ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠶᠢᠰᠦ> Хан мунын сүүрс < дээд > – Мөнх зохиоов ᠂ Тэргүүн бодь – Нэгдүгээр бүлэг <9>
ᠠᠩᠭᠢᠯᠠᠯ:ᠲᠤᠭᠤᠵᠢ ᠷᠣᠮᠠᠨТоож роман 2024-04-26
538
ᠲᠡᠷᠢᠭᠦᠨ ᠪᠣᠲᠢ – ᠨᠢᠭᠡᠳᠦᠭᠡᠷ ᠪᠦᠯᠦᠭ <ᠶᠢᠰᠦ> ᠶᠢᠰᠦ ᠬᠠᠩᠬᠠᠢ ᠠᠭᠤᠵᠢᠮ ᠭᠣᠪᠢ ᠨᠤᠲᠤᠭ ᠨᠡᠢᠳᠡᠮ ᠴᠠᠰᠤᠨ ᠳ᠋ᠤ᠌ ᠬᠣᠵᠢᠭᠳᠠᠵᠤ ᠲᠦᠮᠡᠨ ᠭᠠᠵᠠᠷ ᠨᠠᠪ ᠨᠡᠯᠦᠭᠡᠷ᠃ ᠠᠭᠤᠯᠠ ᠲᠤᠯᠤᠭᠠᠳ᠂ ᠳᠣᠪᠣ ᠳᠣᠪᠣᠴᠠᠭ ᠤ᠋ᠨ ᠡᠩᠭᠡᠷ ᠬᠠᠵᠠᠭᠤ ᠶᠢᠨ ᠵᠤᠵᠠᠭᠠᠨ ᠴᠠᠰᠤ ᠰᠠᠯᠬᠢᠨ ᠳ᠋ᠤ᠌ ᠢᠳᠡᠭᠳᠡᠵᠦ ᠨᠢᠮᠭᠡᠷᠡᠨ ᠬᠠᠷ᠎ᠠ ᠴᠣᠬᠣᠷ ᠲᠣᠯᠪᠣᠰᠢᠷᠠᠨ ᠬᠠᠢᠷᠰᠤᠯᠠᠨ ᠬᠥ...