ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠬᠣᠷᠢᠨ ᠭᠤᠷᠪᠠ(3) Үүрийн туяа III – Б ᠂ Ренчин Гуравдугаар дэвтэр "Баялдаж олсон эх орон"-23~(3)
ᠬᠣᠷᠢᠨ ᠭᠤᠷᠪᠠ
ᠲᠥᠷᠥ ᠳᠡᠭᠡᠨ ᠨᠡᠷᠡᠲᠡᠨ ᠨᠤᠭᠦᠳ᠂ ᠲᠦᠮᠡᠨ ᠳᠡᠭᠡᠨ ᠬᠠᠶ᠋ᠢᠷᠠᠲᠠᠨ ᠨᠤᠭᠤᠳ – 3
ᠥᠨᠥᠬᠢ ᠬᠠᠷ᠎ᠠ ᠴᠡᠷᠢᠭ ᠦ᠋ᠨ ᠬᠦᠴᠦ ᠵᠤᠵᠠᠭᠠᠨ— ᠳᠠᠢᠰᠤᠨ ᠲᠠᠢ ᠪᠢᠳᠡ ᠭᠤᠷᠪᠠᠨ ᠤᠳᠠᠭ᠎ᠠ ᠪᠠᠢᠯᠳᠤᠨ ᠲᠤᠯᠤᠯᠳᠤᠵᠤ᠂ ᠳᠠᠢᠰᠤᠨ ᠤ᠋ ᠨᠡᠯᠢᠶᠡᠳ ᠴᠡᠷᠢᠭ ᠢ᠋ ᠣᠯᠵᠠᠯᠠᠵᠤ ᠠᠪᠤᠭᠰᠠᠨ ᠪᠢᠯᠡ᠃ ᠲᠡᠷᠡ ᠣᠯᠵᠠ ᠮᠠᠨᠢ ᠪᠢᠳᠡᠨ ᠳ᠋ᠦ᠍ ᠬᠦᠷᠲᠡᠬᠦ ᠦᠭᠡᠢ᠂ ᠳᠠᠷᠤᠭ᠎ᠠ ᠨᠣᠶᠠᠳ ᠤ᠋ᠨ ᠮᠠᠢᠬᠠᠨ ᠢ᠋ᠶ᠋ᠠᠷ ᠲᠠᠷᠬᠠᠭᠰᠠᠨ ᠪᠢᠯᠡ᠃ ᠳᠠᠢᠰᠤᠨ ᠤ᠋ ᠬᠠᠷ᠎ᠠ ᠴᠡᠷᠢᠭ ᠨᠢ ᠲᠡᠷᠡ ᠨᠤᠲᠤᠭ ᠤ᠋ᠨ ᠴᠠᠬᠠᠷ ᠮᠣᠩᠭᠣᠯ ᠢ᠋ ᠴᠤ᠌᠂ ᠲᠠᠷᠢᠶᠠᠯᠠᠩ ᠤ᠋ᠨ ᠢ᠋ᠶ᠋ᠠᠨ ᠢᠷᠭᠡᠨ ᠢ᠋ ᠴᠤ᠌ ᠳᠣᠲᠣᠷ᠎ᠠ ᠮᠣᠩᠭᠣᠯ ᠭᠡᠵᠦ ᠢᠯᠭᠠᠬᠤ ᠦᠭᠡᠢ᠂ ᠪᠠᠰᠠ ᠳᠡᠭᠡᠷᠡᠮᠳᠡᠵᠦ ᠶᠠᠪᠤᠭᠰᠠᠨ ᠴᠡᠷᠢᠭ ᠪᠠᠢᠵᠤ ᠪᠢᠯᠡ᠃ ᠲᠡᠳᠡᠨ ᠦ᠌ ᠳᠡᠭᠡᠷᠡᠮᠳᠡᠭᠰᠡᠨ ᠣᠯᠵᠠ ᠨᠢ ᠶᠠᠪᠤᠭᠰᠠᠭᠠᠷ ᠬᠠᠷᠢᠨ ᠮᠠᠨ ᠤ᠋《ᠠᠪᠤ ᠨᠣᠶᠠᠨ》᠂ ᠲᠡᠭᠦᠨ ᠦ᠌ ᠭᠠᠷ ᠬᠥᠯ ᠪᠣᠯᠤᠭᠠᠴᠢᠨ ᠨᠤᠭᠤᠳ ᠤ᠋ᠨ ᠢᠳᠡᠰᠢ ᠪᠣᠯᠵᠤ ᠣᠷᠬᠢᠭᠰᠠᠨ ᠨᠢ ᠲᠡᠷᠡ ᠪᠢᠯᠡ᠃
ᠲᠡᠭᠡᠵᠦ ᠪᠠᠢᠯᠳᠤᠵᠤ ᠶᠠᠪᠤᠭᠰᠠᠭᠠᠷ ᠪᠢᠳᠡ ᠴᠠᠬᠠᠷ ᠤ᠋ᠨ ᠯᠠᠪᠠᠢ ᠬᠡᠢᠳ ᠭᠡᠳᠡᠭ ᠲᠦ᠍ ᠬᠦᠷᠦᠭᠡᠳ᠂ ᠲᠡᠨᠳᠡ ᠬᠤᠸᠠᠷᠠᠩᠨᠠᠨ ᠪᠠᠭᠤᠬᠤ ᠳ᠋ᠤ᠌᠂ ᠮᠤᠤᠷᠠᠩᠭᠠ ᠵᠠᠩᠵᠤᠨ᠂ ᠪᠢᠳᠡᠨ ᠦ᠌ ᠬᠠᠯᠬ᠎ᠠ ᠴᠡᠷᠢᠭ ᠢ᠋ ᠢᠯᠭᠠᠵᠤ ᠦᠯᠡᠳᠡᠭᠡᠭᠡᠳ᠂ ᠥᠪᠡᠷ ᠦ᠋ᠨ ᠴᠡᠷᠢᠭ ᠢ᠋ ᠮᠠᠨ ᠤ᠋ ᠵᠠᠩᠵᠤᠨ ᠫᠤᠤ ᠲᠠᠢ ᠠᠪᠴᠤ᠂ ᠪᠠᠰᠠ ᠣᠯᠵᠠᠯᠠᠭᠰᠠᠨ ᠬᠠᠷ᠎ᠠ ᠴᠡᠷᠢᠭ ᠢ᠋ ᠬᠠᠮᠤᠭ ᠣᠯᠵᠠ᠂ ᠴᠡᠷᠢᠭ ᠦ᠋ᠨ ᠢ᠋ᠶ᠋ᠡᠨ ᠠᠴᠢᠶᠠᠨ ᠤ᠋ ᠬᠠᠮᠲᠤ ᠳᠠᠭᠠᠭᠤᠯᠵᠤ᠂ ᠲᠠᠩᠨᠠᠭᠤᠯ ᠬᠢᠬᠦ ᠨᠡᠷᠡᠢᠳᠦᠯ ᠢ᠋ᠶ᠋ᠡᠷ ᠰᠠᠯᠵᠤ ᠶᠠᠪᠤᠬᠤ ᠳ᠋ᠠᠭᠠᠨ( ᠳ᠋ᠤ᠌ ᠪᠠᠨ)᠂ ᠪᠢᠳᠡᠨ ᠢ᠋ ᠲᠡᠷᠡ ᠬᠡᠢᠳ ᠦ᠋ᠨ ᠳᠡᠷᠭᠡᠳᠡ ᠰᠠᠭᠤᠵᠤ ᠪᠠᠢ᠃ ᠬᠡᠵᠢᠶ᠎ᠡ ᠮᠣᠷᠳᠠᠬᠤ ᠶ᠋ᠢ ᠳᠠᠷᠠᠭ᠎ᠠ ᠲᠤᠰᠢᠶᠠᠨ ᠮᠡᠳᠡᠭᠳᠡᠨ᠎ᠡ ᠭᠡᠳ ᠮᠣᠷᠳᠠᠵᠤ ᠪᠢᠯᠡ᠃ ᠲᠡᠷᠡ ᠰᠥᠨᠢ ᠳ᠋ᠡᠭᠡᠨ( ᠳ᠋ᠦ᠍ ᠪᠡᠨ)᠂ ᠥᠨᠥᠬᠢ ᠭᠤᠨᠠᠨ ᠫᠤᠤ ᠶ᠋ᠢᠨ ᠴᠡᠷᠢᠭ ᠡᠴᠡ ᠨᠢ ᠨᠢᠭᠡ ᠬᠥᠮᠦᠨ ᠪᠢᠳᠡᠨ ᠳᠡᠭᠡᠷ᠎ᠡ ᠰᠠᠮ ᠳᠠᠪᠬᠢᠵᠤ ᠢᠷᠡᠭᠡᠳ᠂ ᠮᠤᠤᠷᠠᠩᠭᠠ ᠵᠠᠩᠵᠤᠨ ᠰᠠᠨᠠᠯ ᠤᠷᠪᠠᠵᠤ᠂ ᠳᠠᠢᠰᠤᠨ ᠤ᠋ ᠬᠠᠷ᠎ᠠ ᠴᠡᠷᠢᠭ ᠲᠦ᠍ ᠳᠠᠭᠠᠵᠤ ᠣᠷᠣᠬᠤ ᠭᠡᠵᠦ ᠶᠠᠪᠤᠨ᠎ᠠ ᠭᠡᠵᠦ ᠬᠡᠯᠡᠵᠦ ᠢᠷᠡᠭᠰᠡᠨ ᠪᠢᠯᠡ᠃ ᠪᠢᠳᠡ ᠲᠡᠷᠡ ᠦᠭᠡ ᠰᠣᠨᠣᠰᠤᠭᠠᠳ᠂ ᠪᠦᠭᠦᠳᠡᠭᠡᠷ ᠢ᠋ᠶ᠋ᠡᠨ ᠮᠤᠤᠷᠠᠩᠭᠠ ᠭᠤᠸᠠᠢ ᠶ᠋ᠢᠨ ᠬᠣᠢᠨᠠᠴᠠ ᠬᠥᠭᠡᠭᠡᠨ ᠮᠣᠷᠳᠠᠵᠤ᠂ ᠦᠷ ᠢ᠋ᠶ᠋ᠡᠷ ᠭᠦᠢᠴᠡᠵᠦ ᠪᠦᠰᠡᠯᠡᠭᠡᠳ ᠠᠪᠤᠭᠰᠠᠨ ᠴᠢᠨᠢ᠂ ᠥᠨᠥᠬᠢ《ᠠᠪᠤ ᠨᠣᠶᠠᠨ》 ᠮᠠᠨᠢ ᠮᠠᠢᠬᠠᠨ ᠠ᠋ᠴᠠ ᠪᠠᠨ ᠰᠡᠯᠡᠮ᠎ᠡ ᠪᠡᠨ ᠪᠠᠷᠢᠨ ᠭᠠᠷᠴᠤ᠂ ᠪᠢᠳᠡᠨ ᠢ᠋ ᠲᠠ ᠨᠠᠷ ᠤᠷᠪᠠᠭᠰᠠᠨ ᠰᠠᠮᠠᠭᠤᠨ ᠴᠡᠷᠢᠭ᠂ ᠶᠠᠮᠠᠷ ᠠᠶᠤᠮᠰᠢᠭ ᠦᠭᠡᠢ ᠲᠤᠰᠢᠶᠠᠯ ᠢ᠋ ᠵᠥᠷᠢᠴᠡᠵᠦ᠂ ᠵᠠᠩᠵᠤᠨ ᠳ᠋ᠠᠭᠠᠨ( ᠳ᠋ᠤ᠌ ᠪᠠᠨ)ᠬᠠᠯᠳᠠᠷ᠎ᠠ ᠢᠷᠡᠪᠡ? ᠲᠡᠷᠰᠯᠡᠨ ᠤᠷᠪᠠᠵᠤ ᠪᠠᠢᠭ᠎ᠠ ᠴᠢᠨᠢ ᠡᠨᠡ ᠤᠤ? ᠭᠡᠵᠦ ᠪᠢᠳᠡᠨ ᠦ᠌ ᠵᠦᠭ ᠳᠠᠭᠠᠷᠢᠨ ᠣᠷᠣᠵᠠᠢ᠃ ᠮᠠᠨᠠᠢᠬᠢᠨ ᠠᠭᠤᠷᠯᠠᠭᠠᠳ᠂ ᠨᠢᠭᠡ ᠴᠡᠷᠢᠭ ᠰᠡᠯᠡᠮ᠎ᠡ ᠪᠡᠷ ᠴᠠᠪᠴᠢᠨ᠂ ᠮᠤᠤᠷᠠᠩᠭᠠ ᠶ᠋ᠢᠨ ᠭᠠᠷ ᠢ᠋ ᠲᠠᠰᠤ ᠴᠠᠪᠴᠢᠨ᠂ ᠣᠯᠠᠨ ᠴᠡᠷᠢᠭ ᠲᠡᠭᠦᠨ ᠢ᠋ ᠪᠦᠬᠦ ᠲᠡᠷᠰᠯᠡᠨ ᠤᠷᠪᠠᠭᠰᠠᠨ ᠴᠡᠷᠢᠭ ᠲᠡᠢ ᠨᠢ ᠪᠠᠷᠢᠵᠤ ᠠᠪᠤᠭᠠᠳ᠂ ᠱᠧᠸᠳ᠋ ᠯᠠᠨ ᠰᠢᠶᠠᠨᠱᠧᠩ ᠡᠴᠡ ᠮᠤᠤᠷᠠᠩᠭᠠ ᠳ᠋ᠤ᠌᠂ ᠲᠡᠭᠦᠨ ᠦ᠌ ᠳᠡᠳ᠋ ᠵᠠᠩᠵᠤᠨ ᠳ᠋ᠤ᠌ ᠤᠷᠪᠠᠨ ᠲᠡᠷᠰᠯᠡᠵᠦ ᠬᠠᠷ᠎ᠠ ᠴᠡᠷᠢᠭ ᠦ᠋ᠨ ᠲᠠᠯ᠎ᠠ ᠳ᠋ᠤ᠌ ᠣᠷᠣᠬᠤ ᠶ᠋ᠢ ᠬᠠᠳᠬᠤᠨ ᠥᠳᠥᠭᠡᠭᠰᠡᠨ ᠪᠢᠴᠢᠭ ᠶᠠᠪᠤᠭᠤᠯᠤᠭᠰᠠᠨ ᠢ᠋ ᠶᠠᠭᠤᠮᠠᠨ ᠳᠣᠲᠣᠷ᠎ᠠ ᠠ᠋ᠴᠠ ᠨᠢ ᠣᠯᠵᠤ᠂ ᠠᠪᠤ ᠨᠣᠶᠠᠨ ᠢ᠋ᠶ᠋ᠠᠨ ᠲᠡᠷᠰᠡᠭᠦᠦ (ᠲᠡᠷᠰᠯᠡᠭᠦᠦ)ᠴᠡᠷᠢᠭ ᠰᠡᠯᠲᠡ ᠲᠡᠢ ᠨᠢ ᠴᠢᠨᠠᠭᠰᠢ ᠨᠢ ᠬᠠᠷᠠᠭᠤᠯᠵᠤ ᠣᠷᠬᠢᠭᠰᠠᠨ ᠪᠢᠯᠡ᠃
《ᠠᠪᠤ ᠨᠣᠶᠠᠨ》 ᠤ᠋ ᠠᠴᠢᠶᠠᠨ ᠳᠣᠲᠣᠷ᠎ᠠ ᠠ᠋ᠴᠠ ᠳᠡᠭᠡᠷᠡᠮᠳᠡᠭᠰᠡᠨ ᠣᠯᠵᠠ᠂ ᠴᠠᠭᠠᠨ ᠮᠥᠩᠭᠥ᠂ ᠡᠳ᠋ ᠥᠯᠥᠭ᠂ ᠬᠤᠪᠴᠠᠰᠤ ᠬᠤᠨᠠᠷ ᠲᠤᠩ ᠶᠡᠬᠡ ᠭᠠᠷᠴᠤ᠂ ᠪᠢᠽᠢᠶᠡ ᠬᠤᠷᠠᠩᠳᠠ ᠶ᠋ᠢᠨ ᠰᠠᠨᠠᠯ ᠢ᠋ᠶ᠋ᠠᠷ ᠮᠥᠩᠭᠥ ᠶ᠋ᠢ ᠬᠦᠷᠢᠶᠡᠨ᠎ᠡ ᠤᠯᠤᠰ ᠤ᠋ᠨ ᠰᠠᠩ ᠳ᠋ᠤ᠌ ᠬᠦᠷᠭᠡᠭᠦᠯᠦᠷᠡ ᠲᠣᠭᠲᠠᠭᠠᠳ᠂ ᠬᠠᠷᠢᠨ ᠦᠰᠦᠲᠡᠢ ᠳᠤᠯᠠᠭᠠᠨ ᠬᠤᠪᠴᠠᠰᠤ ᠬᠤᠨᠠᠷ ᠢ᠋ ᠳᠤᠮᠳᠠ ᠪᠠᠨ ᠬᠤᠪᠢᠶᠠᠵᠤ ᠬᠡᠷᠡᠭᠯᠡᠬᠦ ᠪᠡᠷ ᠰᠢᠢᠳᠴᠦ᠂ ᠬᠡᠨ ᠬᠡᠨ ᠳ᠋ᠦ᠍ ᠶᠠᠭᠤ ᠨᠣᠭᠳᠠᠬᠤ ᠶ᠋ᠢ ᠱᠣᠳᠠᠵᠤ᠂ ᠨᠠᠳᠠᠳᠤ(ᠨᠠᠳᠠ ᠳ᠋ᠤ᠌)ᠴᠢᠨᠣ᠎ᠠ ᠶ᠋ᠢᠨ ᠳᠣᠲᠣᠷ ᠲᠠᠢ ᠥᠮᠥᠳᠥ᠂ ᠬᠤᠷᠠᠭᠠᠨ ᠳᠣᠲᠣᠷ ᠲᠠᠢ ᠲᠣᠷᠭᠠᠨ ᠲᠤᠤᠬᠠᠪᠴᠢ ᠨᠣᠭᠳᠠᠵᠤ ᠪᠢᠯᠡ᠃
ᠤᠳᠠᠯ ᠴᠤ᠌ ᠦᠭᠡᠢ ᠪᠠᠢᠯᠳᠤᠬᠤ ᠶ᠋ᠢ ᠵᠣᠭᠰᠣᠵᠤ ᠡᠪᠯᠡᠷᠡᠨ ᠨᠠᠢᠷᠠᠮᠳᠠᠵᠤ᠂ ᠪᠢᠳᠡᠨ ᠢ᠋ ᠶᠡᠬᠡ ᠬᠦᠷᠢᠶᠡᠨ ᠡᠴᠡ ᠲᠡᠳᠡᠨ ᠡᠭᠡᠭᠦᠯᠬᠦ ᠲᠤᠰᠢᠶᠠᠯ ᠢᠷᠡᠵᠡᠢ᠃ ᠪᠢᠳᠡ ᠪᠤᠴᠠᠬᠤ ᠳ᠋ᠠᠭᠠᠨ( ᠳ᠋ᠤ᠌ ᠪᠠᠨ)᠂《ᠠᠪᠤ ᠨᠣᠶᠠᠨ》 ᠠ᠋ᠴᠠ ᠪᠣᠯᠵᠤ ᠳᠠᠭᠤᠳᠠᠭᠤᠯᠤᠨ ᠠᠯᠠᠭᠤᠯᠬᠤ ᠪᠣᠯᠪᠠ ᠤᠤ? ᠭᠡᠵᠦ ᠬᠤᠯᠴᠢᠢᠵᠤ ᠶᠠᠪᠤᠭᠰᠠᠨ ᠪᠢᠯᠡ᠃ ᠰᠣᠨᠣᠰᠪᠠᠯ᠂ ᠬᠦᠷᠢᠶᠡᠨ ᠳ᠋ᠦ᠍《ᠠᠪᠤ ᠨᠣᠶᠠᠨ》 ᠤ᠋ ᠬᠠᠮᠢᠶᠠᠲᠠᠨ ᠰᠠᠳᠤᠨ ᠤ᠋ ᠤᠯᠤᠰ᠂ ᠪᠢᠳᠡᠨ ᠢ᠋ ᠰᠠᠮᠠᠭᠤᠷᠠᠨ ᠬᠤᠪᠢᠰᠴᠤ᠂ ᠬᠠᠭᠠᠨ ᠤ᠋ ᠵᠠᠷᠯᠢᠭ ᠢ᠋ᠶ᠋ᠠᠷ ᠤᠲᠤᠭᠤᠯᠤᠭᠰᠠᠨ ᠵᠠᠩᠵᠤᠨ ᠢ᠋ᠶ᠋ᠠᠨ ᠲᠡᠷᠰᠯᠡᠨ ᠠᠯᠠᠭᠰᠠᠨ ᠭᠡᠵᠦ ᠵᠠᠷᠭᠤ ᠮᠡᠳᠡᠭᠦᠯᠦᠭᠰᠡᠨ ᠰᠤᠷᠠᠭ ᠭᠠᠷᠴᠤ᠂ ᠪᠢᠳᠡ ᠶᠡᠬᠡᠯ᠎ᠡ(ᠶᠡᠬᠡ ᠯᠡ)ᠵᠣᠪᠠᠨᠢᠵᠤ ᠶᠠᠪᠤᠯ᠎ᠠ᠃ ᠵᠠᠪᠰᠢᠶᠠᠨᠡ ᠪᠢᠳᠡᠨ ᠦ᠌ ᠣᠯᠤᠭᠰᠠᠨ ᠥᠨᠥᠬᠢ ᠪᠢᠴᠢᠭ ᠪᠠᠷᠢᠮᠲᠠ ᠨᠢ《ᠠᠪᠤ ᠨᠣᠶᠠᠨ》 ᠢ᠋᠂ ᠲᠡᠭᠦᠨ ᠦ᠌ ᠰᠢᠳᠠᠷ ᠴᠡᠷᠢᠭ ᠦ᠋ᠨ ᠲᠦᠰᠢᠮᠡᠯ ᠦ᠋ᠨ ᠬᠠᠮᠲᠤ ᠪᠠᠷ ᠤᠯᠤᠰ ᠠ᠋ᠴᠠ ᠤᠷᠪᠠᠨ ᠲᠡᠷᠰᠯᠡᠭᠰᠡᠨ ᠢ᠋ ᠯᠠᠪᠲᠠᠢ ᠪᠠᠲᠤᠯᠠᠬᠤ ᠪᠠᠷᠢᠮᠲᠠ ᠪᠢᠴᠢᠭ ᠪᠠᠢᠭᠰᠠᠨ ᠳᠡᠭᠡᠷ᠎ᠡ ᠡᠴᠡ᠂ ᠲᠡᠷᠡ ᠬᠡᠳᠦᠨ ᠨᠣᠶᠠᠳ ᠯᠠᠮᠠ ᠨᠠᠷ ᠤ᠋ᠨ ᠵᠠᠷᠭᠤ ᠶᠠᠪᠤᠴᠠ ᠦᠭᠡᠢ ᠪᠣᠯᠵᠤ ᠨᠣᠮᠣᠬᠠᠷᠠᠭᠰᠠᠨ ᠪᠢᠯᠡ᠃ ᠪᠢᠳᠡ ᠪᠠᠰᠠ ᠮᠤᠤᠷᠠᠩᠭᠠ ᠵᠠᠩᠵᠤᠨ ᠤ᠋ ᠭᠤᠷᠪᠠᠨ ᠳᠣᠲᠣᠨᠣ ᠶ᠋ᠢᠨ ᠳᠠᠷᠤᠭ᠎ᠠ ᠶ᠋ᠢ ᠬᠦᠷᠢᠶᠡᠨ ᠦ᠌ ᠵᠣᠬᠢᠬᠤ ᠭᠠᠵᠠᠷ ᠬᠦᠷᠭᠡᠵᠦ ᠥᠭ ᠭᠡᠵᠦ ᠪᠠᠷᠢᠭᠠᠳ ᠠᠪᠴᠤ ᠶᠠᠪᠤᠭᠰᠠᠨ ᠮᠠᠨᠢ᠂ ᠲᠡᠳᠡᠨ ᠢ᠋ ᠬᠦᠷᠢᠶᠡᠨ ᠳ᠋ᠦ᠍ ᠰᠢᠭᠦᠬᠦ ᠶᠠᠮᠤᠨ ᠳ᠋ᠤ᠌ ᠪᠠᠢᠴᠠᠭᠠᠨ ᠰᠢᠭᠦᠬᠦ ᠳ᠋ᠦ᠍᠂ ᠱᠧᠧᠳ᠋ ᠤᠯᠤᠰ ᠤ᠋ᠨ ᠯᠠᠨ ᠰᠢᠶᠠᠨᠱᠧᠩ ᠦ᠋ᠨ ᠢᠳᠬᠠᠬᠤ ᠪᠢᠴᠢᠭ ᠢ᠋ ᠳᠠᠭᠠᠵᠤ᠂ ᠴᠡᠷᠢᠭ ᠲᠦ᠍ ᠳᠠᠭᠠᠷ᠎ᠠ ᠣᠷᠣᠬᠤ ᠭᠡᠰᠡᠨ ᠭᠡᠵᠦ ᠦᠨᠡᠨ ᠢ᠋ᠶ᠋ᠡᠨ ᠥᠴᠢᠵᠦ᠂ ᠤᠷᠪᠠᠨ ᠲᠡᠷᠰᠯᠡᠭᠰᠡᠨ ᠨᠢ ᠤᠯᠠᠮ ᠴᠤ᠌ ᠲᠣᠳᠣᠷᠬᠠᠢ ᠪᠣᠯᠵᠤ ᠥᠭᠭᠦᠭᠰᠡᠨ ᠪᠢᠯᠡ᠃ ᠪᠢᠳᠡ ᠲᠡᠳᠡᠨ ᠢ᠋ ᠠᠩᠬ᠎ᠠ ᠠᠭᠤᠷᠤᠨ ᠳ᠋ᠠᠭᠠᠨ(ᠳ᠋ᠤ᠌ ᠪᠠᠨ) ᠪᠣᠯᠵᠤ᠂ ᠴᠢᠨᠠᠭᠰᠢ ᠨᠢ ᠬᠠᠷᠠᠭᠤᠯᠵᠤ ᠣᠷᠬᠢᠭᠰᠠᠨ ᠦᠭᠡᠢ ᠮᠠᠨᠢ ᠬᠠᠷᠢᠨ ᠴᠤ᠌ ᠪᠣᠯᠵᠠᠢ᠃ ᠬᠡᠷᠪᠡ ᠲᠡᠢᠮᠦ ᠠᠮᠢᠳᠤ ᠭᠡᠷᠡᠴᠢ ᠪᠢᠴᠢᠭ ᠪᠠᠷᠢᠮᠲᠠ ᠦᠭᠡᠢ ᠪᠠᠢᠭᠰᠠᠨ ᠪᠣᠯ᠂ ᠮᠤᠤᠷᠠᠩᠭᠠ ᠶ᠋ᠢᠨ ᠠᠮᠢ ᠶ᠋ᠢ ᠲᠥᠯᠥᠭᠦᠯᠬᠦ ᠭᠡᠵᠦ ᠪᠢᠳᠡᠨ ᠢ᠋ ᠨᠣᠴᠣᠵᠤ ᠵᠠᠷᠭᠤᠯᠳᠤᠭᠰᠠᠨ ᠨᠣᠶᠠᠳ ᠲᠦᠰᠢᠮᠡᠳ ᠯᠠᠪ ᠪᠢᠳᠡᠨ ᠦ᠌ ᠮᠠᠭᠤ ᠶ᠋ᠢ ᠦᠵᠡᠬᠦ ᠰᠠᠨ ᠪᠠᠢᠬᠤ᠃
ᠠᠤᠲ᠋ᠤᠨᠤᠮᠢᠲ᠋ ᠤ᠋ᠨ ᠦᠶ᠎ᠡ ᠶ᠋ᠢᠨ ᠴᠡᠷᠢᠭ ᠦ᠋ᠨ ᠪᠠᠢᠳᠠᠯ ᠭᠡᠪᠡᠯ ᠡᠢᠮᠦᠷᠬᠦ ᠪᠠᠢᠵᠠᠢ᠃ ᠲᠡᠷᠡ ᠪᠠᠢᠳᠠᠯ ᠢ᠋ ᠲᠠ ᠨᠠᠷ ᠣᠳᠣ ᠡᠷᠭᠢᠴᠡᠭᠦᠯᠦᠨ ᠦᠵᠡᠵᠦ᠂ ᠬᠤᠪᠢᠰᠬᠠᠯ ᠤ᠋ᠨ ᠡᠮᠦᠨ᠎ᠡ ᠲᠠ ᠨᠠᠷ ᠤ᠋ᠨ ᠡᠴᠢᠭᠡ ᠶᠠᠮᠠᠷ ᠰᠢᠦ ᠪᠠᠢᠳᠠᠯ ᠲᠠᠢ ᠪᠠᠢᠵᠤ ᠪᠣᠢ? ᠲᠠ ᠨᠠᠷ ᠣᠳᠣ ᠶᠠᠮᠠᠷ ᠪᠠᠢᠵᠤ ᠪᠠᠢᠨ᠎ᠠ? ᠬᠠᠷᠰᠢᠭᠤᠯᠤᠨ ᠪᠣᠳᠣᠵᠤ ᠦᠵᠡᠭᠡᠷᠡᠢ᠃ ᠲᠡᠭᠡᠪᠡᠯ᠂ ᠲᠠ ᠨᠠᠷ ᠤ᠋ᠨ ᠨᠢᠳᠦ ᠴᠢᠬᠢᠨ ᠳ᠋ᠦ᠍ ᠣᠳᠣ ᠬᠡᠪ ᠦ᠋ᠨ ᠶᠠᠭᠤᠮ᠎ᠠ ᠪᠣᠯᠵᠤ ᠳᠠᠰᠤᠭᠠᠳ ᠶᠡᠷᠦ ᠲᠣᠭᠣᠳᠠᠭ ᠦᠭᠡᠢ ᠶᠠᠭᠤᠮ᠎ᠠ ᠴᠢᠨᠢ᠂ ᠡᠷᠬᠢᠮᠯᠡᠨ ᠦᠵᠡᠯᠲᠡᠢ ᠪᠥᠭᠡᠳ ᠶᠡᠬᠡᠯ᠎ᠡ( ᠶᠡᠬᠡ ᠯᠡ) ᠲᠡᠮᠡᠴᠡᠯ ᠬᠢᠵᠦ ᠣᠯᠤᠭᠰᠠᠨ ᠶᠠᠭᠤᠮ᠎ᠠ ᠪᠣᠯᠤᠨ᠎ᠠ ᠰᠢᠦ ᠭᠡᠵᠦ ᠮᠠᠯᠴᠢᠨ ᠡᠪᠦᠭᠡᠨ ᠢ ᠶᠠᠷᠢᠶ᠎ᠠ ᠪᠠᠨ ᠲᠡᠭᠦᠰᠬᠡᠵᠦ᠂ ᠶᠠᠨᠳᠠᠷ ᠰᠢᠷᠡᠭᠡᠨ ᠦ ᠳᠠᠪᠴᠠᠩ ᠠᠴᠠ ᠪᠠᠭᠤᠵᠤ᠂ ᠳᠠᠷᠤᠭ᠎ᠠ ᠨᠠᠷ ᠤᠨ ᠰᠠᠭᠤᠵᠤ ᠪᠠᠶ᠋ᠢᠬᠰᠠᠨ ᠰᠢᠷᠡᠭᠡᠨ ᠦ ᠵᠦᠭ ᠣᠳᠬᠤ ᠳᠤ᠂ ᠣᠯᠠᠨ ᠴᠡᠷᠢᠭ ᠨᠢᠷᠭᠢᠲᠡᠯᠡ ᠠᠯᠠᠭ᠎ᠠ ᠲᠠᠰᠢᠵᠠᠭᠠᠵᠠᠢ᠃
ᠲᠡᠭᠡᠭᠡᠳ᠂ ᠴᠡᠷᠢᠭ ᠤᠨ ᠠᠰᠠᠭᠤᠭᠰᠠᠨ ᠵᠦᠢᠯ ᠬᠠᠷᠢᠭᠤᠯᠤᠭᠰᠠᠭᠠᠷ᠂ ᠰᠢᠷᠴᠢᠨ᠂ ᠤᠷᠢᠳᠤ ᠬᠤᠵᠢᠷᠪᠤᠯᠤᠩ ᠤᠨ ᠭᠠᠵᠠᠷ ᠬᠡᠷᠬᠢᠨ ᠰᠦᠬᠡᠪᠠᠭᠠᠲᠤᠷ ᠲᠠᠢ ᠠᠭᠤᠯᠵᠠᠵᠤ ᠪᠠᠶ᠋ᠢᠬᠰᠠᠨ᠂ ᠲᠡᠷᠡ ᠦᠶ᠎ᠡ ᠡᠴᠡ ᠡᠬᠢᠯᠡᠨ ᠰᠦᠬᠡᠪᠠᠭᠠᠲᠤᠷ᠂ ᠵᠠᠯᠠᠭᠤ ᠴᠡᠷᠢᠭ ᠪᠠᠶ᠋ᠢᠬᠰᠠᠨ ᠰᠢᠷᠴᠢᠨ ᠳᠦ ᠶᠡᠬᠡᠯ᠎ᠡ(ᠶᠡᠬᠡ ᠯᠡ) ᠰᠦᠷᠡᠬᠡᠢ ᠴᠢᠳᠠᠯᠲᠠᠢ ᠬᠥᠮᠦᠨ ᠦᠵᠡᠭᠳᠡᠵᠦ᠂ ᠵᠠᠩ ᠪᠠᠶ᠋ᠢᠳᠠᠯ ᠨᠢ ᠬᠥᠮᠦᠨ ᠦ ᠰᠡᠳᠬᠢᠯ ᠲᠠᠲᠠᠮ᠎ᠠ ᠲᠡᠶ᠋ᠢᠮᠦ ᠬᠥᠮᠦᠨ ᠪᠠᠶ᠋ᠢᠬᠰᠠᠨ ᠢ ᠶᠠᠷᠢᠵᠤ᠂ ᠡᠪᠦᠭᠡᠨ ᠮᠠᠯᠴᠢᠨ᠂ ᠴᠡᠷᠢᠭ ᠤᠳ ᠲᠠᠢ ᠳᠣᠲᠣᠨᠣ ᠡᠯᠢᠭᠡᠰᠡᠭ ᠶ᠋ᠢᠡᠷ ᠶᠠᠷᠢᠯᠴᠠᠭᠰᠠᠭᠠᠷ᠂ ᠨᠢᠭᠡ ᠮᠡᠳᠡᠬᠦ ᠳᠦ ᠡᠳᠦᠷ ᠤᠨ ᠬᠣᠭᠣᠯᠠ ᠶᠢᠨ ᠴᠠᠭ ᠪᠣᠯᠵᠠᠢ᠃
— ᠣᠳᠣ᠂ ᠮᠠᠨ ᠤ ᠴᠡᠷᠢᠭ ᠤᠨ ᠡᠮᠦᠨ᠎ᠡ ᠡᠴᠡ ᠡᠷᠬᠢᠮ ᠵᠣᠴᠢᠨ ᠲᠠᠨ ᠢ ᠬᠣᠭᠣᠯᠠ ᠶᠢᠨ ᠭᠠᠵᠠᠷ ᠤᠷᠢᠵᠤ᠂ ᠠᠷᠠᠳ ᠤᠨ ᠬᠤᠪᠢᠰᠬᠠᠯᠲᠤ ᠴᠡᠷᠢᠭ ᠤᠨ ᠪᠦᠲᠦᠨ ᠰᠠᠶ᠋ᠢᠨ ᠡᠳᠦᠷ ᠢᠳᠡᠳᠡᠭ ᠢᠳᠡᠭᠡ ᠬᠣᠭᠣᠯᠠ ᠠᠴᠠ ᠲᠠᠨ ᠳᠤ ᠪᠠᠷᠢᠬᠤ ᠶᠢ ᠬᠦᠰᠡᠨ᠎ᠡ ᠭᠡᠵᠦ ᠰᠤᠮᠤᠨ ᠳᠠᠷᠤᠭ᠎ᠠ᠂ ᠡᠪᠦᠭᠡᠨ ᠰᠠᠶ᠋ᠢᠨ ᠮᠠᠯᠴᠢᠨ ᠢ ᠤᠷᠢᠵᠠᠢ᠃
ᠬᠣᠭᠣᠯᠠᠨ ᠤ ᠰᠡᠭᠦᠯᠡᠷ ᠴᠡᠷᠢᠭ᠂ ᠵᠣᠴᠢᠨ ᠢ ᠳᠠᠭᠠᠵᠤ ᠭᠠᠳᠠᠭ᠎ᠠ ᠬᠠᠮᠲᠤ ᠭᠠᠷᠤᠭᠠᠳ᠂ ᠰᠤᠮᠤᠨ ᠳᠠᠷᠤᠭ᠎ᠠ᠂ ᠰᠢᠷᠴᠢᠨ ᠦ ᠵᠦᠭ ᠦᠭᠦᠯᠡᠷᠦᠨ᠂
— ᠬᠡᠷᠪᠡ᠂ ᠲᠠ ᠦᠳᠡᠰᠢ ᠪᠣᠯᠲᠠᠯ᠎ᠠ ᠡᠨᠳᠡ ᠪᠠᠶ᠋ᠢᠪᠠᠯ᠂ ᠮᠠᠨ ᠤ ᠺᠯᠦ᠋ᠪ ᠲᠦ ᠲᠤᠰ ᠠᠩᠬᠢ ᠶᠢᠨ ᠤᠷᠠᠨ ᠰᠠᠶ᠋ᠢᠬᠠᠨᠴᠤᠳ ᠤᠨ ᠺᠣᠨᠽᠧᠷᠲ᠋ ᠦᠵᠡᠭᠡᠳ ᠶᠠᠪᠤᠬᠤ ᠶᠤᠮᠰᠠᠨ᠃ ᠮᠠᠨ ᠤ ᠴᠡᠷᠢᠭ ᠤᠨ ᠳᠤᠮᠳᠠ ᠰᠠᠶ᠋ᠢᠨ ᠳᠤᠷ᠎ᠠ ᠪᠠᠷ ᠰᠢ ᠵᠦᠴᠦᠭᠡ ᠳᠦ ᠭᠠᠷᠳᠠᠭ ᠵᠦᠴᠦᠭᠡᠴᠢᠨ ᠪᠤᠢ ᠭᠡᠮᠡᠪᠡᠰᠦ᠂ ᠰᠢᠷᠴᠢᠨ᠂ ᠴᠡᠷᠢᠭ ᠳᠠᠷᠤᠭ᠎ᠠ ᠨᠠᠷ ᠤᠨ ᠠᠶᠠᠲᠠᠢ ᠰᠠᠶ᠋ᠢᠬᠠᠨ ᠢᠶᠠᠷ ᠬᠦᠯᠢᠶᠡᠨ ᠵᠣᠴᠢᠯᠠᠭᠰᠠᠨ ᠤ ᠬᠠᠷᠢᠭᠤ ᠲᠠᠯ᠎ᠠ ᠥᠭᠴᠦ ᠢᠨᠢᠶᠡᠮᠰᠦᠭᠯᠡᠨ ᠦᠬᠦᠯᠡᠷᠦᠨ᠂
— ᠠᠥ᠋ᠲ᠋ᠤᠨᠤᠮᠢᠲ᠋ ᠤᠨ ᠦᠶ᠎ᠡ ᠶ᠋ᠢᠨ《ᠵᠠᠷᠯᠢᠭ ᠢᠶᠠᠷ ᠳᠣᠭᠲᠠᠭᠠᠭᠰᠠᠨ ᠮᠣᠩᠭᠣᠯ ᠤᠯᠤᠰ ᠤᠨ ᠬᠠᠤᠯᠢ ᠵᠦᠢᠯ ᠤᠨ ᠪᠢᠴᠢᠭ》 ᠭᠡᠳᠡᠭ ᠲᠦ ᠠᠷᠠᠳ ᠤᠳ ᠢ ᠬᠡᠷᠬᠢᠪᠡᠴᠦ ᠰᠢ ᠵᠦᠴᠦᠭᠡ ᠭᠠᠷᠭᠠᠵᠤ᠂ ᠵᠥᠴᠦᠭᠡ ᠶᠢᠨ ᠰᠤᠷᠭᠠᠭᠤᠯᠢ ᠬᠢᠵᠦ ᠪᠣᠯᠬᠤ ᠦᠭᠡᠢ ᠭᠡᠵᠦ ᠴᠠᠭᠠᠵᠠᠯᠠᠨ ᠬᠣᠷᠢᠬᠰᠠᠨ
ᠵᠦᠢᠯ ᠪᠣᠢ᠃ ᠲᠡᠷᠡ ᠬᠠᠤᠯᠢ ᠵᠥᠷᠢᠴᠡᠵᠦ ᠵᠦᠴᠦᠭᠡ ᠪᠣᠯᠪᠠᠰᠤᠷᠠᠭᠤᠯᠤᠭᠰᠠᠨ ᠠᠷᠠᠳ ᠢ ᠵᠠᠭᠤᠨ ᠪᠠᠩᠵᠠ ᠪᠠᠩᠵᠠᠳᠠᠵᠤ᠂ ᠲᠡᠶ᠋ᠢᠨ ᠬᠦ᠌《ᠬᠠᠤᠯᠢ ᠵᠥᠷᠢᠴᠡᠭᠰᠡᠨ》 ᠵᠦᠴᠦᠭᠡ ᠲᠣᠭᠯᠠᠬᠤ ᠪᠣᠯᠪᠠᠰᠤᠷᠠᠭᠤᠯᠬᠤ ᠳᠤ ᠬᠦᠷᠦᠭᠦᠯᠦᠭᠰᠡᠨ ᠵᠠᠬᠢᠷᠬᠤ ᠠᠯᠪᠠᠨ ᠤ ᠬᠥᠮᠦᠨ ᠢ ᠨᠢᠭᠡᠨ ᠵᠢᠯ ᠤᠨ ᠫᠥᠩᠯᠦ ᠬᠠᠰᠤᠵᠤ ᠰᠢᠳᠬᠡᠳᠡᠭ ᠪᠠᠶ᠋ᠢᠵᠤ ᠪᠢᠯᠡ᠃ ᠲᠠ ᠨᠠᠷ᠂ ᠲᠡᠶ᠋ᠢᠮᠦ ᠬᠠᠤᠯᠢ ᠪᠠᠶ᠋ᠢᠬᠰᠠᠨ ᠢ ᠲᠤᠭᠤᠯᠤᠭᠰᠠᠨ ᠤᠤ? ᠭᠡᠵᠦ ᠢᠨᠢᠶᠡᠨ ᠠᠰᠠᠭᠤᠬᠤ ᠳᠤ᠂ ᠰᠢᠷᠴᠢᠨ ᠦ ᠬᠠᠵᠠᠭᠤ ᠳᠤ ᠵᠣᠭᠰᠣᠵᠤ ᠪᠠᠶ᠋ᠢᠬᠰᠠᠨ ᠨᠢᠭᠡ ᠵᠠᠯᠠᠭᠤ ᠴᠡᠷᠢᠭ᠂
— ᠲᠡᠷᠡ ᠪᠡᠷᠬᠡ ᠴᠠᠭ ᠪᠤᠴᠠᠯᠲᠠ ᠦᠭᠡᠢ ᠥᠩᠭᠡᠷᠡᠭᠰᠡᠨ ᠨᠢ ᠶᠠᠭᠤᠨᠠᠢ ᠵᠠᠪᠰᠢᠶᠠᠨ! ᠪᠢ ᠰᠢ ᠵᠦᠴᠦᠭᠡ ᠳᠦ ᠮᠠᠰᠢ ᠳᠤᠷᠠᠲᠠᠢ᠃ ᠶᠡᠷᠦ ᠲᠢᠶᠠᠲ᠋ᠷ ᠲᠤ ᠰᠢᠨ᠎ᠡ ᠵᠦᠴᠦᠭᠡ ᠭᠠᠷᠬᠤ ᠪᠦᠷᠢ ᠦᠵᠡᠳᠡᠭ ᠶ᠋ᠢᠡᠷ ᠪᠠᠷᠠᠬᠤ ᠦᠭᠡᠢ᠂ ᠬᠣᠵᠢᠮ ᠨᠢᠭᠡᠨ ᠴᠠᠭ ᠲᠤ ᠥᠪᠡᠷ ᠢᠶᠡᠨ ᠴᠦ᠍ ᠵᠦᠴᠦᠭᠡᠴᠢᠨ ᠪᠣᠯᠬᠤ ᠶᠢᠨ ᠬᠦᠰᠡᠯ ᠲᠡᠢ ᠪᠢᠯᠡ ᠭᠡᠬᠦ ᠳ᠋ᠤᠨᠢ᠂ ᠳᠡᠷᠭᠡᠳᠡ ᠨᠢ ᠪᠠᠶ᠋ᠢᠬᠰᠠᠨ ᠨᠢᠭᠡ ᠴᠡᠷᠢᠭ᠂
— ᠴᠢ ᠣᠳᠣ ᠴᠤ᠌ ᠭᠡᠰᠡᠨ ᠪᠠᠷᠤᠭ ᠵᠦᠴᠦᠭᠡᠴᠢᠨ ᠪᠣᠯᠤᠭᠰᠠᠨ ᠶᠤᠮ ᠪᠢᠰᠢᠦ? ᠮᠠᠨᠠᠢ ᠺᠯᠦ᠋ᠪ ᠲᠦ ᠰᠢ ᠲᠠᠯᠪᠢᠬᠤ ᠳᠤ᠂ ᠴᠢ ᠭᠠᠷᠴᠤ ᠯᠡ ᠪᠠᠶ᠋ᠢᠳᠠᠭ ᠰᠢᠦ ᠳ᠋ᠠ ᠭᠡᠵᠦ ᠪᠢᠯᠡ᠃ ᠡᠶ᠋ᠢᠨ ᠬᠦ᠌ ᠢᠳᠡᠷ ᠵᠠᠯᠠᠭᠤ ᠴᠡᠷᠢᠭ ᠤᠨ ᠡᠷᠡᠰ ᠲᠡᠢ ᠲᠣᠲᠣᠨᠤ ᠬᠠᠯᠠᠭᠤᠨ ᠢᠶᠠᠷ ᠰᠠᠯᠬᠤ ᠶᠣᠰᠣ ᠬᠢᠭᠡᠳ ᠰᠢᠷᠴᠢᠨ ᠮᠠᠰᠢᠨ᠎ᠠ ᠳᠤ ᠰᠠᠭᠤᠵᠤ᠂ ᠴᠡᠷᠢᠭ ᠤᠨ ᠬᠤᠸᠠᠷᠠᠨ ᠠᠴᠠ ᠪᠡᠶ᠋ᠢᠷᠢᠨ ᠳᠠᠭᠠᠨ ᠪᠤᠴᠠᠯ᠎ᠠ᠃ ᠵᠠᠮ ᠳᠤᠨᠢ ᠬᠤᠷᠠᠩᠳᠠ ᠦᠭᠦᠯᠦᠷᠦᠨ᠂
— ᠥᠨᠥᠳᠦᠷ᠂ ᠰᠢᠷᠴᠢᠨ ᠭᠤᠸᠠᠢ ᠲᠠᠨ ᠢ ᠮᠠᠨ ᠤ ᠴᠡᠷᠢᠭ ᠲᠦ ᠤᠷᠢᠳᠤ ᠶᠢᠨ ᠪᠠᠶ᠋ᠢᠳᠠᠯ ᠠᠴᠠ ᠶᠠᠷᠢᠵᠤ ᠥᠭᠬᠦ ᠳᠦ ᠂ ᠪᠢᠳᠡ ᠬᠤᠪᠢ ᠳᠠᠭᠠᠨ ᠪᠠᠰᠠ ᠶᠡᠬᠡ ᠰᠣᠨᠢᠷᠬᠠᠯᠲᠠᠢ ᠰᠤᠷᠭᠠᠯᠲᠠᠢ ᠶᠠᠭᠤᠮ᠎ᠠ ᠣᠯᠵᠤ ᠰᠣᠨᠣᠰᠤᠯ᠎ᠠ᠃ ᠮᠢᠨᠦ ᠪᠡᠶ᠎ᠡ ᠠᠷᠠᠳ ᠤᠨ ᠬᠤᠪᠢᠰᠬᠠᠯ ᠤᠨ ᠦᠶᠡᠰ ᠦᠰᠴᠦ ᠬᠥᠮᠦᠵᠢᠭᠰᠡᠨ ᠲᠤᠯᠠ᠂ ᠹᠸᠣ᠌ᠳᠠᠯ ᠤᠨ ᠶᠣᠰᠣ ᠪᠠᠶ᠋ᠢᠳᠠᠯ ᠢ ᠡᠨᠡ ᠲᠡᠷᠡ ᠲᠣᠪᠬᠢᠮᠠᠯ᠂ ᠡᠨᠡ ᠲᠡᠷᠡ ᠦᠭᠦᠯᠡᠯ ᠡᠴᠡ ᠦᠵᠡᠵᠦ᠂ ᠪᠦᠳᠦᠭᠦᠨ ᠲᠤᠶ᠋ᠢᠮᠤ ᠶᠢ ᠮᠡᠳᠡᠬᠦ ᠡᠴᠡ ᠪᠢᠰᠢ᠂ ᠴᠤᠬᠤᠮ ᠨᠠᠷᠢᠨ ᠢ ᠮᠡᠳᠡᠬᠦ ᠦᠭᠡᠢ᠃ ᠮᠠᠨ ᠤ ᠤᠷᠠᠨ ᠵᠣᠬᠢᠶᠠᠯ ᠳᠤ ᠴᠤ᠌ ᠭᠡᠰᠡᠨ᠂ ᠶᠡᠷᠦ ᠹᠸᠣ᠌ᠳᠠᠯ ᠤᠨ ᠶᠣᠰᠣ ᠪᠠᠶ᠋ᠢᠳᠠᠯ ᠢ ᠲᠠᠨ ᠤ ᠥᠨᠥᠳᠦᠷ ᠤᠨ ᠶᠠᠷᠢᠵᠤ ᠥᠭᠭᠦᠭᠰᠡᠨ ᠲᠡᠢ ᠲᠡᠶ᠋ᠢᠮᠦ ᠢᠷᠠᠭᠤ ᠲᠣᠮᠣᠷᠠᠭᠤᠨ ᠢᠶᠠᠷ ᠦᠵᠡᠭᠦᠯᠥᠭᠰᠡᠨ ᠵᠦᠢᠯ ᠪᠠᠶ᠋ᠢᠳᠠᠭ ᠦᠭᠡᠢ ᠰᠢᠦ ᠳ᠋ᠠ᠃ ᠡᠶ᠋ᠢᠮᠦ ᠳᠦ ᠪᠢ᠂ ᠡᠵᠡᠷᠬᠡᠭ ᠤᠨ ᠦᠶ᠎ᠡ ᠶᠢᠨ ᠪᠠᠶ᠋ᠢᠳᠠᠯ ᠢ ᠲᠣᠳᠣᠷᠬᠠᠢ ᠪᠠᠷᠢᠮᠲᠠ ᠪᠠᠷ ᠦᠵᠡᠭᠦᠯᠦᠨ ᠶᠠᠷᠢᠵᠤ ᠥᠭᠭᠦᠭᠰᠡᠨ ᠲᠠᠨ ᠳᠤ ᠳᠠᠬᠢᠨ ᠳᠠᠪᠲᠠᠨ ᠪᠠᠶᠠᠷ ᠬᠦᠷᠭᠡᠶ᠎ᠡ ᠭᠡᠵᠦ ᠡᠪᠦᠭᠡᠨ ᠮᠠᠯᠴᠢᠨ ᠳᠤ ᠲᠠᠯ᠎ᠠ ᠥᠭᠪᠡ᠃
ᠤᠯᠤᠰ ᠤᠨ ᠵᠦᠭ ᠵᠣᠪᠬᠢᠰ ᠪᠦᠬᠦᠨ ᠡᠴᠡ ᠬᠤᠷᠠᠯᠳᠤᠷᠠ ᠢᠷᠡᠭᠰᠡᠨ ᠣᠯᠠᠨ ᠮᠠᠯᠴᠢᠨ᠂ ᠲᠤᠰ ᠵᠥᠪᠯᠡᠯᠭᠡᠨ ᠦ ᠨᠢᠭᠡᠨ ᠳᠣᠯᠣᠭ᠎ᠠ ᠬᠣᠨᠣᠭ ᠤᠨ ᠳᠣᠲᠣᠷ᠎ᠠ ᠬᠠᠷᠢᠯᠴᠠᠨ ᠲᠠᠨᠢᠯᠴᠠᠵᠤ᠂ ᠬᠤᠷᠠᠯ ᠤᠨ ᠶᠠᠨᠳᠠᠷ ᠳᠡᠭᠡᠷ᠎ᠡ ᠡᠴᠡ ᠰᠠᠨᠠᠯ ᠰᠢᠭᠦᠮᠵᠢᠯᠡᠯ ᠢᠶᠡᠨ ᠢᠯᠡᠷᠬᠡᠶ᠋ᠢᠯᠡᠨ ᠬᠡᠯᠡᠭᠰᠡᠨ ᠨᠢ ᠬᠠᠷᠢᠯᠴᠠᠨ ᠲᠤᠷᠰᠢᠯᠭ᠎ᠠ ᠪᠠᠨ ᠰᠣᠯᠢᠯᠴᠠᠬᠤ ᠳ᠋ᠤᠨᠢ( ᠳᠤ ᠨᠢ) ᠶᠡᠬᠡᠯ᠎ᠡ(ᠶᠡᠬᠡ ᠯᠠ) ᠳᠥᠬᠥᠮ ᠲᠠᠢ ᠪᠣᠯᠵᠤ᠂ ᠪᠠᠰᠠ ᠵᠥᠪᠯᠡᠯᠭᠡᠨ ᠦ ᠶᠠᠨᠳᠠᠷ ᠳᠡᠭᠡᠷ᠎ᠡ ᠡᠴᠡ ᠣᠯᠠᠨ ᠨᠡᠶ᠋ᠢᠲᠡ ᠶᠢᠨ ᠡᠮᠦᠨ᠎ᠡ ᠠᠯᠢᠪᠠ ᠵᠠᠯᠬᠠᠭᠤ ᠬᠣᠶ᠋ᠢᠷᠭᠣ ᠬᠥᠮᠦᠨ ᠦ ᠨᠡᠷ᠎ᠡ ᠤᠰᠤ᠂ ᠪᠦᠲᠦᠯ ᠦᠭᠡᠢ ᠶᠠᠪᠤᠳᠠᠯ ᠢ ᠨᠢ ᠭᠠᠷᠭᠠᠵᠤ ᠰᠢᠭᠦᠮᠵᠢᠯᠡᠨ ᠬᠡᠯᠡᠯᠴᠡᠭᠰᠡᠨ ᠨᠢ ᠰᠢᠷᠭᠠᠭᠤ ᠬᠥᠳᠡᠯᠮᠦᠷᠢ ᠪᠡᠷ ᠢᠶᠡᠨ ᠤᠯᠤᠰ ᠳᠠᠶᠠᠭᠠᠷ ᠲᠤ ᠠᠯᠳᠠᠷᠰᠢᠬᠰᠠᠨ᠂ ᠲᠥᠷᠥ ᠳ᠋ᠡᠭᠡᠨ( ᠳᠦ ᠪᠡᠨ) ᠵᠢᠳᠬᠦᠯᠲᠡᠢ᠂ ᠲᠦᠮᠡᠨ ᠳ᠋ᠡᠭᠡᠨ( ᠳᠦ ᠪᠠᠨ) ᠦᠯᠢᠭᠡᠷ ᠲᠡᠢ ᠰᠠᠶ᠋ᠢᠨ ᠮᠠᠯᠴᠢᠨ ᠨᠤᠭᠤᠳ ᠤᠨ ᠲᠡᠳᠡᠨ ᠳᠤ ᠦᠵᠡᠭᠦᠯᠦᠭᠰᠡᠨ ᠨᠢᠭᠡᠨ ᠶᠣᠰᠣᠨ ᠤ ᠣᠯᠠᠨ ᠨᠡᠶ᠋ᠢᠲᠡ ᠶᠢᠨ ᠴᠡᠭᠡᠷᠯᠡᠯ ᠪᠣᠯᠵᠠᠢ᠃ ᠮᠠᠯᠴᠢᠨ ᠨᠤᠭᠤᠳ ᠰᠠᠨᠠᠯ ᠰᠢᠭᠦᠮᠵᠢᠯᠡᠯ ᠲᠠᠯᠪᠢᠬᠤ ᠳᠠᠭᠠᠨ ᠪᠠᠰᠠ ᠣᠷᠣᠨ ᠨᠤᠲᠤᠭ ᠤᠨ ᠵᠠᠬᠢᠷᠭ᠎ᠠ᠂ ᠬᠣᠷᠰᠢᠶᠠᠨ ᠤ ᠠᠯᠪᠠᠨ ᠬᠠᠭᠠᠭᠴᠢᠳ ᠤᠨ ᠠᠵᠢᠯ ᠤᠨ ᠳᠤᠲᠠᠭᠳᠠᠯ᠂ ᠬᠦᠨᠳᠦ ᠰᠤᠷᠲᠠᠯᠲᠤ ᠪᠠᠶ᠋ᠢᠳᠠᠯ ᠦᠵᠡᠭᠳᠡᠭᠰᠡᠨ ᠢ ᠬᠠᠶ᠋ᠢᠷ᠎ᠠ ᠨᠠᠶ᠋ᠢᠷ ᠦᠭᠡᠢ ᠣᠯᠠᠨ ᠤ ᠡᠮᠦᠨ᠎ᠡ ᠲᠥᠭᠡᠨᠡᠨ ᠲᠦᠯᠡᠵᠦ᠂ ᠬᠣᠶ᠋ᠢᠰᠢᠳᠠ ᠲᠡᠶ᠋ᠢᠮᠦ ᠪᠠᠶ᠋ᠢᠳᠠᠯ ᠭᠠᠷᠭᠠᠭᠤᠯᠬᠤ ᠦᠭᠡᠢ ᠶᠢ ᠬᠦᠰᠡᠨ ᠢᠯᠡᠷᠬᠡᠶ᠋ᠢᠯᠡᠵᠦ ᠪᠢᠯᠡ᠃ ᠮᠠᠷᠱᠠᠯ ᠤᠨ ᠲᠤᠰᠢᠶᠠᠯ ᠢᠶᠠᠷ ᠵᠣᠬᠢᠬᠤ ᠶᠠᠮᠤᠨ ᠤ ᠤᠳᠤᠷᠢᠳᠤᠭᠴᠢᠳ ᠨᠢ ᠰᠠᠶ᠋ᠢᠨ ᠮᠠᠯᠴᠢᠨ ᠤ ᠰᠢᠭᠦᠮᠵᠢᠯᠡᠯ ᠶ᠋ᠢᠡᠷ ᠢᠯᠡᠷᠡᠭᠰᠡᠨ ᠳᠤᠲᠠᠭᠳᠠᠯ ᠢ ᠵᠠᠰᠠᠨ ᠵᠠᠯᠠᠷᠠᠭᠤᠯᠬᠤ ᠲᠤᠬᠠᠢ ᠶᠠᠮᠠᠷ ᠠᠷᠭ᠎ᠠ ᠬᠡᠮᠵᠢᠶ᠎ᠡ ᠠᠪᠤᠭᠰᠠᠨ ᠢᠶᠠᠨ ᠳᠠᠷᠠᠭᠠᠴᠢ ᠶᠢᠨ ᠬᠤᠷᠠᠯ ᠳᠡᠭᠡᠷ᠎ᠡ ᠬᠠᠷᠢᠭᠤ ᠥᠭᠴᠦ ᠪᠠᠶ᠋ᠢᠬᠰᠠᠨ ᠢ ᠰᠠᠶ᠋ᠢᠨ ᠮᠠᠯᠴᠢᠨ ᠨᠤᠭᠤᠳ ᠶᠡᠬᠡᠯ᠎ᠡ ᠪᠠᠬᠠᠳᠤᠵᠤ ᠪᠠᠶ᠋ᠢᠯ᠎ᠠ᠃
ᠵᠥᠪᠯᠡᠯᠭᠡᠨ ᠦ ᠨᠠᠢ᠍ᠮᠠᠳᠤᠭᠠᠷ ᠡᠳᠦᠷ1941 ᠣᠨ ᠤ ᠠᠷᠪᠠᠨ ᠬᠣᠶᠠᠳᠤᠭᠠᠷ ᠰᠠᠷ᠎ᠠ ᠶᠢᠨ ᠳᠥᠷᠪᠡᠨ ᠦ ᠥᠷᠯᠥᠭᠡ ᠶᠢᠨ ᠬᠤᠷᠠᠯ ᠳᠡᠭᠡᠷ᠎ᠡ ᠬᠤᠷᠠᠯ ᠤᠨ ᠬᠦᠨᠳᠦᠲᠦ ᠳᠠᠷᠤᠭ᠎ᠠ ᠨᠥᠬᠥᠷ ᠪᠣᠮᠴᠠᠩᠲᠤ᠂ ᠲᠤᠰ ᠬᠤᠷᠠᠯ ᠳᠤ ᠰᠠᠭᠤᠯᠴᠠᠭᠰᠠᠨ ᠤᠯᠤᠰ ᠤᠨ ᠰᠠᠶ᠋ᠢᠨ ᠮᠠᠯᠴᠢᠨ ᠢ ᠪᠠᠭ᠎ᠠ ᠬᠤᠷᠠᠯ ᠠᠴᠠ ᠮᠣᠩᠭᠣᠯ ᠠᠷᠠᠳ ᠤᠯᠤᠰ ᠤᠨ ᠣᠳᠣᠨ ᠮᠧᠳᠠᠯ᠂ ᠮᠥᠨ ᠤᠯᠤᠰ ᠤᠨ ᠰᠠᠶ᠋ᠢᠨ ᠮᠠᠯᠴᠢᠨ ᠭᠡᠳᠡᠭ ᠲᠡᠮᠳᠡᠭ ᠶ᠋ᠢᠡᠷ ᠱᠠᠩᠨᠠᠬᠤ ᠪᠠᠷ ᠪᠣᠯᠤᠭᠰᠠᠨ᠂ ᠪᠠᠰᠠ ᠵᠠᠰᠠᠭ ᠤᠨ ᠭᠠᠵᠠᠷ ᠠᠴᠠ ᠦᠨ᠎ᠡ ᠪᠦᠬᠦᠢ ᠵᠦᠢᠯ ᠶ᠋ᠢᠡᠷ ᠱᠠᠩᠨᠠᠬᠤ ᠲᠣᠭᠲᠠᠭᠠᠯ ᠭᠠᠷᠭᠠᠭᠰᠠᠨ ᠢ ᠮᠡᠳᠡᠭᠳᠡᠯ᠎ᠡ᠃ ᠨᠡᠷ᠎ᠡ ᠲᠥᠷᠥ᠂ ᠠᠯᠳᠠᠷ ᠭᠠᠪᠢᠶᠠᠨ ᠤ᠋ ᠪᠠᠬᠠᠷᠬᠠᠮ᠎ᠠ ᠦᠢᠯᠡᠰ ᠪᠣᠯᠤᠭᠰᠠᠨ ᠰᠢᠷᠭᠠᠭᠤ ᠬᠥᠳᠡᠯᠮᠦᠷᠢ ᠶ᠋ᠢᠨ ᠬᠥᠮᠦᠰ᠂ ᠡᠷᠡᠭᠲᠡᠢ ᠡᠮᠡᠭᠲᠡᠢ ᠮᠠᠯᠴᠢᠨ ᠨᠤᠭᠤᠳ ᠬᠣᠢᠨ᠎ᠠ ᠬᠣᠢᠨᠠᠴᠠ ᠪᠠᠨ ᠴᠤᠪᠤᠷᠠᠨ ᠲᠠᠢᠵᠠᠨ ᠳᠡᠭᠡᠷ᠎ᠡ ᠭᠠᠷᠴᠤ᠂ ᠲᠡᠷᠢᠭᠦᠯᠡᠭᠴᠢᠳ ᠦ᠋ᠨ ᠰᠢᠷᠡᠭᠡᠨ ᠦ᠌ ᠡᠮᠦᠨ᠎ᠡ ᠣᠴᠢᠭᠠᠳ᠂ ᠪᠠᠭ᠎ᠠ ᠬᠤᠷᠠᠯ ᠤ᠋ᠨ ᠳᠠᠷᠤᠭ᠎ᠠ᠂ ᠴᠣᠭ ᠵᠢᠪᠬᠤᠯᠠᠩᠲᠤ ᠪᠤᠭᠤᠷᠤᠯ ᠪᠤᠮᠴᠠᠩᠲᠤ ᠶ᠋ᠢᠨ ᠭᠠᠷ ᠠ᠋ᠴᠠ ᠴᠤᠴᠠᠰᠢ ᠦᠭᠡᠢ ᠬᠥᠳᠡᠯᠮᠦᠷᠢ ᠶ᠋ᠢᠨ ᠡᠷᠬᠢᠮ ᠭᠠᠪᠢᠶ᠎ᠠ ᠱᠠᠩ ᠬᠦᠯᠢᠶᠡᠨ ᠠᠪᠴᠠᠭᠠᠯᠠ᠃
ᠳᠠᠯᠠᠨ ᠭᠤᠷᠪᠠᠨ ᠨᠠᠰᠤᠲᠠᠢ ᠡᠪᠦᠭᠡᠨ ᠮᠠᠯᠴᠢᠨ ᠵᠠᠮᠰᠤ ᠬᠥᠳᠡᠯᠮᠦᠷᠢ ᠶ᠋ᠢᠨ ᠭᠠᠪᠢᠶᠠᠨ ᠤ᠋ ᠣᠳᠣᠨ᠂ ᠤᠯᠤᠰ ᠤ᠋ᠨ ᠰᠠᠢᠨ ᠮᠠᠯᠴᠢᠨ ᠤ᠋ ᠲᠡᠮᠳᠡᠭ ᠱᠠᠩᠨᠠᠭᠤᠯᠵᠤ᠂ ᠪᠠᠰᠠ ᠵᠠᠰᠠᠭ ᠤ᠋ᠨ ᠭᠠᠵᠠᠷ ᠤ᠋ᠨ ᠱᠠᠩ ᠺᠠᠯᠢᠪᠠᠷ ᠤ᠋ᠨ ᠫᠤᠤ ᠠᠪᠤᠯ᠎ᠠ᠃
ᠰᠢᠷᠴᠢᠨ᠂ ᠬᠥᠳᠡᠯᠮᠦᠷᠢ ᠶ᠋ᠢᠨ ᠭᠠᠪᠢᠶᠠᠨ ᠤ᠋ ᠣᠳᠣᠨ᠂ ᠰᠠᠢᠨ ᠮᠠᠯᠴᠢᠨ ᠤ᠋ ᠲᠡᠮᠳᠡᠭ᠂ ᠳᠡᠪᠡᠯ ᠦ᠋ᠨ ᠲᠣᠷᠭ᠎ᠠ ᠪᠠᠷ ᠱᠠᠩᠨᠠᠭᠤᠯᠤᠯᠠ᠃
ᠡᠮᠦᠨ᠎ᠡ ᠭᠣᠪᠢ ᠠᠢᠮᠠᠭ ᠤ᠋ᠨ ᠳᠡᠯᠭᠡᠷ ᠬᠠᠩᠭᠠᠢ ᠰᠤᠮᠤ ᠶ᠋ᠢᠨ ᠭᠤᠷᠪᠠᠳᠤᠭᠠᠷ ᠪᠠᠭ ᠤ᠋ᠨ ᠮᠠᠯᠴᠢᠨ ᠡᠮᠡᠭᠲᠡᠢ ᠠᠯᠢᠮ᠎ᠠ᠂ ᠬᠥᠳᠡᠯᠮᠦᠷᠢ ᠶ᠋ᠢᠨ ᠣᠳᠣᠨ᠂ ᠰᠠᠢᠨ ᠮᠠᠯᠴᠢᠨ ᠤ᠋ ᠲᠡᠮᠳᠡᠭ᠂ ᠣᠶᠣᠳᠠᠯ ᠤ᠋ᠨ ᠮᠠᠰᠢᠨ᠎ᠡ ᠠᠪᠤᠯ᠎ᠠ᠃ ᠡᠪᠦᠭᠡᠨ ᠬᠢᠲᠠᠳ ᠠᠵᠢᠯᠴᠢᠨ ᠸᠠᠩ ᠠᠯᠲᠠᠨ ᠭᠠᠳᠠᠰᠤ ᠣᠳᠣᠨ᠂ ᠴᠠᠭ ᠬᠣᠶᠠᠷ ᠢ᠋ᠶ᠋ᠠᠷ ᠱᠠᠩᠨᠠᠭᠤᠯᠤᠯᠠ᠃
ᠲᠡᠭᠦᠰᠬᠡᠯ ᠦ᠋ᠨ ᠬᠤᠷᠠᠯ ᠳᠡᠭᠡᠷ᠎ᠡ ᠤᠯᠤᠰ ᠤ᠋ᠨ ᠰᠠᠢᠨ ᠮᠠᠯᠴᠢᠨ ᠨᠤᠭᠤᠳ1941 ᠣᠨ ᠤ᠋ ᠠᠷᠪᠠᠨ ᠨᠢᠭᠡᠳᠦᠭᠡᠷ ᠰᠠᠷ᠎ᠠ ᠶ᠋ᠢᠨ ᠬᠣᠷᠢᠨ ᠬᠣᠶᠠᠷ ᠤ᠋ᠨ ᠡᠳᠦᠷ ᠵᠥᠪᠯᠡᠯᠲᠦ ᠬᠣᠯᠪᠣᠭᠠᠲᠤ ᠤᠯᠤᠰ ᠤ᠋ᠨ ᠭᠠᠳᠠᠭᠠᠳᠤ ᠶᠠᠪᠤᠳᠠᠯ ᠤ᠋ᠨ ᠠᠷᠠᠳ ᠤ᠋ᠨ ᠺᠣᠮᠢᠰᠰᠠᠷ ᠸ᠂ ᠮ᠂ ᠮᠤᠯᠲ᠋ᠤᠸ ᠠ᠋ᠴᠠ ᠵᠠᠷᠯᠠᠨ ᠶᠠᠪᠤᠭᠤᠯᠤᠭᠰᠠᠨ᠂ ᠭᠧᠷᠮᠠᠨ ᠤ᠋ ᠴᠡᠷᠢᠭ ᠦ᠋ᠨ ᠡᠷᠬᠡ ᠪᠠᠷᠢᠭᠴᠢᠳ ᠠ᠋ᠴᠠ ᠵᠥᠪᠯᠡᠯᠲᠦ ᠶ᠋ᠢᠨ ᠣᠯᠵᠠᠯᠠᠭᠳᠠᠭᠰᠠᠨ ᠴᠡᠷᠢᠭ ᠢ᠋ ᠬᠠᠷᠭᠢᠰᠯᠠᠨ ᠲᠠᠮᠤᠯᠠᠵᠤ ᠪᠠᠢᠭ᠎ᠠ ᠲᠤᠬᠠᠢ ᠨᠣᠲ᠋ᠠ ᠪᠢᠴᠢᠭ ᠰᠣᠨᠣᠰᠤᠯ᠎ᠠ᠃
ᠹᠠᠱ᠌ᠢᠰᠲ ᠤ᠋ᠳ ᠢ᠋ ᠲᠡᠢᠨ ᠬᠦ᠌ ᠵᠥᠪᠯᠡᠯᠲᠦ ᠶ᠋ᠢᠨ ᠣᠯᠵᠠᠯᠠᠭᠳᠠᠭᠰᠠᠨ ᠴᠡᠷᠢᠭ ᠦ᠋ᠨ ᠬᠥᠮᠦᠨ ᠢ᠋ ᠲᠤᠢᠯ ᠤ᠋ᠨ ᠬᠠᠷᠭᠢᠰ ᠢ᠋ᠶ᠋ᠠᠷ ᠵᠣᠪᠠᠭᠠᠨ ᠲᠠᠮᠤᠯᠠᠵᠤ᠂ ᠲᠠᠷᠴᠢᠯᠭᠠᠨ ᠳᠠᠷᠤᠯᠠᠵᠤ ᠪᠠᠢᠭ᠎ᠠ ᠶ᠋ᠢ ᠰᠣᠨᠣᠰᠤᠭᠠᠳ᠂ ᠣᠯᠠᠨ ᠮᠠᠯᠴᠢᠨ ᠤ᠋ ᠰᠡᠳᠬᠢᠯ ᠬᠣᠷᠣᠰᠤᠨ᠂ ᠶᠡᠬᠡᠳᠡ ᠠᠭᠤᠷ ᠬᠢᠯᠢᠩ ᠪᠠᠳᠠᠷᠠᠯ᠎ᠠ᠃ ᠰᠢᠳᠤᠷᠭᠤ ᠰᠢᠯᠤᠭᠤᠨ ᠰᠠᠨᠠᠭ᠎ᠠ ᠲᠠᠢ᠂ ᠠᠷᠢᠭᠤᠨ ᠰᠠᠢᠬᠠᠨ ᠰᠡᠳᠬᠢᠯ ᠲᠡᠢ ᠮᠠᠯᠴᠢᠨ ᠠᠷᠠᠳ ᠤ᠋ᠳ ᠬᠤᠷᠠᠯ ᠤ᠋ᠨ ᠶᠡᠨᠳᠡᠷ ᠳᠡᠭᠡᠷ᠎ᠡ ᠨᠢᠭᠡ ᠨᠢᠭᠡ ᠪᠡᠷ ᠢ᠋ᠶ᠋ᠡᠨ ᠭᠠᠷᠴᠤ᠂ ᠪᠠᠳᠠᠷᠠᠭᠰᠠᠨ ᠬᠢᠯᠢᠩᠲᠦ ᠰᠡᠳᠬᠢᠯ ᠦ᠋ᠨ ᠡᠭᠦᠳᠡᠨ ᠡᠴᠡ ᠬᠠᠷᠭᠢᠰ ᠹᠠᠱ᠌ᠢᠰᠲ ᠤ᠋ᠨ ᠬᠡᠷᠴᠡᠭᠡᠢ ᠶ᠋ᠢ ᠵᠢᠭᠰᠢᠨ ᠪᠤᠷᠤᠭᠤᠰᠢᠶᠠᠵᠤ᠂ ᠬᠥᠮᠦᠨ ᠦ᠌ ᠦᠨᠦᠷ ᠦᠭᠡᠢ ᠬᠠᠷᠭᠢᠰ ᠪᠠᠯᠠᠮᠠᠳ ᠢ᠋ ᠵᠠᠨᠤᠨ᠂ ᠪᠠᠭᠠᠲᠤᠷ ᠵᠣᠷᠢᠭᠲᠤ ᠵᠥᠪᠯᠡᠯᠲᠦ ᠶ᠋ᠢᠨ ᠠᠷᠠᠳ ᠲᠦᠮᠡᠨ ᠳ᠋ᠦ᠍ ᠡᠯᠢᠭᠡᠨ ᠳᠣᠲᠣᠨᠣ ᠰᠡᠳᠬᠢᠯ᠂ ᠴᠡᠭᠡᠵᠢ ᠳᠦᠭᠦᠷᠡᠩ ᠪᠠᠬᠠᠷᠬᠠᠯ ᠲᠠᠯᠠᠷᠬᠠᠯ ᠢ᠋ᠶ᠋ᠠᠨ ᠢᠯᠡᠷᠬᠡᠢᠯᠡᠵᠡᠭᠡᠯᠡ᠃ ᠰᠢᠷᠴᠢᠨ ᠶᠡᠨᠳᠡᠷ ᠳᠡᠭᠡᠷ᠎ᠡ ᠭᠠᠷᠤᠭᠠᠳ ᠥᠭᠦᠯᠡᠷᠦᠨ᠂
—《ᠰᠣᠨᠣᠰᠪᠠᠯ᠂ ᠲ᠋ᠷᠥ᠋ᠮᠧᠨ ᠭᠡᠳᠡᠭ ᠠᠮᠧᠷᠢᠺᠠ ᠶ᠋ᠢᠨ ᠨᠢᠭᠡᠨ ᠰᠧᠨᠠᠲ᠋ᠣᠷ᠂ ᠾᠢᠲ᠋ᠯᠧᠷ ᠦ᠋ᠨ ᠲᠦᠷᠢᠮᠡᠬᠡᠢ ᠴᠡᠷᠢᠭ ᠢ᠋ ᠬᠣᠯᠪᠣᠭᠠᠲᠤ ᠤᠯᠤᠰ ᠲᠤ᠌ ᠬᠠᠯᠳᠠᠨ ᠣᠷᠣᠭᠰᠠᠨ ᠤ᠋ ᠳᠠᠷᠠᠭᠠᠬᠠᠨ᠂ ᠥᠩᠭᠡᠷᠡᠭᠰᠡᠨ ᠵᠢᠷᠭᠤᠳᠤᠭᠠᠷ ᠰᠠᠷ᠎ᠠ ᠳ᠋ᠤ᠌ ᠦᠭᠡ ᠬᠡᠯᠡᠬᠦ ᠳ᠋ᠡᠭᠡᠨ( ᠳ᠋ᠦ᠍ ᠪᠡᠨ)᠂《ᠬᠡᠷᠪᠡ ᠪᠢᠳᠡᠨ ᠦ᠌ ᠨᠢᠳᠦᠨ ᠦ᠌ ᠡᠮᠦᠨ᠎ᠡ ᠭᠧᠷᠮᠠᠨ ᠳᠡᠢᠯᠳᠡᠭ ᠪᠠᠢᠪᠠᠯ᠂ ᠪᠢᠳᠡ ᠣᠷᠣᠰ ᠲᠤᠨᠢ ᠲᠤᠰᠠᠯᠠᠵᠤ᠂ ᠬᠡᠷᠪᠡ ᠣᠷᠣᠰ ᠨᠢ ᠳᠡᠢᠯᠳᠡᠭ ᠲᠦ᠍ ᠬᠦᠷᠳᠡᠭ ᠶᠦᠮ ᠪᠠᠢᠪᠠᠯ᠂ ᠪᠢᠳᠡ ᠭᠧᠷᠮᠠᠨ ᠳ᠋ᠤ᠌ ᠲᠤᠰᠠᠯᠠᠵᠤ᠂ ᠲᠡᠷᠡ ᠬᠣᠶᠠᠷ ᠢ᠋ ᠪᠡᠶ᠎ᠡ ᠪᠡᠶ᠎ᠡ ᠪᠡᠨ ᠠᠯᠢ ᠪᠣᠯᠬᠤ ᠪᠠᠷ ᠶᠡᠬᠡᠪᠡᠷ ᠬᠢᠳᠤᠭᠤᠯᠤᠨᠠ》 ᠭᠡᠵᠦ ᠬᠡᠯᠡᠵᠦ ᠪᠠᠢᠭᠰᠠᠨ ᠬᠥᠮᠦᠨ ᠶᠦᠮ ᠭᠡᠨ᠎ᠡ ᠪᠢᠯᠡ᠃ ᠲᠡᠷᠡ ᠲ᠋ᠷᠥ᠋ᠮᠧᠨ ᠭᠡᠳᠡᠭ ᠶᠠᠮᠠᠷ ᠮᠠᠭᠤᠬᠠᠢ ᠠᠮᠢᠲᠠᠨ ᠪᠣᠢ? ᠲᠥᠷᠥ ᠶ᠋ᠢᠨ ᠵᠢᠯᠣᠭᠣ ᠶ᠋ᠢ ᠲᠡᠷᠡ ᠰᠧᠨᠡᠲ᠋ᠤᠷ ᠨᠢᠭᠡᠨ ᠴᠠᠭ ᠲᠤ᠌ ᠪᠤᠵᠠᠷ ᠭᠠᠷ ᠢ᠋ᠶ᠋ᠠᠷ ᠢ᠋ᠶ᠋ᠠᠨ ᠪᠠᠷᠢᠳᠠᠭ ᠶᠤᠮ ᠪᠣᠯ ᠤᠯᠤᠰ ᠣᠯᠠᠨ ᠳ᠋ᠠᠭᠠᠨ( ᠳ᠋ᠤ᠌ ᠪᠠᠨ) ᠶᠠᠭᠤᠲᠠᠢ ᠭᠠᠰᠢᠭᠤᠨ ᠵᠣᠪᠠᠯᠠᠩ ᠢ᠋ ᠤᠴᠠᠷᠠᠭᠤᠯᠬᠤ ᠠᠮᠢᠲᠠᠨ ᠪᠣᠢ?
ᠪᠢᠳᠡ ᠪᠣᠯᠪᠠᠯ ᠤᠯᠤᠰ ᠣᠯᠠᠨ ᠤ᠋ ᠴᠢᠰᠤ ᠨᠥᠵᠢ ᠠᠰᠬᠠᠷᠠᠭᠤᠯᠬᠤ ᠶ᠋ᠢ ᠬᠦᠰᠡᠵᠦ᠂ ᠡᠬᠡ ᠪᠣᠯᠣᠭᠰᠠᠳ ᠤ᠋ᠨ ᠨᠢᠰᠦ ᠨᠢᠯᠪᠤᠰᠤ ᠪᠠᠷ ᠠᠰᠢᠭ ᠵᠠᠪᠰᠢᠶᠠᠨ ᠣᠯᠳᠠᠭ ᠰᠧᠨᠠᠲ᠋ᠤᠷ ᠪᠢᠰᠢ᠂ ᠬᠥᠳᠡᠯᠮᠦᠷᠢ ᠶ᠋ᠢᠨ ᠬᠥᠮᠦᠰ᠂ ᠡᠭᠡᠯ ᠵᠢᠷ ᠦ᠋ᠨ ᠰᠢᠳᠤᠷᠭᠤ ᠮᠠᠯᠴᠢᠨ ᠬᠥᠮᠦᠨ ᠮᠥᠨ ᠦ᠌ ᠲᠤᠯᠠ᠂ ᠶᠠᠮᠠᠷ ᠴᠤ᠌ ᠬᠦᠨᠳᠦ ᠪᠡᠷᠬᠡ ᠡᠴᠡ ᠥᠴᠦᠬᠡᠨ ᠲᠡᠳᠦᠢ ᠴᠦ᠍ ᠡᠷᠡᠭᠡᠯᠵᠡᠨ ᠨᠢᠴᠤᠬᠤ ᠦᠭᠡᠢ᠂ ᠠᠯᠲᠠᠨ ᠳᠡᠯᠡᠬᠡᠢ ᠶ᠋ᠢᠨ ᠠᠷᠠᠳ ᠠᠮᠢᠲᠠᠨ ᠡᠩᠬᠡ ᠵᠢᠷᠭᠠᠯ ᠤ᠋ᠨ ᠲᠥᠯᠥᠭᠡ ᠠᠬ᠎ᠠ ᠳᠡᠭᠦᠦ ᠵᠥᠪᠯᠡᠯᠲᠦ ᠤᠯᠤᠰ ᠲᠠᠭᠠᠨ( ᠲᠤ ᠪᠠᠨ) ᠴᠢᠳᠠᠯ ᠢ᠋ᠶ᠋ᠠᠷ ᠢ᠋ᠶ᠋ᠠᠨ ᠴᠢᠷᠮᠠᠢᠨ ᠵᠢᠳᠬᠦᠵᠦ ᠲᠤᠰᠠᠯᠠᠨ᠎ᠠ! ᠠᠤᠭ᠎ᠠ ᠶᠡᠬᠡ ᠰᠲ᠋ᠠᠯᠢᠨ᠂ ᠳᠣᠯᠣᠳᠤᠭᠠᠷ ᠰᠠᠷ᠎ᠠ ᠳ᠋ᠤ᠌ ᠷᠠᠳᠢᠣ᠋ ᠪᠠᠷ ᠦᠭᠡ ᠬᠡᠯᠡᠬᠦ ᠳ᠋ᠡᠭᠡᠨ( ᠳ᠋ᠦ᠍ ᠪᠡᠨ)ᠨᠡᠢᠭᠡᠮ ᠬᠥᠮᠦᠨ ᠲᠥᠷᠥᠯᠬᠢᠲᠡᠨ ᠦ᠌ ᠬᠠᠷᠭᠢᠰ ᠬᠠᠷ᠎ᠠ ᠳᠠᠢᠰᠤᠨ ᠢ᠋ ᠳᠠᠷᠤᠬᠤ ᠳ᠋ᠤ᠌᠂ ᠽᠠᠮᠪᠤᠲᠢᠪ ᠤ᠋ᠨ ᠰᠢᠳᠤᠷᠭᠤ ᠬᠥᠮᠦᠨ ᠪᠦᠬᠦᠨ ᠴᠣᠬᠣᠮ ᠶᠠᠭᠤ ᠬᠢᠪᠡᠯ ᠵᠣᠬᠢᠬᠤ ᠶ᠋ᠢ ᠮᠠᠰᠢ ᠢᠷᠠᠭᠤ ᠲᠣᠳᠣᠷᠬᠠᠢ ᠪᠠᠷ ᠵᠢᠭᠠᠵᠤ ᠥᠭᠭᠦᠭᠰᠡᠨ ᠪᠢᠯᠡ᠃《ᠮᠠᠨ ᠤ᠋ ᠬᠡᠷᠡᠭ ᠵᠥᠪ! ᠢᠯᠠᠯᠲᠠ ᠮᠠᠨ ᠤ᠋ ᠬᠢ ᠪᠣᠯᠤᠨ᠎ᠠ!》 ᠭᠡᠵᠦ ᠬᠡᠯᠡᠭᠰᠡᠨ᠂ ᠰᠲ᠋ᠠᠯᠢᠨ ᠤ᠋ ᠦᠭᠡ ᠪᠢᠳᠡᠨ ᠦ᠌ ᠰᠡᠳᠬᠢᠯ ᠵᠢᠷᠦᠬᠡᠨ ᠳ᠋ᠦ᠍ ᠰᠢᠩᠭᠡᠭᠡᠳ᠂ ᠽᠠᠮᠪᠤᠯᠢᠩ ᠤ᠋ᠨ ᠤᠯᠤᠰ ᠠᠮᠢᠲᠠᠨ ᠤ᠋ ᠡᠩᠬᠡ ᠵᠢᠷᠭᠠᠯ ᠲᠦᠮᠡᠨ ᠠᠷᠠᠳ ᠤ᠋ᠨ ᠡᠷᠬᠢᠮ ᠢᠯᠠᠯᠲᠠ ᠶ᠋ᠢᠨ ᠲᠥᠯᠥᠭᠡ ᠬᠥᠳᠡᠯᠮᠦᠷᠢ ᠶ᠋ᠢᠨ ᠶᠡᠬᠡ ᠵᠢᠳᠬᠦᠯ ᠴᠢᠷᠮᠠᠢᠯᠲᠠ ᠭᠠᠷᠭᠠᠬᠤ ᠵᠣᠷᠢᠭ ᠪᠢᠳᠡ ᠪᠦᠬᠦᠨ ᠢ᠋ᠶ᠋ᠡᠨ ᠪᠠᠳᠠᠷᠠᠭᠤᠯᠵᠤ ᠪᠠᠢᠨ᠎ᠠ᠃ ᠬᠥᠭᠰᠢᠨ ᠵᠠᠯᠠᠭᠤ ᠦᠭᠡᠢ ᠪᠦᠭᠦᠳᠡᠭᠡᠷ ᠢ᠋ᠶ᠋ᠡᠨ ᠨᠢᠭᠡᠨ ᠰᠠᠨᠠᠭ᠎ᠠ ᠨᠡᠢᠲᠡ ᠶ᠋ᠢᠨ ᠬᠦᠴᠦ ᠪᠡᠷ ᠵᠢᠳᠬᠦᠵᠦ᠂ ᠳᠡᠭᠡᠷᠡᠮᠴᠢᠨ ᠡᠵᠡᠷᠬᠡᠭ ᠲᠦᠷᠢᠮᠡᠬᠡᠢ ᠬᠠᠷ᠎ᠠ ᠬᠦᠴᠦ ᠶ᠋ᠢ ᠪᠦᠯᠢᠶᠡᠨ ᠢᠯᠠᠬᠤ ᠨᠡᠢᠭᠡᠮ ᠵᠢᠷᠤᠮᠲᠤ ᠶᠡᠬᠡ ᠤᠯᠤᠰ ᠤ᠋ᠨ ᠦᠯᠡᠮᠵᠢ ᠶ᠋ᠢᠨ ᠢᠯᠠᠯᠲᠠ ᠶ᠋ᠢᠨ ᠪᠠᠶᠠᠰᠬᠤᠯᠠᠩᠲᠤ ᠴᠠᠭ ᠢ᠋ ᠣᠢᠷᠠᠲᠤᠭᠤᠯᠬᠤ ᠶ᠋ᠢᠨ ᠲᠥᠯᠥᠭᠡ ᠭᠠᠷ ᠬᠤᠮᠬᠢᠯ ᠦᠭᠡᠢ ᠵᠢᠳᠬᠦᠶ᠎ᠡ! ᠡᠩᠬᠡ ᠰᠢᠳᠤᠷᠭᠤ ᠶ᠋ᠢᠨ ᠶᠣᠰᠣ᠂ ᠬᠠᠷᠭᠢᠰ ᠪᠤᠷᠤᠩᠬᠤᠢ ᠶ᠋ᠢᠨ ᠬᠦᠴᠦ ᠶ᠋ᠢ ᠳᠠᠷᠤᠨ ᠰᠥᠨᠥᠭᠡᠲᠦᠭᠡᠢ! ᠶᠡᠬᠡ ᠮᠡᠷᠭᠡᠨ ᠰᠲ᠋ᠠᠯᠢᠨ ᠢᠯᠠᠭᠤᠨ ᠮᠠᠨᠳᠤᠲᠤᠭᠠᠢ!》 ᠬᠡᠮᠡᠭᠰᠡᠨ ᠳ᠋ᠦ᠍ ᠬᠥᠮᠦᠨ ᠲᠥᠷᠥᠯᠬᠢᠲᠡᠨ ᠦ᠌ ᠡᠩᠬᠡ ᠵᠢᠷᠭᠠᠯ᠂ ᠡᠷᠬᠡ ᠴᠢᠯᠥᠭᠡ ᠶ᠋ᠢ ᠳᠡᠯᠡᠬᠡᠢ ᠶ᠋ᠢᠨ ᠬᠠᠷ᠎ᠠ ᠬᠠᠷᠭᠢᠰ ᠪᠤᠷᠤᠩᠬᠤᠢ ᠬᠦᠴᠦᠨ ᠡᠴᠡ ᠬᠠᠮᠠᠭᠠᠯᠠᠨ᠂ ᠠᠤᠭ᠎ᠠ ᠶᠡᠬᠡ ᠲᠡᠮᠡᠴᠡᠯ ᠬᠢᠵᠦ ᠪᠠᠢᠭ᠎ᠠ ᠪᠠᠭᠠᠲᠤᠷ ᠶᠡᠬᠡ ᠵᠥᠪᠯᠡᠯᠲᠦ ᠶ᠋ᠢᠨ ᠠᠷᠠᠳ ᠲᠦᠮᠡᠨ᠂ ᠦᠯᠡᠮᠵᠢ ᠶ᠋ᠢᠨ ᠰᠲ᠋ᠠᠯᠢᠨ ᠢ᠋ ᠴᠢᠩ ᠰᠡᠳᠬᠢᠯ ᠢ᠋ᠶ᠋ᠡᠷ ᠢᠷᠥᠭᠡᠭᠰᠡᠨ ᠦᠭᠡ ᠥᠷᠭᠡᠨ ᠶᠡᠬᠡ ᠲᠠᠩᠬᠢᠮ ᠢ᠋ᠶ᠋ᠠᠷ ᠳᠠᠭᠤᠷᠢᠰᠴᠠᠢ᠃
ᠡᠭᠦᠪᠡᠷ ᠦᠵᠦᠭ ᠢ᠋ᠶ᠋ᠡᠨ ᠴᠠᠭᠠᠰᠤᠨ ᠠ᠋ᠴᠠ ᠰᠠᠯᠭᠠᠭᠠᠳ᠂ᠦᠵᠡᠭᠴᠢ ᠨᠥᠬᠥᠳ ᠡᠴᠡ ᠠᠭᠤᠴᠢᠯᠠᠯ ᠭᠤᠶᠤᠬᠤ ᠮᠢᠨᠢ᠄ ᠮᠢᠨᠦ ᠪᠢᠴᠢᠭᠰᠡᠨ ᠡᠨᠡ ᠷᠣᠮᠠᠨ ᠪᠢᠴᠢᠭ ᠲᠦ᠍ ᠳᠤᠲᠠᠭᠤ ᠳᠤᠯᠢᠮ ᠵᠦᠢᠯ ᠦᠯᠡᠮᠵᠢ ᠪᠠᠢᠬᠤ ᠪᠣᠢ᠂ ᠲᠡᠭᠦᠨ ᠢ᠋ ᠠᠭᠤᠴᠢᠯᠠᠨ᠎ᠠ ᠤᠤ ᠭᠡᠵᠦ ᠬᠦᠯᠢᠴᠡᠯ ᠥᠴᠢᠶ᠎ᠡ᠃ ᠪᠠᠰᠠ ᠰᠡᠳᠬᠢᠯ ᠰᠡᠷᠭᠦᠵᠦ ᠵᠣᠷᠢᠭ ᠪᠠᠳᠠᠷᠠᠮ᠎ᠠ ᠰᠠᠢᠬᠠᠨ ᠮᠣᠩᠭᠣᠯ ᠪᠢᠳᠡᠨ ᠦ᠌ ᠬᠡᠯᠡ ᠶ᠋ᠢ ᠡᠷᠬᠢᠮᠯᠡᠨ ᠬᠦᠨᠳᠦᠳᠬᠡᠵᠦ ᠡᠩᠬᠦᠷᠡᠢᠯᠡᠨ ᠬᠠᠢᠷᠠᠯᠠᠬᠤ ᠶ᠋ᠢ ᠰᠤᠷᠬᠤ ᠳ᠋ᠠᠭᠠᠨ( ᠳ᠋ᠤ᠌ ᠪᠠᠨ) ᠵᠥᠪᠯᠡᠯᠲᠦ ᠶ᠋ᠢᠨ ᠡᠷᠳᠡᠮᠲᠡᠨ ᠪᠠᠭᠰᠢ ᠨᠠᠷ ᠠ᠋ᠴᠠ᠂ ᠦᠭᠡ ᠶ᠋ᠢᠨ ᠦᠯᠡᠮᠵᠢ ᠴᠢᠳᠠᠯᠲᠠᠨ ᠣᠷᠣᠰ ᠵᠥᠪᠯᠡᠯᠲᠦ ᠶ᠋ᠢᠨ ᠵᠣᠬᠢᠶᠠᠯᠴᠢ᠂ ᠮᠠᠨ ᠤ᠋ ᠠᠷᠠᠳ ᠤ᠋ᠨ ᠭᠠᠢᠬᠠᠮᠰᠢᠭᠲᠤ ᠠᠮᠠᠨ ᠵᠣᠬᠢᠶᠠᠯᠴᠢ᠂ ᠮᠥᠨ ᠳᠡᠭᠡᠷ᠎ᠡ ᠴᠠᠭ ᠲᠤ᠌ ᠮᠣᠩᠭᠣᠯ ᠤᠷᠠᠨ ᠵᠣᠬᠢᠶᠠᠯ ᠢ᠋ ᠳᠡᠯᠡᠬᠡᠢ ᠳ᠋ᠠᠬᠢᠨ ᠤ᠋ ᠵᠣᠬᠢᠶᠠᠯ ᠠ᠋ᠴᠠ ᠪᠠᠶᠠᠵᠢᠭᠤᠯᠬᠤ ᠶ᠋ᠢᠨ ᠪᠠᠷᠤᠭ ᠭᠠᠭᠴᠠ ᠠᠭᠤᠷᠬᠠᠢ ᠨᠢ ᠰᠢᠬᠠᠭᠤ ᠪᠠᠢᠭᠰᠠᠨ ᠳᠤᠮᠳᠠᠳᠤ ᠤᠯᠤᠰ ᠤ᠋ᠨ ᠶᠡᠬᠡ ᠠᠷᠠᠳ ᠲᠦᠮᠡᠨ ᠦ᠌ ᠰᠣᠩᠭᠣᠳᠠᠭ ᠵᠣᠬᠢᠶᠠᠯ ᠠ᠋ᠴᠠ ᠨᠢ ᠮᠣᠩᠭᠣᠯ ᠬᠡᠯᠡ ᠳ᠋ᠡᠭᠡᠨ( ᠳ᠋ᠦ᠍ ᠪᠡᠨ) ᠪᠠᠭᠤᠯᠭᠠᠵᠤ᠂ ᠠᠬ᠎ᠠ ᠳᠡᠭᠦᠦ ᠠᠷᠠᠳ ᠲᠦᠮᠡᠨ ᠦ᠌ ᠡᠯᠢᠭᠡᠰᠡᠭ ᠨᠠᠢᠷᠠᠮᠳᠠᠯ ᠢ᠋ ᠵᠤᠵᠠᠭᠠᠳᠬᠠᠵᠤ ᠪᠠᠢᠭᠰᠠᠨ ᠮᠠᠨ ᠤ᠋ ᠰᠢᠯᠢᠳᠡᠭ ᠪᠢᠴᠢᠭ ᠦ᠋ᠨ ᠬᠥᠮᠦᠰ ᠣᠷᠴᠢᠭᠤᠯᠤᠭᠴᠢ ᠨᠠᠷ ᠠ᠋ᠴᠠ ᠠᠶᠠᠯᠭᠤ ᠰᠠᠢᠬᠠᠨ ᠪᠠᠶᠠᠨ ᠦᠭᠡᠲᠦ ᠮᠣᠩᠭᠣᠯ ᠬᠡᠯᠡ ᠪᠡᠨ ᠡᠷᠬᠢᠮᠯᠡᠨ ᠡᠩᠬᠦᠷᠡᠢᠯᠡᠬᠦᠢ ᠶ᠋ᠢ ᠰᠤᠷᠤᠯᠴᠠᠭᠰᠠᠭᠠᠷ ᠢᠷᠡᠭᠰᠡᠨ ᠪᠢᠯᠡ ᠪᠢ᠃ ᠫᠦᠱᠺᠢᠨ ᠯᠧᠹ ᠲᠣᠯᠰᠲ᠋ᠣᠢ ᠶ᠋ᠢᠨ ᠦᠶ᠎ᠡ ᠶ᠋ᠢᠨ ᠮᠣᠩᠭᠣᠯ ᠤᠳᠬ᠎ᠠ ᠵᠣᠬᠢᠶᠠᠯ ᠤ᠋ᠨ ᠨᠡᠷ᠎ᠡ ᠦᠭᠡᠢ ᠲᠡᠳᠡᠭᠡᠷ ᠵᠢᠳᠬᠦᠯᠲᠡᠨ ᠦ᠌ ᠴᠢᠩ ᠵᠢᠳᠬᠦᠯ᠂ ᠵᠠᠭᠤᠨ ᠠᠯᠵᠢᠶᠠᠯ ᠢ᠋ ᠣᠷᠣᠰ ᠬᠢᠭᠡᠳ ᠵᠥᠪᠯᠡᠯᠲᠦ ᠶ᠋ᠢᠨ ᠡᠷᠳᠡᠮᠲᠡᠨ ᠰᠠᠢᠴᠤᠤᠯ᠂ ᠮᠣᠩᠭᠣᠯᠴᠢ ᠠᠺᠠᠳᠧᠮᠢᠴᠢ ᠸᠯᠠᠳᠢᠮᠢᠷᠼᠣᠸ ᠤ᠋ᠨ ᠵᠡᠷᠭᠡ ᠳᠣᠷᠣᠨᠠᠳᠠᠬᠢᠨ ᠤ᠋ ᠰᠤᠳᠤᠯᠤᠯᠲᠠᠨ᠂ ᠦᠨᠡᠨ ᠰᠢᠳᠤᠷᠭᠤ ᠶᠣᠰᠣᠭᠠᠷ ᠡᠷᠬᠢᠮᠯᠡᠨ ᠦᠵᠡᠵᠦ ᠪᠠᠬᠠᠳᠤᠨ ᠳ᠋ᠦᠩᠨᠡᠭᠰᠡᠨ ᠪᠢᠯᠡ᠃ ᠮᠣᠩᠭᠣᠯ ᠤ᠋ᠨ ᠤᠳᠬ᠎ᠠ ᠵᠣᠬᠢᠶᠠᠯ ᠰᠤᠳᠤᠯᠤᠭᠴᠢ᠂ ᠨᠣᠮ ᠵᠣᠬᠢᠶᠠᠯ ᠬᠢᠭᠴᠢ ᠵᠣᠬᠢᠶᠠᠯᠴᠢ ᠪᠢᠳᠡ ᠵᠦᠢ ᠨᠢ ᠣᠷᠣᠰ ᠬᠢᠭᠡᠳ ᠵᠥᠪᠯᠡᠯᠲᠦ ᠶ᠋ᠢᠨ ᠮᠣᠩᠭᠣᠯᠴᠢ ᠡᠷᠳᠡᠮᠲᠡᠨ ᠦ᠌ ᠡᠭᠦᠰᠬᠡᠨ ᠲᠤᠭᠤᠷᠪᠢᠭᠰᠠᠨ ᠢ᠋ ᠤᠯᠠᠮ ᠪᠠᠳᠠᠷᠠᠭᠤᠯᠤᠨ ᠲᠡᠭᠦᠰᠬᠡᠵᠦ᠂ ᠠᠶᠠᠯᠭᠤ ᠰᠠᠢᠬᠠᠨ ᠦᠭᠡ ᠪᠡᠷ ᠪᠠᠶᠠᠨ ᠠᠷᠠᠳ ᠤ᠋ᠨ ᠢ᠋ᠶ᠋ᠠᠨ ᠬᠡᠯᠡᠨ ᠳ᠋ᠦ᠍ ᠦᠨᠡᠨ ᠰᠡᠳᠬᠢᠯ ᠡᠴᠡ ᠬᠠᠢᠷᠠᠲᠠᠢ ᠠᠷᠠᠳ ᠤ᠋ᠨ ᠬᠥᠪᠡᠭᠦᠳ᠂ ᠮᠠᠨ ᠤ᠋ ᠪᠢᠴᠢᠭ ᠦ᠋ᠨ ᠬᠥᠮᠦᠰ᠂ ᠠᠮᠠᠨ ᠵᠣᠬᠢᠶᠠᠯᠴᠢ ᠨᠠᠷ ᠤ᠋ᠨ ᠦᠯᠡᠳᠡᠭᠡᠨ ᠪᠢᠳᠡᠨ ᠳ᠋ᠦ᠍ ᠥᠪ ᠪᠣᠯᠭᠠᠨ ᠤᠯᠠᠮᠵᠢᠯᠠᠭᠰᠠᠨ ᠮᠠᠨ ᠤ᠋ ᠪᠢᠴᠢᠭ ᠦ᠋ᠨ ᠬᠡᠯᠡ ᠶ᠋ᠢ ᠡᠭᠦᠰᠬᠡᠨ ᠪᠦᠲᠦᠭᠡᠭᠰᠡᠳ ᠦ᠋ᠨ ᠠᠴᠢ ᠭᠠᠪᠢᠶ᠎ᠠ ᠶ᠋ᠢ ᠰᠢᠨᠵᠢᠯᠡᠨ ᠲᠡᠮᠲᠡᠭᠯᠡᠭᠦᠰᠢᠳᠡᠶᠡ! ᠵᠠᠷᠢᠮ ᠨᠢᠭᠡᠨ ᠡᠲᠡᠭᠡᠳ᠂ ᠠᠷᠠᠳ ᠤ᠋ᠨ ᠢ᠋ᠶ᠋ᠠᠨ ᠰᠠᠢᠬᠠᠨ ᠬᠡᠯᠡ ᠶ᠋ᠢ ᠠᠩᠭᠢ ᠶ᠋ᠢᠨ ᠬᠡᠯᠡ ᠭᠡᠵᠦ ᠠᠳᠠ ᠦᠵᠡᠨ᠂ ᠣᠷᠣᠨ ᠳ᠋ᠤᠨᠢ( ᠳ᠋ᠤ᠌ ᠨᠢ) ᠮᠢᠩᠭᠠᠬᠠᠨ ᠦᠭᠡ ᠲᠡᠢ ᠠᠯᠪᠠᠨ ᠺᠣᠨᠲ᠋ᠣᠷ ᠤ᠋ᠨ ᠡᠲᠡᠭᠡᠳ ᠬᠡᠯᠡ ᠬᠡᠷᠡᠭᠯᠡᠭᠦᠯᠬᠦ ᠭᠡᠵᠦ ᠤᠷᠤᠯᠳᠤᠵᠤ ᠪᠠᠢᠭᠰᠠᠨ ᠠᠬᠤᠯ᠎ᠠ᠂ ᠠᠷᠠᠳ ᠲᠦᠮᠡᠨ ᠮᠠᠨᠢ ᠠᠯᠢ ᠬᠡᠳᠦᠢᠨ ᠬᠠᠷᠭᠢᠰ ᠹᠧᠣᠳᠠᠯ ᠤ᠋ᠨ ᠳᠠᠷᠤᠯᠠᠵᠤ ᠪᠠᠢᠭᠰᠠᠨ ᠤᠯᠠᠷᠢᠯ ᠪᠤᠰᠤ ᠶ᠋ᠢᠨ ᠦᠶᠡᠰ ᠲᠦ᠍ ᠥᠪᠡᠷ ᠦ᠋ᠨ ᠢ᠋ᠶ᠋ᠡᠨ ᠬᠡᠯᠡ ᠶ᠋ᠢ ᠪᠡᠷᠬᠡ ᠲᠡᠷᠡ ᠴᠠᠭ ᠤ᠋ᠨ ᠪᠢᠴᠢᠭ ᠦ᠋ᠨ ᠵᠣᠬᠢᠶᠠᠯ ᠢ᠋ ᠠᠷᠪᠢᠵᠢᠭᠤᠯᠬᠤ ᠭᠡᠵᠦ ᠵᠢᠳᠬᠦᠭᠴᠢ ᠳᠠᠷᠤᠤ ᠵᠠᠩᠲᠤ ᠴᠢᠩ ᠵᠣᠷᠢᠭᠲᠠᠨ ᠢ᠋ ᠬᠡᠷᠬᠢᠨ ᠡᠩᠬᠦᠷᠡᠢᠯᠡᠨ ᠦᠵᠡᠵᠦ ᠪᠠᠢᠭᠰᠠᠨ ᠢ᠋ᠶ᠋ᠠᠨ ᠭᠠᠢᠬᠠᠮ᠎ᠠ ᠰᠠᠢᠬᠠᠨ ᠳᠣᠮᠣᠭ ᠨᠢᠭᠡᠨ ᠦᠭᠡᠨ ᠳ᠋ᠦ᠍ ᠦᠵᠡᠭᠦᠯᠦᠭᠰᠡᠨ ᠨᠢ᠄ ᠶᠣᠰᠣᠲᠠᠢ ᠪᠢᠴᠢᠭ ᠦ᠋ᠨ ᠬᠥᠮᠦᠨ᠂ ᠪᠢᠷ ᠶᠡᠨᠳᠠᠢ᠂ ᠪᠢᠴᠢᠬᠠᠨ ᠰᠤᠮᠠᠯ ᠴᠠᠭᠠᠰᠤ ᠲᠠᠢ᠂ ᠠᠷᠠᠳ ᠲᠦᠮᠡᠨ ᠦ᠌ ᠪᠡᠨ ᠳᠤᠮᠳᠠ ᠶᠠᠪᠤᠵᠤ᠂ ᠭᠠᠢᠬᠠᠯᠲᠠᠢ ᠰᠠᠢᠬᠠᠨ ᠪᠢᠴᠢᠭ ᠵᠣᠬᠢᠶᠠᠯ ᠳ᠋ᠠᠭᠠᠨ( ᠳ᠋ᠤ᠌ ᠪᠠᠨ) ᠠᠷᠠᠳ ᠤ᠋ᠨ ᠬᠡᠯᠡᠨ ᠦ᠌ ᠡᠷᠳᠡᠨᠢ ᠮᠡᠲᠦ ᠰᠠᠢᠬᠠᠨ ᠦᠭᠡ ᠶ᠋ᠢ ᠣᠯᠵᠤ ᠠᠪᠬᠤ ᠭᠡᠵᠦ ᠦᠨᠡᠨ ᠰᠡᠳᠬᠢᠯ ᠦ᠋ᠨ ᠴᠢᠩ ᠦᠭᠡ ᠬᠡᠯᠡᠯᠴᠡᠳᠡᠭ ᠶᠠᠳᠠᠭᠤ ᠬᠠᠷᠠᠴᠤ ᠠᠷᠠᠳ ᠤ᠋ᠨ ᠨᠤᠤᠷᠠᠬᠠᠢ ᠬᠠᠷ᠎ᠠ ᠭᠡᠷ ᠢ᠋ ᠣᠨᠴᠠᠯᠠᠨ ᠡᠷᠬᠢᠮᠯᠡᠵᠦ ᠶᠠᠪᠤᠳᠠᠭ ᠭᠡᠵᠦ ᠵᠢᠩᠬᠢᠨᠢ ᠠᠷᠠᠳ ᠲᠠᠢ ᠪᠠᠨ ᠲᠦᠮᠡᠨ ᠬᠡᠯᠬᠢᠶ᠎ᠡ ᠬᠣᠯᠪᠣᠭᠠᠲᠠᠢ ᠶ᠋ᠢ ᠨᠢ ᠥᠭᠦᠯᠡᠵᠡᠢ᠃
ᠡᠲᠡᠭᠡᠳ ᠬᠡᠯᠡ ᠶ᠋ᠢ ᠡᠷᠬᠢᠮᠯᠡᠬᠦ ᠠᠩᠭᠢ ᠶ᠋ᠢᠨ ᠬᠡᠯᠡᠨ ᠦ᠌ ᠦᠵᠡᠯ ᠣᠪᠣᠯᠵᠠᠵᠤ ᠪᠠᠢᠬᠤ ᠳ᠋ᠤ᠌᠂ ᠮᠠᠨ ᠤ᠋ ᠵᠣᠬᠢᠶᠠᠯᠴᠢᠳ ᠤ᠋ᠨ ᠬᠣᠷᠢᠶᠠᠨ ᠤ᠋ ᠨᠠᠷᠢᠨ ᠪᠢᠴᠢᠭ ᠦ᠋ᠨ ᠳᠠᠷᠤᠭ᠎ᠠ ᠪᠥᠯᠥᠭᠡ᠂ ᠮᠣᠩᠭᠣᠯ ᠬᠡᠯᠡᠨ ᠦ᠌ ᠪᠠᠶᠠᠯᠢᠭ᠂ ᠢᠷᠠᠭᠤ ᠰᠣᠨᠣᠰᠬᠤᠯᠠᠩᠲᠠᠢ ᠳ᠋ᠤᠨᠢ( ᠳ᠋ᠤ᠌ ᠨᠢ)᠂ ᠴᠢᠬᠢ ᠳᠦᠯᠡᠢ ᠬᠥᠪᠡᠭᠦᠨ ᠵᠠᠮᠰᠦ᠋ᠷᠦᠩᠵᠠᠪ ᠭᠡᠭᠴᠢ ᠫᠦᠱᠺᠢᠨ ᠦ᠌ ᠵᠣᠬᠢᠶᠠᠯ ᠠ᠋ᠴᠠ ᠮᠢᠨᠦ ᠣᠷᠴᠢᠭᠤᠯᠤᠭᠰᠠᠨ《ᠬᠡᠷᠢᠭ ᠷᠢᠼᠠᠷ》 ᠤ᠋ᠨ ᠣᠷᠴᠢᠭᠤᠯᠭ᠎ᠠ ᠪᠠᠷ ᠲᠡᠷᠡ ᠦᠵᠡᠯ ᠢ᠋ᠶ᠋ᠡᠨ ᠳᠠᠬᠢᠵᠤ᠂ ᠣᠷᠴᠢᠭᠤᠯᠭ᠎ᠠ ᠶ᠋ᠢ ᠮᠢᠨᠢ ᠦᠭᠡᠢ ᠬᠢᠭᠡᠳ᠂ ᠫᠦᠱᠺᠢᠨ ᠦ᠌《 ᠪᠣᠷᠢᠰ ᠭᠣᠳᠦ᠋ᠨᠣᠸ》 ᠤ᠋ᠨ ᠮᠢᠨᠦ ᠣᠷᠴᠢᠭᠤᠯᠭ᠎ᠠ ᠶ᠋ᠢᠨ ᠡᠬᠡ ᠨᠣᠣᠷᠠᠭ ᠨᠢ ᠲᠡᠷᠡ ᠦᠶ᠎ᠡ ᠪᠡᠷ ᠮᠥᠨ ᠦᠭᠡᠢ ᠪᠣᠯᠵᠤ᠂ ᠫᠦᠱᠺᠢᠨ᠂ ᠭᠣᠷᠺᠢ ᠶ᠋ᠢᠨ ᠵᠠᠷᠢᠮ ᠦᠷᠭᠦᠯᠵᠢᠯᠡᠭᠰᠡᠨ ᠦᠭᠡ ᠶ᠋ᠢᠨ ᠵᠣᠬᠢᠶᠠᠯ ᠠ᠋ᠴᠠ ᠮᠢᠨᠦ ᠣᠷᠴᠢᠭᠤᠯᠤᠭᠰᠠᠨ ᠵᠠᠷᠢᠮ ᠵᠦᠢᠯ ᠢ᠋ ᠵᠠᠷᠢᠮ ᠨᠢᠭᠡᠨ ᠬᠡᠪᠯᠡᠯ ᠳ᠋ᠦ᠍ ᠳᠠᠬᠢᠨ ᠬᠡᠪᠯᠡᠬᠦ ᠳ᠋ᠡᠭᠡᠨ( ᠳ᠋ᠦ᠍ ᠪᠡᠨ) ᠠᠯᠪᠠᠨ ᠪᠢᠴᠢᠭ ᠦ᠋ᠨ ᠦᠬᠦᠰᠢᠷᠡᠭᠰᠡᠨ ᠦᠭᠡ ᠲᠡᠢ ᠪᠣᠯᠭᠠᠵᠤ ᠣᠷᠬᠢᠭᠰᠠᠨ ᠪᠢᠯᠡ᠃
ᠲᠡᠭᠡᠵᠦ ᠪᠠᠢᠲᠠᠯ᠎ᠠ᠂ ᠬᠡᠯᠡᠨ ᠦ᠌ ᠰᠢᠨᠵᠢᠯᠡᠯ ᠦ᠋ᠨ ᠲᠤᠬᠠᠢ ᠰᠲ᠋ᠠᠯᠢᠨ ᠤ᠋ ᠰᠣᠳᠣ ᠵᠣᠬᠢᠶᠠᠯ ᠭᠠᠷᠴᠤ ᠢᠷᠡᠭᠰᠡᠨ ᠨᠢ ᠨᠠᠳᠠ ᠳ᠋ᠤ᠌ ᠶᠣᠰᠣᠲᠠᠢ《ᠦᠷ ᠦ᠋ᠨ ᠲᠤᠶᠠᠭ᠎ᠠ》 ᠪᠣᠯᠵᠤ ᠪᠢᠯᠡ᠃ ᠴᠢᠩᠭᠢᠭᠡᠳ ᠠᠩᠭᠢ ᠶ᠋ᠢᠨ ᠬᠡᠯᠡᠨ ᠦ᠌ ᠵᠠᠷᠢᠮ ᠣᠨᠣᠯᠲᠠᠨ ᠨᠤᠭᠤᠳ᠂ ᠠᠮᠢᠲᠠᠨ ᠢ᠋ ᠠᠶᠤᠯᠭᠠᠨ ᠰᠦᠷᠳᠡᠭᠦᠯᠵᠦ ᠳᠠᠯᠠᠢᠯᠭᠠᠵᠤ ᠪᠠᠢᠭᠰᠠᠨ ᠠᠩᠭᠢ ᠶ᠋ᠢᠨ ᠢ᠋ᠶ᠋ᠡᠨ ᠬᠡᠯᠡᠨ ᠦ᠌ ᠪᠣᠷᠣᠣᠬᠠᠢ ᠶ᠋ᠢ ᠰᠲ᠋ᠠᠯᠢᠨ ᠤ᠋ ᠵᠣᠬᠢᠶᠠᠯ ᠢ᠋ᠶ᠋ᠠᠷ ᠬᠤᠭᠤ ᠰᠤᠭᠤ ᠴᠣᠬᠢᠭᠤᠯᠵᠤ ᠣᠷᠬᠢᠭᠠᠳ᠂ ᠡᠲᠡᠭᠡᠳ ᠬᠡᠯᠡᠨ ᠦ᠌ ᠪᠡᠨ ᠦᠭᠡᠢᠭᠦᠦ ᠬᠣᠭᠣᠰᠣᠨ ᠢ᠋ ᠳᠠᠯᠳᠠᠯᠠᠭᠴᠢ ᠴᠠᠭᠠᠰᠤᠨ ᠬᠤᠶᠠᠭ ᠢ᠋ᠶ᠋ᠠᠨ ᠪᠤᠰᠢᠭᠤᠬᠠᠨ ᠥᠭᠡᠷ᠎ᠡ ᠪᠡᠷ ᠥᠩᠭᠡᠯᠡᠨ ᠪᠣᠳᠣᠵᠤ᠂ ᠰᠡᠩᠳᠡᠨ ᠮᠡᠩᠳᠡᠨ ᠬᠢᠭᠰᠡᠨ《ᠬᠠᠭᠤᠴᠢᠨ ᠤ᠋ ᠦᠭᠡ》 ᠭᠡᠵᠦ ᠳᠠᠯᠠᠢᠯᠭᠠᠵᠤ ᠮᠣᠳᠣᠨ ᠰᠡᠯᠡᠮ᠎ᠡ ᠪᠡᠨ ᠳᠠᠯᠠᠢᠬᠤ ᠭᠡᠵᠦ ᠣᠷᠣᠯᠳᠣᠬᠤ ᠳ᠋ᠤᠨᠢ( ᠳ᠋ᠤ᠌ ᠨᠢ)᠂
ᠵᠦᠯᠭᠡᠨ ᠳ᠋ᠡᠬᠢ
ᠴᠡᠴᠡᠭ ᠦ᠋ᠨ ᠰᠠᠢᠬᠠᠨ ᠢ᠋
ᠦᠬᠡᠷ ᠮᠡᠳᠡᠳᠡᠭ ᠦᠭᠡᠢ ᠲᠡᠢ ᠠᠳᠠᠯᠢ
ᠦᠵᠡᠮᠵᠢ ᠲᠡᠢ ᠰᠠᠢᠬᠠᠨ ᠢ᠋᠂
ᠰᠣᠨᠣᠰᠤᠯᠲᠠᠢ ᠳᠠᠭᠤᠯᠠᠯ ᠢ᠋
ᠮᠡᠳᠡᠬᠦ ᠦᠭᠡᠢ ᠨᠢ ᠭᠠᠢᠬᠠᠯᠲᠠᠢ
ᠭᠡᠵᠦ ᠮᠠᠶᠠᠺᠣᠸᠰᠺᠢ ᠶ᠋ᠢᠨ ᠰᠢᠯᠦᠭᠯᠡᠨ ᠬᠡᠯᠡᠭᠰᠡᠨ ᠦᠭᠡ ᠰᠠᠨᠠᠭᠠᠨ ᠳ᠋ᠤ᠌ ᠣᠷᠣᠵᠤ ᠢᠷᠡᠭᠡᠳ ᠪᠣᠯᠳᠠᠭ ᠦᠭᠡᠢ ᠶ᠋ᠢ ᠬᠡᠯᠡᠭᠡᠳ ᠶᠠᠭᠠᠬᠢᠬᠤ ᠪᠣᠢ?
ᠮᠠᠨ ᠤ᠋ ᠠᠭᠤᠳᠠᠮ ᠨᠤᠲᠤᠭ ᠤ᠋ᠨ ᠵᠦᠭ ᠵᠦᠭ ᠡᠴᠡ ᠪᠠᠢᠲᠤᠭᠠᠢ ᠳᠤᠮᠳᠠᠳᠤ ᠠᠷᠠᠳ ᠤᠯᠤᠰ ᠤ᠋ᠨ ᠳᠣᠲᠣᠭᠠᠳᠤ ᠮᠣᠩᠭᠣᠯ ᠤ᠋ᠨ ᠡᠭᠡᠯ ᠵᠢᠷ ᠦ᠋ᠨ ᠠᠷᠠᠳ᠂ ᠤᠩᠰᠢᠭᠴᠢ ᠣᠯᠠᠨ ᠠ᠋ᠴᠠ《ᠦᠷ ᠦ᠋ᠨ ᠲᠤᠶᠠᠭᠠᠨ》 ᠤ᠋ ᠲᠡᠷᠢᠭᠦᠨ ᠳᠡᠳ᠋ ᠳᠡᠪᠲᠡᠷ ᠢ᠋ ᠦᠵᠡᠭᠡᠳ᠂ ᠰᠠᠢᠨ ᠳᠤᠷ᠎ᠠ ᠪᠠᠷ ᠢ᠋ᠶ᠋ᠠᠨ ᠨᠠᠳᠠ ᠳ᠋ᠤ᠌ ᠢᠷᠡᠭᠦᠯᠵᠦ ᠪᠠᠢᠭ᠎ᠠ ᠵᠠᠬᠢᠳᠠᠯ ᠢ᠋ ᠦᠵᠡᠪᠡᠯ᠂ ᠠᠷᠠᠳ ᠣᠯᠠᠨ ᠮᠣᠩᠭᠣᠯ ᠬᠡᠯᠡᠨ ᠳ᠋ᠡᠭᠡᠨ( ᠳ᠋ᠦ᠍ ᠪᠡᠨ) ᠬᠠᠢᠷᠠᠲᠠᠢ ᠨᠢ ᠲᠣᠳᠣᠷᠬᠠᠢ ᠪᠥᠭᠡᠳ᠂ ᠡᠭᠡᠯ ᠵᠢᠷ ᠦ᠋ᠨ ᠬᠥᠮᠦᠨ ᠠᠷᠠᠳ ᠲᠡᠷᠡ ᠬᠣᠶᠠᠷ ᠳᠡᠪᠲᠡᠷ ᠦ᠋ᠨ ᠦᠭᠡ ᠶ᠋ᠢ ᠴᠥᠮ ᠢ᠋ ᠤᠬᠠᠭᠠᠷᠠᠨ ᠮᠡᠳᠡᠵᠦ᠂ ᠥᠪᠡᠷ ᠦ᠋ᠨ ᠬᠡᠯᠡ ᠭᠡᠵᠦ ᠡᠷᠬᠢᠮᠨᠡᠨ᠂ ᠲᠡᠭᠦᠨ ᠢ᠋ ᠣᠭᠲᠣ《ᠠᠩᠭᠢ ᠶ᠋ᠢᠨ ᠬᠡᠯᠡ》 ᠪᠤᠶᠤ《ᠬᠠᠭᠤᠴᠢᠨ ᠤ᠋ ᠬᠡᠯᠡ》 ᠭᠡᠵᠦ ᠦᠵᠡᠳᠡᠭ ᠦᠭᠡᠢ ᠨᠢ᠂ ᠠᠩᠭᠢ ᠶ᠋ᠢᠨ ᠬᠡᠯᠡ ᠭᠡᠵᠦ ᠳᠠᠯᠠᠢᠯᠭᠠᠳᠠᠭ ᠬᠠᠳᠠᠨ ᠤ᠋ ᠪᠠᠨ ᠮᠠᠩᠭ᠎ᠠ ᠶ᠋ᠢ《ᠬᠠᠭᠤᠴᠢᠨ ᠤ᠋ ᠦᠭᠡ》 ᠭᠡᠵᠦ ᠥᠩᠭᠡᠯᠡᠨ ᠪᠤᠳᠤᠭᠴᠢᠨ ᠨᠤᠭᠤᠳ ᠠ᠋ᠴᠠ ᠣᠨᠳᠣᠣ ᠪᠠᠷ ᠮᠣᠩᠭᠣᠯ ᠬᠡᠯᠡ ᠪᠡᠨ ᠦᠵᠡᠳᠡᠭ ᠦ᠋ᠨ ᠭᠡᠷᠡᠴᠢ ᠪᠥᠭᠡᠳ ᠬᠡᠯᠡᠨ ᠦ᠌ ᠰᠢᠨᠵᠢᠯᠡᠯ ᠦ᠋ᠨ ᠲᠤᠬᠠᠢ ᠰᠲ᠋ᠠᠯᠢᠨ ᠤ᠋ ᠰᠣᠳᠣ ᠵᠣᠬᠢᠶᠠᠯ ᠪᠣᠯᠪᠠᠯ ᠮᠣᠩᠭᠣᠯ ᠬᠡᠯᠡᠨ ᠳ᠋ᠦ᠍ ᠭᠠᠢᠬᠠᠮᠰᠢᠭᠲᠠᠢ ᠮᠡᠷᠭᠡᠨ ᠲᠠᠭᠠᠷᠠᠵᠤ ᠪᠠᠢᠭ᠎ᠠ ᠶ᠋ᠢ ᠨᠢ ᠳᠠᠪᠲᠠᠨ ᠨᠤᠲᠠᠯᠠᠵᠤ ᠪᠠᠢᠭ᠎ᠠ ᠬᠡᠷᠡᠭ᠃ ᠠᠷᠠᠳ ᠲᠦᠮᠡᠨ ᠡᠴᠡ᠂ ᠮᠥᠨ ᠮᠠᠷᠱᠠᠯ ᠴᠣᠢᠪᠠᠯᠰᠠᠩ ᠠ᠋ᠴᠠ ᠦᠨᠡᠯᠡᠨ ᠦᠵᠡᠭᠰᠡᠨ ᠦᠨᠡᠯᠡᠯᠲᠡ ᠨᠢ ᠮᠡᠬᠦᠰ ᠨᠠᠮᠠᠶ᠋ᠢ(ᠨᠠᠮ᠎ᠠ ᠶ᠋ᠢ) ᠪᠠᠶᠠᠷᠯᠠᠭᠤᠯᠤᠨ ᠵᠣᠷᠢᠭᠵᠢᠭᠤᠯᠵᠤ ᠪᠣᠢ᠂ ᠡᠭᠦᠨ ᠳ᠋ᠦ᠍ ᠺᠠᠷᠯ ᠮᠠᠷᠺᠰ ᠤ᠋ᠨ ᠦᠭᠡ ᠶ᠋ᠢ ᠡᠰᠢ ᠲᠠᠲᠠᠬᠤ ᠶ᠋ᠢ ᠬᠦᠰᠡᠬᠦ ᠮᠢᠨᠢ᠂《 ᠰᠢᠨᠵᠢᠯᠡᠬᠦ ᠤᠬᠠᠭᠠᠨ ᠤ᠋ ᠰᠢᠭᠦᠮᠵᠢᠯᠡᠯ ᠦ᠋ᠨ ᠠᠯᠢᠪᠠ ᠵᠢᠭᠠᠯᠲᠠ ᠶ᠋ᠢ ᠪᠢ ᠪᠠᠶᠠᠷᠲᠠᠢ ᠬᠦᠯᠢᠶᠡᠨ᠎ᠡ᠃ ᠬᠠᠷᠢᠨ ᠨᠥᠭᠦᠭᠡ ᠣᠯᠠᠨ ᠨᠡᠢᠲᠡ ᠶ᠋ᠢᠨ ᠰᠠᠨᠠᠯ ᠭᠡᠳᠡᠭ ᠦ᠋ᠨ ᠮᠤᠬᠤᠷ ᠪᠠᠷᠢᠮᠲᠠᠯᠠᠯ ᠢ᠋ ᠬᠡᠯᠡᠪᠡᠯ᠂ ᠲᠡᠷᠡ ᠲᠤᠬᠠᠢ ᠹᠯᠣᠷᠧᠨᠼ ᠦ᠋ᠨ ᠶᠡᠬᠡ ᠬᠥᠮᠦᠨ ᠦ᠌ ᠬᠡᠯᠡᠭᠰᠡᠨ ᠦᠭᠡ᠂ ᠮᠢᠨᠦ ᠪᠠᠷᠢᠮᠵᠢᠶ᠎ᠠ ᠬᠡᠪ ᠢ᠋ᠶ᠋ᠡᠷ ᠢ᠋ᠶ᠋ᠡᠨ ᠪᠠᠢᠭ᠎ᠠ ᠨᠢ᠄<Segui il tuo corso e lascia dir le genti !>— ᠠᠮᠢᠲᠠᠨ ᠶᠠᠭᠤ ᠯᠠ ᠭᠡᠪᠡᠯ ᠭᠡᠵᠦ ᠪᠠᠢᠭ᠂ ᠮᠥᠷ ᠢ᠋ᠶ᠋ᠡᠷ ᠢ᠋ᠶ᠋ᠡᠨ ᠯᠡ ᠶᠠᠪᠤᠭᠠᠳ ᠪᠠᠢ!》 ᠭᠡᠰᠡᠨ ᠢ᠋ ᠡᠨᠳᠡ ᠡᠰᠢ ᠲᠠᠲᠠᠶ᠎ᠠ᠃
ᠲᠡᠭᠡᠭᠡᠳ ᠺᠠᠷᠯ ᠮᠠᠷᠺᠰ ᠤ᠋ᠨ ᠶᠡᠬᠡ ᠳᠤᠷᠠᠯᠠᠨ ᠲᠣᠭᠣᠳᠠᠭ ᠹᠯᠣᠷᠧᠨᠼ ᠦ᠋ᠨ ᠲᠡᠷᠡ ᠶᠡᠬᠡ ᠬᠥᠮᠦᠨ ᠦ᠌ ᠦᠭᠡ ᠪᠡᠷ ᠡᠨᠡ ᠳᠡᠪᠲᠡᠷ ᠢ᠋ᠶ᠋ᠡᠨ ᠲᠡᠭᠦᠰᠬᠡᠬᠦ ᠶ᠋ᠢ ᠬᠦᠰᠡᠬᠦ ᠮᠢᠨᠢ᠄
《ᠪᠦᠬᠦᠨ ᠢ᠋ ᠨᠡᠷ᠎ᠡ ᠳᠠᠷᠠᠭᠠᠯᠠᠨ ᠬᠡᠯᠡᠵᠦ ᠦᠯᠦ ᠴᠢᠳᠠᠮᠤ ᠪᠢ᠂
《ᠪᠦᠭᠦᠳᠡ ᠶ᠋ᠢ ᠲᠦᠷᠭᠡᠨ ᠲᠦᠷᠭᠡᠨ ᠳᠤᠷᠠᠳᠤᠭᠤᠰᠢᠲᠠᠢ ᠪᠣᠯᠤᠭᠠᠳ᠂
《ᠦᠭᠡ ᠮᠢᠨᠢ ᠪᠠᠰᠠ ᠳᠠᠩᠴᠤ ᠪᠣᠯᠬᠢ ᠳᠣᠯᠭᠢ ᠠᠵᠢᠶᠠᠮᠤ》᠂
ᠡᠪ ᠬᠠᠮᠲᠤ ᠶ᠋ᠢᠨ ᠶᠣᠰᠣ ᠶ᠋ᠢ ᠪᠦᠲᠦᠭᠡᠨ ᠪᠤᠰᠬᠠᠭᠴᠢ ᠠᠷᠠᠳ ᠲᠦᠮᠡᠨ ᠪᠣᠯᠤᠭᠰᠠᠨ ᠵᠥᠪᠯᠡᠯᠲᠦ ᠶ᠋ᠢᠨ ᠠᠷᠠᠳ ᠲᠦᠮᠡᠨ ᠦ᠌ ᠦᠯᠡᠮᠵᠢ ᠶ᠋ᠢᠨ ᠶᠡᠬᠡ ᠤᠳᠬ᠎ᠠ ᠵᠣᠬᠢᠶᠠᠯ ᠤ᠋ᠨ ᠨᠠᠷᠠᠨ ᠭᠡᠷᠡᠯ ᠳ᠋ᠦ᠍ ᠭᠡᠢᠵᠦ ᠪᠠᠳᠠᠷᠠᠭᠰᠠᠨ ᠮᠠᠨ ᠤ᠋ ᠤᠳᠬ᠎ᠠ ᠵᠣᠬᠢᠶᠠᠯ ᠬᠥᠭᠵᠢᠨ ᠮᠠᠨᠳᠤᠲᠤᠭᠠᠢ!
ᠤᠯᠠᠭᠠᠨᠪᠠᠭᠠᠲᠤᠷ ᠬᠣᠲᠠ᠂1952᠂Ⅳ᠂19
ᠦᠰᠦᠭ ᠠᠮᠢᠯᠠᠭᠤᠯᠤᠭᠴᠢ᠄ ᠴᠤᠯᠮᠤᠨᠭᠡᠷᠡᠯ᠂ ᠪᠠᠯ᠂ ᠪᠠᠳᠮᠠᠰᠡᠴᠡᠨ᠂ ᠤᠢᠭᠤᠷᠵᠢᠨ·ᠣᠳᠬᠣᠨᠪᠠᠪᠠ
ᠰᠠᠷᠠᠨᠲᠤᠶᠠᠭ᠎ᠠ᠂ ᠣᠶᠤᠨᠪᠠᠲᠤ
ᠬᠢᠨᠠᠭᠴᠢ᠄ ᠣᠳᠬᠣᠨᠴᠡᠴᠡᠭ᠂ ᠴᠡᠩᠬᠡᠯᠴᠡᠴᠡᠭ᠂ ᠴᠤᠯᠮᠤᠨᠭᠡᠷᠡᠯ᠂ ᠪᠠᠯ
ᠤᠩᠰᠢᠭᠴᠢ᠄ ᠨᠠᠰᠤᠨ᠌ᠦ᠌ᠯᠵᠡᠢ
