ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠶᠢᠰᠦ> Хан мунын сүүрс < дээд > – Мөнх зохиоов ᠂ Тэргүүн бодь – Нэгдүгээр бүлэг <9>
ᠲᠡᠷᠢᠭᠦᠨ ᠪᠣᠲᠢ – ᠨᠢᠭᠡᠳᠦᠭᠡᠷ ᠪᠦᠯᠦᠭ <ᠶᠢᠰᠦ>
ᠬᠠᠩᠬᠠᠢ ᠠᠭᠤᠵᠢᠮ ᠭᠣᠪᠢ ᠨᠤᠲᠤᠭ ᠨᠡᠢᠳᠡᠮ ᠴᠠᠰᠤᠨ ᠳ᠋ᠤ᠌ ᠬᠣᠵᠢᠭᠳᠠᠵᠤ ᠲᠦᠮᠡᠨ ᠭᠠᠵᠠᠷ ᠨᠠᠪ ᠨᠡᠯᠦᠭᠡᠷ᠃ ᠠᠭᠤᠯᠠ ᠲᠤᠯᠤᠭᠠᠳ᠂ ᠳᠣᠪᠣ ᠳᠣᠪᠣᠴᠠᠭ ᠤ᠋ᠨ ᠡᠩᠭᠡᠷ ᠬᠠᠵᠠᠭᠤ ᠶᠢᠨ ᠵᠤᠵᠠᠭᠠᠨ ᠴᠠᠰᠤ ᠰᠠᠯᠬᠢᠨ ᠳ᠋ᠤ᠌ ᠢᠳᠡᠭᠳᠡᠵᠦ ᠨᠢᠮᠭᠡᠷᠡᠨ ᠬᠠᠷ᠎ᠠ ᠴᠣᠬᠣᠷ ᠲᠣᠯᠪᠣᠰᠢᠷᠠᠨ ᠬᠠᠢᠷᠰᠤᠯᠠᠨ ᠬᠥᠯᠳᠡᠭᠡᠳ ᠲᠠᠰᠢᠬᠤ ᠨᠠᠷᠠᠨ ᠤ᠋ ᠭᠡᠷᠡᠯ ᠳ᠋ᠦ᠍ ᠭᠢᠯᠠᠰᠤᠨ ᠬᠠᠷᠬᠠᠳᠠᠬᠤ ᠡᠴᠡ ᠭᠣᠪᠢ ᠨᠤᠲᠤᠭ ᠵᠠ ᠲᠡᠭᠷᠢ ᠴᠤ᠌ ᠴᠡᠪᠳᠡᠭ ᠬᠦᠢᠲᠡᠨ ᠡᠪᠦᠯ ᠦ᠋ᠨ ᠴᠠᠰᠤᠨ ᠤ᠋ ᠵᠢᠩ ᠳ᠋ᠦ᠍ ᠴᠠᠷᠴᠠᠭᠰᠠᠨ ᠰᠢᠭ᠋ ᠪᠦᠦᠳᠡᠭᠡᠷ ᠪᠠᠢᠪᠠ᠃
ᠭᠣᠪᠢ ᠨᠤᠲᠤᠭ ᠤᠨ ᠡᠪᠦᠯ ᠭᠡᠵᠦ ᠡᠢᠮᠦ ᠴᠠᠪᠡᠷ ᠴᠡᠮᠴᠡᠭᠡᠷ ᠪᠣᠯᠪᠠᠴᠤ ᠴᠡᠪᠳᠡᠭ ᠬᠦᠢᠲᠡᠨ ᠠᠵᠢ᠃ ᠰᠠᠯᠬᠢᠨ ᠤ᠋ ᠡᠮᠡᠭᠡᠨ᠂ ᠴᠠᠰᠤᠨ ᠤ᠋ ᠵᠢᠩ ᠳ᠋ᠦ᠍ ᠳᠠᠭᠵᠢᠵᠤ ᠬᠠᠶᠠ ᠪᠥᠭᠰᠢᠨ ᠬᠠᠨᠢᠶᠠᠯᠭᠠᠬᠤ ᠳ᠋ᠠᠭᠠᠨ ᠰᠠᠯᠬᠢᠨ ᠤ᠋ ᠲᠤᠯᠤᠮ ᠢ᠋ᠶ᠋ᠠᠨ ᠣᠩᠭᠣᠢᠯᠭᠠᠳᠠᠭ ᠪᠣᠯᠤᠯᠲᠠᠢ ᠰᠢᠭᠤᠷᠭ᠎ᠠ ᠢᠰᠬᠡᠷᠦᠨ ᠬᠣᠤᠬᠢᠵᠤ ᠢᠰᠡᠭᠡᠢ ᠲᠤᠭᠤᠷᠭ᠎ᠠ ᠶ᠋ᠢ ᠨᠡᠪᠲᠡ ᠦᠯᠢᠶᠡᠨ᠎ᠡ᠃
ᠬᠤᠪᠢᠯᠴᠡᠴᠡᠭ ᠠᠳᠤᠭᠤᠨ ᠤ ᠡᠷᠢᠯ ᠳ᠋ᠤ᠌ ᠶᠠᠪᠤᠭᠠᠳ ᠭᠤᠷᠪᠠ ᠬᠣᠨᠣᠭᠰᠠᠨ ᠠᠪᠤ ᠪᠠᠨ ᠢᠷᠡᠬᠦ ᠳ᠋ᠦ᠍ᠨᠢ ᠬᠠᠯᠠᠭᠤᠨ ᠴᠠᠢ ᠪᠦᠯᠢᠶᠡᠨ ᠬᠣᠭᠣᠯᠠ ᠲᠠᠢ ᠪᠠᠢᠵᠤ ᠦᠵᠡᠬᠦ ᠶᠤᠮᠰᠠᠨ ᠭᠡᠵᠦ ᠭᠠᠤᠯᠢᠨ ᠲᠣᠭᠣᠭᠠᠨ ᠳ᠋ᠠᠭᠠᠨ ᠮᠢᠬ᠎ᠠ ᠴᠢᠨᠠᠵᠤ᠂ ᠵᠡᠰ ᠳᠡᠪᠦᠷ᠎ᠡ ᠳ᠋ᠡᠭᠡᠨ ᠴᠠᠢ ᠪᠤᠴᠠᠯᠭᠠᠨ ᠪᠣᠷᠣ ᠭᠡᠷ ᠢ᠋ᠶ᠋ᠡᠨ ᠬᠠᠩᠬᠤᠯᠤᠭᠤᠨ ᠱᠥᠯᠥ᠍ ᠬᠠᠨᠳᠠᠭᠤᠨ ᠴᠠᠢ ᠶᠢᠨ ᠦᠨᠦᠷ ᠢᠶᠡᠷ ᠪᠥᠭ ᠬᠢᠲᠡᠯ᠎ᠡ ᠳᠤᠯᠠᠭᠠᠯᠠᠵᠤ ᠠᠪᠤ ᠪᠠᠨ ᠢᠷᠡᠬᠦ ᠶᠢ ᠬᠦᠯᠢᠶᠡᠵᠦ ᠰᠠᠭᠤᠯ᠎ᠠ ᠁
《 ᠡᠵᠡᠨ ᠢᠶᠡᠨ ᠠᠯᠳᠠᠭᠰᠠᠨ ᠰᠢᠯᠢᠷᠡᠭᠰᠡᠨ ᠬᠠᠯᠢᠭᠤᠨ ᠪᠠᠢᠲᠠᠰᠤ ᠲᠥᠷᠦᠬᠥᠲᠡᠢ ᠬᠡᠳᠦᠨ ᠠᠳᠤᠭᠤ ᠲᠠᠬᠢ ᠶ᠋ᠢᠨ ᠠᠵᠢᠷᠭ᠎ᠠ ᠳᠤ ᠬᠤᠷᠢᠶᠠᠭᠳᠠᠭᠠᠳ ᠠᠯᠠᠭ᠎ᠠ ᠪᠣᠯᠣᠭᠰᠠᠨ ᠳᠤ ᠤᠯᠠᠮᠪᠠᠶᠠᠷ ᠡᠴᠢᠭᠡ ᠶᠢ ᠨᠢ ᠡᠢᠮᠦ ᠲᠡᠢᠮᠦ ᠭᠡᠵᠦ ᠵᠠᠩᠨᠠᠭᠠᠳ ᠪᠠᠢᠬᠤᠯᠠᠷ ᠬᠡᠳᠦᠨ ᠠᠳᠤᠭᠤᠴᠢᠨ ᠬᠠᠨᠢᠰᠠᠵᠤ ᠥᠨᠥᠬᠢ ᠨᠦ᠍ᠭᠦᠳ ᠢ᠋ ᠰᠣᠯᠢ ᠶᠢᠨ ᠭᠣᠣᠯ ᠤᠨ ᠮᠥᠰᠥᠨ ᠳᠦ ᠬᠠᠰᠢᠵᠤ ᠢᠯᠭᠠᠬᠤ ᠪᠠᠷ ᠶᠠᠪᠤᠭᠠᠳ ᠠᠯᠠᠭ᠎ᠠ ᠁ ᠥᠨᠥᠳᠥᠷ ᠴᠤ᠌ ᠭᠡᠷ ᠦᠨ ᠪᠠᠷ᠎ᠠ ᠬᠠᠷᠠᠭ᠎ᠠ ᠦᠭᠡᠢ ᠳᠡ! 》ᠭᠡᠵᠦ ᠬᠤᠪᠢᠯᠴᠡᠴᠡᠭ ᠡᠴᠢᠭᠡ ᠶ᠋ᠢᠨ ᠢ᠋ᠶ᠋ᠡᠨ ᠬᠣᠢᠨ᠎ᠠ ᠠ᠋ᠴᠠ ᠶᠡᠬᠡ ᠣᠷᠣᠢ ᠪᠣᠯᠲᠠᠯ᠎ᠠ ᠬᠦᠯᠢᠶᠡᠭᠡᠳ ᠢᠷᠡᠭᠰᠡᠨ ᠦᠭᠡᠢ ᠳ᠋ᠦ᠍ ᠱᠥᠯᠦᠨ ᠲᠣᠰᠣᠨ ᠳ᠋ᠧᠩ ᠢ᠋ᠶ᠋ᠡᠨ ᠦᠯᠢᠶᠡᠵᠦ ᠣᠷᠣᠨ ᠳ᠋ᠠᠭᠠᠨ ᠤᠷᠦᠵᠦ ᠬᠡᠪᠲᠡᠯ᠎ᠡ ᠁
ᠬᠡᠳᠦᠢ ᠤᠳᠠᠭᠰᠠᠨ ᠢ᠋ ᠪᠤᠤ ᠮᠡᠳᠡ ᠭᠡᠨᠡᠳᠲᠡ ᠨᠣᠬᠠᠢ ᠰᠦᠷᠡᠬᠡᠢ ᠬᠣᠷᠭᠣᠭᠣᠵᠤ ᠮᠣᠷᠢ ᠲᠤᠷᠭᠢᠬᠤ ᠴᠢᠮᠡᠭᠡ ᠪᠡᠷ ᠬᠤᠪᠢᠯᠴᠡᠴᠡᠭ ᠰᠣᠴᠢᠨ ᠰᠡᠷᠡᠵᠦ ᠴᠢᠩᠨᠠᠪᠠᠯ ᠯᠦᠰ ᠯᠦ᠋ᠰ ᠭᠡᠰᠡᠨ ᠨᠦᠰᠡᠷ ᠬᠦᠨᠳᠦ ᠬᠥᠯ ᠦ᠋ᠨ ᠴᠢᠮᠡᠭᠡ ᠨᠠᠭᠠᠰᠢᠯᠠᠨ᠎ᠠ᠃ ᠨᠣᠬᠠᠢ ᠰᠦᠷᠡᠬᠡᠢ ᠬᠣᠷᠭᠣᠭᠣᠬᠤ ᠪᠠᠷ ᠢᠷᠡᠵᠦ ᠪᠠᠢᠭ᠎ᠠ ᠬᠥᠮᠦᠨ ᠠᠪᠤ ᠨᠢ ᠪᠢᠰᠢ ᠪᠠᠢᠬᠤ ᠨᠢ ᠳᠤᠳᠤᠷᠬᠠᠢ᠃ 《 ᠦᠭᠡᠢ᠂ ᠲᠡᠭᠡᠭᠡᠳ ᠬᠠᠷᠠᠩᠭᠤᠢ ᠰᠥᠨᠢ ᠪᠡᠷ ᠬᠠᠷ᠎ᠠ ᠴᠠᠰᠤᠨ ᠳ᠋ᠤ᠌ ᠶᠠᠭᠤᠨ ᠤ᠋ ᠬᠥᠮᠦᠨ ᠪᠣᠯᠴᠢᠬᠠᠪᠠ ⁈ 》 ᠭᠡᠵᠦ ᠠᠶᠤᠬᠤ ᠰᠣᠴᠢᠬᠤ ᠬᠣᠣᠰᠯᠠᠭᠰᠠᠨ ᠬᠤᠪᠢᠯᠴᠡᠴᠡᠭ ᠶᠣᠰᠣᠲᠠᠢ ᠯᠠ ᠪᠣᠷᠣ ᠵᠢᠷᠦᠬᠡ ᠨᠢ ᠫᠣᠯ ᠫᠣᠯ᠂ ᠪᠣᠭᠣᠨᠢ ᠬᠠᠪᠢᠷᠭ᠎ᠠ ᠨᠢ ᠰᠢᠷ ᠰᠢᠷ ᠭᠡᠵᠦ ᠪᠠᠢᠪᠠ᠃ ᠡᠭᠦᠳᠡᠨ ᠦ᠌ ᠲᠤᠰᠢᠶ᠎ᠠ ᠣᠴᠢᠭᠰᠠᠨ ᠳ᠋ᠤ᠌ ᠭᠡᠷ ᠦᠨ ᠵᠡᠭᠦᠨ ᠡᠮᠦᠨ᠎ᠡ ᠵᠠᠢ ᠠᠪᠴᠤ ᠬᠡᠪᠲᠡᠭᠰᠡᠨ ᠢᠨᠵᠠᠭ᠎ᠠ ᠴᠤ᠌ ᠬᠥᠮᠥᠨ ᠤ᠋ ᠴᠢᠮᠡᠭᠡ ᠪᠡᠷ ᠰᠡᠷᠳ᠋ ᠬᠢᠨ ᠪᠣᠰᠴᠤ ᠰᠣᠴᠢᠭᠰᠠᠨ ᠬᠣᠶᠠᠷ ᠮᠣᠢᠯ ᠨᠢᠳᠦ ᠨᠢ ᠪᠦᠯᠲᠡᠭᠡᠨᠡᠨ ᠦᠷᠭᠦᠮᠡᠲᠡᠭᠡᠢ ᠬᠣᠶᠠᠷ ᠴᠢᠬᠢ ᠨᠢ ᠰᠣᠯᠪᠢᠴᠠᠵᠤ 《 ᠶᠠᠭᠤ ᠪᠣᠯᠴᠢᠬᠠᠪᠠ ⁈ 》 ᠭᠡᠰᠡᠨ ᠰᠢᠭ ᠪᠠᠢᠪᠠ᠃
ᠨᠣᠬᠠᠢ ᠠᠢᠬᠤᠪᠲᠤᠷ ᠳᠣᠭᠰᠢᠷᠠᠨ ᠬᠣᠷᠭᠣᠭᠣᠵᠤ᠂ ᠡᠭᠦᠳᠡᠨ ᠳ᠋ᠦ᠍ ᠲᠤᠯᠵᠤ ᠢᠷᠡᠭᠰᠡᠨ ᠲᠡᠷᠡ ᠬᠥᠮᠦᠨ ᠦ᠌ ᠪᠣᠷᠪᠢ ᠶ᠋ᠢ ᠨᠢ ᠲᠠᠲᠠᠴᠢᠬᠠᠮᠠᠷ ᠠᠭᠰᠤᠷᠤᠨᠠ᠃
— ᠵᠣᠪ! ᠶᠠᠭᠠᠬᠢᠬᠤ ᠶᠤᠮ? ᠭᠡᠵᠦ ᠨᠣᠬᠠᠢ ᠵᠠᠩᠳᠤᠷᠤᠭᠰᠠᠨ ᠳᠠᠭᠤ ᠵᠢ ᠰᠣᠨᠣᠰᠤᠭᠰᠠᠨ ᠬᠤᠪᠢᠯᠴᠡᠴᠡᠭ《 ᠶᠠᠭᠠᠬᠢᠭᠰᠠᠨ ᠲᠠᠨᠢᠮᠠᠷ ᠳᠠᠭᠤ ᠪᠣᠢ ?》ᠭᠡᠵᠦ ᠳᠣᠲᠣᠷ᠎ᠠ ᠪᠠᠨ ᠪᠣᠳᠣᠪᠠ᠃
ᠡᠭᠦᠳᠡᠨ ᠳ᠋ᠦ᠍ ᠲᠤᠯᠵᠤ ᠢᠷᠡᠭᠰᠡᠨ ᠬᠥᠮᠦᠨ ᠳᠣᠲᠣᠷ᠎ᠠ ᠠ᠋ᠴᠠ ᠪᠠᠨ ᠲᠡᠪᠡᠭᠡ ᠲᠡᠢ ᠮᠠᠭᠤ ᠪᠠᠯᠪᠠᠷᠬᠠᠢ ᠡᠭᠦᠳᠡ ᠶ᠋ᠢ ᠲᠡᠷᠴᠢᠭᠢᠨᠡᠲᠡᠯᠡ ᠲᠠᠲᠠᠨ᠎ᠠ᠃
— ᠠᠳᠤᠭᠤᠴᠢᠨ ᠰᠣᠳᠨᠠᠮ ᠭᠤᠸᠠᠢ ᠶ᠋ᠢᠨ ᠬᠢ ᠮᠥᠨ ᠪᠢᠵᠡ? ᠡᠭᠦᠳᠡ ᠪᠡᠨ ᠠᠯᠳᠠᠷᠠᠭ᠎ᠠ !
— ᠠᠪᠤ ᠪᠠᠢᠬᠤ ᠦᠭᠡᠢ᠃
— ᠬᠤᠪᠢᠯᠴᠡᠴᠡᠭ ᠤᠤ? ᠰᠠᠢᠨ ᠪᠠᠢᠨ᠎ᠠ ᠤᠤ? ᠭᠡᠵᠦ ᠭᠠᠳᠠᠨ᠎ᠠ ᠠ᠋ᠴᠠ ᠢᠷᠡᠭᠰᠡᠨ ᠬᠥᠮᠦᠨ ᠲᠠᠨᠢᠯ ᠪᠣᠯᠵᠤ ᠠᠰᠠᠭᠤᠬᠤ ᠳ᠋ᠤ᠌ ᠬᠤᠪᠢᠯᠴᠡᠴᠡᠭ ᠄
— ᠲᠠ ᠬᠡᠨ ᠪᠣᠢ? ᠭᠡᠵᠦ ᠠᠰᠠᠭᠤᠪᠠ᠃
— ᠡᠭᠦᠳᠡ ᠪᠡᠨ ᠳᠡᠢᠯᠪᠡᠯ ᠲᠠ ᠲᠠᠨᠢᠯᠭᠦᠢ ᠳᠡ᠃
— ᠠᠪᠤ ᠲᠠᠢ ᠤᠴᠢᠷ ᠲᠠᠢ ᠪᠣᠯ ᠲᠠ ᠬᠡᠳᠦᠨ ᠡᠳᠦᠷ ᠡᠴᠡ ᠢᠷᠡᠭᠡᠷᠡᠢ! ᠠᠪᠤ ᠠᠳᠤᠭᠤᠨ ᠤ᠋ ᠡᠷᠢᠯ ᠳ᠋ᠦ᠍ ᠶᠠᠪᠤᠭᠠᠳ ᠢᠷᠡᠭᠡ ᠦᠭᠡᠢ᠃
— ᠬᠣᠪᠢᠯᠴᠡᠴᠡᠭ ᠠ᠋! ᠴᠢ ᠨᠠᠮᠠᠶ᠋ᠢ ᠲᠠᠨᠢᠬᠤ ᠦᠭᠡᠢ ᠪᠠᠢᠨ᠎ᠠ ᠤᠤ?
— ᠨᠢᠭᠡ ᠯᠡ ᠲᠠᠨᠢᠬᠤ ᠦᠭᠡᠢ ᠪᠠᠢᠨ᠎ᠠ᠃
— ᠨᠡᠷ᠎ᠡ ᠪᠡᠨ ᠬᠡᠯᠡᠬᠦ ᠦᠭᠡᠢ ᠴᠤ᠌ ᠲᠠᠨᠢᠬᠤ ᠯᠠ ᠶᠣᠰᠣᠲᠠᠢ ᠶᠤᠮ ᠳᠠ᠃ ᠬᠣᠪᠢᠯᠴᠡᠴᠡᠭ ᠠ᠋᠂ ᠴᠢ ᠦᠨᠡᠬᠡᠷ ᠨᠠᠮᠠᠶ᠋ᠢ ᠲᠠᠨᠢᠬᠤ ᠦᠭᠡᠢ ᠪᠣᠯᠤᠭᠰᠠᠨ ᠪᠣᠯ ᠪᠢ ᠣᠳᠣ ᠪᠠᠷ ᠢ᠋ᠶ᠋ᠠᠨ ᠪᠤᠴᠠᠶ᠎ᠠ ᠁ ᠴᠢᠮᠠᠶ᠋ᠢ ᠥᠨᠥᠴᠢᠨ ᠢᠨᠵᠠᠭ᠎ᠠ ᠲᠠᠢ ᠪᠠᠨ ᠡᠷᠭᠢᠵᠦ ᠦᠵᠡᠬᠦ ᠪᠡᠷ ᠢᠷᠡᠭᠰᠡᠨ ᠰᠠᠨ᠁ ᠭᠡᠪᠡᠯ ᠬᠣᠪᠢᠯᠴᠡᠴᠡᠭ ᠰᠡᠭᠡᠰᠭᠢᠨ᠄
— ᠮᠢᠩᠭᠠᠨᠪᠣᠣ ᠠᠬ᠎ᠠ ᠤᠤ ᠲᠠ⁈ ᠭᠡᠳ ᠡᠭᠦᠳᠡᠨ ᠦ᠌ ᠲᠡᠪᠡᠭᠡ ᠰᠤᠷ ᠢ᠋ ᠲᠠᠢᠯᠵᠤ ᠮᠢᠩᠭᠠᠨᠪᠣᠣ ᠶ᠋ᠢ ᠭᠡᠷ ᠲᠦ᠍ ᠣᠷᠣᠭᠤᠯᠤᠭᠠᠳ ᠳ᠋ᠧᠩ ᠢ᠋ᠶ᠋ᠡᠨ ᠠᠰᠠᠭᠠᠪᠠ᠃
ᠴᠢᠩᠭ᠎ᠠ ᠲᠣᠪᠴᠢᠯᠠᠭᠰᠠᠨ ᠦᠨᠡᠭᠡᠨ ᠯᠣᠪᠤᠤᠵᠠ ᠶ᠋ᠢᠨ ᠢ᠋ᠶ᠋ᠡᠨ ᠪᠦᠴᠡ ᠶ᠋ᠢ ᠠᠯᠳᠠᠷᠠᠭᠠᠬᠤ ᠳ᠋ᠤ᠌ ᠬᠥᠮᠥᠰᠬᠡ ᠰᠠᠬᠠᠯ ᠨᠢ ᠴᠠᠩᠲᠤᠵᠤ ᠪᠤᠭᠤᠷᠤᠯᠲᠤᠭᠰᠠᠨ ᠠ᠋ᠴᠠ ᠬᠠᠮᠢᠭ᠎ᠠ ᠨᠢᠭᠡ ᠭᠠᠵᠠᠷ ᠬᠠᠯᠵᠠ ᠠᠭᠤᠯᠵᠠᠭᠠᠳ ᠦᠭᠡ ᠳᠤᠤᠭᠠᠷᠬᠤ ᠦᠭᠡᠢ ᠪᠣᠯ ᠦᠨᠡᠬᠡᠷ ᠲᠠᠨᠢᠭᠳᠠᠰᠢ ᠦᠭᠡᠢ ᠠᠵᠢ᠃ ᠪᠥᠭ ᠭᠡᠰᠡ ᠳᠤᠯᠠᠭᠠᠬᠠᠨ ᠭᠡᠷ ᠲᠤ ᠣᠷᠣᠵᠤ ᠣᠴᠢᠭᠰᠠᠨ ᠮᠢᠩᠭᠠᠨᠪᠣᠣ ᠶ᠋ᠢᠨ ᠪᠡᠶ᠎ᠡ ᠬᠦᠢᠲᠡᠨ ᠵᠢᠪᠠᠷ ᠰᠡᠪᠢᠵᠦ ᠮᠠᠭᠤᠬᠠᠨ ᠰᠦᠮᠡᠯᠵᠡᠬᠦ ᠱᠥᠯᠦᠨ ᠲᠣᠰᠣᠨ ᠳ᠋ᠧᠩ ᠢ᠋ ᠤᠨᠲᠠᠷᠠᠭᠠᠴᠢᠬᠠᠬᠤ ᠰᠢᠬᠠᠪᠠ᠃ ᠳᠡᠪᠡᠯ ᠮᠠᠯᠠᠭᠠᠢ ᠰᠠᠬᠠᠯ ᠬᠥᠮᠥᠰᠬᠡ ᠳ᠋ᠦ᠍ᠨᠢ ᠪᠠᠷᠵᠠᠢᠨ ᠰᠠᠭᠰᠠᠯᠵᠠᠭᠰᠠᠨ ᠮᠥᠰᠥ ᠴᠠᠩ ᠨᠢ ᠲᠦᠳᠡᠬᠡᠨ ᠬᠠᠢᠯᠪᠠ᠃ ᠮᠢᠩᠭᠠᠨᠪᠣᠣ ᠶ᠋ᠢᠨ ᠬᠥᠮᠥᠰᠬᠡ ᠰᠠᠬᠠᠯ ᠨᠢ ᠭᠡᠷ ᠦ᠋ᠨ ᠬᠠᠯᠠᠭᠤᠨ ᠠᠭᠤᠷ ᠲᠤ ᠬᠠᠢᠯᠵᠤ ᠰᠢᠭᠦᠳᠡᠷᠢ ᠶ᠋ᠢᠨ ᠪᠥᠮᠪᠥᠯᠢᠭ ᠡᠮᠬᠦᠭᠰᠡᠨ ᠵᠦᠯᠭᠡ ᠨᠠᠪᠴᠢᠰ ᠰᠢᠭ᠋ ᠮᠠᠭᠤ ᠳ᠋ᠧᠩ ᠦ᠋ᠨ ᠭᠡᠷᠡᠯ ᠳ᠋ᠦ᠍ ᠭᠢᠯᠲᠠᠭᠠᠨᠠᠵᠤ ᠬᠠᠷᠠᠭᠳᠠᠨ᠎ᠠ᠃
— ᠵᠠ! ᠲᠠ ᠨᠠᠷ ᠲᠡᠭᠡᠭᠡᠳ ᠰᠠᠢᠨ ᠯᠠ ᠪᠠᠢᠵᠠᠭᠠᠪᠠ ᠤᠤ? ᠨᠠᠰᠤᠲᠠᠢ ᠠᠪᠤ ᠬᠠᠮᠢᠭ᠎ᠠ ᠶᠠᠪᠤᠪᠠ? ᠥᠨᠥᠴᠢᠨ ᠢᠨᠵᠠᠭ᠎ᠠ ᠮᠢᠨᠢ ᠰᠤᠭᠤ ᠰᠢᠭ᠋ ᠰᠠᠢᠬᠠᠨ ᠥᠰᠦᠭᠰᠡᠨ ᠪᠢᠵᠡ! ᠭᠡᠳ ᠮᠢᠩᠭᠠᠨᠪᠣᠣ ᠢᠨᠵᠠᠭ᠎ᠠ ᠶ᠋ᠢ ᠥᠬᠥᠭᠡᠷᠳᠡᠵᠦ ᠦᠰᠦ ᠰᠤᠷ ᠢ᠋ ᠨᠢ ᠢᠯᠪᠡᠭᠦ ᠭᠡᠳ ᠣᠢᠷᠠᠲᠤᠭᠰᠠᠨ ᠳ᠋ᠤ᠌ ᠮᠢᠩᠭᠠᠨᠪᠣᠣ ᠶ᠋ᠢ ᠬᠦᠨᠡᠢᠷᠬᠡᠵᠦ ᠵᠠᠢᠯᠠᠨ ᠵᠡᠭᠦᠨ ᠬᠠᠨ᠎ᠠ ᠳᠠᠭᠠᠭᠤᠯᠵᠤ ᠳᠡᠪᠢᠰᠦᠭᠰᠡᠨ ᠬᠣᠪᠢᠯᠴᠡᠴᠡᠭ ᠦ᠋ᠨ ᠣᠷᠣ ᠳᠡᠭᠡᠭᠦᠷ ᠦᠰᠦᠷᠦᠨ ᠳᠠᠪᠰᠠᠭ ᠳᠡᠭᠡᠷ᠎ᠡ ᠭᠠᠷᠴᠤ ᠵᠣᠭᠰᠣᠪᠠ᠃
ᠬᠣᠪᠢᠯᠴᠡᠴᠡᠭ ᠲᠤᠯᠭᠠᠨ ᠳ᠋ᠠᠭᠠᠨ ᠠᠷᠭᠠᠯ ᠨᠡᠮᠡᠵᠦ᠄
— ᠠᠬ᠎ᠠ ᠲᠠ ᠶᠠᠮᠠᠷ ᠬᠠᠰᠢ ᠪᠠᠨ ᠶᠤᠮ ᠪᠣᠢ? ᠨᠡᠷ᠎ᠡ ᠪᠡᠨ ᠡᠷᠲᠡ ᠬᠡᠯᠡᠳᠡᠭ ᠦᠭᠡᠢ ᠴᠢᠨᠢ᠁ ᠬᠠᠷ᠎ᠠ ᠰᠥᠨᠢ ᠪᠡᠷ ᠬᠥᠮᠦᠨ ᠠᠶᠤᠯᠭᠠᠴᠢᠬᠠᠯᠠ ᠭᠡᠳ ᠮᠢᠩᠭᠠᠨᠪᠣᠣ ᠶ᠋ᠢ ᠵᠢᠮᠡᠯᠡᠭᠰᠡᠨ ᠪᠣᠯᠪᠠᠴᠤ ᠳᠣᠲᠣᠷ᠎ᠠ ᠪᠠᠨ ᠲᠡᠭᠦᠨ ᠦ᠌ ᠢᠷᠡᠭᠰᠡᠨ ᠳ᠋ᠦ᠍ ᠪᠠᠶᠠᠷᠯᠠᠭᠰᠠᠨ ᠪᠣᠯᠬᠤ ᠨᠢ ᠴᠢᠷᠠᠢ ᠳᠡᠭᠡᠷ᠎ᠡ ᠨᠢ ᠮᠡᠳᠡᠭᠳᠡᠵᠦ ᠪᠠᠢᠪᠠ᠃
— ᠬᠠᠷ᠎ᠠ ᠴᠠᠰᠤᠨ ᠳᠤ ᠯᠠᠭᠬᠢᠭᠤᠯᠤᠭᠰᠠᠭᠠᠷ ᠪᠠᠢᠵᠤ ᠣᠷᠣᠢ ᠪᠣᠯᠭᠠᠴᠢᠬᠠᠯᠠ! ᠭᠣᠪᠢ ᠤᠷᠤᠭᠤ ᠴᠠᠰᠤ ᠤᠯᠠᠮ ᠵᠤᠵᠠᠭᠠᠨ᠂ ᠵᠠᠮ ᠵᠥᠷᠢᠭ ᠴᠤ᠌ ᠠᠯᠠᠭ᠎ᠠ!
— ᠡᠨᠡ ᠭᠦᠨ ᠴᠠᠰᠤᠨ ᠳ᠋ᠤ᠌ ᠲᠠ ᠶᠠᠭᠠᠬᠢᠬᠤ ᠳ᠋ᠠᠭᠠᠨ ᠲᠥᠭᠡᠷᠢᠵᠦ ᠬᠥᠳᠡᠭᠡ ᠬᠣᠨᠣᠴᠢᠬᠠᠭᠰᠠᠨ ᠦᠭᠡᠢ ᠪᠣᠢ ⁈
— ᠥᠨᠥᠴᠢᠨ ᠢᠨᠵᠠᠭ᠎ᠠ ᠶ᠋ᠢᠨ ᠲᠡᠯᠴᠢᠯᠡᠵᠦ ᠪᠠᠢᠭᠰᠠᠨ ᠳᠠᠷᠠᠰᠤᠲᠠᠢ ᠬᠣᠭᠣᠯᠠᠢ ᠶ᠋ᠢᠨ ᠥᠨᠳᠥᠷ ᠳᠠᠷᠠᠰᠤ ᠶ᠋ᠢ ᠲᠠᠨᠢᠭ᠎ᠠ ᠦᠭᠡᠢ ᠰᠠᠨ ᠪᠣᠯ ᠬᠥᠳᠡᠭᠡ ᠬᠣᠨᠣᠬᠤ ᠳ᠋ᠤ᠌ ᠴᠤ᠌ ᠳᠥᠭᠥᠭᠰᠡᠨ!
— ᠲᠡᠭᠡᠭᠰᠡᠨ ᠴᠤ᠌ ᠪᠣᠯ ᠥᠪᠥᠷ ᠦ᠋ᠨ ᠨᠢᠭᠡ ᠰᠠᠢᠨ ᠡᠷ᠎ᠡ ᠬᠥᠳᠡᠭᠡ ᠬᠣᠨᠣᠵᠤ ᠬᠥᠯᠳᠡᠵᠦ ᠦᠬᠦᠯ᠎ᠡ ᠭᠡᠳᠡᠭ ᠦᠯᠢᠭᠡᠷ ᠡᠭᠦᠰᠦᠨ᠎ᠡ ᠳᠡ !
— ᠲᠡᠷᠡ ᠨᠢ ᠴᠤ᠌ ᠶᠠᠭᠤ ᠯᠠ ᠪᠣᠯ ⁈ ᠬᠠᠷᠢᠨ ᠠᠢᠯ ᠤ᠋ᠨ ᠬᠠᠯᠠᠭᠤᠨ ᠬᠠᠶᠠᠭᠠᠨ ᠳ᠋ᠤ᠌ ᠢᠷᠡᠭᠡᠳ ᠭᠡᠷ ᠲᠡᠬᠢ ᠬᠥᠮᠦᠨ ᠨᠢ ᠡᠭᠦᠳᠡ ᠪᠡᠨ ᠲᠠᠢᠯᠬᠤ ᠦᠭᠡᠢ ᠭᠠᠳᠠᠭ᠎ᠠ ᠬᠣᠨᠣᠬᠤ ᠠ᠋ᠴᠠ ᠠᠶᠤᠵᠤ ᠪᠠᠢᠯ᠎ᠠ᠃
— ᠮᠢᠩᠭᠠᠨᠪᠤᠤ ᠠᠬ᠎ᠠ ᠶᠠᠮᠠᠷ ᠣᠯᠢᠭ ᠦᠭᠡᠢ ᠶᠦᠮ ᠪᠣᠢ? ᠥᠪᠡᠷ ᠢ᠋ᠶ᠋ᠡᠨ ᠨᠡᠷ᠎ᠡ ᠪᠡᠨ ᠬᠡᠯᠡᠬᠦ ᠦᠭᠡᠢ ᠡᠭᠦᠳᠡ ᠲᠠᠷᠴᠢᠭᠢᠨᠠᠭᠤᠯᠤᠭᠠᠳ ᠠᠢᠯ ᠤ᠋ᠨ ᠬᠡᠦᠬᠡᠨ ᠥᠬᠢᠨ ᠬᠥᠮᠦᠨ ᠢ᠋ ᠠᠶᠤᠯᠭᠠᠭᠰᠠᠨ ᠢ᠋ᠶ᠋ᠠᠨ ᠮᠡᠳᠡᠬᠦ ᠦᠭᠡᠢ ᠬᠠᠷᠢᠨ ᠪᠤᠷᠤᠭᠤ ᠶ᠋ᠢ ᠨᠢ ᠨᠠᠳᠠ ᠳ᠋ᠤ᠌ ᠳᠤᠬᠤᠴᠢᠬᠠᠭᠠᠳ ᠁ ᠭᠡᠵᠦ ᠢᠨᠢᠶᠡᠬᠦ ᠨᠢ ᠤᠯᠠᠮ ᠬᠥᠭᠡᠷᠦᠬᠦᠨ ᠬᠠᠷᠠᠭᠳᠠᠨ᠎ᠠ᠃
ᠮᠢᠩᠭᠠᠨᠪᠤᠤ ᠬᠤᠪᠢᠯᠴᠡᠴᠡᠭ ᠬᠣᠶᠠᠷ ᠤᠨ ᠠᠯᠢᠶᠠᠯᠠᠭᠰᠠᠨ ᠶᠠᠷᠢᠶ᠎ᠠ ᠶᠢ ᠴᠢᠩᠨᠠᠵᠤ ᠵᠣᠭᠰᠣᠭᠰᠠᠨ ᠢᠨᠵᠠᠭ᠎ᠠ ᠴᠠᠭᠠᠳᠤ ᠳᠠᠪᠰᠠᠭ ᠳᠡᠭᠡᠷ᠎ᠡ ᠡᠴᠡ ᠲᠦᠵᠢᠷᠡᠭ ᠭᠡᠲᠡᠯ᠎ᠡ ᠦᠰᠦᠷᠴᠦ ᠪᠠᠭᠤᠭᠠᠳ ᠬᠤᠪᠢᠯᠴᠡᠴᠡᠭ ᠤᠨ ᠬᠠᠵᠠᠭᠤ ᠳᠤ ᠢᠷᠡᠵᠦ ᠲᠡᠭᠦᠨ ᠦ ᠴᠢᠬᠢᠨ ᠤ ᠤᠭᠤᠷᠠᠭ ᠢ ᠰᠢᠮᠡᠭᠦ ᠭᠡᠵᠦ ᠨᠢᠳᠤᠴᠢᠭᠰᠠᠨ ᠨᠢ ᠭᠡᠢᠴᠢᠨ ᠳ᠋ᠡᠭᠡᠨ ᠬᠠᠯᠠᠭᠤᠨ ᠴᠠᠢ ᠠᠶᠠᠭᠠᠯᠠᠬᠤ ᠦᠭᠡᠢ ᠶᠤᠮ ᠤᠤ ᠭᠡᠬᠦ ᠰᠢᠭ ᠪᠠᠢᠪᠠ᠃ ᠬᠤᠪᠢᠯᠴᠡᠴᠡᠭ ᠢᠨᠵᠠᠭᠠᠨ ᠤ᠋ ᠪᠠᠨ ᠥᠯᠥᠰᠬᠦ ᠳ᠋ᠡᠭᠡᠨ ᠲᠡᠭᠦᠨ ᠦ᠌ ᠴᠢᠬᠢᠨ ᠦ᠌ ᠤᠭᠤᠷᠠᠭ ᠢ᠋ ᠰᠢᠮᠡᠳᠡᠭ ᠢ ᠰᠠᠨᠠᠵᠤ 《ᠦᠨᠡᠬᠡᠷ ᠪᠢ ᠴᠢᠨᠢ ᠶᠠᠭᠤᠨ ᠳ᠋ᠠᠭᠠᠨ ᠤᠬᠠᠭ᠎ᠠ ᠠᠯᠳᠠᠭᠠᠳ ᠢᠷᠡᠭᠰᠡᠨ ᠭᠡᠢᠴᠢᠨ ᠳ᠋ᠡᠭᠡᠨ ᠴᠠᠢ ᠠᠶᠠᠭᠠᠯᠠᠬᠤ ᠪᠠᠨ ᠮᠠᠷᠲᠠᠴᠢᠬᠠᠪᠠ ? 》 ᠭᠡᠳ ᠪᠤᠰᠴᠤ ᠬᠣᠪᠤᠩ ᠲᠠᠢ ᠭᠠᠯ ᠢ᠋ ᠰᠡᠷᠭᠦᠭᠡᠨ ᠴᠠᠢ ᠴᠤᠤ ᠪᠤᠴᠠᠯᠭᠠᠵᠤ᠂ ᠢᠳᠡᠵᠦ ᠤᠤᠭᠤᠬᠤ ᠶᠠᠭᠤᠮ᠎ᠠ ᠲᠥᠪᠬᠢᠨᠡᠭᠦᠯᠵᠦ ᠣᠢᠷᠠᠲᠤᠭᠤᠯᠤᠨ᠎ᠠ᠃
ᠫᠣᠷ ᠪᠣᠷ ᠪᠤᠴᠠᠯᠬᠤ ᠵᠢᠯᠠᠪᠴᠢ ᠲᠣᠭᠣᠭᠠᠨ ᠠ᠋ᠴᠠ ᠬᠠᠯᠠᠭᠤᠨ ᠠᠭᠤᠷ ᠰᠠᠪᠰᠠᠵᠤ᠂ ᠪᠣᠷᠣ ᠱᠥᠯᠦᠨ ᠦ᠌ ᠦᠨᠦᠷ ᠭᠡᠷ ᠳᠤᠯᠠᠭᠠᠯᠠᠨ ᠦᠨᠦᠷᠲᠦᠪᠡ᠃ ᠶᠢᠰᠦ ᠶᠢᠨ ᠬᠦᠢᠲᠡᠨ ᠦ᠌ ᠴᠠᠰᠤᠨ ᠳ᠋ᠤ᠌ ᠳᠠᠭᠠᠷᠠᠴᠤ ᠪᠡᠭᠡᠷᠡᠭᠰᠡᠨ ᠮᠢᠩᠭᠠᠨᠪᠤᠤ ᠶ᠋ᠢᠨ ᠪᠡᠶ᠎ᠡ ᠶ᠋ᠢ ᠪᠦᠯᠢᠶᠡᠰᠬᠡᠭᠰᠡᠨ ᠨᠢ ᠲᠡᠭᠦᠨ ᠳ᠋ᠦ᠍ ᠨᠢᠭᠡ ᠶᠣᠰᠣᠨ ᠤ ᠵᠢᠷᠭᠠᠯ ᠪᠠᠢᠯ᠎ᠠ᠃
ᠬᠣᠪᠣᠩ ᠤ᠋ᠨ ᠴᠣᠭ ᠳᠡᠭᠡᠷ᠎ᠡ ᠲᠠᠯᠪᠢᠭᠰᠠᠨ ᠵᠡᠰ ᠳᠡᠪᠦᠷ᠎ᠡ ᠲᠡᠢ ᠴᠠᠢ ᠳᠠᠷᠭᠢᠯᠤᠨ ᠪᠤᠴᠠᠯᠵᠤ᠂ ᠬᠤᠪᠢᠯᠴᠡᠴᠡᠭ ᠮᠢᠩᠭᠠᠨᠪᠤᠤ ᠳᠤ ᠮᠥᠩᠭᠦᠨ ᠠᠶᠠᠭᠠᠨ ᠳᠤ ᠴᠠᠢ ᠠᠶᠠᠭᠠᠯᠠᠪᠠ᠃
ᠴᠠᠰᠤ ᠰᠥᠬᠥᠷᠡᠭᠰᠡᠨ ᠶᠠᠳᠠᠷᠠᠭ᠎ᠠ ᠲᠠᠢ ᠵᠠᠮ ᠢ᠋ᠶ᠋ᠠᠷ ᠮᠣᠷᠢᠨ ᠤ᠋ ᠨᠢᠷᠤᠭᠤᠨ ᠳᠡᠭᠡᠷ᠎ᠡ ᠨᠢᠭᠡ ᠡᠳᠦᠷ ᠶᠥᠷᠭᠡᠭᠦᠯᠦᠭᠰᠡᠨ ᠮᠢᠩᠭᠠᠨᠪᠣᠣ ᠠᠢᠯ ᠤ᠋ᠨ ᠬᠡᠦᠬᠡᠨ ᠦ᠌ ᠴᠢᠨᠠᠭᠰᠠᠨ ᠥᠳᠬᠡᠨ ᠰᠢᠷᠭᠠᠯ ᠴᠠᠢ ᠶ᠋ᠢ ᠠᠮᠰᠠᠬᠤ ᠳ᠋ᠤ᠌ ᠶᠠᠳᠠᠷᠠᠭ᠎ᠠ ᠲᠠᠢᠯᠤᠭᠳᠠᠵᠤ ᠨᠢᠳᠦ ᠨᠢ ᠣᠩᠭᠣᠢᠬᠤ ᠰᠢᠭ᠋ ᠪᠣᠯᠪᠠ᠃
ᠴᠠᠢ ᠠᠮᠰᠠᠭᠰᠠᠨ ᠤ᠋ ᠳᠠᠷᠠᠭ᠎ᠠ ᠰᠠᠪᠠ ᠲᠠᠯᠪᠢᠬᠤ ᠭᠡᠵᠦ ᠲᠡᠯᠢᠩ ᠢᠶᠠᠨ ᠠᠭᠤᠳᠠᠯᠬᠤ ᠳ᠋ᠤ᠌ ᠳᠡᠭᠡᠷ᠎ᠡ ᠪᠡᠨ ᠤᠯᠠᠭᠠᠨ ᠵᠣᠰᠣ ᠲᠠᠢ ᠳᠣᠲᠣᠷ᠎ᠠ ᠠ᠋ᠴᠠ ᠨᠢ ᠲᠣᠰᠣ ᠨᠨᠪᠴᠢᠭᠰᠠᠠ ᠰᠢᠷ᠎ᠠ ᠪᠣᠷᠣ ᠴᠠᠭᠠᠰᠤᠨ ᠪᠠᠭᠯᠠᠭ᠎ᠠ ᠲᠠᠢ ᠨᠠᠷᠢᠨ ᠪᠣᠭᠣᠷᠰᠣᠭ᠂ ᠪᠤᠷᠠᠮ᠂ ᠮᠥᠰᠥᠨ ᠰᠢᠬᠢᠷ᠂ ᠬᠡᠪ ᠦ᠋ᠨ ᠴᠠᠢ᠂ ᠵᠢᠵᠢᠭᠬᠡᠨ ᠬᠣᠶᠠᠷ ᠬᠠᠷ᠎ᠠ ᠸᠠᠭᠠᠷ ᠤ᠋ᠨ ᠪᠣᠳᠣᠩ ᠲᠠᠢ ᠬᠠᠷ᠎ᠠ ᠠᠷᠢᠬᠢ᠂ ᠬᠣᠪᠢᠯᠴᠡᠴᠡᠭ ᠲᠦ ᠮᠥᠩᠭᠥᠨ ᠣᠳᠪᠠᠯᠠ ᠴᠡᠴᠡᠭ ᠦ᠋ᠨ ᠬᠡ ᠲᠡᠢ ᠨᠣᠭᠣᠭᠠᠨ ᠲᠣᠷᠭᠠᠨ ᠳᠡᠪᠡᠯ ᠦ᠋ᠨ ᠬᠣᠷᠭᠣᠢ ᠵᠡᠷᠭᠡ ᠶᠠᠭᠤᠮ᠎ᠠ ᠪᠠᠢᠯ᠎ᠠ᠃
ᠮᠢᠩᠭᠠᠪᠣᠣ ᠵᠡᠰ ᠳᠡᠪᠦᠷ᠎ᠡ ᠲᠡᠢ ᠴᠠᠢ ᠠ᠋ᠴᠠ ᠪᠣᠭᠣᠷᠰᠣᠭ᠂ ᠬᠡᠪ ᠦ᠋ᠨ ᠴᠠᠢ ᠳᠡᠭᠡᠷ᠎ᠡ ᠶᠠᠯᠢᠮᠬᠠᠠ ᠲᠥᠰᠦᠷᠭᠡᠵᠦ᠂ ᠵᠢᠵᠢᠭ ᠬᠠᠷ᠎ᠠ ᠪᠣᠳᠣᠩ ᠲᠠᠢ ᠠᠷᠢᠬᠢᠨ ᠤ᠋ ᠤᠯᠠᠭᠠᠨ ᠲᠣᠷᠭᠠᠨ ᠪᠣᠭᠣᠳᠠᠯ ᠢ᠋ ᠵᠠᠳᠠᠯᠵᠤ᠄
— ᠵᠠ᠂ ᠮᠢᠨᠦ ᠳᠡᠭᠦᠦ ᠡᠳᠡᠭᠡᠷ ᠢ᠋ ᠴᠠᠭᠠᠰᠢ ᠲᠡᠭᠡᠭᠰᠢᠯᠡᠭᠦᠯᠦᠭᠡᠴᠢ! ᠭᠡᠳ ᠬᠡᠪ ᠦ᠋ᠨ ᠴᠠᠢ᠂ ᠪᠣᠭᠣᠳᠠᠯ ᠲᠠᠢ ᠨᠠᠷᠢᠨ ᠪᠣᠭᠣᠷᠰᠣᠭ᠂ ᠰᠢᠬᠢᠷ ᠴᠢᠪᠠᠭ᠎ᠠ ᠵᠡᠷᠭᠡ ᠢᠳᠡᠭᠡᠨ ᠢ᠋ ᠬᠣᠪᠢᠯᠴᠡᠴᠡᠭ ᠲᠦ᠍ ᠳᠠᠮᠵᠢᠭᠤᠯᠪᠠ᠃
— ᠨᠠᠨ ᠰᠠᠢᠨ ᠠᠷᠢᠬᠢ ᠶᠤᠮ! ᠨᠠᠰᠤᠲᠠᠢ ᠠᠪᠤ ᠳ᠋ᠤ᠌ ᠥᠭᠭᠦᠶ᠎ᠡ ᠭᠡᠵᠦ ᠥᠨᠥᠬᠢ ᠬᠣᠶᠠᠷ ᠵᠢᠵᠢᠭ ᠪᠣᠳᠣᠩ ᠲᠠᠢ ᠠᠷᠢᠬᠢ ᠶ᠋ᠢ ᠭᠠᠷᠳᠠᠭᠤᠯᠤᠨ᠎ᠠ᠃
— ᠡᠭᠦᠨ ᠢ᠋ ᠴᠢᠮᠠᠶ᠋ᠢ ᠳ᠋ᠤ᠌ ᠭᠡᠳ ᠳᠡᠪᠡᠯ ᠦ᠋ᠨ ᠬᠣᠷᠭᠣᠢ ᠶ᠋ᠢ ᠥᠭᠬᠦ ᠳ᠋ᠦ᠍ ᠬᠣᠪᠢᠯᠴᠡᠴᠡᠭ ᠪᠠᠶᠠᠷᠯᠠᠭᠰᠠᠨ ᠢᠴᠢᠭᠰᠡᠨ ᠠᠯᠢᠨ ᠠ᠋ᠴᠠ ᠪᠣᠯᠤᠭᠰᠠᠨ ᠨᠢ ᠮᠡᠳᠡᠭᠳᠡᠬᠦ ᠦᠭᠡᠢ ᠴᠢᠷᠠᠢ ᠨᠢ ᠤᠯᠠᠢᠪᠠ ᠁
— ᠲᠠ ᠢᠩᠭᠢᠵᠦ ᠮᠥᠩᠭᠥ ᠦᠷᠡᠭᠡᠵᠣ ᠶᠠᠭᠠᠬᠢᠬᠤ ᠭᠡᠰᠡᠨ ᠶᠦᠮ? ᠭᠡᠳ ᠡᠪ ᠦᠭᠡᠢᠷᠬᠡᠭᠰᠡᠨ ᠬᠣᠪᠢᠯᠴᠡᠴᠡᠭ᠂《 ᠭᠠᠷ ᠬᠣᠭᠣᠰᠣᠨ ᠬᠦᠷᠦᠭᠡᠳ ᠢᠷᠡᠭᠰᠡᠨ ᠴᠤ᠌ ᠪᠢ ᠪᠠᠶᠠᠷᠯᠠᠨ᠎ᠠ》 ᠭᠡᠰᠡᠨ ᠰᠢᠭ ᠪᠠᠢᠯ᠎ᠠ᠃
— ᠶᠠᠭᠠᠬᠢᠬᠤ ᠪᠣᠢ ᠳᠠ! ᠮᠣᠩᠭᠣᠯ ᠬᠥᠮᠦᠨ ᠬᠡᠵᠢᠶ᠎ᠡ ᠭᠠᠷ ᠬᠣᠭᠣᠰᠣᠨ ᠭᠠᠨᠵᠤᠭ᠎ᠠ ᠰᠤᠯᠠ ᠶᠠᠪᠤᠳᠠᠭ ᠪᠠᠢᠪᠠ⁈ ᠭᠡᠳ ᠮᠢᠩᠭᠠᠨᠪᠣᠣ ᠢᠨᠢᠶᠡᠪᠡᠯ ᠲᠡᠭᠦᠨ ᠦ᠌ ᠬᠥᠷᠥᠰᠥᠯᠢᠭ ᠪᠣᠷᠣ ᠴᠢᠷᠠᠢ ᠳ᠋ᠤᠨᠢ ᠰᠢᠩᠭᠡᠰᠢ ᠦᠭᠡᠢ ᠨᠠᠷᠠ ᠰᠠᠴᠤᠷᠠᠬᠤ ᠰᠢᠭ᠋ ᠬᠠᠷᠠᠭᠳᠠᠨ᠎ᠠ᠃
ᠲᠠᠪᠠᠭ ᠲᠤ ᠡᠪᠴᠢᠭᠦᠦ ᠳᠥᠷᠪᠡᠨ ᠥᠨᠳᠥᠷ᠂ ᠳᠠᠯᠤ ᠰᠡᠭᠦᠵᠢ ᠲᠠᠪᠠᠭᠯᠠᠵᠤ ᠲᠠᠯᠪᠢᠭᠠᠳ ᠬᠣᠪᠢᠯᠴᠡᠴᠡᠭ ᠴᠠᠭᠠᠳᠤ ᠳᠠᠪᠰᠠᠭ ᠡᠴᠡ ᠳᠤᠨᠳᠠᠭᠤᠷ ᠰᠢᠯ ᠤᠯᠠᠪᠤᠷ ᠰᠢᠷ᠎ᠠ ᠠᠷᠢᠬᠢ ᠭᠠᠷᠭᠠᠵᠤ ᠡᠪᠡᠷ ᠬᠤᠨᠳᠠᠭᠠᠨ ᠳ᠋ᠤ᠌ ᠬᠤᠨᠳᠠᠭᠠᠯᠠᠪᠠ᠃
— ᠵᠠ᠂ ᠮᠢᠩᠭᠠᠠᠪᠣᠣ ᠠᠬ᠎ᠠ ᠲᠠ ᠵᠠᠮ ᠳ᠋ᠠᠭᠠᠨ ᠲᠠᠭᠠᠷᠠᠭᠰᠠᠨ ᠪᠠᠢᠯᠭᠦᠢ! ᠭᠡᠵᠦ ᠬᠣᠪᠢᠯᠴᠡᠴᠡᠭ ᠮᠢᠩᠭᠠᠠᠪᠣᠣ ᠳ᠋ᠤ᠌ ᠠᠷᠢᠬᠢ ᠪᠠᠷᠢᠪᠠᠯ ᠮᠢᠩᠭᠠᠠᠪᠣᠣ ᠬᠤᠨᠳᠠᠭ᠎ᠠ ᠶ᠋ᠢ ᠲᠣᠰᠴᠤ ᠭᠤᠷᠪᠠᠨᠲᠠ ᠢᠳᠠᠮᠯᠠᠵᠤ ᠠᠮᠰᠠᠬᠤᠢᠴᠠ ᠪᠣᠯᠤᠭᠠᠳ᠄
— ᠵᠠ᠂ ᠮᠢᠨᠦ ᠳᠡᠭᠦᠦ ᠡᠭᠦᠨ ᠢ᠋ᠶ᠋ᠡᠨ ᠴᠠᠭᠠᠰᠢ ᠳᠡᠭᠡᠭᠰᠢᠯᠡᠭᠦᠯᠴᠢᠬᠡ! ᠳᠡᠭᠡᠵᠢ ᠶ᠋ᠢ ᠨᠢ ᠠᠮᠰᠠᠴᠢᠬᠠᠯᠠ ᠭᠡᠳ ᠬᠤᠨᠳᠠᠭ᠎ᠠ ᠲᠠᠢ ᠠᠷᠢᠬᠢ ᠶ᠋ᠢ ᠪᠤᠴᠠᠭᠠᠬᠤ ᠭᠡᠪᠡᠯ ᠬᠤᠪᠢᠯᠴᠡᠴᠡᠭ᠄
— ᠠᠬ᠎ᠠ ᠲᠠ ᠲᠣᠭᠲᠠᠭᠠᠴᠢᠬ᠎ᠠ! ᠪᠤᠭᠤ ᠶ᠋ᠢᠨ ᠴᠢᠰᠤ ᠲᠠᠢ ᠠᠷᠢᠬᠢ ᠶᠤᠮ ᠰᠢᠦ! ᠠᠪᠤ ᠲᠠᠩᠳᠠ ᠬᠦᠢᠲᠡᠨ ᠳ᠋ᠦ᠍ ᠲᠠᠭᠠᠷᠠᠵᠤ ᠢᠷᠡᠪᠡᠯ ᠪᠡᠶ᠎ᠡ ᠪᠦᠯᠢᠶᠡᠰᠦᠶᠡ ᠭᠡᠵᠦ ᠭᠠᠭᠴᠠ ᠬᠣᠶᠠᠷ ᠭᠡᠮ ᠤᠤᠭᠤᠳᠠᠭ ᠶᠤᠮ᠃ ᠲᠡᠭᠡᠬᠦ ᠳ᠋ᠡᠭᠡᠨ ᠪᠠᠷᠤᠭ ᠤ᠋ᠨ ᠬᠥᠮᠦᠨ ᠳ᠋ᠦ᠍ ᠭᠠᠷᠭᠠᠵᠤ ᠥᠭᠳᠡᠭ ᠦᠭᠡᠢ ᠰᠢᠦ! ᠭᠡᠬᠦ ᠳ᠋ᠦ᠍ ᠮᠢᠩᠭᠠᠨᠪᠤᠤ ᠬᠤᠨᠳᠠᠭ᠎ᠠ ᠲᠠᠢ ᠠᠷᠢᠬᠢ ᠶ᠋ᠢ ᠬᠥᠨᠲᠥᠷᠪᠡ᠃
ᠬᠤᠪᠢᠯᠴᠡᠴᠡᠭ ᠦ᠋ᠨ ᠠᠶᠠᠭᠠᠯᠠᠭᠰᠠᠨ ᠪᠤᠳᠠᠭ᠎ᠠ ᠲᠠᠢ ᠰᠢᠷᠭᠠᠯ ᠡᠬᠡᠭᠦᠨ ᠴᠠᠢ ᠠ᠋ᠴᠠ ᠣᠭᠣᠴᠢᠯᠠᠵᠤ᠂ ᠪᠤᠭᠤ ᠶ᠋ᠢᠨ ᠴᠢᠰᠤ ᠲᠠᠢ ᠠᠷᠢᠬᠢᠨ ᠠ᠋ᠴᠠ ᠠᠮᠰᠠᠨ ᠬᠦᠢᠲᠡᠨ ᠳ᠋ᠦ᠍ ᠵᠢᠬᠡᠭᠦᠴᠡᠭᠰᠡᠨ ᠪᠡᠶ᠎ᠡ ᠨᠢ ᠪᠦᠯᠢᠶᠡᠰᠦᠨ ᠲᠠᠯᠪᠢᠭᠳᠠᠭᠰᠠᠨ ᠳ᠋ᠤ᠌ ᠮᠢᠩᠭᠠᠨᠪᠤᠤ ᠲᠠᠪᠠᠭ ᠲᠠᠢ ᠲᠠᠷᠭᠤᠨ ᠮᠢᠬᠠᠨ ᠠ᠋ᠴᠠ ᠴᠢᠯᠥᠭᠡ ᠦᠭᠡᠢ ᠣᠭᠲᠣᠯᠤᠨ ᠢᠳᠡᠬᠦ ᠳ᠋ᠦ᠍ ᠵᠠᠪᠠᠵᠢᠨ ᠠ᠋ᠴᠠ ᠨᠢ ᠲᠣᠰᠣ ᠭᠣᠭᠣᠵᠢᠵᠤ ᠳ᠋ᠧᠩ ᠦ᠋ᠨ ᠭᠡᠷᠡᠯ ᠳ᠋ᠦ᠍ ᠭᠢᠯᠲᠦᠭᠡᠨᠡᠨ ᠬᠠᠷᠠᠭᠳᠠᠨ᠎ᠠ᠃
ᠮᠢᠩᠭᠠᠨᠪᠤᠤ ᠬᠢᠲᠤᠭ᠎ᠠ ᠪᠠᠨ ᠵᠦᠯᠭᠦᠵᠦ ᠵᠠᠭᠠᠨ ᠤ᠋ ᠶᠠᠰᠤᠨ ᠰᠠᠪᠬ᠎ᠠ ᠪᠠᠨ ᠬᠣᠶᠠᠷ ᠠᠯᠠᠭ᠎ᠠ ᠪᠠᠷ ᠢ᠋ᠶ᠋ᠠᠨ ᠬᠠᠪᠢᠷᠤᠨ ᠠᠷᠴᠢᠵᠤ ᠬᠤᠢᠯᠠᠭᠠᠳ ᠡᠭᠦᠯᠡᠨ ᠴᠠᠭᠠᠨ ᠤᠭᠠᠯᠵᠠ ᠲᠠᠢ ᠹᠧᠢᠰᠦ᠋ᠢ ᠰᠢᠯᠪᠢ ᠲᠡᠢ ᠮᠥᠩᠭᠥᠨ ᠲᠣᠯᠣᠭᠠᠢᠲᠤ ᠭᠠᠩᠰᠠᠨ ᠳ᠋ᠠᠭᠠᠨ ᠳᠦᠭᠦᠷᠡᠩ ᠲᠠᠮᠠᠬᠢ ᠨᠡᠷᠡᠵᠦ ᠶᠤᠸᠠᠨ ᠱᠢ ᠺᠠᠢ ᠶ᠋ᠢᠨ ᠲᠣᠯᠣᠭᠠᠢ ᠶ᠋ᠢᠨ ᠬᠥᠷᠥᠭ ᠲᠡᠢ ᠣᠭᠣᠰᠣᠷᠲᠤ ᠴᠠᠭᠠᠨ ᠵᠣᠭᠣᠰ ᠢ᠋ᠶ᠋ᠠᠷ ᠣᠪᠣᠭᠠᠯᠠᠨ ᠨᠡᠷᠡᠭᠰᠡᠨ ᠲᠠᠮᠠᠬᠢ ᠶ᠋ᠢ ᠳᠠᠷᠤᠵᠤ ᠲᠡᠭᠰᠢᠯᠡᠭᠡᠳ ᠰᠢᠨᠤᠯᠲᠠᠢᠬᠠᠨ ᠰᠣᠷᠣᠬᠤ ᠳ᠋ᠤ᠌ ᠤᠭᠠᠯᠵᠠᠷᠠᠭᠰᠠᠨ ᠰᠢᠷ᠎ᠠ ᠤᠲᠤᠭ᠎ᠠ ᠭᠡᠷ ᠦ᠋ᠨ ᠲᠠᠭᠠᠵᠠ ᠳ᠋ᠤ᠌ ᠮᠠᠨᠠᠷᠠᠨ᠎ᠠ᠃ ᠬᠦᠢᠲᠡᠨ ᠳ᠋ᠦ᠍ ᠬᠥᠳᠡᠭᠡ ᠭᠠᠳᠠᠭ᠎ᠠ ᠠᠳᠤᠭᠤ ᠮᠠᠯ ᠳ᠋ᠤ᠌ ᠶᠠᠪᠤᠵᠤ ᠶᠠᠪᠤᠵᠤ ᠲᠠᠭᠠᠷᠠᠵᠤ ᠪᠡᠭᠡᠷᠡᠭᠰᠡᠨ ᠬᠥᠮᠦᠨ ᠳᠤᠯᠠᠭᠠᠬᠠᠨ ᠭᠡᠷ ᠲᠦ᠍ ᠰᠢᠷᠭᠤᠵᠤ ᠲᠠᠷᠭᠤᠨ ᠮᠢᠬ᠎ᠠ ᠢᠳᠡᠵᠦ ᠬᠠᠨᠳᠠ ᠱᠥᠯᠥ ᠣᠭᠣᠴᠢᠯᠠᠨ ᠳᠡᠭᠡᠷ᠎ᠡ ᠡᠴᠡ ᠨᠢ ᠪᠠᠰᠠ ᠬᠣᠶᠠᠷ ᠭᠡᠮ ᠠᠷᠢᠬᠢ ᠪᠠᠯᠭᠤᠬᠤ ᠨᠢ ᠪᠡᠶ᠎ᠡ ᠪᠦᠯᠢᠶᠡᠰᠬᠦ ᠶ᠋ᠢ ᠬᠡᠯᠡᠬᠦ ᠦᠭᠡᠢ ᠶᠠᠳᠠᠷᠠᠭ᠎ᠠ ᠴᠢᠯᠡᠭᠡ ᠲᠠᠢᠯᠳᠠᠭ ᠢ᠋ ᠥᠭᠦᠯᠡᠬᠦ ᠶᠠᠭᠤᠨ⁈ ᠢᠳᠡᠵᠦ ᠤᠤᠭᠤᠵᠤ ᠴᠠᠳᠴᠤ ᠬᠠᠨᠤᠭᠠᠳ ᠠᠶᠠᠭ᠎ᠠ ᠪᠠᠨ ᠲᠦᠯᠬᠢᠵᠦ ᠠᠷᠤᠨᠰᠢ ᠪᠠᠨ ᠰᠠᠭᠤᠵᠤ ᠲᠠᠮᠠᠬᠢᠯᠠᠬᠤ ᠨᠢ ᠡᠷ᠎ᠡ ᠬᠥᠮᠦᠨ ᠦ᠌ ᠨᠢᠭᠡ ᠴᠠᠭ ᠤ᠋ᠨ ᠵᠢᠷᠭᠠᠯ ᠭᠡᠳᠡᠭ ᠪᠣᠯ ᠥᠨᠥᠳᠥᠷ ᠮᠢᠩᠭᠠᠨᠪᠤᠤ ᠡᠨᠡ ᠪᠦᠬᠦᠢ ᠵᠢᠷᠭᠠᠯ ᠢ᠋ ᠡᠳ᠋ᠯᠡᠭᠡᠳ ᠵᠣᠭᠰᠣᠭ᠎ᠠ ᠦᠭᠡᠢ ᠪᠠᠰᠠ ᠤᠯᠢᠶᠠᠷᠬᠠᠭ ᠰᠡᠴᠡᠨ ᠬᠡᠦᠬᠡᠨ ᠬᠤᠪᠢᠯᠴᠡᠴᠡᠭ ᠢ᠋ᠶ᠋ᠡᠷ ᠲᠠᠢᠯᠠᠭᠤᠯᠵᠤ ᠰᠠᠭᠤᠬᠤ ᠳ᠋ᠠᠭᠠᠨ ᠰᠡᠳᠬᠢᠯ ᠳ᠋ᠦ᠍ᠨᠢ ᠬᠡᠴᠢᠨᠡᠭᠡᠨ ᠵᠢᠷᠭᠠᠯ ᠲᠠᠢ ᠰᠠᠨᠠᠭᠳᠠᠬᠤ ᠶ᠋ᠢ ᠥᠭᠦᠯᠡᠵᠦ ᠬᠡᠷᠬᠢᠨ ᠪᠠᠷᠠᠨ᠎ᠠ⁈
— ᠮᠢᠩᠭᠠᠨᠪᠤᠤ ᠠᠬ᠎ᠠ ᠪᠢᠲᠡᠭᠡᠢ ᠵᠡᠨᠵᠡᠢᠯᠡ! ᠰᠠᠢᠨ ᠢᠳᠡᠭᠡᠴᠢ᠂ ᠬᠦᠢᠲᠡᠨ ᠳ᠋ᠦ᠍ ᠬᠣᠯᠠ ᠵᠠᠮ ᠬᠥᠭᠡᠭᠡᠭᠰᠡᠨ ᠬᠥᠮᠦᠨ ᠶᠠᠳᠠᠷᠠᠵᠤ ᠥᠯᠥᠰᠦᠭᠰᠡᠨ ᠪᠠᠢᠯᠭᠦᠢ! ᠭᠡᠷ ᠲᠡᠭᠡᠨ ᠢᠷᠡᠭᠰᠡᠨ ᠰᠢᠭ ᠯᠡ ᠪᠠᠢᠭᠠᠷᠠᠢ!
— ᠳᠡᠭᠡᠯ ᠯᠡ ᠦᠭᠡᠢ ᠶᠠᠭᠠᠬᠢᠬᠤ ᠪᠣᠢ! ᠪᠢ ᠴᠤ᠌ ᠶᠤᠰᠤᠲᠠᠢ ᠬᠣᠯᠠ ᠶᠠᠪᠤᠭᠠᠳ ᠭᠡᠷ ᠲᠡᠭᠡᠨ ᠬᠠᠷᠢᠵᠤ ᠢᠷᠡᠭᠰᠡᠨ ᠰᠢᠭ ᠪᠣᠯᠤᠯ᠎ᠠ᠃ ᠶᠠᠭᠠᠬᠢᠯ᠎ᠠ ᠭᠡᠵᠦ ᠡᠷᠡᠭᠡᠯᠡᠬᠦ ᠪᠢᠯᠡ ?
— ᠵᠥᠪ ᠳᠡ᠂ ᠵᠥᠪ! ᠭᠡᠳ ᠬᠤᠪᠢᠯᠴᠡᠴᠡᠭ ᠳᠡᠪᠦᠷ᠎ᠡ ᠲᠡᠢ ᠴᠠᠢ ᠠᠶᠠᠭ᠎ᠠ ᠬᠣᠶᠠᠷ ᠠ᠋ᠴᠠ ᠪᠤᠰᠤᠳ ᠢ᠋ ᠨᠢ ᠴᠠᠭᠠᠰᠢ ᠠᠬᠤᠢᠯᠠᠪᠠ᠃
ᠬᠥᠭᠡᠷᠦᠬᠦᠨ ᠢᠨᠵᠠᠭ᠎ᠠ ᠡᠨᠡ ᠡᠵᠡᠭᠦᠢ ᠬᠦᠳᠡᠷ ᠡᠷ᠎ᠡ ᠶ᠋ᠢ ᠠᠩᠬ᠎ᠠ ᠬᠦᠨᠡᠢᠷᠬᠡᠵᠦ ᠪᠠᠢᠭᠰᠠᠨ ᠢᠶᠠᠨ ᠲᠡᠷᠡ ᠡᠷ᠎ᠡ ᠭᠡᠷ ᠦ᠋ᠨ ᠡᠵᠡᠨ ᠬᠥᠮᠦᠨ ᠰᠢᠭ ᠬᠣᠢᠮᠣᠷ ᠲᠤ᠌ ᠵᠠᠪᠢᠯᠠᠵᠤ ᠰᠠᠭᠤᠭᠠᠳ ᠬᠤᠪᠢᠯᠴᠡᠴᠡᠭ ᠲᠠᠢ ᠳᠦᠩᠭᠦᠷ ᠳᠦᠩᠭᠦᠷ ᠶᠠᠷᠢᠯᠴᠠᠬᠤ ᠶ᠋ᠢ ᠴᠢᠩᠨᠠᠨ ᠲᠡᠭᠦᠨ ᠦ᠌ ᠡᠷᠡᠭᠡ ᠵᠢᠷᠣᠭ᠎ᠠ ᠦᠭᠡᠢ ᠢᠳᠡᠵᠦ ᠤᠤᠭᠤᠬᠤ ᠶ᠋ᠢ ᠬᠠᠷᠠᠭᠰᠠᠭᠠᠷ ᠨᠢᠭᠡ ᠮᠡᠳᠡᠬᠦ ᠳ᠋ᠦ᠍ ᠤᠨᠲᠠᠵᠤ ᠣᠷᠬᠢᠵᠠᠢ᠃ ᠬᠥᠭᠡᠷᠦᠬᠦᠨ ᠬᠣᠰᠢᠭᠤ ᠪᠠᠨ ᠱᠥᠪᠥᠢᠯᠭᠡᠨ ᠬᠠ ᠪᠠᠨ ᠳᠡᠷᠡᠯᠡᠵᠦ ᠨᠤᠭᠳᠤᠢᠨ ᠤᠨᠲᠠᠭᠰᠠᠨ ᠢᠨᠵᠠᠭ᠎ᠠ ᠪᠠᠨ ᠬᠤᠪᠢᠯᠴᠡᠴᠡᠭ ᠥᠬᠥᠭᠡᠷᠳᠡᠨ ᠦᠨᠦᠰᠴᠦ 《 ᠬᠥᠭᠡᠷᠦᠬᠦᠨ ᠠᠮᠢᠲᠠᠨ ᠶᠤᠮ ᠠ᠋ 》ᠭᠡᠪᠡ᠃
ᠪᠣᠷᠣ ᠭᠥᠷᠦᠭᠡᠰᠦᠨ ᠦ᠌ ᠵᠤᠯᠵᠠᠭ᠎ᠠ ᠶ᠋ᠢ ᠬᠦᠷᠲᠡᠯ᠎ᠡ ᠠᠮᠢ ᠲᠠᠢ ᠪᠠᠨ ᠬᠣᠯᠪᠣᠵᠤ ᠥᠬᠥᠭᠡᠷᠳᠡᠵᠦ ᠪᠠᠢᠭ᠎ᠠ ᠬᠤᠪᠢᠯᠴᠡᠴᠡᠭ ᠢ ᠬᠠᠷᠠᠭᠠᠳ ᠮᠢᠩᠭᠠᠨᠪᠤᠤ ᠲᠣᠲᠣᠷ᠎ᠠ ᠪᠠᠨ 《ᠥᠪᠡᠷ ᠢ᠋ᠶ᠋ᠡᠨ ᠬᠡᠦᠬᠡᠳ ᠲᠡᠢ ᠪᠣᠯᠬᠤ ᠶᠤᠮ ᠪᠣᠯ ᠡᠨᠡ ᠵᠠᠯᠠᠭᠤ ᠡᠬᠡ ᠡᠯᠢᠭᠡᠨ ᠡᠴᠡ ᠨᠢ ᠡᠮᠲᠡᠷᠡᠭᠰᠡᠨ ᠮᠢᠬ᠎ᠠ ᠭᠡᠵᠦ ᠦᠷ᠎ᠡ ᠪᠡᠨ ᠶᠠᠭᠠᠬᠢᠵᠤ ᠴᠤ᠌ ᠬᠠᠢᠷᠠᠯᠠᠳᠠᠭ ᠪᠣᠯ ᠳᠠ?》 ᠭᠡᠵᠦ ᠪᠣᠳᠣᠬᠤ ᠲᠠᠢ ᠵᠡᠷᠭᠡ ᠵᠢᠷᠦᠬᠡ ᠨᠢ ᠰᠦᠷᠡᠬᠡᠢ ᠪᠤᠯᠭᠢᠯᠠᠪᠠ᠃
ᠮᠢᠩᠭᠠᠨᠪᠤᠤ ᠶ᠋ᠢᠨ ᠰᠡᠳᠬᠢᠯ ᠳ᠋ᠦ᠍ ᠠᠢᠯ ᠤ᠋ᠨ ᠡᠨᠡ ᠬᠡᠦᠬᠡᠨ ᠢ᠋ ᠬᠠᠢᠷᠠᠯᠠᠬᠤ ᠪᠣᠳᠣᠯ ᠶᠠᠭᠠᠬᠢᠬᠤ ᠠᠷᠭ᠎ᠠ ᠦᠭᠡᠢ ᠣᠪᠣᠯᠵᠠᠵᠤ ᠵᠢᠷᠦᠬᠡ ᠶ᠋ᠢ ᠨᠢ ᠲᠦᠭᠰᠢᠭᠦᠯᠵᠦ ᠪᠠᠢᠭ᠎ᠠ ᠨᠢ ᠡᠨᠡ!
ᠬᠤᠪᠢᠯᠴᠡᠴᠡᠭ ᠮᠢᠩᠭᠠᠨᠪᠤᠤ ᠳᠤ ᠪᠠᠷᠠᠭᠤᠨ ᠲᠠᠯ᠎ᠠ ᠪᠠᠷ ᠢᠮᠠᠭᠠᠨ ᠳᠡᠪᠢᠰᠭᠡᠷ ᠳᠡᠪᠢᠰᠴᠤ ᠬᠣᠨᠢᠨ ᠬᠥᠨᠵᠢᠯᠡ ᠥᠭᠭᠦᠭᠡᠳ ᠥᠪᠡᠷ ᠢᠶᠡᠨ ᠵᠡᠭᠦᠨ ᠲᠠᠯ᠎ᠠ ᠪᠠᠷ ᠢᠨᠵᠠᠭᠠᠨ ᠤ ᠬᠠᠵᠠᠭᠤ ᠪᠠᠷ ᠣᠷᠣ ᠵᠠᠰᠠᠪᠠ᠃
ᠱᠥᠯᠦᠨ ᠲᠣᠰᠣᠨ ᠳ᠋ᠧᠩ ᠤᠨᠲᠠᠷᠠᠭᠠᠳ ᠨᠡᠯᠢᠶᠡᠳ ᠤᠳᠠᠭᠰᠠᠨ ᠪᠣᠯᠪᠠᠴᠤ ᠬᠤᠪᠢᠯᠴᠡᠴᠡᠭ ᠨᠣᠢᠷ ᠬᠤᠯᠵᠢᠵᠤ ᠡᠷᠭᠢᠨ ᠤᠷᠪᠠᠵᠤ ᠤᠨᠲᠠᠵᠤ ᠦᠯᠦ ᠣᠷᠣᠨ᠎ᠠ᠃ ᠴᠣᠬᠣᠮ ᠶᠠᠭᠠᠬᠢᠭᠠᠳ ᠤᠨᠲᠠᠵᠤ ᠨᠣᠢᠷ ᠢᠷᠡᠳᠡᠭ ᠦᠭᠡᠢ ᠪᠡᠨ ᠲᠡᠷᠡ ᠥᠪᠡᠷ ᠢ᠋ᠶ᠋ᠡᠨ ᠴᠤ᠌ ᠮᠡᠳᠡᠬᠦ ᠦᠭᠡᠢ ᠪᠠᠢᠪᠠ᠃ ᠢᠩᠭᠢᠵᠦ ᠰᠡᠷᠡᠭᠦᠨ ᠬᠡᠪᠲᠡᠬᠦ ᠳ᠋ᠡᠭᠡᠨ ᠪᠣᠳᠣᠯ ᠳ᠋ᠤᠨᠢ ᠡᠯᠳᠡᠪ ᠶᠠᠭᠤᠮ᠎ᠠ ᠣᠷᠣᠵᠤ ᠪᠠᠢᠯ᠎ᠠ᠃ ᠭᠡᠨᠡᠳᠲᠡ ᠲᠡᠷᠡ ᠨᠢᠭᠡ ᠤᠳᠠᠭᠠᠨ ᠤ᠋ ᠭᠡᠨᠡᠨ ᠶᠠᠪᠤᠳᠠᠯ ᠢ᠋ᠶ᠋ᠠᠨ ᠳᠠᠬᠢᠨ ᠪᠣᠳᠣᠯ᠎ᠠ ᠁
ᠨᠢᠭᠡ ᠰᠥᠨᠢ ᠲᠡᠷᠡ ᠵᠠᠨᠴᠢᠭᠳᠠᠭᠰᠠᠨ ᠰᠢᠭ᠋ ᠪᠡᠶ᠎ᠡ ᠪᠠᠯᠠᠷᠠᠨ ᠯᠦᠭ ᠰᠦᠭ ᠦᠭᠡᠢ ᠤᠨᠲᠠᠴᠢᠬᠠᠵᠠᠢ᠃ ᠨᠢᠭᠡ ᠮᠡᠳᠡᠬᠦᠢ ᠳ᠋ᠦ᠍ ᠬᠠᠷᠠᠩᠭᠤᠢ ᠰᠥᠨᠢ ᠡᠵᠡᠭᠦᠢ ᠬᠡᠭᠡᠷ᠎ᠡ ᠵᠣᠷᠢᠯᠭ᠎ᠠ ᠦᠭᠡᠢ ᠲᠡᠨᠦᠵᠦ ᠶᠠᠪᠤᠭᠰᠠᠭᠠᠷ ᠭᠦᠨ ᠬᠠᠷ᠎ᠠ ᠨᠦᠬᠡᠨ ᠳ᠋ᠦ᠍ ᠤᠨᠠᠭᠠᠳ ᠬᠡᠷᠬᠢᠨ ᠮᠠᠴᠤᠪᠠᠴᠤ ᠭᠠᠷᠴᠤ ᠴᠢᠳᠠᠬᠤ ᠦᠭᠡᠢ ᠪᠠᠢᠯ᠎ᠠ᠃ ᠪᠠᠷᠬᠢᠷᠠᠶᠠ ᠭᠡᠬᠦ ᠳ᠋ᠦ᠍ ᠠᠮᠢᠰᠬᠤᠭ᠎ᠠ ᠨᠢ ᠪᠢᠲᠡᠭᠦᠷᠡᠭᠡᠳ ᠳᠠᠭᠤ ᠭᠠᠷᠬᠤ ᠦᠭᠡᠢ᠃ ᠶᠠᠭ ᠯᠠ ᠳᠡᠭᠡᠷ᠎ᠡ ᠡᠴᠡ ᠨᠢ ᠬᠦᠨᠳᠦ ᠴᠢᠯᠠᠭᠤ ᠳᠠᠷᠤᠭᠰᠠᠨ ᠰᠢᠭ᠋ ᠪᠠᠢᠪᠠ ᠁ ᠭᠡᠨᠡᠳᠲᠡ ᠲᠡᠭᠦᠨ ᠦ᠌ ᠬᠠᠮᠤᠭ ᠤ᠋ᠨ ᠡᠮᠵᠡᠭ ᠭᠠᠵᠠᠷ ᠨᠢ ᠡᠪᠡᠳᠬᠦ ᠰᠢᠭ ᠪᠣᠯᠬᠤᠯ᠎ᠠ ᠬᠤᠪᠢᠯᠴᠡᠴᠡᠭ ᠰᠣᠴᠢᠨ ᠰᠡᠷᠡᠪᠡ᠃ ᠨᠢᠭᠡ ᠲᠣᠮᠣ ᠡᠷ᠎ᠡ ᠲᠡᠭᠦᠨ ᠦ᠌ ᠳᠡᠭᠡᠷ᠎ᠡ ᠡᠴᠡ ᠨᠢ ᠳᠠᠷᠤᠵᠤ ᠪᠣᠨᠲᠣᠭᠣᠷ ᠮᠥᠮᠥ ᠶ᠋ᠢᠨ ᠬᠢᠨᠢ ᠬᠡᠦᠬᠡᠨ ᠴᠡᠴᠡᠭ ᠢ᠋ ᠨᠢ ᠡᠮᠬᠦᠴᠢᠭᠡᠭᠡᠳ ᠬᠦᠯᠬᠦᠵᠦ ᠪᠠᠢᠯ᠎ᠠ᠃
ᠬᠤᠪᠢᠯᠴᠡᠴᠡᠭ ᠢᠴᠢᠵᠦ ᠠᠭᠤᠷᠯᠠᠬᠤ ᠶ᠋ᠢᠨ ᠲᠤᠢᠯ ᠳ᠋ᠤ᠌ ᠬᠦᠷᠴᠦ ᠲᠡᠷᠡ ᠡᠷ᠎ᠡ ᠶ᠋ᠢ ᠲᠦᠯᠬᠢᠨ ᠵᠠᠢᠯᠠᠭᠤᠯᠤᠭᠠᠳ᠄
— ᠬᠡᠨ ᠪᠣᠢ ? ᠭᠡᠵᠦ ᠬᠠᠰᠬᠢᠷᠤᠭᠰᠠᠨ ᠳ᠋ᠤ᠌᠄
— ᠪᠢ ᠨᠠᠮᠳᠠᠭ ᠪᠠᠢᠨ᠎ᠠ᠃ ᠲᠠᠨᠢᠬᠤ ᠦᠭᠡᠢ ᠪᠠᠢᠨ᠎ᠠ ᠤᠤ ᠭᠡᠰᠡᠨ ᠳ᠋ᠦ᠍ ᠥᠭᠡᠬᠦ ᠲᠣᠰᠣ᠂ ᠠᠷᠢᠬᠢ ᠲᠠᠮᠠᠬᠢᠨ ᠤ᠋ ᠦᠨᠦᠷ ᠬᠤᠳᠬᠤᠯᠳᠤᠭᠰᠠᠨ ᠦᠮᠡᠬᠡᠢ ᠪᠠᠷ ᠠᠮᠢᠰᠬᠤᠭᠰᠠᠨ ᠳ᠋ᠤᠨᠢ ᠬᠤᠪᠢᠯᠴᠡᠴᠡᠭ ᠵᠢᠭᠰᠢᠵᠦ᠄
— ᠨᠠᠮᠳᠠᠭ ᠴᠢ ᠲᠣᠨᠢᠯ ! ᠭᠡᠵᠦ ᠤᠨᠲᠠᠬᠤ ᠠ᠋ᠴᠠ ᠡᠮᠦᠨ᠎ᠡ ᠳᠡᠷᠭᠡᠳᠡ ᠪᠡᠨ ᠲᠠᠯᠪᠢᠭᠰᠠᠨ ᠰᠤᠬᠠᠢ ᠲᠠᠰᠢᠭᠤᠷ ᠢ᠋ ᠰᠢᠭᠦᠷᠡᠨ ᠵᠥᠪ ᠰᠣᠯᠣᠭᠠᠢ ᠦᠭᠡᠢ ᠭᠤᠶᠠᠳᠠᠯᠠᠪᠠ᠃
— ᠬᠦᠶᠢ!ᠬᠦᠶᠢ! ᠶᠠᠭᠠᠬᠢᠵᠤ ᠪᠠᠢᠭ᠎ᠠ ᠨᠢ ᠡᠨᠡ ᠪᠣᠢ ? ᠶᠣ᠂ ᠶᠤ ᠁ ᠭᠡᠵᠦ ᠨᠠᠮᠳᠠᠭ ᠲᠠᠰᠢᠭᠤᠷ ᠤ᠋ᠨ ᠠᠮᠲᠠᠨ ᠳ᠋ᠤ᠌ ᠦᠰᠦᠷᠬᠢᠯᠡᠵᠦ ᠥᠮᠥᠳᠥ ᠬᠤᠪᠴᠠᠰᠤ ᠣᠢᠮᠣᠰᠤ ᠭᠤᠲᠤᠯ ᠢ᠋ᠶ᠋ᠠᠨ ᠴᠤ᠌ ᠡᠮᠦᠰᠦᠯ ᠦᠭᠡᠢ ᠭᠡᠷ ᠡᠴᠡ ᠭᠠᠷᠴᠤ ᠳᠤᠲᠠᠭᠠᠪᠠ᠃
— ᠢᠴᠢᠬᠦ ᠨᠢᠭᠤᠷ ᠲᠠᠭᠠᠨ ᠢᠯᠭᠢ ᠨᠠᠭᠠᠭᠰᠠᠨ ᠨᠣᠪᠰᠢ ᠶ᠋ᠢᠨ ᠠᠮᠢᠲᠠᠨ! ᠨᠣᠳ ᠰᠢᠩᠭᠡᠴᠢᠭᠡᠭᠰᠡᠨ ᠤᠤ ᠴᠢᠮ᠎ᠠ ᠳ᠋ᠤ᠌ ᠁ ᠭᠡᠳ ᠰᠣᠭᠲᠣᠭᠤ ᠨᠠᠮᠳᠠᠭ ᠤ᠋ᠨ ᠬᠤᠪᠴᠠᠰᠤ ᠬᠤᠨᠠᠷ᠂ ᠣᠢᠮᠣᠰᠤ ᠭᠤᠲᠤᠯ ᠢ᠋ ᠨᠢ ᠭᠠᠳᠠᠭᠰᠢ ᠰᠢᠲᠠᠪᠠ᠃
ᠱᠠᠯᠳᠠᠩ ᠨᠢᠴᠦᠭᠦᠯᠡᠭᠰᠡᠨ ᠣᠯᠬᠢᠶ᠎ᠠ ᠦᠭᠡᠢ ᠰᠣᠭᠲᠣᠭᠤ ᠨᠠᠮᠳᠠᠭ ᠢ᠋ ᠨᠣᠬᠠᠢ ᠨᠢ ᠵᠢᠭᠰᠢᠨ ᠬᠣᠷᠭᠣᠭᠣᠵᠤ ᠪᠠᠷᠢᠵᠤ ᠢᠳᠡᠮᠡᠷ ᠠᠭᠰᠤᠷᠤᠨᠠ᠃
— ᠬᠣᠪᠢᠯ ᠠ᠋ ᠂ ᠴᠢ ᠨᠣᠬᠠᠢ ᠪᠠᠨ ᠁
— ᠲᠣᠨᠢᠯ ᠴᠠᠭᠠᠰᠢ ᠪᠠᠨ! ᠨᠣᠬᠠᠢ ᠢᠳᠡᠬᠦ ᠦᠭᠡᠢ ᠵᠣᠪᠠᠯᠭ᠎ᠠ ᠭᠡᠵᠦ ᠬᠤᠪᠢᠯᠴᠡᠴᠡᠭ ᠡᠭᠦᠳᠡ ᠪᠡᠨ ᠫᠠᠰ ᠬᠢᠲᠡᠯ᠎ᠡ ᠬᠠᠭᠠᠪᠠ᠃
ᠭᠠᠳᠠᠨ᠎ᠠ ᠨᠣᠬᠠᠢ ᠠᠭᠰᠤᠷᠴᠤ᠂ ᠨᠠᠮᠳᠠᠭ ᠲᠠᠢ ᠵᠠᠭᠤᠷᠠᠯᠳᠤᠨᠠ᠃
— ᠬᠤᠪᠢᠯ ᠡ ! ᠴᠢ ᠬᠦᠯᠢᠶᠡᠵᠦ ᠪᠠᠢ ᠠᠯᠢ ᠨᠢᠭᠡ ᠡᠳᠦᠷ ᠁ ᠪᠤᠷᠤᠭᠤ ᠬᠠᠨᠳᠤᠭᠰᠠᠨ ᠪᠤᠯᠠᠭ ᠲᠤ ᠴᠢᠨᠢ ᠪᠣᠷᠣ ᠠᠵᠢᠷᠭ᠎ᠠ ᠪᠠᠨ ᠤᠰᠤᠯᠠᠨ᠎ᠠ ᠳ᠋ᠠ ᠬᠥ᠋᠂ ᠴᠢ ᠬᠠᠷᠠᠵᠤ ᠯᠠ ᠪᠠᠢ ᠭᠡᠵᠦ ᠬᠠᠰᠬᠢᠷᠤᠭᠰᠠᠭᠠᠷ ᠨᠠᠮᠳᠠᠭ ᠤ᠋ᠨ ᠳᠠᠭᠤ ᠲᠠᠰᠤᠷᠠᠪᠠ᠃
ᠮᠠᠷᠭᠠᠲᠤᠷ ᠥᠷᠯᠥᠭᠡ ᠦᠦᠷ ᠢ᠋ᠶ᠋ᠡᠷ ᠠᠪᠤ ᠨᠢ ᠠᠳᠤᠭᠤᠨ ᠠ᠋ᠴᠠ ᠬᠠᠷᠢᠵᠤ ᠢᠷᠡᠬᠦ ᠳ᠋ᠦ᠍ ᠨᠣᠬᠠᠢ ᠶ᠋ᠢᠨ ᠤᠶᠠᠭᠠᠨ ᠳᠡᠭᠡᠷ᠎ᠡ ᠥᠷᠥᠭᠡᠰᠦᠨ ᠪᠤᠯᠢᠭᠠᠷᠢ ᠭᠤᠲᠤᠯ ᠪᠠᠢᠬᠤ ᠶ᠋ᠢ ᠬᠠᠷᠠᠭᠠᠳ ᠭᠠᠢᠬᠠᠵᠤ 《ᠡᠨᠡ ᠶᠠᠭᠤᠨ ᠤ᠋ ᠭᠤᠲᠤᠯ ᠪᠣᠢ ? 》 ᠭᠡᠵᠦ ᠨᠣᠬᠠᠢ ᠶ᠋ᠢᠨ ᠢ᠋ᠶ᠋ᠡᠨ ᠬᠠᠵᠠᠭᠤ ᠳ᠋ᠤ᠌ ᠣᠴᠢᠪᠠᠯ ᠬᠠᠯᠲᠠᠷ ᠨᠣᠬᠠᠢ ᠨᠢ ᠡᠵᠡᠨ ᠢ᠋ᠶ᠋ᠡᠨ ᠦᠵᠡᠭᠡᠳ ᠬᠠᠮᠠᠷ ᠠᠮᠠ ᠪᠡᠨ ᠳᠣᠯᠢᠶᠠᠨ ᠰᠡᠭᠦᠯ ᠢ᠋ᠶ᠋ᠡᠨ ᠰᠢᠷᠪᠠᠩᠭᠠᠨ ᠬᠥᠪ ᠬᠥᠪ ᠭᠡᠵᠦ ᠪᠠᠷᠠᠭᠤᠨ ᠡᠮᠦᠨ᠎ᠡ ᠵᠦᠭ ᠲᠦ᠍ ᠬᠣᠷᠭᠣᠭᠣᠭᠰᠠᠨ ᠨᠢ ᠶᠠᠮᠠᠷ ᠨᠢᠭᠡ ᠶᠠᠭᠤᠮ᠎ᠠ ᠬᠡᠯᠡᠬᠦ ᠰᠢᠭ ᠠᠵᠢ᠃
ᠰᠣᠳᠨᠠᠮ ᠡᠪᠦᠭᠡᠨ ᠢ᠋ ᠡᠭᠦᠳᠡ ᠠᠯᠬᠤᠩᠭᠤᠲᠠ ᠬᠤᠪᠢᠯᠴᠡᠴᠡᠭ ᠠᠪᠤ ᠪᠠᠨ ᠲᠡᠪᠡᠷᠢᠨ ᠱᠣᠭᠰᠢᠷᠠᠨ ᠤᠬᠢᠯᠠᠪᠠ᠃
— ᠮᠢᠨᠦ ᠥᠬᠢᠨ ᠶᠠᠭᠠᠬᠢᠪᠠ ?
— ᠁
— ᠪᠢᠲᠡᠭᠡᠢ ᠤᠬᠢᠯᠠ! ᠠᠪᠤ ᠳ᠋ᠠᠭᠠᠨ ᠬᠡᠯᠡ᠂ ᠬᠡᠨ ᠴᠢᠮᠠᠶ᠋ᠢ ᠶᠠᠭᠠᠬᠢᠪᠠ ?
— ᠮᠠᠭᠤ ᠠᠳᠤᠭᠤᠰᠤ ᠁
— ᠬᠡᠨ ᠪᠣᠢ?
— ᠰᠣᠭᠲᠣᠭᠤ ᠨᠠᠮᠲᠠᠭ! ᠢᠴᠢᠬᠦ ᠨᠢᠭᠤᠷ ᠲᠠᠭᠠᠨ ᠢᠯᠭᠢ ᠨᠠᠭᠠᠭᠰᠠᠨ ᠮᠠᠭᠤ ᠠᠳᠤᠭᠤᠰᠤ ᠁ ᠭᠡᠳ ᠣᠬᠢᠯᠠᠩᠨᠠᠭᠰᠠᠨ ᠳᠤ ᠰᠣᠳᠨᠠᠮ ᠡᠪᠦᠭᠡᠨ 《ᠵᠠ᠂ ᠪᠠᠢᠵᠠ !ᠬᠡᠦᠬᠡ ᠡ !》ᠭᠡᠳ ᠭᠠᠷᠴᠤ ᠮᠤᠷᠳᠠᠪᠠ ᠁
ᠲᠡᠭᠦᠨ ᠡᠴᠡ ᠬᠤᠢᠰᠢ ᠬᠤᠪᠢᠯᠴᠡᠴᠡᠭ ᠠᠪᠤ ᠪᠠᠨ ᠠᠳᠤᠭᠤᠨ ᠤ᠋ ᠮᠠᠨᠠᠭᠠᠨ ᠳ᠋ᠤ᠌ ᠶᠠᠪᠤᠭᠰᠠᠭᠠᠷ ᠡᠭᠦᠳᠡ ᠪᠡᠨ ᠳᠣᠲᠣᠷ᠎ᠠ ᠠ᠋ᠴᠠ ᠨᠢ ᠲᠡᠪᠡᠭᠡᠯᠡᠨ ᠤᠶᠠᠳᠠᠭ ᠪᠤᠯᠵᠠᠢ᠃
ᠥᠰᠴᠦ ᠬᠦᠢᠴᠡᠭᠰᠡᠨ ᠰᠤᠭᠤ ᠰᠢᠭ᠋ ᠬᠡᠦᠬᠡᠨ ᠪᠡᠶ᠎ᠡ ᠳ᠋ᠦ᠍ ᠡᠷ᠎ᠡ ᠰᠣᠭᠣᠭ ᠤᠨ ᠠᠨᠢᠷ ᠵᠠᠩᠭᠢ ᠬᠠᠶᠠ ᠲᠠᠯ᠎ᠠ ᠶᠢᠨ ᠵᠡᠷᠭᠡᠯᠭᠡᠨ ᠰᠢᠭ ᠭᠡᠳᠡᠭᠡᠯᠡᠨ ᠢᠷᠡᠬᠦ ᠶᠢ ᠬᠤᠪᠢᠯᠴᠡᠴᠡᠭ ᠢᠳᠡᠭ ᠢᠳᠡᠭ ᠢ᠋ᠶ᠋ᠡᠷ ᠪᠣᠳᠣᠯ ᠳᠠᠭᠠᠨ ᠮᠡᠳᠡᠷᠡᠨ ᠬᠦᠯᠢᠶᠡᠳᠡᠭ ᠪᠣᠯᠤᠯ᠎ᠠ᠃ ᠬᠠᠮᠢᠭ᠎ᠠ ᠥᠯᠥ᠍ ᠲᠠᠨᠢᠬᠤ ᠪᠥᠬᠡ ᠴᠤ᠌ ᠶᠤᠮ ᠤᠤ ᠠᠳᠤᠭᠤᠴᠢᠨ ᠴᠤ᠌ ᠶᠤᠮ ᠤᠤ ? ᠠᠯᠢ ᠡᠰᠡᠬᠦᠯ᠎ᠡ ᠰᠢᠯᠢ ᠶᠢᠨ ᠰᠠᠢᠨ ᠡᠷ᠎ᠡ ᠶᠢᠨ ᠨᠢᠭᠡ ᠶᠢ ᠨᠢ ᠬᠡᠢ ᠲᠠᠭᠠᠮᠠᠭ ᠢᠶᠠᠷ ᠪᠣᠳᠣᠯ ᠳᠠᠭᠠᠨ ᠠᠮᠢᠯᠠᠭᠤᠯᠤᠨ ᠤᠷᠭᠤᠭᠤᠯᠵᠤ᠂ ᠬᠠᠩᠬᠠᠭᠠᠷ ᠲᠣᠮᠣ ᠴᠡᠭᠡᠵᠢᠨ ᠳ᠋ᠦ᠍ᠨᠢ ᠴᠡᠴᠡᠭ ᠦ᠋ᠨ ᠪᠤᠯᠪᠠᠷᠠᠢ ᠳᠡᠯᠪᠢ ᠰᠢᠭ ᠬᠥᠭᠡᠷᠦᠬᠦᠨ ᠴᠢᠷᠠᠢ ᠪᠠᠨ ᠨᠠᠭᠠᠵᠤ ᠪᠥᠬᠡ ᠬᠠᠲᠠᠭᠤ ᠪᠡᠯᠭᠡᠭᠦᠰᠦ ᠪᠡᠷ ᠨᠢ ᠢᠪ ᠲᠡᠪᠡᠷᠢᠴᠢᠭᠡᠭᠰᠡᠨ ᠁ ᠭᠡᠵᠦ ᠡᠯᠳᠡᠪ ᠢ᠋ ᠪᠣᠳᠣᠬᠤ ᠪᠣᠯᠤᠭᠰᠠᠨ ᠳ᠋ᠠᠭᠠᠨ ᠬᠠᠶᠠ ᠨᠢᠭᠤᠷ ᠨᠢ ᠨᠢᠯᠴᠢᠭᠢᠨᠡᠳᠡᠭ ᠪᠠᠢᠪᠠ᠃
ᠲᠡᠭᠷᠢ ᠶᠢᠨ ᠨᠠᠷᠠ ᠬᠤᠷ᠎ᠠ ᠶᠢ ᠲᠡᠩᠴᠡᠭᠦᠬᠡᠨ ᠡᠳ᠋ᠯᠡᠬᠦ ᠬᠤᠪᠢ ᠲᠠᠪᠢᠯᠠᠩ ᠲᠠᠢ ᠡᠷᠡᠭᠦᠯᠬᠡᠨ ᠰᠡᠷᠪᠡᠯᠵᠡᠭ᠍ᠰᠡᠨ ᠲᠣᠷᠭᠠᠨ ᠴᠣᠮᠣᠷᠯᠢᠭ ᠢ ᠵᠥᠨᠦᠭᠰᠡᠨ ᠪᠤᠬᠠᠨ ᠤ ᠬᠣᠬᠢᠰᠤ ᠳ᠋ᠤ᠌ ᠲᠠᠰᠤ ᠭᠢᠰᠬᠢᠭᠦᠯᠬᠦ ᠰᠢᠭ ᠡᠴᠢᠭᠡ ᠡᠴᠡ ᠪᠡᠨ ᠪᠤᠰᠤ ᠡᠷ᠎ᠡ ᠬᠥᠮᠦᠨ ᠪᠦᠬᠦᠨ ᠢ᠋ ᠰᠣᠭᠲᠣᠭᠤ ᠨᠠᠮᠳᠠᠭ ᠰᠢᠭ᠋ ᠭᠡᠵᠦ ᠪᠣᠳᠣᠬᠤ ᠳ᠋ᠠᠭᠠᠨ ᠵᠢᠭᠰᠢᠬᠦ ᠪᠣᠯᠪᠠ᠃ ᠭᠡᠬᠦ ᠳ᠋ᠦ᠍ ᠥᠨᠥᠳᠥᠷ ᠮᠢᠩᠭᠠᠨᠪᠤᠤ ᠁ ᠪᠢᠰᠢ ᠠ᠋ ! ᠬᠠᠪᠤᠷ ᠢ᠋ᠶ᠋ᠠᠷ ᠡᠨᠡ ᠰᠠᠯᠠᠢ ᠨᠢ ᠬᠠᠲᠠᠭᠠᠳᠤᠢ ᠥᠴᠦᠬᠡᠨ ᠠᠮᠢᠲᠠᠨ ᠢ᠋ ᠲᠡᠪᠡᠷᠢᠵᠦ ᠢᠷᠡᠭᠰᠡᠨ ᠬᠦᠳᠡᠷ ᠪᠣᠷᠣ ᠡᠷ᠎ᠡ ᠶ᠋ᠢ ᠬᠤᠪᠢᠯᠴᠡᠴᠡᠭ ᠠᠩᠬ᠎ᠠ ᠬᠠᠷᠠᠮᠠᠭᠴᠠ ᠬᠡᠦᠬᠡᠨ ᠤᠶᠠᠬᠠᠨ ᠰᠡᠳᠬᠢᠯ ᠨᠢ ᠣᠪᠣᠯᠵᠠᠵᠤ ᠡᠬᠢᠯᠡᠭᠰᠡᠨ ᠢ᠋ ᠥᠪᠡᠷ ᠢ᠋ᠶ᠋ᠡᠨ ᠴᠤ᠌ ᠭᠠᠢᠬᠠᠨᠠᠮ ᠪᠢᠯᠡ᠃ ᠲᠠᠯ᠎ᠠ ᠶ᠋ᠢᠨ ᠪᠣᠷᠣ ᠭᠥᠷᠦᠭᠡᠰᠦᠨ ᠦ᠌ ᠥᠴᠦᠬᠡᠨ ᠠᠮᠢ ᠶ᠋ᠢ ᠦᠷᠦ ᠡᠪᠡᠳᠴᠦ ᠲᠡᠪᠡᠷᠢᠵᠦ ᠢᠷᠡᠭᠡᠳ ᠠᠢᠯ ᠭᠡᠷ ᠲᠦ᠍ ᠣᠷᠬᠢᠭᠠᠳ ᠶᠠᠪᠤᠭᠰᠠᠨ ᠬᠥᠷᠥᠰᠥᠯᠢᠭ ᠪᠣᠷᠣ ᠡᠷ᠎ᠡ ᠶ᠋ᠢ ᠲᠡᠷᠡ ᠮᠠᠷᠲᠠᠵᠤ ᠦᠯᠦ ᠴᠢᠳᠠᠨ᠎ᠠ᠃ ᠥᠨᠥᠳᠥᠷ ᠰᠥᠨᠢ ᠪᠡᠷ ᠭᠡᠷ ᠲᠦ᠋ᠨᠢ ᠬᠦᠷᠦᠭᠡᠳ ᠢᠷᠡᠬᠦᠯᠡᠷ ᠪᠠᠢᠳᠠᠭ ᠢ᠋ᠶ᠋ᠠᠨ ᠲᠡᠮᠲᠡᠷᠢᠵᠦ ᠢᠳᠡᠭᠦᠯᠦᠶ᠎ᠡ᠂ ᠤᠤᠭᠤᠯᠭᠠᠶ᠎ᠠ ᠭᠡᠳ ᠲᠡᠷᠡ ᠡᠷ᠎ᠡ ᠶ᠋ᠢ ᠣᠭᠲᠣᠬᠠᠨ ᠴᠤ᠌ ᠬᠦᠨᠡᠢᠷᠬᠡᠭᠰᠡᠨ ᠦᠭᠡᠢ ᠦᠨᠡᠨ ᠵᠢᠷᠦᠬᠡᠨ ᠡᠴᠡ ᠪᠡᠨ ᠳᠣᠲᠣᠨᠣᠴᠢᠯᠠᠨ ᠰᠠᠨᠠᠵᠠᠢ᠃ ᠮᠢᠩᠭᠠᠨᠪᠤᠤ ᠲᠠᠢ ᠠᠩᠬ᠎ᠠ ᠠᠭᠤᠯᠵᠠᠭᠰᠠᠨ ᠲᠡᠷᠡ ᠡᠳᠦᠷ ᠡᠴᠡ ᠡᠬᠢᠯᠡᠭᠡᠳ ᠬᠡᠦᠬᠡᠨ ᠪᠣᠳᠣᠯ ᠳ᠋ᠤᠨᠢ ᠳᠣᠯᠭᠢᠶ᠎ᠠ ᠭᠠᠷᠴᠤ ᠤᠳᠠᠭᠠᠨ ᠳ᠋ᠠᠭᠠᠨ ᠪᠦᠷ ᠳᠠᠪᠠᠯᠭᠠᠯᠠᠵᠤ ᠡᠢᠮᠦᠷᠬᠦᠦ ᠡᠷ᠎ᠡ ᠬᠥᠮᠦᠨ ᠦ᠌ ᠠᠷᠤ ᠠ᠋ᠴᠠ ᠪᠠᠢᠨ ᠪᠠᠢᠨ ᠪᠣᠳᠣᠯ ᠤ᠋ᠨ ᠵᠢᠯᠣᠭᠣ ᠠᠯᠳᠠᠳᠠᠭ ᠪᠣᠯᠪᠠ᠃
《 ᠡᠷ᠎ᠡ ᠬᠥᠮᠥᠨ ᠥᠷᠥ᠍ ᠵᠥᠭᠡᠯᠡᠨ ᠪᠣᠯ ᠳᠣᠷᠣᠢ ᠶᠢᠨ ᠲᠡᠮᠲᠡᠭ ᠭᠡᠳᠡᠭ᠃ ᠮᠢᠩᠭᠠᠨᠪᠤᠤ ᠴᠢ ᠳᠣᠷᠣᠢ ᠤᠤ? ᠪᠢᠰᠢ᠂ ᠴᠢ ᠳᠣᠷᠣᠢ ᠪᠢᠰᠢ! ᠴᠢ ᠪᠣᠯ ᠰᠠᠢᠬᠠᠨ ᠰᠡᠳᠬᠢᠯ ᠲᠡᠢ ᠰᠢᠵᠠᠷᠠᠭᠤᠨ ᠡᠷ᠎ᠡ ᠪᠠᠢᠬᠤ ᠶᠣᠰᠣᠲᠠᠢ᠃ ᠬᠡᠷᠪᠡ ᠴᠢ ᠁ ᠶᠦᠮ ᠪᠣᠯ ᠪᠢ ᠬᠡᠦᠬᠡᠨ ᠬᠥᠮᠦᠨ ᠦ᠌ ᠪᠦᠬᠦ ᠬᠠᠢᠷ᠎ᠠ ᠪᠠᠨ ᠶᠡᠭᠦᠯᠡᠨ᠎ᠡ ᠳᠡ ᠴᠢᠮ᠎ᠠ ᠳ᠋ᠤ᠌ ᠁ 》ᠭᠡᠵᠦ ᠰᠡᠳᠬᠢᠯ ᠳ᠋ᠡᠭᠡᠨ ᠰᠢᠪᠡᠨᠡᠨ ᠬᠡᠪᠲᠡᠬᠦ ᠳ᠋ᠦ᠍ ᠨᠣᠢᠷ ᠢ᠋ ᠨᠢ ᠨᠣᠬᠠᠢ ᠢᠳᠡᠭᠰᠡᠨ ᠰᠢᠭ ᠭᠥᠯᠢᠢᠴᠢᠭᠡᠭᠡᠳ ᠲᠠᠪᠠ ᠠᠯᠳᠠᠭᠤᠯᠤᠨ᠎ᠠ᠃
᠁ ᠬᠡᠦᠬᠡᠨ ᠮᠠᠬᠠᠪᠣᠳ ᠨᠢ ᠴᠡᠴᠡᠷᠬᠢᠯᠡᠭᠡᠳ ᠪᠠᠢᠬᠤ ᠴᠤ᠌ ᠰᠢᠭ᠋᠂ ᠬᠥᠬᠥ ᠶ᠋ᠢᠨ ᠬᠢᠨᠢ ᠲᠣᠷᠭᠠᠨ ᠴᠡᠴᠡᠭ ᠨᠢ ᠦᠯᠦ ᠮᠡᠳᠡᠭ ᠰᠠᠷᠪᠠᠢᠴᠢᠬᠠᠭᠰᠠᠨ ᠰᠢᠭ᠋ ᠰᠠᠨᠠᠭᠳᠠᠨ᠎ᠠ᠃ ᠬᠡᠨ ᠨᠢᠭᠡ ᠡᠷ᠎ᠡ ᠬᠦᠢᠰᠦᠲᠡᠨ ᠢ᠋ᠶ᠋ᠡᠷ ᠰᠠᠷᠪᠠᠢᠭᠰᠠᠨ ᠬᠥᠬᠥ ᠶ᠋ᠢᠨ ᠲᠣᠷᠭᠠᠨ ᠴᠡᠴᠡᠭ ᠢ᠋ ᠬᠥᠨᠳᠡᠭᠦᠯᠦᠭᠡᠳ ᠪᠦᠬᠦ ᠪᠡᠶ᠎ᠡ ᠨᠢ ᠡᠷᠪᠡᠭᠡᠨᠡᠨ ᠮᠢᠨᠴᠦᠭᠦᠷᠡᠵᠦ᠂ ᠨᠢᠭᠡᠨ ᠵᠤᠷᠪᠤᠰ ᠬᠠᠢᠯ ᠤ᠋ᠨ ᠬᠠᠯᠢᠶ᠎ᠠ ᠰᠢᠭ᠋ ᠳᠣᠷᠣᠭᠰᠢ ᠪᠠᠨ ᠤᠷᠤᠰᠴᠤ ᠳᠣᠣᠷᠠᠲᠤ ᠨᠢᠭᠤᠴᠠᠭᠠᠢ ᠶ᠋ᠢ ᠨᠢ ᠴᠢᠭᠢᠭᠲᠦᠭᠦᠯᠦᠨᠡ ᠁
ᠮᠢᠩᠭᠠᠨᠪᠤᠤ ᠨᠡᠬᠡᠢ ᠬᠥᠨᠵᠢᠯᠡ ᠳ᠋ᠦ᠍ ᠳᠤᠯᠠᠭᠠᠬᠠᠨ ᠬᠡᠪᠲᠡᠬᠦ ᠳ᠋ᠡᠭᠡᠨ ᠬᠡᠳᠦᠢᠪᠡᠷ 《 ᠥᠨᠥ ᠰᠥᠨᠢ ᠲᠣᠮᠣᠭᠠᠲᠠᠢ ᠯᠠ ᠪᠠᠢᠵᠤ ᠦᠵᠡᠶ᠎ᠡ᠂ ᠠᠢᠯ ᠤ᠋ᠨ ᠬᠡᠦᠬᠡᠨ ᠢ ᠴᠣᠴᠢᠭᠠᠵᠤ᠂ ᠬᠦᠨᠳᠦ ᠪᠡᠨ ᠪᠠᠷᠠᠬᠤ ᠶ᠋ᠢᠨ ᠣᠷᠣᠨ ᠳ᠋ᠤ᠌ ᠤᠨᠲᠠᠵᠤ ᠤᠷᠭᠢᠶ᠎ᠠ! 》 ᠭᠡᠵᠦ ᠪᠡᠶ᠎ᠡ ᠪᠡᠨ ᠪᠠᠷᠢᠬᠤ ᠪᠣᠯᠪᠠᠴᠤ ᠵᠡᠭᠦᠨ ᠬᠠᠶᠠᠭ᠎ᠠ ᠪᠠᠷ ᠢᠨᠵᠠᠭ᠎ᠠ ᠲᠡᠪᠡᠷᠢᠵᠦ ᠬᠡᠪᠲᠡᠭᠡ ᠬᠤᠪᠢᠯᠴᠡᠴᠡᠭ ᠤᠨ ᠨᠠᠮᠬᠠᠨ ᠰᠡᠭᠦᠷᠡᠰᠦ ᠠᠯᠳᠠᠵᠤ ᠡᠷᠭᠢᠵᠦ ᠤᠷᠪᠠᠨ ᠤᠨᠲᠠᠵᠤ ᠣᠷᠣᠬᠤ ᠦᠭᠡᠢ ᠪᠠᠢᠭ᠎ᠠ ᠳ᠋ᠤᠨᠢ ᠡᠪᠦᠷ ᠲᠤᠨᠢ ᠰᠢᠷᠭᠤᠴᠢᠬᠠᠮᠠᠷ ᠰᠠᠨᠠᠭᠳᠠᠬᠤ ᠶ᠋ᠢ ᠶᠠᠭᠤᠨ ᠥᠭᠦᠯᠡᠨ᠎ᠡ⁈ ᠮᠢᠩᠭᠠᠨᠪᠤᠤ ᠡᠢᠨ ᠬᠦ ᠠᠴᠠ ᠪᠣᠳᠣᠯ ᠤ᠋ᠨ ᠬᠣᠭᠣᠷᠣᠨᠳᠣ ᠬᠣᠯᠬᠢᠵᠤ ᠬᠡᠪᠲᠡᠭᠰᠡᠭᠡᠷ ᠪᠦᠬᠦᠯᠢ ᠡᠳᠦᠷᠵᠢᠨ ᠤᠨᠤᠭᠠᠨ ᠳᠡᠭᠡᠷ᠎ᠡ ᠳᠤᠩᠰᠢᠭᠤᠯᠤᠭᠰᠠᠨ ᠶᠠᠳᠠᠷᠠᠭᠠᠨ ᠳ᠋ᠤ᠌ ᠥᠪᠡᠷ ᠦ᠋ᠨ ᠡᠷᠬᠡ ᠦᠭᠡᠢ ᠤᠨᠲᠠᠭᠠᠳ ᠥᠭᠴᠡᠢ᠃ ᠨᠢᠭᠡ ᠮᠡᠳᠡᠬᠦ ᠳ᠋ᠦ᠍ ᠡᠪᠦᠷ ᠳᠣᠲᠣᠷ᠎ᠠ ᠨᠢ ᠥᠭᠡᠬᠦ ᠰᠢᠭ ᠵᠥᠭᠡᠯᠡᠨ ᠶᠠᠭᠤᠮ᠎ᠠ ᠪᠥᠮᠪᠥᠯᠵᠡᠨ ᠬᠥᠳᠡᠯᠬᠦ ᠳ᠋ᠦ᠍ ᠲᠡᠷᠡ ᠬᠤᠪᠢᠯᠴᠡᠴᠡᠭ ᠢ ᠡᠯᠢᠭᠡᠨ ᠳ᠋ᠡᠭᠡᠨ ᠴᠢᠪ ᠴᠢᠩᠭ᠎ᠠ ᠲᠡᠪᠡᠷᠢᠴᠢᠬᠡᠭᠰᠡᠨ ᠬᠡᠪᠲᠡᠨ᠎ᠡ᠃
ᠬᠤᠪᠢᠯᠴᠡᠴᠡᠭ᠂ ᠮᠢᠩᠭᠠᠨᠪᠤᠤ ᠶ᠋ᠢᠨ ᠬᠠᠩᠬᠠᠭᠠᠷ ᠡᠪᠴᠢᠭᠦᠨ ᠳᠡᠭᠡᠷ᠎ᠡ ᠡᠯᠢᠭᠡᠳᠡᠵᠦ ᠬᠡᠪᠲᠡᠴᠢᠭᠡᠭᠡᠳ᠄
— ᠮᠢᠩᠭᠠᠨᠪᠤᠤ ᠠᠬ᠎ᠠ ᠨᠠᠮᠠᠶ᠋ᠢ ᠰᠠᠨᠠᠭᠰᠠᠨ ᠤᠤ ? ᠭᠡᠵᠦ ᠬᠣᠭᠣᠯᠠᠢ ᠨᠢ ᠴᠡᠴᠡᠷᠬᠢᠯᠡᠨ ᠠᠰᠠᠭᠤᠪᠠ᠃
— ᠰᠠᠨᠠᠭ᠎ᠠ ᠦᠭᠡᠢ ᠶᠦᠮ ᠪᠣᠯ ᠶᠠᠭᠤ ᠭᠡᠵᠦ ᠡᠨᠡ ᠬᠠᠷ᠎ᠠ ᠴᠠᠰᠤᠨ ᠳ᠋ᠤ᠌ ᠲᠡᠷᠡ ᠬᠣᠯᠠ ᠠ᠋ᠴᠠ ᠵᠣᠷᠢᠵᠤ ᠢᠷᠡᠬᠦ ᠪᠣᠢ ᠭᠡᠵᠦ ᠮᠢᠩᠭᠠᠨᠪᠤᠤ ᠬᠠᠷᠢᠭᠤᠯᠤᠯ᠎ᠠ᠃
— ᠲᠡᠭᠡᠭᠡᠳ ᠶᠠᠭᠤ ᠭᠡᠵᠦ ᠮᠢᠨᠦ ᠡᠪᠦᠷ ᠲᠦ᠍ ᠁ ᠭᠡᠳ ᠴᠢᠷᠠᠢ ᠨᠢ ᠨᠢᠯᠴᠢᠭᠢᠨᠡᠨ ᠬᠣᠶᠠᠷ ᠭᠠᠷ ᠢ᠋ᠶ᠋ᠠᠷ ᠢ᠋ᠶ᠋ᠠᠨ ᠮᠢᠩᠭᠠᠨᠪᠤᠤ ᠶ᠋ᠢᠨ ᠬᠠᠴᠠᠷ ᠢ᠋ ᠢᠯᠪᠢᠨ᠎ᠡ᠃
— ᠴᠢᠮ᠎ᠠ ᠪᠠᠨ ᠠᠢᠬᠤᠪᠲᠤᠷ ᠰᠠᠨᠠᠯ᠎ᠠ ᠰᠢᠦ ! ᠠᠩᠬ᠎ᠠ ᠴᠢᠮᠠᠶ᠋ᠢ ᠬᠠᠷᠠᠩᠭᠤᠲᠠ ᠪᠠᠨ ᠬᠠᠢᠷ᠎ᠠ ᠡᠭᠦᠰᠴᠦ ᠬᠠᠮᠤᠭ ᠪᠡᠶ᠎ᠡ ᠬᠠᠢᠯᠴᠢᠬᠠᠬᠤ ᠠᠯᠳᠠᠯ᠎ᠠ ᠁
— ᠰᠠᠨᠠᠭᠰᠠᠨ ᠪᠠᠢᠲᠠᠯ᠎ᠠ ᠪᠠᠨ ᠡᠴᠢᠨᠡᠭᠡᠨ ᠤᠳᠠᠭᠠᠳ ᠢᠷᠡᠳᠡᠭ ᠦᠭᠡᠢ ᠨᠢ ᠭᠡᠰᠡᠨ ᠳ᠋ᠦ᠍ ᠮᠢᠩᠭᠠᠨᠪᠤᠤ ᠬᠤᠪᠢᠯᠴᠡᠴᠡᠭ ᠤᠨ ᠳᠠᠯᠤ ᠮᠥᠷᠥ ᠡᠴᠡ ᠠᠪᠤᠭᠠᠳ ᠲᠠᠰᠢᠶ᠎ᠠ ᠰᠠᠯᠲᠠᠭ᠎ᠠ ᠬᠦᠷᠲᠡᠯ᠎ᠡ ᠥᠬᠥᠭᠡᠷᠳᠡᠨ ᠢᠯᠪᠢᠭᠡᠳ᠄
— ᠴᠢᠮ᠎ᠠ ᠲᠠᠢ ᠪᠠᠨ ᠬᠤᠷᠳᠤᠬᠠᠨ ᠠᠭᠤᠯᠵᠠᠶ᠎ᠠ ᠭᠡᠰᠡᠨ ᠪᠣᠳᠣᠯ ᠳᠣᠲᠣᠷ᠎ᠠ ᠭᠠᠯ ᠰᠢᠲᠠᠭᠰᠠᠨ ᠰᠢᠭ᠋ ᠪᠣᠯᠤᠭ᠎ᠠ ᠶ᠋ᠢ ᠬᠡᠨ ᠴᠤ᠌ ᠣᠢᠯᠠᠭᠠᠬᠤ ᠦᠭᠡᠢ᠃ ᠵᠠᠪ ᠴᠢᠯᠥᠭᠡ᠂ ᠡᠪ ᠵᠦᠢ ᠬᠦᠯᠢᠶᠡᠭᠡᠳ ᠤᠲᠡᠯᠡ᠃ ᠡᠪᠦᠯ ᠦ᠋ᠨ ᠠᠭᠤᠷ ᠣᠷᠣᠬᠤ ᠲᠠᠢ ᠵᠡᠷᠭᠡ ᠭᠣᠣ ᠰᠧᠯᠢᠩ ᠦ᠋ᠨ ᠲᠡᠮᠡᠭᠡᠳ ᠡᠴᠡ ᠬᠡᠳᠦᠨ ᠵᠠᠭᠤ ᠶ᠋ᠢ ᠨᠢ ᠳᠣᠲᠣᠷ᠎ᠠ ᠭᠠᠵᠠᠷ ᠤᠷᠤᠭᠤ ᠪᠣᠷᠣᠯᠠᠭᠤᠯᠵᠤ ᠶᠠᠪᠤᠭᠤᠯᠤᠭᠠᠳ ᠵᠠᠭᠤᠭᠠᠳ ᠲᠡᠮᠡᠭᠡ ᠶᠢ ᠮᠤᠨᠠ ᠠᠭᠤᠯᠠ ᠳᠠᠪᠠᠭᠤᠯᠤᠨ ᠬᠣᠢᠰᠢ ᠪᠠᠨ ᠬᠥᠭᠡᠭᠡᠪᠡ᠃ ᠲᠡᠭᠡᠭᠡᠳ ᠭᠠᠮᠢᠨ ᠴᠡᠷᠢᠭ ᠦ᠋ᠨ ᠲᠡᠮᠡᠭᠡᠳ ᠨᠤᠲᠤᠭ ᠵᠦᠭ ᠢ᠋ᠶ᠋ᠡᠨ ᠰᠥᠨᠢ ᠪᠡᠷ ᠳᠤᠲᠠᠭᠠᠴᠢᠬᠠᠯ᠎ᠠ ᠭᠡᠳᠡᠭ ᠨᠡᠷ᠎ᠡ ᠵᠢᠭᠠᠵᠤ ᠭᠣᠣ ᠰᠧᠯᠢᠩ ᠡᠴᠡ ᠴᠢᠯᠥᠭᠡ ᠠᠢᠯᠠᠳᠬᠠᠵᠤ ᠠᠪᠤᠭᠠᠳ ᠴᠢᠮ᠎ᠠ ᠳᠡᠭᠡᠷ᠎ᠡ ᠪᠡᠨ ᠢᠷᠡᠭᠰᠡᠨ ᠨᠢ ᠡᠨᠡ ᠭᠡᠳ ᠮᠢᠩᠭᠠᠨᠪᠤᠤ ᠭᠡᠨᠡᠳᠲᠡ ᠬᠥᠯᠪᠡᠷᠢᠨ ᠬᠤᠪᠢᠯᠴᠡᠴᠡᠭ ᠤᠨ ᠳᠡᠭᠡᠷ᠎ᠡ ᠨᠢ ᠭᠠᠷᠤᠭᠠᠳ ᠭᠠᠯᠵᠠᠭᠤᠷᠠᠭᠰᠠᠨ ᠶᠤᠮ ᠰᠢᠭ᠋ ᠲᠡᠭᠦᠨ ᠦ᠌ ᠬᠡᠦᠬᠡᠨ ᠴᠠᠭᠠᠨ ᠪᠡᠶ᠎ᠡ ᠶ᠋ᠢ ᠬᠣᠭᠣᠰᠣᠨ ᠵᠠᠢ ᠦᠭᠡᠢ ᠡᠷᠪᠡᠭᠡᠨᠡᠭᠦᠯᠦᠨ ᠦᠨᠦᠰᠴᠦ᠂ ᠬᠣᠶᠠᠷ ᠠᠯᠠᠭ᠎ᠠ ᠪᠠᠷ ᠢ᠋ᠶ᠋ᠠᠨ ᠪᠣᠨᠲᠣᠭᠣᠷ ᠬᠥᠬᠥᠨ ᠦ᠌ ᠬᠢᠨᠢ ᠲᠣᠷᠭᠠᠨ ᠴᠡᠴᠡᠭ ᠢ᠋ ᠵᠥᠭᠡᠯᠡᠨ ᠱᠦᠷᠭᠦᠭᠡᠪᠡᠯ ᠬᠤᠪᠢᠯᠴᠡᠴᠡᠭ ᠨᠢᠷᠤᠭᠤ ᠪᠠᠷ ᠢᠶᠠᠨ ᠬᠣᠲᠣᠯᠵᠠᠵᠤ ᠨᠠᠮᠤᠭᠤᠬᠠᠨ ᠢᠷᠠᠭᠯᠠᠪᠠ ᠁
ᠦᠰᠦᠭ ᠠᠮᠢᠯᠠᠭᠤᠯᠤᠭᠰᠠᠨ ᠨᠢ᠄ <ᠬᠡᠯᠡ ᠪᠢᠴᠢᠭ> ᠬᠣᠯᠪᠣᠭ᠎ᠠ
