ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠ〕 Цаг төрийн үймээн – Д ᠂ Намдаг - Амьдралын зам ᠂ нэгдүгээр бүлэг - 10
ᠶᠡᠬᠡ ᠳᠠᠩᠵᠢᠶᠠᠳ
ᠳᠠᠩᠵᠢᠶᠠᠳ ᠲᠠᠢ ᠠᠭᠤᠯᠵᠠᠬᠤ ᠪᠠᠷ ᠶᠠᠪᠤᠭ᠎ᠠ ᠬᠥᠮᠦᠨ ᠵᠡᠭᠦᠨ ᠬᠣᠢᠲᠤ ᠪᠤᠯᠤᠩ ᠤ᠋ᠨ ᠰᠢᠯ ᠴᠣᠩᠬᠣ ᠨᠤᠭᠤᠳ ᠲᠠᠢ ᠬᠥᠬᠡ ᠲᠤᠢᠫᠤᠤ ᠶ᠋ᠢᠨ ᠪᠠᠢᠰᠢᠩ ᠴᠢᠭᠯᠡᠨ ᠶᠠᠪᠤᠯ᠎ᠠ᠃ ᠣᠢᠷᠠᠲᠤᠬᠤ ᠳᠣᠳᠣᠮ ᠢ᠋ᠶ᠋ᠠᠨ ᠲᠡᠷᠡ ᠬᠥᠮᠦᠨ ᠦ᠌ ᠭᠢᠰᠬᠢᠯᠲᠡ ᠤᠳᠠᠭᠠᠰᠢᠷᠠᠨ ᠴᠢᠷᠠᠢ ᠨᠢ ᠲᠥᠪ ᠪᠣᠯᠪᠠ᠃ ᠤᠭ ᠪᠠᠢᠰᠢᠩ ᠤ᠋ᠨ ᠳᠡᠷᠭᠡᠳᠡ ᠢᠷᠡᠭᠡᠳ ᠬᠠᠭᠠᠯᠭ᠎ᠠ ᠶ᠋ᠢ ᠵᠥᠭᠡᠯᠡᠨ ᠲᠡᠳᠡᠨ᠄
— ᠵᠠ ᠡᠢᠰᠢ ᠪᠡᠨ ᠣᠷᠣᠪᠠᠢ ᠭᠡᠵᠦ ᠰᠢᠪᠡᠨᠡᠪᠡ᠃
ᠲᠡᠷᠡ ᠲᠠᠰᠤᠯᠭ᠎ᠠ ᠬᠥᠮᠦᠨ ᠦᠭᠡᠢ᠂ ᠵᠥᠪᠬᠡᠨ ᠰᠢᠷᠡᠭᠡ ᠰᠠᠨᠳᠠᠯᠢ ᠬᠣᠶᠠᠷᠬᠠᠨ ᠪᠠᠢᠭ᠎ᠠ ᠦᠵᠡᠭᠳᠡᠨ᠎ᠡ᠃ ᠨᠥᠭᠦᠭᠡ ᠬᠥᠮᠦᠨ ᠬᠣᠢᠨ᠎ᠠ ᠠ᠋ᠴᠠ ᠣᠷᠣᠵᠤ ᠢᠷᠡᠭᠡᠳ ᠵᠡᠭᠦᠨ ᠲᠠᠢᠰᠢ ᠬᠠᠷᠠᠭᠰᠠᠨ ᠬᠣᠶᠠᠳᠠᠬᠢ ᠬᠠᠭᠠᠯᠭᠠᠨ ᠳᠡᠭᠡᠷ᠎ᠡ ᠣᠴᠢᠨ ᠲᠠᠲᠠᠭᠠᠳ ᠦᠭᠡ ᠳᠤᠤᠭᠠᠷᠤᠯ ᠦᠭᠡᠢ ᠬᠥᠳᠡᠯᠭᠡᠪᠡ᠃ ᠡᠭᠦᠨ ᠢ᠋ ᠨᠢ ᠵᠢᠩᠴᠢᠳ ᠮᠥᠨ ᠡᠢᠰᠢ ᠣᠷᠣ ᠭᠡᠵᠦ ᠪᠠᠢᠨ᠎ᠠ ᠭᠡᠵᠦ ᠣᠢᠯᠠᠭᠠᠪᠠ᠃ ᠡᠨᠳᠡ ᠮᠥᠨ ᠬᠥᠮᠦᠨ ᠦᠭᠡᠢ᠂ ᠳᠤᠭᠤᠢ ᠰᠢᠷᠡᠭᠡ ᠲᠣᠭᠣᠷᠢᠭᠤᠯᠤᠨ ᠬᠡᠳᠦᠨ ᠰᠠᠨᠳᠠᠯᠢ ᠲᠠᠯᠪᠢᠭᠰᠠᠨ ᠠ᠋ᠴᠠ ᠭᠠᠳᠠᠨ᠎ᠠ ᠬᠠᠨᠵᠤ ᠪᠣᠢ ᠦᠵᠡᠭᠳᠡᠨ᠎ᠡ᠃ ᠭᠡᠲᠡᠯ᠎ᠡ ᠣᠳᠣ ᠳᠠᠭᠠᠭᠤᠯᠵᠤ ᠶᠠᠪᠤᠭ᠎ᠠ ᠬᠥᠮᠦᠨ ᠭᠤᠷᠪᠠᠳᠠᠬᠢ ᠬᠠᠭᠠᠯᠭ᠎ᠠ ᠤᠷᠤᠭᠤ ᠥᠯᠮᠡᠢ ᠪᠡᠷ ᠢ᠋ᠶ᠋ᠡᠨ ᠭᠢᠰᠬᠢᠯᠡᠨ ᠬᠦᠷᠦᠭᠡᠳ᠂ ᠴᠢᠬᠢ ᠲᠠᠯᠪᠢᠨ ᠴᠢᠩᠨᠠᠨ ᠵᠣᠭᠰᠣᠪᠠ᠃ ᠦᠵᠡᠲᠡᠯ᠎ᠡ ᠵᠢᠷᠦᠬᠡ ᠨᠢ ᠬᠦᠴᠦᠲᠡᠢ ᠴᠣᠬᠢᠯᠠᠨ ᠠᠮᠢᠰᠬᠤᠯ ᠨᠢ ᠳᠡᠭᠡᠷ᠎ᠡ ᠬᠥᠭᠡᠷᠪᠡ᠃
ᠬᠠᠭᠠᠯᠭᠠᠨ ᠤ᠋ ᠴᠢᠨᠠᠳᠤ ᠲᠠᠯ᠎ᠠ ᠳ᠋ᠤ᠌ ᠳᠠᠩᠵᠢᠶᠠᠳ᠂ ᠲᠣᠯᠣᠭᠠᠢ ᠪᠤᠭᠤᠷᠤᠯ᠂ ᠴᠢᠷᠠᠢ ᠦᠷᠴᠢᠭᠢᠷ᠂ ᠨᠢᠳᠦ ᠭᠤᠷᠪᠠᠯᠵᠢᠨ᠂ ᠬᠣᠶᠠᠷ ᠵᠠᠪᠠᠵᠢ ᠤᠷᠤᠭᠤ ᠪᠠᠨ ᠤᠯᠠᠭᠠᠨ᠂ ᠴᠠᠭᠠᠨ᠂ ᠬᠥᠬᠡ ᠭᠤᠷᠪᠠᠨ ᠥᠩᠭᠡ ᠶ᠋ᠢᠨ ᠪᠣᠯᠪᠠᠴᠤ ᠲᠠᠪᠤ ᠠᠷᠪᠠᠬᠠᠨ ᠬᠢᠯᠭᠠᠰᠤ ᠪᠠᠷ ᠪᠦᠷᠢᠳᠦᠭᠰᠡᠨ ᠰᠢᠩᠭᠡᠨ ᠰᠠᠬᠠᠯ ᠤᠨᠵᠢᠭᠤᠯᠤᠭᠰᠠᠨ ᠡᠪᠦᠭᠡᠨ᠂ ᠬᠦᠷᠡᠩ ᠽᠠᠨᠳᠠᠨ ᠨᠢᠭᠤᠷ ᠲᠠᠢ ᠬᠠᠨᠵᠤᠨ ᠳᠡᠭᠡᠷ᠎ᠡ ᠲᠣᠮᠣ ᠬᠠᠷ᠎ᠠ ᠪᠠᠭᠠᠪᠠᠭᠠᠢ ᠶ᠋ᠢᠨ ᠠᠷᠠᠰᠤ ᠳᠡᠯᠭᠡᠭᠰᠡᠨ ᠳᠡᠭᠡᠷ᠎ᠡ ᠪᠡᠨ ᠬᠥᠯ ᠠᠴᠢᠨ ᠬᠠᠭᠠᠰ ᠵᠠᠪᠢᠯᠠᠨ ᠰᠠᠭᠤᠬᠤ ᠠᠵᠢ᠃ ᠤᠭ ᠨᠢ ᠡᠨᠡ ᠬᠥᠮᠦᠨ ᠢᠳᠡᠷ ᠵᠠᠯᠠᠭᠤ ᠳ᠋ᠠᠭᠠᠨ ᠳᠠᠩᠵᠢᠶᠠᠳ ᠪᠢᠰᠢ᠂ ᠶᠠᠳᠠᠵᠤ ᠠᠮᠢ ᠬᠤᠪᠢ ᠶ᠋ᠢᠨ ᠠᠮᠢᠳᠤᠷᠠᠯᠭᠠᠨ ᠳ᠋ᠤ᠌ ᠪᠢᠰᠢ᠂ ᠡᠳᠦᠷ ᠦ᠋ᠨ ᠢ᠋ᠶ᠋ᠡᠨ ᠵᠢᠳᠬᠦᠭᠰᠡᠨ ᠢ᠋ᠶ᠋ᠡᠷ ᠰᠥᠨᠢ ᠶ᠋ᠢᠨ ᠪᠣᠷᠣ ᠬᠣᠨᠣᠭ ᠵᠠᠯᠭᠠᠳᠠᠭ ᠪᠥᠭᠡᠳ ᠰᠥᠨᠢ ᠶ᠋ᠢᠨ ᠪᠣᠳᠣᠵᠤ ᠬᠣᠨᠣᠭᠰᠠᠨ ᠢ᠋ᠶ᠋ᠠᠷ ᠢ᠋ᠶ᠋ᠠᠨ ᠮᠠᠷᠭᠠᠰᠢ ᠨᠢ ᠠᠵᠢᠯ ᠳ᠋ᠤ᠌ ᠵᠢᠳᠬᠦᠳᠡᠭ ᠶᠠᠳᠠᠭᠤᠰ ᠤ᠋ᠨ ᠨᠢᠭᠡ ᠪᠠᠢᠯ᠎ᠠ᠃ ᠲᠡᠭᠡᠭᠡᠳ ᠨᠢᠭᠡ ᠡᠳᠦᠷ ᠭᠠᠳᠠᠭᠰᠢ ᠭᠠᠷᠴᠤ ᠪᠣᠯᠣᠰᠢ ᠦᠭᠡᠢ ᠲᠩᠷᠢ ᠮᠠᠭᠤᠬᠠᠢ ᠳ᠋ᠤ᠌ ᠡᠷᠭᠢ ᠨᠦᠬᠡᠯᠡᠨ ᠪᠠᠢᠭᠤᠯᠤᠭᠰᠠᠨ ᠣᠷᠣᠨ ᠳ᠋ᠠᠭᠠᠨ ᠶᠠᠳᠠᠭᠤ ᠵᠦᠳᠡᠭᠦᠦ ᠶ᠋ᠢᠨ ᠲᠦᠮᠡᠨ ᠵᠣᠪᠠᠯᠠᠩ᠂ ᠮᠢᠩᠭᠠᠨ ᠭᠠᠰᠢᠭᠤᠨ ᠢ᠋ ᠪᠣᠳᠣᠨ ᠬᠡᠪᠲᠡᠵᠦ ᠪᠠᠢᠬᠤ ᠳ᠋ᠤᠨᠢ ᠭᠡᠨᠡᠳᠲᠡ ᠨᠢᠭᠡ ᠰᠠᠢᠬᠠᠨ ᠤᠬᠠᠭᠠᠨ ᠰᠡᠳᠬᠢᠯ ᠳ᠋ᠦ᠍ᠨᠢ ᠪᠠᠭᠤᠭᠰᠠᠨ ᠠᠵᠢ᠃ ᠲᠡᠷᠡ ᠨᠢ ᠶᠠᠭᠤ ᠪᠣᠢ ᠭᠡᠪᠡᠯ᠄ ᠰᠢᠯ ᠲᠣᠯᠢ᠂ ᠵᠡᠭᠦᠦ ᠬᠤᠷᠤᠭᠤᠪᠴᠢ᠂ ᠬᠣᠰᠢᠶ᠎ᠠ ᠲᠤᠤᠵᠠ ᠪᠠ ᠪᠠᠰᠠ ᠪᠤᠰᠤᠳ ᠪᠦᠬᠦ ᠵᠠᠩᠴᠢᠬᠦᠦ ᠬᠣᠲᠠ ᠶ᠋ᠢᠨ ᠬᠡᠮᠵᠢᠶ᠎ᠡ ᠪᠡᠷ ᠦᠯᠦ ᠵᠠᠷᠤᠭᠳᠠᠬᠤ ᠶᠠᠭᠤᠮᠠᠰ ᠶᠠᠭᠤ ᠪᠠᠢᠳᠠᠭ ᠢ᠋ ᠴᠤᠭᠯᠠᠷᠠᠭᠤᠯᠤᠨ ᠠᠪᠴᠤ ᠬᠣᠶᠠᠷ ᠲᠣᠮᠣ ᠰᠠᠭᠰᠤᠨ ᠳ᠋ᠤ᠌ ᠬᠢᠵᠦ ᠤᠷᠲᠤ ᠮᠣᠳᠣ ᠪᠠᠷ ᠳᠠᠮᠨᠠᠭᠤᠷᠳᠠᠨ ᠡᠭᠦᠷᠭᠡᠯᠡᠵᠦ᠂ ᠬᠠᠯᠬ᠎ᠠ ᠨᠤᠲᠤᠭ ᠲᠤ᠌ ᠠᠪᠠᠴᠢᠭᠠᠳ ᠮᠣᠷᠢ ᠤᠨᠤᠵᠤ᠂ ᠮᠠᠯ ᠢ᠋ᠶ᠋ᠠᠨ ᠮᠠᠯᠯᠠᠭᠰᠠᠨ ᠮᠣᠩᠭᠣᠯ ᠲᠤᠭᠤᠷᠭᠠᠲᠠᠨ ᠨᠤᠭᠤᠳ ᠤ᠋ᠨ ᠡᠬᠡᠨᠡᠷ ᠬᠡᠦᠬᠡᠨ ᠳ᠋ᠦ᠍ ᠮᠠᠢᠮᠠᠢᠯᠠᠶᠠ ᠭᠡᠵᠦ ᠪᠣᠳᠣᠵᠠᠢ᠃ ᠢᠩᠭᠢᠭᠡᠳ ᠨᠢᠭᠡ ᠤᠳᠠᠭ᠎ᠠ ᠲᠤᠷᠰᠢᠵᠤ ᠦᠵᠡᠭᠡᠳ ᠶᠡᠬᠡᠬᠡᠨ ᠠᠮᠵᠢᠯᠲᠠ ᠣᠯᠤᠭᠰᠠᠨ ᠤᠴᠢᠷ ᠬᠠᠯᠬ᠎ᠠ ᠵᠠᠩᠴᠢᠬᠦᠦ ᠬᠣᠶᠠᠷ ᠤ᠋ᠨ ᠬᠣᠭᠣᠷᠣᠨᠳᠣ ᠪᠠᠷᠤᠭ ᠲᠡᠮᠡᠭᠡᠨ ᠳ᠋ᠦ᠍ ᠳᠠᠩᠨᠠᠪᠠᠯ ᠵᠣᠬᠢᠬᠤ ᠬᠦᠨᠳᠦ ᠶ᠋ᠢ ᠡᠭᠦᠷᠭᠡᠯᠡᠨ ᠭᠤᠴᠢᠨ ᠬᠣᠶᠠᠷ ᠤᠳᠠᠭ᠎ᠠ ᠶᠠᠪᠤᠯ᠎ᠠ᠃ ᠡᠢᠨ ᠬᠦ᠌ ᠶᠠᠪᠤᠬᠤ ᠳ᠋ᠠᠭᠠᠨ ᠲᠣᠮᠣ ᠲᠣᠮᠣ ᠲᠣᠪᠣᠷᠤᠤᠲᠤ ᠬᠠᠳᠠᠭᠠᠰᠤ ᠪᠠᠷ ᠪᠡᠬᠢᠯᠡᠭᠳᠡᠭᠰᠡᠨ ᠤᠯᠠ ᠲᠠᠢ ᠵᠤᠵᠠᠭᠠᠨ ᠱᠠᠬᠠᠢ ᠭᠤᠲᠤᠯ ᠵᠢᠷᠠ ᠶ᠋ᠢ ᠡᠯᠡᠭᠡᠨ ᠬᠠᠶᠠᠭᠰᠠᠨ ᠤᠴᠢᠷ ᠡᠨᠡ ᠬᠥᠮᠦᠨ ᠢ᠋ ᠬᠡᠨ ᠶᠠᠭᠠᠬᠢᠨ ᠵᠦᠭᠡᠷ ᠰᠠᠭᠤᠵᠤ ᠪᠠᠶᠠᠵᠢᠭᠰᠠᠨ ᠭᠡᠵᠦ ᠬᠡᠯᠡᠵᠦ ᠪᠣᠯᠬᠤ ᠪᠢᠯᠡ᠃ ᠲᠡᠷᠡ ᠪᠠᠢᠲᠤᠭᠠᠢ ᠡᠨᠡ ᠬᠥᠮᠦᠨ ᠦ᠌ ᠳᠠᠯᠤ ᠪᠠ ᠰᠡᠷᠪᠡᠭᠡᠨ ᠦ᠌ ᠬᠢᠨᠢ ᠶᠠᠰᠤ ᠳᠠᠮᠨᠠᠭᠤᠷᠭ᠎ᠠ ᠶ᠋ᠢᠨ ᠮᠣᠳᠣᠨ ᠳ᠋ᠤ᠌ ᠡᠪᠳᠡᠷᠡᠨ ᠪᠥᠭᠲᠥᠷ ᠪᠥᠭᠡᠷᠡᠩᠬᠡᠢ ᠪᠣᠯᠤᠭᠰᠠᠨ ᠲᠡᠳᠦᠢ ᠦᠭᠡᠢ ᠬᠦᠵᠦᠭᠦᠦ ᠨᠢ ᠣᠷᠣᠭᠰᠢ ᠪᠤᠯᠭᠤᠷᠠᠭᠰᠠᠨ ᠮᠡᠲᠦ ᠨᠤᠭᠳᠤᠢᠨ ᠨᠤᠭᠤᠯᠤᠷᠠᠵᠤ ᠲᠡᠮᠡᠭᠡᠨ ᠦ᠌ ᠬᠢ ᠰᠢᠭ ᠪᠣᠯᠤᠭᠰᠠᠨ ᠲᠤᠯᠠ ᠵᠣᠪᠠᠯᠠᠩ ᠵᠦᠳᠡᠭᠦᠷᠢᠯᠡᠯ ᠢ᠋ ᠦᠵᠡᠭᠡ ᠦᠭᠡᠢ ᠬᠥᠮᠦᠨ ᠴᠦ᠍ ᠭᠡᠵᠦ ᠬᠡᠯᠡᠵᠦ ᠦᠯᠦ ᠪᠣᠯᠤᠨ᠎ᠠ᠃ ᠢᠳᠡᠷ ᠵᠠᠯᠠᠭᠤ ᠳ᠋ᠠᠭᠠᠨ ᠡᠨᠡ ᠬᠥᠮᠦᠨ ᠡᠳᠦᠢ ᠶᠡᠬᠡ ᠵᠢᠳᠬᠦᠯ ᠭᠠᠷᠭᠠᠭᠰᠠᠨ ᠢ᠋ᠶ᠋ᠠᠷ ᠢ᠋ᠶ᠋ᠠᠨ ᠰᠢᠮᠡᠲᠦ ᠭᠠᠵᠠᠷ ᠤ᠋ᠨ ᠬᠥᠷᠥᠰᠥᠨ ᠳ᠋ᠦ᠍ ᠰᠠᠴᠤᠭᠳᠠᠭᠰᠠᠨ ᠦᠷ᠎ᠡ ᠲᠠᠷᠢᠶᠠᠨ ᠤ ᠠᠳᠠᠯᠢ ᠳᠡᠭᠵᠢᠨ ᠬᠥᠭᠵᠢᠭᠰᠡᠭᠡᠷ ᠵᠡᠩᠴᠢᠬᠦᠦ ᠬᠣᠲᠠ ᠶ᠋ᠢᠨ ᠵᠢᠯ ᠳ᠋ᠡᠭᠡᠨ ᠬᠡᠳᠦᠨ ᠲᠦᠮᠡᠨ ᠯᠠᠩ ᠮᠥᠩᠭᠥᠨ ᠦ᠌ ᠭᠦᠢᠯᠭᠡᠭᠡ ᠲᠡᠢ ᠬᠡᠳᠦᠬᠡᠨ ᠲᠣᠭᠠᠨ ᠤ᠋ ᠪᠠᠶᠠᠴᠤᠳ ᠤ᠋ᠨ ᠨᠢᠭᠡᠨ ᠳ᠋ᠦ᠍ ᠪᠠᠭᠲᠠᠨ ᠣᠷᠣᠵᠤ 《ᠴᠠᠭᠠᠨ ᠳᠠᠯᠠᠢ》 ᠭᠡᠳᠡᠭ ᠮᠠᠨᠳᠤᠮᠠᠯ ᠶᠡᠬᠡ ᠠᠯᠳᠠᠷ ᠢ᠋ ᠬᠢᠲᠠᠳ᠂ ᠮᠠᠨᠵᠤ᠂ ᠮᠣᠩᠭᠣᠯ ᠭᠤᠷᠪᠠᠨ ᠦᠰᠦᠭ ᠢ᠋ᠶ᠋ᠡᠷ ᠠᠯᠲᠠ ᠪᠠᠷ ᠪᠢᠴᠢᠨ᠂ ᠡᠭᠦᠳᠡᠨ ᠳᠡᠭᠡᠷ᠎ᠡ ᠪᠡᠨ ᠬᠠᠳᠠᠨ ᠮᠠᠨᠳᠤᠭᠤᠯᠵᠠᠢ᠃ ᠡᠳᠦᠭᠡ ᠤᠭ ᠠ᠋ᠴᠠ ᠤᠬᠠᠭᠠᠯᠢᠭ ᠰᠦᠷᠡᠬᠡᠢ ᠬᠥᠮᠦᠨ ᠪᠣᠯᠬᠤ ᠲᠤᠯᠠ ᠥᠩᠭᠡᠷᠡᠭᠰᠡᠨ ᠶᠠᠪᠤᠳᠠᠯ ᠤ᠋ᠳ ᠢ᠋ ᠦᠷᠭᠦᠯᠵᠢ ᠰᠠᠨᠠᠨ ᠰᠠᠨᠠᠨ᠎ᠠ᠃ ᠥᠷᠯᠥᠭᠡ ᠪᠦᠷᠢ ᠪᠣᠰᠤᠮᠠᠭᠴᠠ ᠬᠠᠯᠬ᠎ᠠ ᠣᠷᠣᠨ ᠤ᠋ ᠵᠦᠭ ᠨᠢᠷᠤᠭᠤ ᠡᠭᠦᠷᠭᠡᠯᠡᠨ ᠨᠢᠭᠡ ᠬᠡᠰᠡᠭ ᠰᠢᠷᠲᠡᠨ ᠵᠣᠭᠰᠣᠨ᠎ᠠ᠃ ᠲᠡᠭᠡᠬᠦ ᠳ᠋ᠡᠭᠡᠨ ᠬᠠᠯᠬ᠎ᠠ ᠣᠷᠣᠨ ᠤ᠋ ᠭᠠᠵᠠᠷ ᠲᠡᠭᠷᠢ᠂ ᠯᠤᠤᠰ ᠰᠠᠪᠳᠠᠭ ᠢ᠋ ᠬᠦᠨᠳᠦᠳᠬᠡᠬᠦ ᠳ᠋ᠡᠭᠡᠨ ᠪᠢᠰᠢ᠂ ᠲᠡᠭᠦᠨ ᠦ᠌ ᠬᠡᠮᠵᠢᠶ᠎ᠡ ᠦᠭᠡᠢ ᠶᠡᠬᠡ ᠪᠠᠶᠠᠯᠢᠭ ᠪᠠ ᠬᠠᠯᠬ᠎ᠠ ᠬᠥᠮᠦᠨ ᠦ᠌ ᠡᠮᠦᠨ᠎ᠡ ᠶᠠᠮᠠᠷ ᠨᠢᠭᠡᠨ ᠥᠩᠭᠡ ᠭᠢᠯᠠᠭᠠᠷ ᠵᠢᠭᠠᠬᠠᠨ ᠶᠠᠭᠤᠮ᠎ᠠ ᠶ᠋ᠢ ᠪᠠᠷᠢᠨ ᠬᠡᠳᠦᠨ ᠰᠠᠢᠬᠠᠨ ᠦᠭᠡ ᠪᠡᠷ ᠮᠠᠭᠲᠠᠮᠠᠭᠴᠠ ᠪᠠᠭ᠎ᠠ ᠦᠭᠡᠢ ᠶᠠᠭᠤᠮ᠎ᠠ ᠶ᠋ᠢ ᠰᠠᠯᠭᠠᠨ ᠠᠪᠴᠤ ᠪᠣᠯᠳᠠᠭ ᠢ᠋ ᠯᠡ ᠰᠠᠨᠠᠨ᠎ᠠ᠃ ᠭᠡᠪᠡᠴᠦ ᠨᠣᠬᠠᠢ ᠵᠤᠯᠠᠬᠤ ᠳᠣᠳᠣᠮ ᠢ᠋ᠶ᠋ᠠᠨ ᠰᠡᠭᠦᠯ ᠠᠭᠰᠠᠬᠤ᠂ ᠬᠥᠮᠦᠨ ᠪᠠᠶᠠᠵᠢᠬᠤ ᠳᠣᠳᠣᠮ ᠢ᠋ᠶ᠋ᠠᠨ ᠬᠠᠮᠠᠷ ᠰᠢᠨᠲᠠᠢᠯᠭᠠᠬᠤ ᠭᠡᠭᠴᠢ ᠪᠡᠷ ᠡᠨᠡ ᠬᠥᠮᠦᠨ ᠳᠥᠴᠢᠨ ᠲᠠᠪᠤᠨ ᠨᠠᠰᠤᠨ ᠠ᠋ᠴᠠ ᠪᠠᠨ ᠡᠬᠢᠯᠡᠨ ᠳᠠᠩᠵᠢᠶᠠᠳ ᠰᠠᠭᠤᠵᠤ ᠶᠣᠰᠣᠲᠠᠢ ᠪᠠᠶᠠᠨ ᠬᠥᠮᠦᠨ ᠦ᠌ ᠠᠳᠠᠯᠢ ᠪᠤᠰᠤᠳ ᠢ᠋ ᠵᠠᠷᠤᠴᠠᠯᠠᠨ᠂ ᠪᠤᠰᠤᠳ ᠲᠤ᠌ ᠬᠦᠨᠳᠦᠯᠡᠭᠳᠡᠬᠦ ᠪᠣᠯᠤᠭᠰᠠᠨ ᠠ᠋ᠴᠠ ᠪᠠᠨ ᠬᠣᠢᠰᠢ ᠡᠷᠬᠡ ᠵᠢᠷᠭᠠᠯ ᠢ᠋ ᠡᠳ᠋ᠯᠡᠨ ᠶᠠᠩᠪᠠᠯᠠᠬᠤ ᠶ᠋ᠢ ᠡᠷᠡᠮᠡᠯᠵᠡᠭᠰᠡᠭᠡᠷ ᠡᠳᠦᠭᠡ ᠵᠢᠷᠠᠨ ᠵᠢᠷᠭᠤᠭᠠᠨ ᠨᠠᠰᠤᠨ ᠳᠡᠭᠡᠷ᠎ᠡ ᠪᠡᠨ ᠴᠢᠩᠭ᠎ᠠ ᠴᠦ᠍ ᠳᠤᠤᠭᠠᠷᠴᠤ ᠴᠢᠳᠠᠬᠤ ᠪᠠᠨ ᠪᠣᠯᠢᠵᠠᠢ᠃
ᠠᠵᠢᠯ ᠬᠥᠳᠡᠯᠮᠦᠷᠢ ᠳ᠋ᠦ᠍ ᠥᠴᠦᠬᠡᠨ ᠴᠦ᠍ ᠦᠯᠦ ᠬᠥᠳᠡᠯᠦᠨ ᠳᠠᠩ ᠬᠣᠭᠣᠯᠠᠨ ᠤ᠋ ᠳᠡᠭᠡᠳᠦ ᠶ᠋ᠢ ᠢᠳᠡᠬᠦ ᠪᠣᠯᠪᠠᠴᠤ ᠨᠢᠭᠡᠨᠲᠡ ᠬᠤᠷᠢᠶᠠᠭᠳᠠᠭᠰᠠᠨ ᠠᠷᠪᠢᠨ ᠪᠤᠶᠠᠨ ᠨᠢ ᠥᠪᠡᠷ ᠢ᠋ᠶ᠋ᠡᠨ ᠳᠣᠣᠷᠠᠲᠤ ᠬᠥᠮᠦᠰ ᠦ᠋ᠨ ᠨᠢᠭᠡ ᠨᠠᠰᠤ ᠪᠠᠷ ᠢ᠋ᠶ᠋ᠠᠨ ᠬᠥᠯᠥᠰᠥ ᠲᠣᠰᠣᠯᠠᠭᠤᠯᠪᠠᠴᠤ ᠣᠯᠤᠮ᠎ᠠ ᠦᠭᠡᠢ ᠶᠡᠬᠡ ᠶ᠋ᠢ ᠬᠡᠳᠦᠨ ᠮᠥᠴᠡ ᠶ᠋ᠢᠨ ᠳᠣᠲᠣᠷ᠎ᠠ ᠣᠯᠵᠤ ᠴᠢᠳᠠᠳᠠᠭ ᠲᠤᠯᠠ ᠡᠨᠡ ᠬᠥᠮᠦᠨ ᠦᠨᠡᠬᠡᠷ ᠠᠮᠠᠨ ᠤ᠋ ᠶᠡᠬᠡ ᠬᠡᠰᠢᠭ ᠲᠡᠢ ᠥᠨᠳᠥᠷ ᠵᠠᠶᠠᠭᠠᠲᠠᠨ ᠪᠠᠢᠯ ᠦᠭᠡᠢ ᠶᠠᠭᠠᠬᠢᠬᠤᠪ ᠳᠠ᠃ ᠭᠡᠲᠡᠯ᠎ᠡ ᠡᠢᠮᠦ ᠬᠥᠮᠦᠨ ᠢ᠋ ᠬᠠᠯᠬ᠎ᠠ ᠶ᠋ᠢᠨ ᠭᠤᠷᠪᠠᠨ ᠵᠢᠩᠴᠢᠳ ᠶᠡᠷᠦ ᠪᠤᠰᠤ ᠶ᠋ᠢᠨ ᠶᠠᠭᠤᠮᠠᠨ ᠳ᠋ᠤ᠌ ᠴᠦ᠍ ᠪᠣᠳᠣᠭᠰᠠᠨ ᠦᠭᠡᠢ᠃ ᠵᠥᠪᠬᠡᠨ ᠲᠦᠩᠱ᠌ᠢ ᠬᠤᠳᠠᠯᠳᠤᠭ᠎ᠠ ᠮᠠᠢᠮᠠᠢ ᠶ᠋ᠢᠨ ᠬᠣᠯᠪᠣᠭᠠᠲᠠᠨ ᠭᠡᠵᠦ ᠳᠣᠲᠣᠨᠣᠴᠢᠯᠠᠬᠤ ᠳ᠋ᠠᠭᠠᠨ ᠭᠠᠭᠴᠠᠬᠠᠨ ᠤᠳᠠᠭ᠎ᠠ ᠮᠡᠬᠦᠢᠨ ᠠᠮᠤᠷ ᠡᠷᠢᠪᠡ᠃ ᠡᠨᠡ ᠶᠠᠪᠤᠳᠠᠯ ᠳᠠᠩᠵᠢᠶᠠᠳ ᠤ᠋ᠨ ᠵᠢᠪᠡᠭᠦᠦ ᠶ᠋ᠢ ᠪᠠᠭ᠎ᠠ ᠦᠭᠡᠢ ᠬᠦᠷᠭᠡᠯ᠎ᠡ᠃ ᠭᠡᠪᠡᠴᠦ ᠳᠠᠩᠵᠢᠶᠠᠳ ᠲᠡᠷᠡ ᠳᠣᠣᠷᠠᠬᠠᠨ ᠢ᠋ᠶ᠋ᠠᠨ《ᠡᠳᠡ ᠪᠣᠯ ᠬᠥᠮᠦᠨ ᠪᠢᠰᠢ᠂ ᠮᠣᠩᠭᠣᠯᠴᠤᠳ᠃ ᠮᠣᠩᠭᠣᠯᠴᠤᠳ ᠭᠡᠳᠡᠭ ᠪᠣᠯ ᠶᠣᠰᠣ ᠵᠢᠷᠤᠮ᠂ ᠵᠢᠷᠭᠠᠯ ᠴᠡᠩᠭᠡᠯ᠂ ᠠᠯᠢᠨ ᠢ᠋ ᠴᠦ᠍ ᠮᠡᠳᠡᠳᠡᠭ ᠦᠭᠡᠢ ᠵᠣᠯᠢᠭ ᠤ᠋ᠳ》 ᠭᠡᠵᠦ ᠪᠣᠳᠣᠬᠤ ᠶ᠋ᠢᠨ ᠵᠡᠷᠭᠡᠴᠡᠭᠡ ᠪᠡᠷ ᠬᠠᠯᠬ᠎ᠠ ᠶ᠋ᠢᠨ ᠶᠡᠬᠡ ᠪᠤᠶᠠᠨ ᠢ᠋ ᠰᠠᠨᠠᠬᠤ ᠠᠵᠢ᠃ ᠭᠤᠷᠪᠠᠯᠵᠢᠨ ᠨᠢᠳᠦ ᠨᠢ ᠠᠶᠠᠨᠳᠠᠭᠠᠨ ᠵᠢᠷᠪᠠᠢᠨ ᠢᠨᠢᠶᠡᠮᠰᠦᠭᠯᠡᠵᠦ ᠬᠠᠷᠢᠭᠤ ᠮᠡᠨᠳᠦᠯᠡᠭᠡᠳ ᠰᠠᠭᠤᠬᠤ ᠶ᠋ᠢ ᠤᠷᠢᠨ᠎ᠠ᠃ ᠳᠠᠩᠵᠢᠶᠠᠳ ᠤ᠋ᠨ ᠬᠠᠵᠠᠭᠤ ᠳ᠋ᠤ᠌ ᠭᠠᠷ ᠬᠥᠯ ᠦ᠋ᠨ ᠬᠢᠨᠢ ᠦᠵᠦᠭᠦᠷ ᠪᠣᠯᠤᠭᠰᠠᠨ ᠪᠢᠴᠢᠭᠡᠴᠢ ᠬᠦᠦ ᠴᠠᠭ ᠦᠷᠭᠦᠯᠵᠢ ᠪᠠᠢᠳᠠᠭ ᠪᠠᠢᠯ᠎ᠠ᠃ ᠲᠡᠷᠡ ᠨᠢ ᠵᠢᠩᠴᠢᠳ ᠲᠦ᠍ ᠴᠠᠢ ᠬᠢᠵᠦ ᠶᠠᠩᠵᠤᠤᠷ ᠵᠠᠳᠠᠯᠤᠨ ᠵᠣᠴᠢᠯᠠᠪᠠ᠃
ᠬᠦᠷᠡᠯ᠂ ᠳᠠᠩᠵᠢᠶᠠᠳ ᠤ᠋ᠨ ᠬᠤᠳᠠᠯᠳᠤᠭ᠎ᠠ ᠮᠠᠢᠮᠠᠢ ᠠᠯᠢ ᠬᠢᠷᠢ ᠭᠦᠢᠯᠭᠡᠭᠡᠨ ᠲᠡᠢ ᠪᠠᠢᠭ᠎ᠠ ᠶ᠋ᠢ ᠠᠰᠠᠭᠤᠯ᠎ᠠ᠃ ᠳᠠᠩᠵᠢᠶᠠᠳ ᠠᠩᠬ᠎ᠠ ᠳᠠᠮᠨᠠᠭᠤᠷ ᠮᠥᠷᠥᠯᠡᠭᠰᠡᠨ ᠡᠴᠡ ᠠᠪᠤᠭᠠᠳ ᠣᠳᠣ ᠬᠦᠷᠲᠡᠯ᠎ᠡ ᠮᠠᠢᠮᠠᠢ ᠰᠠᠢᠨ ᠭᠡᠵᠦ ᠬᠡᠯᠡᠵᠦ ᠪᠠᠢᠭᠰᠠᠨ ᠤᠳᠠᠭ᠎ᠠ ᠦᠭᠡᠢ ᠪᠥᠭᠡᠳ ᠡᠨᠡ ᠤᠳᠠᠭ᠎ᠠ ᠪᠦᠷ ᠲᠣᠯᠣᠭᠠᠢ ᠪᠠᠨ ᠪᠠᠷᠢᠨ᠄
— ᠬᠠᠢ ᠶᠠ! ᠶᠡᠬᠡ ᠮᠠᠭᠤ ᠭᠡᠵᠦ ᠰᠠᠨᠠᠭ᠎ᠠ ᠠᠯᠳᠠᠭᠰᠠᠨ ᠢ᠋ᠶ᠋ᠠᠨ ᠠᠷᠤ ᠬᠠᠯᠬ᠎ᠠ ᠶ᠋ᠢᠨ ᠴᠠᠭ ᠲᠥᠷᠥ ᠶ᠋ᠢᠨ ᠪᠠᠢᠳᠠᠯ ᠡᠳ᠋ ᠪᠠᠷᠠᠭᠠᠨ ᠤ᠋ ᠠᠯᠢ ᠬᠢᠷᠢ ᠡᠯᠪᠡᠭ ᠪᠠᠢᠭ᠎ᠠ ᠶ᠋ᠢ ᠰᠣᠨᠢᠷᠬᠠᠨ ᠰᠤᠷᠠᠭᠯᠠᠵᠤ ᠡᠬᠢᠯᠡᠪᠡ᠃ ᠬᠦᠷᠡᠯ ᠬᠠᠯᠬ᠎ᠠ ᠣᠷᠣᠨ ᠢ᠋ ᠭᠠᠮᠢᠩ ᠡᠵᠡᠯᠡᠵᠦ ᠡᠳ᠋ ᠪᠠᠷᠠᠭ᠎ᠠ ᠬᠣᠪᠣᠷᠳᠠᠨ ᠭᠠᠴᠢᠭᠳᠠᠵᠤ ᠪᠠᠢᠭ᠎ᠠ ᠦᠨᠡᠨ ᠢ᠋ ᠲᠣᠭᠠᠴᠢᠨ ᠶᠠᠷᠢᠵᠤ ᠭᠠᠷᠪᠠ᠃ ᠡᠨᠡ ᠦᠶ᠎ᠡ ᠳ᠋ᠦ᠍ ᠳᠣᠷᠵᠢ ᠪᠦᠬᠦ ᠶᠠᠷᠢᠶ᠎ᠠ ᠶ᠋ᠢ ᠭᠠᠭᠴᠠᠭᠠᠷ ᠮᠡᠳᠡ ᠭᠡᠰᠡᠨ ᠶᠦᠮ ᠰᠢᠭ ᠠᠵᠢᠭ ᠦᠭᠡᠢ ᠨᠢᠭᠤᠷ ᠦᠭᠡᠢ ᠰᠠᠭᠤᠨ《ᠬᠠ ᠳᠧ ᠮᠸᠨ》 ᠬᠡᠮᠡᠬᠦ ᠠᠩᠭ᠌ᠯᠢ ᠬᠢᠲᠠᠳ ᠬᠣᠶᠠᠷ ᠦᠰᠦᠭ ᠢ᠋ ᠠᠷᠤ ᠥᠪᠥᠷ ᠲᠦ᠋ᠨᠢ ᠡᠷᠢᠶᠡᠯᠡᠭᠦᠯᠵᠦ ᠪᠢᠴᠢᠭᠰᠡᠨ ᠬᠠᠢᠷᠴᠠᠭ ᠲᠠᠢ ᠶᠠᠩᠵᠤᠤᠷ ᠠ᠋ᠴᠠ ᠨᠢᠭᠡ ᠶ᠋ᠢ ᠰᠤᠭᠤᠯᠤᠨ ᠠᠪᠴᠤ ᠵᠠᠭᠤᠭᠠᠳ ᠬᠠᠢᠷᠴᠠᠭ ᠤ᠋ᠨ ᠳᠣᠲᠣᠷᠠᠬᠢ ᠬᠢᠲᠠᠳ ᠬᠡᠦᠬᠡᠨ ᠦ᠌ ᠵᠢᠷᠤᠭ ᠲᠠᠢ ᠬᠠᠲᠠᠭᠤ ᠴᠠᠭᠠᠰᠤ ᠶ᠋ᠢ ᠰᠤᠭᠤᠯᠤᠨ ᠭᠠᠷᠭᠠᠵᠤ ᠰᠣᠨᠢᠷᠬᠠᠵᠠᠢ᠃ ᠳ᠋ᠠᠨᠽᠠᠨ ᠲᠠᠮᠠᠬᠢ ᠲᠠᠲᠠᠬᠤ ᠪᠠᠢᠲᠤᠭᠠᠢ ᠰᠣᠨᠢᠷᠬᠠᠬᠤ ᠴᠦ᠍ ᠬᠦᠰᠡᠯ ᠦᠭᠡᠢ ᠲᠤᠯᠠ ᠨᠠᠷᠢᠨ ᠱᠠᠭᠠᠵᠠᠩᠲᠤ ᠴᠠᠢ ᠶ᠋ᠢ ᠠᠪᠤᠨ ᠨᠢᠭᠡ ᠬᠣᠶᠠᠷ ᠪᠤᠯᠭᠤᠨ ᠴᠠᠭ ᠨᠥᠭᠴᠢᠭᠡᠬᠦ ᠵᠠᠭᠤᠷ᠎ᠠ ᠪᠠᠨ ᠡᠪᠦᠭᠡᠨ ᠳᠠᠩᠵᠢᠶᠠᠳ ᠢ᠋ ᠠᠵᠢᠭᠯᠠᠵᠠᠢ᠃ ᠪᠤᠰᠤᠳ ᠤ᠋ᠨ ᠠᠮᠠᠨ ᠠ᠋ᠴᠠ ᠪᠤᠶᠠᠨᠲᠠᠨ ᠵᠠᠶᠠᠭᠠᠳᠠᠨ ᠭᠡᠵᠦ ᠰᠣᠨᠣᠰᠤᠭᠰᠠᠨ ᠤ᠋ ᠪᠠᠨ ᠬᠤᠪᠢ ᠪᠠᠷ ᠪᠢᠰᠢᠷᠡᠨ ᠰᠦᠰᠦᠭᠯᠡᠬᠦ ᠶ᠋ᠢ ᠬᠢᠴᠢᠶᠡᠪᠡᠴᠦ ᠥᠨᠥᠬᠢ ᠳᠠᠩᠵᠦᠶᠠᠳ ᠬᠥᠯ ᠡᠴᠡ ᠪᠡᠨ ᠠᠪᠤᠭᠠᠳ ᠬᠥᠬᠡ ᠪᠤᠭᠤᠷᠤᠯ ᠲᠣᠯᠣᠭᠠᠢ ᠪᠠᠨ ᠬᠦᠷᠲᠡᠯ᠎ᠡ ᠬᠥᠮᠦᠨ ᠡᠴᠡ ᠭᠠᠵᠢᠭᠤ ᠬᠡᠨ ᠡᠴᠡ ᠴᠦ᠍ ᠲᠤᠷᠠᠩᠬᠠᠢ ᠦᠵᠡᠭᠳᠡᠬᠦ ᠲᠤᠯᠠ 《ᠡᠨᠡ ᠬᠥᠮᠦᠨ ᠶᠠᠭᠠᠬᠢᠭᠠᠳ ᠡᠢᠮᠦ ᠬᠠᠴᠢᠨ ᠥᠲᠡᠯᠪᠡ? ᠢᠳᠡᠭᠰᠡᠨ ᠤᠭᠤᠭᠰᠠᠨ ᠨᠢ ᠬᠠᠮᠢᠭᠠᠭᠤᠷ ᠨᠢ ᠣᠷᠣᠬᠤ ᠪᠠᠷ ᠢ᠋ᠶ᠋ᠠᠨ ᠡᠢᠮᠦ ᠪᠣᠯᠤᠨ᠎ᠠ ᠪᠣᠢ ?》 ᠭᠡᠵᠦ ᠪᠣᠳᠣᠪᠠ᠃ ᠲᠡᠭᠡᠭᠡᠳ ᠰᠢᠷᠡᠭᠡᠨ ᠳᠡᠭᠡᠷ᠎ᠡ ᠨᠢ ᠳᠦᠯᠡᠢ ᠨᠣᠭᠣᠭᠠᠨ ᠴᠢᠯᠠᠭᠤᠨ ᠰᠣᠷᠣᠭᠤᠯ ᠲᠠᠢ ᠬᠠᠷ᠎ᠠ ᠲᠠᠮᠠᠬᠢᠨ ᠤ᠋ ᠪᠦᠳᠦᠭᠦᠨ ᠭᠠᠩᠰᠠ᠂ ᠰᠢᠷᠡᠮᠦᠨ ᠴᠥᠭᠥᠴᠡ ᠲᠡᠢ ᠳ᠋ᠧᠩ ᠠᠰᠠᠭᠠᠰᠤᠲᠠᠢ ᠪᠠᠢᠬᠤ ᠨᠢ ᠦᠵᠡᠬᠦ ᠲᠡᠢ ᠪᠡᠨ ᠵᠡᠷᠭᠡ ᠪᠣᠷᠣᠣ ᠬᠡᠮᠡᠬᠦ ᠭᠠᠵᠠᠷ ᠤ᠋ᠨ ᠨᠢᠭᠡᠨ ᠲᠣᠮᠣ ᠫᠦᠰᠡᠨ ᠦ᠌ ᠳᠠᠩᠵᠢᠶᠠᠳ ᠢ᠋ ᠨᠤᠲᠤᠭ ᠤ᠋ᠨ ᠬᠥᠮᠦᠰ ᠬᠠᠷ᠎ᠠ ᠲᠠᠮᠠᠬᠢᠨ ᠠ᠋ᠴᠠ ᠪᠤᠵᠠᠷᠲᠤᠨ ᠲᠤᠷᠠᠭᠠᠯ ᠤ᠋ᠨ ᠲᠤᠢᠯ ᠳ᠋ᠤ᠌ ᠬᠦᠷᠦᠭᠰᠡᠨ ᠬᠥᠮᠦᠨ ᠭᠡᠵᠦ ᠬᠡᠯᠡᠯᠴᠡᠳᠡᠭ ᠢ᠋ ᠰᠠᠨᠠᠵᠤ ᠡᠨᠡ ᠳᠠᠩᠵᠢᠶᠠᠳ ᠢ᠋ ᠵᠢᠭᠰᠢᠨ ᠰᠡᠵᠢᠭᠯᠡᠬᠦ ᠰᠡᠳᠬᠢᠯ ᠲᠥᠷᠥᠪᠡ ᠃
ᠳᠠᠩᠵᠢᠶᠠᠳ ᠪᠣᠯ ᠭᠠᠮᠢᠩ᠂ ᠮᠣᠩᠭᠣᠯ ᠢ᠋ ᠡᠵᠡᠯᠡᠭᠰᠡᠨ ᠢ᠋ ᠶᠠᠭᠠᠬᠢᠨ ᠮᠡᠳᠡᠬᠦ ᠦᠭᠡᠢ ᠪᠠᠢᠬᠤ ᠪᠢᠯᠡ᠃ ᠬᠠᠷᠢᠨ ᠬᠡᠨ ᠡᠴᠡ ᠴᠦ᠍ ᠢᠯᠡᠭᠦᠦ ᠮᠡᠳᠡᠨ᠎ᠡ᠃ ᠲᠡᠳᠡᠨ ᠢ᠋ ᠵᠠᠩᠴᠢᠬᠦᠦ ᠳᠠᠭᠠᠷᠢᠨ ᠭᠠᠷᠬᠤ ᠳ᠋ᠤᠨᠢ ᠡᠳᠡᠨ ᠢ᠋ ᠡᠨᠡ ᠤᠳᠠᠭ᠎ᠠ ᠲᠡᠳᠬᠦᠪᠡᠯ ᠡᠴᠦᠰ ᠦ᠋ᠨ ᠴᠠᠭ ᠲᠤ ᠠᠭᠤᠯᠠ ᠲᠦᠰᠢᠭᠰᠡᠨ ᠦ᠌ ᠠᠳᠠᠯᠢ ᠪᠣᠯᠤᠨ᠎ᠠ ᠭᠡᠵᠦ ᠪᠣᠳᠣᠬᠤ ᠳ᠋ᠠᠭᠠᠨ ᠬᠸᠨᠢᠷᠡᠯ ᠱᠤ᠌ ᠰᠢᠦ ᠵᠧᠩ ᠳ᠋ᠦ᠍ ᠪᠤᠰᠤᠳ ᠲᠤ᠌ ᠮᠡᠳᠡᠭᠳᠡᠯ ᠦᠭᠡᠢ ᠭᠠᠪ ᠭᠠᠭᠴᠠᠭᠠᠷ ᠢ᠋ᠶ᠋ᠠᠨ ᠪᠠᠷᠠᠯᠬᠠᠨ ᠭᠤᠷᠪᠠᠨ ᠲᠦᠮᠡᠨ ᠶᠠᠩᠴᠢᠶᠠᠨ ᠢ᠋ᠶ᠋ᠠᠨ ᠥᠭᠭᠦᠭᠰᠡᠨ ᠪᠣᠢ ᠠᠵᠢ᠃ ᠤᠭ ᠶᠠᠪᠤᠳᠠᠯ ᠨᠢ ᠬᠠᠯᠬ᠎ᠠ ᠶ᠋ᠢᠨ ᠪᠦᠬᠦ ᠪᠠᠷᠠᠭ᠎ᠠ ᠲᠠᠸᠠᠷ ᠤ᠋ᠨ ᠭᠦᠢᠯᠭᠡᠭᠡ ᠶ᠋ᠢ ᠭᠠᠭᠴᠠ ᠪᠡᠶ᠎ᠡ ᠳ᠋ᠡᠭᠡᠨ ᠡᠵᠡᠮᠰᠢᠬᠦ ᠶ᠋ᠢᠨ ᠨᠢᠭᠡ ᠠᠷᠭ᠎ᠠ ᠪᠠᠢᠯ᠎ᠠ᠃ ᠭᠡᠪᠡᠴᠦ ᠣᠰᠣᠯ ᠲᠠᠢ᠂ ᠬᠡᠨ ᠳ᠋ᠦ᠍ ᠴᠦ᠍ ᠮᠡᠳᠡᠭᠳᠡᠭᠡ ᠦᠭᠡᠢ ᠨᠢᠭᠤᠴᠠ ᠨᠢ ᠠᠯᠢ ᠬᠡᠳᠦᠢᠨ ᠦ᠌ ᠲᠠᠷᠬᠠᠭᠠᠳ ᠬᠤᠪᠢ ᠲᠡᠩᠴᠡᠭᠦᠦ ᠫᠦᠰᠡᠨ ᠦ᠌ ᠳᠠᠩᠵᠢᠶᠠᠳ ᠤ᠋ᠳ ᠨᠢ ᠶᠠᠭᠠᠬᠢᠭᠰᠠᠨ ᠴᠦ᠍ ᠪᠦᠲᠦᠬᠦ ᠦᠭᠡᠢ ᠬᠡᠷᠡᠭ ᠭᠡᠵᠦ ᠱᠤᠤᠭᠢᠯᠳᠤᠨ ᠰᠡᠳᠬᠢᠯ ᠢ᠋ ᠨᠢ ᠵᠣᠪᠠᠭᠠᠭᠰᠠᠨ ᠠ᠋ᠴᠠ ᠭᠠᠳᠠᠨ᠎ᠠ《ᠮᠣᠩᠭᠣᠯᠴᠤᠳ ᠭᠠᠮᠢᠩ ᠤ᠋ᠨ ᠡᠰᠡᠷᠭᠦ ᠬᠥᠳᠡᠯᠬᠦ ᠰᠢᠨᠵᠢ ᠲᠡᠢ ᠪᠠᠢᠨ᠎ᠠ 》 ᠭᠡᠰᠡᠨ ᠴᠠᠬᠢᠯᠭᠠᠨ ᠤᠲᠠᠰᠤ ᠶ᠋ᠢ ᠬᠦᠷᠢᠶᠡᠨ ᠳ᠋ᠡᠬᠢ ᠰᠠᠯᠪᠤᠷᠢ ᠫᠦᠰᠡᠨ ᠡᠴᠡ ᠪᠡᠨ ᠰᠠᠶᠢᠬᠠᠨ ᠬᠦᠯᠢᠶᠡᠨ ᠠᠪᠤᠭᠰᠠᠨ ᠪᠠᠢᠪᠠ᠃
ᠣᠳᠣ ᠭᠡᠪᠡᠯ ᠳᠠᠩᠵᠢᠶᠠᠳ᠂ ᠮᠣᠩᠭᠣᠯ ᠤ᠋ᠨ ᠴᠢᠩ ᠦᠨᠡᠨ ᠪᠠᠢᠳᠠᠯ ᠢ᠋ ᠵᠢᠩᠬᠢᠨᠢ ᠮᠣᠩᠭᠣᠯ ᠬᠥᠮᠦᠨ ᠦ᠌ ᠠᠮᠠᠨ ᠠ᠋ᠴᠠ ᠰᠣᠨᠣᠰᠬᠤ ᠶ᠋ᠢ ᠬᠦᠰᠡᠵᠦ ᠰᠠᠭᠤᠭ᠎ᠠ ᠲᠤᠯᠠ《ᠠᠶ᠎ᠠ ᠶᠠᠭᠠᠬᠢᠭᠰᠠᠨ ᠬᠡᠴᠡᠭᠦᠦ ᠴᠠᠭ ᠯᠠ》 ᠭᠡᠵᠦ ᠪᠠᠢᠨ ᠪᠠᠢᠨ ᠲᠣᠯᠣᠭᠠᠢ ᠰᠡᠭᠰᠦᠷᠦᠨ ᠱᠣᠭᠰᠢᠷᠠᠨᠠ᠃ ᠬᠠᠷᠢᠭᠤ ᠳ᠋ᠤᠨᠢ ᠴᠠᠢᠯᠭᠠᠨ ᠴᠠᠭᠠᠨ ᠰᠡᠳᠬᠢᠯ ᠲᠡᠢ ᠬᠦᠷᠡᠯ᠂ ᠭᠠᠮᠢᠩ ᠤ᠋ᠳ ᠠᠷᠠᠳ ᠣᠯᠠᠨ ᠤ᠋ ᠬᠥᠷᠥᠩᠭᠡ᠂ ᠮᠠᠯ ᠢ᠋ ᠪᠤᠯᠢᠶᠠᠨ ᠳᠡᠭᠡᠷᠡᠮᠳᠡᠬᠦ᠂ ᠪᠤᠷᠬᠠᠨ ᠰᠢᠲᠦᠭᠡᠨ ᠢ᠋ ᠳᠣᠷᠣᠮᠵᠢᠯᠠᠬᠤ᠂ ᠡᠬᠡᠨᠡᠷ ᠣᠬᠢᠳ ᠢ᠋ ᠬᠦᠴᠦᠷᠬᠡᠭᠯᠡᠬᠦ ᠵᠡᠷᠭᠡ ᠡᠴᠢᠨᠡᠭᠡᠨ ᠪᠤᠷᠤᠩᠬᠤᠢ ᠶᠠᠭᠤᠮ᠎ᠠ ᠦᠢᠯᠡᠳᠴᠦ ᠪᠠᠢᠭ᠎ᠠ ᠶ᠋ᠢ ᠨᠡᠮᠡᠨ ᠨᠡᠮᠡᠨ ᠲᠣᠭᠠᠴᠢᠨ᠂ ᠲᠣᠯᠣᠭᠠᠢ ᠳᠡᠭᠡᠷ᠎ᠡ ᠪᠡᠨ ᠵᠠᠯᠪᠠᠷᠢᠨ ᠰᠠᠭᠤᠨ᠎ᠠ᠃ ᠳᠠᠩᠵᠢᠶᠠᠳ ᠬᠦᠷᠡᠯ ᠦ᠋ᠨ ᠦᠭᠡ ᠪᠦᠷᠢ ᠳ᠋ᠦ᠍ ᠠᠭᠤᠷ ᠭᠦᠷᠦᠨ ᠠᠮᠢ ᠲᠡᠮᠡᠴᠡᠨ᠎ᠡ᠃ ᠲᠡᠭᠦᠨ ᠢ᠋ᠶ᠋ᠡᠨ ᠮᠡᠳᠡᠭᠳᠡᠬᠦ ᠦᠭᠡᠢ ᠶ᠋ᠢ ᠬᠢᠴᠢᠶᠡᠨ ᠪᠡᠶ᠎ᠡ ᠪᠡᠨ ᠪᠠᠷᠢᠨ ᠶᠠᠳᠠᠬᠤ ᠳ᠋ᠠᠭᠠᠨ ᠤᠷᠲᠤ ᠭᠠᠤᠯᠢᠨ ᠭᠠᠩᠰᠠ ᠪᠠᠨ ᠰᠢᠭᠦᠷᠡᠨ ᠠᠪᠴᠤ ᠪᠢᠴᠢᠬᠠᠨ ᠲᠡᠮᠦᠷ ᠯᠠᠵᠠ ᠲᠠᠢ ᠳ᠋ᠦᠩᠵᠡᠨ ᠲᠠᠮᠠᠬᠢ ᠠ᠋ᠴᠠ ᠪᠠᠨ ᠬᠤᠳᠬᠤᠨ ᠨᠠᠷᠢᠬᠠᠨ ᠶᠠᠰᠤᠨ ᠡᠰᠢᠲᠦ ᠪᠢᠴᠢᠬᠠᠨ ᠲᠡᠮᠦᠷ ᠲᠣᠷᠴᠢᠭᠢᠨᠠᠭᠤᠯᠤᠨ ᠳᠤᠤᠭᠠᠷᠭᠠᠪᠠ᠃ ᠡᠨᠡ ᠳᠠᠷᠤᠢ ᠪᠢᠴᠢᠭᠡᠴᠢ ᠬᠦᠦ ᠪᠤᠯᠲᠠᠰᠬᠢᠨ ᠣᠷᠣᠵᠤ ᠢᠷᠡᠪᠡ᠃ ᠳᠠᠩᠵᠢᠶᠠᠳ ᠵᠠᠨᠤᠯ ᠲᠠᠢ ᠪᠠᠷ ᠬᠠᠷᠠᠨ ᠴᠦᠳᠡᠨᠵᠡ! ᠭᠡᠬᠦ ᠳ᠋ᠦ᠍ ᠪᠢᠴᠢᠭᠡᠴᠢ ᠶ᠋ᠢᠨ ᠭᠠᠷ ᠴᠡᠴᠡᠷᠡᠨ ᠴᠦᠳᠡᠨᠵᠡ ᠵᠢᠷᠤᠵᠤ ᠭᠠᠩᠰᠠᠨ ᠳ᠋ᠤᠨᠢ ᠪᠠᠷᠢᠯ᠎ᠠ᠃ ᠳᠠᠩᠵᠢᠶᠠᠳ ᠤᠷᠲᠤ ᠭᠠᠩᠰᠠᠨ ᠤ᠋ ᠪᠠᠨ ᠰᠡᠷᠢᠭᠦᠨ ᠤᠲᠤᠭ᠎ᠠ ᠶ᠋ᠢ ᠠᠭᠤᠰᠬᠢ ᠪᠡᠨ ᠲᠡᠯᠡᠭᠳᠡᠲᠡᠯᠡ ᠰᠣᠷᠣᠨ᠂ ᠠᠭᠤᠷ ᠠᠮᠢᠰᠬᠤᠯ ᠬᠣᠶᠠᠷ ᠢ᠋ᠶ᠋ᠠᠨ ᠳᠠᠷᠤᠪᠠ᠃
— ᠠᠶ᠎ᠠ᠂ ᠬᠠ ᠶᠠ ᠦᠭᠡᠢ ᠮᠠᠭᠤᠬᠠᠢ ᠴᠠᠭ ᠪᠣᠯᠤᠭᠰᠠᠨ ᠰᠢᠦ᠃ ᠲᠡᠷᠡ ᠳᠣᠲᠣᠷ᠎ᠠ ᠠ᠋ᠴᠠ ᠮᠣᠩᠭᠣᠯ ᠬᠡᠴᠡᠭᠦᠦ ᠪᠣᠯᠤᠭᠰᠠᠨ ᠯᠠ᠃ ᠪᠢ ᠮᠣᠩᠭᠣᠯ ᠬᠥᠮᠦᠨ ᠰᠠᠢᠨ᠂ ᠲᠠ ᠨᠠᠷ ᠪᠣᠯ ᠮᠠᠨ ᠤ᠋ ᠠᠬ᠎ᠠ ᠳᠡᠭᠦᠦ ᠨᠢᠭᠡ ᠶᠠᠩ᠂ ᠲᠡᠷᠡ ᠭᠠᠮᠢᠩ ᠶᠠᠭᠠᠬᠢᠭᠰᠠᠨ ᠮᠠᠭᠤ ᠵᠣᠯᠢᠭ ᠠ᠋᠃ ᠣᠳᠣ ᠶᠠᠭᠠᠬᠢᠪᠠᠯ ᠰᠠᠢᠨ ᠪᠣᠢ! ᠭᠡᠬᠦ ᠳ᠋ᠦ᠍ᠨᠢ ᠬᠦᠷᠡᠯ ᠳᠠᠩᠵᠢᠶᠠᠳ ᠢ᠋ ᠤᠯᠠᠮ ᠢ᠋ᠶ᠋ᠠᠷ ᠢᠲᠡᠭᠡᠪᠡ᠃
— ᠠᠢ ᠳᠠᠩᠵᠢᠶᠠᠳ ᠮᠢᠨᠢ! ᠮᠣᠩᠭᠣᠯ ᠬᠥᠮᠦᠨ ᠳ᠋ᠦ᠍ ᠫᠤᠤ ᠵᠡᠪᠰᠡᠭ ᠪᠠᠢᠳᠠᠭ ᠰᠠᠨ ᠪᠣᠯ ᠭᠠᠮᠢᠩ ᠢ᠋ ᠦᠭᠡᠢ ᠬᠢᠬᠦ ᠯᠡ ᠪᠠᠢᠨ᠎ᠠ᠃ ᠭᠠᠭᠴᠠᠬᠠᠨ ᠲᠡᠢᠮᠦ ᠶᠠᠭᠤᠮ᠎ᠠ ᠪᠠᠢᠬᠤ ᠦᠭᠡᠢ ᠨᠢ ᠯᠡ ᠬᠡᠴᠡᠭᠦᠦ ᠪᠠᠢᠨ᠎ᠠ ᠭᠡᠪᠡ᠃ ᠳᠠᠩᠵᠢᠶᠠᠳ ᠡᠨᠡ ᠦᠭᠡᠨ ᠳ᠋ᠦ᠍ ᠥᠪᠡᠷ ᠦ᠋ᠨ ᠡᠷᠬᠡ ᠦᠭᠡᠢ ᠰᠣᠴᠢᠨ ᠥᠨᠳᠡᠢᠰᠬᠢᠵᠥ᠄
— ᠬᠠᠢ ᠴᠤᠤ᠂ ᠶᠣᠰᠣᠲᠠᠢ ᠦᠨᠡᠨ ᠦᠭᠡ! ᠭᠡᠯᠡ᠃ ᠭᠡᠪᠡᠴᠦ ᠵᠠᠨᠤᠯ ᠬᠣᠷᠣᠰᠤᠯ ᠨᠢ ᠨᠢᠭᠤᠷ ᠤ᠋ᠨ ᠬᠢᠨᠢ ᠵᠢᠷᠤᠭᠠᠰᠤ ᠪᠣᠯᠭᠠᠨ ᠳ᠋ᠤ᠌ ᠲᠣᠳᠣᠷᠠᠨ᠂ ᠨᠢᠳᠦ ᠪᠠᠰᠠ ᠭᠢᠯᠤᠢᠭᠰᠠᠨ ᠲᠤᠯᠠ ᠬᠦᠷᠡᠯ ᠰᠠᠶᠢ ᠰᠡᠵᠢᠭ ᠠᠪᠤᠯ᠎ᠠ᠃ ᠥᠪᠡᠷ ᠦ᠋ᠨ ᠢ᠋ᠶ᠋ᠡᠨ ᠶᠠᠭᠤ ᠶᠠᠭᠤ ᠶᠠᠷᠢᠭᠰᠠᠨ ᠢ᠋ ᠡᠷᠭᠢᠴᠡᠭᠦᠯᠦᠨ ᠪᠣᠳᠣᠭᠠᠳ᠂ ᠦᠨᠡᠬᠡᠷ ᠬᠡᠨ ᠪᠦᠬᠦᠨ ᠦ᠌ ᠡᠮᠦᠨ᠎ᠡ ᠬᠠᠮᠢᠶ᠎ᠠ ᠨᠠᠮᠢᠶ᠎ᠠ ᠦᠭᠡᠢ ᠶᠠᠷᠢᠵᠤ ᠦᠯᠦ ᠪᠣᠯᠬᠤ ᠶ᠋ᠢ ᠳᠡᠮᠡᠢ ᠴᠠᠯᠴᠢᠵᠤ ᠣᠷᠬᠢᠭᠰᠠᠨ ᠢ᠋ᠶ᠋ᠠᠨ ᠣᠢᠯᠠᠭᠠᠨ ᠭᠡᠮᠰᠢᠪᠡ᠃ ᠡᠨᠡ ᠬᠡᠷᠡᠭ ᠢ᠋ ᠬᠡᠷᠬᠢᠨ ᠡᠷᠭᠢᠭᠦᠯᠬᠦ ᠪᠢᠯᠡ ᠭᠡᠵᠦ ᠳᠡᠮᠡᠢ ᠭᠠᠢᠬᠠᠬᠤ ᠳ᠋ᠠᠭᠠᠨ᠄
— ᠦᠭᠡᠢ ᠳᠠᠩᠵᠢᠶᠠᠳ ᠡᠨᠡ ᠳᠡᠮᠡᠢ ᠶᠠᠷᠢᠶ᠎ᠠ ᠴᠦ᠍ ᠶᠠᠭᠠᠬᠢᠬᠤᠪ᠃ ᠪᠢᠳᠡᠨ ᠳ᠋ᠦ᠍ ᠣᠭᠲᠣ ᠬᠠᠮᠢᠶ᠎ᠠ ᠦᠭᠡᠢ ᠬᠡᠷᠡᠭ᠃ ᠵᠦᠭᠡᠷ ᠠᠮᠢ ᠬᠣᠪᠢᠨ ᠤ᠋ ᠪᠠᠨ ᠬᠡᠷᠡᠭ ᠢ᠋ ᠶᠠᠷᠢᠯᠴᠠᠶ᠎ᠠ᠃ ᠢᠩᠭᠢᠬᠦ ᠳ᠋ᠦ᠍ ᠪᠢᠳᠡ ᠭᠤᠷᠪᠠ ᠬᠣᠨᠣᠭᠠᠳ ᠭᠠᠷᠬᠤ ᠪᠣᠯᠤᠨ᠎ᠠ᠃ ᠵᠢᠩ ᠦ᠋ᠨ ᠡᠬᠢᠨ ᠦ᠌ ᠬᠠᠭᠠᠰ ᠮᠥᠩᠭᠥ ᠶ᠋ᠢ ᠠᠳᠠ ᠠ᠋ᠴᠠ ᠠᠪᠤᠨ᠎ᠠ ᠭᠡᠵᠦ ᠫᠠᠳᠠᠩ ᠬᠠᠢᠴᠢᠯᠠᠭᠰᠠᠨ ᠰᠢᠦ ᠳᠡ᠃ ᠲᠡᠭᠦᠨ ᠢ᠋ ᠥᠨᠥᠳᠥᠷ ᠠᠪᠤᠭᠤᠰᠢᠲᠠᠢ ᠪᠠᠢᠨ᠎ᠠ᠃
ᠳᠠᠩᠵᠢᠶᠠᠳ ᠮᠣᠩᠭᠣᠯᠴᠤᠳ ᠤ᠋ᠨ ᠰᠠᠨᠠᠭ᠎ᠠ ᠶ᠋ᠢ ᠪᠦᠷᠢᠨ ᠣᠢᠯᠠᠭᠠᠭᠰᠠᠨ ᠲᠤᠯᠠ ᠴᠠᠭᠠᠰᠢ ᠪᠠᠰᠠ ᠶᠠᠷᠢᠯᠴᠠᠬᠤ ᠶ᠋ᠢ ᠬᠦᠰᠡᠬᠦ ᠪᠡᠨ ᠪᠣᠯᠢᠭᠰᠠᠨ ᠪᠠᠢᠪᠠ᠃
— ᠲᠡᠢᠮᠦ ᠠ᠋ ᠬᠥᠯᠥᠰᠥ ᠮᠥᠩᠭᠥᠨ ᠦ᠌ ᠲᠤᠬᠠᠢ ᠪᠢ ᠮᠡᠳᠡᠨ᠎ᠡ᠃ ᠮᠥᠩᠭᠥ ᠪᠡᠨ ᠮᠠᠷᠭᠠᠰᠢ ᠠᠪ ᠪᠠ᠃ ᠵᠢᠩᠴᠢᠳ᠂ ᠳᠠᠩᠵᠢᠶᠠᠳ ᠬᠣᠶᠠᠷ ᠤ᠋ᠨ ᠶᠠᠷᠢᠶ᠎ᠠ ᠡᠭᠦᠨ ᠢ᠋ᠶ᠋ᠡᠷ ᠳᠠᠭᠤᠰᠪᠠ᠃
ᠳᠠᠩᠵᠢᠶᠠᠳ ᠠᠨᠢᠷ ᠴᠢᠮᠡᠭᠡ ᠦᠭᠡᠢ ᠶ᠋ᠢᠨ ᠳᠤᠮᠳᠠ ᠭᠠᠭᠴᠠᠭᠠᠷ ᠦᠯᠡᠳᠡᠨ ᠢᠷᠡᠭᠡᠳᠦᠢ ᠶ᠋ᠢᠨ ᠬᠡᠷᠡᠭ ᠲᠦ᠍ ᠠᠷᠭ᠎ᠠ ᠤᠬᠠᠭᠠᠨ ᠭᠠᠷᠭᠠᠬᠤ ᠭᠡᠵᠦ ᠪᠦᠬᠦ ᠰᠠᠨᠠᠭ᠎ᠠ ᠰᠡᠳᠬᠢᠯ ᠢ᠋ᠶ᠋ᠡᠨ ᠲᠠᠷᠴᠢᠯᠠᠭᠠᠨᠠ᠃ ᠭᠡᠲᠡᠯ᠎ᠡ ᠤᠭ ᠬᠡᠷᠡᠭ ᠬᠤᠳᠠᠯᠳᠤᠭ᠎ᠠ ᠮᠠᠢᠮᠠᠢ ᠶ᠋ᠢᠨ ᠪᠢᠰᠢ᠂ ᠤᠯᠤᠰ ᠲᠥᠷᠥ ᠠᠶ᠎ᠠ ᠦᠭᠡᠢ ᠪᠣᠯ ᠴᠡᠷᠢᠭ ᠲᠡᠢᠨ ᠦ᠌ ᠪᠣᠯᠬᠤ ᠲᠤᠯᠠ ᠡᠪᠦᠭᠡᠨ ᠳᠠᠩᠵᠢᠶᠠᠳ ᠤ᠋ᠨ ᠬᠢᠷᠢ ᠬᠡᠮᠵᠢᠶ᠎ᠡ ᠡᠴᠡ ᠬᠡᠲᠦᠷᠡᠭᠰᠡᠨ ᠠᠵᠢ᠃ ᠭᠡᠯᠡ ᠴᠦ᠍ ᠪᠣᠳᠣᠨ᠎ᠠ᠃ ᠭᠤᠷᠪᠠᠨ ᠲᠦᠮᠡᠨ ᠶᠠᠩᠴᠢᠶᠠᠨ ᠤ᠋ ᠪᠠᠨ ᠲᠥᠯᠥᠭᠡ ᠪᠣᠳᠣ ᠪᠣᠳᠣᠭᠰᠠᠭᠠᠷ ᠪᠥᠭᠡᠳ ᠶᠠᠮᠠᠷ ᠨᠢᠭᠡᠨ ᠶᠠᠭᠤᠮ᠎ᠠ ᠲᠠᠢ ᠣᠷᠣᠯᠳᠣᠬᠤ ᠮᠡᠲᠦ ᠨᠠᠭᠠᠰᠢ ᠴᠠᠭᠠᠰᠢ ᠠᠯᠬᠤᠯᠠᠨ᠎ᠠ᠃ ᠵᠢᠷᠦᠬᠡᠨ ᠦ᠌ ᠴᠣᠬᠢᠯᠲᠠ ᠲᠤᠢᠯ ᠳ᠋ᠠᠭᠠᠨ ᠬᠦᠷᠴᠦ᠂ ᠬᠣᠶᠠᠷ ᠬᠥᠯ ᠰᠣᠯᠪᠢᠵᠤ ᠴᠢᠳᠠᠬᠤ ᠪᠢᠨ ᠪᠣᠯᠢᠬᠤ ᠳ᠋ᠤ᠌ ᠰᠠᠶᠢ ᠰᠠᠨᠠᠭ᠎ᠠ ᠠᠪᠤᠨ《ᠠᠶ᠎ᠠ》ᠭᠡᠵᠦ ᠳᠠᠭᠤ ᠠᠯᠲᠠᠨ ᠰᠠᠭᠤᠵᠤ ᠲᠣᠯᠣᠭᠠᠢ ᠪᠠᠨ ᠰᠠᠯᠠᠭᠠᠪᠴᠢᠯᠠᠨᠠ᠃ ᠭᠡᠲᠡᠯ᠎ᠡ ᠪᠠᠰᠠ ᠶᠠᠭᠤ ᠪᠣᠯᠤᠭᠰᠠᠨ ᠢ᠋ ᠪᠤᠤ ᠮᠡᠳᠡ᠃ ᠭᠠᠷ ᠠ᠋ᠴᠠ ᠨᠢ ᠨᠢᠭᠡᠨ ᠬᠦᠨᠳᠦ ᠶᠠᠭᠤᠮ᠎ᠠ ᠮᠤᠯᠲᠤᠷᠠᠨ ᠱᠠᠯᠠᠨ ᠳᠡᠭᠡᠷ᠎ᠡ ᠲᠦᠰ ᠪᠠᠭᠤᠨ ᠤᠨᠠᠪᠠ᠃ ᠰᠣᠴᠢᠨ ᠬᠠᠷᠠᠪᠠᠰᠤ᠂ ᠵᠢᠷᠭᠠᠯᠲᠤ ᠴᠠᠭ ᠤ᠋ᠨ ᠵᠤᠭᠠᠨ ᠳ᠋ᠤ᠌ ᠭᠠᠷ ᠤ᠋ᠨ ᠠᠯᠠᠭᠠᠨ ᠳ᠋ᠤ᠌ ᠥᠩᠬᠥᠷᠢᠭᠦᠯᠳᠡᠭ ᠭᠤᠷᠪᠠᠨ ᠪᠥᠭᠡᠷᠡᠩᠬᠡᠢ ᠲᠡᠮᠦᠷ ᠦ᠋ᠨ ᠨᠢᠭᠡ ᠪᠠᠢᠯ᠎ᠠ᠃ ᠲᠡᠭᠦᠨ ᠢ᠋ ᠬᠡᠵᠢᠶ᠎ᠡ ᠬᠡᠳᠦᠢ ᠳ᠋ᠦ᠍᠂ ᠬᠡᠷᠬᠢᠨ ᠠᠪᠤᠭᠰᠠᠨ ᠢ᠋ ᠪᠤᠤ ᠮᠡᠳᠡ᠃ ᠲᠡᠳᠡ ᠨᠢ ᠭᠠᠷ ᠤ᠋ᠨ ᠠᠯᠠᠭᠠᠨ ᠳ᠋ᠤ᠌ ᠬᠠᠩᠭᠢᠷ ᠵᠢᠩᠭᠡᠷ ᠳᠤᠤᠭᠠᠷᠤᠨ᠂ ᠡᠷᠭᠢᠯᠳᠦᠨ ᠡᠷᠭᠢᠯᠳᠦᠭᠰᠡᠭᠡᠷ ᠡᠷᠭᠢᠯᠲᠡ ᠶ᠋ᠢᠨ ᠢ᠋ᠶ᠋ᠡᠨ ᠡᠷᠴᠢᠨ ᠳ᠋ᠦ᠍ ᠨᠢᠭᠡ ᠨᠢ ᠪᠤᠯᠲᠠ ᠦᠰᠦᠷᠦᠨ ᠤᠨᠠᠭᠠᠳ᠂ ᠨᠥᠭᠦᠭᠡ ᠬᠣᠶᠠᠷ ᠨᠢ ᠬᠡᠮᠬᠡ ᠪᠤᠲᠠ ᠦᠰᠦᠷᠦᠭᠰᠡᠨ ᠮᠡᠲᠦ ᠭᠠᠷ ᠲᠤ᠌ ᠵᠢᠭᠤᠷᠠᠯᠳᠤᠨ ᠠᠳᠬᠤᠭᠳᠠᠵᠠᠢ᠃ ᠡᠨᠡ ᠲᠣᠬᠢᠶᠠᠯ ᠳᠠᠩᠵᠢᠶᠠᠳ ᠲᠤ᠌ ᠦᠢᠯᠡ ᠬᠡᠷᠡᠭ ᠡᠰᠡ ᠪᠦᠲᠦᠨ ᠭᠠᠢ ᠭᠠᠷᠤᠵᠠᠨ ᠳ᠋ᠤ᠌ ᠤᠨᠠᠬᠤ ᠶ᠋ᠢᠨ ᠳᠣᠬᠢᠶ᠎ᠠ ᠰᠢᠭ᠋ ᠰᠠᠨᠠᠭᠳᠠᠨ᠎ᠠ᠃ ᠭᠠᠷ ᠳᠠᠬᠢ ᠬᠣᠶᠠᠷ ᠪᠥᠭᠡᠷᠡᠩᠬᠡᠢ ᠶ᠋ᠢ ᠭᠠᠵᠠᠷ ᠰᠢᠲᠠᠯᠠ᠃ 《ᠬᠠᠢ ᠶᠠ》 ᠭᠡᠵᠦ ᠳᠠᠭᠤ ᠠᠯᠲᠠᠨ ᠠᠮᠢᠰᠬᠤᠭ᠎ᠠ ᠠᠪᠬᠤ ᠠ᠋ᠴᠠ ᠥᠭᠡᠷ᠎ᠡ ᠶᠠᠮᠠᠷ ᠴᠦ᠍ ᠬᠥᠳᠡᠯᠭᠡᠭᠡᠨ ᠦᠭᠡᠢ ᠪᠣᠯᠤᠨ ᠰᠠᠭᠤᠪᠠ᠃
