ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠳᠣᠯᠣᠭ᠎ᠠ> Хан мунын сүүрс < дээд > – Мөнх зохиоов ᠂ Тэргүүн бодь – Нэгдүгээр бүлэг <7> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠳᠣᠯᠣᠭ᠎ᠠ> Хан мунын сүүрс < дээд > – Мөнх зохиоов ᠂ Тэргүүн бодь – Нэгдүгээр бүлэг <7>

ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠳᠣᠯᠣᠭ᠎ᠠ> Хан мунын сүүрс < дээд > – Мөнх зохиоов ᠂ Тэргүүн бодь – Нэгдүгээр бүлэг <7>

ᠠᠩᠭᠢᠯᠠᠯ:ᠲᠤᠭᠤᠵᠢ ᠷᠣᠮᠠᠨ
2024-04-14

479

ᠲᠡᠷᠢᠭᠦᠨ ᠪᠣᠲᠢ – ᠨᠢᠭᠡᠳᠦᠭᠡᠷ ᠪᠦᠯᠦᠭ < ᠳᠣᠯᠣᠭ᠎ᠠ >


               ᠳᠣᠯᠣᠭ᠎ᠠ

        ᠭᠣᠪᠢ ᠶᠢᠨ ᠴᠡᠩᠬᠡᠷ ᠲᠡᠭᠷᠢ ᠠᠷᠴᠢᠭᠰᠠᠨ ᠲᠣᠯᠢ ᠰᠢᠭ᠋ ᠲᠤᠩᠭᠠᠯᠠᠭ ᠪᠠᠢᠯ᠎ᠠ᠃
        ᠭᠣᠪᠢ ᠨᠤᠲᠤᠭ ᠲᠤ ᠬᠠᠨᠵᠠᠷᠠᠭᠰᠠᠨ ᠴᠠᠰᠤᠨ ᠤ ᠬᠠᠢᠯ ᠤᠨ ᠳᠠᠷᠠᠭ᠎ᠠ ᠤᠳᠠᠭᠰᠠᠨ ᠦᠭᠡᠢ ᠤᠷᠢᠨ ᠳᠤᠯᠠᠭᠠᠨ ᠣᠷᠣᠵᠤ᠂ ᠪᠣᠳᠠ ᠪᠣᠷᠣᠯᠵᠢ ᠶᠢᠨ ᠨᠥᠮᠥᠷᠢ᠂ ᠵᠠᠭ ᠳᠡᠷᠡᠰᠦᠨ ᠦ ᠢᠷᠤᠭᠠᠷ ᠳᠠᠭᠠᠭᠰᠠᠨ ᠡᠭᠡᠪᠦᠷ ᠭᠠᠵᠠᠷ ᠲᠤ ᠬᠠᠭᠲᠠ ᠨᠢᠳᠦᠯᠡᠭᠰᠡᠨ ᠬᠠᠪᠤᠷ ᠤᠨ ᠨᠢᠭᠡᠨ ᠡᠳᠦᠷ ᠪᠠᠢᠯ᠎ᠠ᠃
       ᠳᠡᠨᠵᠢᠷᠬᠡᠭ ᠭᠠᠵᠠᠷ ᠤᠲᠤᠭ᠎ᠠ ᠲᠣᠭᠣᠰᠣ ᠨᠠᠷᠠ ᠰᠠᠯᠬᠢᠨ ᠳᠤ ᠢᠳᠡᠭᠳᠡᠭᠰᠡᠭᠡᠷ ᠪᠠᠢᠵᠤ ᠰᠢᠷᠠᠯᠠᠨ ᠬᠥᠬᠡᠷᠡᠭᠰᠡᠨ ᠨᠠᠪᠲᠠᠭᠠᠷ ᠪᠣᠷᠣ ᠭᠡᠷ ᠲᠠᠷᠭᠤᠨ ᠡᠷ᠎ᠡ ᠶᠢᠨ ᠬᠠᠴᠠᠷ ᠳᠡᠭᠡᠷᠡᠬᠢ ᠬᠥᠬᠡ ᠮᠡᠩᠭᠡ ᠰᠢᠭ ᠱᠣᠪᠣᠢᠵᠤ᠂ ᠡᠷᠦᠬᠡ ᠪᠡᠨ ᠰᠡᠬᠦᠵᠡᠢ᠃ ᠲᠣᠭᠣᠨᠣ ᠠᠴᠠ ᠨᠢ ᠫᠣᠷ ᠫᠣᠷ ᠴᠡᠩᠬᠡᠷ ᠤᠲᠤᠭ᠎ᠠ ᠪᠤᠷᠭᠢᠯᠤᠨ᠎ᠠ᠃ ᠭᠡᠷ ᠦᠨ ᠡᠵᠡᠭᠲᠡᠢ ᠶᠠᠭᠤ ᠨᠢᠭᠡ ᠶᠠᠭᠤᠮᠠᠨ ᠳᠤ ᠮᠣᠩᠭᠠᠨᠢᠵᠤ ᠪᠠᠢᠭ᠎ᠠ ᠪᠣᠯᠣᠯᠲᠠᠢ᠃ ᠭᠡᠷ ᠦᠨ ᠪᠠᠷᠠᠭᠤᠨᠲᠠᠢ ᠬᠥᠬᠡᠷᠡᠨ ᠦᠵᠢᠷᠡᠭᠰᠡᠨ ᠬᠠᠭᠤᠴᠢᠨ ᠬᠠᠰᠠᠭ ᠤᠨ ᠠᠷᠠᠯ ᠠᠴᠠ ᠤᠶᠠᠭᠠᠲᠠᠢ ᠪᠤᠭᠤᠳᠠᠢ ᠶᠢᠨ ᠴᠣᠬᠣᠷ ᠪᠣᠷᠣ ᠮᠣᠷᠢ ᠦᠷᠭᠡᠯᠡᠵᠦ ᠵᠣᠭᠰᠣᠨ᠎ᠠ᠃ 
       ᠪᠤᠷᠭᠠᠰᠤᠨ ᠬᠠᠰᠢᠶᠠᠨ ᠳ᠋ᠤ᠌ ᠠᠷᠪᠠᠭᠠᠳ ᠬᠤᠷᠠᠭ᠎ᠠ ᠬᠣᠷᠢᠭᠠᠲᠠᠢ ᠪᠠᠢᠨ᠎ᠠ᠃ ᠨᠣᠭᠣᠭ᠎ᠠ ᠬᠠᠵᠠᠯᠠᠮᠠᠭᠴᠠ ᠬᠥᠷᠥᠪᠡᠵᠢᠵᠦ ᠲᠤᠭᠯᠠᠴᠢᠬᠠᠮᠠᠷᠬᠠᠨ ᠪᠠᠢᠳᠠᠯ ᠲᠠᠢ᠃ ᠨᠠᠪᠲᠠᠭᠠᠷ ᠪᠣᠷᠣ ᠭᠡᠷ ᠦ᠋ᠨ ᠰᠡᠭᠦᠳᠡᠷ ᠲᠦ᠍ ᠬᠠᠯᠲᠠᠷ ᠨᠣᠬᠠᠢ ᠲᠠᠪᠠᠭ ᠢ᠋ᠶ᠋ᠠᠨ ᠳᠡᠷᠡᠯᠡᠵᠦ ᠠᠯᠤᠰ ᠤ᠋ᠨ ᠴᠢᠮᠡᠭᠡ ᠴᠢᠩᠨᠠᠵᠤ ᠬᠡᠪᠲᠡᠨ᠎ᠡ᠃ 
       ᠬᠣᠲᠠᠴᠢ ᠬᠠᠯᠲᠠᠷ ᠶᠠᠯᠢ ᠦᠭᠡᠢ ᠭᠠᠵᠠᠷ ᠳᠣᠷᠭᠢᠭᠰᠠᠨ ᠮᠣᠷᠢᠨ ᠲᠦᠪᠡᠷᠭᠡᠨ ᠢ᠋ᠶ᠋ᠡᠷ ᠥᠨᠳᠡᠢᠨ《ᠬᠥᠪ ᠬᠥᠪ 》 ᠬᠤᠴᠠᠬᠤ ᠳ᠋ᠤ᠌ ᠨᠢᠷᠤᠭᠤ ᠪᠠᠨ ᠬᠠᠪᠤᠷ ᠤ᠋ᠨ ᠢᠯᠴᠢᠲᠡᠢ ᠨᠠᠷᠠᠨ ᠳ᠋ᠤ᠌ ᠡᠭᠡᠭᠡᠵᠦ ᠮᠠᠩᠰᠢᠭᠤᠷᠠᠨ ᠦᠷᠭᠡᠯᠡᠭᠰᠡᠨ ᠪᠤᠭᠤᠳᠠᠢ ᠶ᠋ᠢᠨ ᠴᠣᠬᠣᠷ ᠪᠤᠷᠤ ᠮᠣᠷᠢ ᠰᠣᠴᠢᠵᠤ ᠲᠣᠯᠣᠭᠠᠢ ᠪᠢᠨ ᠡᠷᠭᠦᠰᠬᠢᠭᠰᠡᠨ ᠢ᠋ᠶ᠋ᠡᠨ ᠳᠠᠬᠢᠨ ᠦᠷᠭᠡᠯᠡᠨ᠎ᠡ᠃ 
       ᠲᠤᠯᠭᠠᠨ ᠤ᠋ ᠡᠮᠦᠨ᠎ᠡ ᠴᠣᠮᠴᠣᠢᠵᠤ ᠬᠣᠨᠢᠨ ᠤ᠋ ᠬᠤᠢᠬ᠎ᠠ ᠪᠤᠴᠠᠯᠭᠠᠭ᠎ᠠ ᠵᠢᠯᠠᠪᠴᠢ ᠲᠣᠭᠣᠭᠠᠨ ᠤ᠋ ᠳᠣᠣᠭᠤᠷ ᠠᠷᠭᠠᠯ ᠵᠡᠷᠭᠡᠯᠡᠵᠦ ᠭᠠᠯ ᠥᠷᠳᠡᠭᠰᠡᠨ ᠬᠢᠵᠢᠶᠡᠯ ᠪᠦᠰᠡᠭᠦᠢ ᠨᠤᠬᠠᠢ ᠬᠤᠷᠭᠤᠭᠤᠬᠤ ᠴᠢᠮᠡᠭᠡ ᠪᠡᠷ ᠰᠠᠨᠳᠤᠷᠤᠨ ᠪᠣᠰᠴᠤ 《 ᠬᠡᠨ ᠢᠷᠡᠪᠡ ? ᠮᠠᠨ ᠤ᠋ ᠬᠥᠮᠦᠨ ᠬᠦᠷᠦᠭᠡᠳ ᠢᠷᠡᠪᠡ ᠤᠤ? 》ᠭᠡᠵᠦ ᠰᠠᠩᠳᠠ ᠮᠡᠩᠳᠡ ᠬᠠᠲᠠᠪᠴᠢ ᠠᠯᠬᠤᠲᠠᠯ᠎ᠠ ᠬᠣᠲᠠᠴᠢ ᠬᠠᠯᠲᠠᠷ ᠨᠢ ᠡᠵᠡᠨ ᠦ᠌ ᠪᠡᠨ ᠰᠠᠨᠠᠭ᠎ᠠ ᠶ᠋ᠢ ᠮᠡᠳᠡᠭᠰᠡᠨ ᠶᠦᠮ ᠰᠢᠭ ᠲᠡᠭᠦᠨ ᠦ᠌ ᠬᠣᠷᠮᠣᠢ ᠶ᠋ᠢ ᠨᠠᠯᠠᠵᠤ 《 ᠪᠢᠰᠢ ᠠ᠋᠂ ᠪᠢᠰᠢ᠂ ᠲᠡᠷᠡ ᠬᠠᠮᠢᠭ᠎ᠠ ᠬᠣᠯᠠ ᠤᠨᠤᠭ᠎ᠠ ᠲᠠᠢ ᠵᠠᠮ ᠤ᠋ᠨ ᠬᠥᠮᠦᠨ ᠪᠣᠯᠤᠯᠲᠠᠢ 》 ᠭᠡᠰᠡᠨ ᠰᠢᠭ ᠰᠡᠭᠦᠯ ᠢ᠋ᠶ᠋ᠡᠨ ᠰᠢᠷᠪᠠᠨ ᠡᠷᠬᠡᠯᠡᠪᠡ᠃ 
      ᠨᠣᠬᠠᠢ ᠶᠢᠨ ᠳᠠᠭᠤ ᠪᠠ ᠬᠥᠮᠥᠨ ᠦ ᠪᠠᠷ᠎ᠠ ᠪᠡᠷ᠎ ᠭᠡᠷ ᠡᠴᠡ ᠨᠡᠯᠢᠶᠡᠳ ᠵᠠᠢᠲᠠᠢ ᠪᠠᠢᠭ᠎ᠠ ᠬᠤᠳᠳᠤᠭ ᠤᠨ ᠣᠩᠭᠣᠴᠠ ᠥᠩᠭᠡᠢᠭᠰᠡᠨ ᠬᠠᠷ᠎ᠠ ᠰᠡᠭᠦᠯᠲᠦ ᠵᠡᠭᠡᠷ᠎ᠡ ᠨᠦᠭᠦᠳ ᠦᠷᠭᠦᠵᠦ ᠵᠠᠢᠯᠠᠨ᠎ᠠ᠃
      — ᠵᠢᠭᠠᠬᠠᠨ ᠪᠠᠢᠰᠬᠢᠭᠡᠳ ᠬᠠᠷ᠎ᠠ ᠰᠡᠭᠦᠯᠲᠦ ᠨᠦᠭᠦᠳ ᠲᠡᠭᠡᠨ ᠣᠩᠭᠣᠴᠠ ᠳᠦᠭᠦᠷᠭᠡᠵᠦ ᠥᠭᠭᠦᠶ᠎ᠡ ᠪᠠᠢᠵᠠ ᠭᠡᠳ ᠬᠣᠲᠠᠴᠢ ᠬᠠᠯᠲᠠᠷ ᠲᠠᠭᠠᠨ ᠬᠠᠭᠤᠷᠳᠠᠭᠰᠠᠨ ᠭᠡᠷ ᠦᠨ ᠡᠵᠡᠭᠲᠡᠢ ᠡᠪᠦᠳᠦᠭ ᠱᠦᠷᠭᠦᠭᠡᠭᠰᠡᠨ ᠬᠠᠯᠲᠠᠷ ᠢᠶᠠᠨ 《ᠵᠣᠪ! ᠴᠠᠭᠠᠰᠢ ᠪᠠᠨ ᠶᠠᠪᠤᠵᠤ ᠬᠡᠪᠲᠡ! ᠬᠥᠮᠥᠨ ᠬᠠᠭᠤᠷᠴᠤ ᠬᠣᠭᠣᠰᠤᠨ  ᠬᠣᠷᠭᠣᠭᠣᠳᠠᠭ ᠨᠢ ᠶᠠᠭᠤ ᠪᠣᠢ?》ᠭᠡᠳ ᠭᠡᠷ ᠲᠡᠭᠡᠨ ᠣᠷᠣᠪᠠ᠃
       ᠵᠢᠯᠠᠪᠴᠢᠨ ᠲᠣᠭᠣᠭᠠᠨ ᠳᠤ ᠫᠣᠷ ᠫᠣᠷ ᠪᠤᠴᠠᠯᠤᠭᠰᠠᠨ ᠬᠣᠨᠢᠨ ᠤ ᠬᠤᠢᠬ᠎ᠠ᠂ ᠰᠢᠭᠢᠷ᠎ᠡ ᠪᠣᠷᠣᠯᠠᠨ ᠬᠠᠩᠬᠤᠯᠵᠤ᠂ ᠮᠠᠭᠤ ᠨᠠᠪᠲᠠᠭᠠᠷ ᠪᠣᠷᠣ ᠭᠡᠷ ᠢ ᠪᠠᠶᠠᠨ ᠴᠠᠳᠬᠤᠯᠠᠩ ᠠᠮᠢᠰᠬᠤᠯ ᠢᠶᠠᠷ ᠪᠢᠯᠬᠠᠭᠤᠯᠤᠨ᠎ᠠ᠃  ᠭᠡᠷ ᠦᠨ ᠡᠵᠡᠭᠲᠡᠢ ᠱᠥᠯᠥᠨ ᠦ ᠪᠡᠨ ᠳᠠᠪᠤᠰᠤ ᠶᠢ ᠠᠮᠰᠠᠵᠤ 《ᠵᠢᠭᠠᠬᠠᠨ ᠬᠥᠯ ᠠᠮᠠᠷᠠᠭᠠᠶ᠎ᠠ》ᠭᠡᠵᠦ ᠴᠣᠮᠴᠣᠢᠲᠠᠯ᠎ᠠ ᠬᠣᠲᠠᠴᠢ ᠨᠣᠬᠠᠢ ᠪᠠᠰᠠ《 ᠬᠥᠪ ᠬᠥᠪ 》ᠭᠡᠵᠦ ᠬᠤᠴᠠᠪᠠ ᠃ ᠡᠨᠡ ᠭᠡᠷ ᠦ᠋ᠨ ᠡᠵᠡᠭᠲᠡᠢ ᠶᠢ ᠬᠤᠪᠢᠯᠴᠡᠴᠡᠭ ᠭᠡᠨ᠎ᠡ᠃ ᠲᠣᠮᠣ ᠠᠯᠠᠭ ᠨᠢᠳᠦᠨ ᠦ ᠬᠢᠨᠢ ᠵᠣᠪᠬᠢᠨ ᠳᠤ ᠥᠯᠥ᠍ ᠮᠡᠳᠡᠭ ᠦᠷᠴᠢᠯᠡᠭᠡ ᠰᠠᠭᠤᠭᠰᠠᠨ ᠴᠤ᠌ ᠵᠠᠯᠠᠭᠤ ᠦᠷ᠎ᠡ ᠶ᠋ᠢᠨ ᠭᠠᠩᠭᠠᠩ ᠲᠥᠷᠬᠦ ᠪᠡᠨ ᠠᠯᠳᠠᠭ᠎ᠠ ᠦᠭᠡᠢ ᠠᠵᠢ᠃ ᠡᠨᠡᠷᠢᠩᠭᠦᠢ ᠬᠠᠷᠠᠴᠠ ᠲᠠᠢ ᠪᠣᠷᠣ ᠠᠯᠠᠭ ᠨᠢᠳᠦᠨ ᠳ᠋ᠤᠨᠢ ᠤᠳᠠᠭᠠᠨ ᠨᠢᠭᠤᠭᠳᠠᠭᠰᠠᠨ ᠴᠣᠭ ᠨᠠᠮᠤᠭᠤᠬᠠᠨ ᠪᠣᠯᠪᠠᠴᠤ ᠭᠡᠷᠡᠯᠲᠡᠢ ᠪᠠᠢᠯ᠎ᠠ᠃ 
       ᠬᠣᠲᠠᠴᠢ ᠬᠠᠯᠲᠠᠷ ᠲᠠᠭᠠᠨ ᠪᠠᠢᠨ ᠪᠠᠢᠨ ᠬᠠᠭᠤᠷᠲᠠᠬᠤ ᠳᠤᠷᠠᠲᠠᠢ ᠳ᠋ᠠᠭᠠᠨ ᠬᠣᠷᠭᠣᠭᠣᠬᠤ ᠪᠣᠯᠭᠠᠨ ᠳ᠋ᠤᠨᠢ ᠭᠠᠷᠴᠤ ᠬᠣᠯᠠ ᠶ᠋ᠢᠨ ᠪᠠᠷ᠎ᠠ ᠬᠠᠷᠠᠳᠠᠭ ᠨᠢ ᠬᠤᠪᠢᠯᠴᠡᠴᠡᠭ ᠤᠨ ᠲᠣᠭᠠᠲᠠᠢ ᠡᠳᠦᠷ ᠦ᠋ᠨ ᠳᠠᠳᠬᠠᠯ ᠪᠤᠰᠤ᠃ ᠵᠢᠷᠦᠬᠡᠨ ᠦ᠌ ᠠᠮᠠᠷᠠᠭ ᠬᠥᠮᠦᠨ ᠢ᠋ᠶ᠋ᠡᠨ ᠴᠡᠷᠢᠭ ᠦ᠋ᠨ ᠬᠠᠲᠠᠭᠤ ᠠᠯᠪᠠᠨ ᠳ᠋ᠤ᠌ ᠦᠳᠡᠵᠦ ᠶᠠᠪᠤᠭᠤᠯᠤᠭᠰᠠᠨ ᠲᠡᠷᠡ ᠡᠳᠦᠷ ᠡᠴᠡ ᠡᠬᠢᠯᠡᠵᠦ 《 ᠪᠠᠲᠤ ᠰᠡᠳᠬᠢᠯ ᠴᠢᠨᠢ ᠵᠠᠩ ᠢ᠋ᠶ᠋ᠠᠷ ᠢ᠋ᠶ᠋ᠠᠨ ᠪᠠᠢᠪᠠᠯ ᠪᠤᠴᠠᠭᠠᠳ ᠢᠷᠡᠯᠭᠦᠢ ᠳᠡ ᠬᠦ! 》 ᠭᠡᠵᠦ ᠬᠣᠩᠭᠣᠷ ᠨᠥᠬᠥᠷ ᠦ᠋ᠨ ᠢ᠋ᠶ᠋ᠡᠨ ᠶᠠᠪᠤᠵᠤ ᠣᠳᠤᠭᠰᠠᠨ ᠵᠡᠭᠦᠨ ᠡᠮᠦᠨ᠎ᠡ ᠵᠦᠭ ᠲᠦ᠍ 《 ᠪᠤᠶᠠᠨ ᠴᠠᠭᠠᠨ ᠤ᠋ ᠮᠥᠷ ᠲᠡᠢ ᠶᠠᠪᠤᠵᠤ ᠢᠷᠡᠲᠦᠭᠡᠢ!》ᠭᠡᠵᠦ ᠥᠷᠯᠥᠭᠡ ᠪᠣᠯᠭᠠᠨ ᠴᠠᠢ ᠶ᠋ᠢᠨ ᠳᠡᠭᠡᠵᠢ ᠶ᠋ᠢ ᠡᠷᠭᠦᠨ ᠬᠠᠷᠢᠵᠤ ᠢᠷᠡᠭᠦ ᠵᠢ ᠨᠢ ᠨᠢᠭᠡ ᠯᠡ ᠰᠡᠳᠬᠢᠯ ᠢ᠋ᠶ᠋ᠡᠷ ᠬᠦᠰᠡᠨ ᠬᠦᠯᠢᠶᠡᠭᠰᠡᠭᠡᠷ ᠠᠷᠪᠠᠨ ᠵᠢᠷᠭᠤᠭᠠᠨ ᠬᠠᠪᠤᠷ ᠨᠠᠮᠤᠷ ᠢ᠋ ᠳᠣᠭᠣᠯᠵᠠᠢ᠃
       ᠲᠡᠷᠡ ᠪᠡᠷ ᠨᠣᠬᠠᠢ ᠬᠣᠷᠭᠣᠭᠣᠬᠤ ᠪᠣᠯᠭᠠᠨ《 ᠬᠣᠩᠭᠣᠷ ᠮᠢᠨᠢ ᠢᠷᠡᠭᠡ ᠤᠤ ᠳᠠ ?》 ᠭᠡᠰᠡᠨ ᠪᠣᠳᠣᠯ ᠳ᠋ᠠᠭᠠᠨ ᠬᠥᠲᠥᠯᠦᠭᠳᠡᠨ ᠭᠠᠷᠴᠤ ᠪᠠᠷ᠎ᠠ ᠬᠠᠷᠠᠵᠤ ᠯᠠ ᠮᠡᠳᠡᠯ᠎ᠡ ᠃ ᠪᠦᠷ ᠬᠣᠭᠣᠰᠣᠳᠠᠭᠰᠠᠨ᠃ ᠡᠨᠡ ᠤᠳᠠᠭ᠎ᠠ ᠬᠠᠷᠢᠨ ᠠᠯᠤᠰ ᠢ᠋ ᠰᠠᠷᠠᠪᠴᠢᠯᠠᠨ ᠬᠠᠷᠠᠪᠠᠯ ᠦᠨᠡᠬᠡᠷ ᠵᠡᠭᠦᠨ ᠡᠮᠦᠨ᠎ᠡ ᠵᠦᠭ ᠡᠴᠡ ᠪᠤᠲᠠ ᠵᠠᠭ ᠣᠷᠢᠶᠠᠵᠤ ᠮᠤᠰᠬᠢᠷᠠᠯᠳᠤᠭᠰᠠᠨ ᠬᠠᠷᠭᠤᠢ ᠪᠠᠷ ᠬᠣᠶᠠᠷ ᠪᠠᠷᠠᠭᠠᠨ ᠮᠣᠷᠢᠲᠠᠨ ᠬᠠᠪᠤᠷ ᠤ᠋ᠨ ᠵᠠᠯᠬᠠᠭᠤ ᠨᠠᠷᠠᠨ ᠤ᠋ ᠣᠢᠯᠲᠠ ᠳ᠋ᠤ᠌ ᠵᠢᠷᠢᠯᠵᠡᠬᠦ ᠵᠡᠷᠭᠡᠯᠭᠡᠨ ᠤᠢᠮᠤᠵᠤ ᠢᠷᠡᠵᠦ ᠶᠠᠪᠤᠨ᠎ᠠ᠃ ᠬᠣᠶᠠᠷ ᠪᠠᠷᠠᠭᠠᠨ ᠮᠣᠷᠢᠲᠠᠨ ᠤ᠋ ᠪᠠᠷ᠎ᠠ ᠪᠠᠷ ᠬᠥᠭᠡᠷᠦᠬᠦᠢ ᠬᠤᠪᠢᠯᠴᠡᠴᠡᠭ ᠪᠦᠰᠡᠭᠦᠢ ᠨᠢᠳᠦ ᠨᠢ ᠵᠠᠢᠷᠲᠤᠵᠤ ᠵᠢᠷᠦᠬᠡ ᠨᠢ ᠲᠦᠭᠰᠢᠪᠡ᠃ ᠬᠠᠭᠤᠷᠠᠢ ᠦᠶᠡᠷ ᠦ᠋ᠨ ᠳᠣᠯᠭᠢᠶ᠎ᠠ ᠰᠢᠬ᠎ ᠦᠶᠡᠯᠵᠡᠨ ᠪᠤᠯᠭᠢᠬᠤ ᠵᠡᠷᠭᠡᠯᠭᠡᠨ ᠳᠤᠮᠳᠠᠭᠤᠷ ᠬᠣᠶᠠᠷ ᠪᠠᠷᠠᠭᠠᠨ ᠮᠣᠷᠢᠲᠠᠨ ᠬᠡᠰᠡᠭ ᠲᠣᠳᠣᠷᠠᠵᠤ ᠬᠡᠰᠡᠭ ᠪᠠᠯᠠᠷᠠᠵᠤ ᠵᠠᠷᠢᠮ ᠳ᠋ᠠᠭᠠᠨ ᠭᠠᠭᠴᠠᠬᠠᠨ ᠬᠥᠮᠦᠨ ᠴᠤ᠌ ᠰᠢᠭ ᠪᠣᠯᠵᠤ ᠤᠳᠠᠯ᠎ ᠦᠭᠡᠢ ᠳᠠᠬᠢᠭᠠᠳ ᠬᠣᠶᠠᠷ ᠪᠣᠯᠵᠤ ᠰᠠᠯᠤᠭᠠᠳ ᠲᠡᠭᠦᠨ ᠲᠡᠢ ᠵᠣᠷᠢᠭᠤᠳᠠ ᠲᠣᠭᠯᠠᠭᠠᠮ ᠬᠢᠭᠡ ᠰᠢᠭ ᠶᠡᠷᠦ ᠨᠢ ᠨᠢᠭᠡ ᠯᠡ ᠲᠣᠳᠣ ᠬᠠᠷᠠᠭᠳᠠᠬᠤ ᠦᠭᠡᠢ ᠪᠠᠢᠯ᠎ᠠ᠃ ᠶᠠᠮᠠᠷ ᠨᠢᠭᠡ ᠭᠣᠷᠢᠳᠠᠯ ᠡᠪᠦᠷᠯᠡᠭᠰᠡᠨ ᠡᠴᠡ ᠪᠣᠯᠵᠤ ᠥᠪᠡᠷ ᠦ᠋ᠨ ᠡᠷᠬᠡ ᠦᠭᠡᠢ ᠪᠣᠯᠣᠷ ᠬᠤᠨᠳᠠᠭᠠᠨ ᠠ᠋ᠴᠠ ᠮᠡᠯᠮᠡᠯᠵᠡᠨ ᠠᠰᠬᠠᠭᠰᠠᠨ ᠠᠷᠢᠬᠢ ᠮᠡᠲᠦ ᠨᠢᠯᠪᠤᠰᠤ ᠪᠠᠨ ᠵᠦᠯᠭᠦᠵᠦ 《 ᠵᠠ᠂ ᠪᠠᠢᠵᠠ᠂ ᠴᠣᠬᠣᠮ ᠶᠠᠮᠠᠷ ᠬᠥᠮᠦᠨ ᠪᠣᠯᠴᠢᠬᠠᠪᠠ? ᠮᠠᠭᠤ ᠬᠦᠦ ᠮᠢᠨᠢ ᠢᠷᠡᠭᠡ ᠤᠤ ? ᠥᠷᠯᠥᠭᠡ ᠡᠷᠲᠡ ᠦᠦᠷ ᠴᠥᠦᠷ ᠢ᠋ᠶ᠋ᠡᠷ ᠪᠣᠰᠴᠤ ᠤᠯᠠᠮᠪᠠᠶᠠᠷ ᠲᠠᠢᠵᠢ ᠶ᠋ᠢᠨ ᠠᠳᠤᠭᠤᠨ ᠤ᠋ ᠳᠡᠯᠯᠡᠭᠡᠨ ᠳ᠋ᠦ᠍ ᠶᠠᠪᠤᠭᠰᠠᠨ ᠬᠥᠮᠦᠨ ᠡᠦᠲᠦ ᠯᠡ ᠢᠷᠡᠬᠦ ᠪᠣᠯᠤᠭ᠎ᠠ ᠶᠤᠮ! ᠲᠡᠭᠡᠬᠦ ᠳ᠋ᠡᠭᠡᠨ ᠭᠠᠭᠴᠠᠭᠠᠷ ᠪᠠᠢᠬᠤ ᠤᠴᠢᠷ ᠲᠠᠢ ᠁ ᠬᠥᠲᠥᠯᠦᠭᠡ ᠮᠣᠷᠢ ᠲᠠᠢ ᠭᠡᠬᠦ ᠳ᠋ᠦ᠍ ᠢᠩᠭᠢᠵᠦ ᠬᠠᠷᠠᠭᠳᠠᠬᠤ ᠶᠣᠰᠣ ᠦᠭᠡᠢ᠃ ᠪᠢᠰᠢ᠂ ᠬᠣᠶᠠᠷ ᠮᠣᠷᠢᠲᠠᠢ ᠬᠥᠮᠦᠨ ᠪᠠᠢᠨ᠎ᠠ᠃ ᠵᠠ᠂ ᠪᠠᠢᠵᠠ᠂ ᠡᠨᠡ ᠴᠤ᠌ ᠬᠤᠯᠠ ᠶᠢᠨ ᠭᠡᠢᠴᠢᠨ ᠪᠣᠯᠤᠯᠲᠠᠢ᠃  ᠮᠠᠨ ᠤ᠋ ᠬᠥᠮᠦᠨ ᠢᠷᠡᠵᠦ ᠶᠠᠪᠤᠭ᠎ᠠ ᠶᠤᠮ ᠤᠤ ? ᠬᠦᠦ ᠮᠢᠨᠢ ᠡᠴᠢᠭᠡ ᠲᠡᠢ ᠪᠡᠨ ᠣᠯᠵᠤ ᠠᠭᠤᠯᠵᠠᠭᠠᠳ ᠬᠣᠶᠠᠭᠤᠯᠠ ᠪᠣᠯᠵᠤ ᠢᠷᠡᠪᠡ ᠤᠤ ? ᠲᠡᠭᠡᠬᠦ ᠳ᠋ᠦ᠍ ᠮᠠᠭᠤ ᠬᠦᠦ ᠮᠢᠨᠢ ᠡᠴᠢᠭᠡ ᠪᠡᠨ ᠲᠠᠨᠢᠬᠤ ᠦᠭᠡᠢ ᠰᠢᠦ ᠳ᠋ᠠ ! ᠲᠡᠭᠦᠨ ᠢ ᠶᠠᠪᠤᠬᠤ ᠳᠤ ᠭᠠᠷᠤᠭ᠎ᠠ ᠴᠤ᠌ ᠦᠭᠡᠢ ᠪᠠᠢᠭᠰᠠᠨ ᠶᠤᠮ ᠴᠢᠨᠢ᠃ ᠭᠡᠬᠦ ᠳ᠋ᠡᠭᠡᠨ ᠶᠠᠭᠤᠮ᠎ᠠ ᠶᠢ ᠶᠠᠭᠠᠬᠢᠵᠤ ᠮᠡᠳᠡᠬᠦ ᠪᠣᠢ⁈ 》ᠭᠡᠵᠦ ᠣᠯᠠᠨ ᠲᠠᠪᠤᠨ ᠶᠠᠭᠤᠮ᠎ᠠ ᠪᠣᠳᠣᠵᠤ᠄
       — ᠵᠠ᠂  ᠪᠤᠷᠬᠠᠨ ᠲᠡᠭᠷᠢ ᠮᠢᠨᠢ ᠥᠷᠥᠰᠢᠶᠡᠯ ᠳ᠋ᠡᠭᠡᠨ ᠪᠠᠭᠲᠠᠭᠠᠵᠤ ᠦᠵᠡ!  ᠬᠠᠷᠢᠭᠰᠠᠨ ᠭᠠᠯᠠᠭᠤ ᠪᠤᠴᠠᠵᠤ᠂ ᠶᠠᠪᠤᠭᠰᠠᠨ ᠬᠥᠮᠥᠨ ᠢᠷᠡᠳᠡᠭ ᠭᠡᠵᠦ ᠳᠦᠳᠦᠨᠡᠨ ᠭᠡᠷ ᠲᠡᠭᠡᠨ ᠣᠷᠣᠵᠤ ᠭᠦᠩᠭᠠᠷᠠᠪᠠ ᠲᠠᠢ ᠪᠤᠷᠬᠠᠨ ᠳ᠋ᠠᠭᠠᠨ ᠬᠦᠵᠢ ᠠᠰᠠᠭᠠᠨ 《 ᠠᠢᠰᠤᠢ ᠬᠣᠶᠠᠷ ᠬᠥᠮᠦᠨ ᠦ᠌ ᠨᠢᠭᠡ ᠨᠢ ᠠᠷᠪᠠᠨ ᠵᠢᠷᠭᠤᠭᠠᠨ ᠵᠢᠯ ᠬᠦᠰᠡᠵᠦ ᠬᠦᠯᠢᠶᠡᠭᠰᠡᠨ ᠬᠣᠩᠭᠣᠷ ᠮᠢᠨᠢ ᠪᠠᠢᠭᠠᠰᠠᠢ! ᠪᠤᠷᠬᠠᠨ ᠲᠡᠭᠷᠢ ᠳ᠋ᠡᠭᠡᠨ ᠪᠢ ᠣᠰᠣᠯ ᠪᠤᠷᠤᠭᠤ ᠣᠭᠲᠣᠬᠠᠨ ᠴᠤ᠌ ᠬᠢᠭᠡ ᠦᠭᠡᠢ ᠭᠠᠭᠴᠠ ᠨᠢᠭᠦᠯᠡᠰᠦᠩᠭᠦᠢ ᠰᠡᠳᠬᠢᠯ ᠢ᠋ᠶ᠋ᠡᠷ ᠭᠠᠴᠢᠭ ᠵᠣᠪᠠᠯᠠᠩ ᠢ᠋ᠶ᠋ᠠᠷ ᠳᠦᠭᠦᠷᠦᠭᠰᠡᠨ ᠠᠮᠢᠳᠤᠷᠠᠯ ᠤ᠋ᠨ ᠵᠥᠷᠢᠭ ᠢᠶᠠᠷ ᠮᠠᠯᠭᠢᠭᠰᠠᠭᠠᠷ ᠥᠨᠥᠳᠥᠷ ᠪᠣᠯᠣᠯ᠎ᠠ ᠁ ᠵᠠᠶᠠᠭ᠎ᠠ ᠮᠠᠭᠤᠲᠠᠢ ᠪᠢᠳᠡ ᠬᠣᠶᠠᠭᠤᠯᠠ ᠶ᠋ᠢ ᠪᠤᠷᠬᠠᠨ ᠲᠡᠭᠷᠢ ᠳᠤᠯᠠᠭᠠᠨ ᠮᠡᠯᠮᠡᠢ ᠪᠠᠷ ᠢ᠋ᠶ᠋ᠠᠨ ᠲᠣᠯᠢᠳᠠᠵᠤ᠂ ᠡᠷᠲᠡ ᠨᠢᠭᠡ ᠡᠳᠦᠷ ᠠᠭᠤᠯᠵᠠᠭᠤᠯᠵᠤ ᠥᠷᠥᠰᠢᠶᠡᠭᠡᠷᠡᠢ ᠳᠡ ! 》ᠭᠡᠵᠦ ᠭᠤᠷᠪᠠᠨᠲᠠ ᠰᠥᠭᠥᠳᠴᠦ ᠮᠥᠷᠭᠥᠭᠰᠡᠨ ᠢ᠋ᠶ᠋ᠡᠨ ᠡᠷᠭᠢᠭᠦᠯ ᠦᠨ ᠥᠷᠥᠭᠡᠰᠦᠨ ᠨᠢᠳᠦᠨ ᠡᠴᠡ ᠭᠠᠤᠯᠢᠨ ᠲᠣᠯᠢ ᠭᠠᠷᠭᠠᠨ ᠬᠠᠨᠴᠤᠢ ᠪᠠᠷ ᠢ᠋ᠶ᠋ᠠᠨ ᠠᠷᠴᠢᠵᠤ ᠵᠢᠰᠦ ᠪᠡᠨ ᠭᠠᠢᠭᠤᠢ ᠲᠣᠯᠢᠳᠠᠨ ᠥᠷᠪᠥᠢᠭᠰᠡᠨ ᠦᠰᠦ ᠭᠡᠵᠢᠭᠡ ᠪᠡᠨ ᠰᠠᠮᠨᠠᠵᠤ᠂ ᠡᠩᠭᠡᠯᠵᠡᠭᠦᠷ ᠦᠨ ᠳᠣᠪᠴᠢ ᠰᠢᠯᠪᠢ ᠪᠡᠨ ᠲᠢᠭᠲᠡᠢ ᠰᠠᠢᠬᠠᠨ ᠳᠣᠪᠴᠢᠯᠠᠵᠤ ᠬᠠᠲᠠᠪᠴᠢ ᠠᠯᠬᠤᠶ᠎ᠠ ᠭᠡᠪᠡᠯ ᠭᠠᠳᠠᠨ᠎ᠠ ᠬᠣᠲᠠᠴᠢ ᠬᠠᠯᠲᠠᠷ ᠰᠦᠷᠡᠬᠡᠢ ᠳᠣᠭᠰᠢᠷᠠᠨ ᠪᠤᠷᠭᠤᠨ᠎ᠠ᠃
       ᠬᠣᠶᠠᠷ ᠪᠠᠷᠠᠭᠠᠨ ᠮᠣᠷᠢᠲᠠᠨ ᠬᠤᠳᠳᠤᠭ ᠤᠨ ᠴᠠᠭᠠᠨᠠᠬᠠᠨ ᠣᠢᠷᠠᠳᠴᠤ ᠢᠷᠡᠬᠦ ᠳ᠋ᠦ᠍ ᠬᠠᠷ᠎ᠠ ᠰᠡᠭᠦᠯᠲᠡᠳ ᠦᠷᠭᠦᠵᠦ ᠬᠣᠯᠠᠳᠤᠨ᠎ᠠ᠃ 
      《ᠡᠨᠡ ᠬᠤᠤᠳᠤᠭ ᠤᠨ ᠴᠠᠭᠠᠨ᠎ᠠ ᠪᠢ ᠴᠢᠮᠠᠶ᠋ᠢ ᠪᠠᠨ ᠬᠦᠯᠦᠭ ᠦ᠋ᠨ ᠵᠢᠯᠣᠭᠣ ᠪᠠᠨ ᠨᠤᠲᠤᠭ ᠤ᠋ᠨ ᠵᠦᠭ ᠵᠠᠯᠠᠬᠤ ᠳ᠋ᠤ᠌ ᠴᠢᠨᠢ ᠦᠳᠡᠭᠰᠡᠨ ᠰᠠᠨ ᠁ ᠵᠡᠭᠦᠨ ᠡᠮᠦᠨᠡᠰᠢᠯᠡᠨ ᠮᠤᠰᠬᠢᠷᠠᠯᠳᠤᠨ ᠤᠳᠤᠭᠰᠠᠨ ᠡᠨᠡ  ‍ᠬᠦ ᠬᠠᠷᠭᠤᠢ ᠪᠠᠷ ᠴᠢ ᠮᠢᠨᠢ ᠨᠠᠮᠠᠶ᠋ᠢ ᠪᠠᠨ ᠣᠷᠬᠢᠵᠤ ᠶᠠᠳᠠᠨ ᠶᠠᠪᠤᠬᠤ ᠳᠤ ᠪᠢ ᠴᠢᠮ᠎ᠠ ᠠᠴᠠ ᠪᠠᠨ ᠰᠠᠯᠵᠤ ᠴᠢᠳᠠᠬᠤ ᠦᠭᠡᠢ ᠵᠢᠷᠦᠬᠡ ᠰᠢᠮᠰᠢᠷᠡᠵᠦ ᠵᠠᠮ ᠳᠤ ᠣᠷᠣᠭᠤᠯᠤᠭᠰᠠᠨ᠁ ᠥᠨᠥᠳᠥᠷ ᠴᠢ ᠮᠥᠨ ᠡᠨᠡ ᠵᠠᠮ ᠢᠶᠠᠷ ᠪᠤᠴᠠᠵᠤ ᠢᠷᠡᠬᠦ ᠶᠣᠰᠣᠲᠠᠢ 》 ᠭᠡᠵᠦ ᠪᠣᠳᠣᠬᠤ ᠳᠤᠰᠤᠮ ᠢᠶᠠᠨ ᠡᠨᠡ ᠢᠷᠡᠭᠡ ᠬᠥᠮᠥᠨ ᠯᠠᠪ ᠮᠥᠨ ᠭᠡᠵᠦ ᠢᠲᠡᠭᠡᠨ ᠰᠡᠳᠬᠢᠯ ᠨᠢ ᠶᠡᠷᠦ ᠪᠤᠰᠤ ᠪᠠᠷ ᠳᠣᠭᠳᠣᠯᠤᠨ᠎ᠠ᠃
       ᠨᠥᠭᠥᠭᠡ ᠬᠣᠶᠠᠷ ᠪᠠᠷᠠᠭᠠᠨ ᠮᠣᠷᠢᠲᠠᠨ ᠣᠢᠷᠠᠳᠴᠤ ᠢᠷᠡᠪᠡᠯ ᠨᠢᠭᠡ ᠨᠢ ᠥᠨᠳᠥᠷ ᠴᠡᠭᠡᠵᠢ ᠲᠠᠢ ᠬᠠᠯᠲᠠᠷ ᠬᠡᠭᠡᠷ ᠮᠣᠷᠢ ᠲᠠᠢ᠂ ᠨᠥᠭᠥᠭᠡ ᠨᠢ ᠪᠠᠨᠳᠠᠩ ᠪᠡᠶ᠎ᠡ ᠲᠡᠢ ᠬᠠᠷ᠎ᠠ ᠬᠡᠭᠡᠷ ᠮᠣᠷᠢ ᠲᠠᠢ ᠬᠥᠮᠥᠨ ᠪᠠᠢᠯ᠎ᠠ᠃ ᠭᠡᠬᠦ ᠳᠡᠬᠡᠨ ᠬᠥᠮᠥᠨ ᠦ ᠬᠢᠨᠢ ᠵᠢᠰᠦ ᠬᠡᠨ ᠪᠣᠯᠬᠤ ᠨᠢ ᠪᠠᠰᠠ ᠯᠠ ᠲᠠᠨᠢᠭᠳᠠᠬᠤ ᠦᠭᠡᠢ ᠪᠠᠢᠪᠠ᠃  ᠮᠣᠷᠢᠲᠠᠳ ᠱᠣᠩ ᠳᠡᠭᠡᠷ᠎ᠡ ᠪᠠᠭᠤᠪᠠ᠃  ᠥᠨᠳᠥᠷ ᠬᠡᠭᠡᠷ ᠮᠣᠷᠢᠨ ᠠᠴᠠ ᠪᠠᠭᠤᠭᠰᠠᠨ ᠬᠥᠮᠥᠨ ᠦ ᠡᠮᠦᠰᠦᠭᠰᠡᠨ ᠲᠡᠷᠯᠢᠭ ᠨᠢ ᠬᠣᠶᠠᠷ ᠬᠠᠵᠠᠭᠤ ᠳ᠋ᠠᠭᠠᠨ ᠣᠨᠣᠭᠣ ᠲᠠᠢ ᠤᠷᠠᠳ ᠵᠠᠰᠠᠯ ᠤᠨ ᠲᠡᠷᠯᠢᠭ ᠲᠠᠢ ᠪᠣᠯᠬᠤ ᠢ ᠬᠠᠷᠠᠭᠠᠳ ᠬᠤᠪᠢᠯᠴᠡᠴᠡᠭ《ᠮᠠᠨ ᠤ ᠬᠥᠮᠥᠨ ᠯᠠᠪ ᠮᠥᠨ!》 ᠭᠡᠵᠦ ᠪᠣᠳᠣᠩᠭᠤᠳᠠ ᠪᠡᠶ᠎ᠡ ᠪᠡᠨ ᠪᠠᠷᠢᠵᠤ ᠴᠢᠳᠠᠯ ᠦᠭᠡᠢ ᠮᠡᠭᠰᠢᠨ ᠣᠬᠢᠯᠠᠪᠠ᠃
       ᠁ 
       ᠦᠦᠷ ᠬᠠᠶᠠᠭᠠᠷᠠᠪᠠ᠃  
       ᠬᠤᠪᠢᠯᠴᠡᠴᠡᠭ ᠪᠣᠰᠴᠤ ᠲᠤᠯᠭᠠᠨ ᠳᠤ ᠠᠷᠭᠠᠯ ᠵᠡᠷᠭᠡᠯᠡᠵᠦ ᠭᠠᠯ ᠢᠶᠠᠨ ᠬᠥᠭᠵᠢᠭᠡᠭᠡᠳ《ᠠᠪᠤ ᠣᠳᠣ ᠯᠠ ᠠᠳᠤᠭᠤᠨ ᠠᠴᠠ ᠢᠷᠡᠬᠦ ᠣᠢᠷᠠᠲᠤᠯ᠎ᠠ᠃ ᠴᠠᠢ ᠶ᠋ᠢ ᠨᠢ ᠬᠠᠯᠠᠭᠤᠬᠠᠨ ᠪᠠᠢᠯᠭᠠᠶ᠎ᠠ》ᠭᠡᠵᠦ ᠳᠡᠪᠦᠷ᠎ᠡ ᠳ᠋ᠡᠭᠡᠨ ᠴᠠᠢ ᠣᠢᠲᠠᠯ᠎ᠠ ᠭᠠᠳᠠᠨ᠎ᠠ ᠨᠣᠬᠠᠢ ᠬᠣᠷᠭᠣᠭᠣᠪᠠ᠃《 ᠵᠠ᠂ ᠠᠪᠤ ᠠᠳᠤᠭᠤᠨ ᠠ᠋ᠴᠠ  ᠪᠠᠨ ᠢᠷᠡᠯ᠎ᠡ ᠁  ᠴᠠᠢ ᠴᠤ᠌ ᠪᠤᠴᠠᠯᠤᠭ᠎ᠠ ᠦᠭᠡᠢ》ᠭᠡᠵᠦ ᠲᠤᠯᠭᠠᠨ ᠳ᠋ᠡᠬᠢ ᠤᠭᠤᠬᠢᠭᠰᠠᠨ ᠠᠷᠭᠠᠯ ᠢ ᠤᠲᠤᠭᠠᠨ ᠳ᠋ᠤᠨᠢ ᠨᠢᠳᠦ ᠪᠡᠨ ᠬᠣᠷᠣᠰᠲᠠᠯ᠎ᠠ ᠦᠯᠢᠶᠡᠵᠦ ᠭᠠᠯ ᠤᠨ ᠰᠣᠷ  ᠥᠷᠪᠥᠯᠵᠡᠭᠦᠯᠦᠨ ᠬᠥᠭᠵᠢᠭᠡᠭᠡᠳ ᠦᠨᠡᠰᠦ ᠠᠰᠬᠠᠬᠤ ᠪᠠᠷ ᠡᠭᠦᠳᠡ ᠪᠡᠨ ᠨᠡᠭᠡᠭᠡᠭᠡᠳ ᠭᠠᠳᠠᠨ᠎ᠠ ᠭᠠᠷᠴᠤ ᠬᠠᠷᠠᠪᠠᠯ ᠲᠡᠷᠲᠡᠭᠡ ᠦᠦᠷ ᠬᠠᠶᠠᠭᠠᠷᠠᠭᠰᠠᠨ ᠵᠦᠭ ᠡᠴᠡ  ᠰᠡᠮᠪᠡᠯᠵᠡᠭᠰᠡᠨ ᠠᠯᠬᠤᠭ᠎ᠠ ᠲᠠᠢ ᠮᠣᠷᠢ ᠤᠨᠤᠭᠰᠠᠨ ᠬᠥᠮᠦᠨ ᠭᠡᠷ ᠦ᠋ᠨ ᠵᠦᠭ ᠠᠢᠰᠤᠢ᠃ ᠮᠣᠷᠢᠨ ᠤ ᠬᠢᠨᠢ ᠠᠯᠬᠤᠳᠠᠯ ᠢ᠋ᠶ᠋ᠠᠷ ᠠᠪᠤ ᠪᠠᠨ ᠪᠢᠰᠢ ᠪᠣᠯᠬᠤ ᠶ᠋ᠢ ᠮᠡᠳᠡᠭᠰᠡᠨ  ᠬᠤᠪᠢᠯᠴᠡᠴᠡᠭ ᠢᠷᠡᠵᠦ ᠶᠠᠪᠤᠭ᠎ᠠ ᠬᠥᠮᠥᠨ ᠦ ᠵᠦᠭ ᠦᠨᠡᠰᠦ ᠬᠡᠢᠰᠦᠭᠦᠵᠡᠢ ᠭᠡᠮᠡᠨ ᠭᠡᠷ ᠲᠡᠭᠡᠨ ᠪᠤᠴᠠᠨ ᠣᠷᠣᠵᠣ ᠦᠨᠡᠰᠦ ᠪᠡᠨ ᠲᠤᠯᠭᠠᠨ ᠤ᠋ ᠳᠡᠷᠭᠡᠳᠡ ᠲᠠᠯᠪᠢᠭᠠᠳ ᠭᠡᠵᠢᠭᠡ ᠦᠰᠦ ᠪᠡᠨ ᠰᠠᠮᠨᠠᠵᠤ᠂ ᠵᠠᠭᠠᠮ᠎ᠠ ᠳᠣᠪᠴᠢ ᠪᠠᠨ ᠶᠠᠩᠵᠤᠯᠠᠲᠠᠯ᠎ᠠ ᠨᠣᠬᠠᠢ ᠰᠦᠷᠡᠬᠡᠢ ᠠᠭᠰᠤᠷᠤᠨ ᠬᠣᠷᠭᠣᠭᠣᠵᠤ ᠮᠣᠷᠢᠲᠠᠢ ᠬᠥᠮᠥᠨ ᠱᠣᠩ ᠳᠡᠭᠡᠷ᠎ᠡ ᠢᠷᠡᠪᠡ ᠪᠣᠯᠣᠯᠲᠠᠢ᠂ ᠬᠤᠪᠢᠯᠴᠡᠴᠡᠭ ᠢ ᠭᠠᠷᠴᠤ ᠵᠠᠪᠳᠤᠬᠤ ᠠᠴᠠ ᠡᠮᠦᠨ᠎ᠡ᠄
       — ᠨᠣᠬᠠᠢ ᠪᠠᠨ ᠭᠡᠵᠦ ᠳᠠᠭᠤᠳᠠᠨ᠎ᠠ᠃
       — ᠵᠠ ᠂ ᠣᠳᠣᠬᠠᠨ ! ᠭᠡᠳ ᠬᠤᠪᠢᠯᠴᠡᠴᠡᠭ ᠢ ᠭᠡᠷ ᠡᠴᠡ ᠭᠠᠷᠲᠠᠯ᠎ᠠ ᠨᠥᠭᠦᠭᠡ ᠬᠥᠮᠦᠨ ᠱᠣᠩ ᠳᠡᠭᠡᠷ᠎ᠡ ᠪᠠᠭᠤᠵᠤ ᠮᠣᠷᠢ ᠪᠠᠨ ᠤᠶᠠᠨ᠎ᠠ᠃ ᠬᠠᠮᠠᠷ ᠨᠢ ᠤᠩᠭᠤᠯᠵᠠᠭᠰᠠᠨ ᠬᠠᠯᠵᠠᠨ ᠵᠡᠭᠡᠷᠳᠡ ᠮᠣᠷᠢ ᠲᠣᠯᠣᠭᠠᠢ ᠪᠠᠷ ᠢᠶᠠᠨ ᠨᠠᠭᠠᠳᠤᠨ ᠲᠣᠬᠢᠯᠵᠠᠵᠤ ᠪᠠᠢᠭ᠎ᠠ ᠶᠢ ᠬᠠᠷᠠᠭᠠᠳ ᠴᠣᠭ ᠬᠡᠢ ᠮᠣᠷᠢ ᠲᠠᠢ ᠡᠷ᠎ᠡ ᠬᠥᠮᠥᠨ ᠦ ᠤᠨᠤᠭ᠎ᠠ ᠪᠣᠯᠬᠤ ᠨᠢ ᠮᠡᠳᠡᠭᠳᠡᠵᠦ ᠪᠠᠢᠪᠠ᠃
      ᠮᠥᠷᠥ ᠪᠡᠷ ᠢᠶᠡᠨ ᠥᠩᠭᠡ ᠠᠯᠳᠠᠭᠰᠠᠨ ᠬᠥᠬᠡ ᠳᠠᠪᠤᠤ ᠲᠡᠷᠯᠢᠭ ᠦ᠋ᠨ ᠬᠣᠷᠮᠣᠢ ᠶ᠋ᠢ ᠰᠢᠭᠤᠵᠤ ᠶᠠᠮᠠᠷ ᠨᠢᠭᠡ ᠶᠠᠭᠤᠮ᠎ᠠ ᠪᠥᠭᠡᠴᠡᠢᠯᠡᠨ ᠲᠡᠪᠡᠷᠢᠭᠰᠡᠨ ᠲᠡᠷᠡ ᠥᠨᠳᠥᠷᠬᠡᠨ ᠪᠡᠶ᠎ᠡ ᠲᠠᠶ᠎᠂ ᠪᠣᠷᠣ ᠴᠢᠷᠠᠢ ᠲᠠᠢ ᠡᠷ᠎ᠡ 《ᠵᠣᠪ! ᠶᠠᠭᠠᠬᠢᠬᠤ ᠶᠤᠮ⁈ ᠭᠡᠵᠦ ᠭᠡᠷ ᠦ᠋ᠨ ᠡᠵᠡᠨ ᠬᠥᠮᠦᠨ ᠰᠢᠭ ᠨᠣᠬᠠᠢ ᠵᠠᠩᠳᠤᠷᠴᠤ᠂ ᠠᠵᠢᠭ ᠴᠤ᠌ ᠦᠭᠡᠢ ᠬᠡᠩᠬᠦᠯᠵᠡᠲᠡᠯ᠎ᠡ ᠠᠯᠬᠤᠵᠤ ᠭᠡᠷ ᠳᠥᠭᠥᠵᠦ ᠢᠷᠡᠭᠡᠳ᠄
       — ᠵᠠ᠂ ᠰᠠᠢᠨ ᠤᠤ ? ᠭᠡᠵᠦ ᠠᠮᠤᠷ ᠡᠷᠢᠭᠰᠡᠨ ᠳ᠋ᠦ᠍ ᠠᠢᠯ ᠤ᠋ᠨ ᠬᠡᠦᠬᠡᠨ ᠬᠤᠪᠢᠯᠴᠡᠴᠡᠭ ᠡᠨᠡ ᠵᠠᠯᠠᠭᠤ ᠡᠷ᠎ᠡ ᠡᠴᠡ ᠢᠴᠢᠰᠬᠢᠨ᠄
       — ᠰᠠᠢᠨ᠂ ᠲᠠ ᠰᠠᠢᠨ ᠢᠷᠡᠪᠡ ᠤᠤ? ᠭᠡᠵᠦ ᠴᠢᠷᠠᠢ ᠨᠢ ᠤᠯᠠᠰᠬᠢᠨ ᠨᠠᠮ ᠬᠠᠷᠢᠭᠤᠯᠪᠠ᠃
       ᠪᠣᠷᠣ ᠴᠢᠷᠠᠢ ᠲᠠᠢ ᠡᠷ᠎ᠡ ᠲᠡᠷᠡ ᠬᠣᠷᠮᠣᠢᠯᠠᠭᠰᠠᠨ ᠢᠨᠵᠠᠭ᠎ᠠ ᠪᠠᠨ ᠬᠠᠷᠠᠵᠤ᠄ 
       — ᠡᠨᠡ ᠬᠥᠭᠡᠷᠦᠬᠦᠨ ᠠᠮᠢᠲᠠᠨ ᠢ ᠬᠥᠳᠡᠭᠡ ᠡᠴᠡ ᠣᠯᠣᠯ᠎ᠠ᠃ ᠪᠦᠯᠢᠶᠡᠨ ᠠᠮᠢ ᠪᠢᠰᠢ ᠤᠤ᠂ ᠬᠥᠭᠡᠷᠦᠬᠦᠢ! ᠭᠡᠳ ᠭᠡᠷ ᠦᠨ ᠬᠠᠶᠠᠭᠠᠨ ᠳᠤ ᠲᠠᠯᠪᠢᠬᠤ ᠭᠡᠲᠡᠯ᠎ᠡ ᠬᠤᠪᠢᠯᠴᠡᠴᠡᠭ᠄
       — ᠬᠥᠭᠡᠷᠦᠬᠦᠢ ᠳ᠋ᠠ᠂ ᠰᠠᠯᠠᠢ ᠨᠢ ᠴᠤ᠌ ᠰᠠᠢᠨ ᠬᠠᠲᠠᠭᠠᠳᠤᠢ ᠨᠢᠯᠵᠠᠷᠠᠢ ᠠᠮᠢᠲᠠᠨ ᠪᠠᠢᠨ᠎ᠠ ᠰᠢᠳᠡ! ᠠᠯᠢᠵᠢ᠂ ᠨᠠᠭᠠᠰᠢ ᠪᠠᠨ ᠭᠡᠳ ᠰᠠᠨᠳᠤᠷᠤᠨ ᠲᠡᠷᠡ ᠪᠣᠷᠣ ᠴᠢᠷᠠᠢᠲᠤ ᠶᠢᠨ ᠡᠪᠦᠷ ᠡᠴᠡ ᠢᠨᠵᠠᠭ᠎ᠠ ᠶᠢ ᠳᠤᠰᠴᠤ ᠠᠪᠤᠪᠠ᠃      
       — ᠠᠷᠭ᠎ᠠ ᠦᠭᠡᠢ ᠬᠥᠭᠡᠷᠦᠬᠦᠨ ᠠᠮᠢᠲᠠᠨ ᠶᠤᠮ ᠠ᠋ ᠂ ᠠᠮᠢᠲᠠᠨ ᠪᠦᠭᠦᠳᠡ ᠨᠢᠯᠬ᠎ᠠ ᠳᠡᠭᠡᠷ᠎ᠡ ᠪᠡᠨ ᠬᠥᠭᠡᠷᠦᠬᠦᠨ ᠪᠠᠢᠳᠠᠭ ᠶᠤᠮ ᠪᠠᠢᠨ᠎ᠠ᠃ 
       — ᠦᠭᠡᠢ ᠠ᠋᠂ ᠲᠠ ᠶᠠᠭᠤ ᠭᠡᠵᠦ ᠡᠨᠡ ᠨᠣᠢᠲᠠᠨ ᠭᠣᠣᠯᠳᠠᠨ ᠢ᠋ ᠡᠬᠡ ᠡᠴᠡ ᠨᠢ ᠰᠠᠯᠭᠠᠵᠤ ᠠᠪᠴᠢᠷᠠᠪᠠ? ᠶᠠᠮᠠᠷ ᠨᠢᠭᠦᠯ ᠦ᠋ᠨ ᠠᠮᠢᠲᠠᠨ ᠪᠣᠢ ᠲᠠ⁈ ᠭᠡᠵᠦ ᠬᠤᠪᠢᠯᠴᠡᠴᠡᠭ ᠨᠥᠭᠦᠭᠡ ᠡᠷ᠎ᠡ ᠶ᠋ᠢ ᠪᠤᠷᠤᠭᠤᠳᠬᠠᠵᠤ ᠵᠢᠮᠡᠯᠡᠩᠭᠦᠢ ᠳᠤᠤᠭᠠᠷᠬᠤ ᠳ᠋ᠤ᠌ ᠲᠡᠷᠡ ᠡᠷ᠎ᠡ ᠬᠠᠭ ᠬᠠᠭ ᠢᠨᠢᠶᠡᠨ᠄ 
       — ᠮᠢᠨᠦ ᠳᠡᠭᠦᠦ ᠨᠢᠭᠦᠯᠡᠰᠦᠩᠭᠦᠢ ᠰᠡᠳᠬᠢᠯ ᠢ᠋ᠶ᠋ᠡᠷ ᠨᠢᠯᠬ᠎ᠠ ᠢᠨᠵᠠᠭ᠎ᠠ ᠶ᠋ᠢ ᠡᠩᠬᠦᠷᠡᠢᠯᠡᠵᠦ ᠬᠥᠷᠥᠪᠡᠵᠢᠭᠦᠯᠦᠨ ᠡᠬᠡ ᠪᠠᠢᠭᠠᠯᠢ ᠳ᠋ᠤ᠌ ᠲᠠᠯᠪᠢᠵᠤ ᠣᠷᠭᠢ! ᠳᠡᠭᠡᠪᠡᠯ ᠪᠤᠶᠠᠨ ᠦᠢᠯᠡᠳᠦᠯ᠎ᠡ ᠭᠡᠵᠦ ᠡᠨᠡ ᠨᠢᠭᠦᠯ ᠦ᠋ᠨ ᠮᠠᠭᠤ ᠠᠬ᠎ᠠ ᠴᠢᠨᠢ ᠰᠠᠨᠠᠵᠤ ᠶᠠᠪᠤᠶ᠎ᠠ! ᠭᠡᠵᠦ ᠬᠡᠯᠡᠪᠡ᠃ 
       ᠬᠤᠪᠢᠯᠴᠡᠴᠡᠭ ᠲᠡᠷᠡ ᠢᠨᠵᠠᠭ᠎ᠠ ᠶ᠋ᠢ ᠥᠬᠥᠭᠡᠷᠳᠡᠨ ᠬᠠᠢᠷᠠᠯᠠᠵᠤ ᠬᠣᠰᠢᠭᠤ ᠶ᠋ᠢ ᠨᠢ ᠲᠠᠭᠠᠯᠠᠨ ᠦᠨᠦᠰᠦᠭᠡᠳ᠄
       — ᠢᠨᠵᠠᠭᠠᠨ ᠤ ᠬᠣᠰᠢᠭᠤ ᠠ᠋ᠴᠠ ᠰᠢᠷ᠎ᠠ ᠲᠣᠰᠣ ᠦᠨᠦᠷᠲᠦᠵᠦ ᠪᠠᠢᠨ᠎ᠠ! ᠲᠠ ᠰᠢᠷ᠎ᠠ ᠲᠣᠰᠣ ᠁ ᠭᠡᠵᠦ ᠬᠡᠯᠡᠲᠡᠯ᠎ᠡ ᠲᠡᠷᠡ ᠡᠷ᠎ᠡ ᠲᠣᠰᠴᠤ ᠄ 
       — ᠥᠯᠪᠡᠷᠡᠭᠰᠡᠨ ᠨᠢᠯᠬ᠎ᠠ ᠠᠮᠢᠲᠠᠨ ᠤ᠋ ᠲᠠᠩᠨᠠᠢ ᠳ᠋ᠤᠨᠢ ᠰᠢᠷ᠎ᠠ ᠲᠣᠰᠣ ᠬᠦᠷᠲᠡᠭᠡᠭᠰᠡᠨ ᠶᠦᠮ ᠠ᠋ ᠂ ᠬᠥᠭᠡᠷᠦᠬᠦᠢ! ᠭᠡᠯ᠎ᠡ᠃ 
       — ᠡᠬᠡ ᠡᠴᠡ ᠪᠡᠨ ᠥᠨᠥᠴᠢᠷᠡᠭᠰᠡᠨ ᠶᠠᠭᠤᠮ᠎ᠠ ᠪᠠᠢᠭ᠎ᠠ ᠳᠠ ! 
       — ᠲᠡᠢᠮᠦ! ᠭᠡᠳ ᠲᠡᠷᠡ ᠬᠦᠳᠡᠷᠯᠢᠭ ᠪᠣᠷᠣ ᠴᠢᠷᠠᠢ ᠲᠠᠢ ᠡᠷ᠎ᠡ ᠶ᠋ᠢᠨ ᠨᠢᠳᠦᠨ ᠳ᠋ᠦ᠍ ᠨᠢᠯᠪᠤᠰᠤ ᠴᠡᠢᠯᠡᠭᠡᠨᠡᠪᠡ ᠁ 
       ᠬᠤᠪᠢᠯᠴᠡᠴᠡᠭ ᠡᠨᠡ ᠲᠣᠮᠣ ᠬᠠᠩᠬᠠᠭᠠᠷ ᠡᠷ᠎ᠡ ᠶ᠋ᠢᠨ ᠪᠤᠬᠠᠨ ᠠᠯᠠᠭ ᠨᠢᠳᠦᠨ ᠳ᠋ᠦ᠍ ᠥᠨᠥᠴᠢᠨ ᠲᠤᠭᠤᠯ ᠤ᠋ᠨ ᠦᠷᠦ ᠡᠪᠡᠳᠦᠯᠲᠡᠢ ᠨᠢᠯᠪᠤᠰᠤ ᠬᠤᠷᠠᠭᠰᠠᠨ ᠢ᠋ ᠬᠠᠷᠠᠭᠠᠳ ᠪᠡᠶ᠎ᠡ ᠳ᠋ᠡᠭᠡᠨ ᠭᠡᠮᠰᠢᠵᠦ ᠪᠢ ᠶᠠᠭᠤ ᠭᠡᠵᠦ ᠲᠠᠨᠢᠵᠤ ᠮᠡᠳᠡᠬᠦ ᠦᠭᠡᠢ ᠬᠠᠷ᠎ᠠ ᠬᠥᠮᠦᠨ ᠦ᠌ ᠥᠭᠡᠳᠡ ᠡᠴᠡ 《 ᠶᠠᠮᠠᠷ ᠨᠢᠭᠦᠯ ᠴᠠ ᠠᠮᠢᠲᠠᠨ ᠪᠣᠢ ᠲᠠ ?  ᠭᠡᠵᠦ ᠬᠡᠯᠡᠪᠡ ᠭᠡᠵᠦ ᠪᠡᠶ᠎ᠡ ᠪᠡᠨ ᠪᠤᠷᠤᠭᠤᠳᠬᠠᠨ ᠠᠩᠬ᠎ᠠ ᠨᠢᠭᠤᠷ ᠬᠠᠭᠠᠷᠠᠵᠤ ᠠᠭᠤᠯᠵᠠᠮᠠᠭᠴᠠ ᠪᠠᠨ ᠶᠠᠭᠤ ᠭᠡᠵᠦ ᠡᠨᠡ ᠲᠠᠨᠢᠯ ᠪᠤᠰᠤ ᠡᠷ᠎ᠡ ᠡᠴᠡ ᠢᠴᠢᠮᠡᠬᠡᠢᠷᠡᠨ  ᠪᠢᠰᠢᠭᠦᠷᠬᠡᠯ ᠦᠭᠡᠢ ᠨᠢᠯᠬ᠎ᠠ ᠢᠨᠵᠠᠭᠠᠨ ᠤ ᠲᠥᠯᠥᠭᠡ ᠲᠡᠭᠦᠨ ᠢ᠋ ᠪᠤᠷᠤᠭᠤᠳᠬᠠᠪᠠ ? ᠭᠡᠵᠦ ᠭᠡᠳᠡᠷᠭᠦ ᠪᠡᠨ ᠲᠡᠷᠡ ᠡᠷ᠎ᠡ ᠶ᠋ᠢ ᠦᠷᠦ ᠡᠪᠡᠳᠪᠡ᠃ ᠡᠨᠡ ᠪᠣᠰᠤᠭ᠎ᠠ ᠬᠠᠩᠭᠠᠢ ᠡᠷ᠎ᠡ ᠬᠥᠮᠥᠨ ᠤ ᠨᠢᠳᠦᠨ ᠡᠴᠡ ᠳᠤᠰᠤᠯᠠᠭᠰᠠᠨ ᠦᠨᠡᠲᠡᠢ ᠨᠢᠯᠪᠤᠰᠤ ᠲᠡᠭᠦᠨ ᠳ᠋ᠦ᠍ ᠶᠠᠭᠤ ᠨᠢᠭᠡ ᠶ᠋ᠢ ᠮᠡᠳᠡᠭᠦᠯᠦᠭᠰᠡᠨ ᠮᠡᠲᠦ ᠪᠠᠢᠯ᠎ᠠ᠃
       — ᠵᠠ ᠳᠡᠭᠦᠦ ᠮᠢᠨᠢ ᠦᠨᠢᠶᠡᠨ ᠦ ᠰᠦ ᠂ ᠡᠰᠡᠬᠦᠯ᠎ᠡ ᠁  ᠵᠤᠲᠠᠩ ᠴᠤ᠌ ᠶᠠᠭᠠᠬᠢᠬᠤ ᠪᠣᠢ᠃ ᠡᠨᠡ ᠥᠨᠥᠴᠢᠨ ᠢᠨᠵᠠᠭ᠎ᠠ ᠶᠢ ᠥᠰᠭᠡᠭᠡᠳ ᠁ ᠭᠡᠳ ᠰᠢᠷᠣᠢ ᠬᠠᠭ ᠨᠠᠭᠠᠯᠳᠤᠭᠰᠠᠨ ᠢᠨᠵᠠᠭᠠᠨ ᠤ ᠪᠦᠷᠵᠢᠭᠢᠷ ᠦᠰᠦ ᠵᠢ ᠠᠶᠠᠷᠬᠠᠨ ᠢᠯᠢᠬᠦ ᠳᠦ ᠴᠠᠭᠠᠨ ᠵᠣᠭᠣᠰᠤᠨ ᠤ ᠴᠢᠨᠡᠭᠡᠨ ᠲᠣᠮᠣ ᠨᠢᠯᠪᠤᠰᠤᠨ ᠳᠤᠰᠤᠯ ᠢᠨᠵᠠᠭᠠᠨ ᠤ ᠰᠢᠯᠢᠨ ᠬᠦᠵᠦᠭᠦᠨ ᠳᠡᠭᠡᠷ᠎ᠡ ᠫᠠᠳ ᠬᠢᠲᠡᠯ᠎ᠡ ᠤᠨᠠᠭᠰᠠᠨ ᠳᠤ ᠬᠥᠭᠡᠷᠦᠬᠦᠢ ᠢᠨᠵᠠᠭ᠎ᠠ ᠵᠡᠷᠯᠢᠭ ᠬᠦᠷᠦᠭᠡᠰᠦᠨ ᠦ ᠲᠥᠷᠥᠯᠬᠢ ᠵᠠᠩ ᠢᠶᠠᠷ ᠰᠣᠴᠢᠰᠬᠢᠵᠦ ᠠᠪᠤᠪᠠ᠃
       ᠁
       — ᠵᠠ᠂ ᠠᠬ᠎ᠠ ᠶ᠋ᠢᠨ ᠬᠢᠨᠢ ᠨᠡᠷ᠎ᠡ ᠮᠢᠩᠭᠠᠨᠪᠤᠤ ᠭᠡᠳᠡᠭ᠃ ᠪᠠᠷᠠᠭᠤᠨ ᠬᠦᠩ ᠦ᠋ᠨ ᠬᠠᠷᠠᠨᠤᠳ ᠰᠤᠮᠤᠨ ᠤ᠋ ᠲᠠᠢᠵᠢ ᠢᠵᠠᠭᠤᠷᠲᠤ ᠠᠢᠯ ᠤ᠋ᠨ ᠬᠦᠦ᠃  ᠭᠠᠮᠢᠩ ᠤᠨ ᠬᠠᠷ᠎ᠠ ᠴᠡᠷᠢᠭ ᠮᠠᠨ ᠤ ᠨᠤᠲᠤᠭ ᠢ᠋ ᠴᠥᠯᠪᠡᠵᠦ ᠡᠷ᠎ᠡ ᠬᠦᠢᠰᠦᠲᠡᠨ ᠪᠦᠬᠦᠨ ᠢ᠋ ᠬᠥᠭᠰᠢᠨ ᠵᠠᠯᠠᠭᠤ ᠦᠭᠡᠢ ᠴᠡᠷᠢᠭ ᠲᠦ᠍ ᠪᠠᠷᠢᠵᠤ ᠨᠤᠲᠤᠭ ᠲᠤ᠌ ᠮᠢᠨᠢ ᠭᠠᠢ ᠲᠠᠷᠢᠭᠰᠠᠨ᠃ ᠪᠢ ᠪᠢᠷ᠎ᠠ ᠴᠢᠳᠠᠯ ᠲᠠᠢ᠂ ᠮᠣᠷᠢ ᠤᠨᠤᠭᠠᠨ ᠳ᠋ᠤ᠌ ᠰᠠᠢᠨ ᠪᠤᠯᠬᠤᠷ ᠨᠠᠮᠠᠶ᠋ᠢ ᠴᠡᠷᠢᠭ ᠦ᠋ᠨ ᠦᠬᠡᠷ ᠲᠡᠮᠡᠭᠡ ᠬᠠᠷᠢᠭᠤᠯᠤᠭᠤᠯᠬᠤ ᠭᠡᠵᠦ ᠡᠨᠡ ᠭᠠᠵᠠᠷ ᠠᠯᠪᠠᠳᠠᠵᠤ ᠠᠪᠴᠢᠷᠠᠪᠠ᠃ 
       ᠭᠠᠮᠢᠩ ᠤᠨ ᠬᠠᠷ᠎ᠠ ᠴᠡᠷᠢᠭ ᠬᠣᠢᠰᠢ ᠪᠠᠨ ᠴᠥᠮᠥᠷᠡᠵᠦ ᠶᠡᠬᠡ ᠬᠦᠷᠢᠶ᠎ᠡ ᠣᠷᠣᠭᠠᠳ ᠮᠠᠭᠰᠤᠷᠵᠠᠪ ᠵᠠᠩᠵᠤᠨ ᠤ ᠮᠣᠩᠭᠣᠯ ᠴᠡᠷᠢᠭ ᠲᠦ ᠬᠢᠶᠠᠷ ᠴᠣᠬᠢᠭᠳᠠᠵᠤ ᠪᠤᠴᠠᠯᠭᠠᠨ  ᠳ᠋ᠡᠭᠠᠨ ᠮᠣᠩᠭᠣᠯᠴᠤᠳ ᠤ᠋ᠨ ᠠᠳᠤᠭᠤ ᠮᠠᠯ ᠢ᠋ ᠪᠠᠷᠤᠭ ᠬᠣᠭᠣᠰᠣᠷᠠᠲᠠᠯ᠎ᠠ ᠴᠥᠯᠪᠡᠭᠰᠡᠨ ᠳᠡ ᠁ 
       ᠡᠨᠡ ᠬᠥᠭᠡᠷᠦᠬᠦᠨ ᠠᠮᠢᠲᠠᠨ ᠢ᠋ ᠥᠨᠦᠴᠢᠷᠡᠭᠦᠯᠦᠭᠰᠡᠨ ᠨᠢ ᠮᠢᠨᠦ ᠤᠷᠰᠢᠭ ᠠ᠋ᠴᠠ ᠪᠣᠯᠤᠯ᠎ᠠ᠃ ᠪᠢ ᠭᠠᠮᠢᠩ ᠤ᠋ᠨ ᠴᠡᠷᠢᠭ ᠲᠦ᠍ ᠬᠥᠭᠡᠭᠡᠭᠳᠡᠭᠰᠡᠨ ᠠᠳᠤᠭᠤ ᠲᠡᠮᠡᠭᠡ ᠶ᠋ᠢ ᠬᠥᠭᠡᠷᠦᠬᠦᠢᠯᠡᠵᠦ᠂ ᠠᠳᠠ ᠬᠣᠨᠣᠭᠯᠠᠶ᠎ᠠ ᠭᠡᠰᠡᠨ ᠦᠭᠡᠢ ᠪᠣᠯ ᠶᠠᠭᠠᠬᠢᠯ᠎ᠠ ᠭᠡᠵᠦ ᠡᠨᠡ ᠢᠨᠵᠠᠭ᠎ᠠ ᠡᠬᠡ ᠡᠴᠡ ᠪᠡᠨ ᠥᠨᠥᠴᠢᠷᠡᠬᠦ ᠪᠢᠯᠡ ? 
       ᠥᠴᠥᠭᠡᠳᠦᠷ ᠨᠠᠷᠠ ᠰᠢᠩᠭᠡᠬᠦ ᠠᠯᠲᠠ ᠪᠠᠷ ᠭᠠᠮᠢᠩ ᠤ᠋ᠨ ᠱᠣᠭᠰᠢᠶ᠎ᠠ ᠪᠠᠷ ᠲᠠᠭᠤᠭᠰᠠᠨ ᠦᠬᠡᠷ ᠲᠡᠮᠡᠭᠡᠳ ᠡᠨᠡ ᠵᠡᠭᠦᠨᠲᠡᠢᠬᠡᠨ ᠳᠠᠷᠠᠰᠤᠲᠠᠢ ᠬᠣᠭᠣᠯᠠᠢ ᠳ᠋ᠤ᠌ ᠬᠦᠷᠴᠦ ᠢᠷᠡᠬᠦᠯᠡᠷ ᠥᠯᠥᠩᠬᠢᠲᠦᠭᠰᠡᠨ ᠦᠬᠡᠷ ᠲᠡᠮᠡᠭᠡᠳ ᠥᠯᠥᠩ ᠡᠪᠡᠰᠦ᠂ ᠳᠡᠷᠡᠰᠦᠨ ᠦ᠌ ᠨᠠᠮᠠᠭ᠎ᠠ᠂ ᠵᠠᠭ ᠰᠢᠪᠠᠭ ᠤ᠋ᠨ ᠮᠥᠴᠢᠷ ᠴᠢᠮᠬᠢᠯᠡᠵᠦ ᠶᠠᠪᠤ ᠶᠠᠳᠠᠬᠤ ᠪᠠᠷ ᠨᠢ 《ᠨᠠᠷᠠ ᠣᠷᠣᠢ ᠪᠣᠯᠴᠢᠬᠠᠯ᠎ᠠ᠂ ᠠᠳᠠ ᠬᠣᠨᠣᠭᠯᠠᠭᠠᠳ ᠮᠠᠷᠭᠠᠲᠤᠷ ᠡᠷᠲᠡ ᠶᠠᠪᠤᠵᠠᠭᠠᠶ᠎ᠠ! ᠬᠠᠪᠤᠷ ᠤ᠋ᠨ ᠮᠠᠯ ᠢ᠋ ᠡᠪᠡᠰᠦ ᠬᠠᠵᠠᠯᠠᠭᠤᠯᠬᠤ ᠦᠭᠡᠢ ᠢᠩᠭᠢᠵᠦ ᠰᠢᠷᠦᠭᠦᠨ ᠳᠠᠭᠤᠪᠠᠯ ᠵᠠᠮ᠎ ᠳ᠋ᠤ᠌ ᠲᠠᠷᠲᠠᠵᠤ ᠦᠬᠦᠨ᠎ᠡ ᠰᠢᠦ ! 》ᠭᠡᠰᠡᠨ ᠳ᠋ᠦ᠍ ᠬᠠᠮᠢᠶᠠᠷᠤᠭᠰᠠᠨ ᠴᠡᠷᠢᠭ ᠵᠥᠪᠰᠢᠶᠡᠷᠡᠵᠦ ᠲᠡᠷᠡ ᠳᠠᠷᠠᠰᠤᠲᠠᠢ ᠬᠣᠭᠣᠯᠠᠢ ᠳ᠋ᠤ᠌ ᠮᠠᠢᠬᠠᠨ ᠢ᠋ᠶ᠋ᠠᠨ ᠰᠢᠭᠠᠵᠤ ᠬᠣᠨᠣᠯ᠎ᠠ᠃ 
       ᠲᠠᠪᠢ ᠵᠢᠷᠠ ᠶ᠋ᠢᠨ ᠲᠣᠭᠠᠨ ᠤ᠋ ᠬᠠᠷ᠎ᠠ ᠰᠡᠭᠦᠯᠲᠦ ᠵᠡᠭᠡᠷ᠎ᠡ ᠨᠦ᠍ᠭᠦᠳ ᠤᠲᠤᠭ᠎ᠠ ᠦᠨᠦᠷᠲᠦᠵᠦ ᠭᠠᠮᠢᠩ ᠤ᠋ᠨ ᠭᠣᠵᠣᠩ ᠭᠣᠵᠣᠩ ᠬᠠᠷ᠎ᠠ ᠲᠣᠯᠣᠭᠠᠢᠲᠠᠨ ᠢ᠋ ᠰᠣᠨᠢᠷᠬᠠᠵᠤ《ᠡᠨᠡ ᠶᠠᠭᠤᠨ ᠤ᠋ ᠠᠴᠠ ᠬᠥᠯ ᠲᠡᠢ ᠠᠷᠵᠠᠭᠠᠷ ᠬᠠᠷ᠎ᠠ ᠲᠣᠯᠣᠭᠠᠢ ᠲᠠᠢ ᠠᠮᠢᠲᠠᠳ ᠪᠣᠯᠪᠠ ? 》 ᠭᠡᠰᠡᠨ ᠰᠢᠭ ᠬᠠᠶᠠᠭᠠᠨ ᠳ᠋ᠤ᠌ ᠣᠢᠷᠠᠲᠤᠨ ᠬᠠᠴᠢᠷᠬᠠᠵᠤ ᠬᠠᠷᠠᠭᠠᠳ ᠭᠡᠨᠡᠳᠲᠡ ᠬᠦᠷᠳ᠋ ᠬᠢᠨ ᠦᠷᠭᠦᠵᠦ ᠳᠤᠲᠠᠭᠠᠪᠠ᠃ ᠢᠩᠭᠢᠲᠡᠯ᠎ᠡ ᠨᠢᠭᠡ ᠭᠠᠮᠢᠩ ᠰᠣᠴᠢᠵᠤ《 ᠮᠣᠩᠭᠣᠯ ᠴᠡᠷᠢᠭ ᠁ ᠮᠣᠩᠭᠣᠯ ᠮᠣᠷᠢᠨ ᠴᠡᠷᠢᠭ ᠁ ᠫᠤᠤᠳᠠ ! 》 ᠭᠡᠵᠦ ᠦᠷᠭᠦᠵᠦ ᠠᠷᠢᠯᠤᠭᠰᠠᠨ ᠬᠠᠷ᠎ᠠ ᠰᠡᠭᠦᠯᠲᠦ ᠶ᠋ᠢᠨ ᠠᠷᠤ ᠠ᠋ᠴᠠ ᠰᠣᠯᠢᠶᠠᠲᠠᠢ ᠰᠢᠭ᠋ ᠤᠭᠰᠠᠷᠠᠭ᠎ᠠ ᠪᠠᠷ ᠫᠠᠴᠢᠭᠢᠨᠠᠭᠤᠯᠪᠠ᠃ ᠪᠢ ᠳᠣᠲᠣᠷ᠎ᠠ ᠪᠠᠨ 《ᠡᠴᠢᠭᠡ ᠶ᠋ᠢᠨ ᠴᠢᠨᠢ ᠮᠣᠩᠭᠣᠯ ᠴᠡᠷᠢᠭ! ᠬᠠᠪᠤᠷ ᠤᠨ ᠭᠠᠴᠢᠭ ᠴᠠᠭ ᠤᠨ ᠵᠡᠭᠡᠷ᠎ᠡ ᠶ᠋ᠢ ᠢᠩᠭᠢᠵᠦ  ᠫᠤᠤᠲᠠᠳᠠᠭ ᠦᠭᠡᠢ ᠶᠦᠮ᠃ ᠰᠢᠷᠠᠭᠴᠢᠨ ᠲᠥᠯᠯᠡᠵᠦ ᠪᠣᠢ ᠤᠯᠠᠷᠢᠯ ᠲᠤᠯᠠ ᠰᠣᠬᠣᠷ ᠰᠤᠮᠤᠨ ᠳ᠋ᠤᠨᠢ ᠬᠡᠭᠡᠯ ᠲᠡᠢ ᠰᠢᠷᠠᠭᠴᠢᠨ ᠨᠤᠭᠤᠳ ᠣᠨᠣᠭᠳᠠᠵᠤ ᠮᠡᠳᠡᠨ᠎ᠡ᠃ ᠡᠨᠡ ᠮᠠᠭᠤ ᠰᠠᠢᠨ ᠵᠠᠨᠠᠭ ᠤ᠋ᠳ ᠭᠡᠵᠦ ᠴᠣᠬᠣᠮ ᠨᠢᠭᠡ ᠨᠢᠭᠦᠯ ᠦ᠋ᠨ ᠲᠤᠯᠤᠮ ᠤ᠋ᠳ ᠶᠣᠮ᠎ ᠡ ! ᠮᠣᠩᠭᠣᠯ ᠴᠡᠷᠢᠭ ᠳᠡᠢᠯᠳᠡᠭᠡᠳ ᠬᠣᠷᠣᠰᠤᠯ ᠢ᠋ᠶ᠋ᠠᠨ ᠠᠳᠤᠭᠤ ᠮᠠᠯ ᠳ᠋ᠣᠨᠢ ᠴᠠᠬᠢᠵᠤ ᠲᠠᠢᠯᠬᠤ ᠳ᠋ᠠᠭᠠᠨ ᠪᠠᠰᠠ ᠬᠠᠨᠤᠰᠢ ᠦᠭᠡᠢ ᠭᠠᠷ ᠨᠢ ᠵᠠᠭᠠᠲᠤᠨᠠᠵᠤ ᠲᠠᠯ᠎ᠠ ᠶ᠋ᠢᠨ ᠨᠣᠮᠣᠬᠠᠨ ᠪᠤᠷᠤ ᠬᠦᠷᠦᠭᠡᠰᠦ ᠵᠢ ᠳᠠᠷᠴᠢᠯᠠᠭᠠᠳᠠᠭ ᠨᠢ ᠶᠠᠭᠤ ᠪᠤᠢ ?》ᠭᠡᠵᠦ ᠪᠢᠲᠡᠭᠦᠬᠡᠨ ᠵᠠᠨᠤᠵᠤ ᠪᠣᠳᠣᠬᠤ ᠳ᠋ᠠᠭᠠᠨ ᠰᠥᠨᠢ ᠨᠣᠢᠷ ᠬᠤᠯᠵᠢᠭᠠᠳ ᠤᠨᠲᠠᠵᠤ ᠴᠢᠳᠠᠭᠰᠠᠨ ᠦᠭᠡᠢ᠃ ᠥᠷᠯᠦᠭᠡ᠂ ᠦᠦᠷ ᠲᠡᠮᠳᠡᠭᠷᠡᠮᠡᠭᠴᠡ ᠪᠤᠰᠴᠤ ᠥᠴᠥᠭᠡᠳᠦᠷ ᠣᠷᠣᠢ ᠴᠠᠭᠠᠳᠤ ᠳᠠᠷᠠᠰᠤᠲᠠᠢ ᠪᠤᠯᠤᠩ ᠤᠷᠤᠭᠤ ᠦᠷᠭᠦᠵᠦ ᠲᠠᠭᠰᠢᠭᠰᠠᠨ ᠵᠡᠭᠡᠷ᠎ᠡ ᠶᠢᠨ ᠮᠥᠷ ᠢ᠋ᠶ᠋ᠡᠷ ᠣᠷᠣᠭᠠᠳ᠂ ᠬᠡᠭᠡᠯ ᠲᠠᠢ ᠰᠢᠷᠠᠭᠴᠢᠨ ᠨᠤᠭᠤᠳ ᠡᠴᠡ ᠰᠤᠬᠤᠷ ᠰᠤᠮᠤᠨ ᠳ᠋ᠤ᠌ ᠣᠨᠣᠭᠳᠠᠭ᠎ᠠ ᠦᠭᠡᠢ ᠯᠡ ᠪᠠᠢᠭᠠᠰᠠᠢ ᠭᠡᠵᠦ ᠳᠣᠲᠣᠷ᠎ᠠ ᠪᠠᠨ ᠳᠠᠭᠠᠳᠬᠠᠨ ᠶᠠᠪᠤᠲᠠᠯ᠎ᠠ ᠠᠳᠠ ᠲᠡᠨᠳᠡ ᠬᠡᠳᠦ ᠬᠡᠳ᠋ᠣᠨ ᠬᠠᠷ᠎ᠠ ᠰᠡᠭᠦᠯᠲᠦ ᠲᠡᠷᠡᠢᠵᠦ ᠬᠡᠪᠲᠠᠨ᠎ᠠ᠃ ᠲᠠᠷᠳᠠᠭᠰᠠᠨ ᠬᠥᠭᠰᠢᠨ ᠣᠭᠣᠨᠣ᠂ ᠮᠠᠭᠤ ᠳᠠᠭᠠᠬᠢ ᠲᠠᠢ ᠰᠢᠳᠦᠯᠡᠩ᠂ ᠵᠤᠰᠠᠭ ᠴᠠᠭᠠᠨ ᠰᠢᠷᠠᠭᠴᠢᠨ ᠁ ᠵᠡᠷᠭᠡ ᠬᠠᠪᠤᠷ ᠴᠠᠭ ᠰᠥᠷᠦᠭ ᠦᠨ ᠠᠷᠤ ᠡᠴᠡ ᠭᠣᠢᠭᠣᠷᠤᠭᠰᠠᠨ ᠮᠠᠭᠤ ᠰᠠᠢᠨ ᠨᠤᠭᠤᠳ ᠠ᠋ᠴᠠ ᠬᠡᠰᠡᠭ ᠨᠢ ᠰᠤᠮᠤᠨ ᠳ᠋ᠤ᠌ ᠣᠨᠣᠭᠳᠠᠵᠤ ᠦᠬᠦᠵᠡᠢ ᠁《 ᠪᠤᠷᠬᠠᠨ ᠥᠷᠥᠰᠢᠶᠡᠭ !ᠬᠡᠭᠡᠯ ᠲᠠᠢ ᠰᠢᠷᠠᠭᠴᠢᠨ ᠪᠠᠢᠬᠤ ᠦᠭᠡᠢ ᠶᠦᠮ ᠪᠠᠢᠨ᠎ᠠ ! ᠡᠨᠡ ᠭᠡᠳᠡᠰᠦ ᠪᠡᠨ ᠰᠤᠪᠤᠭᠤᠯᠵᠤ ᠦᠬᠦᠭᠰᠡᠨ ᠵᠤᠰᠠᠭ ᠴᠠᠭᠠᠨ ᠰᠢᠷᠠᠭᠴᠢᠨ ᠣᠷᠣᠢ ᠶ᠋ᠢᠨ ᠲᠥᠯ ᠲᠠᠢ ᠶᠤᠮ ᠪᠤᠯ ᠤᠤ?》ᠭᠡᠵᠤ ᠪᠣᠳᠣᠯ ᠪᠣᠯᠤᠨ ᠥᠨᠥᠬᠢ ᠬᠡᠳᠦᠨ ᠦᠬᠦᠭᠰᠡᠨ ᠵᠡᠭᠡᠷ᠎ᠡ ᠶ᠋ᠢ ᠨᠢᠳᠦᠨ ᠳᠠᠯᠳᠠ ᠬᠣᠩᠬᠣᠷ ᠭᠠᠵᠠᠷ ᠡᠪᠯᠡᠭᠦᠯᠦᠨ ᠲᠠᠯᠪᠢᠵᠤ ᠰᠡᠳᠬᠢᠯ᠎ ᠭᠤᠮᠤᠷᠬᠠᠬᠤ ᠶ᠋ᠢᠨ ᠡᠷᠬᠡᠨ ᠳ᠋ᠤ᠌ ᠬᠡᠲᠡ ᠴᠠᠬᠢᠨ ᠨᠢᠭᠡ ᠭᠠᠩᠰᠠ ᠲᠠᠮᠠᠬᠢ ᠨᠡᠷᠡᠵᠦ ᠪᠠᠭᠠᠭᠢᠭᠤᠯᠵᠤ ᠰᠠᠭᠤᠯ᠎ᠠ ᠁ ᠲᠡᠭᠡᠲᠡᠯ᠎ᠡ ᠭᠤᠴᠢᠭᠠᠳ ᠠᠯᠴᠠᠮ ᠵᠠᠢᠲᠠᠢ ᠨᠢᠭᠡ ᠳᠡᠷᠡᠰᠦᠨ ᠤ ᠴᠠᠭᠠᠭᠤᠷ ᠪᠦᠦᠷ ᠲᠦᠦᠷ ᠨᠢᠭᠡ ᠶᠠᠭᠤᠮ᠎ᠠ ᠬᠥᠳᠡᠯᠬᠦ ᠰᠢᠭ ᠪᠣᠯᠬᠤ  ᠳ᠋ᠤ᠌ 《 ᠠᠳᠠ ᠶᠠᠭᠤ ᠪᠠᠢᠭ᠎ᠠ ᠪᠣᠯ ? 》 ᠭᠡᠵᠦ ᠪᠣᠰᠤᠭᠠᠳ ᠬᠠᠷᠠᠪᠠᠯ ᠴᠠᠭᠠᠨ᠎ᠠ ᠠ᠋ᠴᠠ ᠤᠩᠭᠠᠰᠤ ᠨᠣᠣᠰᠣ ᠨᠢ ᠰᠢᠷᠢᠯᠳᠦᠭᠰᠡᠨ ᠨᠢᠭᠡ ᠦᠨᠡᠭᠡ ᠭᠣᠪᠴᠢ ᠭᠣᠪᠴᠢ ᠭᠡᠳ ᠭᠠᠵᠠᠷ ᠰᠢᠩᠰᠢᠯᠡᠨ ᠪᠤᠷᠤᠭᠤᠯᠠᠵᠤ ᠭᠦᠶᠦᠨ᠎ᠡ᠃ ᠲᠡᠭᠡᠭᠡᠳ ᠳᠡᠷᠡᠰᠦᠨ ᠤ᠋ ᠬᠠᠵᠠᠭᠤ ᠳ᠋ᠤ᠌ ᠬᠦᠷᠴᠦ ᠣᠴᠢᠪᠠᠯ ᠪᠤᠷᠬᠠᠨ ᠮᠢᠨᠢ ᠡ᠂ ᠪᠣᠣ ᠦᠵᠡᠭᠳᠡ᠂ ᠮᠢᠨᠦ ᠠᠯᠢ ᠦᠵᠡᠬᠦ ᠳᠤᠷ᠎ᠠ ᠦᠭᠡᠢ ᠲᠡᠷᠡ ᠭᠤᠨᠢᠭᠲᠤ ᠦᠵᠡᠭᠳᠡᠯ ᠨᠢᠳᠦᠨ ᠦ᠌ ᠡᠮᠦᠨ᠎ᠡ ᠳᠡᠯᠭᠡᠭᠳᠡᠯ᠎ᠡ᠃ ᠨᠢᠭᠡ ᠵᠢᠵᠢᠭᠬᠡᠨ ᠪᠦᠷᠵᠢᠭᠢᠷ ᠪᠠᠭᠠᠴᠠᠭᠠᠨᠠᠵᠤ ᠪᠣᠰᠣᠭᠠᠳ ᠬᠣᠶᠠᠷ ᠳᠠᠯᠤ ᠪᠠᠨ ᠴᠥᠮᠥ᠍ ᠫᠤᠤᠳᠠᠭᠤᠯᠤᠭᠰᠠᠨ ᠰᠢᠷᠠᠭᠴᠢᠨ ᠤ᠋ ᠴᠢᠰᠤ ᠨᠥᠵᠢ ᠲᠡᠢ ᠰᠣᠭᠣ ᠴᠠᠪᠢ ᠤᠷᠤᠭᠤ ᠨᠢ ᠨᠢᠯᠬ᠎ᠠ ᠬᠣᠰᠢᠭᠤ ᠪᠠᠷ ᠢᠶᠠᠨ ᠨᠢᠳᠤᠴᠢᠨ᠎ᠠ᠃ ᠰᠡᠭᠦᠳᠡᠰᠬᠢᠨ ᠬᠠᠪᠢᠳᠠᠭᠰᠠᠨ ᠬᠥᠮᠥᠨ ᠦ ᠠᠨᠢᠷ ᠢᠶᠠᠷ ᠲᠡᠷᠡ ᠢᠨᠵᠠᠭ᠎ᠠ ᠰᠣᠴᠢᠵᠤ ᠦᠷᠬᠦᠭᠡᠳ ᠰᠤᠯᠳᠠᠢᠨ ᠬᠡᠪᠲᠡᠭᠡ ᠡᠬᠡ ᠰᠢᠷᠠᠭᠴᠢᠨ ᠤ ᠦᠭᠦᠬᠡᠷ ᠲᠦ ᠪᠦᠳᠦᠷᠢᠵᠤ ᠣᠢᠴᠢᠪᠠ᠃ 
        ᠰᠢᠷᠠᠭᠴᠢᠨ ᠤ ᠪᠡᠶ᠎ᠡ ᠭᠥᠰᠢᠵᠦ ᠠᠮᠵᠢᠭᠠᠳᠤᠢ ᠵᠥᠭᠡᠯᠡᠨ ᠪᠦᠯᠢᠶᠡᠨ ᠪᠠᠢᠪᠠ᠃ ᠪᠣᠳᠣᠬᠤᠯ᠎ᠠ ᠰᠠᠶᠢᠬᠠᠨ ᠠᠮᠢ ᠲᠠᠯᠪᠢᠭᠰᠠᠨ ᠪᠣᠯᠣᠯᠲᠠᠢ᠃ ᠰᠥᠨᠢᠵᠢᠨ ᠰᠢᠷᠬᠠᠨ ᠳᠠᠭᠠᠨ ᠡᠨᠡᠯᠵᠤ᠂ ᠬᠡᠪᠡᠯᠢ ᠲᠣᠲᠣᠷᠡᠬᠢ ᠢᠨᠵᠠᠭ᠎ᠠ ᠪᠠᠨ ᠪᠦᠲᠡᠭᠦᠯᠵᠦ ᠦᠬᠦᠭᠦᠯᠬᠦ ᠡᠴᠡ ᠠᠮᠢ ᠲᠠᠢ ᠬᠣᠴᠣᠷᠭᠠᠶ᠎ᠠ ᠭᠡᠰᠡᠨ ᠰᠢᠭ ᠢᠨᠵᠠᠭ᠎ᠠ ᠪᠠᠨ ᠵᠠᠪᠳᠤᠵᠤ ᠲᠥᠷᠥᠬᠦᠯᠵᠢ ᠳ᠋ᠠ᠃ ᠰᠢᠷᠬᠠᠨ ᠳᠠᠭᠠᠨ ᠵᠣᠪᠠᠵᠤ ᠲᠦᠯᠢᠯᠭᠡᠨ ᠳ᠋ᠡᠭᠡᠨ ᠡᠪᠡᠷᠰᠢᠶᠡᠨ ᠭᠠᠵᠠᠷ ᠤᠨ ᠬᠥᠷᠥᠰᠥ᠍ ᠶᠢ ᠨᠦᠬᠡ ᠭᠠᠷᠲᠠᠯ᠎ᠠ ᠳᠡᠯᠴᠢᠯᠡᠭ᠍ᠰᠡᠨ ᠪᠠᠢᠨ᠎ᠠ᠃ ᠠᠷᠠᠢ ᠭᠡᠵᠦ ᠢᠨᠵᠠᠭᠠᠯᠠᠭᠰᠠᠨ ᠤᠯᠠᠭᠠᠨ ᠨᠢᠯᠬ᠎ᠠ ᠢᠨᠵᠠᠭ᠎ᠠ ᠪᠠᠨ ᠥᠯᠪᠡᠷᠴᠢᠭᠡᠬᠦ ᠪᠣᠢ ᠭᠡᠵᠦ ᠴᠢᠨᠦᠭᠰᠡᠨ ᠭᠦᠬᠦ ᠪᠡᠨ ᠬᠣᠰᠢᠭᠤᠨ ᠳ᠋ᠤᠨᠢ ᠬᠦᠷᠭᠡᠵᠦ ᠡᠮᠬᠦᠭᠦᠯᠬᠦ ᠭᠡᠵᠦ ᠪᠣᠰᠬᠤ ᠪᠠᠷ ᠠᠮᠢ ᠲᠡᠮᠡᠴᠡᠨ ᠤᠷᠤᠯᠳᠤᠭᠰᠠᠨ ᠪᠣᠯᠣᠯᠲᠠᠢ᠃
       《ᠪᠢ ᠡᠨᠡ ᠬᠠᠷᠠᠰᠠᠯᠲᠤ ᠬᠣᠷᠸ᠎ᠠ ᠶᠢ ᠬᠠᠶᠠᠵᠤ ᠲᠦᠪᠳᠡᠬᠦ ᠦᠭᠡᠢ ᠳ᠋ᠡᠭᠡᠨ ᠰᠢᠨᠠᠯᠤᠭᠰᠠᠨ ᠪᠢᠰᠢ! ᠡᠨᠡ ᠬᠥᠭᠡᠷᠦᠬᠦᠨ ᠦᠷ᠎ᠡ ᠮᠢᠨᠢ ᠡᠯᠢᠭᠡ ᠵᠢᠷᠦᠬᠡ ᠶᠢ ᠮᠢᠨᠢ ᠤᠷᠠᠵᠤ ᠨᠠᠮᠠᠶ᠋ᠢ ᠬᠡᠴᠡᠭᠦᠦ ᠵᠣᠪᠠᠭᠠᠨ᠎ᠠ ᠳ᠋ᠠ! ᠲᠠᠢᠪᠤᠩ ᠴᠠᠭᠠᠨ ᠪᠡᠯᠴᠢᠭᠡᠷ ᠲᠦ᠍ ᠮᠢᠨᠢ ᠬᠠᠮᠢᠭ᠎ᠠ ᠠᠴᠠ ᠢᠷᠡᠭᠰᠡᠨ ᠭᠠᠰᠢᠭᠤᠨ ᠤᠲᠤᠭ᠎ᠠ ᠲᠠᠢ ᠭᠠᠩᠳᠠᠭᠤᠨ ᠮᠠᠭᠤᠬᠠᠢ ᠳᠠᠭᠤ ᠶᠤᠮ ᠪᠣᠣ ᠮᠡᠳᠡ ! ᠥᠨᠥᠴᠢᠷᠡᠭᠰᠡᠨ ᠢᠨᠵᠠᠭ᠎ᠠ ᠮᠢᠨᠢ ᠡᠨᠡ ᠬᠣᠵᠢᠭᠤ ᠶᠢᠨ ᠭᠠᠰᠢᠭᠤᠨ ᠬᠣᠷᠸ᠎ᠠ ᠳᠤ ᠥᠯᠦᠰᠦᠭᠦᠵᠡᠢ ᠠ᠋᠂ ᠥᠯᠪᠡᠷᠦᠭᠦᠵᠡᠢ ᠠ᠋᠂ ᠲᠠᠭᠠᠷᠠᠭᠤᠵᠠᠢ ᠠ᠋ ᠂ ᠪᠡᠭᠡᠷᠡᠭᠦᠵᠡᠢ ᠠ᠋ ᠁ ᠭᠡᠳᠡᠭ ᠲᠦ᠍ ᠲᠦᠪᠳᠡᠳᠡᠭ ᠦᠭᠡᠢ ᠡᠬᠡ ᠶᠢᠨ ᠡᠮᠵᠡᠭ ᠬᠠᠢᠷ᠎ᠠ ᠪᠠᠨ ᠦᠷ᠎ᠡ ᠳ᠋ᠡᠭᠡᠨ ᠬᠣᠷᠣᠮᠬᠠᠨ ᠴᠤ᠌ ᠪᠣᠯᠣᠭ ᠬᠣᠴᠣᠷᠭᠠᠵᠤ ᠦᠯᠡᠳᠡᠭᠡᠶ᠎ᠡ ᠭᠡᠵᠦ ᠰᠢᠨᠠᠯᠤᠨ ᠬᠣᠷᠭᠣᠳᠠᠯ᠎ᠠ ᠁ 》ᠭᠡᠵᠦ ᠲᠡᠷᠡᠢᠨ ᠬᠡᠪᠲᠡᠭᠰᠡᠨ ᠰᠢᠷᠠᠭᠴᠢᠨ ᠨᠠᠮᠠᠶ᠋ᠢ ᠵᠠᠨᠤᠨ ᠰᠢᠭᠦᠮᠵᠢᠯᠡᠬᠦ ᠰᠢᠭ ᠰᠦᠨᠡᠰᠦ ᠨᠢ ᠪᠡᠶ᠎ᠡ ᠶ᠋ᠢ ᠣᠷᠢᠶᠠᠵᠤ ᠰᠢᠪᠡᠨᠡᠭᠡᠳ ᠪᠠᠢᠨ᠎ᠠ᠃ 
       ᠰᠢᠷᠠᠭᠴᠢᠨ ᠤ ᠴᠠᠪᠴᠢᠯ ᠦᠭᠡᠢ ᠪᠦᠯᠲᠡᠭᠡᠨᠡᠭᠰᠡᠨ ᠬᠠᠷ᠎ᠠ ᠨᠢᠳᠦᠨ ᠳᠤ ᠳᠠᠷᠢ ᠠᠮᠲᠠᠯᠠᠭᠳᠠᠭᠰᠠᠨ ᠭᠠᠰᠢᠭᠤᠨ ᠳᠠᠭᠤ ᠶᠢ ᠦᠬᠦᠨ ᠬᠣᠷᠣᠰᠤᠭᠰᠠᠨ ᠤ ᠴᠠᠭᠠᠨ᠎ᠠ ᠨᠢ ᠥᠨᠥᠴᠢᠨ ᠬᠣᠴᠣᠷᠤᠭᠰᠠᠨ ᠢᠨᠵᠠᠭ᠎ᠠ ᠪᠠᠨ ᠡᠨᠡᠷᠢᠭᠰᠡᠨ ᠤᠶᠠᠷᠠᠩᠭᠤᠢ ᠨᠢᠯᠪᠤᠰᠤ ᠴᠤᠪᠤᠭᠰᠠᠨ ᠪᠠᠢᠯ᠎ᠠ ᠁ 
       ᠥᠨᠥᠴᠢᠷᠡᠨ ᠲᠡᠯᠴᠢᠯᠡᠭᠰᠡᠨ ᠪᠡᠭᠡᠷᠡᠩᠬᠡᠢ ᠢᠨᠵᠠᠭ᠎ᠠ ᠶ᠋ᠢ ᠲᠡᠪᠡᠷᠢᠵᠤ ᠠᠪᠤᠭᠠᠳ ᠡᠪᠦᠷ ᠲᠡᠬᠢ ᠣᠯᠣᠭᠠᠢ ᠲᠠᠢ ᠰᠢᠷ᠎ᠠ ᠳᠤᠰᠤᠨ ᠤ ᠰᠢᠪᠬᠠᠷᠤᠤ ᠶᠢ ᠬᠤᠰᠤᠵᠤ ᠢᠨᠵᠠᠭᠠᠨ ᠤ ᠲᠠᠩᠨᠠᠢ ᠳᠤ ᠬᠦᠷᠲᠡᠭᠡᠵᠦ ᠰᠢᠮᠡᠭᠦᠯᠦᠭᠰᠡᠨ ᠳᠦ ᠬᠥᠬᠥᠭᠦᠯ ᠠᠮᠢᠲᠠᠨ ᠥᠴᠥᠬᠡᠨ ᠰᠢᠷ᠎ᠠ ᠳᠤᠰᠤᠨ ᠤ ᠰᠢᠮ᠎ᠡ ᠳ᠋ᠤ᠌ ᠳᠣᠣᠷ᠎ᠠ ᠪᠠᠨ ᠰᠠᠷᠪᠠᠢᠵᠤ ᠳᠠᠭᠵᠢᠨ ᠴᠡᠴᠡᠷᠡᠬᠦ ᠪᠡᠨ ᠪᠣᠯᠢᠪᠠ᠃ 
       ᠬᠤᠪᠢᠯᠴᠡᠴᠡᠭ ᠢ ᠬᠠᠷᠠᠪᠠᠯ ᠨᠢᠯᠪᠤᠰᠤ ᠨᠢ ᠬᠠᠮᠠᠷ ᠢ᠋ ᠨᠢ ᠬᠠᠪᠴᠢᠨ ᠤᠷᠤᠰᠴᠤ ᠲᠡᠷᠯᠢᠭ ᠦᠨ ᠬᠢᠨᠢ ᠡᠩᠭᠡᠷ᠂ ᠭᠤᠲᠤᠯ ᠤ᠋ᠨ ᠬᠣᠩᠰᠢᠶᠠᠷ ᠲᠤᠨᠢ ᠳᠤᠰᠤᠯᠠᠵᠤ ᠪᠠᠢᠪᠠ᠃
       — ᠪᠢ ᠡᠵᠢ ᠡᠴᠡ ᠪᠡᠨ ᠥᠨᠥᠴᠢᠨ ᠥᠰᠦᠭᠰᠡᠨ ᠬᠡᠦᠬᠡᠳ᠃ ᠡᠨᠡ ᠥᠨᠥᠴᠢᠷᠡᠭᠰᠡᠨ ᠢᠨᠵᠠᠭ᠎ᠠ ᠲᠠᠢ ᠠᠳᠠᠯᠢᠬᠠᠨ ᠯᠠ ᠬᠤᠪᠢ ᠲᠠᠪᠢᠯᠠᠩ ᠲᠠᠢ᠃ ᠡᠨᠡ ᠬᠤᠷᠸ᠎ᠠ ᠳ᠋ᠤ᠌ ᠡᠵᠢ ᠮᠢᠨᠢ ᠦᠷ᠎ᠠ ᠨᠠᠮᠠᠶ᠋ᠢ ᠪᠠᠨ ᠲᠥᠷᠥᠭᠦᠯᠬᠦ ᠭᠡᠵᠦ ᠴᠢᠰᠤ ᠶᠡᠬᠡ ᠠᠯᠳᠠᠭᠰᠠᠨ ᠠ᠋ᠴᠠ ᠲᠠᠯᠢᠢᠭᠴᠢ ᠪᠣᠯᠤᠯ᠎ᠠ ᠭᠡᠵᠦ ᠠᠪᠤ ᠮᠢᠨᠢ ᠨᠠᠳᠠ ᠶᠠᠷᠢᠭᠰᠠᠨ ᠢ᠋ ᠪᠢ ᠬᠡᠵᠢᠶᠡᠳᠡ ᠮᠠᠷᠲᠠᠳᠠᠭ ᠦᠭᠡᠢ ᠭᠡᠳ ᠢᠨᠵᠠᠭ᠎ᠠ ᠶ᠋ᠢ ᠡᠯᠢᠭᠡᠨ ᠳ᠋ᠡᠭᠡᠨ ᠴᠢᠩᠭ᠎ᠠ ᠲᠡᠪᠡᠷᠢᠨ ᠮᠢᠩᠭᠠᠨᠪᠤᠤ ᠶ᠋ᠢ ᠬᠠᠷᠠᠵᠤ᠄
       — ᠠᠬ᠎ᠠ ᠠ᠋᠂ ᠲᠠ ᠥᠨᠥᠴᠢᠨ ᠥᠷᠥᠭᠡᠰᠦᠨ ᠥᠴᠦᠬᠡᠨ ᠠᠮᠢᠲᠠᠨ ᠢ᠋ ᠡᠨᠡᠷᠢᠨ ᠬᠠᠢᠷᠠᠯᠠᠳᠠᠭ ᠰᠠᠢᠨ ᠬᠥᠮᠦᠨ ᠶᠦᠮ ᠪᠠᠢᠨ᠎ᠠ᠃ ᠲᠠ ᠰᠠᠨᠠᠭ᠎ᠠ ᠠᠮᠤᠷ ᠪᠠᠢ᠂ ᠪᠢ ᠡᠨᠡ ᠥᠨᠥᠴᠢᠨ ᠢᠨᠵᠠᠭ᠎ᠠ ᠶᠢ ᠮᠠᠯ ᠪᠣᠯᠭᠠᠵᠤ ᠡᠬᠡ ᠪᠠᠢᠭᠠᠯᠢ ᠳᠤ ᠪᠤᠴᠠᠭᠠᠶ᠎ᠠ ᠭᠡᠳ ᠨᠢᠯᠪᠤᠰᠤ ᠪᠠᠨ ᠵᠦᠯᠭᠦᠬᠦ ᠶᠢᠨ ᠳᠠᠭᠠᠤ ᠴᠠᠢ ᠪᠤᠴᠠᠯᠴᠢᠬᠠᠯ᠎ᠠ᠂ ᠭᠡᠷ ᠲᠦ ᠣᠷᠣᠶ᠎ᠠ! ᠭᠡᠳ ᠮᠢᠩᠭᠠᠨᠪᠤᠤ ᠶ᠋ᠢ ᠭᠡᠷ ᠲᠡᠭᠡᠨ ᠤᠷᠢᠵᠤ ᠣᠷᠣᠭᠤᠯᠤᠭᠠᠳ ᠴᠠᠢ ᠠᠶᠠᠭᠠᠯᠠᠵᠤ᠂ ᠢᠳᠡᠵᠦ ᠤᠤᠭᠤᠬᠤ ᠭᠡᠬᠦ ᠡᠴᠡ ᠵᠢᠭᠠᠯ ᠵᠢᠭᠤᠯ ᠨᠥᠭᠡᠴᠢᠯᠡᠵᠦ ᠲᠠᠯᠪᠢᠭᠰᠠᠨ ᠪᠠᠯᠪᠠᠳᠠᠭ ᠲᠠᠢ ᠠᠭᠠᠷᠤᠤᠯ᠂ ᠪᠤᠷᠴᠠ᠂ ᠵᠠᠷᠮ᠎ᠠ ᠰᠢᠤᠬᠠᠨ ᠶᠠᠭᠤᠮ᠎ᠠ ᠳᠡᠯᠪᠢᠵᠦ ᠥᠭᠪᠡ᠃ 
        ᠮᠢᠩᠭᠠᠨᠪᠤᠤ ᠬᠡᠦᠬᠡᠨ ᠦ᠌ ᠠᠶᠠᠭᠠᠯᠠᠭᠰᠠᠨ ᠴᠠᠢ ᠶ᠋ᠢ ᠠᠮᠰᠠᠵᠤ ᠠᠶᠠᠭ᠎ᠠ ᠪᠠᠨ ᠪᠠᠷᠢᠭᠰᠠᠨ ᠬᠡᠪ ᠢ᠋ᠶ᠋ᠡᠷ ᠢ᠋ᠶ᠋ᠡᠨ ᠲᠡᠭᠦᠨ ᠢ᠋ ᠮᠡᠯᠡᠷᠡᠨ ᠬᠠᠷᠠᠵᠤ《ᠠᠷᠢᠯᠭᠠᠭᠰᠠᠨ ᠰᠣᠩᠭᠢᠨ᠎ᠠ ᠰᠢᠭ᠋ ᠴᠡᠪᠡᠷᠬᠡᠨ ᠠᠷᠪᠠᠨ ᠬᠤᠷᠤᠭᠤ ᠲᠠᠢ᠂ ᠬᠠᠯᠢᠰᠤᠯᠠᠭᠰᠠᠨ ᠥᠨᠳᠡᠭᠡ ᠰᠢᠭ ᠬᠬᠢᠷ ᠦᠭᠡᠢ ᠭᠤᠸᠠᠯᠢᠭ ᠰᠠᠢᠬᠠᠨ ᠤᠯᠠᠭᠠᠨ ᠴᠠᠭᠠᠨ ᠨᠢ ᠢᠯᠭᠠᠷᠠᠭᠰᠠᠨ ᠶᠠᠮᠠᠷ ᠰᠠᠢᠬᠠᠨ ᠬᠡᠦᠬᠡᠨ ᠪᠣᠢ ?》 ᠭᠡᠵᠦ ᠳᠤᠳᠤᠷ᠎ᠠ ᠪᠠᠨ ᠪᠤᠳᠤᠲᠠᠯ᠎ᠠ᠂ ᠰᠤᠭᠤᠨ ᠠ᠋ᠴᠠ ᠨᠢ ᠶᠠᠭᠤ ᠨᠢᠭᠡ ᠶᠠᠭᠤᠮ᠎ᠠ ᠨᠢᠳᠤᠴᠢᠵᠤ ᠪᠠᠷᠢᠭᠰᠠᠨ ᠠᠶᠠᠭ᠎ᠠ ᠲᠠᠢ ᠬᠠᠯᠠᠭᠤᠨ ᠴᠠᠢ ᠶ᠋ᠢ ᠨᠢ ᠴᠠᠯᠭᠢᠭᠤᠯᠪᠠ᠃ ᠪᠣᠳᠣᠯ ᠤ᠋ᠨ ᠵᠢᠯᠣᠭᠣ ᠠᠯᠳᠠᠭᠰᠠᠨ ᠮᠢᠩᠭᠠᠨᠪᠤᠤ ᠰᠠᠨᠳᠤᠷᠴᠤ ᠬᠠᠵᠠᠭᠤ ᠲᠠᠢᠰᠢ ᠬᠠᠷᠠᠪᠠᠯ ᠬᠠᠷᠢᠨ ᠥᠨᠥ ᠢᠨᠵᠠᠭ᠎ᠠ ᠡᠬᠡ ᠶ᠋ᠢᠨ ᠢ᠋ᠶ᠋ᠡᠨ ᠬᠥᠬᠥ ᠶ᠋ᠢ ᠨᠢᠳᠤᠷᠴᠤ ᠪᠠᠢᠨ᠎ᠠ ᠭᠡᠵᠦ ᠮᠢᠩᠭᠠᠨᠪᠤᠤ ᠶ᠋ᠢᠨ ᠡᠪᠦᠳᠦᠭ ᠳᠡᠭᠡᠷ᠎ᠡ ᠨᠢ ᠭᠠᠷᠴᠤ ᠰᠤᠭᠤ ᠤᠷᠤᠭᠤ ᠨᠢ ᠨᠢᠳᠤᠴᠢᠵᠤ ᠪᠠᠢᠪᠠ᠃ 《ᠴᠠᠢ ᠪᠠᠨ ᠤᠤᠭᠤᠳᠠᠭ ᠢ᠋ᠶ᠋ᠠᠨ ᠤᠤᠭᠤᠬᠤ ᠦᠭᠡᠢ ᠶᠠᠭᠤᠨ ᠳ᠋ᠤ᠌ ᠠᠢᠯ ᠤᠨ ᠬᠡᠦᠬᠡᠨ ᠢ᠋ ᠱᠣᠬᠣᠭᠣᠷᠬᠠᠭᠠᠳ ᠪᠠᠢᠪᠠ? ᠲᠡᠭᠡᠭᠡᠳ ᠨᠠᠳᠠ ᠶᠠᠭᠤᠮ᠎ᠠ ᠢᠳᠡᠭᠦᠯᠬᠦ ᠦᠭᠡᠢ ᠤᠤ?》 ᠭᠡᠵᠦ ᠪᠠᠢᠭ᠎ᠠ ᠰᠢᠭ᠋ ᠬᠥᠭᠡᠷᠦᠬᠦᠨ ᠢᠨᠵᠠᠭ᠎ᠠ ᠶ᠋ᠢᠨ ᠢᠩᠭᠢᠵᠦ ᠳᠦᠷᠰᠦ ᠦᠭᠡᠢᠳᠡᠭᠰᠡᠨ ᠢ᠋ ᠮᠡᠳᠡᠭᠰᠡᠨ ᠦᠭᠡᠢ᠃ ᠮᠢᠩᠭᠠᠨᠪᠤᠤ ᠥᠨᠥᠴᠢᠨ ᠢᠨᠵᠠᠭ᠎ᠠ ᠶ᠋ᠢ ᠲᠡᠪᠡᠷᠢᠨ ᠬᠣᠰᠢᠭᠤ ᠶ᠋ᠢ ᠨᠢ ᠦᠨᠦᠰᠬᠦ ᠳ᠋ᠦ᠍ ᠮᠠᠭᠤ ᠢᠨᠵᠠᠭ᠎ᠠ ᠵᠢᠭᠠᠬᠠᠨ ᠬᠠᠷ᠎ᠠ ᠰᠡᠭᠦᠯ ᠢ᠋ᠶ᠋ᠡᠨ ᠭᠣᠳᠣᠰ ᠭᠣᠳᠣᠰ ᠬᠥᠳᠡᠯᠭᠡᠵᠦ ᠡᠬᠡ ᠳ᠋ᠡᠭᠡᠨ ᠡᠷᠬᠡᠯᠡᠬᠦ ᠰᠢᠭ ᠬᠥᠮᠦᠨ ᠦ᠌ ᠬᠠᠢᠷ᠎ᠠ ᠶ᠋ᠢ ᠲᠠᠲᠠᠨ᠎ᠠ᠃ 
       ᠴᠠᠢ ᠪᠤᠳᠠᠭ᠎ᠠ᠂ ᠠᠶᠠᠭ᠎ᠠ ᠰᠠᠪᠬ᠎ᠠ ᠡᠨᠡ ᠲᠡᠷᠡ ᠭᠡᠳ ᠶᠠᠭᠠᠷᠠᠭᠰᠠᠨ ᠬᠤᠪᠢᠯᠴᠡᠴᠡᠭ ᠡᠨᠡ ᠪᠦᠭᠦᠳᠡ ᠶ᠋ᠢ ᠨᠡᠪᠲᠡ ᠠᠵᠢᠭᠯᠠᠵᠤ᠂ ᠡᠨᠡ ᠪᠥᠬᠡ ᠭᠡᠮᠡᠷ ᠬᠦᠳᠡᠷ ᠲᠤᠮᠤ ᠪᠡᠶ᠎ᠡ ᠲᠡᠢ ᠪᠣᠯᠪᠠᠴᠤ ᠡᠬᠡ ᠶ᠋ᠢᠨ ᠨᠢᠩᠵᠢᠨ ᠴᠠᠭᠠᠨ ᠰᠡᠳᠬᠢᠯ ᠲᠡᠢ ᠦᠷᠦ ᠵᠥᠭᠡᠯᠡᠨ ᠪᠣᠷᠣ ᠵᠠᠯᠠᠭᠤ ᠶ᠋ᠢ ᠳᠣᠲᠣᠷ᠎ᠠ ᠠ᠋ᠴᠠ ᠪᠠᠨ ᠲᠣᠭᠣᠵᠤ 《ᠴᠠᠭᠠᠨ᠎ᠠ ᠪᠠᠨ ᠬᠥᠮᠦᠨ ᠲᠡᠢ ᠶᠣᠮ᠎ᠠ ᠪᠢᠯᠡ ᠤᠤ ? ᠭᠡᠵᠦ ᠡᠯᠳᠡᠪ ᠢ᠋ ᠵᠤᠢᠵᠤ ᠪᠤᠳᠤᠭᠰᠠᠨ ᠳ᠋ᠠᠭᠠᠨ ᠢᠴᠢᠩᠭᠦᠷᠡᠨ ᠴᠢᠷᠠᠢ ᠨᠢ ᠬᠦᠵᠦᠭᠦᠨ ᠳ᠋ᠡᠭᠡᠨ ᠲᠤᠯᠲᠠᠯ᠎ᠠ ᠤᠯᠠᠢᠭᠰᠠᠨ ᠢ᠋ ᠨᠢᠯ ᠨᠢᠯ ᠨᠢᠯᠴᠢᠭᠢᠨᠡᠭᠰᠡᠨ ᠡᠴᠡ ᠨᠢ ᠮᠡᠳᠡᠵᠦ ᠡᠪᠡᠷ ᠤᠭᠵᠢᠨ ᠳ᠋ᠤ᠌ ᠰᠦ ᠪᠦᠯᠢᠶᠡᠰᠬᠡᠨ ᠬᠢᠵᠦ ᠮᠢᠩᠭᠠᠨᠪᠤᠤ ᠶ᠋ᠢᠨ ᠡᠪᠦᠷ ᠳᠡᠭᠡᠷ᠎ᠡ ᠡᠴᠡ ᠥᠨᠥᠴᠢᠨ ᠢᠨᠵᠠᠭ᠎ᠠ ᠶ᠋ᠢ ᠲᠣᠰᠴᠤ ᠠᠪᠤᠨ ᠤᠭᠵᠢᠪᠠ᠃ ᠥᠯᠥᠩᠭᠢᠳᠴᠦ ᠬᠣᠪᠳᠣᠭᠯᠠᠭᠰᠠᠨ ᠢᠨᠵᠠᠭ᠎ᠠ ᠱᠣᠪ ᠱᠣᠪ ᠮᠥᠮᠥᠨ᠎ᠡ᠃ 
       ᠬᠤᠪᠢᠯᠴᠡᠴᠡᠭ ᠢᠨᠵᠠᠭ᠎ᠠ ᠤᠭᠵᠢᠬᠤ ᠳ᠋ᠠᠭᠠᠨ ᠳᠣᠲᠣᠷ᠎ᠠ ᠪᠠᠨ ᠠᠢᠯ ᠭᠡᠷ ᠠᠮᠢᠳᠤᠷᠠᠯ ᠤ᠋ᠨ ᠢ᠋ᠶ᠋ᠠᠨ ᠬᠦᠰᠡᠯ ᠵᠢᠷᠤᠭ ᠢ᠋ ᠵᠦᠢᠴᠢᠯᠡᠨ ᠪᠣᠳᠣᠵᠤ᠂ ᠥᠪᠡᠷ ᠢ᠋ ᠪᠡᠨ ᠡᠨᠡ ᠠᠢᠯ ᠤᠨ ᠰᠢᠨ᠎ᠡ ᠪᠡᠷᠢ ᠪᠣᠯᠭᠠᠵᠤ ᠢᠰᠢᠭᠡ ᠬᠤᠷᠠᠭ᠎ᠠ ᠤᠭᠵᠢᠵᠤ ᠲᠡᠵᠢᠭᠡᠨ᠂ ᠴᠠᠢ ᠤᠰᠤ ᠪᠤᠴᠠᠯᠭᠠᠨ᠂ ᠦᠨᠢᠶ᠎ᠡ ᠲᠤᠭᠤᠯ ᠨᠡᠢᠯᠡᠭᠦᠯᠵᠦ ᠪᠦᠯᠢᠳᠡᠬᠦ ᠳ᠋ᠡᠭᠡᠨ ᠮᠢᠩᠭᠠᠨᠪᠤᠤ ᠶ᠋ᠢ ᠬᠠᠷ᠎ᠠ ᠬᠥᠮᠦᠨ ᠢ᠋ᠶ᠋ᠡᠷ ᠵᠦᠢᠴᠢᠯᠡᠨ ᠬᠣᠢᠮᠣᠷ ᠰᠠᠭᠤᠯᠭᠠᠨ ᠳᠡᠭᠡᠳᠦᠯᠡᠨ ᠬᠦᠨᠳᠦᠳᠬᠡᠨ᠎ᠡ ᠁ 
       ᠦᠨᠡᠬᠡᠷ ᠢᠩᠭᠢᠵᠦ ᠶᠠᠭᠠᠷᠠᠵᠤ ᠰᠠᠭᠠᠷᠠᠬᠤ ᠠᠵᠢᠯ ᠬᠢᠳᠡᠯ ᠲᠡᠢ᠂ ᠰᠠᠨᠠᠵᠤ ᠰᠠᠷᠨᠠᠢᠬᠤ ᠬᠠᠷ᠎ᠠ ᠬᠥᠮᠦᠨ ᠲᠡᠢ᠂ ᠥᠭᠡᠳᠡ ᠨᠢ ᠲᠠᠲᠠᠬᠤ ᠠᠵᠤ ᠠᠮᠢᠳᠤᠷᠠᠯ ᠲᠠᠢ ᠰᠠᠨ ᠪᠣᠯ ᠶᠠᠭᠤᠲᠠᠢ ᠰᠠᠢᠬᠠᠨ ᠪᠢᠯᠡ ᠭᠡᠵᠦ ᠪᠣᠳᠣᠬᠤ ᠳ᠋ᠤ᠌ ᠲᠡᠭᠦᠨ ᠦ᠌ ᠤᠯᠠᠭᠠᠨ ᠶᠠᠭᠠᠨ ᠴᠢᠷᠠᠢ ᠳ᠋ᠤ᠌ ᠵᠢᠷᠭᠠᠯ ᠦᠨ ᠨᠠᠷᠠ ᠰᠢᠩᠭᠡᠰᠢ ᠦᠭᠡᠢ ᠰᠠᠴᠤᠷᠠᠨ ᠬᠡᠷᠡᠯᠳᠦᠬᠦ ᠮᠡᠲᠦ ᠠᠵᠢ᠃ 
       ᠭᠡᠳᠡᠰᠦ ᠨᠢ ᠴᠠᠳᠤᠭᠰᠠᠨ ᠢᠨᠵᠠᠭ᠎ᠠ ᠭᠡᠷ ᠳᠣᠲᠣᠷᠠᠬᠢ ᠶᠠᠭᠤᠮ᠎ᠠ ᠪᠣᠯᠭᠠᠨ ᠢ᠋ ᠰᠣᠨᠢᠷᠬᠠᠨ ᠦᠨᠦᠷᠯᠡᠵᠦ ᠨᠢᠳᠤᠷᠴᠤ ᠮᠥᠷᠭᠥᠨ᠎ᠡ᠃  ᠲᠣᠭᠯᠠᠰᠬᠢᠨ ᠶᠠᠪᠤᠵᠤ ᠲᠤᠯᠭ᠎ᠠ ᠶ᠋ᠢᠨ ᠬᠥᠯ ᠳ᠋ᠦ᠍ ᠣᠢᠷᠠᠳᠬᠤ ᠳᠤ ᠬᠤᠪᠢᠯᠴᠡᠴᠡᠭ ᠢᠨᠵᠠᠭ᠎ᠠ ᠶᠢ ᠰᠠᠨᠳᠤᠷᠤᠨ ᠲᠡᠪᠡᠷᠢᠵᠤ᠄
       — ᠨᠢᠯᠬ᠎ᠠ ᠬᠤᠩᠰᠢᠶᠠᠷ ᠢᠶᠠᠨ ᠭᠠᠯ ᠳᠤ ᠬᠠᠭᠠᠷᠢᠭᠤᠯᠬᠤ ᠨᠢ ᠤᠤ? ᠭᠡᠳ ᠮᠠᠭᠤ ᠢᠨᠵᠠᠭ᠎ᠠ ᠢ ᠠᠷᠤᠭ ᠳᠣᠣᠷ᠎ᠠ ᠬᠣᠷᠢᠭᠰᠠᠨ ᠳᠤ ᠭᠡᠳᠡᠰᠦ ᠴᠠᠳᠬᠤᠯᠠᠩ ᠤᠨ ᠡᠷᠬᠡᠨ ᠳᠦ ᠤᠳᠠᠯ ᠦᠭᠡᠢ ᠮᠠᠩᠰᠢᠭᠤᠷᠠᠨ ᠤᠨᠲᠠᠪᠠ᠃
       ᠮᠣᠷᠢ ᠢᠵᠢᠯᠢᠰᠢᠨ ᠦᠦᠷᠰᠡᠵᠦ᠂ ᠬᠠᠵᠠᠭᠠᠷ ᠨᠣᠭᠲᠣ ᠬᠠᠩᠭᠢᠨᠠᠬᠤ ᠴᠢᠮᠡᠭᠡ ᠪᠡᠷ ᠨᠣᠬᠠᠢ ᠬᠥᠪ ᠬᠥᠪ ᠭᠡᠵᠦ ᠬᠡᠳᠦᠬᠡᠨ ᠬᠤᠴᠠᠭᠠᠳ ᠳᠣᠣᠷᠠᠬᠠᠨ ᠢᠶᠠᠨ ᠨᠠᠮᠵᠢᠪᠠ᠃
       — ᠬᠥᠮᠦᠨ ᠢᠷᠡᠪᠡ ᠪᠣᠯᠤᠯᠲᠠᠢ᠂ ᠡᠦᠲᠦ ᠪᠢ ᠶᠠᠪᠤᠶ᠎ᠠ! ᠭᠠᠮᠢᠩ ᠤ᠋ᠨ ᠮᠠᠭᠤ ᠰᠠᠢᠨ ᠭᠠᠷᠯᠢᠭ ᠤ᠋ᠳ ᠮᠢᠨᠦ ᠬᠣᠢᠨ᠎ᠠ ᠠ᠋ᠴᠠ ᠁ ᠭᠡᠵᠦ ᠮᠢᠩᠭᠠᠨᠪᠤᠤ ᠶᠢᠨ ᠬᠡᠯᠡᠬᠦ ᠶᠢ ᠬᠤᠪᠢᠯᠴᠡᠴᠡᠭ ᠳᠠᠰᠤᠯᠵᠤ᠄
       — ᠠᠪᠤ ᠠᠳᠤᠭᠤᠨ ᠠᠴᠠ ᠬᠠᠷᠢᠵᠤ ᠢᠷᠡᠭᠰᠡᠨ ᠪᠠᠢᠯᠭᠦᠢ᠂ ᠥᠨᠥᠳᠥᠷ ᠶᠠᠭᠠᠬᠢᠭᠠᠳ ᠢᠩᠬᠢᠵᠦ ᠣᠷᠣᠢᠲᠠᠵᠤ ᠢᠷᠡᠭᠰᠡᠨ ᠶᠤᠮ ᠪᠣᠯ ᠳ᠋ᠠ ᠭᠡᠳ ᠬᠤᠪᠢᠯᠴᠡᠴᠡᠭ ᠡᠭᠦᠳᠡ ᠰᠡᠬᠦᠨ ᠭᠠᠷᠪᠠᠯ ᠮᠢᠩᠭᠠᠨᠪᠤᠤ ᠲᠡᠭᠦᠨ ᠦ᠌ ᠠᠷᠤ ᠠ᠋ᠴᠠ ᠳᠠᠭᠠᠯᠳᠤᠵᠤ ᠭᠠᠷᠪᠠ᠃ 
       ᠢᠮᠠᠭᠠᠨ ᠪᠤᠭᠤᠷᠤᠯ ᠡᠷᠡᠦ ᠰᠠᠬᠠᠯ ᠲᠠᠢ᠂ ᠨᠠᠰᠤᠨ ᠤ᠋ ᠡᠷᠬᠡᠨ ᠳ᠋ᠦ᠍ ᠨᠢᠷᠤᠭᠤ ᠪᠠᠷ ᠢ᠋ᠶ᠋ᠠᠨ ᠶᠠᠯᠢᠮ ᠦᠭᠡᠢ ᠪᠥᠭᠲᠥᠢᠭᠰᠡᠨ ᠬᠠᠷ᠎ᠠ ᠡᠪᠦᠭᠡᠨ ᠭᠠᠷ ᠲᠠᠭᠠᠨ ᠬᠠᠵᠠᠭᠠᠷ ᠳᠡᠭᠦᠵᠢᠯᠡᠵᠦ ᠭᠡᠷ ᠵᠦᠭ ᠢ᠋ᠶ᠋ᠡᠨ ᠮᠣᠢᠩᠭᠤ ᠲᠤᠢᠩᠭᠤ ᠠᠯᠬᠤᠵᠤ ᠢᠷᠡᠨ᠎ᠡ᠃ 
       ᠬᠤᠪᠢᠯᠴᠡᠴᠡᠭ ᠤᠨ ᠠᠪᠤ ᠪᠣᠯᠬᠤ ᠡᠨᠡ ᠡᠪᠦᠭᠡᠨ ᠦ᠌ ᠨᠡᠷ᠎ᠡ ᠰᠣᠳᠨᠠᠮ᠂ ᠤᠯᠠᠮᠪᠠᠶᠠᠷ ᠲᠠᠢᠵᠢ ᠶ᠋ᠢᠨ ᠠᠳᠤᠭᠤᠴᠢᠨ ᠠᠵᠢ᠃
       — ᠠᠪᠤ ᠶᠠᠭᠠᠬᠢᠭᠠᠳ ᠥᠨᠥᠳᠥᠷ?
       — ᠶᠠᠭᠠᠬᠢᠬᠤ ᠪᠣᠢ ᠳᠠ! ᠡᠨᠡ ᠵᠡᠭᠦᠨᠲᠡᠢ ᠳᠠᠷᠠᠰᠤᠲᠠᠢ ᠬᠣᠭᠣᠯᠠᠢ ᠳ᠋ᠤ᠌ ᠭᠠᠮᠢᠩ ᠤ᠋ᠨ ᠴᠡᠷᠢᠭ ᠤ᠋ᠳ ᠴᠤᠪᠤᠯᠳᠤᠵᠤ ᠪᠣᠢ᠃ ᠴᠥᠭᠡᠪᠲᠦᠷ ᠦᠬᠡᠷ ᠠᠳᠤᠭᠤ ᠵᠤᠵᠠᠭᠠᠨ ᠲᠡᠮᠡᠭᠡᠳ ᠬᠥᠭᠡᠭᠡᠭᠡᠳ ᠬᠤᠰᠤ ᠶ᠋ᠢᠨ ᠭᠣᠣᠯ ᠤᠷᠤᠭᠤᠳᠠᠵᠤ ᠶᠠᠪᠤᠨ᠎ᠠ᠃ ᠮᠠᠭᠤ ᠰᠠᠢᠨ ᠭᠠᠷᠯᠢᠭ ᠤ᠋ᠳ ᠤᠯᠠᠮᠪᠠᠶᠠᠷ ᠲᠠᠢᠵᠢ ᠶ᠋ᠢᠨ ᠠᠳᠤᠭᠤᠨ ᠠ᠋ᠴᠠ ᠰᠠᠯᠭᠠᠭᠠᠳ ᠬᠥᠭᠡᠭᠡᠴᠢᠭᠡᠬᠦ ᠪᠣᠢ ᠭᠡᠵᠦ ᠵᠢᠭᠠᠬᠠᠨ ᠵᠠᠢᠰᠬᠠᠨ ᠠᠳᠤᠭᠤ ᠬᠠᠰᠢᠵᠤ ᠪᠡᠳᠡᠷᠢᠯ᠎ᠡ ᠁ ᠭᠡᠳ ᠡᠭᠦᠳᠡᠨ ᠳᠡᠭᠡᠷ᠎ᠡ ᠵᠣᠭᠰᠣᠭ᠎ᠠ ᠦᠯᠦ ᠲᠠᠨᠢᠬᠤ ᠵᠠᠯᠠᠭᠤ ᠡᠷ᠎ᠡ ᠶᠢ ᠰᠢᠷᠪᠢᠭᠰᠡᠨ ᠳᠦ ᠮᠢᠩᠭᠠᠨᠪᠤᠤ᠄
       — ᠠᠪᠤ ᠲᠠ ᠰᠠᠢᠨ ᠤᠤ ᠭᠡᠵᠦ ᠮᠡᠨᠳᠦᠯᠡᠪᠡ᠃ 
       — ᠰᠠᠢᠨ ᠰᠠᠢᠨ! ᠴᠢ ᠰᠠᠢᠨ ᠤᠤ? ᠭᠡᠳ ᠥᠬᠢᠨ ᠢᠶᠡᠨ ᠬᠠᠷᠠᠵᠤ 《ᠶᠠᠭᠤᠨ ᠤ ᠬᠥᠮᠦᠨ ᠪᠤᠢ ?》ᠭᠡᠵᠦ ᠨᠢᠳᠦ ᠪᠡᠷ ᠢᠶᠠᠨ ᠠᠰᠠᠭᠤᠩᠭᠠᠨ ᠭᠡᠷ ᠲᠦ ᠣᠷᠣᠪᠠ᠃
       ᠬᠤᠪᠢᠯᠴᠡᠴᠡᠭ ᠠᠪᠤ ᠳ᠋ᠠᠭᠠᠨ ᠬᠠᠯᠠᠭᠤᠨ ᠴᠠᠢ ᠠᠶᠠᠭᠠᠯᠠᠬᠤ ᠵᠠᠭᠤᠷ᠎ᠠ᠄
       — ᠡᠨᠡ ᠠᠬ᠎ᠠ ᠶ᠋ᠢᠨ ᠨᠡᠷ᠎ᠡ ᠮᠢᠩᠭᠠᠨᠪᠤᠤ᠃ ᠠᠪᠤ ᠠ᠋᠂ ᠰᠠᠢᠨ ᠰᠠᠨᠠᠭ᠎ᠠ ᠲᠠᠢ ᠬᠥᠮᠦᠨ ᠶᠦᠮ ᠠ᠋ ! ᠁ ᠲᠠ ᠬᠠᠷᠠᠭᠠᠴᠢ! ᠭᠡᠳ ᠠᠷᠤᠭ ᠤ᠋ᠨ ᠳᠣᠣᠷᠠᠬᠢ ᠢᠨᠵᠠᠭ᠎ᠠ ᠶ᠋ᠢ ᠵᠢᠭᠠᠭᠠᠳ《ᠡᠨᠡ ᠥᠨᠥᠴᠢᠨ ᠢᠨᠵᠠᠭ᠎ᠠ ᠶ᠋ᠢ ᠡᠨᠡ ᠠᠬ᠎ᠠ ᠲᠡᠪᠡᠷᠢᠵᠦ ᠢᠷᠡᠭᠰᠡᠨ ! 》 ᠭᠡᠵᠦ ᠡᠴᠢᠭᠡ ᠳ᠋ᠡᠭᠡᠨ ᠨᠢᠯᠬ᠎ᠠ ᠬᠡᠦᠬᠡᠳ ᠰᠢᠭ ᠥᠨᠥᠴᠢᠨ ᠢᠨᠵᠠᠭ᠎ᠠ ᠶ᠋ᠢ ᠡᠪᠦᠭᠡᠨ ᠠᠪᠤ ᠶ᠋ᠢᠨ ᠢ᠋ᠶ᠋ᠡᠨ ᠬᠣᠰᠢᠭᠤ ᠳ᠋ᠤ᠌ ᠬᠦᠷᠭᠡᠪᠡᠯ ᠡᠪᠦᠭᠡᠨ ᠥᠨᠥᠴᠢᠨ ᠢᠨᠵᠠᠭ᠎ᠠ ᠶ᠋ᠢ ᠥᠬᠥᠭᠡᠷᠳᠡᠨ ᠦᠨᠦᠰᠴᠦ 《ᠤ ᠂ ᠬᠥᠭᠡᠷᠦᠬᠦᠢ ! ᠬᠥᠭᠡᠷᠦᠬᠦᠢ》ᠭᠡᠪᠡ᠃ 
       — ᠡᠬᠡ ᠶ᠋ᠢ ᠨᠢ ᠭᠠᠮᠢᠩ ᠤ᠋ᠨ ᠴᠡᠷᠢᠭ ᠰᠢᠷᠠᠭᠳᠤᠭᠤᠯᠵᠤ ᠦᠬᠦᠭᠦᠯᠦᠭᠰᠡᠨ ᠭᠡᠨ᠎ᠡ! ᠶᠠᠮᠠᠷ ᠨᠢᠭᠦᠯ ᠦ᠋ᠨ ᠬᠥᠮᠦᠰ ᠪᠣᠢ ? 
       — ᠪᠢ ᠬᠠᠷᠠᠭᠰᠠᠨ ᠬᠠᠷᠠᠭᠰᠠᠨ ! ᠳᠠᠷᠠᠰᠤᠲᠠᠢ ᠶ᠋ᠢᠨ ᠬᠣᠭᠣᠯᠠᠢ ᠶ᠋ᠢᠨ ᠵᠡᠭᠦᠨ ᠬᠣᠲᠣᠭᠣᠷ ᠲᠤ᠌ ᠬᠡᠳᠦ ᠬᠡᠳᠦᠨ ᠵᠡᠭᠡᠷ᠎ᠡ ᠶ᠋ᠢᠨ ᠵᠣᠪᠠᠯᠭ᠎ᠠ ᠶ᠋ᠢ ᠳᠡᠭᠡᠷ᠎ᠡ ᠳᠡᠭᠡᠷ᠎ᠡ ᠡᠴᠡ ᠨᠢ ᠣᠪᠣᠭᠠᠯᠠᠵᠤ ᠬᠠᠶᠠᠭᠰᠠᠨ ᠪᠠᠢᠨ᠎ᠠ᠃ ᠴᠠᠭᠠᠨ᠎ᠠ ᠨᠢ ᠪᠠᠰᠠ ᠨᠢᠭᠡ ᠰᠢᠷᠠᠭᠴᠢᠨ ᠳᠠᠯᠤ ᠪᠠᠷ ᠢ᠋ᠶ᠋ᠠᠨ ᠴᠥᠮᠥ ᠫᠤᠤᠳᠠᠭᠤᠯᠵᠤ ᠵᠣᠪᠠᠭᠤᠷᠢᠲᠠᠢ ᠦᠬᠦᠭᠰᠡᠨ ᠨᠢ ᠡᠨᠡ ᠥᠨᠥᠴᠢᠨ ᠢᠨᠵᠠᠭ᠎ᠠ ᠶ᠋ᠢᠨ ᠡᠬᠡ ᠨᠢ ᠪᠠᠢᠵᠢ ᠳᠠ! ᠬᠠᠪᠤᠷ ᠤ᠋ᠨ ᠲᠠᠷᠴᠢᠭ ᠴᠠᠭ ᠲᠤ᠌ ᠬᠡᠭᠡᠯ ᠲᠡᠢ ᠭᠥᠷᠥᠭᠡᠰᠦ ᠶ᠋ᠢ ᠠᠩᠨᠠᠬᠤ ᠴᠡᠭᠡᠷ ᠢ᠋ ᠴᠤ᠌ ᠮᠡᠳᠡᠳᠡᠭ ᠦᠭᠡᠢ ᠮᠠᠭᠤ ᠰᠠᠢᠨ ᠭᠠᠷᠯᠢᠭ ᠤ᠋ᠳ ᠢ᠋ ᠬᠦ! ᠭᠡᠵᠦ ᠬᠠᠷᠢᠶᠠᠯ ᠲᠠᠯᠪᠢᠨ ᠬᠠᠰ ᠰᠢᠯᠪᠢ ᠲᠡᠢ ᠭᠠᠩᠰᠠ ᠪᠠᠨ ᠭᠠᠷᠭᠠᠵᠤ ᠲᠠᠮᠠᠬᠢ ᠲᠠᠲᠠᠪᠠ᠃ 
       — ᠵᠠ᠂ ᠪᠢ ᠡᠦᠲᠦ ᠶᠠᠪᠤᠶ᠎ᠠ ᠳᠠ ᠭᠡᠵᠦ ᠮᠢᠩᠭᠠᠨᠪᠤᠤ ᠥᠨᠳᠡᠢᠭᠰᠡᠨ ᠳ᠋ᠦ᠍ ᠡᠪᠦᠭᠡᠨ᠄
       — ᠵᠠ᠂ ᠴᠢ ᠲᠡᠭᠡᠭᠡᠳ ᠨᠤᠲᠣᠭ ᠤᠰᠤ ᠬᠠᠮᠢᠭᠠᠭᠤᠷ? ᠬᠡᠨ ᠦ᠌ ᠬᠦᠦ ᠪᠢᠯᠡ ᠳᠠ? ᠶᠡᠬᠡᠴᠦᠦᠯ ᠢ᠋ ᠲᠠᠨᠢ ᠪᠢ ᠲᠠᠨᠢᠳᠠᠭ ᠴᠤ᠌ ᠪᠢᠯᠡ ᠤᠤ? ᠭᠡᠵᠦ ᠠᠰᠠᠭᠤᠪᠠ᠃ 
       — ᠪᠠᠷᠠᠭᠤᠨ ᠬᠦᠩ ᠦ᠋ᠨ ᠬᠠᠷᠠᠨᠤᠳ ᠮᠢᠩᠭᠠᠨᠪᠤᠤ᠂ ᠮᠤᠨᠠ ᠶ᠋ᠢᠨ ᠵᠡᠭᠦᠨ ᠥᠪᠥᠷ ᠦ᠋ᠨ ᠬᠥᠮᠦᠨ᠃ 
       — ᠠ᠂ ᠲᠠᠨᠢᠬᠤ ᠦᠭᠡᠢ ᠶᠦᠮ ᠪᠠᠢᠨ᠎ᠠ᠃《ᠬᠠᠮᠢᠭ᠎ᠠ ᠬᠣᠯᠠ ᠠ᠋ᠴᠠ ᠶᠠᠭᠤ ᠬᠢᠵᠦ ᠶᠠᠪᠤᠭ᠎ᠠ ᠶᠤᠮ ? 》 ᠭᠡᠵᠦ ᠡᠪᠦᠭᠡᠨ ᠲᠡᠭᠦᠨ ᠢ᠋ ᠴᠣᠭᠣᠷᠠᠲᠠᠯ᠎ᠠ ᠰᠢᠷᠳᠡᠨ᠎ᠡ᠃ 
      — ᠭᠠᠮᠢᠩ ᠤ᠋ᠨ ᠴᠡᠷᠢᠭ ᠲᠦ᠍ ᠪᠠᠷᠢᠭᠳᠠᠵᠤ᠂ ᠡᠳᠡᠨᠥᠰ ᠦ᠋ᠨ ᠦᠬᠡᠷ ᠲᠡᠮᠡᠭᠡ ᠶ᠋ᠢ ᠬᠠᠷᠢᠭᠤᠯᠵᠤ ᠶᠠᠪᠤᠭ᠎ᠠ ᠶᠤᠮ ᠠ᠋! ᠭᠡᠰᠡᠨ ᠳ᠋ᠦ᠍ ᠡᠪᠦᠭᠡᠨ ᠤ ᠴᠢᠷᠠᠢ ᠣᠨᠳᠣᠣ ᠪᠣᠯᠵᠤ᠄
      — ᠭᠠᠮᠢᠩ ᠤ᠋ᠨ ᠴᠡᠷᠢᠭ ᠭᠡᠨ᠎ᠡ ᠠ᠋ ⁈ ᠭᠡᠵᠦ ᠬᠡᠭᠵᠡᠭᠦᠨ ᠳᠤᠤᠭᠠᠷᠤᠭᠰᠠᠨ ᠨᠢ ᠮᠢᠩᠭᠠᠨᠪᠤᠤ ᠳ᠋ᠤ᠌ 《ᠲᠡᠭᠡᠪᠡᠯ ᠠᠳᠠ ᠠ᠋ᠴᠠ ᠳᠠᠷᠤᠢᠬᠠᠨ ᠲᠣᠨᠢᠯ ! 》 ᠭᠡᠰᠡᠨ ᠰᠢᠭ ᠰᠠᠨᠠᠭᠳᠠᠪᠠ᠃ ᠠᠪᠤ ᠶ᠋ᠢᠨ ᠢ᠋ᠶ᠋ᠡᠨ ᠵᠠᠩ ᠠᠷᠠᠨᠰᠢᠨ ᠢ᠋ ᠠᠨᠳᠠᠬᠤ ᠦᠭᠡᠢ ᠬᠤᠪᠢᠯᠴᠡᠴᠡᠭ ᠬᠡᠦᠬᠡᠨ《ᠡᠨᠡ ᠠᠬ᠎ᠠ ᠰᠠᠢᠨ ᠬᠥᠮᠦᠨ ᠦ᠌ ᠪᠠᠢᠳᠠᠯ ᠲᠠᠢ᠃ ᠴᠠᠭᠠᠳᠤ ᠭᠠᠮᠢᠩ ᠤᠨ ᠴᠡᠷᠢᠭ ᠲᠦ᠍ ᠠᠯᠪᠠᠳᠠᠭᠳᠠᠵᠤ ᠶᠠᠪᠤᠭ᠎ᠠ ᠮᠣᠩᠭᠣᠯ ᠬᠥᠮᠦᠨ ᠪᠠᠢᠨ᠎ᠠ! 》 ᠭᠡᠵᠦ ᠡᠴᠢᠭᠡ ᠶ᠋ᠢᠨ ᠵᠦᠭ ᠮᠢᠩᠭᠠᠨᠪᠤᠤ ᠳ᠋ᠤ᠌ ᠲᠠᠯ᠎ᠠ ᠵᠠᠰᠠᠭᠰᠠᠨ ᠢᠶᠡᠨ ᠄
       — ᠠᠬ᠎ᠠ ᠲᠠ᠂ ᠶᠠᠭᠤ ᠶᠠᠭᠠᠷᠠᠬᠤ ᠪᠣᠢ? ᠴᠠᠢ ᠴᠤᠤ ᠰᠠᠢᠨ ᠤᠤᠭᠤᠭᠠᠳ ᠶᠠᠪᠤ ᠯᠠ ᠳᠠ! ᠭᠡᠪᠡ᠃ 
       — ᠰᠠᠢᠨ ᠤᠤᠭᠤᠯ᠎ᠠ ᠁  ᠣᠳᠣ ᠪᠤᠰᠢᠭᠤ ᠶᠠᠪᠤᠬᠤ ᠦᠭᠡᠢ ᠪᠣᠯᠬᠤ ᠦᠭᠡᠢ᠃ ᠥᠨᠥᠬᠢ ᠭᠠᠷᠯᠢᠭ ᠤᠳ ᠮᠢᠨᠦ ᠬᠣᠢᠨ᠎ᠠ ᠠᠴᠠ ᠢᠷᠡᠪᠡᠯ ᠲᠠᠨ ᠤ ᠳᠤ ᠴᠤ᠌ ᠭᠡᠰᠡᠨ ᠭᠠᠢ ᠲᠠᠷᠢᠵᠤ ᠮᠠᠭᠠᠳ ᠦᠭᠡᠢ᠃ ᠴᠠᠭᠠᠳᠤᠬᠢ ᠭᠠᠮᠢᠩ ᠤ᠋ᠳ ᠴᠢᠨᠢ ᠬᠥᠮᠦᠨ ᠦ᠌ ᠦᠨᠦᠷ ᠦᠭᠡᠢ ᠭᠠᠢᠬᠠᠯ ᠤ᠋ᠳ ᠭᠡᠳ《ᠨᠠᠰᠤᠲᠠᠢ ᠠᠪᠤ ᠰᠠᠢᠨ ᠰᠠᠭᠤᠵᠤ ᠪᠠᠢᠭᠠᠷᠠᠢ》 ᠭᠡᠳ ᠭᠠᠷᠪᠠ᠃
       ᠬᠤᠪᠢᠯᠴᠡᠴᠡᠭ ᠵᠠᠯᠠᠭᠤ ᠳ᠋ᠤ᠌ ᠶᠠᠭᠤ ᠨᠢᠭᠡ ᠢᠳᠡᠵᠦ ᠤᠤᠭᠤᠬᠤ ᠶᠠᠭᠤᠮ᠎ᠠ ᠥᠭᠬᠦ ᠭᠡᠬᠦ ᠳ᠋ᠦ᠍ ᠥᠭᠭᠦᠮᠡᠷ ᠶᠠᠭᠤᠮ᠎ᠠ ᠣᠯᠳᠠᠬᠤ ᠦᠭᠡᠢ ᠬᠡᠰᠡᠭ ᠮᠡᠩᠳᠡᠵᠦ᠂ ᠠᠷᠠᠢ ᠬᠢᠵᠦ ᠠᠳᠠᠯᠢᠬᠠᠨ ᠬᠡ ᠲᠡᠢ ᠬᠡᠪ ᠲᠦ᠍ ᠬᠡᠪᠯᠡᠵᠦ ᠬᠠᠲᠠᠭᠠᠭᠰᠠᠨ ᠤᠲᠠᠰᠤᠨ ᠬᠡᠯᠬᠢᠶ᠎ᠡ ᠲᠡᠢ ᠶᠢᠰᠦᠨ ᠡᠭᠡᠵᠡᠭᠡᠢ ᠠᠪᠴᠤ ᠰᠡᠩᠳᠡ ᠮᠡᠩᠳᠡ ᠭᠠᠷᠪᠠᠯ ᠮᠢᠩᠭᠠᠨᠪᠤᠤ ᠬᠡᠳᠦᠢᠨ ᠮᠣᠷᠢᠨ ᠳ᠋ᠠᠭᠠᠨ ᠮᠣᠷᠳᠠᠵᠤ ᠬᠤᠳᠳᠤᠭ ᠤ᠋ᠨ ᠴᠠᠭᠠᠨ᠎ᠠ ᠶᠠᠪᠤᠵᠤ ᠪᠠᠢᠯ᠎ᠠ᠃ 
       — ᠪᠠᠢᠵᠠ᠂ ᠮᠢᠩᠭᠠᠨᠪᠤᠤ ᠠᠬ᠎ᠠ ᠠ᠋ ᠡᠭᠦᠨ ᠢ᠋ ᠠᠪᠤᠭᠠᠳ ᠶᠠᠪᠤ ! ᠭᠡᠳ ᠬᠤᠪᠢᠯᠴᠡᠴᠡᠭ ᠮᠢᠩᠭᠠᠨᠪᠤᠤ ᠶ᠋ᠢᠨ ᠠᠷᠤ ᠠ᠋ᠴᠠ ᠳᠠᠭᠤᠳᠠᠵᠤ ᠭᠦᠶᠦᠪᠡ᠃ 
       ᠬᠣᠪᠢᠯᠴᠡᠴᠡᠭ ᠤᠨ ᠬᠡᠦᠬᠡᠨ ᠬᠣᠩᠭᠣᠷ ᠳᠠᠭᠤ ᠮᠢᠩᠭᠠᠨᠪᠣᠣ ᠶ᠋ᠢᠨ ᠴᠢᠬᠢᠨ ᠳ᠋ᠦ᠍ ᠠᠯᠲᠠᠨ ᠬᠣᠩᠬᠣ ᠰᠢᠭ᠋ ᠬᠠᠩᠭᠢᠨᠠᠨ ᠳᠤᠤᠭᠠᠷᠬᠤ ᠳ᠋ᠤ᠌ ᠲᠡᠷᠡ ᠪᠡᠷ ᠥᠪᠡᠷ ᠦ᠋ᠨ ᠡᠷᠬᠡ ᠦᠭᠡᠢ ᠠᠭᠲᠠ ᠶ᠋ᠢᠨ ᠵᠢᠯᠣᠭᠣ ᠪᠠᠨ ᠲᠠᠲᠠᠵᠤ ᠡᠷᠭᠢᠵᠦ ᠬᠠᠷᠠᠭᠠᠳ ᠮᠣᠷᠢᠨ ᠠ᠋ᠴᠠ ᠪᠠᠨ ᠪᠠᠭᠤᠪᠠ᠃ 
       ᠬᠤᠪᠢᠯᠴᠡᠴᠡᠭ ᠤᠨ ᠦᠭᠭᠦᠭᠰᠡᠨ ᠤᠲᠠᠰᠤᠨ ᠬᠡᠯᠬᠢᠶ᠎ᠡ ᠲᠡᠢ ᠬᠤᠷᠤᠳ ᠢ᠋ ᠮᠢᠩᠭᠠᠨᠪᠤᠤ ᠨᠢᠮᠪᠠᠢ ᠡᠪᠦᠷᠲᠦᠯᠡᠭᠡᠳ ᠬᠡᠦᠬᠡᠨ ᠢ᠋ ᠰᠢᠷᠲᠡᠵᠦ ᠬᠡᠰᠡᠭ ᠪᠣᠳᠣᠯ ᠪᠣᠯᠵᠤ ᠵᠣᠭᠰᠣᠭᠰᠠᠨ ᠢ᠋ᠶ᠋ᠠᠨ 《ᠦᠳᠡᠰᠢ ᠶ᠋ᠢᠨ ᠪᠦᠷᠦᠭ ᠴᠤ᠌ ᠪᠠᠢᠭᠠᠰᠠᠢ ᠪᠢ ᠴᠢᠮᠠᠶ᠋ᠢ ᠪᠠᠨ ᠪᠡᠶ᠎ᠡ ᠳ᠋ᠡᠭᠡᠨ ᠠᠭᠤᠰᠲᠠᠯ᠎ᠠ ᠲᠡᠪᠡᠷᠢᠵᠦ᠂ ᠥᠭᠡᠷ᠎ᠡ ᠡᠷ᠎ᠡ ᠬᠦᠢᠰᠦᠲᠡᠨ ᠦ᠌ ᠬᠣᠰᠢᠭᠤ ᠬᠦᠷᠬᠦ ᠵᠠᠶ᠎ ᠦᠭᠡᠢ ᠪᠣᠯᠲᠠᠯ᠎ᠠ ᠦᠨᠦᠰᠬᠦ ᠪᠠᠢᠭᠰᠠᠨ ᠁ 》ᠭᠡᠵᠦ ᠪᠣᠳᠣᠭᠠᠳ᠄
       — ᠵᠠ᠂ ᠳᠡᠭᠦᠦ ᠮᠢᠨᠢ᠂ ᠭᠢᠯᠠᠢᠯ᠎ᠠ ! ᠮᠡᠨᠳᠦ ᠰᠠᠢᠨ ᠰᠠᠭᠤᠵᠤ ᠪᠠᠢᠭᠠᠷᠠᠢ !  ᠠᠬ᠎ᠠ ᠨᠢ ᠳᠠᠬᠢᠭᠠᠳ ᠢᠷᠡᠨ᠎ᠡ ᠭᠡᠵᠦ ᠬᠡᠯᠡᠴᠢᠬᠡᠭᠡᠳ ᠬᠠᠯᠵᠠᠨ ᠵᠡᠭᠡᠷᠳᠡ ᠮᠣᠷᠢᠨ ᠳ᠋ᠠᠭᠠᠨ ᠠᠯᠠᠪᠬᠢᠨ ᠮᠣᠷᠳᠠᠪᠠ᠃
       — ᠠᠬ᠎ᠠ ᠠ᠋᠂ ᠵᠠᠮ ᠳ᠋ᠠᠭᠠᠨ ᠮᠡᠨᠳᠦ ᠰᠠᠢᠨ ᠶᠠᠪᠤᠭᠠᠷᠠᠢ ! 
       — ᠢᠷᠦᠭᠡᠯ ᠴᠢᠨᠢ ᠲᠣᠭᠲᠠᠭ! ᠭᠡᠳ 《ᠴᠥᠬᠥ》 ᠭᠡᠵᠦ ᠮᠢᠩᠭᠠᠨᠪᠤᠤ ᠡᠪᠦᠳᠦᠭ ᠢ᠋ᠶ᠋ᠠᠷ ᠢ᠋ᠶ᠋ᠠᠨ ᠵᠡᠭᠡᠷᠳᠡ ᠪᠡᠨ ᠳᠠᠪᠢᠷᠠᠪᠠᠯ ᠬᠠᠯᠵᠠᠨ ᠵᠡᠭᠡᠷᠳᠡ ᠨᠢ ᠬᠠᠲᠠᠭᠤ ᠭᠠᠵᠠᠷ ᠢ᠋ ᠬᠠᠮᠤᠵᠤ ᠬᠠᠷ᠎ᠠ ᠠᠯᠬᠤᠭ᠎ᠠ ᠪᠠᠷ ᠰᠤᠨᠤᠯᠵᠠᠲᠠᠯ᠎ᠠ ᠠᠯᠬᠤᠪᠠ᠃ 
       ᠬᠤᠪᠢᠯᠴᠡᠴᠡᠭ ᠶᠠᠭᠤᠨ ᠳ᠋ᠠᠭᠠᠨ ᠰᠡᠶᠢ ᠲᠠᠨᠢᠯᠴᠠᠭᠰᠠᠨ ᠡᠨᠡ ᠪᠣᠷᠣ ᠵᠠᠯᠠᠭᠤ ᠳ᠋ᠤ᠌ ᠰᠠᠯ ᠶᠠᠳᠠᠨ ᠬᠣᠷᠭᠣᠳᠠᠭᠰᠠᠨ ᠢ᠋ᠶ᠋ᠠᠨ ᠥᠪᠡᠰᠦᠪᠡᠨ ᠴᠤ᠌ ᠮᠡᠳᠡᠬᠦ ᠦᠭᠡᠢ ᠪᠠᠢᠪᠠ᠃ 《ᠠᠬ᠎ᠠ ᠠ᠋ ᠳᠠᠬᠢᠭᠠᠳ ᠬᠡᠵᠢᠶ᠎ᠡ ᠨᠠᠮᠠᠶ᠋ᠢ ᠦᠵᠡᠬᠦ ᠪᠡᠷ ᠢᠷᠡᠬᠦ ᠶᠦᠮ⁈》 ᠭᠡᠵᠦ ᠮᠢᠩᠭᠠᠨᠪᠤᠤ ᠶ᠋ᠢᠨ ᠠᠷᠤ ᠠ᠋ᠴᠠ ᠬᠠᠰᠬᠢᠷᠬᠤ ᠭᠡᠳ ᠴᠢᠳᠠᠭᠰᠠᠨ ᠦᠭᠡᠢ ᠪᠣᠯᠪᠠ ᠤᠤ᠄
       — ᠮᠢᠩᠭᠠᠨᠪᠤᠤ ᠠᠬ᠎ᠠ ᠠ᠋ ᠂ ᠬᠥᠭᠡᠷᠦᠬᠦᠨ ᠢᠨᠵᠠᠭ᠎ᠠ ᠪᠠᠨ ᠬᠡᠵᠢᠶ᠎ᠡ ᠦᠵᠡᠬᠦ ᠪᠡᠷ ᠢᠷᠡᠬᠦ ᠪᠣᠢ ᠭᠡᠵᠦ ᠬᠣᠶᠠᠷ ᠭᠠᠷ ᠢ᠋ᠶ᠋ᠠᠷ ᠢ᠋ᠶ᠋ᠠᠨ ᠬᠣᠰᠢᠭᠤ ᠪᠠᠨ ᠪᠢᠲᠡᠭᠦᠯᠡᠨ ᠬᠣᠢᠨ᠎ᠠ ᠠ᠋ᠴᠠ ᠪᠠᠷᠬᠢᠷᠠᠪᠠ᠃ 
       ᠫᠢᠳ ᠫᠢᠳ ᠭᠡᠵᠦ ᠰᠢᠷᠣᠢ ᠮᠠᠯᠲᠠᠨ ᠳᠠᠪᠬᠢᠭᠰᠠᠨ ᠵᠡᠭᠡᠷᠳᠡ ᠶ᠋ᠢᠨ ᠵᠥᠪ ᠲᠠᠯ᠎ᠠ ᠶ᠋ᠢᠨ ᠵᠢᠯᠣᠭᠣ ᠭᠡᠨᠡᠳᠲᠡ ᠡᠷᠭᠢᠵᠦ ᠲᠣᠭᠣᠰᠣ ᠪᠠᠭᠯᠠᠷᠠᠨ ᠪᠤᠵᠢᠭᠢᠨᠠᠵᠤ ᠮᠢᠩᠭᠠᠨᠪᠤᠤ᠄
       — ᠪᠢ ᠯᠠᠪ ᠪᠤᠴᠠᠵᠤ ᠢᠷᠡᠨ᠎ᠡ ᠁ ᠬᠥᠭᠡᠷᠦᠬᠦᠨ ᠥᠨᠥᠴᠢᠨ ᠢᠨᠵᠠᠭ᠎ᠠ ᠴᠢᠮᠠᠶ᠋ᠢ ᠪᠠᠨ ᠡᠷᠭᠢᠵᠦ ᠦᠵᠡᠬᠦ ᠪᠡᠷ ᠯᠠᠪ ᠢᠷᠡᠨ᠎ᠡ ᠠ᠋! ᠨᠠᠮᠠᠶ᠋ᠢ ᠬᠦᠯᠢᠶᠡᠵᠦ ᠪᠠᠢᠭᠠᠷᠠᠢ ᠭᠡᠵᠦ ᠬᠠᠢᠷ᠎ᠠ ᠪᠠᠭᠯᠠᠭᠰᠠᠨ ᠬᠠᠯᠠᠭᠤᠬᠠᠨ ᠳᠠᠭᠤ ᠤᠨᠠᠭᠠᠴᠢᠬᠠᠭᠠᠳ ᠶᠠᠪᠤᠵᠤ ᠣᠳᠪᠠ ᠁ 
       ᠬᠤᠪᠢᠯᠴᠡᠴᠡᠭ᠂ ᠮᠢᠩᠭᠠᠨᠪᠤᠤ ᠶ᠋ᠢᠨ ᠠᠷᠤ ᠠ᠋ᠴᠠ ᠤᠳᠠᠲᠠᠯ᠎ᠠ ᠬᠠᠷᠠᠵᠤ ᠵᠣᠭᠰᠣᠪᠠ᠃

            ᠦᠰᠦᠭ ᠠᠮᠢᠯᠠᠭᠤᠯᠤᠭᠰᠠᠨ ᠨᠢ᠄  <ᠬᠡᠯᠡ ᠪᠢᠴᠢᠭ> ᠬᠣᠯᠪᠣᠭ᠎ᠠ