ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠨᠢᠭᠡ〕 Цаг төрийн үймээн – Д ᠂ Намдаг - Амьдралын зам ᠂ нэгдүгээр бүлэг - 11
ᠬᠠᠯᠭᠤᠭᠠᠲᠤ ᠬᠠᠨᠢ
ᠨᠠᠷᠢᠨ ᠨᠣᠣᠰᠣᠨ ᠬᠠᠷ᠎ᠠ ᠺᠣᠰᠲ᠋ᠢᠶᠣᠮ ᠪᠣᠷᠣ ᠢᠰᠡᠭᠡᠢ ᠮᠠᠯᠠᠭᠠᠢ᠂ ᠬᠦᠷᠡᠩ ᠠᠷᠠᠰᠤᠨ ᠱᠠᠬᠠᠢ ᠵᠡᠷᠭᠡ ᠶᠠᠭᠤᠮ᠎ᠠ ᠪᠦᠬᠦᠨ ᠢ᠋ᠶ᠋ᠡᠷ ᠭᠠᠳᠠᠭᠠᠳᠤᠴᠢᠯᠠᠭᠰᠠᠨ ᠭᠤᠴᠢᠨ ᠲᠠᠪᠤ ᠣᠷᠴᠢᠮ ᠨᠠᠰᠤᠨ ᠤ᠋ ᠳᠤᠭᠤᠢ ᠴᠠᠭᠠᠨ ᠴᠢᠷᠠᠢ ᠲᠠᠢ ᠰᠠᠢᠬᠠᠨ ᠡᠷ᠎ᠡ᠂ ᠪᠠᠶᠠᠷ ᠪᠠᠶᠠᠰᠬᠤᠯᠠᠩ ᠲᠠᠢ ᠪᠠᠷ ᠣᠷᠣᠵᠤ ᠢᠷᠡᠪᠡ᠃ ᠡᠨᠡ ᠬᠥᠮᠦᠨ ᠪᠣᠯ ᠤᠭ ᠨᠢ ᠱᠠᠩᠬᠠᠢ ᠬᠣᠲᠠ ᠶ᠋ᠢᠨ ᠨᠢᠭᠡᠨ ᠪᠠᠭᠠᠪᠲᠤᠷ ᠫᠦᠰᠡᠨ ᠦ᠌ ᠡᠵᠡᠨ ᠦ᠌ ᠬᠦᠦ᠂ ᠨᠡᠷ᠎ᠡ ᠸᠠᠩ ᠬᠠᠢ ᠲᠤᠤ᠃ ᠡᠴᠢᠭᠡ ᠨᠢ ᠠᠷᠪᠠᠨ ᠨᠢᠭᠡᠨ ᠵᠢᠯ ᠦ᠋ᠨ ᠡᠮᠦᠨ᠎ᠡ ᠨᠠᠰᠤ ᠪᠠᠷᠠᠭᠰᠠᠨ ᠪᠠᠢᠯ᠎ᠠ᠃
ᠸᠠᠩ ᠬᠠᠢ ᠲᠤᠤ ᠶ᠋ᠢᠨ ᠡᠴᠢᠭᠡ ᠶ᠋ᠢᠨ ᠦᠯᠡᠳᠡᠭᠡᠭᠰᠡᠨ ᠬᠥᠷᠥᠩᠭᠡ ᠶ᠋ᠢ ᠴᠠᠭᠠᠰᠢ ᠬᠥᠳᠡᠯᠭᠡᠬᠦ ᠭᠡᠲᠡᠯ᠎ᠡ᠂ ᠭᠠᠳᠠᠭᠠᠳᠤ ᠳᠣᠲᠣᠭᠠᠳᠤ ᠶ᠋ᠢᠨ ᠲᠣᠮᠣ ᠲᠣᠮᠣ ᠫᠦᠰᠡ ᠨᠦ᠍ᠭᠦᠳ ᠲᠦ᠍ ᠴᠣᠬᠢᠭᠳᠠᠨ᠂ ᠬᠡᠴᠢᠨᠡᠭᠡᠨ᠂ ᠣᠷᠣᠯᠳᠣᠪᠠᠴᠤ ᠰᠡᠬᠡᠯ ᠠᠪᠬᠤ ᠦᠭᠡᠢ ᠪᠣᠯᠤᠭᠰᠠᠨ ᠳ᠋ᠤ᠌᠂ ᠬᠠᠯᠬ᠎ᠠ ᠶ᠋ᠢᠨ ᠲᠦᠭᠦᠬᠡᠢ ᠡᠳ᠋ ᠦ᠋ᠨ ᠪᠠᠶᠠᠯᠢᠭ ᠢ᠋ ᠲᠦᠰᠢᠭᠯᠡᠨ ᠠᠵᠠ ᠪᠠᠨ ᠨᠢᠭᠡ ᠦᠵᠡᠶ᠎ᠡ ᠭᠡᠵᠦ ᠪᠣᠳᠣᠵᠠᠢ᠃ ᠪᠦᠬᠦ ᠬᠥᠷᠥᠩᠭᠡ᠂ ᠵᠣᠭᠣᠷᠢ ᠪᠠᠨ ᠶᠠᠭᠤᠲᠠᠢ ᠬᠦᠦᠲᠡᠢ ᠨᠢ ᠬᠤᠳᠠᠯᠳᠤᠭᠠᠳ᠂ ᠵᠠᠩᠴᠢᠬᠦᠦ ᠬᠣᠲᠠᠨ᠎ᠠ ᠭᠡᠷ ᠪᠦᠯᠢ ᠪᠡᠷ ᠢ᠋ᠶ᠋ᠡᠨ ᠨᠡᠭᠦᠨ ᠢᠷᠡᠭᠰᠡᠨ ᠠᠵᠢ᠃ ᠲᠡᠭᠡᠭᠡᠳ ᠮᠣᠩᠭᠣᠯ ᠬᠡᠯᠡ ᠪᠠ ᠵᠠᠩ ᠰᠤᠷᠲᠠᠬᠤᠨ ᠠᠯᠢᠪᠠ ᠨᠢᠭᠡᠨ ᠲᠠᠯ᠎ᠠ ᠶ᠋ᠢ ᠮᠡᠳᠡᠬᠦ ᠦᠭᠡᠢ ᠳ᠋ᠡᠭᠡᠨ ᠶᠠᠭᠠᠬᠢᠵᠤ ᠴᠦ᠍ ᠴᠢᠳᠠᠬᠤ ᠦᠭᠡᠢ ᠪᠣᠯᠤᠭᠰᠠᠨ ᠠ᠋ᠴᠠ ᠭᠠᠳᠠᠨ᠎ᠠ ᠶᠡᠬᠡ ᠶ᠋ᠢ ᠬᠥᠳᠡᠯᠭᠡᠬᠦ ᠪᠸᠠᠴᠢᠶᠠᠨ ᠦᠭᠡᠢ ᠳ᠋ᠦ᠍ ᠪᠣᠭᠣᠭᠳᠠᠭᠰᠠᠨ ᠲᠤᠯᠠ ᠠᠷᠭ᠎ᠠ ᠪᠤᠶᠤ ᠴᠠᠭᠠᠨᠳᠠᠯᠠᠢ ᠶ᠋ᠢᠨ ᠫᠦᠰᠡ ᠲᠡᠢ ᠬᠤᠪᠢ ᠨᠡᠢᠯᠡᠭᠦᠯᠦᠭᠰᠡᠨ ᠪᠥᠭᠡᠳ ᠬᠠᠮᠲᠤᠷᠠᠨ ᠠᠵᠢᠯᠯᠠᠵᠤ ᠡᠬᠢᠯᠡᠵᠡᠢ᠃
ᠡᠨᠡ ᠪᠣᠯ ᠲᠠᠪᠤᠨ ᠵᠢᠯ ᠦ᠋ᠨ ᠡᠮᠦᠨᠡᠬᠢ ᠬᠡᠷᠡᠭ᠃ ᠤᠭ ᠨᠡᠢᠯᠡᠭᠦᠯᠦᠭᠰᠡᠨ ᠬᠥᠷᠥᠩᠭᠡ᠂ ᠪᠦᠬᠦ ᠫᠦᠰᠡᠨ ᠦ᠌ ᠳᠥᠩᠭᠡᠵᠦ ᠠᠷᠪᠠᠨ ᠬᠤᠪᠢ ᠨᠢ ᠪᠣᠯᠬᠤ ᠪᠣᠯᠪᠠᠴᠤ ᠠᠩᠬ᠎ᠠ ᠬᠣᠷᠰᠢᠭᠰᠠᠨ ᠠ᠋ᠴᠠ ᠠᠪᠤᠨ ᠥᠨᠥ ᠬᠦᠷᠲᠡᠯ᠎ᠡ ᠦᠷᠭᠦᠯᠵᠢᠯᠡᠨ ᠬᠥᠭᠵᠢᠭᠰᠡᠭᠡᠷ ᠪᠠᠢᠭ᠎ᠠ ᠠᠵᠢ᠃
ᠡᠪᠦᠭᠡᠨ ᠳᠠᠩᠵᠢᠶᠠᠳ ᠬᠡᠳᠦᠢᠪᠡᠷ ᠬᠤᠳᠠᠯᠳᠤᠭ᠎ᠠ ᠮᠠᠢᠮᠠᠢ ᠶ᠋ᠢᠨ ᠰᠢᠨ᠎ᠡ ᠰᠢᠨ᠎ᠡ ᠠᠷᠭ᠎ᠠ ᠨᠤᠭᠤᠳ ᠢ᠋ ᠦᠯᠦ ᠣᠢᠰᠢᠶᠠᠨ ᠳᠠᠩ ᠥᠪᠡᠷ ᠦ᠋ᠨ ᠬᠣᠴᠣᠷᠤᠭᠳᠠᠮᠠᠯ ᠬᠠᠭᠤᠴᠢᠨ ᠠᠷᠭ᠎ᠠ ᠶ᠋ᠢ ᠪᠠᠷᠢᠮᠲᠠᠯᠠᠨ ᠶᠡᠬᠡ ᠶ᠋ᠢ ᠬᠣᠨᠵᠢᠬᠤ ᠶ᠋ᠢᠨ ᠣᠷᠣᠨ ᠳ᠋ᠤ᠌ ᠪᠠᠭ᠎ᠠ ᠶ᠋ᠢ ᠬᠣᠨᠵᠢᠬᠤ᠂ ᠬᠤᠷᠳᠤᠨ ᠭᠦᠢᠯᠭᠡᠭᠡᠬᠦ ᠶ᠋ᠢᠨ ᠣᠷᠣᠨ ᠳ᠋ᠤ᠌ ᠤᠳᠠᠭᠠᠨ ᠭᠦᠢᠯᠭᠡᠭᠡᠬᠦ ᠪᠣᠯᠪᠠᠴᠤ ᠸᠠᠩ ᠬᠠᠢ ᠲᠤᠤ᠄
— ᠠᠢ ᠮᠠᠨ ᠤ᠋ ᠶᠡᠬᠡ ᠠᠬ᠎ᠠ ᠶᠠᠭᠠᠬᠢᠭᠰᠠᠨ ᠶᠡᠬᠡ ᠤᠬᠠᠭᠠᠨ ᠲᠠᠢ ᠪᠣᠢ? ᠬᠡᠷᠪᠡ ᠲᠠᠨ ᠤ᠋ ᠬᠢ ᠦᠭᠡᠢ ᠰᠠᠨ ᠪᠣᠯ ᠳᠣᠣᠷᠠᠲᠤ ᠳᠡᠭᠦᠦ ᠴᠢᠨᠢ ᠬᠠᠳᠠ ᠮᠥᠷᠭᠥᠵᠦ ᠦᠬᠦᠬᠦ ᠡᠴᠡ ᠥᠭᠡᠷ᠎ᠡ ᠠᠷᠭ᠎ᠠ ᠠᠯᠠᠭ᠎ᠠ ᠭᠡᠵᠦ ᠴᠠᠭ ᠢᠮᠠᠭᠲᠠ ᠪᠢᠯᠳᠠᠤᠴᠢᠯᠠᠨᠠ᠃ ᠳᠣᠲᠣᠭᠠᠳᠤ ᠳ᠋ᠠᠭᠠᠨ ᠭᠡᠪᠡᠯ᠄ ᠮᠠᠩᠭᠤᠷᠠᠳᠠᠯᠠ ᠨᠢ ᠪᠢᠯᠳᠠᠤᠴᠢᠯᠠᠬᠤ᠂ ᠪᠢᠯᠳᠠᠤᠴᠢᠯᠠᠨ ᠪᠠᠢᠵᠤ ᠦᠬᠦᠭᠦᠯᠵᠦ ᠠᠪᠤᠭᠰᠠᠨ ᠤ᠋ ᠳᠠᠷᠠᠭ᠎ᠠ ᠪᠦᠬᠦ ᠬᠥᠷᠥᠩᠭᠡ ᠶ᠋ᠢ ᠡᠵᠡᠮᠰᠢᠬᠦ ᠭᠡᠰᠡᠨ ᠪᠣᠳᠣᠯ ᠴᠠᠭ ᠦᠷᠭᠦᠯᠵᠢ ᠡᠷᠭᠢᠯᠳᠦᠨ᠎ᠡ᠃ ᠭᠡᠲᠡᠯ᠎ᠡ ᠡᠨᠡ ᠨᠢᠭᠦᠯᠲᠦ ᠰᠠᠨᠠᠭ᠎ᠠ ᠶ᠋ᠢ ᠨᠢ ᠡᠪᠦᠭᠡᠨ ᠳᠠᠩᠵᠢᠶᠠᠳ ᠠᠯᠢ ᠬᠡᠳᠦᠢᠨ ᠦ᠌ ᠲᠠᠭᠠᠪᠤᠷᠢᠯᠠᠨ ᠪᠠᠢᠭ᠎ᠠ ᠪᠢᠯᠡ᠃ ᠭᠡᠨᠡᠳᠲᠡ ᠨᠢᠭᠡᠨ ᠡᠳᠦᠷ ᠳᠠᠩᠰᠠ ᠪᠣᠳᠣᠨ ᠵᠣᠬᠢᠬᠤ ᠬᠥᠷᠥᠩᠭᠡ ᠶ᠋ᠢ ᠨᠢ ᠰᠠᠯᠠᠭᠠᠨ ᠥᠭᠴᠦ ᠪᠡᠶ᠎ᠡ ᠪᠡᠨ ᠬᠣᠯᠠᠳᠠᠭᠤᠯᠬᠤ ᠶᠤᠮ ᠪᠢᠯᠡ ᠤᠤ? ᠭᠡᠵᠦ ᠪᠣᠳᠣᠨ᠎ᠠ᠃ ᠭᠡᠪᠡᠴᠦ ᠸᠠᠩ ᠬᠠᠢ ᠲᠤᠤ ᠳᠤᠮᠳᠠᠳᠤ ᠰᠤᠷᠭᠠᠭᠤᠯᠢ ᠲᠠᠢ᠂ ᠪᠣᠳᠣᠬᠤ ᠪᠢᠴᠢᠬᠦ ᠳ᠋ᠡᠭᠡᠨ ᠰᠠᠢᠨ᠂ ᠠᠩᠭ᠌ᠯᠢ ᠶᠠᠫᠣᠨ ᠬᠣᠶᠠᠷ ᠤᠯᠤᠰ ᠤ᠋ᠨ ᠬᠡᠯᠡ ᠮᠡᠳᠡᠬᠦ ᠪᠥᠭᠡᠳ ᠲᠡᠭᠦᠨ ᠢ᠋ᠶ᠋ᠡᠷ ᠢ᠋ᠶ᠋ᠡᠨ ᠠᠩᠬ᠎ᠠ ᠨᠡᠢᠯᠡᠭᠰᠡᠨ ᠡᠳᠦᠷ ᠡᠴᠡ ᠪᠡᠨ ᠭᠠᠳᠠᠭᠠᠳᠤ ᠣᠷᠣᠨ ᠤ᠋ ᠬᠤᠳᠠᠯᠳᠤᠭᠠᠴᠢᠨ ᠲᠠᠢ ᠰᠢᠭᠤᠳ ᠬᠠᠷᠢᠯᠴᠠᠬᠤ ᠮᠠᠰᠢ ᠴᠢᠬᠤᠯᠠ ᠵᠠᠮ ᠢ᠋ ᠨᠡᠭᠡᠭᠡᠵᠡᠢ᠃ ᠡᠢᠮᠦ ᠳ᠋ᠦ᠍ ᠳᠠᠩᠵᠢᠶᠠᠳ ᠥᠪᠡᠷ ᠡᠴᠡ ᠪᠡᠨ ᠬᠣᠯᠠᠳᠠᠭᠤᠯᠬᠤ ᠭᠡᠰᠡᠨ ᠪᠣᠳᠣᠯ ᠢ᠋ᠶ᠋ᠠᠨ ᠭᠤᠷᠪᠠᠨ ᠵᠢᠯ ᠳᠠᠷᠠᠭᠠᠯᠠᠨ ᠬᠣᠢᠰᠢ ᠲᠠᠯᠪᠢᠭᠠᠳ ᠣᠷᠣᠨ ᠳ᠋ᠤᠨᠢ ᠡᠭᠦᠷᠢᠳᠡ ᠢᠲᠡᠭᠡᠮᠵᠢᠯᠡᠭᠰᠡᠨ ᠳᠦᠷᠢ ᠦᠵᠡᠭᠦᠯᠳᠡᠭ ᠪᠠᠢᠨ᠎ᠠ᠃
ᠡᠨᠡ ᠤᠳᠠᠭ᠎ᠠ ᠸᠠᠩ ᠬᠠᠢ ᠲᠤᠤ ᠪᠠᠶᠠᠷ ᠪᠠᠶᠠᠰᠬᠤᠯᠠᠩ ᠲᠠᠢ ᠣᠷᠣᠵᠤ ᠢᠷᠡᠭᠰᠡᠨ ᠶᠠᠪᠤᠳᠠᠯ ᠪᠣᠯ ᠰᠠᠶᠢ ᠶ᠋ᠢᠨ ᠬᠠᠯᠬ᠎ᠠ ᠵᠢᠩᠴᠢᠳ ᠦ᠋ᠨ ᠠᠪᠴᠢᠷᠠᠭᠰᠠᠨ ᠲᠠᠪᠢᠨ ᠲᠡᠮᠡᠭᠡ ᠲᠦᠭᠦᠬᠡᠢ ᠡᠳ᠋ ᠢ᠋ ᠱᠠᠩᠬᠠᠢ ᠠ᠋ᠴᠠ ᠵᠠᠩᠴᠢᠬᠦᠦ ᠳ᠋ᠦ᠍ ᠰᠠᠭᠤᠭ᠎ᠠ ᠠᠮᠧᠷᠢᠺᠠ᠂ ᠠᠩᠭ᠌ᠯᠢ᠂ ᠶᠠᠫᠣᠨ ᠭᠤᠷᠪᠠᠨ ᠤᠯᠤᠰ ᠤ᠋ᠨ ᠠᠯᠳᠠᠷᠲᠤ ᠲᠣᠮᠣ ᠫᠦᠰᠡ ᠶ᠋ᠢᠨ ᠲᠥᠯᠥᠭᠡᠯᠡᠭᠴᠢᠳ ᠢ᠋ ᠨᠢᠭᠡᠨ ᠵᠡᠷᠭᠡ ᠨᠢᠭᠡ ᠳᠣᠣᠷ᠎ᠠ ᠤᠷᠢᠨ ᠳᠠᠭᠤᠳᠠᠵᠤ ᠠᠪᠴᠢᠷᠠᠭᠠᠳ᠂ ᠶᠣᠰᠣᠲᠠᠢ ᠶᠠᠰᠤ ᠪᠤᠯᠢᠶᠠᠯᠴᠠᠯᠳᠤᠭᠰᠠᠨ ᠨᠣᠬᠠᠳ ᠰᠢᠭ᠋ ᠦᠨ᠎ᠡ ᠬᠠᠶᠠᠭᠤᠯᠤᠨ ᠲᠡᠮᠡᠴᠡᠯᠳᠦᠭᠦᠯᠵᠦ ᠪᠠᠢᠭᠠᠳ ᠠᠮᠧᠷᠢᠺᠠ ᠶ᠋ᠢᠨ ᠮᠠᠰᠲ᠋ᠧᠷ ᠭᠸᠨ᠋ᠷᠩ ᠮᠠᠭᠠᠨ ᠭᠡᠭᠴᠢ ᠳ᠋ᠦ᠍ ᠭᠤᠷᠪᠠᠨ ᠵᠠᠭᠤᠨ ᠶᠡᠷᠡᠨ ᠨᠠᠢ᠍ᠮᠠᠨ ᠬᠤᠪᠢ ᠶ᠋ᠢᠨ ᠬᠣᠨᠵᠢᠶᠠᠳᠠᠢ ᠵᠠᠷᠤᠭᠰᠠᠨ ᠢ᠋ᠶ᠋ᠠᠨ ᠮᠡᠳᠡᠭᠳᠡᠬᠦ ᠶᠠᠪᠤᠳᠠᠯ ᠪᠠᠢᠪᠠ᠃ ᠬᠡᠨ ᠲᠡᠢ ᠬᠡᠷᠬᠢᠨ ᠮᠠᠢᠮᠠᠢᠯᠠᠭᠰᠠᠨ ᠢ᠋ᠶ᠋ᠠᠨ ᠶᠠᠷᠢᠬᠤ ᠵᠠᠭᠤᠷ᠎ᠠ ᠸᠠᠩ ᠬᠠᠢ ᠲᠤᠤ ᠬᠠᠷ᠎ᠠ ᠺᠣᠰᠲ᠋ᠢᠶᠣᠮ ᠤ᠋ᠨ ᠢ᠋ᠶ᠋ᠠᠨ ᠵᠡᠭᠦᠨ ᠡᠩᠭᠡᠷ ᠳᠣᠲᠣᠭᠤᠷ ᠡᠪᠦᠷ ᠲᠦ᠍ ᠬᠢᠭᠰᠡᠨ ᠴᠠᠭᠠᠨ ᠶᠠᠰᠤᠨ ᠡᠷᠢᠭᠡ ᠨᠦ᠍ᠭᠦᠳ᠂ ᠪᠢᠴᠢᠬᠠᠨ ᠰᠤᠸᠠᠮᠫᠠᠨ ᠢ᠋ᠶ᠋ᠠᠨ ᠰᠦᠷᠲᠡᠬᠢᠯᠭᠡᠨ ᠲᠡᠳᠡᠨ ᠭᠠᠷᠭᠠᠵᠤ᠂ ᠰᠢᠭᠡᠵᠢ ᠬᠤᠷᠤᠭᠤᠨ ᠤ᠋ ᠪᠠᠨ ᠤᠷᠲᠤ ᠬᠢᠮᠤᠰᠤ ᠪᠠᠷ ᠱᠠᠵᠢᠭᠢᠨᠠᠭᠤᠯᠤᠨ ᠴᠣᠬᠢᠵᠤ ᠦᠵᠡᠭᠦᠯᠦᠭᠡᠳ ᠠᠪᠬᠤ ᠵᠦᠢᠯ ᠳ᠋ᠡᠭᠡᠨ ᠪᠠᠭ᠎ᠠ ᠵᠡᠷᠭᠡ ᠡᠳ᠋ᠯᠡᠭᠳᠡᠭᠰᠡᠨ ᠫᠣᠷᠲ ᠮᠠᠷᠺᠡ ᠶ᠋ᠢᠨ ᠠᠴᠢᠶᠠᠨ ᠤ᠋ ᠮᠠᠰᠢᠨ ᠭᠤᠷᠪᠠ ᠶ᠋ᠢ ᠲᠤᠢᠯ ᠤ᠋ᠨ ᠬᠢᠮᠳᠠ ᠦᠨ᠎ᠡ ᠪᠡᠷ ᠣᠷᠣᠯᠴᠠᠭᠤᠯᠤᠭᠰᠠᠨ ᠢ᠋ᠶ᠋ᠠᠨ ᠪᠠᠬᠠᠷᠬᠠᠨ ᠮᠡᠳᠡᠭᠳᠡᠪᠡ᠃ ᠬᠠᠷᠢᠭᠤ ᠳ᠋ᠤᠨᠢ ᠳᠠᠩᠵᠢᠶᠠᠳ ᠦᠷᠴᠢᠭᠢᠷ ᠨᠢᠭᠤᠷ ᠢ᠋ᠶ᠋ᠠᠨ ᠴᠦ᠍ ᠬᠤᠪᠢᠷᠠᠭᠠᠭᠰᠠᠨ ᠦᠭᠡᠢ᠂ ᠰᠠᠯᠠᠭᠠᠪᠴᠢᠯᠠᠨ ᠪᠠᠷᠢᠭᠰᠠᠨ ᠲᠣᠯᠣᠭᠠᠢ ᠪᠠᠨ ᠠᠯᠭᠤᠷ ᠲᠠᠯᠪᠢᠨ᠂ ᠱᠦᠭᠦᠢ ᠶ᠋ᠢᠨ ᠢ᠋ᠶ᠋ᠡᠨ ᠨᠢᠳᠦ ᠶ᠋ᠢ ᠰᠠᠮ ᠲᠡᠳᠡᠨ ᠠᠷᠤ ᠬᠠᠯᠬ᠎ᠠ ᠠ᠋ᠴᠠ ᠢᠷᠡᠭᠰᠡᠨ ᠴᠠᠬᠢᠯᠭᠠᠨ ᠮᠡᠳᠡᠭᠡ ᠶ᠋ᠢ ᠡᠮᠦᠨ᠎ᠡ ᠨᠢ ᠪᠠᠷᠢᠨ《ᠤᠩᠰᠢ!》 ᠭᠡᠵᠦ ᠰᠤᠯᠠᠷᠠᠭᠰᠠᠨ ᠬᠡᠯᠡ ᠪᠡᠨ ᠡᠭᠡᠳᠡᠷᠡᠭᠦᠯᠦᠨ ᠬᠡᠯᠡᠪᠡ᠃ ᠸᠠᠩ ᠬᠠᠢ ᠲᠤᠤ᠂ ᠠᠯᠢ ᠨᠢᠭᠡᠨ ᠰᠠᠯᠪᠤᠷᠢ ᠳ᠋ᠤ᠌ ᠠᠶᠤᠯ ᠲᠣᠬᠢᠶᠠᠯᠳᠤᠭᠰᠠᠨ ᠮᠠᠭᠤᠬᠠᠢ ᠮᠡᠳᠡᠭᠡ ᠪᠣᠯᠪᠠ ᠤᠤ ᠭᠡᠵᠦ ᠪᠣᠳᠣᠨ ᠳᠣᠲᠣᠷ ᠨᠢ ᠫᠠᠯᠬᠢᠪᠠ᠃ ᠶᠠᠭᠠᠷᠠᠨ ᠠᠪᠴᠤ ᠵᠠᠳᠠᠯᠬᠤ ᠲᠠᠢ ᠪᠠᠨ ᠵᠡᠷᠭᠡ ᠲᠠᠪᠤᠨ ᠬᠣᠨᠣᠭ ᠤ᠋ᠨ ᠡᠮᠦᠨ᠎ᠡ ᠳᠠᠩᠵᠢᠶᠠᠳ ᠲᠤ᠌ ᠬᠡᠳᠦ ᠳᠠᠬᠢᠨ ᠤᠩᠰᠢᠵᠤ ᠮᠤᠩᠳᠠᠬᠤ ᠦᠭᠡᠢ ᠶᠡᠬᠡ ᠳ᠋ᠦᠩ ᠰᠢᠨᠵᠢᠯᠡᠭᠡ ᠭᠠᠷᠭᠠᠨ ᠬᠣᠢᠰᠢ ᠲᠠᠯᠪᠢᠭᠰᠠᠨ ᠵᠦᠢᠯ ᠪᠣᠯᠬᠤ ᠶ᠋ᠢ ᠲᠠᠨᠢᠪᠠ᠃《ᠠ᠋ ᠲᠡᠨᠡᠭ ᠮᠠᠩᠭᠣ ᠵᠥᠨᠥᠭ ᠠ᠋᠂ ᠡᠭᠦᠨ ᠢ᠋ ᠳᠠᠬᠢᠨ ᠳᠠᠪᠲᠠᠨ ᠤᠩᠰᠢᠵᠤ ᠴᠠᠭ ᠤ᠋ᠨ ᠭᠠᠷᠤᠵᠠ ᠪᠣᠯᠭᠠᠬᠤ ᠶ᠋ᠢᠨ ᠬᠡᠷᠡᠭ ᠶᠠᠭᠤ ᠪᠣᠢ?》 ᠭᠡᠵᠦ ᠬᠡᠯᠡᠮᠡᠷ ᠰᠠᠨᠠᠭᠳᠠᠨ᠎ᠠ᠃ ᠭᠡᠪᠡᠴᠦ ᠶᠠᠭᠠᠬᠢᠨ ᠪᠣᠯᠬᠤ ᠪᠢᠯᠡ᠃ ᠬᠣᠭᠣᠯᠠᠢ ᠵᠠᠰᠠᠨ ᠨᠠᠮᠤᠭᠤᠬᠠᠨ ᠳᠠᠭᠤ ᠪᠠᠷ ᠦᠭᠡ ᠨᠢᠭᠡ ᠪᠦᠷᠢ ᠶ᠋ᠢ ᠲᠣᠳᠣᠬᠠᠨ ᠬᠡᠯᠡᠨ ᠤᠩᠰᠢᠪᠠ᠃《 ᠮᠣᠩᠭᠣᠯ ᠣᠷᠣᠨ ᠳ᠋ᠤ᠌ ᠶᠡᠬᠡ ᠨᠣᠶᠠᠨ ᠱᠤ᠌ ᠰᠢᠦ ᠵᠧᠩ ᠢ᠋ ᠡᠰᠡᠷᠭᠦᠴᠡᠭᠰᠡᠨ ᠬᠥᠳᠡᠯᠭᠡᠭᠡᠨ ᠬᠠ ᠶᠠ ᠦᠭᠡᠢ ᠭᠠᠷᠴᠤ ᠪᠠᠢᠨ᠎ᠠ᠃ ᠤᠯᠠᠭᠠᠨ ᠣᠷᠣᠰ ᠠ᠋ᠴᠠ ᠲᠤᠰᠠᠯᠠᠮᠵᠢ ᠠᠪᠤᠨ ᠲᠡᠢᠨ ᠳᠡᠩᠳᠡᠭᠦᠦ ᠮᠠᠭᠠᠳ ᠦᠭᠡᠢ᠂ ᠡᠭᠦᠨ ᠢ᠋ ᠪᠠᠷᠠᠭ᠎ᠠ ᠶᠠᠪᠤᠭᠤᠯᠬᠤ ᠳ᠋ᠠᠭᠠᠨ ᠪᠣᠳᠣᠯᠴᠠᠬᠤ?》 ᠭᠡᠵᠡᠢ᠃
ᠳᠠᠩᠵᠢᠶᠠᠳ ᠡᠨᠡ ᠮᠡᠳᠡᠭᠡ ᠶ᠋ᠢ ᠬᠦᠷᠡᠯ ᠦ᠋ᠨ ᠶᠠᠷᠢᠭᠰᠠᠨ ᠶᠠᠷᠢᠶ᠎ᠠ ᠲᠠᠢ ᠬᠠᠷᠢᠯᠴᠠᠭᠤᠯᠤᠨ ᠳ᠋ᠦᠩᠨᠡᠵᠦ᠂ ᠢᠷᠡᠭᠡᠳᠦᠢ ᠳ᠋ᠡᠭᠡᠨ ᠮᠣᠩᠭᠣᠯ ᠤ᠋ᠨ ᠲᠦᠭᠦᠬᠡᠢ ᠡᠳ᠋ ᠦ᠋ᠨ ᠪᠠᠶᠠᠯᠢᠭ ᠠ᠋ᠴᠠ ᠰᠠᠯᠵᠤ ᠮᠠᠭᠠᠳ ᠦᠭᠡᠢ ᠭᠡᠵᠦ ᠰᠠᠨᠳᠤᠷᠤᠨ ᠬᠡᠯᠡᠪᠡ᠃(ᠦᠨᠡᠨ ᠳ᠋ᠡᠭᠡᠨ ᠳᠠᠩᠵᠢᠶᠠᠳ ᠲᠦᠭᠦᠬᠡᠢ ᠡᠳ᠋ ᠦ᠋ᠨ ᠪᠠᠶᠠᠯᠢᠭ ᠠ᠋ᠴᠠ ᠬᠠᠭᠠᠴᠠᠬᠤ ᠪᠣᠯᠪᠠ ᠤᠤ ᠭᠡᠵᠦ ᠢᠩᠭᠢᠵᠦ ᠴᠦ᠍ ᠰᠠᠨᠳᠤᠷᠤᠭᠠᠳ ᠪᠠᠢᠭ᠎ᠠ ᠶᠤᠮ ᠪᠢᠰᠢ᠂ ᠥᠨᠥᠬᠢ ᠭᠤᠷᠪᠠᠨ ᠲᠦᠮᠡᠨ ᠶᠠᠩᠴᠢᠶᠠᠨ ᠤ᠋ ᠲᠤᠬᠠᠢ ᠯᠠ ᠶᠤᠮ ᠪᠠᠢᠵᠢ) ᠭᠡᠲᠡᠯ᠎ᠡ ᠸᠠᠩ ᠬᠠᠢ ᠲᠤᠤ ᠲᠡᠷᠡ ᠶᠠᠩᠴᠢᠶᠠᠨ ᠤ᠋ ᠲᠤᠬᠠᠢ ᠣᠭᠲᠣ ᠮᠡᠳᠡᠭᠡ ᠦᠭᠡᠢ ᠪᠠᠢᠭ᠎ᠠ ᠲᠤᠯᠠ ᠵᠥᠪᠬᠡᠨ ᠰᠠᠶᠢ ᠶ᠋ᠢᠨ ᠬᠡᠯᠡᠭᠰᠡᠨ ᠢ᠋ ᠨᠢ ᠪᠠᠷᠢᠮᠲᠠᠯᠠᠬᠤ ᠪᠥᠭᠡᠳ ᠪᠣᠳᠣᠪᠠᠰᠤ ᠶᠡᠷᠦ ᠲᠡᠢᠮᠦ ᠪᠢᠰᠢ᠂ ᠠᠷᠪᠠᠨ ᠮᠢᠩᠭᠠᠨ ᠰᠢᠯᠢᠳᠡᠭ ᠴᠡᠷᠢᠭ ᠲᠡᠢ ᠱᠤ᠌ ᠰᠢᠦ ᠵᠧᠩ ᠦ᠋ᠨ ᠭᠠᠷ ᠲᠤ ᠪᠠᠢᠭ᠎ᠠ ᠲᠤᠬᠠᠢ ᠣᠭᠲᠣ ᠮᠡᠳᠡᠭᠡ ᠦᠭᠡᠢ ᠪᠠᠢᠭ᠎ᠠ ᠲᠠᠷᠠᠬᠠᠢ ᠪᠤᠲᠠᠷᠬᠠᠢ ᠨᠡᠭᠦᠳᠡᠯᠴᠢᠨ ᠮᠣᠩᠭᠣᠯ ᠶᠡᠷᠦ ᠶᠠᠭᠠᠬᠢᠬᠤ ᠪᠢᠯᠡ ᠳᠠ ᠭᠡᠵᠦ ᠰᠠᠨᠠᠭᠳᠠᠬᠤ ᠠ᠋ᠴᠠ ᠭᠠᠳᠠᠨ᠎ᠠ᠂ ᠳᠥᠷᠪᠡᠨ ᠵᠠᠭᠤᠨ ᠰᠠᠶ᠎ᠠ ᠬᠥᠮᠦᠨ ᠢ᠋ᠶ᠋ᠡᠷ ᠪᠦᠷᠢᠯᠳᠦᠭᠰᠡᠨ ᠳᠤᠮᠳᠠᠳᠤ ᠢᠷᠭᠡᠨ ᠤᠯᠤᠰ ᠪᠣᠯ ᠮᠠᠨᠵᠤ ᠶ᠋ᠢᠨ ᠦᠶ᠎ᠡ ᠳ᠋ᠦ᠍ ᠪᠠᠢᠭ᠎ᠠ ᠪᠢᠰᠢ᠂ ᠮᠠᠨᠵᠤ ᠶ᠋ᠢᠨ ᠲᠥᠷᠥ ᠶ᠋ᠢ ᠤᠰᠠᠳᠬᠠᠨ᠂ ᠠᠩᠭ᠌ᠯᠢ᠂ ᠠᠮᠧᠷᠢᠺᠠ ᠶ᠋ᠢᠨ ᠠᠳᠠᠯᠢ ᠬᠥᠷᠥᠩᠭᠡᠲᠡᠨ ᠦ᠌ ᠪᠦᠭᠦᠳᠡ ᠨᠠᠢᠷᠠᠮᠳᠠᠬᠤ ᠵᠠᠰᠠᠭ ᠲᠥᠷᠥ ᠶ᠋ᠢ ᠲᠣᠭᠲᠠᠭᠠᠭᠰᠠᠨ ᠢ᠋ᠶ᠋ᠠᠷ ᠢ᠋ᠶ᠋ᠠᠨ ᠤᠨᠲᠠᠭᠰᠠᠨ ᠪᠠᠷᠰ ᠰᠡᠷᠭᠦᠨ ᠪᠣᠰᠤᠭᠰᠠᠨ ᠤ᠋ ᠠᠳᠠᠯᠢ ᠬᠡᠨ ᠶᠠᠭᠤᠨ ᠳ᠋ᠤ᠌ ᠴᠦ᠍ ᠢᠯᠠᠭᠳᠠᠰᠢ ᠦᠭᠡᠢ ᠭᠡᠵᠦ ᠪᠣᠳᠣᠳᠠᠭ ᠢ᠋ᠶ᠋ᠠᠷ ᠢ᠋ᠶ᠋ᠠᠨ ᠪᠣᠳᠣᠬᠤ ᠲᠤᠯᠠ ᠵᠣᠪᠠᠬᠤ ᠶᠠᠭᠤᠮ᠎ᠠ ᠳᠠᠩᠴᠤ ᠠᠯᠠᠭ᠎ᠠ᠃ ᠬᠠᠷᠢᠨ ᠮᠣᠩᠭᠣᠯ ᠤ᠋ᠳ ᠬᠥᠳᠡᠯᠪᠡᠯ ᠴᠦ᠍ ᠬᠥᠳᠡᠯᠦᠭ! ᠠᠯᠢᠪᠠ ᠴᠢᠳᠠᠯ ᠢ᠋ᠶ᠋ᠠᠷ ᠢ᠋ᠶ᠋ᠠᠨ ᠬᠥᠳᠡᠯᠵᠦ ᠬᠡᠮᠡᠨ᠎ᠡ ᠶᠠᠳᠠᠷᠠᠯ ᠳ᠋ᠤ᠌ ᠤᠨᠠᠨ ᠬᠦᠴᠦᠨ ᠪᠠᠭᠤᠷᠠᠵᠤ ᠨᠣᠮᠣᠬᠠᠷᠠᠨ᠎ᠠ᠃ ᠲᠡᠷᠡ ᠴᠠᠭ ᠲᠤ ᠥᠪᠡᠷ ᠦ᠋ᠨ ᠠᠵᠢᠯᠯᠠᠭ᠎ᠠ ᠶ᠋ᠢ ᠲᠡᠷᠢᠭᠦᠨ ᠦ᠌ ᠰᠢᠨ᠎ᠡ ᠠᠷᠭ᠎ᠠ ᠪᠠᠷ ᠬᠥᠳᠡᠯᠭᠡᠨ ᠪᠤᠰᠤᠳ ᠲᠠᠢ ᠣᠷᠣᠯᠳᠣᠬᠤ ᠪᠠ ᠪᠤᠰᠤᠳ ᠤ᠋ᠨ ᠲᠡᠷᠢᠭᠦᠨ ᠳ᠋ᠦ᠍ ᠣᠷᠣᠬᠤ ᠶᠤᠮ ᠰᠢᠦ ᠳᠡ ᠭᠡᠵᠦ ᠪᠣᠳᠣᠨ᠎ᠠ᠃ ᠡᠢᠮᠦ ᠳ᠋ᠦ᠍ ᠵᠢᠩ ᠦ᠋ᠨ ᠭᠤᠷᠪᠠᠨ ᠮᠣᠩᠭᠣᠯ ᠳ᠋ᠤ᠌ ᠪᠠᠢᠲᠤᠭᠠᠢ ᠪᠦᠬᠦ ᠮᠣᠩᠭᠣᠯ ᠤ᠋ᠨ ᠠᠷᠠᠳ ᠲᠦᠮᠡᠨ ᠳ᠋ᠦ᠍ ᠴᠦ᠍ ᠬᠣᠷᠣᠰᠬᠤ ᠬᠣᠷᠣᠰᠤᠯ ᠲᠥᠷᠥᠭᠰᠡᠨ ᠦᠭᠡᠢ᠃ ᠬᠠᠷᠢᠨ ᠮᠠᠰᠲ᠋ᠧᠷ ᠭᠸᠨ᠋ᠷᠩ ᠮᠠᠭᠠᠨ ᠠ᠋ᠴᠠ ᠠᠪᠬᠤ ᠴᠢᠴᠧ ᠶ᠋ᠢ ᠲᠤᠩ ᠳᠠᠷᠤᠢ ᠭᠠᠷ ᠲᠠᠭᠠᠨ ᠣᠷᠣᠭᠤᠯᠵᠤ ᠠᠪᠤᠭᠠᠳ ᠪᠤᠰᠤᠳ ᠫᠦᠰᠡ ᠶ᠋ᠢᠨ ᠬᠢᠨ ᠲᠡᠢ ᠴᠣᠬᠢᠯᠳᠤᠬᠤ ᠨᠢ ᠴᠢᠬᠤᠯᠠ ᠭᠡᠵᠦ ᠦᠵᠡᠨ᠎ᠡ᠃
— ᠠᠢ ᠶᠡᠬᠡ ᠠᠬ᠎ᠠ ᠪᠢᠲᠡᠭᠡᠢ ᠵᠣᠪᠠ! ᠣᠳᠣᠬᠠᠨ ᠳ᠋ᠠᠭᠠᠨ ᠠᠷᠤ ᠮᠣᠩᠭᠣᠯ ᠶᠠᠮᠠᠷ ᠴᠦ᠍ ᠪᠠᠢᠭᠰᠠᠨ ᠬᠠᠮᠢᠶ᠎ᠠ ᠦᠭᠡᠢ᠃ ᠲᠡᠳᠡ ᠦᠢᠮᠡᠬᠦ ᠶᠣᠰᠣᠲᠠᠢ᠃ ᠡᠨᠡ ᠮᠠᠨ ᠤ᠋ ᠠᠵᠢᠯ ᠳ᠋ᠤ᠌ ᠨᠢᠭᠡ ᠤᠳᠠᠭ᠎ᠠ ᠰᠠᠭᠠᠳ ᠪᠣᠯᠬᠤ ᠪᠣᠯᠪᠠᠴᠤ ᠡᠴᠦᠰ ᠲᠡᠭᠡᠨ ᠰᠠᠢᠨ ᠪᠣᠯᠤᠨ᠎ᠠ᠃
— ᠠᠢ ᠰᠠᠢᠨ ᠳᠡᠭᠦᠦ ᠮᠢᠨᠢ᠂ ᠲᠡᠢᠮᠦ ᠪᠢᠰᠢ᠃ ᠮᠣᠩᠭᠣᠯ ᠬᠥᠮᠦᠨ ᠨᠢᠭᠡ ᠬᠥᠳᠡᠯᠪᠡᠰᠦ ᠬᠡᠴᠢᠨᠡᠭᠡᠨ ᠬᠡᠴᠡᠭᠦᠦ ᠶ᠋ᠢ ᠴᠢ ᠮᠡᠳᠡᠬᠦ ᠦᠭᠡᠢ᠂ ᠪᠢ ᠮᠡᠳᠡᠨ᠎ᠡ᠃ ᠨᠠᠳᠠ ᠠ᠋ᠴᠠ ᠭᠠᠳᠠᠨ᠎ᠠ ᠲᠡᠦᠬᠡ ᠮᠡᠳᠡᠨ᠎ᠡ᠃ ᠲᠡᠦᠬᠡ ᠪᠣᠯ ᠥᠩᠭᠡᠷᠡᠭᠰᠡᠨ ᠢ᠋ ᠬᠡᠯᠡᠬᠦ ᠪᠣᠯᠪᠠᠴᠤ ᠲᠡᠷᠡ ᠤᠯᠤᠰ ᠤ᠋ᠨ ᠵᠠᠩ ᠴᠢᠨᠠᠷ ᠢ᠋ ᠢᠯᠡᠴᠢᠯᠡᠨ᠎ᠡ᠃ ᠢᠷᠡᠭᠡᠳᠦᠢ ᠶ᠋ᠢᠨ ᠵᠠᠮ ᠮᠥᠷ ᠢ᠋ ᠴᠦ᠍ ᠵᠢᠭᠠᠨ᠎ᠠ᠃ ᠠᠶ᠎ᠠ᠂ ᠪᠣᠳᠣᠬᠤ ᠬᠡᠷᠡᠭᠲᠡᠢ! ᠵᠣᠣ ᠴᠢ ᠮᠢᠨ ᠨᠣᠶᠠᠨ ᠢ᠋ ᠪᠤᠳᠠᠭ᠎ᠠ ᠵᠣᠭᠣᠭᠯᠠ ᠭᠡᠵᠦ ᠵᠠᠯᠠᠨ ᠠᠪᠴᠢᠷᠠ! ᠡᠨᠡ ᠬᠥᠮᠦᠨ ᠪᠢᠳᠡᠨ ᠳ᠋ᠦ᠍ ᠯᠠᠪ ᠰᠠᠢᠨ ᠢ᠋ ᠬᠡᠯᠡᠨ᠎ᠡ ᠪᠠᠢᠬ᠎ᠠ᠃
ᠵᠣᠣ ᠴᠢ ᠮᠢᠨ ᠨᠣᠶᠠᠨ ᠭᠡᠭᠴᠢ ᠨᠢ ᠡᠮᠦᠨ᠎ᠡ ᠵᠦᠭ ᠦ᠋ᠨ ᠨᠢᠭᠡᠨ ᠴᠡᠷᠢᠭ ᠦ᠋ᠨ ᠡᠷᠬᠡᠲᠡᠨ ᠨᠦ᠍ᠭᠦᠳ ᠦ᠋ᠨ ᠨᠢᠭᠡᠨ ᠳ᠋ᠢᠸᠢᠽᠢ ᠶ᠋ᠢᠨ ᠳᠠᠷᠤᠭ᠎ᠠ ᠪᠥᠭᠡᠳ ᠬᠡᠳᠦᠨ ᠰᠠᠷ᠎ᠠ ᠪᠠᠢᠯᠳᠤᠭᠰᠠᠨ ᠤ᠋ ᠪᠠᠨ ᠡᠴᠦᠰ ᠲᠦ᠍ ᠵᠠᠩᠴᠢᠬᠦᠦ ᠬᠣᠲᠠᠨ᠎ᠠ ᠴᠡᠷᠢᠭ ᠦ᠋ᠳ ᠲᠡᠢ ᠪᠡᠨ ᠢᠷᠡᠨ ᠠᠮᠠᠷᠠᠵᠤ ᠪᠠᠢᠭ᠎ᠠ ᠠᠵᠢ᠃ ᠣᠳᠣ ᠠᠮᠠᠷᠠᠬᠤ ᠬᠤᠭᠤᠴᠠᠭ᠎ᠠ ᠨᠢ ᠳᠠᠭᠤᠰᠤᠨ ᠬᠡᠵᠢᠶ᠎ᠡ ᠬᠡᠵᠢᠶ᠎ᠡ ᠦᠭᠡᠢ ᠳᠠᠬᠢᠨ ᠪᠠᠢᠯᠳᠤᠭᠠᠨ ᠳ᠋ᠤ᠌ ᠮᠣᠷᠳᠠᠬᠤ ᠳᠥᠭᠥᠭᠡᠳ ᠪᠠᠢᠭ᠎ᠠ ᠶᠤᠮ ᠪᠠᠢᠵᠠᠢ᠃
ᠸᠠᠩ ᠬᠠᠢ ᠲᠤᠤ᠂ ᠳᠠᠩᠵᠢᠶᠠᠳ ᠤ᠋ᠨ ᠦᠭᠡ ᠶ᠋ᠢ ᠣᠭᠲᠣ ᠲᠣᠭᠣᠮᠰᠠᠷᠯᠠᠭᠰᠠᠨ ᠦᠭᠡᠢ ᠪᠢᠯᠡ᠃ ᠲᠡᠦᠬᠡ ᠪᠣᠯ ᠤᠯᠤᠰ ᠤ᠋ᠨ ᠢᠷᠡᠭᠡᠳᠦᠢ ᠶ᠋ᠢᠨ ᠵᠠᠮ ᠮᠥᠷ ᠢ᠋ ᠵᠢᠭᠠᠨ᠎ᠠ ᠭᠡᠭᠴᠢ ᠨᠢ ᠶᠠᠭᠤ ᠪᠣᠢ? ᠳᠣᠯᠣᠭᠠᠨ ᠵᠠᠭᠤᠨ ᠵᠢᠯ ᠦ᠋ᠨ ᠡᠮᠦᠨ᠎ᠡ ᠪᠥᠭᠡᠳ ᠥᠪᠡᠷ ᠦ᠋ᠨ ᠢ᠋ᠶ᠋ᠡᠨ ᠡᠮᠦᠨ᠎ᠡ ᠡᠴᠡ ᠡᠰᠡᠷᠭᠦᠴᠡᠭᠰᠡᠨ ᠪᠦᠬᠦᠨ ᠢ᠋ ᠬᠡᠮᠬᠡ ᠴᠣᠬᠢᠨ ᠳᠣᠣᠷ᠎ᠠ ᠪᠠᠨ ᠰᠥᠭᠥᠳᠬᠡᠭᠰᠡᠨ ᠴᠢᠩᠭᠢᠰ ᠬᠠᠭᠠᠨ ᠳᠠᠬᠢᠨ ᠪᠣᠰᠬᠤ ᠬᠡᠷᠡᠭ ᠤᠤ? ᠶᠠᠭᠠᠬᠢᠯ᠎ᠠ ᠴᠦ᠍ ᠭᠡᠰᠡᠨ ᠲᠡᠷᠲᠡᠭᠡᠬᠢ ᠬᠣᠯᠠ ᠶ᠋ᠢᠨ ᠬᠡᠷᠡᠭ ᠲᠦ᠍ ᠥᠭᠡᠷ᠎ᠡ ᠵᠦᠭ᠂ ᠥᠭᠡᠷ᠎ᠡ ᠬᠡᠷᠡᠭ ᠢ᠋ᠶ᠋ᠡᠷ ᠥᠨᠥ ᠮᠠᠷᠭᠠᠰᠢ ᠶ᠋ᠢᠨ ᠨᠢᠭᠡᠨ ᠳ᠋ᠦ᠍ ᠶᠠᠪᠤᠬᠤ ᠬᠥᠮᠦᠨ ᠢ᠋ ᠪᠢᠯᠳᠠᠤᠴᠢᠯᠠᠬᠤ ᠶ᠋ᠢᠨ ᠬᠡᠷᠡᠭ ᠠᠯᠠᠭ᠎ᠠ᠃ ᠡᠨᠡ ᠨᠢ ᠶᠠᠳᠠᠵᠤ ᠨᠢᠭᠡ ᠭᠸᠨ᠋ᠷᠡᠯ ᠰᠠᠨ ᠪᠣᠯ ᠴᠤ᠌ ᠪᠠᠰᠠ ᠶᠠᠭᠠᠬᠢᠬᠤᠪ᠃ ᠤᠷᠲᠤ ᠠ᠋ᠴᠠ ᠪᠠᠨ ᠳ᠋ᠢᠸᠢᠽᠢ ᠶ᠋ᠢᠨ ᠳᠠᠷᠤᠭ᠎ᠠ ᠪᠥᠭᠡᠳ ᠲᠡᠭᠡᠬᠦ ᠪᠡᠷ ᠲᠡᠷᠡ ᠨᠢ ᠨᠢᠭᠡ ᠶᠡᠬᠡ ᠪᠦᠬᠦᠨ ᠢ᠋ ᠢᠯᠠᠨ ᠪᠠᠢᠯᠳᠤᠭᠴᠢ ᠴᠤ᠌ ᠪᠢᠰᠢ᠂ ᠥᠪᠡᠷ ᠢ᠋ᠶ᠋ᠡᠨ ᠳᠠᠢᠰᠤᠨ ᠳ᠋ᠤ᠌ ᠪᠠᠢᠨ ᠪᠠᠢᠨ ᠴᠣᠬᠢᠭᠳᠠᠭᠰᠠᠭᠠᠷ ᠳ᠋ᠢᠸᠢᠽᠢ ᠴᠦ᠍ ᠪᠢᠰᠢ ᠳ᠋ᠢᠸᠢᠽᠢ ᠶ᠋ᠢᠨ ᠨᠡᠷ᠎ᠡ ᠵᠡᠭᠦᠭᠰᠡᠨ ᠬᠣᠷᠢᠶ᠎ᠠ᠂ ᠴᠡᠷᠢᠭ ᠦ᠋ᠳ ᠨᠢ ᠪᠣᠯ ᠬᠠᠮᠢᠭ᠎ᠠ ᠶᠠᠪᠤᠭᠰᠠᠨ ᠭᠠᠵᠠᠷ ᠢ᠋ᠶ᠋ᠠᠨ ᠡᠩ ᠦ᠋ᠨ ᠨᠣᠮᠣᠬᠠᠨ ᠠᠷᠠᠳ ᠢᠷᠭᠡᠳ ᠦ᠋ᠨ ᠡᠪᠦᠷ ᠲᠦᠷᠡᠢ ᠶ᠋ᠢ ᠨᠡᠩᠵᠢᠨ ᠠᠷᠪᠠ ᠲᠠᠪᠤᠨ ᠵᠣᠭᠣᠰ ᠢ᠋ ᠨᠢ ᠪᠤᠯᠢᠶᠠᠨ᠎ᠠ᠃ ᠪᠠᠢᠯᠳᠤᠬᠤ ᠳ᠋ᠠᠭᠠᠨ ᠪᠡᠶ᠎ᠡ ᠪᠠᠶᠠᠨ ᠤ᠋ ᠪᠠᠨ ᠠᠷᠤ ᠳ᠋ᠤ᠌ ᠣᠷᠣᠵᠤ ᠪᠠᠢᠭᠠᠳ ᠵᠢᠭᠤᠲᠠᠬᠤ ᠳ᠋ᠠᠭᠠᠨ ᠯᠠ ᠰᠠᠢᠨ᠃ ᠡᠢᠮᠦ ᠨᠢᠭᠡᠨ ᠰᠠᠨᠳᠤᠷᠤᠭᠰᠠᠨ ᠳᠠᠷᠤᠭ᠎ᠠ ᠶ᠋ᠢ ᠨᠣᠶᠠᠨ ᠭᠡᠵᠦ ᠨᠡᠷᠡᠯᠡᠭᠡᠳ᠂ ᠵᠠᠯᠠᠨ ᠠᠪᠴᠢᠷᠠ ᠭᠡᠬᠦ ᠪᠣᠯ ᠶᠣᠰᠣᠲᠠᠢ ᠲᠡᠨᠡᠭ ᠮᠠᠩᠬᠤᠤ ᠴᠤ᠌ ᠦᠵᠡᠭᠡ ᠦᠭᠡᠢ ᠵᠥᠨᠥᠭ ᠦ᠋ᠨ ᠠᠵᠢᠯ᠃ ᠠᠷᠢᠬᠢ ᠳᠠᠷᠠᠰᠤ᠂ ᠬᠣᠭᠣᠯᠠ ᠴᠠᠢ᠂ ᠴᠠᠭ ᠭᠤᠷᠪᠠ ᠶ᠋ᠢᠨ ᠭᠠᠷᠤᠵᠠ ᠭᠡᠵᠦ ᠸᠠᠩ ᠬᠠᠢ ᠲᠤᠤ ᠶ᠋ᠢᠨ ᠰᠡᠳᠬᠢᠯ ᠳ᠋ᠦ᠍ ᠪᠠᠭᠤᠬᠤ ᠪᠣᠯᠪᠠᠴᠤ ᠭᠠᠳᠠᠨ᠎ᠠ ᠪᠠᠨ ᠪᠠᠬᠠᠳᠤᠨ ᠰᠠᠢᠰᠢᠶᠠᠨ᠎ᠠ᠃
— ᠠᠢ ᠠᠬ᠎ᠠ ᠶ᠋ᠢᠨ ᠰᠠᠨᠠᠭ᠎ᠠ ᠲᠤᠢᠯ ᠤ᠋ᠨ ᠵᠥᠪ᠃ ᠪᠢ ᠣᠳᠣᠬᠠᠨ ᠤᠷᠢᠶ᠎ᠠ ᠭᠡᠳ ᠬᠠᠭᠠᠯᠭ᠎ᠠ ᠶ᠋ᠢ ᠨᠢ ᠵᠥᠭᠡᠯᠡᠨ ᠢ᠋ᠶ᠋ᠡᠷ ᠬᠠᠭᠠᠭᠠ ᠭᠠᠷᠤᠭᠰᠠᠨ ᠢ᠋ᠶ᠋ᠠᠨ᠄《ᠪᠢ ᠰᠢᠨ᠎ᠡ ᠦᠶ᠎ᠡ ᠶ᠋ᠢᠨ ᠪᠣᠯᠪᠠᠰᠤᠷᠠᠯ ᠲᠠᠢ ᠱᠠᠩᠬᠠᠢ ᠬᠣᠲᠠ ᠶ᠋ᠢᠨ ᠬᠥᠮᠦᠨ ᠠᠲᠠᠯ᠎ᠠ ᠪᠠᠨ ᠡᠨᠡ ᠮᠠᠭᠤ ᠬᠠᠷ᠎ᠠ ᠲᠠᠮᠠᠬᠢᠨ ᠤ᠋ ᠪᠣᠬᠢᠷ ᠤᠲᠤᠭ᠎ᠠ᠂ ᠭᠠᠰᠢᠭᠤᠨ ᠰᠠᠷᠢᠮᠰᠠᠭ ᠤ᠋ᠨ ᠬᠤᠷᠴᠠ ᠦᠨᠦᠷ ᠬᠣᠶᠠᠷ ᠲᠤ ᠨᠡᠪᠲᠡᠷᠡᠭᠰᠡᠨ ᠵᠥᠨᠥᠭ ᠦ᠋ᠨ ᠡᠮᠦᠨ᠎ᠡ ᠶᠠᠭᠤᠨ ᠳ᠋ᠤ᠌ ᠪᠥᠬᠥᠯᠵᠡᠨᠡ ᠪᠢᠯᠡ?》 ᠭᠡᠵᠦ ᠪᠣᠳᠣᠪᠠ᠃ ᠲᠣᠮᠣ ᠲᠡᠩᠬᠡᠬᠡᠷ ᠠᠰᠠᠷ ᠲᠠᠢ ᠬᠠᠭᠠᠯᠭᠠᠨ ᠤ᠋ ᠪᠦᠳᠦᠭᠦᠨ ᠭᠣᠶᠣ ᠮᠣᠳᠣ ᠶ᠋ᠢ ᠰᠠᠨᠠᠭᠠᠨ ᠳ᠋ᠤ᠌ ᠦᠭᠡᠢ ᠲᠦᠰᠢᠨ ᠵᠣᠭᠰᠣᠬᠤ ᠶ᠋ᠢᠨ ᠤᠴᠢᠷ ᠲᠡᠷᠡ ᠪᠠᠢᠯ᠎ᠠ᠃ ᠬᠠᠷᠢᠭᠤ ᠳ᠋ᠤᠨᠢ ᠮᠥᠩᠭᠥ! ᠮᠥᠩᠭᠥᠨ ᠦ᠌ ᠲᠥᠯᠥᠭᠡ! ᠴᠢ ᠲᠡᠭᠦᠨ ᠡᠴᠡ ᠬᠡᠳᠦᠨ ᠠᠷᠪᠠᠨ ᠬᠤᠪᠢ ᠪᠠᠭ᠎ᠠ ᠮᠥᠩᠭᠥ ᠲᠠᠢ ᠠ᠋ᠴᠠ ᠯᠠ ᠡᠨᠡ ᠰᠢᠦ ᠳᠡ ᠭᠡᠵᠦ ᠲᠩᠷᠢ ᠳᠡᠭᠡᠷ᠎ᠡ ᠡᠴᠡ ᠬᠡᠯᠡᠬᠦ ᠰᠢᠭ ᠪᠣᠯᠬᠤ ᠳ᠋ᠤᠨᠢ᠂ ᠵᠠ ᠶᠠᠭᠠᠬᠢᠬᠤᠪ᠂ ᠪᠢ ᠲᠡᠭᠦᠨ ᠦ᠌ ᠡᠮᠦᠨ᠎ᠡ ᠪᠥᠬᠥᠯᠵᠡᠬᠦ ᠬᠡᠷᠡᠭᠲᠡᠢ᠃ ᠢᠩᠭᠢᠬᠦ ᠴᠦ᠍ ᠬᠡᠷᠡᠭᠲᠡᠢ᠃ ᠪᠡᠶ᠎ᠡ ᠶ᠋ᠢ ᠨᠢ ᠮᠠᠭᠤᠳᠠᠬᠤ ᠪᠠᠷ《ᠠᠢ ᠠᠬ᠎ᠠ ᠮᠢᠨᠢ ᠬᠡᠷᠪᠡ ᠲᠠᠨ ᠢ᠋ ᠨᠠᠰᠤ ᠪᠠᠷᠠᠪᠠᠰᠤ ᠳᠡᠭᠦᠦ ᠨᠠᠳᠠ ᠳ᠋ᠤ᠌ ᠠᠮᠢᠳᠤ ᠶᠠᠪᠤᠬᠤ ᠶ᠋ᠢᠨ ᠬᠡᠷᠡᠭ ᠠᠯᠠᠭ᠎ᠠ ᠭᠡᠵᠦ ᠥᠨᠥᠴᠢᠨ ᠰᠠᠷᠢᠮᠰᠠᠭ ᠤ᠋ᠨ ᠰᠢᠭᠦᠰᠦ ᠶ᠋ᠢ ᠠᠯᠴᠢᠭᠤᠷ ᠲᠠᠭᠠᠨ ᠰᠢᠩᠭᠡᠭᠡᠨ ᠨᠢᠳᠦ ᠪᠡᠨ ᠠᠷᠴᠢᠨ ᠨᠢᠯᠪᠤᠰᠤ ᠠᠰᠬᠠᠷᠠᠭᠤᠯᠬᠤ ᠶᠤᠮ ᠰᠢᠦ᠃ ᠢᠩᠭᠢᠵᠦ ᠬᠡᠮᠡᠨ᠎ᠡ ᠡᠴᠦᠰ ᠦ᠋ᠨ ᠴᠠᠭ ᠮᠢᠨᠦᠬᠢ ᠪᠣᠯᠤᠨ᠎ᠠ》 ᠭᠡᠵᠦ ᠪᠣᠳᠣᠨ ᠰᠡᠳᠬᠢᠯ ᠲᠠᠢᠳᠬᠤᠷᠠᠨ᠎ᠠ᠃
ᠢᠩᠭᠢᠭᠰᠡᠨ ᠢ᠋ᠶ᠋ᠡᠷ ᠢ᠋ᠶ᠋ᠡᠨ ᠵᠣᠣ ᠴᠢ ᠮᠢᠨ ᠨᠣᠶᠠᠨ ᠤ᠋ ᠵᠦᠭ ᠢᠨᠢᠶᠡᠮᠰᠦᠭᠯᠡᠨ ᠠᠯᠬᠤᠬᠤ ᠪᠣᠯᠪᠠ᠃
