡ ᠺᠧᠯᠡᠵᠦ(ᠬᠡᠯᠡᠵᠦ) ᠴᠢᠳᠠᠰᠢ ᠦᠭᠡᠢ ᠮᠡᠲᠦ ᠶᠠᠮᠠᠷ ᠰᠣᠨᠢᠨ ᠶᠤᠮ ᠪᠢᠯᠡ?
ᠮᠣᠩᠭᠣᠯ ᠤᠯᠤᠰ ᠤ᠋ᠨ ᠠᠷᠪᠠᠨ ᠨᠢᠭᠡᠨ ᠣᠨ ᠳ᠋ᠤ᠌ ᠪᠢ ᠳᠣᠯᠣᠭᠠᠨ ᠠᠳᠤᠭᠤ ᠲᠠᠢ᠂ ᠲᠠᠪᠤᠨ ᠦᠨᠢᠶ᠎ᠡ ᠲᠡᠢ᠂ ᠲᠠᠪᠤᠨ ᠢᠮᠠᠭ᠎ᠠ ᠲᠠᠢ ᠡᠢᠮᠦ ᠬᠥᠮᠦᠨ ᠪᠠᠢᠯᠠᠪ᠃ ᠠᠷᠠᠳ ᠤ᠋ᠨ ᠬᠤᠪᠢᠰᠬᠠᠯ ᠤ᠋ᠨ ᠠᠴᠢ ᠪᠠᠷ ᠹᠧᠣᠳᠠᠯ ᠤ᠋ᠨ ᠳᠠᠷᠤᠯᠠᠯ ᠠ᠋ᠴᠠ ᠮᠤᠯᠲᠤᠷᠠᠵᠤ ᠰᠠᠯᠤᠭᠠᠳ᠂ ᠣᠳᠣ ᠬᠣᠷᠢᠨ ᠵᠢᠯ ᠡᠷᠺᠡ(ᠡᠷᠬᠡ) ᠴᠢᠯᠥᠭᠡ ᠲᠡᠢ ᠺᠦᠳᠡᠯᠮᠦᠷᠢ ᠬᠢᠬᠦ ᠳ᠋ᠡᠭᠡᠨ( ᠳ᠋ᠦ᠍ ᠪᠡᠨ)᠂ ᠮᠠᠯ ᠢ᠋ᠶ᠋ᠠᠨ ᠶᠢᠰᠦᠨ ᠵᠠᠭᠤ ᠺᠦᠷᠭᠡᠯᠡ(ᠬᠦᠷᠭᠡᠯ᠎ᠡ)᠃ ᠵᠤᠨ ᠴᠠᠭ ᠥᠨᠳᠥᠷ ᠠᠭᠤᠯᠠ ᠶ᠋ᠢᠨ ᠪᠠᠯ ᠢ᠋ᠶ᠋ᠠᠷ ᠰᠡᠷᠢᠭᠦᠨ ᠭᠠᠵᠠᠷ ᠮᠠᠯ ᠢ᠋ᠶ᠋ᠠᠨ ᠮᠠᠯᠯᠠᠵᠤ᠂ ᠥᠷᠭᠡᠨ ᠲᠠᠯ᠎ᠠ ᠳ᠋ᠤ᠌ ᠨᠠᠷᠠᠨ ᠳ᠋ᠤ᠌ ᠡᠪᠡᠰᠦ ᠭᠠᠩᠳᠠᠳᠠᠭ ᠦᠭᠡᠢ ᠭᠣᠣ ᠵᠢᠯᠠᠭ᠎ᠠ ᠪᠠᠷ ᠮᠠᠯᠯᠠᠳᠠᠭ ᠪᠢᠯᠡ᠃ ᠡᠪᠦᠯ ᠦ᠋ᠨ ᠴᠠᠭ ᠲᠤ᠌ ᠡᠪᠡᠰᠦ ᠤᠰᠤ ᠲᠡᠭᠰᠢ᠂ ᠵᠢᠪᠠᠷ ᠰᠠᠯᠺᠢᠨ(ᠰᠠᠯᠬᠢᠨ) ᠠ᠋ᠴᠠ ᠨᠥᠮᠥᠷᠢ ᠳᠤᠯᠠᠭᠠᠨ ᠭᠠᠵᠠᠷ ᠡᠪᠦᠯᠵᠢᠳᠡᠭ ᠪᠢᠯᠡ᠃ ᠨᠠᠰᠤᠲᠠᠢ ᠺᠦᠮᠦᠨ(ᠬᠥᠮᠦᠨ) ᠡᠴᠡ ᠶᠠᠮᠠᠷ ᠮᠠᠯ᠂ ᠶᠠᠮᠠᠷ ᠡᠪᠡᠰᠦ ᠨᠣᠭᠣᠭᠠᠨ ᠳ᠋ᠤ᠌ ᠳᠤᠷᠠᠲᠠᠢ ᠪᠠᠢᠳᠠᠭ ᠢ᠋ ᠠᠰᠠᠭᠤᠨ ᠰᠤᠷᠠᠭᠯᠠᠵᠤ᠂ ᠥᠪᠡᠷ ᠢ᠋ᠶ᠋ᠡᠨ ᠪᠠᠰᠠ ᠠᠵᠢᠭᠯᠠᠵᠤ᠂ ᠵᠢᠯ ᠦ᠋ᠨ ᠳᠥᠷᠪᠡᠨ ᠤᠯᠠᠷᠢᠯ ᠳ᠋ᠤ᠌ ᠶᠠᠮᠠᠷ ᠡᠪᠡᠰᠦ ᠨᠤᠭᠠᠨ(ᠨᠣᠭᠣᠭᠠᠨ) ᠳ᠋ᠤ᠌ ᠳᠤᠷᠠᠲᠠᠢ ᠶ᠋ᠢ ᠦᠵᠡᠵᠦ ᠶᠠᠪᠤᠳᠠᠭ ᠪᠠᠢᠯᠠᠪ᠃
ᠲᠡᠭᠡ ᠲᠡᠭᠡᠭᠰᠡᠭᠡᠷ᠂ ᠮᠠᠯ ᠮᠢᠨᠢ ᠵᠢᠯ ᠪᠦᠷᠢ ᠺᠦᠴᠦ(ᠬᠦᠴᠦ) ᠲᠠᠷᠭᠤ᠂ ᠦᠷ᠎ᠡ ᠦᠷᠡᠵᠢᠯ ᠰᠠᠢᠲᠠᠢ ᠥᠰᠴᠦ ᠢᠷᠡᠭᠰᠡᠨ ᠪᠢᠯᠡ᠃
ᠠᠷᠠᠳ ᠤ᠋ᠨ ᠬᠤᠪᠢᠰᠬᠠᠯ ᠤ᠋ᠨ ᠦᠶ᠎ᠡ ᠪᠡᠷ ᠠᠵᠠ ᠺᠢ(ᠬᠡᠢ) ᠮᠣᠷᠢ ᠮᠢᠨᠢ ᠳᠡᠯᠭᠡᠷᠡᠵᠦ᠂ ᠡᠭᠦᠳᠡ ᠪᠡᠷ ᠮᠢᠨᠢ ᠥᠯᠵᠡᠢᠬᠤᠲᠤᠭ ᠣᠷᠣᠵᠤ᠂ ᠪᠤᠷᠬᠠᠨ ᠤ᠋ ᠪᠠᠨ ᠳᠡᠷᠭᠡᠳᠡ ᠪᠢ ᠯᠧᠨᠢᠨ᠂ ᠰᠲ᠋ᠠᠯᠢᠨ᠂ ᠮᠠᠷᠱᠠᠯ ᠴᠣᠢᠪᠠᠯᠰᠠᠩ ᠤ᠋ᠨ ᠵᠢᠷᠤᠭ ᠢ᠋ ᠠᠷᠠᠳ ᠪᠢᠳᠡᠨ ᠳ᠋ᠦ᠍ ᠵᠢᠷᠭᠠᠯ ᠤ᠋ᠨ ᠵᠠᠮ ᠵᠢᠭᠠᠵᠤ ᠥᠭᠭᠦᠭᠰᠡᠨ ᠺᠦᠮᠦᠨ ᠭᠡᠵᠦ ᠲᠠᠺᠢᠨ(ᠳᠠᠬᠢᠨ) ᠲᠠᠯᠪᠢᠭᠰᠠᠨ ᠪᠢᠯᠡ᠃
ᠠᠷᠠᠳ ᠪᠢᠳᠡᠨ ᠳ᠋ᠦ᠍ ᠠᠴᠢ ᠲᠠᠢ ᠨᠥᠺᠥᠷ ᠬᠠᠨᠢ ᠪᠣᠯᠤᠭᠰᠠᠨ ᠬᠣᠯᠪᠣᠭᠠᠲᠤ ᠤᠯᠤᠰ ᠤ᠋ᠨ ᠠᠷᠠᠳ ᠲᠦᠮᠡᠨ ᠳ᠋ᠦ᠍ ᠳᠠᠢᠰᠤᠨ ᠢ᠋ᠶ᠋ᠠᠨ ᠳᠠᠷᠤᠵᠤ᠂ ᠳᠠᠷᠬᠠᠨ ᠴᠣᠯᠠ ᠪᠠᠨ ᠮᠠᠨᠳᠤᠭᠤᠯᠬᠤ ᠳ᠋ᠤᠨᠢ (ᠳ᠋ᠤ᠌ ᠨᠢ) ᠶᠠᠭᠠᠵᠤ(ᠶᠠᠭᠠᠬᠢᠵᠤ) ᠲᠤᠰᠠᠯᠠᠳᠠᠭ ᠪᠢᠯᠡ! ᠭᠡᠵᠦ ᠮᠠᠭᠤ ᠡᠪᠦᠭᠡᠨ ᠴᠢᠨᠢ ᠪᠣᠳᠣᠵᠤ᠂ ᠠᠷᠤ ᠲᠠᠯ᠎ᠠ ᠳ᠋ᠤᠨᠢ( ᠳ᠋ᠤ᠌ ᠨᠢ) ᠪᠠᠢᠭ᠎ᠠ ᠪᠢᠳᠡ ᠠᠷᠢᠭᠤᠨ ᠺᠦᠳᠡᠯᠮᠦᠷᠢ ᠪᠡᠷ ᠢ᠋ᠶ᠋ᠡᠨ ᠺᠢᠴᠢᠶᠡᠨ(ᠬᠢᠴᠢᠶᠡᠨ) ᠲᠤᠰᠠᠯᠠᠵᠤ᠂ ᠵᠥᠪᠯᠡᠯᠲᠦ ᠶ᠋ᠢᠨ ᠠᠷᠠᠳ ᠲᠦᠮᠡᠨ ᠢ᠋ ᠪᠤᠰᠢᠭᠤ ᠲᠦᠷᠭᠡᠨ᠂ ᠳᠠᠢᠰᠤᠨ ᠢ᠋ᠶ᠋ᠠᠨ ᠳᠠᠷᠤᠨ ᠢᠯᠠᠵᠤ᠂ ᠤᠯᠠᠭᠠᠨ ᠴᠡᠷᠢᠭ ᠨᠢ ᠳᠡᠯᠡᠺᠡᠢ(ᠳᠡᠯᠡᠬᠡᠢ) ᠶ᠋ᠢᠨ ᠣᠯᠠᠨ ᠤᠯᠤᠰ ᠤ᠋ᠨ ᠡᠩᠺᠡ(ᠡᠩᠬᠡ) ᠵᠢᠷᠭᠠᠯ ᠢ᠋ ᠪᠠᠲᠤᠳᠬᠠᠲᠤᠭᠠᠢ ᠭᠡᠵᠦ ᠤᠯᠠᠮ ᠮᠡᠷᠡᠢᠨ ᠪᠡᠺᠢ(ᠪᠡᠬᠢ) ᠪᠠᠢᠳᠠᠭ ᠴᠢᠳᠠᠯ ᠺᠦᠴᠦ ᠪᠡᠷ ᠢ᠋ᠶ᠋ᠡᠨ ᠵᠢᠳᠺᠦᠶᠡ ᠭᠡᠵᠦ ᠪᠣᠳᠣᠵᠤ ᠪᠠᠢᠨ᠎ᠠ᠃
ᠨᠠᠮ᠎ᠠ ᠶ᠋ᠢ ᠡᠨᠡ ᠬᠤᠷᠠᠯ ᠳ᠋ᠤ᠌ ᠶᠠᠭᠠᠵᠤ(ᠶᠠᠭᠠᠬᠢᠵᠤ) ᠢᠷᠡᠭᠰᠡᠨ ᠢ᠋ ᠺᠡᠯᠡᠬᠦᠯᠡ(ᠬᠡᠯᠡᠬᠦᠯ᠎ᠡ) ᠰᠤᠮᠤᠨ ᠤ᠋ ᠵᠠᠺᠢᠷᠭᠠᠨ ᠠ᠋ᠴᠠ ᠨᠠᠮ᠎ᠠ ᠶ᠋ᠢ ᠪᠠᠭᠠᠲᠤᠷ ᠬᠣᠲᠠ ᠳ᠋ᠤ᠌ ᠪᠣᠯᠬᠤ ᠤᠯᠤᠰ ᠤ᠋ᠨ ᠰᠠᠢᠨ ᠮᠠᠯᠴᠢᠨ ᠤ᠋ ᠬᠤᠷᠠᠯ ᠳ᠋ᠤ᠌ ᠶᠠᠪᠤᠬᠤ ᠪᠠᠷ ᠪᠣᠯᠤᠯ᠎ᠠ ᠭᠡᠵᠦ ᠺᠡᠯᠡ(ᠬᠡᠯᠡ) ᠺᠦᠷᠦᠭᠦᠯᠦᠭᠰᠡᠨ(ᠬᠦᠷᠦᠭᠦᠯᠦᠭᠰᠡᠨ) ᠪᠢᠯᠡ᠃ ᠪᠢ ᠤᠴᠢᠷ ᠢ᠋ ᠤᠬᠠᠭᠰᠠᠨ ᠦᠭᠡᠢ᠂ ᠭᠠᠵᠠᠷ ᠬᠣᠯᠠ ᠭᠡᠳ ᠭᠤᠴᠢᠨ ᠨᠠᠰᠤᠲᠠᠢ ᠶᠡᠺᠡ ᠺᠦᠦ(ᠶᠡᠬᠡ ᠬᠦᠦ) ᠪᠡᠨ ᠶᠠᠪᠤᠭᠤᠯᠬᠤ ᠭᠡᠺᠦᠯᠡ(ᠭᠡᠬᠦᠯ᠎ᠡ)᠂ ᠰᠤᠮᠤ ᠶ᠋ᠢᠨ ᠵᠠᠺᠢᠷᠭᠠᠨ(ᠵᠠᠬᠢᠷᠭᠠᠨ) ᠠ᠋ᠴᠠ ᠪᠣᠯᠵᠤ ᠥᠭᠭᠦᠭᠰᠡᠨ ᠦᠭᠡᠢ ᠥᠪᠡᠷ ᠢ᠋ᠶ᠋ᠡᠨ ᠶᠠᠪᠤᠬᠤ ᠺᠡᠷᠡᠭᠲᠡᠢ(ᠬᠡᠷᠡᠭᠲᠡᠢ) ᠭᠡᠵᠦ ᠵᠠᠺᠢᠵᠤ(ᠵᠠᠬᠢᠵᠤ) ᠪᠢᠯᠡ᠃ ᠮᠠᠭᠤ ᠡᠪᠦᠭᠡᠨ ᠴᠢᠨᠢ᠂ ᠬᠣᠶᠠᠷ ᠬᠣᠨᠣᠭ ᠲᠤ᠌ ᠠᠷᠪᠠᠨ ᠨᠢᠭᠡᠨ ᠥᠷᠲᠡᠭᠡ ᠶᠠᠪᠤᠵᠤ᠂ ᠲᠡᠨᠳᠡᠴᠡ ᠮᠠᠰᠢᠨ ᠳ᠋ᠤ᠌ ᠰᠠᠭᠤᠵᠤ᠂ ᠨᠡᠢᠰᠯᠡᠯ ᠤᠯᠠᠭᠠᠨᠪᠠᠭᠠᠲᠤᠷ ᠬᠣᠲᠠ ᠺᠦᠷᠴᠦ(ᠬᠦᠷᠴᠦ) ᠢᠷᠡᠯ᠎ᠡ᠃ ᠤᠷᠢᠳᠤ ᠮᠠᠰᠢᠨ᠎ᠠ ᠪᠠᠷ ᠶᠠᠪᠤᠵᠤ ᠦᠵᠡᠭᠡᠳ ᠦᠭᠡᠢ᠂ ᠪᠧᠨ᠋ᠽᠢᠨ ᠦ᠌ ᠦᠨᠦᠷ ᠲᠦ᠍ ᠪᠠᠬᠠᠨ ᠲᠣᠯᠣᠭᠠᠢ ᠡᠪᠡᠳᠴᠦ᠂ ᠪᠠᠭ᠎ᠠ ᠵᠡᠷᠭᠡ ᠪᠥᠭᠡᠯᠵᠢᠭᠰᠡᠭᠡᠷ ᠶᠠᠪᠤᠭᠰᠠᠨ ᠪᠣᠯᠪᠠᠴᠤ ᠡᠯᠳᠡᠪ ᠲᠦᠪᠡᠭ ᠰᠠᠭᠠᠳ ᠦᠭᠡᠢ ᠪᠡᠷ ᠺᠦᠷᠴᠦ ᠢᠷᠡᠭᠡᠳ᠂ ᠤᠳᠠ(ᠣᠳᠣ) ᠡᠨᠡ ᠵᠥᠪᠯᠡᠯᠭᠡᠨ ᠳᠡᠭᠡᠷ᠎ᠡ ᠲᠠ ᠪᠦᠺᠦᠨ ᠦ᠌ ᠬᠠᠮᠲᠤ ᠪᠠᠶᠠᠷᠯᠠᠨ ᠰᠠᠭᠤᠵᠤ ᠪᠠᠢᠨ᠎ᠠ᠃ ᠮᠠᠭᠤ ᠡᠪᠦᠭᠡᠨ ᠦ᠌ ᠴᠢᠨᠢ ᠵᠠᠮᠨᠠᠵᠤ ᠢᠷᠡᠭᠰᠡᠨ ᠪᠠᠢᠳᠠᠯ ᠡᠢᠮᠦ ᠪᠢᠯᠡ᠃
ᠮᠠᠯᠴᠢᠨ ᠠᠷᠠᠳ᠂ ᠮᠠᠨ ᠤ᠋ ᠨᠠᠮ ᠵᠠᠰᠠᠭ ᠤ᠋ᠨ ᠤᠳᠤᠷᠢᠳᠤᠭᠴᠢ ᠮᠠᠷᠱᠠᠯ ᠴᠣᠢᠪᠠᠯᠰᠠᠩ ᠨᠥᠺᠥᠳ(ᠨᠥᠬᠥᠳ) ᠰᠡᠯᠲᠡ ᠮᠠᠨᠳᠤᠲᠤᠭᠠᠢ!
ᠶᠡᠺᠧ(ᠶᠡᠬᠡ) ᠰᠲ᠋ᠠᠯᠢᠨ᠂ ᠢᠯᠠᠭᠤᠨ ᠮᠠᠨᠳᠤᠲᠤᠭᠠᠢ! ᠭᠡᠵᠦ ᠪᠢᠯᠡ᠃ ᠨᠠᠷᠠ ᠰᠠᠯᠬᠢᠨ ᠳ᠋ᠤ᠌ ᠭᠠᠩᠳᠠᠭᠰᠠᠨ ᠬᠦᠷᠡᠩ ᠪᠣᠷᠣ ᠴᠢᠷᠠᠢ ᠲᠠᠢ ᠠᠪᠠᠭᠠᠢ᠂ ᠡᠮᠦᠨ᠎ᠡ ᠭᠣᠪᠢ ᠠᠢᠮᠠᠭ ᠤ᠋ᠨ ᠳᠡᠯᠭᠡᠷ ᠬᠠᠩᠭᠠᠢ ᠰᠤᠮᠤ ᠶ᠋ᠢᠨ ᠠᠯᠢᠮ᠎ᠠ ᠭᠡᠳᠡᠭ ᠮᠠᠯᠴᠢᠨ ᠡᠮᠡᠭᠲᠡᠢ ᠶᠡᠨᠳᠡᠷ ᠳᠡᠭᠡᠷ᠎ᠡ ᠭᠠᠷᠴᠤ ᠢᠷᠡᠭᠡᠳ᠂ ᠶᠠᠷᠢᠵᠤ ᠪᠠᠢᠭᠰᠠᠨ ᠦᠭᠡ ᠪᠡᠨ ᠦᠷᠭᠦᠯᠵᠢᠯᠡᠭᠦᠯᠵᠦ ᠪᠠᠢᠭᠰᠠᠨ ᠶᠤᠮ ᠰᠢᠭ᠋᠂ ᠲᠠᠪᠠᠲᠠᠢ ᠠᠶᠠᠲᠠᠢᠬᠠᠨ ᠢ᠋ᠶ᠋ᠠᠷ ᠦᠭᠡ ᠬᠡᠯᠡᠭᠰᠡᠨ ᠨᠢ᠄
— ᠬᠤᠪᠢᠰᠬᠠᠯ ᠤ᠋ᠨ ᠡᠮᠦᠨ᠎ᠡ ᠮᠠᠨ ᠤ᠋ ᠨᠥᠬᠥᠷ ᠪᠢᠳᠡ ᠬᠣᠶᠠᠷ ᠨᠠᠰᠤ ᠪᠠᠷ ᠢ᠋ᠶ᠋ᠠᠨ ᠠᠢᠯ ᠳ᠋ᠤ᠌ ᠵᠠᠷᠤᠭᠳᠠᠵᠤ ᠶᠠᠪᠤᠯ᠎ᠠ᠃ ᠨᠥᠬᠥᠷ ᠮᠠᠨᠢ ᠠᠢᠯ ᠤ᠋ᠨ ᠠᠳᠤᠭᠤ ᠬᠠᠷᠢᠭᠤᠯᠵᠤ᠂ ᠪᠢ ᠬᠥᠮᠦᠨ ᠦ᠌ ᠬᠣᠨᠢ ᠬᠠᠷᠢᠭᠤᠯᠵᠤ᠂ ᠤᠩᠭᠠᠰᠤ ᠨᠣᠣᠰᠣ ᠰᠠᠪᠠᠳᠠᠭ ᠪᠠᠢᠯ᠎ᠠ᠃ ᠡᠨᠡ ᠬᠣᠶᠠᠷ ᠭᠠᠷ ᠢ᠋ᠶ᠋ᠠᠷ ᠢ᠋ᠶ᠋ᠠᠨ᠂ ᠡᠨᠡ ᠨᠠᠰᠤᠨ ᠳ᠋ᠠᠭᠠᠨ( ᠳ᠋ᠤ᠌ ᠪᠠᠨ) ᠬᠡᠴᠢᠨᠡᠭᠡᠨ ᠶᠡᠬᠡ ᠤᠩᠭᠠᠰᠤ ᠨᠣᠣᠰᠣ ᠰᠠᠪᠠᠭᠰᠠᠨ ᠭᠡᠵᠦ ᠪᠣᠳᠣᠵᠤ ᠪᠠᠢᠨ᠎ᠠ᠃ ᠲᠠ ᠨᠠᠷ? ᠭᠡᠵᠦ ᠠᠯᠢᠮ᠎ᠠ ᠠᠵᠢᠯ ᠶᠡᠬᠡ ᠬᠢᠭᠰᠡᠨ ᠭᠠᠷ ᠢ᠋ᠶ᠋ᠠᠨ ᠶᠡᠨᠳᠡᠷ ᠳᠡᠭᠡᠷ᠎ᠡ ᠡᠴᠡ ᠥᠭᠡᠳᠡ ᠨᠢ ᠰᠡᠷᠪᠡᠢᠨ ᠦᠵᠡᠭᠦᠯᠵᠦ᠂ ᠠᠭᠤᠯᠠ ᠶ᠋ᠢᠨ ᠴᠢᠨᠡᠭᠡᠨ ᠨᠣᠣᠰᠣ ᠡᠨᠡ ᠬᠣᠶᠠᠷ ᠭᠠᠷ ᠢ᠋ᠶ᠋ᠠᠷ ᠢ᠋ᠶ᠋ᠠᠨ ᠰᠠᠪᠠᠭᠰᠠᠨ ᠰᠢᠦ᠃ ᠨᠠᠭᠠᠳᠤ ᠵᠠᠬ᠎ᠠ ᠶ᠋ᠢ ᠨᠢ ᠬᠡᠯᠡᠪᠡᠯ᠂ ᠪᠢᠳᠡᠨ ᠦ᠌ ᠬᠤᠷᠠᠯᠳᠤᠵᠤ ᠪᠠᠢᠭ᠎ᠠ ᠡᠨᠡ ᠶᠡᠬᠡ ᠪᠠᠢᠰᠢᠩ ᠤ᠋ᠨ ᠬᠢᠷᠢ ᠲᠡᠢ ᠤᠩᠭᠠᠰᠤ ᠨᠣᠣᠰᠣ ᠰᠠᠪᠠᠭᠰᠠᠨ ᠪᠠᠢᠬ᠎ᠠ᠃ ᠴᠢᠩᠭᠢᠭᠡᠳ᠂ ᠬᠣᠷᠢᠨ ᠲᠠᠪᠤᠨ ᠣᠨ ᠤ᠋ ᠦᠶ᠎ᠡ ᠳ᠋ᠦ᠍ ᠨᠥᠬᠥᠷ ᠪᠢᠳᠡ ᠬᠣᠶᠠᠷ ᠠᠵᠢᠯ ᠬᠢ ᠬᠢᠭᠰᠡᠭᠡᠷ ᠬᠣᠶᠠᠷ ᠲᠡᠮᠡᠭᠡ᠂ ᠭᠤᠷᠪᠠᠨ ᠠᠳᠤᠭᠤ᠂ ᠳᠥᠷᠪᠡᠨ ᠬᠣᠨᠢ ᠲᠠᠢ ᠪᠣᠯᠵᠤ ᠠᠪᠤᠭᠰᠠᠨ ᠪᠢᠯᠡ᠃ ᠲᠡᠭᠦᠨ ᠢ᠋ ᠪᠡᠨ ᠥᠰᠬᠡᠨ ᠮᠠᠯᠯᠠᠭᠰᠠᠭᠠᠷ᠂ ᠡᠨᠡ ᠵᠢᠯ ᠳ᠋ᠦ᠍ 297 ᠮᠠᠯ ᠲᠠᠢ ᠪᠣᠯᠤᠯ᠎ᠠ᠃ ᠮᠠᠨ ᠤ᠋ ᠨᠤᠲᠤᠭ᠂ ᠲᠠᠴᠢᠷ ᠲᠠᠷᠠᠮᠠᠭ ᠡᠪᠡᠰᠦ ᠤᠷᠭᠤᠴᠠ ᠲᠠᠢ ᠪᠣᠯᠪᠠᠴᠤ ᠭᠠᠭᠴᠠ ᠭᠠᠭᠴᠠ ᠰᠢᠷᠬᠡᠭ ᠢ᠋ᠶ᠋ᠡᠷ ᠨᠢ ᠲᠡᠭᠦᠭᠰᠡᠭᠡᠷ᠂ ᠮᠠᠯ ᠬᠠᠷᠢᠭᠤᠯᠬᠤ ᠶ᠋ᠢᠨ ᠬᠠᠵᠠᠭᠤ ᠪᠠᠷ ᠥᠪᠡᠷ ᠢ᠋ᠶ᠋ᠡᠨ ᠪᠡᠯᠴᠢᠵᠦ ᠶᠠᠪᠤᠭ᠎ᠠ ᠶᠤᠮ ᠰᠢᠭ᠋᠂ ᠵᠤᠨ ᠤ᠋ ᠲᠤᠷᠰᠢ ᠳ᠋ᠤ᠌17 ᠺᠢᠯᠣ᠌ ᠡᠪᠡᠰᠦ ᠲᠡᠭᠦᠵᠦ ᠠᠪᠤᠭᠰᠠᠨ ᠪᠢᠯᠡ᠃ ᠮᠠᠯ ᠮᠠᠨᠢ ᠥᠰᠴᠦ ᠪᠠᠢᠭ᠎ᠠ ᠶᠤᠮ ᠰᠢᠦ ᠳᠡ᠃ ᠲᠡᠭᠡᠭᠡᠳ ᠬᠣᠶᠠᠷ ᠭᠠᠵᠠᠷ ᠨᠥᠬᠥᠷ ᠪᠢᠳᠡ ᠬᠣᠶᠠᠷ ᠴᠢᠯᠠᠭᠤ ᠪᠠᠷ ᠲᠤᠰ ᠪᠦᠷᠢ ᠬᠣᠶᠠᠷ ᠵᠠᠭᠤᠨ ᠮᠠᠯ ᠪᠠᠭᠲᠠᠬᠤ ᠴᠢᠯᠠᠭᠤᠨ ᠬᠣᠷᠢᠶ᠎ᠠ ᠪᠠᠷᠢᠵᠤ᠂ ᠪᠠᠰᠠ ᠮᠠᠯ ᠤᠰᠤᠯᠠᠬᠤ ᠭᠡᠵᠦ ᠨᠢᠭᠡ ᠬᠤᠳᠳᠤᠭ ᠤᠬᠤᠵᠤ ᠭᠠᠷᠭᠠᠭᠰᠠᠨ ᠪᠢᠯᠡ᠃
ᠡᠨᠡ ᠵᠢᠯ᠂ ᠪᠢ ᠨᠤᠲᠤᠭ ᠤᠰᠤᠨ ᠤ᠋ ᠠᠢᠯ ᠠᠬ᠎ᠠ ᠳᠡᠭᠦᠦ ᠳ᠋ᠦ᠍ ᠬᠣᠨᠢ ᠮᠠᠯ ᠬᠢᠷᠭᠠᠬᠤ ᠴᠠᠭ ᠢ᠋ᠶ᠋ᠠᠷ ᠲᠤᠰᠠᠯᠠᠯᠴᠠᠵᠤ᠂ ᠪᠦᠭᠦᠳᠡ200 ᠬᠣᠨᠢ᠂220 ᠢᠮᠠᠭ᠎ᠠ᠂50 ᠲᠡᠮᠡᠭᠡ ᠬᠢᠷᠭᠠᠯᠠ᠃ ᠬᠢᠷᠭᠠᠭᠰᠠᠨ ᠤᠩᠭᠠᠰᠤ ᠨᠣᠣᠰᠣ ᠶ᠋ᠢ ᠨᠢ ᠴᠥᠮ ᠢ᠋ ᠬᠣᠷᠰᠢᠶᠠᠨ ᠳ᠋ᠤ᠌ ᠲᠤᠰᠢᠶᠠᠴᠢᠬᠠᠭᠰᠠᠨ᠃ ᠨᠥᠬᠥᠷ ᠪᠢᠳᠡ ᠬᠣᠶᠠᠷ ᠡᠨᠡ ᠵᠢᠯ ᠤᠯᠤᠰ ᠲᠠᠭᠠᠨ( ᠳ᠋ᠤ᠌ ᠪᠠᠨ)10 ᠬᠣᠨᠢ ᠨᠡᠢᠯᠡᠭᠦᠯᠵᠦ᠂ ᠪᠠᠰᠠ ᠹᠷᠣᠨᠲ ᠲᠤ᠌ ᠲᠤᠰᠠᠯᠠᠵᠤ᠂ ᠤᠩᠭᠠᠰᠤ ᠨᠣᠣᠰᠣ ᠰᠢᠷᠬᠡᠭ ᠦ᠋ᠨ ᠲᠡᠳᠦᠢ ᠶ᠋ᠢ ᠴᠦ᠍ ᠦᠷᠡᠭᠳᠡᠭᠦᠯᠬᠦ ᠦᠭᠡᠢ ᠶᠤᠮᠰᠠᠨ ᠭᠡᠵᠦ ᠵᠠᠭ ᠪᠤᠳᠤᠷᠭᠠᠨ᠎ᠠ ᠳ᠋ᠤ᠌ ᠠᠰᠬᠠᠭᠰᠠᠨ ᠨᠣᠣᠰᠣ35 ᠺᠢᠯᠤ ᠲᠡᠭᠦᠵᠦ ᠲᠤᠰᠢᠶᠠᠭᠰᠠᠨ᠂ ᠡᠢᠮᠦᠷᠬᠦ ᠠᠵᠢᠯ ᠬᠢᠵᠦ᠂ ᠪᠢ ᠰᠠᠢᠨ ᠮᠠᠯᠴᠢᠨ ᠤ᠋ ᠲᠣᠭᠠᠨ ᠳ᠋ᠤ᠌ ᠣᠷᠣᠭᠠᠳ᠂ ᠡᠨᠡ ᠰᠠᠢᠬᠠᠨ ᠬᠤᠷᠠᠯ ᠳ᠋ᠤ᠌ ᠰᠠᠭᠤᠯᠴᠠᠬᠤ ᠡᠷᠬᠡ ᠣᠯᠤᠭᠠᠳ ᠢᠷᠡᠯ᠎ᠡ ᠳᠠ᠃
ᠪᠢ᠂ ᠮᠠᠯ ᠢ᠋ᠶ᠋ᠠᠨ ᠬᠠᠯᠠᠭᠤᠨ ᠬᠦᠢᠲᠡᠨ ᠡᠳᠦᠷ ᠰᠥᠨᠢ ᠴᠦ᠍ ᠢᠯᠭᠠᠳᠠᠭ ᠦᠭᠡᠢ᠂ ᠦᠷᠭᠦᠯᠵᠢ ᠬᠣᠢᠨ᠎ᠠ ᠠ᠋ᠴᠠ ᠨᠢ ᠶᠠᠪᠤᠵᠤ ᠪᠠᠢᠳᠠᠭ ᠶᠤᠮ ᠳᠠ᠃ ᠨᠢᠯᠬ᠎ᠠ ᠲᠥᠯ ᠢ᠋ᠶ᠋ᠡᠨ ᠡᠳᠦᠷ ᠲᠦ᠍ ᠭᠤᠷᠪᠠᠨ ᠤᠳᠠᠭ᠎ᠠ ᠬᠥᠬᠥᠭᠦᠯᠵᠦ ᠢᠳᠡᠭᠦᠯᠳᠡᠭ᠃ ᠮᠠᠨ ᠤ᠋ ᠮᠠᠯ᠂ ᠨᠠᠷᠠᠨ ᠢ᠋ᠶ᠋ᠠᠷ ᠬᠡᠵᠢᠶᠡᠳᠡ ᠪᠡᠯᠴᠢᠭᠡᠷ ᠲᠦ᠍ ᠪᠠᠢᠳᠠᠭ᠃ ᠲᠡᠭᠡᠭᠡᠳ᠂ ᠮᠠᠯ ᠢ᠋ᠶ᠋ᠠᠨ ᠠᠯᠢ ᠪᠣᠯᠬᠤ ᠪᠠᠷ ᠥᠰᠬᠡᠬᠦ ᠭᠡᠵᠦ ᠨᠥᠬᠥᠷ ᠪᠢᠳᠡ ᠬᠣᠶᠠᠷ ᠶᠡᠷᠦ ᠵᠤᠨ ᠴᠠᠭ ᠮᠢᠬ᠎ᠠ ᠢᠳᠡᠳᠡᠭ ᠦᠭᠡᠢ᠂ ᠳᠠᠩ ᠴᠠᠭᠠᠨ ᠢᠳᠡᠭᠡ ᠪᠡᠷ ᠪᠠᠢᠳᠠᠭ᠃ ᠮᠢᠨᠦ ᠦᠵᠡᠬᠦ ᠳ᠋ᠦ᠍᠂ ᠴᠢᠨᠣ᠎ᠠ ᠲᠠᠢ ᠤᠷᠤᠯᠳᠤᠵᠤ ᠪᠠᠢᠵᠤ ᠬᠣᠨᠢ ᠪᠠᠨ ᠢᠳᠡᠳᠡᠭ ᠮᠠᠯᠴᠢᠨ ᠤ᠋ ᠮᠠᠯ ᠨᠢ ᠥᠰᠳᠡᠭ ᠦᠭᠡᠢ ᠪᠣᠯᠤᠯᠲᠠᠢ᠃
ᠨᠥᠬᠥᠳ ᠠ᠋! ᠮᠠᠯ ᠢ᠋ᠶ᠋ᠠᠨ ᠥᠰᠬᠡᠵᠦ ᠣᠯᠠᠰᠢᠷᠠᠭᠤᠯᠬᠤ ᠭᠡᠪᠡᠯ᠂ ᠳᠤᠯᠠᠭᠠᠨ ᠬᠡᠪᠲᠡᠷᠢ ᠲᠡᠢ ᠪᠠᠢᠯᠭᠠᠬᠤ᠂ ᠬᠦᠢᠲᠡᠨ ᠰᠠᠯᠬᠢ ᠵᠢᠪᠠᠷ ᠠ᠋ᠴᠠ ᠬᠠᠮᠠᠭᠠᠯᠠᠬᠤ ᠬᠠᠰᠢᠶ᠎ᠠ ᠰᠠᠷᠠᠪᠴᠢ ᠲᠠᠢ ᠪᠠᠢᠬᠤ ᠨᠢ ᠴᠢᠬᠤᠯᠠ ᠶᠤᠮ ᠪᠠᠢᠨ᠎ᠠ᠃ ᠪᠠᠰᠠ᠂ ᠬᠤᠳᠳᠤᠭ ᠤᠰᠤ ᠴᠢᠬᠤᠯᠠ ᠶᠤᠮ ᠪᠠᠢᠨ᠎ᠠ᠃ ᠮᠥᠨ ᠪᠡᠯᠴᠢᠭᠡᠷ ᠢ᠋ ᠣᠯᠵᠤ᠂ ᠰᠠᠢᠨ ᠢ᠋ᠶ᠋ᠠᠷ ᠲᠣᠬᠢᠷᠠᠭᠤᠯᠤᠨ ᠬᠡᠷᠡᠭᠯᠡᠬᠦ ᠨᠢ ᠲᠤᠩ ᠤᠴᠢᠷ ᠲᠠᠢ ᠶᠤᠮ ᠪᠠᠢᠨ᠎ᠠ᠃ᠮᠠᠯ ᠤ᠋ᠨ ᠬᠦᠴᠦ ᠲᠠᠷᠭᠤ ᠰᠠᠢᠲᠠᠢ ᠨᠢᠭᠡ ᠨᠢ ᠬᠦᠴᠦ ᠮᠠᠭᠤ ᠲᠠᠢ ᠳ᠋ᠠᠭᠠᠨ( ᠳ᠋ᠤ᠌ ᠪᠠᠨ) ᠶᠠᠭᠤᠮ᠎ᠠ ᠦᠯᠡᠳᠡᠭᠡᠬᠦ ᠦᠭᠡᠢ᠂ ᠡᠪᠡᠰᠦᠨ ᠦ᠌ ᠰᠠᠢᠨ ᠢ᠋ ᠢᠳᠡᠵᠦ ᠣᠷᠬᠢᠭᠠᠳ᠂ ᠡᠬᠡ ᠮᠠᠯ᠂ ᠡᠴᠡᠩᠭᠢᠷ ᠮᠠᠭᠤ ᠨᠢᠭᠡ ᠳ᠋ᠡᠭᠡᠨ( ᠳ᠋ᠦ᠍ ᠪᠡᠨ) ᠲᠠᠰᠤ ᠭᠢᠰᠬᠢᠭᠰᠡᠨ ᠡᠪᠡᠰᠦ ᠦᠯᠡᠳᠡᠭᠡᠳᠡᠭ ᠨᠢᠭᠡ ᠭᠡᠮ ᠪᠠᠢᠳᠠᠭ᠃ ᠲᠡᠭᠡᠭᠦᠯᠬᠦ ᠦᠭᠡᠢ ᠶ᠋ᠢᠨ ᠲᠤᠯᠠᠳᠠ ᠬᠠᠷᠢᠭᠤᠯᠵᠤ ᠶᠠᠪᠤᠬᠤ ᠨᠢ ᠬᠡᠷᠡᠭᠲᠡᠢ ᠶᠦᠮ ᠪᠠᠢᠨ᠎ᠠ᠃ ᠵᠠ᠂ ᠮᠢᠨᠦ ᠬᠡᠯᠡᠬᠦ ᠭᠡᠰᠡᠨ ᠬᠡᠳᠦᠨ ᠦᠭᠡ ᠶ᠋ᠢᠨ ᠲᠣᠢᠮᠣ ᠡᠢᠮᠦ ᠪᠠᠢᠨ᠎ᠠ ᠳᠠ ᠭᠡᠵᠦ ᠬᠡᠯᠡᠭᠡᠳ ᠮᠡᠬᠦᠢᠨ ᠶᠣᠰᠣᠯᠠᠭᠠᠳ ᠶᠡᠨᠳᠡᠷ ᠳᠡᠭᠡᠷ᠎ᠡ ᠡᠴᠡ ᠪᠠᠭᠤᠵᠤ ᠰᠠᠭᠤᠳᠠᠯ ᠳ᠋ᠠᠭᠠᠨ( ᠳ᠋ᠤ᠌ ᠪᠠᠨ) ᠣᠴᠢᠵᠤ ᠰᠠᠭᠤᠯ᠎ᠠ᠃
ᠣᠷᠣᠢ᠂ ᠡᠪᠦᠭᠡᠨ ᠵᠠᠮᠰᠤ᠂ ᠰᠢᠷᠴᠢᠨ ᠳ᠋ᠦ᠍ ᠶᠡᠬᠡ ᠰᠣᠨᠢᠨ ᠰᠠᠢᠬᠠᠨ ᠶᠠᠭᠤᠮ᠎ᠠ ᠪᠣᠯᠭᠠᠵᠤ ᠶᠠᠷᠢᠬᠤ ᠳ᠋ᠠᠭᠠᠨ( ᠳ᠋ᠤ᠌ ᠪᠠᠨ)᠂ ᠵᠥᠪᠯᠡᠯᠲᠦ ᠶ᠋ᠢᠨ ᠡᠯᠴᠢᠨ ᠢ᠋ ᠮᠣᠩᠭᠣᠯ ᠲᠠᠢ ᠶᠤᠮ ᠪᠠᠢᠨ᠎ᠠ ᠭᠡᠵᠦ ᠪᠠᠬᠠᠷᠬᠠᠨ ᠶᠠᠷᠢᠭᠰᠠᠨ ᠨᠢ᠄
— ᠲᠡᠷᠢᠭᠦᠯᠡᠭᠴᠢᠳ ᠦ᠋ᠨ ᠰᠢᠷᠡᠭᠡᠨ ᠳ᠋ᠦ᠍ ᠪᠢ ᠡᠯᠴᠢᠨ ᠦ᠌ ᠬᠠᠵᠠᠭᠤ ᠳ᠋ᠤᠨᠢ( ᠳ᠋ᠤ᠌ ᠨᠢ) ᠰᠠᠭᠤᠵᠤ ᠪᠠᠢᠯ᠎ᠠ᠃ ᠲᠡᠭᠡᠲᠡᠯ᠎ᠡ᠂ ᠲᠡᠷᠡ ᠡᠯᠴᠢᠨ ᠮᠣᠩᠭᠣᠯ ᠰᠣᠨᠢᠨ ᠠᠪᠤᠭᠠᠳ ᠦᠵᠡᠵᠦ ᠪᠠᠢᠬᠤ ᠶ᠋ᠢ ᠬᠠᠷᠠᠭᠠᠳ᠂ ᠪᠢ ᠰᠠᠨᠳᠠᠯᠢ ᠪᠠᠨ ᠣᠢᠷᠠᠲᠤᠭᠤᠯᠵᠤ᠂ ᠡᠯᠴᠢᠨ ᠨᠠᠳᠠ ᠳ᠋ᠤ᠌᠂ ᠵᠥᠪᠯᠡᠯᠲᠦ ᠶ᠋ᠢᠨ ᠮᠡᠳᠡᠭᠡᠯᠡᠬᠦ ᠲᠣᠪᠴᠢᠶᠠᠨ ᠤ᠋ ᠪᠠᠢᠯᠳᠤᠭᠠᠨ ᠤ᠋ ᠮᠡᠳᠡᠭᠡ ᠶ᠋ᠢ ᠠᠶᠠᠷᠬᠠᠨ ᠰᠢᠪᠡᠨᠡᠨ ᠤᠩᠰᠢᠵᠤ ᠥᠭᠭᠦᠭᠡᠳ᠂ ᠪᠢ ᠵᠥᠪ ᠤᠩᠰᠢᠵᠤ ᠪᠠᠢᠨ᠎ᠠ ᠤᠤ? ᠭᠡᠵᠦ ᠠᠰᠠᠭᠤᠵᠠᠢ᠃ ᠮᠠᠭᠤ ᠡᠪᠦᠭᠡᠨ ᠪᠢ ᠴᠢᠨᠢ ᠪᠢᠴᠢᠭ ᠦᠰᠦᠭ ᠮᠡᠳᠡᠳᠡᠭ ᠦᠭᠡᠢ ᠪᠢᠯᠡ᠃ ᠲᠡᠭᠡᠭᠡᠳ ᠥᠴᠢᠨᠡᠨ(ᠡᠴᠢᠨᠡᠭᠡᠨ) ᠣᠯᠠᠨ ᠵᠢᠯ ᠠᠯᠲᠠᠨ ᠳᠡᠯᠡᠬᠡᠢ ᠶ᠋ᠢᠨ ᠲᠣᠭᠣᠰᠣ ᠬᠥᠳᠡᠯᠭᠡᠵᠦ ᠶᠠᠪᠤᠬᠤ ᠮᠥᠷᠲᠡᠭᠡᠨ᠂ ᠪᠢᠴᠢᠭ ᠦᠰᠦᠭ ᠰᠤᠷᠤᠭ᠎ᠠ ᠦᠭᠡᠢ ᠡᠳᠦᠢ ᠺᠦᠷᠦᠭᠰᠡᠨ(ᠬᠦᠷᠦᠭᠰᠡᠨ) ᠳ᠋ᠡᠭᠡᠨ( ᠳ᠋ᠦ᠍ ᠪᠡᠨ) ᠢᠴᠢᠵᠦ ᠠᠪᠤᠯ᠎ᠠ᠃ ᠵᠥᠪᠯᠡᠯᠲᠦ ᠤᠯᠤᠰ ᠤ᠋ᠨ ᠲᠡᠷᠡ ᠡᠯᠴᠢᠨ᠂ ᠮᠠᠨ ᠤ᠋ ᠮᠣᠩᠭᠣᠯ ᠪᠢᠴᠢᠭ ᠮᠡᠳᠡᠳᠡᠭ ᠲᠡᠢᠮᠦ ᠰᠦᠷᠡᠺᠡᠢ(ᠰᠦᠷᠡᠬᠡᠢ) ᠺᠦᠮᠦᠨ(ᠬᠥᠮᠦᠨ) ᠪᠠᠢᠨ᠎ᠠ! ᠭᠡᠵᠦ ᠡᠪᠦᠭᠡᠨ ᠵᠠᠮᠰᠤ ᠶᠡᠬᠡᠯ᠎ᠡ(ᠶᠡᠬᠡ ᠯᠡ) ᠪᠠᠬᠠᠷᠬᠠᠪᠠ᠃
ᠵᠥᠪᠯᠡᠯᠭᠡᠨ ᠦ᠌ ᠨᠢᠭᠡ ᠬᠤᠷᠠᠯ ᠳᠡᠭᠡᠷ᠎ᠡ ᠰᠢᠷᠴᠢᠨ ᠪᠠᠰᠠ ᠦᠭᠡ ᠬᠡᠯᠡᠵᠦ᠂ ᠥᠨᠥᠴᠢᠨ ᠪᠠᠭ᠎ᠠ ᠨᠠᠰᠤᠨ ᠠ᠋ᠴᠠ ᠪᠠᠨ ᠡᠳᠦᠭᠡ ᠬᠦᠷᠲᠡᠯ᠎ᠡ ᠬᠡᠷᠬᠢᠨ ᠠᠮᠢᠳᠤᠷᠠᠭᠰᠠᠭᠠᠷ ᠢᠷᠡᠭᠰᠡᠨ ᠲᠡᠦᠬᠡ ᠪᠡᠨ ᠶᠠᠷᠢᠵᠤ᠂ ᠣᠯᠠᠨ᠎ᠠ ᠡᠷᠭᠦᠭᠳᠡᠭᠰᠡᠨ ᠬᠠᠭᠠᠨ ᠤ᠋ ᠴᠡᠷᠢᠭ ᠲᠦ᠍ ᠠᠦ᠋ᠲ᠋ᠣᠨᠣᠮᠢᠲ ᠤ᠋ᠨ ᠦᠶ᠎ᠡ ᠳ᠋ᠦ᠍ ᠬᠡᠷᠬᠢᠨ ᠶᠠᠪᠤᠭᠰᠠᠨ᠂ ᠠᠷᠠᠳ ᠤ᠋ᠨ ᠬᠤᠪᠢᠰᠬᠠᠯ ᠤ᠋ᠨ ᠦᠶᠡᠰ᠂ ᠬᠡᠷᠬᠢᠨ ᠰᠢᠷᠴᠢᠨ ᠲᠡᠭᠦᠨ ᠦ᠌ ᠪᠡᠶ᠎ᠡ ᠬᠢᠭᠡᠳ ᠦᠷ᠎ᠡ ᠬᠡᠦᠬᠡᠳ ᠨᠢ ᠨᠡᠢᠭᠡᠮ ᠠᠷᠠᠳ ᠤ᠋ᠨ ᠬᠠᠮᠲᠤ ᠲᠡᠭᠰᠢ ᠰᠠᠢᠨ ᠢ᠋ᠶ᠋ᠠᠷ ᠠᠮᠢᠳᠤᠷᠠᠬᠤ ᠶᠣᠰᠣᠲᠠᠢ ᠰᠠᠢᠬᠠᠨ ᠬᠥᠮᠦᠨ ᠦ᠌ ᠠᠮᠢᠳᠤᠷᠠᠯ ᠤ᠋ᠨ ᠵᠠᠮ ᠨᠡᠭᠡᠭᠡᠭᠳᠡᠭᠰᠡᠨ ᠢ᠋ ᠶᠠᠷᠢᠵᠤ᠂ ᠠᠷᠢᠭᠤᠨ ᠰᠢᠳᠤᠷᠭᠤ ᠬᠥᠳᠡᠯᠮᠦᠷᠢ ᠭᠡᠳᠡᠭ᠂ ᠬᠥᠮᠦᠨ ᠣᠯᠠᠨ ᠳ᠋ᠠᠭᠠᠨ( ᠳ᠋ᠤ᠌ ᠪᠠᠨ) ᠬᠦᠨᠳᠦᠲᠡᠢ᠂ ᠲᠦᠮᠡᠨ ᠳ᠋ᠡᠭᠡᠨ( ᠳ᠋ᠦ᠍ ᠪᠡᠨ) ᠨᠡᠷᠡᠲᠡᠢ᠂ ᠤᠯᠤᠰ ᠲᠠᠭᠠᠨ( ᠲᠤ ᠪᠠᠨ) ᠲᠡᠷᠢᠭᠦᠨ ᠪᠣᠯᠳᠠᠭ ᠢ᠋ ᠦᠵᠡᠭᠰᠡᠨ ᠳ᠋ᠡᠭᠡᠨ ( ᠳ᠋ᠦ᠍ ᠪᠡᠨ) ᠲᠡᠰᠬᠡᠯ ᠦᠭᠡᠢ ᠪᠠᠶᠠᠷᠯᠠᠨ ᠪᠠᠬᠠᠳᠤᠵᠤ ᠪᠠᠢᠭ᠎ᠠ ᠪᠠᠨ ᠶᠠᠷᠢᠵᠠᠢ᠃
ᠬᠤᠷᠠᠯ ᠤ᠋ᠨ ᠵᠠᠪᠰᠠᠷ᠂ ᠴᠡᠷᠢᠭ ᠦ᠋ᠨ ᠳᠠᠷᠤᠭ᠎ᠠ ᠬᠤᠪᠴᠠᠰᠤ ᠲᠠᠢ ᠨᠢᠭᠡᠨ ᠵᠠᠯᠠᠭᠤ ᠬᠥᠮᠦᠨ᠂ ᠰᠢᠷᠴᠢᠨ ᠦ᠌ ᠳᠡᠷᠭᠡᠳᠡ ᠬᠦᠷᠴᠦ ᠢᠷᠡᠭᠡᠳ ᠮᠠᠷᠱᠠᠯ᠂ ᠲᠠᠨ ᠲᠠᠢ ᠠᠭᠤᠯᠵᠠᠬᠤ ᠬᠦᠰᠡᠯ ᠲᠡᠢ ᠪᠠᠢᠨ᠎ᠠ ᠭᠡᠵᠦ ᠬᠡᠯᠡᠵᠡᠢ᠃ ᠰᠢᠷᠴᠢᠨ ᠲᠡᠷᠡ ᠦᠭᠡ ᠰᠣᠨᠣᠰᠤᠭᠠᠳ ᠶᠡᠬᠡᠯ᠎ᠡ( ᠶᠡᠬᠡ ᠯᠡ) ᠪᠠᠶᠠᠷᠯᠠᠵᠤ᠂ ᠲᠡᠷᠡ ᠵᠠᠯᠠᠭᠤ ᠬᠥᠮᠦᠨ ᠦ᠌ ᠬᠣᠢᠨ᠎ᠠ ᠠ᠋ᠴᠠ ᠳᠠᠭᠠᠵᠤ ᠶᠠᠪᠤᠭᠰᠠᠭᠠᠷ᠂ ᠬᠤᠷᠠᠯ ᠤ᠋ᠨ ᠲᠡᠷᠢᠭᠦᠯᠡᠭᠴᠢᠳ ᠦ᠋ᠨ ᠲᠠᠰᠤᠯᠭᠠᠨ ᠳ᠋ᠤ᠌ ᠣᠷᠣᠪᠠᠯ᠂ ᠮᠠᠷᠱᠠᠯ ᠴᠣᠩᠬᠣᠨ ᠲᠤᠰᠢᠶ᠎ᠠ ᠴᠠᠳᠠᠨᠪᠠᠯ ᠲᠠᠢ ᠶᠠᠭᠤᠮ᠎ᠠ ᠶᠠᠷᠢᠵᠤ᠂ ᠲᠠᠮᠠᠬᠢ ᠲᠠᠲᠠᠵᠤ ᠪᠠᠢᠭᠰᠠᠨ ᠢ᠋ᠶ᠋ᠠᠨ᠄
— ᠵᠠ᠂ ᠰᠢᠷᠴᠢᠨ ᠭᠤᠸᠠᠢ᠂ ᠪᠡᠶ᠎ᠡ ᠰᠠᠢᠨ ᠤᠤ? ᠡᠢᠰᠢ ᠪᠡᠨ ᠰᠠᠭᠤ ᠭᠡᠵᠦ ᠲᠥᠭᠥᠷᠢᠭ ᠰᠢᠷᠡᠭᠡᠨ ᠦ᠌ ᠳᠡᠷᠭᠡᠳᠡ ᠪᠠᠢᠭᠰᠠᠨ ᠲᠦᠰᠢᠯᠭᠡᠲᠡᠢ ᠵᠥᠭᠡᠯᠡᠨ ᠰᠠᠨᠳᠠᠯᠢ ᠵᠢᠭᠠᠵᠤ ᠲᠠᠮᠠᠬᠢᠯᠠᠭᠠᠳ᠂ ᠮᠣᠩᠭᠣᠯ ᠵᠠᠩᠰᠢᠯ ᠢ᠋ᠶ᠋ᠠᠷ ᠠᠮᠤᠷ ᠮᠡᠨᠳᠦ ᠶ᠋ᠢ ᠠᠰᠠᠭᠤᠬᠤ ᠳ᠋ᠠᠭᠠᠨ( ᠳ᠋ᠤ᠌ ᠪᠠᠨ)᠂ ᠮᠠᠯ ᠰᠦᠷᠦᠭ ᠦ᠋ᠨ ᠬᠦᠴᠦ ᠲᠠᠷᠭᠤ᠂ ᠡᠪᠦᠯᠵᠢᠶ᠎ᠡ ᠪᠡᠯᠴᠢᠭᠡᠷ ᠦ᠋ᠨ ᠪᠠᠢᠳᠠᠯ ᠢ᠋ ᠯᠠᠪᠯᠠᠨ ᠠᠰᠠᠭᠤᠵᠤ ᠥᠭᠦᠯᠡᠷᠦᠨ᠂
— ᠪᠢ ᠲᠠᠨ ᠤ᠋ ᠬᠤᠷᠠᠯ ᠳᠡᠭᠡᠷ᠎ᠡ ᠬᠡᠯᠡᠭᠰᠡᠨ ᠦᠭᠡ ᠶ᠋ᠢ ᠶᠡᠬᠡ ᠰᠣᠨᠢᠷᠬᠠᠯ᠎ᠠ᠃ ᠲᠠ ᠤᠯᠢᠶᠠᠰᠤᠲᠠᠢ ᠬᠣᠪᠲᠣ ᠶ᠋ᠢᠨ ᠲᠡᠢᠨ ᠳ᠋ᠦ᠍ ᠶᠠᠪᠤᠵᠤ᠂ ᠬᠠᠳᠠᠨ ᠪᠠᠭᠠᠲᠤᠷ ᠤ᠋ᠨ ᠴᠡᠷᠢᠭ ᠲᠦ᠍ ᠶᠠᠪᠤᠯᠴᠠᠨ᠂ ᠬᠢᠲᠠᠳ ᠤ᠋ᠨ ᠴᠡᠷᠢᠭ ᠦ᠋ᠨ ᠡᠷᠬᠡᠲᠡᠨ ᠦ᠌ ᠬᠠᠯᠳᠠᠨ ᠳᠣᠪᠲᠣᠯᠬᠤ ᠳ᠋ᠤ᠌ ᠪᠠᠢᠯᠳᠤᠨ ᠨᠢᠴᠤᠭᠠᠵᠤ ᠶᠠᠪᠤᠭᠰᠠᠨ ᠶᠡᠬᠡᠯ᠎ᠡ(ᠶᠡᠬᠡ ᠯᠡ)ᠰᠣᠨᠢᠨ ᠲᠡᠦᠬᠡ ᠲᠡᠢ ᠬᠥᠮᠦᠨ ᠶᠦᠮ ᠪᠠᠢᠨ᠎ᠠ᠃ ᠲᠠᠨ ᠤ᠋ ᠲᠡᠦᠬᠡ ᠨᠠᠮᠲᠠᠷ ᠢ᠋ ᠪᠢ ᠨᠠᠷᠢᠨ ᠪᠢᠴᠢᠭ ᠦ᠋ᠨ ᠳᠠᠷᠤᠭ᠎ᠠ ᠪᠠᠷ ᠪᠢᠴᠢᠭᠦᠯᠵᠦ ᠠᠪᠬᠤ ᠬᠦᠰᠡᠯ ᠲᠡᠢ ᠪᠠᠢᠨ᠎ᠠ᠃ ᠲᠠ ᠶᠠᠪᠤᠭᠰᠠᠨ ᠶᠠᠪᠤᠳᠠᠯ ᠲᠡᠦᠬᠡ ᠪᠡᠨ ᠬᠡᠯᠡᠵᠦ ᠥᠭᠪᠡᠯ ᠶᠠᠮᠠᠷ ᠪᠣᠢ? ᠭᠡᠵᠦ ᠠᠰᠠᠭᠤᠪᠠᠯ᠂
— ᠵᠠ᠂ ᠪᠢ ᠬᠡᠳᠦᠨ ᠬᠣᠨᠣᠭ ᠪᠣᠳᠣᠵᠤ᠂ ᠮᠠᠷᠲᠠᠭᠰᠠᠨ ᠢ᠋ᠶ᠋ᠠᠨ ᠰᠡᠷᠭᠦᠭᠡᠨ ᠰᠡᠯᠪᠢᠵᠦ᠂ ᠮᠠᠨ ᠤ᠋ ᠲᠤᠰᠠᠭᠠᠷ ᠲᠣᠭᠲᠠᠨᠢᠯ ᠤ᠋ᠨ ᠲᠡᠮᠡᠴᠡᠯ ᠦ᠋ᠨ ᠲᠡᠦᠬᠡᠨ ᠳ᠋ᠦ᠍ ᠬᠡᠷᠡᠭ ᠪᠣᠯᠬᠤ ᠵᠦᠢᠯ ᠢ᠋ ᠰᠠᠨᠠᠵᠤ ᠦᠵᠡᠶ᠎ᠡ᠃ ᠤᠷᠢᠳ ᠡᠵᠡᠷᠬᠡᠭ ᠦ᠋ᠨ ᠦᠶ᠎ᠡ ᠳ᠋ᠦ᠍᠂ ᠴᠡᠷᠢᠭ ᠦ᠋ᠨ ᠠᠯᠪᠠ ᠬᠠᠭᠠᠬᠤ ᠳ᠋ᠤ᠌ ᠶᠡᠬᠡᠯ᠎ᠡ(ᠶᠡᠬᠡ ᠯᠡ) ᠬᠡᠴᠡᠭᠦᠦ ᠪᠠᠢᠭᠰᠠᠨ ᠪᠢᠯᠡ᠃ ᠪᠢᠳᠡᠨ ᠦ᠌ ᠵᠡᠪᠰᠡᠭ ᠮᠠᠭᠤ᠂ ᠬᠣᠭᠣᠯᠠ ᠮᠠᠭᠤ᠂ ᠶᠠᠭᠤᠮ᠎ᠠ ᠪᠦᠷᠢ ᠳ᠋ᠦ᠍ ᠭᠠᠴᠢᠭᠳᠠᠯ ᠲᠠᠢ ᠶ᠋ᠢ ᠬᠡᠯᠡᠭᠡᠳ ᠪᠠᠷᠠᠰᠢ ᠦᠭᠡᠢ᠃ ᠪᠢᠳᠡᠨ ᠦ᠌ ᠲᠡᠷᠡ ᠦᠶ᠎ᠡ ᠳ᠋ᠦ᠍ ᠡᠵᠡᠷᠬᠡᠭ ᠵᠠᠰᠠᠭ ᠤ᠋ᠨ ᠴᠡᠷᠢᠭ ᠦ᠋ᠨ ᠠᠯᠪᠠ ᠬᠠᠭᠠᠬᠤ ᠳ᠋ᠤ᠌ ᠶᠠᠭᠤᠲᠠᠢ ᠬᠦᠨᠳᠦ ᠪᠡᠷᠬᠡ ᠪᠠᠢᠭᠰᠠᠨ᠂ ᠳᠠᠢᠰᠤᠨ ᠤ᠋ ᠥᠭᠡᠳᠡ ᠡᠴᠡ ᠡᠰᠡᠷᠭᠦᠴᠡᠬᠦ ᠵᠠᠷ ᠵᠡᠪᠰᠡᠭ ᠦᠭᠡᠢ ᠮᠠᠨ ᠤ᠋ ᠠᠷᠠᠳ ᠲᠦᠮᠡᠨ ᠢ᠋ ᠬᠠᠷᠢ ᠶ᠋ᠢᠨ ᠪᠣᠭᠣᠯᠴᠢᠯᠠᠨ ᠳᠠᠷᠤᠯᠠᠭᠴᠢᠳ ᠲᠤ᠌ ᠳᠠᠷᠤᠯᠠᠭᠤᠯᠵᠤ ᠪᠠᠢᠬᠤ ᠳ᠋ᠤ᠌ ᠶᠠᠭᠤᠲᠠᠢ ᠭᠠᠰᠢᠭᠤᠨ ᠪᠠᠢᠭᠰᠠᠨ ᠢ᠋ ᠣᠳᠣ ᠶ᠋ᠢᠨ ᠡᠷᠬᠡᠲᠡᠢ ᠵᠠᠰᠠᠭ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠵᠠᠯᠠᠭᠤᠴᠤᠳ ᠶᠡᠷᠦ ᠮᠡᠳᠡᠬᠦ ᠦᠭᠡᠢ ᠪᠠᠢᠬᠤ ᠠ᠋᠃
ᠮᠠᠷᠱᠠᠯ ᠭᠤᠸᠠᠢ᠂ ᠪᠢ ᠲᠠᠨ ᠠ᠋ᠴᠠ ᠨᠢᠭᠡ ᠭᠤᠶᠤᠬᠤ ᠬᠦᠰᠡᠯ ᠲᠡᠢ ᠪᠢᠯᠡ ᠭᠡᠬᠦ ᠳ᠋ᠦ᠍ᠨᠢ( ᠳ᠋ᠦ᠍ ᠨᠢ)᠂
— ᠵᠠ᠂ ᠰᠣᠨᠣᠰᠤᠶ᠎ᠠ᠂ ᠮᠢᠨᠦ ᠬᠦᠴᠦ ᠬᠦᠷᠦᠮᠡᠷ ᠶᠠᠭᠤᠮ᠎ᠠ ᠪᠣᠯᠪᠠᠯ᠂ ᠲᠠᠨ ᠤ᠋ ᠬᠦᠰᠡᠯ ᠢ᠋ ᠳᠤᠷᠠᠲᠠᠶ᠎ᠠ ᠶᠣᠰᠣᠭᠠᠷ ᠪᠣᠯᠭᠠᠶ᠎ᠠ ᠭᠡᠬᠦ ᠳ᠋ᠦ᠍ᠨᠢ( ᠳ᠋ᠦ᠍ ᠨᠢ) ᠰᠢᠷᠴᠢᠨ ᠥᠭᠦᠯᠡᠷᠦᠨ᠂
— ᠮᠢᠨᠦ ᠬᠣᠶᠠᠷ ᠬᠦᠦ ᠴᠡᠷᠢᠭ ᠲᠦ᠍ ᠪᠣᠢ᠃ ᠨᠢᠭᠡ ᠨᠢ ᠡᠮᠴᠢ᠂ ᠨᠢᠭᠡ ᠨᠢ ᠳᠠᠷᠤᠭ᠎ᠠ᠂ ᠣᠳᠣ ᠮᠢᠨᠦ ᠪᠡᠶ᠎ᠡ᠂ ᠴᠡᠷᠢᠭ ᠦ᠋ᠨ ᠢ᠋ᠶ᠋ᠡᠨ ᠪᠠᠢᠳᠠᠯ ᠢ᠋ ᠬᠠᠷᠠᠵᠤ ᠲᠠᠨᠢᠯᠴᠠᠭᠠᠳ᠂ ᠵᠠᠯᠠᠭᠤ ᠴᠡᠷᠢᠭ ᠲᠦ᠍᠂ ᠡᠵᠡᠷᠬᠡᠭ ᠦ᠋ᠨ ᠦᠶ᠎ᠡ ᠳ᠋ᠦ᠍ ᠬᠠᠭᠤᠴᠢᠨ ᠴᠠᠭ ᠲᠤ᠌ ᠴᠡᠷᠢᠭ ᠦ᠋ᠨ ᠠᠯᠪᠠᠨ ᠬᠠᠭᠠᠬᠤ ᠳ᠋ᠤ᠌ ᠶᠠᠮᠠᠷ ᠰᠢᠦ ᠬᠦᠨᠳᠦ ᠪᠠᠢᠭᠰᠠᠨ ᠢ᠋ ᠶᠠᠷᠢᠵᠤ ᠥᠭᠬᠦ ᠬᠦᠰᠡᠯ ᠲᠡᠢ ᠶᠦᠮ ᠰᠠᠨ᠃ ᠮᠠᠨ ᠤ᠋ ᠵᠠᠯᠠᠭᠤᠴᠤᠳ᠂ ᠤᠯᠤᠰ ᠠ᠋ᠴᠠ ᠴᠡᠷᠢᠭ ᠦ᠋ᠨ ᠲᠥᠯᠥᠭᠡ ᠬᠠᠯᠠᠭᠤᠨ ᠰᠠᠨᠠᠭ᠎ᠠ ᠲᠠᠯᠪᠢᠵᠤ ᠪᠠᠢᠬᠤ ᠳ᠋ᠤ᠌᠂ ᠬᠠᠷᠢᠭᠤ ᠳ᠋ᠤᠨᠢ ( ᠳ᠋ᠤ᠌ ᠨᠢ) ᠴᠡᠷᠢᠭ ᠦ᠋ᠨ ᠡᠷᠳᠡᠮ ᠳ᠋ᠦ᠍ ᠰᠤᠷᠬᠤ ᠪᠣᠯᠪᠠᠰᠤᠷᠠᠬᠤ ᠶ᠋ᠢ ᠪᠦᠬᠦᠢ ᠯᠡ ᠬᠦᠴᠦ ᠪᠡᠷ ᠮᠡᠷᠡᠢᠬᠦ ᠶ᠋ᠢᠨ ᠴᠢᠬᠤᠯᠠ ᠶ᠋ᠢ ᠰᠡᠩᠬᠡᠷᠡᠲᠡᠯᠡ ᠮᠡᠳᠡᠵᠦ ᠠᠪᠤᠪᠠᠯ ᠲᠠᠭᠠᠷᠠᠬᠤ ᠶᠤᠮ ᠭᠡᠵᠦ ᠪᠢ ᠪᠣᠳᠣᠵᠤ ᠶᠠᠪᠤᠳᠠᠭ ᠪᠢᠯᠡ ᠭᠡᠬᠦ ᠳ᠋ᠦ᠍ᠨᠢ( ᠳ᠋ᠦ᠍ ᠨᠢ)᠂ ᠴᠠᠳᠠᠨᠪᠠᠯ ᠢᠨᠢᠶᠡᠮᠰᠦᠭᠯᠡᠨ᠂
— ᠲᠠ ᠴᠢᠨᠢ ᠤᠬᠠᠭᠤᠯᠤᠭᠴᠢ ᠬᠥᠮᠦᠨ ᠶᠦᠮ ᠰᠢᠪ ᠳᠡ ᠭᠡᠵᠦ ᠪᠢᠯᠡ᠃
— ᠳᠡᠭᠡᠯ ᠦᠭᠡᠢ ᠶᠠᠭᠠᠬᠢᠬᠤ ᠪᠣᠢ? ᠪᠢ ᠴᠢᠨᠢ ᠨᠤᠲᠤᠭ ᠲᠠᠭᠠᠨ( ᠲᠤ ᠪᠠᠨ) ᠠᠷᠪᠠᠨ ᠭᠡᠷ ᠦ᠋ᠨ ᠤᠬᠠᠭᠤᠯᠤᠭᠴᠢ ᠬᠥᠮᠦᠨ ᠶᠦᠮ ᠰᠢᠦ᠃ ᠲᠡᠭᠡᠭᠡᠳ᠂ ᠹᠧᠣᠳᠠᠯ ᠤ᠋ᠨ ᠬᠠᠷᠠᠩᠭᠤᠢ ᠵᠠᠰᠠᠭ ᠤ᠋ᠨ ᠦᠶᠡᠰ ᠪᠢᠳᠡᠨ ᠦ᠌ ᠴᠡᠷᠢᠭ ᠦ᠋ᠨ ᠠᠯᠪᠠ ᠬᠠᠭᠠᠬᠤ ᠳ᠋ᠤ᠌ ᠶᠠᠮᠠᠷ ᠭᠠᠰᠢᠭᠤᠨ ᠪᠠᠢᠭᠰᠠᠨ ᠢ᠋ ᠪᠢ ᠠᠷᠠᠳ ᠤ᠋ᠨ ᠴᠡᠷᠢᠭ ᠦ᠋ᠨ ᠪᠠᠭᠠᠴᠤᠳ ᠲᠤ᠌ ᠬᠡᠯᠡᠵᠦ ᠥᠭᠬᠦ ᠶᠦᠮ ᠰᠠᠨ ᠭᠡᠵᠦ ᠪᠣᠳᠣᠵᠤ ᠶᠠᠪᠤᠳᠠᠭ ᠶᠤᠮ ᠰᠠᠨ᠃ ᠪᠠᠭᠠᠴᠤᠳ᠂ ᠬᠤᠪᠢᠰᠬᠠᠯ ᠤ᠋ᠨ ᠠᠴᠢ ᠪᠠᠷ ᠣᠯᠤᠭᠰᠠᠨ ᠰᠠᠢᠬᠠᠨ ᠣᠯᠤᠯᠲᠠ ᠪᠠᠨ ᠡᠷᠬᠢᠮᠯᠡᠨ ᠬᠦᠨᠳᠦᠳᠬᠡᠵᠦ ᠰᠤᠷᠤᠭ ᠭᠡᠬᠦ ᠳ᠋ᠦ᠍ᠨᠢ( ᠳ᠋ᠦ᠍ ᠨᠢ) ᠮᠠᠷᠱᠠᠯ ᠢᠨᠢᠶᠡᠮᠰᠦᠭᠯᠡᠨ᠂
— ᠲᠠᠨ ᠤ᠋ ᠲᠡᠷᠡ ᠦᠭᠡ ᠲᠤᠩ ᠵᠥᠪ ᠦᠭᠡ᠂ ᠰᠢᠷᠴᠢᠨ ᠭᠤᠸᠠᠢ ᠮᠢᠨᠢ᠃ ᠮᠢᠨᠦ ᠪᠣᠳᠣᠬᠤ ᠳ᠋ᠤ᠌᠂ ᠤᠯᠤᠰ ᠤ᠋ᠨ ᠰᠠᠢᠨ ᠮᠠᠯᠴᠢᠨ ᠪᠥᠭᠡᠳ ᠬᠠᠭᠤᠴᠢᠨ ᠴᠡᠷᠢᠭ ᠲᠦ᠍ ᠶᠠᠪᠤᠭᠰᠠᠨ ᠰᠢᠷᠴᠢᠨ ᠭᠤᠸᠠᠢ ᠶ᠋ᠢ ᠮᠠᠨ ᠤ᠋ ᠠᠷᠠᠳ ᠤ᠋ᠨ ᠬᠤᠪᠢᠰᠬᠠᠯᠲᠤ ᠴᠡᠷᠢᠭ ᠦ᠋ᠨ ᠵᠠᠯᠠᠭᠤᠴᠤᠳ ᠲᠠᠢ ᠠᠭᠤᠯᠵᠠᠭᠤᠯᠵᠤ ᠥᠭᠭᠦᠮᠡᠷ ᠶᠦᠮ ᠪᠠᠢᠨ᠎ᠠ᠃ ᠲᠠ᠂ ᠠᠷᠮᠢ ᠶ᠋ᠢᠨ ᠺᠣᠮᠢᠰᠰᠠᠷ ᠤ᠋ᠨ ᠬᠤᠪᠢ ᠪᠠᠷ ᠲᠡᠭᠡᠭᠦᠯᠵᠦ ᠥᠭᠪᠡᠯ ᠶᠠᠭᠠᠬᠢᠨ᠎ᠠ? ᠭᠡᠵᠦ ᠴᠠᠳᠠᠨᠪᠠᠯ ᠳ᠋ᠤ᠌ ᠬᠡᠯᠡᠬᠦ ᠳ᠋ᠦ᠍ᠨᠢ( ᠳ᠋ᠦ᠍ ᠨᠢ)᠂
— ᠳᠤᠷᠠᠲᠠᠶ᠎ᠠ ᠭᠦᠢᠴᠡᠳᠬᠡᠶ᠎ᠡ᠃ ᠪᠢ ᠵᠣᠬᠢᠬᠴᠢᠳ ᠲᠤ᠌ ᠬᠡᠯᠡᠵᠦ᠂ ᠰᠢᠷᠴᠢᠨ ᠭᠤᠸᠠᠢ ᠶ᠋ᠢ ᠳᠠᠭᠠᠭᠤᠯᠵᠤ᠂ ᠮᠠᠨ ᠤ᠋ ᠴᠡᠷᠢᠭ ᠦ᠋ᠨ ᠪᠠᠢᠳᠠᠯ ᠲᠠᠢ ᠲᠠᠨᠢᠯᠴᠠᠭᠤᠯᠬᠤ ᠡᠭᠦᠷᠭᠡ ᠥᠭᠭᠦᠶ᠎ᠡ ᠭᠡᠬᠦ ᠳ᠋ᠦ᠍ᠨᠢ( ᠳ᠋ᠦ᠍ ᠨᠢ) ᠮᠠᠷᠱᠠᠯ᠂ ᠨᠠᠷᠢᠨ ᠪᠢᠴᠢᠭ ᠦ᠋ᠨ ᠢ᠋ᠶ᠋ᠡᠨ ᠳᠠᠷᠤᠭ᠎ᠠ ᠳ᠋ᠤ᠌᠂
— ᠣᠳᠣ᠂ ᠲᠥᠯᠥᠭᠡᠯᠡᠭᠴᠢᠳ ᠦ᠋ᠨ ᠮᠠᠰᠢᠨ ᠶᠠᠪᠤᠵᠠᠭᠠᠴᠢᠬᠠᠵᠠᠢ᠃ ᠰᠢᠷᠴᠢᠨ ᠭᠤᠸᠠᠢ ᠶ᠋ᠢ ᠮᠢᠨᠦ ᠮᠠᠰᠢᠨ ᠢ᠋ᠶ᠋ᠠᠷ ᠬᠦᠷᠭᠡᠭᠡᠳ ᠥᠭᠭᠦᠨ᠎ᠡ ᠤᠤ? ᠬᠡᠮᠡᠭᠡᠳ᠂ ᠰᠢᠷᠴᠢᠨ ᠭᠤᠸᠠᠢ᠂ ᠲᠡᠷᠡ ᠵᠢᠯ ᠲᠠ ᠪᠢᠳᠡ ᠬᠣᠶᠠᠷ ᠤ᠋ᠨ ᠨᠢᠭᠡ ᠠᠭᠤᠯᠵᠠᠭᠰᠠᠨ ᠢ᠋ ᠲᠠ ᠰᠠᠨᠠᠵᠤ ᠪᠠᠢᠨ᠎ᠠ ᠤᠤ? ᠨᠣᠶᠠᠨ ᠤ᠋ ᠪᠠᠨ ᠥᠷᠢ ᠲᠥᠯᠥᠬᠦ ᠭᠡᠵᠦ ᠲᠠᠪᠤᠨ ᠢᠷᠭᠡ ᠲᠠᠭᠤᠵᠤ ᠶᠠᠪᠤᠬᠤ ᠳ᠋ᠤ᠌ ᠲᠠᠨᠢ ᠪᠢ ᠵᠠᠮ ᠳ᠋ᠤ᠌ ᠳᠠᠭᠠᠷᠢᠯᠳᠤᠭᠰᠠᠨ ᠰᠢᠦ ᠳᠡ᠃ ᠲᠠ ᠪᠢᠳᠡ ᠬᠣᠶᠠᠷ ᠤ᠋ᠨ ᠲᠡᠷᠡ ᠠᠭᠤᠯᠵᠠᠭᠰᠠᠨ ᠮᠠᠨᠢ ᠶᠡᠬᠡ ᠴᠢᠬᠤᠯᠠ ᠠᠭᠤᠯᠵᠠᠯᠲᠠ ᠪᠣᠯᠵᠤ᠂ ᠠᠢᠮᠠᠭ ᠬᠤᠰᠢᠭᠤᠨ ᠤ᠋ ᠡᠷᠬᠡ ᠪᠠᠷᠢᠭᠴᠢᠳ ᠤ᠋ᠨ ᠪᠤᠷᠤᠭᠤ ᠲᠠᠢ ᠵᠦᠢᠯ ᠢ᠋ ᠵᠠᠰᠠᠨ ᠵᠠᠯᠠᠷᠠᠭᠤᠯᠬᠤ ᠳ᠋ᠤ᠌ ᠶᠡᠬᠡ ᠬᠡᠷᠡᠭ ᠪᠣᠯᠵᠤ ᠪᠢᠯᠡ ᠭᠡᠬᠦ ᠳ᠋ᠦ᠍ᠨᠢ ( ᠳ᠋ᠦ᠍ ᠨᠢ)᠂
— ᠥᠴᠥᠭᠡᠳᠦᠷ ᠠᠭᠤᠯᠵᠠᠭᠰᠠᠨ ᠶᠤᠮ ᠰᠢᠭ᠋᠂ ᠮᠢᠨᠦ ᠴᠡᠭᠡᠵᠢᠨ ᠳ᠋ᠦ᠍ ᠲᠣᠪ ᠲᠣᠳᠣᠷᠬᠠᠢ ᠪᠠᠢᠨ᠎ᠠ᠃ ᠲᠥᠷᠥ ᠶ᠋ᠢᠨ ᠠᠯᠲᠠᠨ ᠵᠢᠯᠣᠭᠣ ᠪᠠᠷᠢᠵᠤ᠂ ᠲᠦᠮᠡᠨ ᠬᠡᠷᠡᠭ ᠰᠢᠢᠳᠬᠡᠬᠦ ᠳ᠋ᠡᠭᠡᠨ( ᠳ᠋ᠦ᠍ ᠪᠡᠨ)᠂ ᠥᠴᠦᠬᠡᠨ ᠡᠭᠡᠯ ᠮᠠᠯᠴᠢᠨ ᠨᠠᠳᠠ ᠲᠠᠢ ᠠᠭᠤᠯᠵᠠᠭᠰᠠᠨ ᠢ᠋ᠶ᠋ᠠᠨ ᠮᠠᠷᠲᠠᠳᠠᠭ ᠦᠭᠡᠢ ᠳ᠋ᠦ᠍ ᠲᠠᠨᠢ ᠪᠢ ᠲᠤᠩ ᠶᠡᠬᠡ ᠭᠠᠢᠬᠠᠵᠤ ᠪᠠᠢᠨ᠎ᠠ ᠭᠡᠵᠦ ᠰᠢᠷᠴᠢᠨ ᠦ᠌ ᠬᠡᠯᠡᠬᠦ ᠳ᠋ᠦ᠍᠂ ᠮᠠᠷᠱᠠᠯ ᠢᠨᠢᠶᠡᠮᠰᠦᠭᠯᠡᠵᠦ᠂
— ᠡᠭᠡᠯ ᠮᠠᠯᠴᠢᠨ ᠭᠡᠳᠡᠭ᠂ ᠣᠳᠣ ᠮᠠᠨ ᠤ᠋ ᠤᠯᠤᠰ ᠤ᠋ᠨ ᠬᠦᠨᠳᠦᠲᠡᠢ ᠰᠠᠢᠴᠤᠤᠯ ᠰᠢᠦ ᠳᠡ ᠭᠡᠵᠡᠢ᠃
ᠲᠥᠯᠥᠭᠡᠯᠡᠭᠴᠢᠳ ᠢ᠋ ᠭᠤᠸᠠᠩᠵᠠᠨ ᠳ᠋ᠠᠭᠠᠨ( ᠳ᠋ᠤ᠌ ᠪᠠᠨ)ᠬᠦᠷᠴᠦ ᠠᠦ᠋ᠲ᠋ᠣᠪᠦ᠋ᠰ ᠡᠴᠡ ᠪᠠᠭᠤᠵᠤ ᠪᠠᠢᠬᠤ ᠳ᠋ᠤ᠌᠂ ᠰᠢᠷᠴᠢᠨ ᠳᠡᠭᠡᠷ᠎ᠡ ᠡᠴᠡ ᠨᠢ ᠨᠢᠭᠡ ᠶᠡᠬᠡ ᠰᠠᠢᠬᠠᠨ ᠪᠢᠶᠥ᠋ᠺ ᠮᠠᠰᠢᠨ ᠢ᠋ᠶ᠋ᠠᠷ ᠪᠠᠶᠠᠷ ᠬᠥᠷ ᠪᠣᠯᠤᠨ ᠬᠦᠷᠴᠦ ᠢᠷᠡᠭᠡᠳ᠂ ᠡᠪᠦᠭᠡᠨ ᠵᠠᠮᠰᠤ᠂ ᠰᠢᠷᠴᠢᠨ ᠢ᠋ ᠮᠠᠷᠱᠠᠯ ᠤ᠋ᠨ ᠮᠠᠰᠢᠨ ᠢ᠋ᠶ᠋ᠠᠷ ᠢᠷᠡᠭᠰᠡᠨ ᠢ᠋ ᠠᠰᠠᠭᠤᠵᠤ ᠮᠡᠳᠡᠭᠡᠳ ᠢᠨᠢᠶᠡᠮᠰᠦᠭᠯᠡᠨ᠂
— ᠬᠠᠭᠤᠴᠢᠨ ᠤ᠋ ᠰᠡᠴᠡᠨ ᠦᠭᠡᠨ ᠳ᠋ᠦ᠍᠂ ᠠᠮᠢᠳᠤ ᠶᠠᠪᠤᠪᠠᠯ ᠠᠯᠲᠠᠨ ᠠᠶᠠᠭ᠎ᠠ ᠪᠠᠷ ᠤᠮᠳᠠ ᠤᠤᠭᠤᠨ᠎ᠠ ᠭᠡᠵᠦ ᠤᠴᠢᠷ ᠲᠠᠢ ᠦᠨᠡᠨ ᠦᠭᠡ ᠠᠵᠢ ᠭᠡᠵᠦ ᠬᠡᠯᠡᠵᠡᠢ᠃
ᠪᠦᠲᠦᠨ ᠰᠠᠢᠨ ᠡᠳᠦᠷ ᠦ᠋ᠨ ᠥᠷᠯᠥᠭᠡ ᠨᠢ ᠰᠢᠷᠴᠢᠨ ᠦ᠌ ᠪᠠᠢᠭᠰᠠᠨ ᠭᠡᠷ ᠲᠦ᠍᠂ ᠰᠠᠢᠨ ᠮᠠᠯᠴᠢᠨ ᠤ᠋ ᠪᠠᠢᠷᠢ ᠶ᠋ᠢᠨ ᠵᠢᠵᠢᠭᠦᠷ ᠳᠠᠭᠠᠭᠤᠯᠤᠭᠰᠠᠨ᠂ ᠠᠷᠠᠳ ᠤ᠋ᠨ ᠬᠤᠪᠢᠰᠬᠠᠯᠲᠤ ᠴᠡᠷᠢᠭ ᠦ᠋ᠨ ᠬᠤᠷᠠᠩᠳᠠ ᠣᠷᠣᠵᠤ ᠢᠷᠡᠭᠡᠳ᠂ ᠵᠢᠵᠢᠭᠦᠷ ᠨᠢ ᠬᠤᠷᠠᠩᠳᠠ ᠳ᠋ᠤ᠌ ᠰᠢᠷᠴᠢᠨ ᠢ᠋ ᠵᠢᠭᠠᠨ᠂
— ᠰᠢᠷᠴᠢᠨ ᠭᠤᠸᠠᠢ ᠡᠨᠡ ᠪᠠᠢᠨ᠎ᠠ ᠬᠡᠮᠡᠪᠡᠰᠦ᠂
— ᠬᠠᠷᠠᠩᠭᠤᠲᠠ ᠲᠠᠨᠢᠯ᠎ᠠ! ᠭᠡᠵᠦ ᠥᠳᠬᠡᠨ ᠳᠠᠭᠤᠲᠤ ᠲᠡᠷᠡ ᠬᠤᠷᠠᠩᠳᠠ ᠬᠦᠩᠭᠢᠨᠡᠵᠦ᠂ ᠭᠠᠷ ᠢ᠋ᠶ᠋ᠠᠨ ᠮᠠᠯᠠᠭᠠᠢ ᠶ᠋ᠢᠨ ᠲᠤᠰᠢᠶ᠎ᠠ ᠡᠷᠭᠦᠨ ᠶᠣᠰᠣᠯᠠᠭᠠᠳ᠂ ᠲᠠᠨ ᠤ᠋ ᠬᠦᠦ ᠲᠡᠮᠦᠷ ᠲᠠᠨ ᠲᠠᠢ ᠶᠠᠭᠠᠬᠢᠭᠰᠠᠨ ᠠᠳᠠᠯᠢᠬᠠᠨ ᠬᠥᠮᠦᠨ ᠪᠣᠢ? ᠪᠢ ᠲᠡᠮᠦᠷ ᠢ᠋ ᠲᠠᠨᠢᠳᠠᠭ ᠪᠣᠯᠤᠭᠠᠳ ᠲᠠᠨ ᠢ᠋ ᠬᠠᠷᠠᠩᠭᠤᠳ ᠲᠠᠨᠢᠯ᠎ᠠ᠃ ᠰᠠᠶᠢ ᠪᠢ ᠬᠢᠵᠠᠭᠠᠷ ᠢ᠋ᠶ᠋ᠠᠷ ᠶᠠᠪᠤᠭᠠᠳ᠂ ᠲᠠᠨ ᠤ᠋ ᠬᠦᠦ ᠶ᠋ᠢᠨ ᠪᠠᠢᠳᠠᠭ ᠠᠩᠭᠢ ᠪᠠᠷ ᠡᠷᠭᠢᠭᠡᠳ ᠢᠷᠡᠭᠰᠡᠨ᠃ ᠲᠡᠮᠦᠷ ᠰᠠᠢᠨ ᠰᠠᠭᠤᠵᠤ ᠪᠠᠢᠨ᠎ᠠ᠃
ᠮᠢᠨᠦ ᠬᠦᠷᠴᠦ ᠢᠷᠡᠭᠰᠡᠨ ᠤᠴᠢᠷ ᠢ᠋ ᠲᠠᠨ ᠳ᠋ᠤ᠌ ᠬᠡᠯᠡᠪᠡᠯ᠂ ᠳᠠᠷᠤᠭ᠎ᠠ ᠨᠠᠷ ᠨᠠᠮ᠎ᠠ ᠶ᠋ᠢ ᠲᠠᠨ ᠳᠡᠭᠡᠷ᠎ᠡ ᠣᠴᠢᠵᠤ ᠬᠦᠨᠳᠦᠲᠦ ᠵᠣᠴᠢᠨ ᠲᠠᠨ ᠢ᠋ ᠡᠨᠡ ᠬᠣᠲᠠ ᠶ᠋ᠢᠨ ᠭᠠᠷᠨᠢᠽᠣᠨ ᠤ᠋ ᠁ ᠳ᠋ᠤᠭᠠᠷ ᠠᠩᠭᠢ ᠳ᠋ᠤ᠌ ᠤᠷᠢᠨ ᠠᠪᠠᠴᠢᠵᠤ᠂ ᠴᠡᠷᠢᠭ ᠦ᠋ᠨ ᠠᠵᠤ ᠪᠠᠢᠳᠠᠯ ᠲᠠᠢ ᠲᠠᠨᠢᠯᠴᠠᠭᠤᠯ ᠭᠡᠵᠦ ᠨᠠᠮ᠎ᠠ ᠶ᠋ᠢ ᠶᠠᠪᠤᠭᠤᠯᠵᠠᠢ᠃ ᠪᠢ ᠲᠠᠨ ᠢ᠋ ᠤᠷᠢᠳᠤ᠂ ᠠᠥ᠋ᠲ᠋ᠤᠨᠤᠮᠢᠲ᠋ ᠤ᠋ᠨ ᠦᠶ᠎ᠡ ᠳ᠋ᠦ᠍ ᠴᠡᠷᠢᠭ ᠲᠦ᠍ ᠪᠠᠢᠵᠤ᠂ ᠬᠢᠲᠠᠳ ᠤ᠋ᠨ ᠴᠡᠷᠢᠭ ᠦ᠋ᠨ ᠡᠷᠬᠡᠲᠡᠨ ᠦ᠌ ᠬᠠᠯᠳᠠᠨ ᠳᠣᠪᠲᠣᠯᠬᠤ ᠦᠶᠡᠰ ᠲᠡᠢᠨ ᠳ᠋ᠦ᠍ ᠶᠠᠪᠤᠭᠰᠠᠨ ᠶᠤᠮ ᠭᠡᠵᠦ ᠲᠤᠭᠤᠯᠤᠭᠰᠠᠨ ᠪᠢᠯᠡ᠃ ᠮᠢᠨᠦ ᠪᠣᠳᠣᠬᠤ ᠳ᠋ᠤ᠌᠂ ᠲᠠ ᠬᠡᠷᠪᠡ ᠡᠵᠡᠷᠬᠡᠭ ᠹᠧᠣᠳᠠᠯ ᠤ᠋ᠨ ᠦᠶ᠎ᠡ ᠳ᠋ᠦ᠍ ᠴᠡᠷᠢᠭ ᠠᠷᠠᠳ ᠤ᠋ᠨ ᠪᠠᠢᠳᠠᠯ ᠶᠠᠮᠠᠷ ᠪᠠᠢᠭᠰᠠᠨ ᠢ᠋ ᠮᠠᠨ ᠤ᠋ ᠴᠡᠷᠢᠭ ᠲᠦ᠍ ᠬᠡᠯᠡᠵᠦ ᠥᠭᠪᠡᠯ ᠶᠡᠬᠡ ᠰᠣᠨᠢᠨ ᠪᠠᠢᠬᠤ ᠰᠠᠨ ᠬᠡᠮᠡᠪᠡ᠃
ᠰᠠᠢᠬᠠᠨ ᠶᠠᠷᠢᠶ᠎ᠠ ᠲᠠᠢ ᠲᠡᠷᠡ ᠬᠤᠷᠠᠩᠳᠠ᠂ ᠰᠢᠷᠴᠢᠨ ᠦ᠌ ᠰᠡᠳᠬᠢᠯ ᠳ᠋ᠦ᠍ ᠶᠡᠬᠡᠯ᠎ᠡ(ᠶᠡᠬᠡ ᠯᠡ) ᠲᠠᠭᠠᠲᠠᠢ ᠰᠠᠨᠠᠭᠳᠠᠵᠤ᠂ ᠡᠪᠦᠭᠡᠨ ᠮᠠᠯᠴᠢᠨ᠂ ᠲᠡᠷᠡ ᠬᠤᠷᠠᠩᠳᠠ ᠳ᠋ᠤ᠌ ᠤᠷᠢᠳᠠᠪᠡᠷ ᠴᠡᠷᠢᠭ ᠦ᠋ᠨ ᠪᠠᠢᠳᠠᠭ ᠪᠠᠢᠳᠠᠯ ᠢ᠋ ᠦᠵᠡᠭᠡᠳ᠂ ᠰᠡᠭᠦᠯ ᠳ᠋ᠦ᠍ᠨᠢ( ᠳ᠋ᠦ᠍ ᠨᠢ ) ᠴᠡᠷᠢᠭ ᠲᠡᠢ ᠠᠭᠤᠯᠵᠠᠨ ᠶᠠᠷᠢᠪᠠᠯ ᠶᠠᠮᠠᠷ ᠪᠣᠢ ᠭᠡᠵᠦ ᠰᠠᠨᠠᠯ ᠢᠶᠠᠨ ᠬᠡᠯᠡᠵᠡᠢ᠃ ᠲᠡᠭᠡᠭᠡᠳ᠂ ᠁ ᠳ᠋ᠦ᠍ᠭᠡᠷ ᠠᠩᠭᠢ ᠶ᠋ᠢᠨ ᠴᠡᠷᠢᠭ ᠦ᠋ᠨ ᠬᠤᠸᠠᠷᠠᠨ ᠳ᠋ᠤ᠌ ᠲᠥᠪ ᠡᠴᠡ ᠨᠢ ᠬᠠᠯᠠᠭᠠᠬᠤ ᠬᠣᠭᠣᠯᠠᠢ ᠲᠠᠢ ᠶᠡᠬᠡ ᠳᠤᠯᠠᠭᠠᠨ᠂ ᠰᠠᠷᠠᠭᠤᠯ ᠠᠭᠤᠳᠠᠮ ᠪᠠᠢᠰᠢᠩ ᠲᠠᠰᠤᠯᠭ᠎ᠠ ᠪᠠᠷ ᠨᠢ ᠶᠠᠪᠤᠵᠤ᠂ ᠴᠡᠷᠢᠭ ᠦ᠋ᠨ ᠣᠷᠣ ᠳᠡᠪᠢᠰᠬᠡᠷ᠂ ᠣᠷᠣᠨ ᠤ᠋ ᠴᠠᠭᠠᠨ ᠳᠠᠪᠤᠤ᠂ ᠬᠥᠨᠵᠢᠯᠡ᠂ ᠳᠡᠪᠡᠯ ᠬᠤᠪᠴᠠᠰᠤᠨ ᠤ᠋ ᠡᠯᠭᠦᠭᠦᠷ᠂ ᠬᠣᠣᠷᠲᠤ ᠤᠲᠤᠭᠠᠨ ᠤ᠋ ᠪᠠᠭ ᠬᠠᠳᠠᠭᠠᠯᠠᠬᠤ ᠱᠦᠭᠦᠢ᠂ ᠫᠤᠤ ᠶ᠋ᠢᠨ ᠲᠠᠯᠪᠢᠭᠤᠷ ᠵᠡᠷᠭᠡ ᠶ᠋ᠢ ᠶᠡᠬᠡᠯ᠎ᠡ(ᠶᠡᠬᠡ ᠯᠡ) ᠨᠢᠮᠪᠠᠢᠯᠠᠨ ᠦᠵᠡᠭᠡᠳ᠂ ᠲᠡᠷᠡ ᠰᠤᠮᠤᠨ ᠴᠡᠷᠢᠭ ᠦ᠋ᠨ ᠪᠠᠢᠷᠢᠨ ᠳ᠋ᠤ᠌ ᠪᠠᠢᠭᠰᠠᠨ᠂ ᠪᠤᠴᠠᠯᠭᠠᠭᠰᠠᠨ ᠤᠰᠤ ᠲᠠᠢ ᠰᠠᠪᠠ ᠶ᠋ᠢᠨ ᠴᠣᠣᠵᠢ ᠶ᠋ᠢ ᠬᠦᠷᠲᠡᠯ᠎ᠡ ᠰᠣᠨᠢᠷᠬᠠᠨ ᠪᠠᠷᠢᠵᠤ ᠦᠵᠡᠯ᠎ᠡ᠃
ᠲᠣᠭᠣᠭᠠᠨ ᠤ᠋ ᠭᠠᠵᠠᠷ ᠣᠷᠣᠬᠤ ᠳ᠋ᠤᠨᠢ( ᠳ᠋ᠤ᠌ ᠨᠢ)᠂ ᠬᠣᠭᠣᠯᠠ ᠲᠣᠭᠣᠭᠠᠨ ᠤ᠋ ᠭᠠᠵᠠᠷ ᠤ᠋ᠨ ᠵᠢᠵᠢᠭᠦᠷ᠂ ᠬᠦᠨᠳᠦᠲᠦ ᠵᠣᠴᠢᠳ ᠲᠤ᠌ ᠲᠡᠷᠡ ᠡᠳᠦᠷ ᠦ᠋ᠨ ᠴᠡᠷᠢᠭ ᠦ᠋ᠨ ᠬᠣᠭᠣᠯᠠ ᠳ᠋ᠤ᠌ ᠬᠡᠷᠡᠭᠯᠡᠬᠦ ᠵᠦᠢᠯ ᠢ᠋ ᠲᠣᠭᠣᠭᠠᠨ ᠳ᠋ᠤ᠌ ᠬᠢᠵᠦ ᠪᠠᠢᠭᠰᠠᠨ ᠢ᠋ ᠦᠵᠡᠭᠦᠯᠦᠨ᠂ ᠪᠠᠰᠠ 《ᠬᠢᠭᠰᠡᠨ ᠬᠣᠭᠣᠯᠠᠨ ᠤ᠋ ᠴᠢᠨᠠᠷ ᠢ᠋ ᠲᠡᠮᠳᠡᠭᠯᠡᠬᠦ ᠳᠡᠪᠲᠡᠷ》 ᠭᠡᠭᠴᠢ ᠶ᠋ᠢ ᠦᠵᠡᠭᠦᠯᠪᠡᠯ᠂ ᠰᠢᠷᠴᠢᠨ᠂ ᠲᠡᠷᠡ ᠵᠢᠵᠢᠭᠦᠷ ᠡᠴᠡ᠄
— ᠴᠡᠷᠢᠭ᠂ ᠡᠳᠦᠷ ᠪᠦᠷᠢ ᠡᠢᠮᠦ ᠰᠠᠢᠬᠠᠨ ᠬᠣᠭᠣᠯᠠ ᠢᠳᠡᠳᠡᠭ ᠤᠤ? ᠭᠡᠵᠦ ᠠᠰᠠᠭᠤᠵᠠᠢ᠃
— ᠡᠳᠦᠷ ᠪᠦᠷᠢ᠂ ᠴᠡᠷᠢᠭ ᠳᠣᠳᠣᠮ ᠴᠠᠭᠠᠨ ᠲᠠᠯᠬ᠎ᠠ᠂ ᠲᠣᠰᠣ᠂ ᠮᠢᠬ᠎ᠠ᠂ ᠶᠠᠩᠵᠤ ᠪᠦᠷᠢ ᠶ᠋ᠢᠨ ᠠᠮᠤ ᠪᠤᠳᠠᠭ᠎ᠠ᠂ ᠨᠣᠭᠣᠭ᠎ᠠ ᠵᠡᠷᠭᠡ ᠵᠦᠢᠯ ᠬᠡᠳᠦ ᠬᠡᠴᠢᠨᠡᠨ ᠭᠷᠠᠮ ᠬᠡᠷᠡᠭᠯᠡᠬᠦ ᠶ᠋ᠢ ᠲᠤᠰᠬᠠᠢ ᠲᠣᠳᠣᠷᠬᠠᠢᠯᠠᠭᠰᠠᠨ ᠵᠢᠭᠰᠠᠭᠠᠯᠲᠠ ᠪᠠᠢᠳᠠᠭ᠃ ᠲᠡᠷᠡ ᠶᠣᠰᠣᠭᠠᠷ ᠭᠦᠢᠴᠡᠳᠬᠡᠳᠡᠭ᠃ ᠡᠭᠦᠨ ᠳ᠋ᠦ᠍ ᠴᠡᠷᠢᠭ ᠦ᠋ᠨ ᠬᠣᠭᠣᠯᠠ ᠶ᠋ᠢ ᠡᠳᠦᠷ ᠡᠳᠦᠷ ᠶᠠᠩᠵᠤ ᠶᠠᠩᠵᠤ ᠪᠣᠯᠭᠠᠵᠤ᠂ ᠥᠨᠥᠳᠥᠷ ᠦ᠋ᠨ ᠬᠣᠭᠣᠯᠠ ᠶ᠋ᠢ ᠮᠠᠷᠭᠠᠰᠢ ᠨᠢ ᠳᠠᠬᠢᠳᠠᠭ ᠦᠭᠡᠢ᠂ ᠣᠯᠠᠨ ᠵᠦᠢᠯ ᠦ᠋ᠨ ᠬᠣᠭᠣᠯᠠ ᠢᠳᠡᠳᠡᠭ ᠶᠣᠰᠣᠲᠠᠢ ᠶᠤᠮ᠎ᠠ ᠭᠡᠵᠦ ᠬᠡᠯᠡᠵᠡᠢ᠃
ᠲᠣᠭᠣᠭᠠᠨ ᠤ᠋ ᠭᠠᠵᠠᠷ ᠠ᠋ᠴᠠ ᠰᠢᠷᠴᠢᠨ᠂ ᠲᠡᠷᠡ ᠰᠤᠮᠤᠨ ᠴᠡᠷᠢᠭ ᠦ᠋ᠨ ᠠᠳᠤᠭᠤᠨ ᠤ᠋ ᠵᠥᠴᠢᠶ᠎ᠡ ᠶ᠋ᠢ* ᠦᠵᠡᠬᠦ ᠭᠡᠵᠦ ᠣᠴᠢᠯ᠎ᠠ᠃ ᠲᠡᠭᠡᠭᠡᠳ᠂ ᠮᠣᠷᠢ ᠲᠤᠰ ᠪᠦᠷᠢ ᠶ᠋ᠢᠨ ᠤᠶᠠᠬᠤ ᠵᠣᠭᠰᠣᠬᠤ ᠭᠠᠵᠠᠷ ᠲᠠᠢ᠂ ᠮᠣᠷᠢ ᠲᠤᠰ ᠪᠦᠷᠢ ᠶ᠋ᠢᠨ ᠲᠤᠰᠢᠶ᠎ᠠ ᠲᠤᠰᠬᠠᠢ ᠬᠤᠢ ᠳ᠋ᠤ᠌ ᠬᠣᠣᠷᠲᠤ ᠤᠲᠤᠭᠠᠨ ᠤ᠋᠂ ᠮᠣᠷᠢᠨ ᠤ᠋ ᠪᠠᠭ ᠵᠡᠬᠡᠵᠦ ᠡᠯᠭᠦᠭᠰᠡᠨ ᠪᠠᠢᠳᠠᠭ ᠢ᠋ ᠦᠵᠡᠭᠡᠳ ᠡᠪᠦᠭᠡᠨ ᠮᠠᠯᠴᠢᠨ᠂ ᠬᠠᠮᠲᠤ ᠶᠠᠪᠤᠭᠰᠠᠨ ᠥᠨᠥᠬᠢ ᠬᠤᠷᠠᠩᠳᠠ ᠳ᠋ᠤ᠌᠂
— ᠡᠳᠦᠭᠡ ᠡᠨᠡ ᠰᠤᠮᠤᠨ ᠴᠡᠷᠢᠭ ᠦ᠋ᠨ ᠵᠥᠴᠢᠶ᠎ᠡ ᠬᠦᠷᠲᠡᠯ᠎ᠡ᠂ ᠨᠠᠮ᠎ᠠ ᠶ᠋ᠢ ᠬᠤᠵᠢᠷᠪᠤᠯᠤᠩ ᠳ᠋ᠤ᠌ ᠴᠡᠷᠢᠭ ᠲᠦ᠍ ᠪᠠᠢᠬᠤ ᠦᠶ᠎ᠡ ᠶ᠋ᠢᠨ ᠴᠡᠷᠢᠭ ᠦ᠋ᠨ ᠬᠤᠸᠠᠷᠠᠨ ᠠ᠋ᠴᠠ ᠢᠯᠡᠭᠦᠦ ᠲᠣᠬᠢᠲᠠᠢ ᠳᠤᠯᠠᠭᠠᠨ ᠠᠵᠢ ᠭᠡᠵᠦ ᠪᠠᠬᠠᠷᠬᠠᠨ ᠬᠡᠯᠡᠵᠡᠢ᠃
ᠲᠡᠨᠳᠡ ᠡᠴᠡ ᠰᠦᠬᠡᠪᠠᠭᠠᠲᠤᠷ ᠤ᠋ᠨ ᠲᠠᠰᠤᠯᠭᠠᠨ ᠳ᠋ᠤ᠌ ᠣᠷᠣᠬᠤ ᠳ᠋ᠤᠨᠢ( ᠳ᠋ᠤ᠌ ᠨᠢ)᠂ ᠰᠤᠮᠤᠨ ᠴᠡᠷᠢᠭ ᠦ᠋ᠨ ᠤᠯᠤᠰ ᠲᠥᠷᠥ ᠶ᠋ᠢᠨ ᠤᠳᠤᠷᠢᠳᠤᠭᠴᠢ᠂ ᠲᠡᠷᠡ ᠲᠠᠰᠤᠯᠭᠠᠨ ᠳ᠋ᠤ᠌ ᠴᠤᠭᠯᠠᠭᠰᠠᠨ ᠴᠡᠷᠢᠭ ᠲᠡᠭᠡᠨ( ᠲᠤ ᠪᠡᠨ)《ᠨᠣᠮᠣᠬᠠᠨ》 ᠭᠡᠵᠦ ᠺᠣᠮᠠᠨᠲᠠᠯᠠᠭᠠᠳ᠂ ᠬᠤᠷᠠᠩᠳᠠ ᠳ᠋ᠤ᠌ ᠵᠣᠬᠢᠬᠤ ᠷᠠᠫᠣᠷᠲ ᠢ᠋ᠶ᠋ᠠᠨ ᠥᠭᠴᠡᠢ᠃
ᠬᠤᠷᠠᠩᠳᠠ᠂ ᠲᠡᠷᠡ ᠰᠦᠬᠡᠪᠠᠭᠠᠲᠤᠷ ᠤ᠋ᠨ ᠲᠠᠰᠤᠯᠭᠠᠨ ᠳ᠋ᠤ᠌ ᠴᠤᠭᠯᠠᠭᠰᠠᠨ ᠴᠡᠷᠢᠭ ᠲᠦ᠍ ᠤᠴᠢᠷ ᠢ᠋ ᠲᠠᠢᠯᠪᠤᠷᠢᠯᠠᠵᠤ ᠬᠡᠯᠡᠬᠦ ᠳ᠋ᠡᠭᠡᠨ( ᠳ᠋ᠦ᠍ ᠪᠡᠨ)᠂ ᠤᠯᠤᠰ ᠤ᠋ᠨ ᠰᠠᠢᠨ ᠮᠠᠯᠴᠢᠨ ᠤ᠋ ᠠᠩᠬᠠᠳᠤᠭᠠᠷ ᠵᠥᠪᠯᠡᠯᠭᠡᠨ ᠳ᠋ᠦ᠍ ᠰᠠᠭᠤᠯᠴᠠᠵᠤ ᠪᠠᠢᠭ᠎ᠠ ᠪᠥᠭᠡᠳ ᠤᠷᠢᠳᠤ ᠠᠦ᠋ᠲ᠋ᠣᠨᠣᠮᠢᠲ ᠤ᠋ᠨ ᠦᠶ᠎ᠡ ᠳ᠋ᠦ᠍ ᠴᠡᠷᠢᠭ ᠲᠦ᠍ ᠶᠠᠪᠤᠵᠤ ᠪᠠᠢᠭᠰᠠᠨ ᠨᠥᠬᠥᠷ ᠰᠢᠷᠴᠢᠨ ᠦ᠌ ᠪᠡᠶ᠎ᠡ᠂ ᠮᠣᠩᠭᠣᠯ ᠠᠷᠠᠳ ᠤ᠋ᠨ ᠬᠤᠪᠢᠰᠬᠠᠯᠲᠤ ᠴᠡᠷᠢᠭ ᠦ᠋ᠨ ᠪᠠᠢᠳᠠᠯ ᠲᠠᠢ ᠲᠠᠨᠢᠯᠴᠠᠬᠤ ᠪᠠᠷ ᠬᠦᠷᠦᠯᠴᠡᠨ ᠢᠷᠡᠭᠰᠡᠨ ᠤᠴᠢᠷ ᠢ᠋ ᠲᠣᠪᠴᠢᠬᠠᠨ ᠢ᠋ᠶ᠋ᠠᠷ ᠲᠠᠢᠯᠪᠤᠷᠢᠯᠠᠵᠤ ᠬᠡᠯᠡᠭᠡᠳ᠂
— ᠨᠥᠬᠥᠷ ᠴᠡᠷᠢᠭ ᠦ᠋ᠳ᠂ ᠲᠠᠨ ᠤ᠋ ᠠᠩᠭᠢ ᠳ᠋ᠤ᠌ ᠮᠠᠨ ᠤ᠋ ᠤᠯᠤᠰ ᠤ᠋ᠨ ᠰᠠᠢᠨ ᠮᠠᠯᠴᠢᠨ᠂ ᠬᠦᠨᠳᠦᠲᠦ ᠵᠣᠴᠢᠨ ᠤ᠋ ᠪᠡᠶ᠎ᠡ ᠬᠦᠷᠦᠯᠴᠡᠨ ᠢᠷᠡᠭᠰᠡᠨ ᠳ᠋ᠦ᠍ ᠠᠯᠠᠭ᠎ᠠ ᠲᠡᠰᠢᠵᠦ ᠪᠦᠭᠦᠳᠡᠭᠡᠷ ᠪᠠᠶᠠᠷ ᠬᠦᠷᠭᠡᠶ᠎ᠡ ᠭᠡᠵᠦ ᠬᠡᠯᠡᠭᠡᠳ ᠬᠤᠷᠠᠩᠳᠠ ᠶ᠋ᠢᠨ ᠲᠡᠷᠡ ᠰᠠᠨᠠᠯ ᠶᠣᠰᠣᠭᠠᠷ ᠣᠯᠠᠨ ᠴᠡᠷᠢᠭ ᠶᠡᠬᠡᠯ᠎ᠡ(ᠶᠡᠬᠡ ᠯᠡ) ᠬᠥᠭᠵᠢᠯᠲᠡᠢ ᠪᠡᠷ ᠠᠯᠠᠭ᠎ᠠ ᠲᠠᠰᠢᠵᠠᠭᠠᠵᠤ ᠶᠣᠰᠣᠯᠠᠵᠠᠢ᠃ ᠲᠡᠭᠡᠭᠡᠳ᠂ ᠠᠯᠠᠭ᠎ᠠ ᠲᠠᠰᠢᠬᠤ ᠴᠢᠮᠡᠭᠡ ᠪᠠᠬᠠᠨ ᠨᠠᠮ ᠪᠣᠯᠣᠮᠠᠭᠴᠠ ᠬᠤᠷᠠᠩᠳᠠ᠂ ᠵᠣᠴᠢᠨ ᠤ᠋ ᠵᠦᠭ ᠬᠠᠨᠳᠤᠵᠤ ᠥᠭᠦᠯᠡᠷᠦᠨ᠂
— ᠮᠠᠨ ᠤ᠋ ᠴᠡᠷᠢᠭ ᠦ᠋ᠨ ᠰᠤᠮᠤᠨ ᠲᠤᠰ ᠪᠦᠷᠢ ᠳ᠋ᠦ᠍ ᠤᠯᠤᠰ ᠲᠥᠷᠥ᠂ ᠭᠡᠭᠡᠷᠡᠯ ᠦ᠋ᠨ ᠠᠵᠢᠯ ᠶᠠᠪᠤᠭᠤᠯᠬᠤ ᠵᠣᠷᠢᠯᠭ᠎ᠠ ᠪᠠᠷ ᠲᠤᠰᠬᠠᠢ ᠪᠡᠯᠡᠳᠦᠭᠰᠡᠨ ᠲᠠᠰᠤᠯᠭ᠎ᠠ ᠪᠠᠢᠳᠠᠭ᠃ ᠲᠡᠭᠦᠨ ᠢ᠋ ᠮᠣᠩᠭᠣᠯ ᠤ᠋ᠨ ᠠᠷᠠᠳ ᠣᠯᠠᠨ ᠤ᠋ ᠤᠳᠤᠷᠢᠳᠤᠭᠴᠢ᠂ ᠮᠣᠩᠭᠣᠯ ᠠᠷᠠᠳ ᠤ᠋ᠨ ᠬᠤᠪᠢᠰᠬᠠᠯᠲᠤ ᠨᠠᠮ ᠢ᠋ ᠵᠣᠬᠢᠶᠠᠨ ᠪᠠᠢᠭᠤᠯᠤᠭᠴᠢ ᠰᠦᠬᠡᠪᠠᠭᠠᠲᠤᠷ ᠤ᠋ᠨ ᠨᠡᠷ᠎ᠡ ᠪᠡᠷ ᠰᠦᠬᠡᠪᠠᠭᠠᠲᠤᠷ ᠤ᠋ᠨ ᠲᠠᠰᠤᠯᠭ᠎ᠠ ᠭᠡᠳᠡᠭ ᠶᠦᠮ᠃ ᠰᠤᠮᠤᠨ ᠤ᠋ ᠤᠯᠤᠰ ᠲᠥᠷᠥ ᠶ᠋ᠢᠨ ᠤᠳᠤᠷᠢᠳᠤᠭᠴᠢ ᠨᠢ ᠰᠦᠬᠡᠪᠠᠭᠠᠲᠤᠷ ᠤ᠋ᠨ ᠲᠠᠰᠤᠯᠭ᠎ᠠ ᠶ᠋ᠢ ᠡᠮᠬᠢ ᠲᠡᠢ ᠵᠢᠷᠤᠮ ᠲᠠᠢ ᠪᠠᠢᠯᠭᠠᠬᠤ ᠲᠠᠯ᠎ᠠ ᠶ᠋ᠢᠨ ᠠᠵᠢᠯ ᠢ᠋ ᠬᠠᠷᠢᠭᠤᠴᠠᠨ ᠡᠷᠬᠢᠯᠡᠳᠡᠭ ᠶᠦᠮ ᠠ᠋᠃
ᠤᠯᠤᠰ ᠲᠥᠷᠥ ᠶ᠋ᠢᠨ ᠤᠳᠤᠷᠢᠳᠤᠭᠴᠢ ᠡᠨᠡ ᠨᠥᠬᠥᠷ ᠢ᠋ ᠦᠵᠡᠬᠦ ᠳ᠋ᠦ᠍᠂ ᠡᠷᠬᠢᠮ ᠵᠣᠴᠢᠨ ᠲᠠᠨ ᠳ᠋ᠤ᠌ ᠢᠯᠡᠳᠬᠡᠯ ᠦ᠋ᠨ ᠶᠡᠨᠳᠡᠷ ᠰᠢᠷᠡᠭᠡ ᠬᠡᠳᠦᠢᠨ ᠪᠠᠵᠠᠭᠠᠵᠤ ᠪᠡᠯᠡᠳᠦᠭᠡᠳ ᠪᠠᠢᠭ᠎ᠠ ᠶᠤᠮ ᠰᠢᠭ᠋ ᠪᠠᠢᠨ᠎ᠠ᠃ ᠡᠭᠦᠨ ᠳ᠋ᠦ᠍ ᠲᠠ᠂ ᠨᠠᠮ᠎ᠠ ᠶ᠋ᠢ ᠪᠣᠳᠣᠬᠤ ᠳ᠋ᠤ᠌᠂ ᠴᠡᠷᠢᠭ ᠦ᠋ᠨ ᠨᠥᠬᠥᠳ ᠦ᠋ᠨ ᠡᠮᠦᠨ᠎ᠡ ᠬᠡᠳᠦᠨ ᠦᠭᠡ ᠡᠨᠡ ᠢᠯᠡᠳᠬᠡᠯ ᠦ᠋ᠨ ᠶᠡᠨᠳᠡᠷ ᠰᠢᠷᠡᠭᠡᠨ ᠳᠡᠭᠡᠷ᠎ᠡ ᠡᠴᠡ ᠬᠡᠯᠡᠵᠦ᠂ ᠡᠵᠡᠷᠬᠡᠭ ᠦ᠋ᠨ ᠦᠶ᠎ᠡ ᠳ᠋ᠦ᠍ ᠴᠡᠷᠢᠭ ᠦ᠋ᠨ ᠪᠠᠢᠳᠠᠯ ᠶᠠᠮᠠᠷ ᠰᠢᠦ ᠪᠠᠢᠭᠰᠠᠨ ᠢ᠋ ᠬᠡᠯᠡᠵᠦ ᠥᠭᠪᠡᠯ᠂ ᠶᠡᠬᠡᠯ᠎ᠡ(ᠶᠡᠬᠡ ᠯᠡ)ᠰᠣᠨᠢᠨ ᠰᠠᠢᠬᠠᠨ ᠪᠣᠯᠬᠤ ᠶᠤᠮᠰᠠᠨ᠃ ᠡᠷᠬᠢᠮ ᠵᠣᠴᠢᠨ ᠢ᠋ ᠭᠤᠶᠤᠶ᠎ᠠ᠃ ᠮᠠᠨ ᠤ᠋ ᠴᠡᠷᠢᠭ ᠦ᠋ᠨ ᠨᠥᠬᠥᠳ ᠲᠦ᠍ ᠶᠠᠷᠢᠶ᠎ᠠ ᠬᠢᠵᠦ ᠥᠭᠭᠦᠨ᠎ᠡ ᠤᠤ? ᠭᠡᠬᠦ ᠳ᠋ᠦ᠍ᠨᠢ( ᠳ᠋ᠦ᠍ ᠨᠢ)᠂ ᠣᠯᠠᠨ ᠴᠡᠷᠢᠭ ᠨᠢᠵᠢᠭᠢᠨᠡᠲᠡᠯ᠎ᠡ ᠠᠯᠠᠭ᠎ᠠ ᠲᠠᠰᠢᠵᠠᠭᠠᠨ᠂ ᠰᠢᠷᠴᠢᠨ ᠢᠯᠡᠳᠬᠡᠯ ᠦ᠋ᠨ ᠶᠡᠨᠳᠡᠷ ᠳᠡᠭᠡᠷ᠎ᠡ ᠭᠠᠷᠴᠤ᠂ ᠪᠡᠶ᠎ᠡ ᠳ᠋ᠦ᠍ᠨᠢ( ᠳ᠋ᠦ᠍ ᠨᠢ) ᠵᠣᠬᠢᠭᠰᠠᠨ ᠰᠢᠪ ᠰᠢᠨᠡᠬᠡᠨ ᠱᠠᠪᠬᠢᠭᠰᠠᠨ ᠠᠶᠠᠲᠠᠢᠬᠠᠨ ᠬᠤᠪᠴᠠᠰᠤ ᠲᠠᠢ ᠰᠡᠷᠭᠦᠯᠡᠩ ᠴᠣᠪᠣᠭᠣ ᠴᠢᠷᠠᠢ ᠲᠠᠢ ᠵᠠᠯᠠᠭᠤ ᠴᠡᠷᠢᠭ ᠦ᠋ᠳ ᠦ᠋ᠨ ᠶᠡᠬᠡᠯ᠎ᠡ(ᠶᠡᠬᠡ ᠯᠡ)ᠠᠩᠬᠠᠷᠤᠨ ᠬᠢᠴᠢᠶᠡᠩᠭᠦᠢᠯᠡᠵᠦ ᠰᠠᠭᠤᠭ᠎ᠠ ᠪᠠᠢᠳᠠᠯ ᠢ᠋ ᠡᠷᠭᠢᠴᠡᠭᠦᠯᠦᠨ ᠬᠠᠷᠠᠭᠠᠳ ᠨᠠᠮ ᠳᠠᠭᠤ ᠪᠠᠷ ᠥᠭᠦᠯᠡᠷᠦᠨ᠂
— ᠥᠨᠥᠳᠥᠷ ᠪᠢ ᠴᠡᠷᠢᠭ ᠦ᠋ᠨ ᠪᠠᠭᠠᠴᠤᠳ ᠲᠠ ᠨᠠᠷ ᠤ᠋ᠨ ᠰᠠᠢᠨ ᠰᠠᠢᠬᠠᠨ ᠰᠠᠭᠤᠵᠤ ᠪᠠᠢᠭ᠎ᠠ ᠶ᠋ᠢ ᠲᠠᠨᠢ ᠪᠠᠬᠠᠳᠤᠨ ᠦᠵᠡᠭᠡᠳ᠂ ᠲᠠ ᠨᠠᠷ ᠢ᠋ ᠶᠠᠮᠠᠷ ᠰᠠᠢᠬᠠᠨ ᠪᠠᠢᠳᠠᠯ ᠲᠠᠢ ᠶᠤᠮ ᠪᠣᠢ? ᠮᠠᠨ ᠤ᠋ ᠠᠷᠠᠳ ᠤ᠋ᠨ ᠭᠡᠭᠡᠨ ᠵᠠᠰᠠᠭ᠂ ᠴᠡᠷᠢᠭ ᠲᠠ ᠨᠠᠷ ᠤ᠋ᠨ ᠲᠥᠯᠥᠭᠡ ᠦᠷ᠎ᠡ ᠬᠡᠦᠬᠡᠳ ᠢ᠋ᠶ᠋ᠡᠨ ᠠᠩᠬᠠᠷᠤᠭᠴᠢ ᠡᠬᠡ ᠠᠳᠠᠯᠢ᠂ ᠬᠠᠯᠠᠭᠤᠨ ᠰᠠᠨᠠᠭ᠎ᠠ ᠲᠠᠯᠪᠢᠵᠤ ᠪᠠᠢᠳᠠᠭ ᠨᠢ ᠶᠠᠭᠤᠲᠠᠢ ᠰᠠᠢᠬᠠᠨ ᠶᠤᠮ ᠪᠣᠢ? ᠭᠡᠵᠦ ᠰᠡᠳᠬᠢᠯ ᠳᠦᠭᠦᠷᠡᠩ ᠪᠠᠶᠠᠷᠯᠠᠯ᠎ᠠ᠃ ᠴᠡᠷᠢᠭ ᠦ᠋ᠨ ᠠᠵᠤ ᠪᠠᠢᠳᠠᠯ ᠡᠢᠮᠦ ᠰᠠᠢᠬᠠᠨ ᠪᠣᠯᠬᠤ ᠶᠤᠮ ᠭᠡᠵᠦ ᠪᠢ ᠤᠷᠢᠳ ᠶᠡᠷᠦ ᠵᠡᠭᠦᠳᠦᠨ ᠳ᠋ᠡᠭᠡᠨ( ᠳ᠋ᠦ᠍ ᠪᠡᠨ) ᠴᠦ᠍ ᠵᠡᠭᠦᠳᠦᠯᠡᠭᠰᠡᠨ ᠦᠭᠡᠢ ᠪᠢᠯᠡ᠃ ᠤᠷᠢᠳ᠂ ᠡᠵᠡᠷᠬᠡᠭ ᠦ᠋ᠨ ᠦᠶ᠎ᠡ ᠳ᠋ᠦ᠍ ᠪᠢᠳᠡᠨ ᠦ᠌ ᠴᠡᠷᠢᠭ ᠠᠷᠠᠳ᠂ ᠡᠬᠡ ᠣᠷᠣᠨ ᠤ᠋ ᠪᠠᠨ ᠲᠥᠯᠥᠭᠡ ᠭᠡᠵᠦ ᠳᠠᠢᠰᠤᠨ ᠲᠠᠢ ᠬᠠᠯᠠᠭᠤᠨ ᠠᠮᠢ᠂ ᠪᠦᠯᠢᠶᠡᠨ ᠴᠢᠰᠤ ᠪᠠᠨ ᠬᠠᠢᠷᠠᠯᠠᠯ ᠦᠭᠡᠢ ᠳᠠᠢᠳᠤᠵᠤ ᠪᠠᠢᠭᠰᠠᠨ ᠲᠡᠷᠡ ᠡᠬᠡ ᠣᠷᠣᠨ ᠮᠠᠨᠢ᠂ ᠴᠡᠷᠢᠭ ᠪᠢᠳᠡᠨ ᠳ᠋ᠡᠭᠡᠨ( ᠳ᠋ᠦ᠍ ᠪᠡᠨ) ᠨᠦᠨᠵᠢᠭ ᠦᠭᠡᠢ ᠬᠠᠲᠠᠭᠤ ᠰᠡᠳᠬᠢᠯᠲᠦ ᠬᠣᠢᠲᠤ ᠡᠬᠡ ᠶ᠋ᠢᠨ ᠴᠢᠷᠠᠢ ᠴᠢᠷᠠᠢᠯᠠᠵᠤ᠂ ᠡᠵᠡᠷᠬᠡᠭ ᠦ᠋ᠨ ᠲᠡᠷᠡ ᠦᠶ᠎ᠡ ᠳ᠋ᠦ᠍ ᠬᠠᠷᠠᠴᠤ ᠠᠷᠠᠳ ᠪᠢᠳᠡᠨ ᠳ᠋ᠦ᠍ ᠬᠦᠢᠲᠡᠨ ᠡᠯᠢᠭᠡ ᠲᠡᠢ᠂ ᠨᠣᠶᠠᠳ ᠤ᠋ᠨ ᠡᠬᠡ ᠣᠷᠣᠨ ᠪᠠᠢᠭᠰᠠᠨ ᠪᠠᠢᠵᠠᠢ᠃ ᠪᠢᠳᠡᠨ ᠦ᠌ ᠴᠡᠷᠢᠭ ᠦ᠋ᠳ ᠬᠤᠵᠢᠷᠪᠤᠯᠤᠩ ᠳ᠋ᠤ᠌ ᠮᠠᠨᠵᠤ ᠶ᠋ᠢᠨ ᠳᠠᠷᠤᠩᠭᠤᠢ ᠴᠡᠷᠢᠭ ᠦ᠋ᠨ ᠳᠤᠲᠠᠭᠤ ᠪᠠᠷᠢᠭᠰᠠᠨ ᠰᠢᠪᠡᠷ ᠬᠤᠸᠠᠷᠠᠨ ᠳ᠋ᠤ᠌ ᠰᠠᠭᠤᠵᠤ ᠪᠠᠢᠭᠰᠠᠨ ᠪᠠᠢᠯ᠎ᠠ᠃ ᠲᠡᠷᠡ ᠬᠤᠸᠠᠷᠠᠨ ᠳ᠋ᠤ᠌ ᠴᠣᠩᠬᠣ ᠬᠠᠭᠠᠯᠭ᠎ᠠ ᠦᠭᠡᠢ᠂ ᠣᠩᠭᠣᠷᠬᠠᠢ ᠵᠠᠳᠠᠭᠠᠢ᠂ ᠱᠠᠯᠠ ᠠᠲᠠᠷ ᠭᠡᠵᠦ ᠪᠠᠢᠳᠠᠭ ᠦᠭᠡᠢ᠃ ᠠᠲᠠᠷ ᠲᠠᠭᠠᠵᠠ ᠶ᠋ᠢᠨ ᠣᠷᠣᠨ ᠳ᠋ᠤ᠌ ᠳᠡᠭᠡᠷ᠎ᠡ ᠡᠴᠡ ᠪᠡᠨ ᠤᠷᠠᠩᠬᠠᠢ ᠨᠠᠪᠲᠠᠰᠤ ᠴᠠᠭᠠᠰᠤ ᠤᠨᠵᠢᠢᠵᠤ ᠪᠠᠢᠳᠠᠭ ᠰᠠᠨ᠃
ᠡᠪᠦᠯ ᠦ᠋ᠨ ᠰᠢᠭᠤᠷᠭᠠᠨ ᠢ᠋ᠶ᠋ᠠᠷ ᠪᠢᠳᠡᠨ ᠦ᠌ ᠲᠡᠷᠡ ᠬᠤᠸᠠᠷᠠᠨ ᠳ᠋ᠤ᠌ ᠡᠭᠦᠳᠡ ᠬᠠᠭᠠᠯᠭᠠᠨ ᠤ᠋ ᠣᠩᠭᠣᠷᠬᠠᠢ ᠪᠠᠷ ᠴᠠᠰᠤᠨ ᠬᠤᠩᠭᠠᠷ ᠲᠣᠭᠲᠠᠵᠤ᠂ ᠡᠪᠦᠯ᠂ ᠪᠢᠳᠡᠨ ᠦ᠌ ᠬᠤᠪᠴᠠᠰᠤ ᠬᠤᠨᠠᠷ ᠲᠤ᠌ ᠪᠠᠢᠳᠠᠭ ᠪᠥᠭᠡᠰᠦ ᠬᠢᠭᠤᠷᠰᠤ ᠬᠦᠷᠲᠡᠯ᠎ᠡ ᠲᠠᠰᠤ ᠬᠥᠯᠳᠡᠵᠦ ᠠᠯᠠᠭ᠎ᠠ ᠪᠣᠯᠳᠠᠭ ᠰᠠᠨ᠃ ᠴᠠᠯᠢᠩ ᠭᠡᠪᠡᠯ᠂ ᠪᠢᠳᠡ ᠰᠠᠷ᠎ᠠ ᠶ᠋ᠢᠨ3 ᠤᠯᠠᠭᠠᠨ ᠮᠥᠩᠭᠥ ᠶ᠋ᠢᠨ ᠴᠠᠯᠢᠩ ᠲᠠᠢ᠃ ᠬᠣᠭᠣᠯᠠ ᠭᠡᠪᠡᠯ᠂ ᠬᠥᠭᠴᠦᠷᠡᠭᠰᠡᠨ ᠬᠤᠷᠤᠳ᠂ ᠰᠠᠢᠨ ᠠᠢᠯ ᠤ᠋ᠨ ᠨᠣᠬᠠᠢ ᠰᠢᠩᠰᠢᠮ ᠦᠭᠡᠢ ᠢᠮᠠᠭᠠᠨ ᠤ᠋ ᠵᠣᠪᠠᠯᠭ᠎ᠠ᠂ ᠡᠯᠵᠢᠭᠡᠨ ᠦ᠌ ᠮᠢᠬ᠎ᠠ᠂《ᠶᠠᠰᠤᠨ ᠰᠢᠳᠦ ᠤᠨᠠᠭ᠎ᠠ ᠲᠠᠢ᠂ ᠢᠮᠠᠭᠠᠨ ᠤ᠋ ᠮᠢᠬᠠᠨ ᠢᠳᠡᠰᠢ ᠲᠡᠢ》 ᠭᠡᠵᠦ ᠨᠡᠷᠡᠲᠡᠢ ᠪᠠᠢᠯ᠎ᠠ᠃ ᠬᠤᠢᠬᠠᠯᠠᠭᠰᠠᠨ ᠬᠣᠨᠢᠨ ᠤ᠋ ᠰᠢᠭᠢᠷ᠎ᠡ᠂ ᠪᠢᠳᠡᠨ ᠳ᠋ᠦ᠍ ᠣᠯᠳᠠᠰᠢ ᠦᠭᠡᠢ ᠰᠠᠢᠬᠠᠨ ᠬᠣᠭᠣᠯᠠ ᠪᠠᠢᠳᠠᠭ ᠰᠠᠨ᠃ ᠲᠡᠷᠡ ᠮᠥᠷᠲᠡᠭᠡᠨ᠂ ᠡᠳᠦᠷ ᠪᠦᠷᠢ ᠬᠥᠮᠦᠨ ᠪᠦᠷᠢ ᠳ᠋ᠦ᠍ ᠣᠯᠳᠠᠳᠠᠭ ᠦᠭᠡᠢ ᠰᠢᠭᠢᠷ᠎ᠡ ᠪᠠᠢᠯ᠎ᠠ᠃ ᠴᠢᠯᠥᠭᠡᠨ ᠦ᠌ ᠬᠠᠭᠤᠳᠠᠰᠤ ᠪᠠᠷ ᠬᠦᠷᠢᠶ᠎ᠡ ᠣᠷᠣᠵᠤ᠂ ᠪᠠᠶᠠᠨ ᠠᠢᠯ ᠤ᠋ᠨ ᠢᠳᠡᠰᠢᠨ ᠦ᠌ ᠮᠢᠬ᠎ᠠ ᠵᠠᠬ᠎ᠠ ᠠ᠋ᠴᠠ ᠡᠭᠦᠷᠴᠦ᠂ ᠬᠦᠷᠢᠶᠡᠨ ᠦ᠌ ᠠᠢᠯ ᠤ᠋ᠨ ᠲᠦᠯᠡᠭᠡ ᠬᠠᠭᠠᠯᠵᠤ᠂ ᠬᠠᠰᠢᠶ᠎ᠠ ᠴᠡᠪᠡᠷᠯᠡᠵᠦ᠂ ᠬᠣᠨᠢᠨ ᠤ᠋ ᠰᠢᠭᠢᠷ᠎ᠡ ᠲᠣᠯᠣᠭᠠᠢ ᠣᠯᠵᠤ ᠢᠳᠡᠳᠡᠭ ᠪᠠᠢᠯ᠎ᠠ᠃
ᠮᠠᠨ ᠤ᠋ ᠳᠠᠷᠤᠭ᠎ᠠ ᠨᠠᠷ ᠤ᠋ᠨ ᠳᠣᠲᠣᠷ᠎ᠠ ᠠ᠋ᠴᠠ ᠮᠣᠣᠷᠠᠩᠭᠡ ᠭᠡᠳᠡᠭ ᠨᠢᠭᠡ ᠵᠠᠩᠵᠤᠨ᠂ ᠪᠢ ᠲᠡᠭᠦᠨ ᠢ᠋ ᠰᠡᠭᠦᠯ ᠳ᠋ᠦ᠍ ᠪᠠᠰᠠ ᠶᠠᠷᠢᠵᠤ ᠥᠭᠭᠦᠨ᠎ᠡ᠃ ᠲᠡᠷᠡ ᠬᠥᠮᠦᠨ ᠪᠢᠳᠡᠨ ᠦ᠌ ᠴᠡᠷᠢᠭ ᠦ᠋ᠨ ᠬᠣᠭᠣᠯᠠ ᠰᠠᠢᠵᠢᠷᠠᠭᠤᠯᠵᠤ ᠥᠭᠭᠦᠨ᠎ᠡ ᠤᠤ? ᠭᠡᠵᠦ ᠭᠤᠶᠤᠬᠤ ᠳ᠋ᠤ᠌᠂ ᠮᠠᠭᠤ ᠨᠣᠬᠠᠢ ᠲᠠ ᠨᠠᠷ ᠢ᠋ ᠮᠢᠩᠭᠠᠨ ᠡᠳᠦᠷ ᠲᠡᠵᠢᠭᠡᠵᠦ᠂ ᠭᠠᠭᠴᠠ ᠡᠳᠦᠷ ᠦ᠋ᠨ ᠲᠡᠢᠨ ᠳ᠋ᠦ᠍ ᠬᠡᠷᠡᠭᠯᠡᠳᠡᠭ ᠶᠦᠮ ᠰᠢᠦ᠃ ᠲᠠ ᠨᠠᠷ ᠲᠤ᠌ ᠳᠤᠷ᠎ᠠ ᠪᠠᠷ ᠴᠢᠨᠢ ᠢᠳᠡᠭᠦᠯᠬᠦ ᠬᠣᠭᠣᠯᠠ ᠠᠯᠠᠭ᠎ᠠ ᠭᠡᠵᠦ ᠪᠠᠢᠳᠠᠭ ᠰᠠᠨ ᠪᠢᠯᠡ᠃
ᠪᠢᠳᠡ ᠴᠠᠭᠠᠨ ᠰᠠᠷ᠎ᠠ ᠪᠠᠷ ᠴᠢᠯᠥᠭᠡᠨ ᠦ᠌ ᠪᠢᠴᠢᠭ ᠣᠯᠵᠤ ᠬᠦᠷᠢᠶ᠎ᠡ ᠣᠷᠣᠭᠠᠳ᠂ ᠵᠢᠯ ᠦ᠋ᠨ ᠲᠤᠤᠱᠲᠠ ᠬᠠᠰᠢᠶ᠎ᠠ ᠬᠣᠷᠢᠶ᠎ᠠ ᠶ᠋ᠢ ᠨᠢ ᠴᠡᠪᠡᠷᠯᠡᠵᠦ᠂ ᠲᠦᠯᠡᠭᠡ ᠶ᠋ᠢ ᠨᠢ ᠬᠠᠭᠠᠯᠵᠤ ᠪᠠᠢᠭᠰᠠᠨ ᠠᠢᠯ ᠳ᠋ᠠᠭᠠᠨ( ᠳ᠋ᠤ᠌ ᠪᠠᠨ) ᠣᠷᠣᠬᠤ ᠳ᠋ᠠᠭᠠᠨ( ᠳ᠋ᠤ᠌ ᠪᠠᠨ)᠂ ᠵᠢᠯ ᠳ᠋ᠡᠭᠡᠨ( ᠳ᠋ᠦ᠍ ᠪᠡᠨ)ᠨᠢᠭᠡ ᠤᠳᠠᠭ᠎ᠠ ᠰᠢᠬᠢᠷ ᠪᠤᠷᠠᠮ ᠤ᠋ᠨ ᠠᠮᠲᠠ ᠠᠮᠰᠠᠵᠤ ᠦᠵᠡᠳᠡᠭ ᠪᠠᠢᠯ᠎ᠠ᠃ ᠴᠠᠭᠠᠨ ᠲᠠᠯᠬ᠎ᠠ ᠭᠡᠭᠴᠢ ᠶ᠋ᠢᠨ ᠴᠣᠬᠣᠮ ᠬᠦ᠌ ᠠᠮᠲᠠ ᠶ᠋ᠢ ᠪᠢ ᠬᠤᠪᠢᠰᠬᠠᠯ ᠠ᠋ᠴᠠ ᠬᠣᠢᠰᠢ ᠰᠠᠶᠢ ᠯᠠ ᠣᠯᠵᠤ ᠮᠡᠳᠡᠭᠰᠡᠨ ᠪᠢᠯᠡ᠃ ᠲᠡᠭᠡᠬᠦ ᠳ᠋ᠦ᠍᠂ ᠲᠠ ᠨᠠᠷ ᠢ᠋ ᠦᠵᠡᠬᠦ ᠳ᠋ᠦ᠍ ᠴᠠᠭᠠᠨ ᠲᠠᠯᠬ᠎ᠠ ᠡᠳᠦᠷ ᠳᠣᠳᠣᠮ ᠢᠳᠡᠳᠡᠭ ᠢ᠋ᠶ᠋ᠡᠷ ᠪᠠᠷᠠᠬᠤ ᠦᠭᠡᠢ᠂ ᠪᠠᠰᠠ ᠲᠣᠰᠣ ᠲᠠᠢ᠂ ᠰᠢᠬᠢᠷ ᠲᠡᠢ ᠢᠳᠡᠳᠡᠭ ᠶᠦᠮ ᠰᠢᠪ ᠳᠡ᠃ ᠮᠥᠨ ᠴᠦ᠍ ᠰᠠᠢᠬᠠᠨ ᠪᠠᠢᠳᠠᠭ ᠶᠤᠮ ᠪᠠᠢᠨ᠎ᠠ ᠳᠠ᠂ ᠲᠠ ᠨᠠᠷ᠃ ᠲᠠ ᠨᠠᠷ ᠤ᠋ᠨ ᠡᠴᠢᠭᠡ ᠡᠪᠦᠭᠡ ᠶ᠋ᠢᠨ ᠲᠡᠮᠡᠴᠡᠨ ᠣᠯᠵᠤ ᠠᠪᠤᠭᠰᠠᠨ ᠡᠬᠡ ᠣᠷᠣᠨ ᠲᠠᠨᠢ ᠲᠠ ᠪᠦᠭᠦᠳᠡ ᠶ᠋ᠢ ᠶᠡᠬᠡᠯ᠎ᠡ(ᠶᠡᠬᠡ ᠯᠡ) ᠡᠩᠬᠦᠷᠡᠢᠯᠡᠵᠦ᠂ ᠡᠷᠬᠡ ᠵᠢᠷᠭᠠᠯ ᠢ᠋ᠶ᠋ᠠᠷ ᠲᠠᠨᠢ ᠪᠠᠢᠯᠭᠠᠳᠠᠭ ᠰᠠᠢᠬᠠᠨ ᠶᠤᠮ ᠪᠠᠢᠨ᠎ᠠ ᠳᠠ᠃ ᠤᠷᠢᠳᠤ ᠶ᠋ᠢᠨ ᠰᠡᠴᠡᠨ ᠦᠭᠡᠨ ᠳ᠋ᠦ᠍᠂ ᠦᠨᠡᠨ ᠦᠭᠡ ᠬᠡᠯᠡᠭᠰᠡᠨ ᠬᠥᠮᠦᠨ ᠳ᠋ᠦ᠍ ᠨᠣᠶᠠᠨ ᠳᠤᠷ᠎ᠠ ᠦᠭᠡᠢ᠂ ᠦᠬᠡᠷ ᠤᠨᠤᠭᠰᠠᠨ ᠬᠥᠮᠦᠨ ᠳ᠋ᠦ᠍ ᠨᠣᠬᠠᠢ ᠳᠤᠷ᠎ᠠ ᠦᠭᠡᠢ ᠭᠡᠳᠡᠭ ᠰᠠᠨ᠃ ᠲᠠ ᠨᠠᠷ ᠨᠣᠶᠠᠨ ᠪᠢᠰᠢ ᠪᠣᠯᠬᠣᠷ᠂ ᠦᠨᠡᠨ ᠦᠭᠡ ᠬᠡᠯᠡᠪᠡᠯ ᠡᠪᠦᠭᠡᠨ ᠪᠤᠭᠤᠷᠤᠯ ᠨᠠᠳᠠᠳᠤ(ᠨᠠᠳᠠ ᠳ᠋ᠤ᠌) ᠠᠭᠤᠷᠯᠠᠬᠤ ᠦᠭᠡᠢ ᠪᠠᠢᠯ ᠦᠭᠡᠢ ᠳᠡ ᠭᠡᠵᠦ ᠬᠡᠯᠡᠭᠡᠳ ᠲᠦᠷ ᠦᠭᠡ ᠶ᠋ᠢ ᠵᠠᠪᠰᠠᠷᠯᠠᠰᠬᠢᠨ᠂ ᠰᠢᠳᠤᠷᠭᠤ ᠰᠢᠯᠤᠭᠤᠨ ᠰᠡᠳᠬᠢᠯᠲᠦ ᠡᠨᠡ ᠮᠠᠯᠴᠢᠨ ᠡᠪᠦᠭᠡᠨ ᠪᠢᠳᠡᠨ ᠳ᠋ᠦ᠍ ᠶᠠᠮᠠᠷ ᠬᠠᠲᠠᠭᠤ ᠦᠨᠡᠨ ᠦᠭᠡ ᠬᠡᠯᠡᠬᠦ ᠶᠦᠮ ᠪᠣᠯ? ᠭᠡᠵᠦ ᠰᠢᠷᠲᠡᠯᠬᠢᠯᠡᠨ ᠬᠠᠷᠠᠵᠤ ᠪᠠᠢᠭ᠎ᠠ ᠵᠠᠯᠠᠭᠤ ᠴᠡᠷᠢᠭ ᠦ᠋ᠳ ᠢ᠋ ᠬᠠᠷᠠᠭᠠᠳ ᠥᠭᠦᠯᠡᠷᠦᠨ᠂
— ᠮᠠᠨ ᠤ᠋ ᠠᠷᠠᠳ ᠤ᠋ᠨ ᠰᠡᠴᠡᠨ ᠦᠭᠡᠨ ᠳ᠋ᠦ᠍ ᠲᠤᠩ ᠣᠨᠣᠪᠴᠢᠲᠠᠢ ᠮᠡᠷᠭᠡᠨ ᠦᠭᠡ ᠣᠯᠠᠨ ᠪᠣᠢ᠂ ᠲᠡᠭᠦᠨ ᠦ᠌ ᠨᠢᠭᠡ ᠶ᠋ᠢ ᠪᠢ ᠲᠠ ᠨᠠᠷ ᠲᠤ᠌ ᠰᠠᠨᠠᠭᠤᠯᠤᠨ ᠬᠡᠯᠡᠬᠦ ᠰᠠᠨᠠᠭ᠎ᠠ ᠲᠠᠢ᠃ ᠲᠠ ᠨᠠᠷ ᠤᠷᠢᠳ ᠡᠮᠦᠨ᠎ᠡ ᠭᠡᠷ ᠲᠡᠭᠡᠨ ᠪᠠᠢᠬᠤ ᠳ᠋ᠠᠭᠠᠨ( ᠳ᠋ᠤ᠌ ᠪᠠᠨ) ᠰᠣᠨᠣᠰᠤᠭᠰᠠᠨ ᠴᠤ᠌ ᠪᠠᠢᠵᠤ ᠶᠠᠭᠤᠨ ᠮᠠᠭᠠᠳ᠃ ᠥᠯᠥᠰᠬᠦ ᠳ᠋ᠦ᠍ ᠥᠯ ᠪᠤᠭᠤ ᠶ᠋ᠢᠨ ᠡᠪᠡᠷ ᠠᠮᠲᠠᠲᠠᠢ᠂ ᠴᠠᠳᠬᠤ ᠳ᠋ᠤ᠌ ᠴᠠᠭᠠᠨ ᠬᠤᠷᠠᠭ᠎ᠠ ᠶ᠋ᠢᠨ ᠰᠡᠭᠦᠯ ᠭᠠᠰᠢᠭᠤᠨ ᠭᠡᠳᠡᠭ ᠨᠢᠭᠡ ᠦᠭᠡ ᠪᠣᠢ᠃ ᠪᠢ ᠰᠠᠢ᠍ᠢ ᠲᠠ ᠨᠠᠷ ᠤ᠋ᠨ ᠬᠣᠭᠣᠯᠠ ᠬᠢᠳᠡᠭ᠂ ᠢᠳᠡᠳᠡᠭ ᠭᠠᠵᠠᠷ ᠢ᠋ᠶ᠋ᠠᠷ ᠣᠷᠣᠵᠤ ᠦᠵᠡᠯ᠎ᠡ᠃ ᠴᠠᠭᠠᠨ ᠲᠠᠯᠬ᠎ᠠ ᠶᠣᠣᠲᠠᠩ ᠢ᠋ᠶ᠋ᠠᠨ ᠪᠠᠷᠠᠵᠤ ᠶᠠᠳᠠᠭᠠᠳ᠂ ᠬᠠᠮᠢᠶ᠎ᠠ ᠦᠭᠡᠢ ᠶᠡᠬᠡᠯ᠎ᠡ(ᠶᠡᠬᠡ ᠯᠡ) ᠬᠠᠶᠠᠳᠠᠭ ᠤᠯᠤᠰ ᠪᠠᠢᠨ᠎ᠠ ᠰᠢᠦ᠂ ᠲᠠ ᠨᠠᠷ ᠮᠢᠨᠢ᠃ ᠵᠠᠷᠢᠮ ᠵᠦᠰᠦᠮ ᠲᠠᠯᠬ᠎ᠠ ᠶ᠋ᠢ ᠦᠵᠡᠬᠦ ᠳ᠋ᠦ᠍᠂ ᠭᠣᠣᠯ ᠠ᠋ᠴᠠ ᠨᠢ ᠣᠭᠣᠲᠣᠨ᠎ᠠ ᠢᠳᠡᠭᠰᠡᠨ ᠶᠦᠮ ᠰᠢᠭ ᠤᠬᠤᠵᠤ ᠣᠷᠬᠢᠭᠠᠳ᠂ ᠬᠣᠷᠣᠬᠠᠢ ᠬᠦᠷᠦᠮ᠎ᠡ ᠠᠮᠲᠠ ᠲᠠᠢ ᠰᠠᠢᠬᠠᠨ ᠰᠢᠷᠠᠭᠳᠠᠭᠰᠠᠨ ᠬᠠᠯᠢᠰᠤ ᠶ᠋ᠢ ᠬᠠᠶᠠᠵᠤ ᠣᠷᠬᠢᠭᠰᠠᠨ ᠬᠥᠮᠦᠨ ᠣᠯᠠᠨ ᠪᠠᠢᠳᠠᠭ ᠶᠤᠮ ᠪᠠᠢᠨ᠎ᠠ᠃
ᠠᠰᠠᠭᠤᠭᠠᠳ ᠦᠵᠡᠪᠡᠯ᠂ ᠭᠠᠭᠴᠠ ᠡᠨᠡ ᠤᠳᠠᠭ᠎ᠠ ᠴᠤ᠌ ᠪᠢᠰᠢ᠂ ᠶᠡᠷᠦ ᠡᠳᠦᠷ ᠪᠦᠷᠢ ᠡᠢᠮᠦᠷᠬᠦ ᠪᠠᠢᠳᠠᠭ ᠶᠤᠮ ᠪᠠᠢᠨ᠎ᠠ ᠭᠡᠵᠦ ᠡᠪᠦᠭᠡᠨ ᠦ᠌ ᠬᠡᠯᠡᠬᠦ ᠳ᠋ᠦ᠍ ᠨᠢᠭᠡ ᠴᠡᠷᠢᠭ᠂
— ᠲᠡᠷᠡ ᠪᠣᠯᠪᠠᠯ ᠮᠠᠨ ᠤ᠋ ᠨᠣᠷᠮ᠎ᠠ ᠰᠢᠦ ᠳᠡ᠃ ᠢᠳᠡᠭᠰᠡᠨ ᠴᠦ᠍᠂ ᠪᠠᠢᠭᠰᠠᠨ ᠴᠤ᠌ ᠬᠠᠮᠢᠶ᠎ᠠ ᠶᠠᠭᠤ? ᠭᠡᠬᠦ ᠳ᠋ᠦ᠍᠂ ᠡᠪᠦᠭᠡᠨ ᠮᠠᠯᠴᠢᠨ᠂ ᠪᠤᠭᠤᠷᠤᠯ ᠬᠥᠮᠥᠰᠬᠡ ᠪᠡᠨ ᠠᠲᠤᠷᠢᠭᠤᠯᠤᠨ᠂
— ᠲᠠᠯᠬ᠎ᠠ ᠪᠠᠨ ᠤᠭᠠᠳᠠᠰᠤᠨ ᠳ᠋ᠤ᠌ ᠬᠠᠶᠠᠬᠤ ᠲᠡᠢᠮᠦ ᠨᠣᠷᠮ᠎ᠠ ᠪᠠᠢᠵᠤ ᠪᠣᠯᠬᠤ ᠦᠭᠡᠢ᠃ ᠤᠯᠤᠰ ᠠ᠋ᠴᠠ ᠲᠠ ᠪᠦᠬᠦᠨ ᠳ᠋ᠦ᠍ ᠴᠠᠭᠠᠨ ᠲᠠᠯᠬ᠎ᠠ ᠥᠭᠬᠦ ᠳ᠋ᠡᠭᠡᠨ( ᠳ᠋ᠦ᠍ ᠪᠡᠨ)᠂ ᠴᠠᠳᠲᠠᠯ᠎ᠠ ᠪᠠᠨ ᠢᠳᠡᠭᠡᠷᠡᠢ ᠭᠡᠵᠦ ᠥᠭᠭᠦᠭᠰᠡᠨ ᠡᠴᠡ ᠪᠢᠰᠢ᠂ ᠬᠠᠶᠠᠵᠤ ᠲᠣᠭᠯᠠᠭᠠᠷᠠᠢ ᠭᠡᠵᠦ ᠲᠣᠭᠲᠠᠭᠠᠭᠰᠠᠨ ᠨᠣᠷᠮ᠎ᠠ ᠪᠢᠰᠢ ᠪᠠᠢᠬᠤ᠃ ᠮᠢᠨᠦ ᠰᠣᠨᠣᠰᠬᠤ ᠳ᠋ᠤ᠌ ᠠᠮᠧᠷᠢᠺᠠ ᠳ᠋ᠤ᠌ ᠬᠠᠷᠭᠢᠰ ᠬᠥᠷᠥᠩᠭᠡᠲᠡᠨ ᠨᠦ᠍ᠭᠦᠳ ᠲᠠᠯᠬ᠎ᠠ ᠲᠠᠷᠢᠶ᠎ᠠ ᠪᠠᠨ ᠰᠢᠲᠠᠭᠠᠬᠤ ᠶ᠋ᠢ ᠨᠢ ᠰᠢᠲᠠᠭᠠᠵᠤ᠂ ᠬᠠᠶᠠᠬᠤ ᠶ᠋ᠢ ᠨᠢ ᠳᠠᠯᠠᠢ ᠤᠷᠤᠭᠤ ᠬᠠᠶᠠᠵᠤ ᠳᠠᠮᠰᠢᠭᠯᠠᠳᠠᠭ ᠶᠤᠮ ᠭᠡᠨ᠎ᠡ ᠪᠢᠯᠡ᠃ ᠲᠠ ᠨᠠᠷ ᠴᠠᠳᠬᠤ ᠳ᠋ᠠᠭᠠᠨ( ᠳ᠋ᠤ᠌ ᠪᠠᠨ)᠂ ᠳᠠᠯᠠᠢ ᠦᠭᠡᠢ ᠪᠣᠯᠬᠤ ᠪᠠᠷ ᠢ᠋ᠶ᠋ᠠᠨ ᠤᠭᠠᠳᠠᠰᠤ ᠤᠷᠤᠭᠤ ᠪᠠᠨ ᠬᠠᠶᠠᠳᠠᠭ ᠪᠣᠯᠵᠤ ᠪᠠᠢᠭ᠎ᠠ ᠶᠤᠮ ᠪᠢᠵᠡ ᠳᠡ᠂ ᠲᠠ ᠮᠢᠨᠢ᠃ ᠮᠠᠨ ᠤ᠋ ᠤᠯᠤᠰ ᠭᠤᠯᠢᠷ ᠪᠤᠳᠠᠭ᠎ᠠ ᠶ᠋ᠢ ᠬᠣᠯᠪᠣᠭᠠᠲᠤ ᠤᠯᠤᠰ ᠠ᠋ᠴᠠ ᠠᠪᠴᠢᠷᠠᠳᠠᠭ ᠢ᠋ ᠮᠡᠳᠡᠳᠡᠭ ᠤᠤ ᠦᠭᠡᠢ ᠤᠤ? ᠵᠥᠪᠯᠡᠯᠲᠦ ᠶ᠋ᠢᠨ ᠬᠠᠮᠲᠤᠷᠠᠯᠴᠢᠨ ᠠᠷᠠᠳ᠂ ᠲᠠ ᠨᠠᠷ ᠤ᠋ᠨ ᠲᠡᠷᠡ ᠬᠠᠶᠠᠵᠤ ᠪᠠᠢᠳᠠᠭ ᠲᠠᠯᠬᠠᠨ ᠳ᠋ᠤ᠌ ᠣᠷᠣᠬᠤ ᠲᠠᠷᠢᠶ᠎ᠠ ᠪᠤᠳᠠᠭ᠎ᠠ ᠶ᠋ᠢ ᠤᠷᠭᠤᠭᠤᠯᠬᠤ᠂ ᠭᠤᠯᠢᠷ ᠪᠣᠯᠭᠠᠬᠤ ᠭᠡᠵᠦ ᠬᠡᠴᠢᠨᠡᠨ ᠶᠡᠬᠡ ᠬᠦᠴᠦ ᠬᠥᠯᠥᠰᠥ ᠪᠡᠨ ᠭᠠᠷᠭᠠᠳᠠᠭ ᠢ᠋ ᠲᠠ ᠨᠠᠷ ᠪᠣᠳᠣᠳᠠᠭ ᠤᠤ? ᠲᠠ ᠪᠦᠬᠦᠨ ᠦ᠌ ᠡᠴᠢᠭᠡ ᠡᠬᠡ ᠴᠢᠨᠢ᠂ ᠲᠠ ᠨᠠᠷ ᠤ᠋ᠨ ᠲᠡᠭᠡᠵᠦ ᠬᠠᠶᠠᠳᠠᠭ ᠲᠣᠭᠯᠠᠳᠠᠭ ᠲᠠᠯᠬ᠎ᠠ ᠪᠠᠷᠢᠬᠤ ᠭᠤᠯᠢᠷ ᠢ᠋ ᠭᠠᠳᠠᠭᠠᠳᠤ ᠠ᠋ᠴᠠ ᠠᠪᠴᠢᠷᠠᠭᠤᠯᠬᠤ ᠳ᠋ᠤ᠌ ᠥᠭᠬᠦ ᠮᠠᠯ ᠤ᠋ᠨ ᠢ᠋ᠶ᠋ᠠᠨ ᠲᠥᠯ ᠢ᠋ ᠪᠣᠢᠵᠢᠭᠤᠯᠵᠤ ᠠᠪᠬᠤ ᠭᠡᠵᠦ ᠰᠥᠨᠢ ᠨᠣᠢᠷ ᠦᠭᠡᠢ ᠨᠣᠴᠣᠯᠳᠤᠵᠤ᠂ ᠴᠠᠰᠤ ᠰᠢᠭᠤᠷᠭᠠᠨ ᠢ᠋ᠶ᠋ᠠᠷ ᠬᠡᠴᠢᠨᠡᠨ ᠵᠦᠳᠡᠷᠡᠳᠡᠭ ᠢ᠋ ᠪᠣᠳᠣᠳᠠᠭ ᠦᠭᠡᠢ ᠤᠤ? ᠡᠳᠦᠷ ᠳᠣᠳᠣᠮ ᠲᠠ ᠨᠠᠷ ᠤ᠋ᠨ ᠬᠠᠶᠠᠵᠤ ᠴᠢᠯᠠᠭᠤᠳᠠᠳᠠᠭ ᠲᠡᠷᠡ ᠲᠠᠯᠬ᠎ᠠ ᠶ᠋ᠢ ᠲᠠ ᠨᠠᠷ ᠤ᠋ᠨ ᠰᠢᠷᠡᠭᠡᠨ ᠳᠡᠭᠡᠷ᠎ᠡ ᠲᠠᠯᠪᠢᠬᠤ ᠶ᠋ᠢᠨ ᠲᠥᠯᠥᠭᠡ᠂ ᠣᠷᠣᠰ ᠮᠣᠩᠭᠣᠯ ᠬᠡᠴᠢᠨᠡᠭᠡᠨ ᠣᠯᠠᠨ ᠰᠢᠳᠤᠷᠭᠤ ᠵᠢᠳᠬᠦᠯᠳᠦ ᠬᠥᠮᠦᠨ ᠦ᠌ ᠬᠦᠴᠦ ᠬᠥᠳᠡᠯᠮᠦᠷᠢ ᠣᠷᠣᠵᠤ ᠪᠠᠢᠭ᠎ᠠ ᠶ᠋ᠢ ᠬᠣᠷᠣᠮᠬᠠᠨ ᠵᠠᠭᠤᠷ᠎ᠠ ᠴᠤ᠌ ᠭᠡᠰᠡᠨ ᠪᠣᠳᠣᠵᠤ ᠦᠵᠡᠪᠡ ᠤᠤ?
ᠲᠠ ᠨᠥᠬᠥᠳ ᠮᠢᠨᠢ᠂ ᠡᠪᠦᠭᠡᠨ ᠨᠠᠳᠠ ᠪᠠᠷ ᠬᠡᠯᠡᠭᠦᠯᠬᠦ ᠦᠭᠡᠢ ᠮᠡᠳᠡᠳᠡᠭ ᠪᠠᠢᠯ ᠦᠭᠡᠢ ᠶᠠᠭᠠᠬᠢᠬᠤᠪ᠃ ᠣᠳᠣ ᠲᠡᠢᠨ ᠪᠣᠯᠵᠤ ᠪᠠᠢᠭ᠎ᠠ᠃ ᠲᠡᠷᠡ ᠶᠡᠬᠡ ᠲᠡᠢᠨ ᠳ᠋ᠦ᠍ ᠵᠥᠪᠯᠡᠯᠲᠦ ᠶ᠋ᠢᠨ ᠬᠥᠮᠦᠨ ᠠᠷᠠᠳ᠂ ᠲᠠ ᠪᠢᠳᠡᠨ ᠢ᠋ ᠮᠥᠨ ᠬᠠᠮᠠᠭᠠᠯᠠᠨ ᠪᠠᠢᠯᠳᠤᠵᠤ ᠪᠠᠢᠭ᠎ᠠ ᠶ᠋ᠢ ᠮᠡᠳᠡᠵᠦ ᠪᠠᠢᠭ᠎ᠠ ᠪᠠᠢᠯ ᠦᠭᠡᠢ ᠳᠡ᠂ ᠲᠠ ᠮᠢᠨᠢ᠃
ᠡᠪᠦᠭᠡᠨ ᠮᠢᠨᠦ ᠮᠤᠩᠬᠠᠭᠯᠠᠪᠠᠯ᠂ ᠪᠢᠳᠡ ᠵᠥᠪᠯᠡᠯᠲᠦ ᠶ᠋ᠢᠨ ᠠᠷᠠᠳ ᠲᠦᠮᠡᠨ ᠪᠣᠯᠣᠳ ᠲᠡᠭᠦᠨ ᠦ᠌ ᠤᠯᠠᠭᠠᠨ ᠠᠷᠮᠢ ᠳ᠋ᠤ᠌ ᠲᠤᠰᠠᠯᠠᠬᠤ ᠳ᠋ᠠᠭᠠᠨ( ᠳ᠋ᠤ᠌ ᠪᠠᠨ)᠂ ᠪᠢᠳᠡᠨ ᠦ᠌ ᠠᠯᠢ ᠪᠠᠢᠳᠠᠭ ᠢ᠋ᠶ᠋ᠠᠷ ᠢ᠋ᠶ᠋ᠠᠨ ᠲᠤᠰᠠᠯᠠᠳᠠᠭ ᠲᠡᠳᠦᠢᠬᠡᠨ ᠢ᠋ᠶ᠋ᠡᠷ ᠵᠣᠭᠰᠣᠬᠤ ᠦᠭᠡᠢ᠂ ᠪᠠᠰᠠ ᠬᠣᠯᠪᠣᠭᠠᠲᠤ ᠤᠯᠤᠰ ᠠ᠋ᠴᠠ ᠠᠪᠴᠢᠷᠠᠳᠠᠭ ᠶᠠᠭᠤᠮ᠎ᠠ ᠪᠠᠨ ᠬᠦᠷᠲᠡᠯ᠎ᠡ ᠠᠷᠪᠢᠯᠠᠨ ᠬᠡᠮᠨᠡᠵᠦ᠂ ᠠᠯᠢ ᠪᠣᠯᠬᠤ ᠪᠠᠭ᠎ᠠ ᠪᠠᠷ ᠠᠪᠴᠢᠷᠠᠬᠤ ᠪᠣᠯᠤᠨ᠎ᠠ᠂ ᠲᠡᠷᠡ ᠪᠠᠰᠠ ᠯᠠ ᠹᠷᠣᠨᠲ ᠲᠤ᠌ ᠪᠢᠳᠡᠨ ᠦ᠌ ᠲᠤᠰᠠ ᠦᠵᠡᠭᠦᠯᠵᠦ ᠪᠠᠢᠭ᠎ᠠ ᠨᠢᠭᠡ ᠵᠦᠢᠯ ᠪᠣᠯᠤᠨ᠎ᠠ ᠭᠡᠵᠦ ᠪᠢ ᠪᠣᠳᠣᠳᠠᠭ ᠳᠠ᠃ ᠲᠡᠭᠡᠬᠦ ᠳ᠋ᠦ᠍᠂ ᠲᠠ ᠨᠠᠷ ᠡᠳᠦᠷ ᠪᠦᠬᠦᠢ ᠴᠠᠭᠠᠨ ᠲᠠᠯᠬ᠎ᠠ ᠪᠠᠷ ᠲᠣᠭᠯᠠᠭᠠᠮ ᠬᠢᠵᠦ᠂ ᠤᠭᠠᠳᠠᠰᠤ ᠲᠠᠢ ᠬᠠᠶᠠᠬᠤ ᠪᠠᠷ ᠪᠠᠷᠠᠬᠤ ᠦᠭᠡᠢ᠂ ᠵᠠᠷᠢᠮ ᠨᠢᠭᠡ ᠴᠢᠨᠢ ᠪᠠᠰᠠ ᠮᠢᠨᠦ ᠨᠣᠷᠮ᠎ᠠ᠂ ᠢᠳᠡᠭᠰᠡᠨ ᠴᠦ᠍ ᠮᠢᠨᠦ ᠳᠤᠷ᠎ᠠ᠂ ᠢᠳᠡᠭᠡ ᠦᠭᠡᠢ ᠴᠦ᠍ ᠮᠢᠨᠦ ᠳᠤᠷ᠎ᠠ ᠭᠡᠳᠡᠭ ᠪᠠᠢᠨ᠎ᠠ᠃
ᠲᠠ ᠨᠠᠷ ᠲᠤ᠌ ᠲᠡᠭᠡᠵᠦ ᠡᠴᠢᠭᠡ ᠡᠪᠦᠭᠡᠳ ᠠᠬ᠎ᠠ ᠳᠡᠭᠦᠦ ᠨᠠᠷ ᠤ᠋ᠨ ᠬᠦᠴᠦ ᠬᠥᠳᠡᠯᠮᠦᠷᠢ ᠪᠡᠷ ᠲᠣᠭᠯᠠᠭᠠᠮ ᠬᠢᠵᠦ ᠬᠠᠶᠠᠬᠤ ᠡᠷᠬᠡ ᠪᠠᠢᠬᠤ ᠦᠭᠡᠢ ᠪᠠᠢᠬᠤ ᠭᠡᠵᠦ ᠡᠪᠦᠭᠡᠨ ᠦ᠌ ᠬᠡᠯᠡᠬᠦ ᠳ᠋ᠦ᠍᠂ ᠴᠡᠷᠢᠭ ᠪᠦᠭᠦᠳᠡ᠂
— ᠵᠦᠢᠲᠡᠢ᠂ ᠵᠦᠢᠲᠡᠢ᠂ ᠰᠢᠷᠴᠢᠨ ᠭᠤᠸᠠᠢ ᠶ᠋ᠢᠨ ᠦᠭᠡ ᠵᠥᠪ ᠭᠡᠵᠡᠭᠡᠯ᠎ᠡ᠃
— ᠵᠠ᠂ ᠲᠡᠭᠡᠪᠡᠯ᠂ ᠮᠢᠨᠦ ᠰᠠᠨᠠᠭ᠎ᠠ ᠣᠳᠣ ᠲᠠ ᠪᠦᠭᠦᠳᠡ ᠶ᠋ᠢᠨ ᠰᠠᠨᠠᠭ᠎ᠠ ᠲᠠᠢ ᠨᠡᠢᠯᠡᠯ᠎ᠡ ᠭᠡᠵᠦ ᠡᠪᠦᠭᠡᠨ ᠦ᠌ ᠢᠨᠢᠶᠡᠮᠰᠦᠭᠯᠡᠬᠦ ᠳ᠋ᠦ᠍᠂ ᠪᠤᠭᠤᠷᠤᠯ ᠬᠥᠮᠥᠰᠬᠡ ᠶ᠋ᠢᠨ ᠳᠣᠣᠷᠠᠬᠢ ᠨᠢᠳᠦᠨ ᠦ᠌ ᠬᠢᠨᠢ ᠬᠠᠷᠠᠴᠠ ᠳᠤᠯᠠᠭᠠᠨ ᠪᠣᠯᠤᠯ᠎ᠠ᠃ ᠲᠡᠭᠡᠭᠡᠳ᠂ ᠡᠪᠦᠭᠡᠨ ᠥᠭᠦᠯᠡᠷᠦᠨ᠂ ᠴᠠᠭᠠᠰᠤ ᠨᠢᠮᠭᠡᠨ ᠪᠣᠯᠪᠠᠴᠤ ᠴᠢᠴᠢᠬᠦ ᠡᠴᠡ ᠨᠠᠭᠠᠰᠢ᠂ ᠬᠥᠮᠦᠨ ᠰᠡᠴᠡᠨ ᠪᠣᠯᠪᠠᠴᠤ ᠬᠡᠯᠡᠬᠦ ᠡᠴᠡ ᠨᠠᠭᠠᠰᠢ ᠭᠡᠵᠦ ᠬᠠᠭᠤᠴᠢᠨ ᠤ᠋ ᠦᠭᠡᠨ ᠳ᠋ᠦ᠍ ᠪᠠᠢᠳᠠᠭ ᠪᠢᠯᠡ᠃ ᠬᠡᠦᠬᠡᠳ ᠲᠠ ᠨᠠᠷ ᠬᠥᠮᠦᠨ ᠦ᠌ ᠬᠦᠴᠦ ᠬᠥᠳᠡᠯᠮᠦᠷᠢ ᠶ᠋ᠢ ᠬᠦᠨᠳᠦᠳᠬᠡᠨ ᠦᠵᠡᠬᠦ ᠶᠣᠰᠣᠲᠠᠢ ᠭᠡᠳᠡᠭ ᠢ᠋ ᠰᠠᠨᠠᠭᠤᠯᠤᠨ ᠬᠡᠯᠡᠶ᠎ᠡ᠃ ᠠᠷᠠᠳ ᠤ᠋ᠨ ᠴᠡᠷᠢᠭ ᠦ᠋ᠨ ᠬᠥᠮᠦᠨ ᠭᠡᠵᠦ ᠪᠡᠶ᠎ᠡ ᠪᠡᠨ ᠪᠣᠳᠣᠵᠤ ᠶᠠᠪᠤᠬᠤ ᠬᠡᠷᠡᠭᠲᠡᠢ ᠪᠢᠰᠢ ᠤᠤ᠃ ᠵᠥᠪᠯᠡᠯᠲᠦ ᠶ᠋ᠢᠨ ᠬᠥᠮᠦᠨ ᠠᠷᠠᠳ ᠠ᠋ᠴᠠ ᠦᠯᠢᠭᠡᠷ ᠵᠢᠱ᠌ᠢᠶ᠎ᠡ ᠠᠪᠴᠤ ᠶᠠᠪᠤᠬᠤ ᠬᠡᠷᠡᠭᠲᠡᠢ᠃ ᠲᠦᠮᠡᠨ ᠠᠷᠠᠳ ᠤ᠋ᠨ ᠡᠷᠬᠡ ᠵᠢᠷᠭᠠᠯ ᠢ᠋ ᠰᠠᠬᠢᠨ ᠬᠠᠮᠠᠭᠠᠯᠠᠬᠤ ᠤᠯᠠᠭᠠᠨ ᠴᠡᠷᠢᠭ ᠡᠴᠡ ᠦᠯᠢᠭᠡᠷ ᠵᠢᠱ᠌ᠢᠶ᠎ᠡ ᠠᠪᠬᠤ ᠶᠣᠰᠣᠲᠠᠢ᠂ ᠲᠠ ᠨᠠᠷ᠃ ᠤᠯᠤᠰ ᠠᠷᠠᠳ ᠤ᠋ᠨ ᠲᠠ ᠨᠠᠷ ᠲᠤ᠌ ᠥᠭᠭᠦᠭᠰᠡᠨ ᠬᠤᠷᠴᠠ ᠵᠡᠪᠰᠡᠭ ᠲᠦ᠍ ᠡᠵᠡᠨ ᠪᠣᠯᠵᠤ᠂ ᠡᠷ᠎ᠡ ᠴᠡᠷᠢᠭ ᠦ᠋ᠨ ᠡᠷᠳᠡᠮ ᠳ᠋ᠦ᠍ ᠨᠡᠪᠲᠡᠷᠬᠡᠢ ᠪᠣᠯᠬᠤ ᠶ᠋ᠢ ᠰᠢᠮᠳᠠᠨ ᠬᠢᠴᠢᠶᠡᠭᠡᠷᠡᠢ ᠲᠠ ᠮᠢᠨᠢ᠃ ᠨᠠᠮ᠎ᠠ ᠶ᠋ᠢ ᠴᠡᠷᠢᠭ ᠲᠦ᠍ ᠶᠠᠪᠤᠬᠤ ᠮᠢᠨᠦ ᠵᠠᠯᠠᠭᠤ ᠶ᠋ᠢᠨ ᠴᠠᠭ ᠲᠤ᠌ ᠪᠢᠳᠡᠨ ᠦ᠌ ᠴᠡᠷᠢᠭ ᠡᠷᠡᠰ᠂ ᠲᠠ ᠨᠠᠷ ᠤ᠋ᠨ ᠣᠳᠣ ᠶ᠋ᠢᠨ ᠵᠡᠪᠰᠡᠭ ᠰᠢᠭ ᠵᠡᠪᠰᠡᠭ ᠲᠡᠢ ᠪᠣᠯᠬᠤ ᠶ᠋ᠢ ᠵᠡᠭᠦᠳᠦᠯᠡᠵᠦ ᠴᠦ᠍ ᠦᠵᠡᠭᠡ ᠦᠭᠡᠢ ᠪᠠᠢᠭᠰᠠᠨ ᠪᠢᠯᠡ᠃ ᠪᠢᠳᠡᠨ ᠦ᠌ ᠴᠡᠷᠢᠭ᠂ ᠵᠡᠭᠦᠨ ᠡᠮᠦᠨ᠎ᠡ ᠵᠦᠭ ᠲᠦ᠍ ᠬᠠᠷ᠎ᠠ ᠴᠡᠷᠢᠭ ᠲᠡᠢ ᠪᠠᠢᠯᠳᠤᠬᠤ ᠳ᠋ᠠᠭᠠᠨ ( ᠳ᠋ᠤ᠌ ᠪᠠᠨ )᠂ ᠶᠡᠬᠡᠯ᠎ᠡ( ᠶᠡᠬᠡ ᠯᠡ) ᠵᠡᠪᠰᠡᠭ ᠮᠠᠭᠤ ᠲᠠᠢ ᠪᠠᠢᠵᠤ ᠪᠢᠯᠡ᠃ ᠲᠠ ᠨᠠᠷ᠂ ᠬᠠᠷ᠎ᠠ ᠴᠡᠷᠢᠭ ᠭᠡᠵᠦ ᠴᠣᠬᠣᠮ ᠶᠠᠭᠤ ᠬᠡᠯᠡᠳᠡᠭ ᠢ᠋ ᠰᠣᠨᠣᠰᠤᠭ᠎ᠠ ᠦᠭᠡᠢ ᠪᠠᠢᠬᠤ᠃ ᠬᠢᠲᠠᠳ ᠤ᠋ᠨ ᠬᠠᠷᠭᠢᠰ ᠴᠡᠷᠢᠭ ᠦ᠋ᠨ ᠡᠷᠬᠡᠲᠡᠨ ᠦ᠌ ᠴᠡᠷᠢᠭ ᠢ᠋ ᠪᠢᠳᠡ ᠬᠠᠷ᠎ᠠ ᠴᠡᠷᠢᠭ ᠭᠡᠳᠡᠭ ᠪᠠᠢᠯ᠎ᠠ᠃ ᠲᠡᠷᠡ ᠴᠠᠭ ᠲᠤ᠌ ᠬᠠᠷ᠎ᠠ ᠴᠡᠷᠢᠭ ᠲᠡᠢ ᠳᠠᠢᠳᠤᠵᠤ ᠶᠠᠪᠤᠬᠤ ᠳ᠋ᠤ᠌᠂ ᠪᠢᠳᠡᠨ ᠦ᠌ ᠵᠡᠪᠰᠡᠭ ᠬᠡᠷᠡᠭᠯᠡᠯ ᠪᠠᠭᠤᠷᠠᠢ᠂ ᠨᠢᠮᠭᠡᠨ᠂ ᠰᠤᠮᠤ ᠶᠡᠬᠡ ᠬᠣᠪᠣᠷ᠂ ᠵᠠᠷᠢᠮ ᠦᠶ᠎ᠡ ᠳ᠋ᠦ᠍ ᠬᠥᠮᠦᠨ ᠦ᠌ ᠭᠤᠷᠪᠠ ᠳᠥᠷᠪᠡᠨ ᠰᠤᠮᠤ ᠲᠠᠢ ᠪᠣᠯᠬᠤ ᠦᠶ᠎ᠡ ᠴᠦ᠍ ᠳᠠᠭᠠᠷᠢᠯᠳᠤᠵᠤ ᠪᠠᠢᠯ᠎ᠠ᠃
ᠬᠡᠳᠦᠨ ᠰᠤᠮᠤ ᠪᠠᠨ ᠳᠤᠮᠳᠠ ᠪᠠᠨ ᠬᠤᠪᠢᠶᠠᠵᠤ ᠠᠪᠤᠭᠠᠳ᠂ ᠬᠣᠢᠰᠢ ᠪᠠᠨ ᠠᠷᠤ ᠨᠤᠲᠤᠭ ᠤ᠋ᠨ ᠵᠦᠭ ᠮᠥᠷᠭᠥᠭᠡᠳ᠂ ᠣᠷᠣᠭᠰᠢ ᠪᠠᠨ ᠳᠠᠢᠰᠤᠨ ᠤ᠋ ᠥᠭᠡᠳᠡ ᠡᠴᠡ ᠬᠡᠳᠦᠨ ᠰᠤᠮᠤ ᠪᠠᠨ ᠫᠤᠤᠳᠠᠨ ᠳᠠᠭᠠᠷᠢᠵᠤ ᠪᠠᠢᠳᠠᠭ ᠪᠠᠢᠯ᠎ᠠ᠃ ᠮᠠᠨ ᠤ᠋ ᠪᠦᠬᠦ ᠬᠣᠷᠢᠶᠠᠨ ᠳ᠋ᠤ᠌ ᠭᠠᠭᠴᠠ ᠦᠬᠡᠷ ᠫᠤᠤ ᠪᠠᠢᠭᠰᠠᠨ ᠨᠢ ᠪᠠᠰᠠ ᠬᠠᠷ᠎ᠠ ᠴᠡᠷᠢᠭ ᠡᠴᠡ ᠣᠯᠵᠠᠯᠠᠵᠤ ᠠᠪᠤᠭᠰᠠᠨ ᠣᠯᠵᠠᠨ ᠤ᠋ ᠫᠤᠤ ᠪᠠᠢᠵᠤ ᠪᠢᠯᠡ᠃
ᠪᠢᠳᠡᠨ ᠦ᠌ ᠡᠰᠡᠷᠭᠦᠴᠡᠯ ᠬᠠᠷ᠎ᠠ ᠴᠡᠷᠢᠭ ᠬᠠᠷᠢᠨ ᠴᠤ᠌ ᠶᠣᠰᠣᠲᠠᠢ ᠰᠠᠢᠨ ᠵᠡᠪᠰᠡᠭ ᠲᠡᠢ ᠪᠠᠢᠳᠠᠭ ᠰᠠᠨ᠃ ᠰᠤᠮᠤ ᠬᠡᠷᠡᠭᠯᠡᠯ ᠢ᠋ᠶ᠋ᠡᠷ ᠪᠠᠰᠠ ᠡᠯᠪᠡᠭ᠃ ᠶᠡᠷᠦ ᠪᠢᠳᠡᠨ ᠲᠡᠢ ᠵᠦᠢᠷᠯᠡᠬᠦ ᠶ᠋ᠢᠨ ᠠᠷᠭ᠎ᠠ ᠦᠭᠡᠢ ᠵᠡᠪᠰᠡᠭ ᠲᠡᠢ᠃ ᠲᠡᠢᠮᠦ ᠪᠣᠯᠪᠠᠴᠤ ᠪᠢᠳᠡ᠂ ᠠᠷᠠᠳ ᠣᠯᠠᠨ ᠮᠠᠨᠢ ᠡᠷᠬᠡ ᠴᠢᠯᠥᠭᠡ ᠪᠡᠨ ᠣᠯᠵᠤ ᠠᠪᠬᠤ ᠶᠣᠰᠣᠲᠠᠢ ᠶᠤᠮ ᠭᠡᠵᠦ ᠵᠣᠷᠢᠵᠤ᠂ ᠬᠠᠷᠢ ᠶ᠋ᠢᠨ ᠭᠠᠰᠢᠭᠤᠨ ᠳᠠᠷᠤᠯᠠᠯ ᠳ᠋ᠤ᠌ ᠳᠠᠬᠢᠨ ᠣᠷᠣᠬᠤ ᠦᠭᠡᠢ ᠶ᠋ᠢ ᠬᠥᠮᠦᠨ ᠪᠦᠬᠦᠨ ᠪᠣᠳᠣᠵᠤ ᠶᠠᠪᠤᠭᠰᠠᠨ ᠤᠴᠢᠷ ᠠ᠋ᠴᠠ ᠳᠠᠢᠰᠤᠨ ᠤ᠋ ᠴᠡᠷᠢᠭ ᠬᠡᠳᠦ ᠪᠣᠢ ᠭᠡᠵᠦ ᠲᠣᠭ᠎ᠠ ᠶ᠋ᠢ ᠨᠢ ᠠᠰᠠᠭᠤᠬᠤ ᠦᠭᠡᠢ᠂ ᠳᠠᠢᠰᠤᠨ ᠬᠠᠮᠢᠭ᠎ᠠ ᠪᠠᠢᠨ᠎ᠠ? ᠳᠠᠭᠠᠷᠢᠨ ᠣᠷᠣᠵᠤ ᠳᠠᠷᠤᠨ ᠤᠰᠠᠳᠬᠠᠬᠤ ᠶᠤᠮ ᠰᠠᠨ ᠭᠡᠵᠦ ᠴᠢᠩ ᠵᠣᠷᠢᠭ ᠲᠠᠢ ᠶᠠᠪᠤᠭᠰᠠᠭᠠᠷ᠂ ᠲᠤᠯᠬᠤ ᠪᠦᠷᠢ ᠳᠠᠢᠰᠤᠨ ᠢ᠋ᠶ᠋ᠠᠨ ᠳᠠᠷᠤᠳᠠᠭ ᠪᠠᠢᠯ᠎ᠠ᠃
ᠨᠢᠭᠡ ᠡᠳᠦᠷ ᠮᠠᠨ ᠤ᠋ ᠮᠠᠭᠰᠤᠷᠵᠠᠪ ᠬᠠᠳᠠᠨ ᠪᠠᠭᠠᠲᠤᠷ ᠵᠠᠩᠵᠤᠨ᠂ ᠬᠠᠷᠢᠶᠠᠲᠤ ᠴᠡᠷᠢᠭ ᠡᠴᠡᠭᠡᠨ( ᠡᠴᠡ ᠪᠡᠨ) ᠬᠣᠶᠠᠷ ᠵᠠᠭᠤᠭᠠᠳ ᠴᠡᠷᠢᠭ ᠲᠠᠰᠤᠯᠵᠤ᠂ ᠥᠨᠥᠬᠢ ᠣᠯᠵᠠᠨ ᠤ᠋ ᠭᠠᠭᠴᠠ ᠦᠬᠡᠷ ᠫᠤᠤ ᠶ᠋ᠢ ᠥᠭᠴᠦ᠂ ᠨᠢᠭᠡᠨ ᠪᠠᠭ ᠬᠦᠴᠦᠷᠬᠡᠭ ᠬᠠᠷ᠎ᠠ ᠴᠡᠷᠢᠭ ᠲᠡᠢ ᠪᠠᠢᠯᠳᠤᠬᠤ ᠪᠠᠷ ᠴᠠᠬᠠᠷ ᠵᠠᠩᠵᠤᠨ ᠮᠣᠣᠷᠠᠩᠭᠠ ᠪᠠᠷ ᠳᠠᠷᠤᠭ᠎ᠠ ᠲᠠᠯᠪᠢᠵᠤ᠂ ᠪᠢᠳᠡᠨ ᠢ᠋ ᠮᠣᠷᠳᠠᠭᠤᠯᠵᠤ ᠪᠢᠯᠡ᠃ ᠳᠠᠢᠰᠤᠨ ᠢ᠋ ᠰᠦᠷᠳᠡᠭᠦᠯᠵᠦ ᠳᠠᠷᠤᠬᠤ ᠭᠡᠵᠦ ᠪᠢᠳᠡᠨ ᠳ᠋ᠦ᠍ ᠭᠠᠭᠴᠠ ᠦᠬᠡᠷ ᠫᠤᠤ ᠪᠠᠨ ᠥᠭᠭᠦᠭᠰᠡᠨ ᠤᠴᠢᠷ ᠨᠢ᠂ ᠲᠡᠷᠡ ᠫᠤᠤ ᠮᠠᠨᠢ ᠪᠣᠭᠳᠠ ᠬᠠᠭᠠᠨ ᠤ᠋ ᠵᠠᠷᠯᠢᠭ ᠢ᠋ᠶ᠋ᠠᠷ《ᠵᠠᠩᠵᠤᠨ ᠫᠤᠤ》 ᠭᠡᠳᠡᠭ ᠴᠣᠯᠠ ᠱᠠᠩᠨᠠᠭᠰᠠᠨ ᠰᠦᠷᠡᠬᠡᠢ ᠫᠤᠤ ᠪᠠᠢᠵᠠᠢ᠃ ᠶᠠᠭᠠᠬᠢᠭᠠᠳ ᠵᠠᠩᠵᠤᠨ ᠫᠤᠤ ᠪᠣᠯᠤᠭᠰᠠᠨ ᠶᠤᠮ ᠪᠣᠢ? ᠭᠡᠪᠡᠯ᠂ ᠫᠤᠤᠴᠢ ᠴᠡᠷᠢᠭ ᠨᠢ᠂ ᠳᠠᠭᠠᠷᠢᠨ ᠣᠷᠣᠭᠰᠠᠨ ᠳᠠᠢᠰᠤᠨ ᠢ᠋ ᠦᠬᠡᠷ ᠫᠤᠤ ᠥᠭᠡᠳᠡ ᠡᠴᠡ ᠡᠭᠴᠡ ᠱᠠᠭᠠᠢᠵᠤ ᠫᠤᠤᠳᠠᠬᠤ ᠳ᠋ᠠᠭᠠᠨ ( ᠳ᠋ᠤ᠌ ᠪᠠᠨ)᠂ ᠶᠠᠭ ᠬᠠᠷ᠎ᠠ ᠴᠡᠷᠢᠭ ᠦ᠋ᠨ ᠫᠤᠤ ᠶ᠋ᠢᠨ ᠠᠮᠠ ᠤᠷᠤᠭᠤ ᠤᠨᠤᠵᠤ ᠣᠷᠬᠢᠭᠰᠠᠨ ᠪᠢᠯᠡ᠃ ᠬᠠᠷ᠎ᠠ ᠴᠡᠷᠢᠭ ᠦ᠋ᠨ ᠲᠡᠷᠡ ᠦᠬᠡᠷ ᠫᠤᠤ ᠨᠢ ᠮᠠᠨ ᠤ᠋ ᠭᠤᠨᠠᠨ ᠫᠤᠤ ᠶ᠋ᠢᠨ ᠰᠤᠮᠤᠨ ᠳ᠋ᠤ᠌ ᠬᠠᠬᠠᠭᠠᠳ ᠳᠡᠯᠪᠡ ᠦᠰᠦᠷᠴᠦ᠂ ᠮᠠᠨ ᠤ᠋ ᠥᠭᠡᠳᠡ ᠡᠴᠡ ᠵᠠᠳᠠᠷᠠᠳᠠᠭ ᠬᠣᠷᠭᠣᠯᠵᠢᠨ ᠰᠤᠮᠤ ᠪᠠᠷ ᠫᠤᠤᠳᠠᠵᠤ ᠴᠢᠳᠠᠯ ᠦᠭᠡᠢ᠂ ᠳᠡᠷᠭᠡᠳᠡ ᠪᠡᠨ ᠪᠠᠢᠭᠰᠠᠨ ᠭᠤᠴᠢᠭᠠᠳ ᠬᠠᠷ᠎ᠠ ᠴᠡᠷᠢᠭ ᠢ᠋ ᠬᠢᠳᠤᠵᠤ ᠣᠷᠬᠢᠭᠰᠠᠨ ᠳ᠋ᠤ᠌᠂ ᠮᠠᠨ ᠤ᠋ ᠭᠤᠨᠠᠨ ᠫᠤᠤ ᠶ᠋ᠢ ᠪᠣᠭᠳᠠ ᠶ᠋ᠢᠨ ᠵᠠᠷᠯᠢᠭ ᠢ᠋ᠶ᠋ᠠᠷ《ᠵᠠᠩᠵᠤᠨ ᠫᠤᠤ》 ᠴᠣᠯᠠ ᠱᠠᠩᠨᠠᠵᠤ᠂ ᠥᠨᠥᠬᠢ ᠫᠤᠤᠴᠢ ᠶ᠋ᠢ ᠪᠠᠭᠠᠲᠤᠷ ᠴᠣᠯᠠ ᠪᠠᠷ ᠱᠠᠩᠨᠠᠵᠤ ᠪᠢᠯᠡ᠃ *
— — — —
* ᠵᠥᠴᠢᠶ᠎ᠡ ᠭᠡᠵᠦ ᠮᠣᠷᠢᠨ ᠤ᠋ ᠪᠠᠢᠷᠢ ᠪᠠᠢᠰᠢᠩ ᠤ᠋ᠨ ᠮᠣᠩᠭᠣᠯ ᠨᠡᠷ᠎ᠡ᠃ ᠣᠷᠣᠰ ᠬᠡᠯᠡᠨ ᠳ᠋ᠦ᠍ ᠵᠥᠴᠢᠶ᠎ᠡ ᠶ᠋ᠢ ᠺᠣᠨᠢ ᠭᠡᠳᠡᠭ ᠠᠭᠲᠠ ᠭᠡᠰᠡᠨ ᠦᠭᠡᠨ ᠡᠴᠡ ᠡᠭᠦᠰᠬᠡᠵᠦ᠂ ᠺᠣᠨᠢᠤᠰᠢᠨᠢᠶᠠ ᠭᠡᠳᠡᠭ ᠢ᠋ ᠮᠣᠩᠭᠣᠯ ᠢ᠋ᠶ᠋ᠠᠷ ᠢᠩᠭᠢᠵᠦ ᠨᠡᠷᠡᠯᠡᠳᠡᠭ ᠶᠦᠮ᠃
* ᠠᠷᡁᠢ᠍ᠪ ᠲᠤ᠌ ᠡᠭᠦᠨ ᠦ᠌ ᠪᠠᠷᠢᠮᠲᠠ ᠪᠢᠴᠢᠭ ᠪᠣᠢ᠃
ᠦᠰᠦᠭ ᠠᠮᠢᠯᠠᠭᠤᠯᠤᠭᠴᠢ᠄ ᠣᠶᠤᠨᠪᠠᠲᠤ᠂ ᠰᠠᠷᠠᠨᠲᠤᠶᠠᠭ᠎ᠠ᠂ ᠪᠠᠳᠮᠠᠰᠡᠴᠡᠨ᠂ ᠪᠠᠯ᠂
ᠤᠢᠭᠤᠷᠵᠢᠨ·ᠣᠳᠬᠣᠨᠪᠠᠪᠠ᠂ ᠴᠣᠯᠮᠣᠨᠭᠡᠷᠡᠯ
ᠬᠢᠨᠠᠭᠴᠢ᠄ ᠣᠳᠬᠣᠨᠴᠡᠴᠡᠭ᠂ ᠪᠠᠯ
ᠤᠩᠰᠢᠭᠴᠢ᠄ ᠨᠠᠰᠤᠨ᠌ᠦ᠌ᠯᠵᠡᠢ
