ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠵᠢᠷᠭᠤᠭ᠎ᠠ> Хан мунын сүүрс < дээд > – Мөнх зохиоов ᠂ Тэргүүн бодь – Нэгдүгээр бүлэг <6> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠵᠢᠷᠭᠤᠭ᠎ᠠ> Хан мунын сүүрс < дээд > – Мөнх зохиоов ᠂ Тэргүүн бодь – Нэгдүгээр бүлэг <6>

ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠵᠢᠷᠭᠤᠭ᠎ᠠ> Хан мунын сүүрс < дээд > – Мөнх зохиоов ᠂ Тэргүүн бодь – Нэгдүгээр бүлэг <6>

ᠠᠩᠭᠢᠯᠠᠯ:ᠲᠤᠭᠤᠵᠢ ᠷᠣᠮᠠᠨ
2024-04-07

466

ᠲᠡᠷᠢᠭᠦᠨ ᠪᠣᠲᠢ – ᠨᠢᠭᠡᠳᠦᠭᠡᠷ ᠪᠦᠯᠦᠭ < ᠵᠢᠷᠭᠤᠭ᠎ᠠ >


                   ᠵᠢᠷᠭᠤᠭ᠎ᠠ   
       
       ᠠᠩᠴᠢᠨ ᠠ᠋ᠴᠠ ᠦᠷᠭᠦᠵᠦ ᠳᠤᠲᠠᠭᠠᠭᠰᠠᠨ ᠣᠭᠣᠨᠣ ᠰᠢᠷᠠᠭᠴᠢᠨ ᠰᠢᠭ᠋ ᠠᠩᠴᠢᠨᠵᠠᠪ ᠰᠡᠷᠭᠦᠮ᠎ᠡ ᠬᠣᠶᠠᠷ ᠨᠠᠷᠠ ᠲᠠᠰᠢᠬᠤ ᠳ᠋ᠤ᠌ ᠪᠤᠭᠤᠲᠤ ᠳ᠋ᠤ᠌ ᠣᠷᠣᠵᠤ ᠣᠴᠢᠪᠠ᠃ ᠴᠡᠷᠢᠭ ᠴᠠᠭᠳᠠᠭ᠎ᠠ ᠦᠢᠮᠡᠯᠳᠦᠨ ᠬᠥᠮᠦᠨ ᠬᠠᠷ᠎ᠠ ᠳᠡᠪᠵᠢᠶᠡᠷᠡᠵᠦ ᠪᠠᠢᠯ᠎ᠠ᠂ ᠪᠠᠢᠳᠠᠯ ᠡᠪ ᠦᠭᠡᠢ ᠪᠣᠯᠤᠭᠰᠠᠨ ᠢ᠋ ᠪᠠᠷᠤᠭᠯᠠᠭᠰᠠᠨ ᠠᠩᠴᠢᠨᠵᠠᠪ ᠤᠯᠠᠭᠠᠨ ᠬᠠᠲᠤᠨ ᠤ ᠰᠠᠯᠴᠢᠨ ᠡᠪᠦᠭᠡᠨ ᠢ᠋ ᠰᠠᠨᠠᠵᠤ ᠣᠯᠤᠨ ᠲᠡᠭᠦᠨ ᠡᠴᠡ ᠲᠤᠰᠠᠯᠠᠮᠵᠢ ᠭᠤᠶᠤᠬᠤ ᠪᠠᠷ ᠵᠡᠭᠦᠨᠰᠢᠯᠡᠪᠡ᠃ ᠰᠢᠷ᠎ᠠ ᠪᠦᠷᠦᠢ ᠪᠣᠯᠬᠤ ᠠ᠋ᠴᠠ ᠡᠮᠦᠨ᠎ᠡ ᠵᠠᠪᠳᠤᠵᠤ ᠤᠯᠠᠭᠠᠨ ᠬᠠᠲᠤᠨ ᠣᠯᠣᠮ ᠳ᠋ᠤ᠌ ᠬᠦᠷᠴᠦ ᠣᠴᠢᠪᠠ᠃ ᠠᠩᠴᠢᠨᠵᠠᠪ ᠲᠡᠷᠡ ᠮᠠᠭᠤᠬᠠᠨ ᠮᠣᠩᠭᠣᠯ ᠦᠭᠡ ᠲᠡᠢ ᠵᠠᠩ ᠣᠪᠣᠭᠲᠤ ᠰᠠᠯᠴᠢᠨ ᠡᠪᠦᠭᠡᠨ ᠢ᠋ ᠲᠠᠨᠢᠳᠠᠭ ᠢ᠋ᠶ᠋ᠠᠷ ᠢ᠋ᠶ᠋ᠠᠨ ᠲᠡᠨᠳᠡ ᠡᠴᠡ ᠬᠥᠯ ᠵᠠᠯᠭᠠᠬᠤ ᠶ᠋ᠢ ᠵᠣᠷᠢᠭᠰᠠᠨ ᠨᠢ ᠡᠨᠡ!
       ᠠᠩᠴᠢᠨᠵᠠᠪ᠂ ᠰᠠᠯᠴᠢᠨ ᠡᠪᠦᠭᠡᠨ ᠲᠡᠢ ᠮᠡᠨᠳᠦ ᠮᠡᠳᠡᠵᠦ ᠢᠷᠡᠭᠰᠡᠨ ᠵᠣᠷᠢᠭᠰᠠᠨ ᠢ᠋ᠶ᠋ᠠᠨ ᠳᠥᠩᠭᠡᠵᠦ ᠬᠡᠯᠡᠵᠦ ᠵᠠᠪᠳᠤᠲᠠᠯ᠎ᠠ ᠡᠪᠦᠭᠡᠨ ᠦ᠌ ᠬᠡᠦᠬᠡᠨ ᠪᠣᠯᠤᠯᠲᠠᠢ ᠨᠢᠭᠡ ᠵᠠᠯᠠᠭᠤᠬᠠᠨ ᠱᠣᠢᠱᠣᠭ ᠡᠮ᠎ᠡ ᠴᠥᠮᠴᠥᠭ ᠴᠥᠮᠴᠥᠭ ᠭᠡᠵᠦ ᠣᠷᠣᠵᠤ ᠢᠷᠡᠨ᠄ 
       — ᠠᠪᠤ ᠠ᠋! ᠲᠡᠷᠡ ᠵᠡᠭᠡᠰᠦᠨ ᠦ᠌ ᠴᠠᠭᠠᠨ᠎ᠠ ᠠ᠋ᠴᠠ ᠠᠷᠪᠠᠭᠠᠳ ᠮᠣᠷᠢᠲᠠᠨ ᠠᠢᠰᠤᠢ᠂ ᠶᠠᠭᠤᠨ ᠤ᠋ ᠬᠥᠮᠦᠨ ᠪᠣᠯᠴᠢᠬᠠᠪᠠ ? ᠭᠡᠵᠦ ᠶᠠᠭᠠᠷᠠᠨ ᠬᠡᠯᠡᠪᠡ᠃
       — ᠠᠷᠪᠠᠭᠠᠳ ᠮᠣᠷᠢᠲᠠᠨ ? 
       — ᠲᠡᠢᠮᠦ᠃
       —  ᠶᠠᠮᠤᠨ ᠤ ᠴᠡᠷᠢᠭ ᠦᠳ ᠁  ᠪᠤᠰᠢᠭᠤ! ᠭᠡᠵᠦ ᠠᠩᠴᠢᠨᠵᠠᠪ ᠰᠠᠯᠴᠢᠨ ᠡᠪᠦᠭᠡᠨ ᠢ ᠰᠢᠷᠲᠡᠵᠦ᠂ ᠡᠪᠦᠭᠡᠨ ᠭᠤᠸᠠᠢ ᠡ᠂ ᠲᠦᠷ ᠪᠡᠶ᠎ᠡ ᠳᠠᠯᠳᠠᠯᠠᠬᠤ ᠭᠠᠵᠠᠷ ᠣᠯᠭᠣᠭᠠᠴᠢ! ᠭᠡᠵᠦ ᠬᠡᠯᠡᠪᠡᠯ ᠰᠡᠷᠭᠦᠮ᠎ᠡ ᠰᠠᠨᠳᠤᠷᠴᠤ᠄
       — ᠡᠦᠲᠦ ᠶᠠᠭᠠᠬᠢᠨ᠎ᠠ ᠪᠣᠢ ? ᠭᠡᠯ᠎ᠡ᠃ 
       —  ᠪᠢᠲᠡᠭᠡᠢ ᠰᠠᠨᠳᠤᠷ᠂ ᠨᠠᠮᠠᠶ᠋ᠢ ᠳᠠᠭᠠᠭᠠᠳ ᠢᠷ᠎ᠡ!ᠭᠡᠵᠦ ᠰᠠᠯᠴᠢᠨ ᠡᠪᠦᠭᠡᠨ ᠪᠠᠲᠤᠯᠠᠭᠠᠲᠠᠢ ᠬᠡᠯᠡᠬᠦ ᠳ᠋ᠦ᠍ ᠰᠡᠷᠭᠦᠮ᠎ᠡ ᠶ᠋ᠢᠨ ᠪᠤᠯᠭᠢᠯᠠᠭᠰᠠᠨ ᠵᠢᠷᠦᠬᠡ ᠠᠷᠠᠢ ᠨᠠᠮᠳᠠᠵᠤ《 ᠯᠠᠮ᠎ᠠ ᠭᠤᠷᠪᠠᠨ ᠡᠷᠳᠡᠨᠢ ᠮᠢᠨᠢ!》 ᠭᠡᠳ ᠰᠠᠯᠴᠢᠨ ᠡᠪᠦᠭᠡᠨ ᠦ᠌ ᠠᠷᠤ ᠠ᠋ᠴᠠ ᠵᠠᠶᠠᠭᠠᠨ ᠳ᠋ᠠᠭᠠᠨ ᠳᠠᠭᠠᠳᠬᠠᠨ ᠱᠠᠯᠠᠪᠬᠠᠨ ᠳᠠᠭᠠᠵᠤ ᠭᠠᠷᠪᠠ᠃ 
       ᠰᠠᠯᠴᠢᠨ ᠡᠪᠦᠭᠡᠨ ᠲᠡᠳᠡ ᠬᠣᠶᠠᠭᠤᠯᠠ ᠶ᠋ᠢ ᠳᠠᠭᠠᠭᠤᠯᠤᠨ ᠲᠠᠷᠢᠶᠠᠴᠢᠨ ᠲᠣᠰᠬᠣᠨ ᠤ᠋ ᠨᠢᠭᠡ ᠠᠢᠯ ᠳ᠋ᠤ᠌ ᠣᠴᠢᠪᠠ᠃ 
       — ᠲᠠ ᠬᠣᠶᠠᠭᠤᠯᠠ ᠡᠨᠳᠡ ᠪᠠᠢᠵᠤ ᠪᠠᠢ᠃ ᠪᠠᠢᠳᠠᠯ ᠮᠠᠭᠤ ᠪᠣᠯᠪᠠᠯ ᠵᠣᠭᠣᠷᠢᠨ ᠳ᠋ᠤᠨᠢ ᠣᠷᠣᠵᠤ ᠳᠠᠯᠳᠠᠯᠠ! ᠪᠢ ᠶᠠᠪᠤᠵᠤ ᠶᠠᠭᠤᠮ᠎ᠠ ᠲᠥᠪᠬᠢᠨᠡᠭᠦᠯᠦᠶ᠎ᠡ ᠭᠡᠵᠦ ᠳᠥᠬᠥᠮᠬᠡᠨ ᠲᠤᠰᠢᠶᠠᠴᠢᠬᠠᠭᠠᠳ ᠣᠯᠣᠮ ᠤ᠋ᠨ ᠢ᠋ᠶ᠋ᠠᠨ ᠬᠠᠪᠴᠢᠭ ᠭᠡᠷ ᠢ ᠴᠢᠭᠯᠡᠨ ᠬᠤᠷᠳᠤᠯᠠᠪᠠ᠃  
       ᠪᠤᠭᠤᠲᠤ ᠠ᠋ᠴᠠ ᠲᠦᠷᠭᠡᠨ ᠵᠠᠢᠯᠠᠵᠤ᠂ ᠬᠣᠯᠠ ᠶᠠᠪᠤᠬᠤ ᠨᠢ ᠳᠡᠭᠡᠷ᠎ᠡ᠃ ᠡᠨᠡ ᠬᠥᠮᠦᠨ ᠠᠮᠢᠲᠠᠨ ᠪᠤᠵᠢᠭᠢᠨᠠᠭᠰᠠᠨ ᠭᠠᠵᠠᠷ ᠤᠳᠠᠭᠠᠨ ᠪᠠᠢᠵᠤ ᠪᠣᠯᠬᠤ ᠦᠭᠡᠢ ᠭᠡᠳᠡᠭ ᠠᠢᠩᠭᠣᠷᠢᠲᠣ ᠪᠣᠳᠣᠯ ᠲᠡᠷᠡ ᠬᠣᠶᠠᠷ ᠢ᠋ ᠴᠠᠭ ᠢᠮᠠᠭᠲᠠ ᠡᠵᠡᠮᠳᠡᠵᠦ ᠪᠠᠢᠯ᠎ᠠ᠃ 
       ᠮᠠᠷᠭᠠᠲᠤᠷ ᠨᠢ ᠠᠩᠴᠢᠨᠵᠠᠪ ᠬᠣᠶᠠᠷ ᠮᠣᠷᠢ ᠪᠠᠨ ᠮᠥᠩᠭᠥ ᠪᠣᠯᠭᠠᠵᠤ ᠵᠠᠪᠳᠤᠭᠰᠠᠨ ᠢ᠋ᠶ᠋ᠠᠷ ᠬᠠᠮᠢᠭᠠᠰᠢ ᠨᠢᠭᠡ ᠪᠤᠷᠤᠭᠤᠯᠠᠬᠤ ᠳ᠋ᠤ᠌ ᠲᠦᠳᠡ ᠰᠢᠯᠤᠭᠤᠨ ᠪᠣᠯᠤᠭᠰᠠᠨ ᠮᠡᠲᠦ ᠰᠠᠨᠠᠭᠳᠠᠵᠤ ᠲᠦᠨᠡᠷ ᠬᠠᠷᠠᠩᠭᠤᠢ ᠳ᠋ᠤ᠌ ᠵᠤᠷᠪᠤᠰ ᠭᠡᠭᠡ ᠣᠯᠵᠤ ᠬᠠᠷᠠᠭᠰᠠᠨ ᠰᠢᠭ᠋ ᠳᠣᠲᠣᠷ᠎ᠠ ᠨᠢ ᠪᠠᠭ᠎ᠠ ᠵᠡᠷᠭᠡ ᠲᠠᠢᠪᠤᠰᠢᠷᠠᠪᠠ᠃ ᠲᠡᠷᠡ ᠰᠠᠯᠴᠢᠨ ᠡᠪᠦᠭᠡᠨ ᠳ᠋ᠦ᠍ ᠲᠠᠪᠤᠨ ᠴᠠᠭᠠᠨ ᠵᠣᠭᠣᠰ ᠠᠳᠬᠤᠭᠤᠯᠤᠭᠠᠳ ᠪᠠᠮᠪᠠᠷᠴᠠᠭ ᠦᠬᠡᠷ ᠬᠠᠰᠠᠭ ᠲᠠᠢ ᠲᠠᠷᠢᠶᠠᠴᠢᠨ ᠵᠠᠰᠠᠯ ᠢ᠋ᠶ᠋ᠠᠷ ᠵᠢᠰᠦ ᠪᠡᠨ ᠪᠤᠷᠤᠭᠤᠯᠠᠨ ᠪᠠᠷᠠᠭᠤᠨᠰᠢᠯᠠᠵᠤ ᠡᠪ ᠲᠠᠭᠠᠷᠠᠪᠠᠯ ᠬᠠᠳᠤᠮᠠᠯ ᠤ᠋ᠨ ᠭᠣᠣᠯ ᠢ᠋ᠶ᠋ᠠᠷ ᠠᠭᠤᠯᠠᠨ ᠳ᠋ᠤ᠌ ᠭᠠᠷᠴᠤ ᠬᠣᠷᠭᠣᠳᠠᠵᠤ ᠪᠠᠢᠭᠠᠳ ᠭᠣᠪᠢ ᠲᠠᠢᠰᠢ ᠪᠠᠨ ᠴᠢᠭᠯᠡᠬᠦ ᠪᠡᠷ ᠪᠣᠯᠪᠠ᠃ ᠤᠴᠢᠷ ᠨᠢ ᠬᠣᠲᠠ ᠶ᠋ᠢᠨ ᠪᠠᠷᠠᠭᠤᠨ ᠬᠠᠭᠠᠯᠭ᠎ᠠ ᠪᠠᠷ ᠭᠠᠷᠬᠤ ᠬᠥᠮᠦᠨ ᠢ᠋ ᠬᠠᠭᠠᠬᠤ ᠦᠬᠡᠢ ᠨᠢ ᠯᠠᠪ ᠭᠡᠵᠦ ᠲᠡᠳᠡ ᠢᠲᠡᠭᠡᠵᠦ ᠪᠠᠢᠪᠠ᠃  
       ᠰᠢᠷ᠎ᠠ ᠪᠦᠷᠦᠢ ᠲᠠᠰᠤᠷᠠᠬᠤ ᠳ᠋ᠤ᠌ ᠲᠡᠳᠡ ᠬᠣᠶᠠᠭᠤᠯᠠ ᠬᠤᠮᠢᠭᠠᠷ ᠡᠪᠡᠷ ᠲᠡᠢ ᠡᠴᠡᠩᠬᠡᠢ ᠬᠦᠷᠡᠩ ᠱᠠᠷ ᠬᠥᠯᠦᠭᠰᠡᠨ ᠪᠠᠯᠪᠠᠷᠬᠠᠢ ᠪᠠᠮᠪᠠᠷᠴᠠᠭ ᠬᠠᠰᠠᠭ ᠢ᠋ᠶ᠋ᠠᠷ ᠪᠠᠷᠠᠭᠤᠨᠰᠢ ᠴᠢᠭᠯᠡᠪᠡ᠃ ᠮᠥᠭᠡᠷ ᠨᠢ ᠬᠠᠭᠰᠠᠨ ᠠᠭᠵᠠᠢᠭᠰᠠᠨ ᠬᠠᠰᠠᠭ ᠤ᠋ᠨ ᠬᠠᠷ᠎ᠠ ᠭᠣᠣᠯ ᠨᠢ ᠵᠠᠭᠤᠷᠠᠵᠤ ᠴᠢᠬᠢ ᠬᠠᠳᠬᠤᠮ᠎ᠠ ᠮᠠᠭᠤᠬᠠᠢ ᠳᠠᠭᠤ ᠪᠠᠷ ᠬᠢᠬᠤᠨᠠᠭᠠᠳ ᠶᠠᠪᠤᠭᠤᠷᠢ ᠮᠠᠭᠤᠲᠠᠢ ᠪᠠᠢᠯ᠎ᠠ᠃ ᠬᠠᠰᠠᠭ ᠭᠡᠯᠢᠭᠰᠡᠨ ᠰᠠᠯᠴᠢᠨ ᠡᠪᠦᠭᠡᠨ ᠠᠷᠠᠯ ᠤ᠋ᠨ ᠳᠠᠪᠤᠰᠠᠩ ᠳ᠋ᠤ᠌ ᠳᠡᠭᠦᠵᠢᠯᠡᠭᠳᠡᠭᠰᠡᠨ ᠮᠠᠭᠠᠵᠢᠨ ᠲᠣᠰᠣᠨ ᠤ᠋ ᠬᠤᠯᠤ ᠠ᠋ᠴᠠ ᠪᠠᠢᠨ ᠪᠠᠢᠨ ᠬᠠᠰᠠᠭ ᠤ᠋ᠨ ᠭᠣᠣᠯ ᠳ᠋ᠤ᠌ ᠲᠣᠰᠣ ᠳᠣᠰᠣᠭᠠᠨ ᠶᠠᠪᠤᠨ᠎ᠠ᠃ ᠲᠠᠷᠢᠶᠠᠨ ᠤ᠋ ᠦᠢᠯᠡ ᠳ᠋ᠦ᠍ ᠠᠨᠵᠢᠰᠤ ᠬᠠᠰᠢᠷᠠᠲᠠᠯ᠎ᠠ ᠪᠠᠨ ᠵᠢᠳᠬᠦᠨ ᠰᠡᠭᠦᠵᠢᠨ ᠶᠠᠰᠤ ᠨᠢ ᠰᠠᠭᠠᠭ ᠤ᠋ᠨ ᠭᠤᠷᠪᠠᠨ ᠲᠠᠯ᠎ᠠ ᠰᠢᠭ᠋ ᠭᠣᠵᠣᠢᠭᠰᠠᠨ ᠬᠦᠷᠡᠩ ᠱᠠᠷ᠂《 ᠳ᠋ᠡᠳ ᠳ᠋ᠡᠳ᠂ ᠯᠠᠢ ᠯᠠᠢ!》 ᠭᠡᠬᠦ ᠠᠨᠵᠢᠰᠤ᠂ ᠬᠠᠰᠠᠭ ᠤ᠋ᠨ ᠱᠠᠷ ᠳᠣᠳᠣᠮᠳᠠᠬᠤ ᠲᠠᠷᠢᠶᠠᠴᠢᠨ ᠤ᠋ ᠵᠠᠬᠢᠷᠤᠯ ᠢ᠋ ᠲᠡᠳᠦᠢ ᠯᠡ ᠣᠢᠰᠢᠶᠠᠬᠤ ᠦᠭᠡᠢ ᠶᠠᠪᠤ ᠶᠠᠳᠠᠨ ᠬᠠᠱᠠᠩᠨᠠᠬᠤ ᠳ᠋ᠤ᠌᠂ ᠡᠪᠦᠭᠡᠨ ᠳᠡᠯᠢᠮ ᠬᠢᠷᠡᠳᠡᠢ ᠤᠯᠠᠭᠠᠨ ᠰᠤᠬᠠᠢ ᠪᠠᠷ ᠭᠣᠵᠣᠢᠭᠰᠠᠨ ᠶᠠᠭᠢᠷ ᠰᠡᠭᠦᠵᠢᠨ ᠳᠡᠭᠡᠷ᠎ᠡ ᠨᠢ ᠬᠡᠳᠦᠢ ᠪᠠᠢᠨ ᠳᠠᠬᠢᠨ ᠳᠡᠰ ᠬᠢᠲᠡᠯ᠎ᠡ ᠪᠠᠭᠤᠯᠭᠠᠪᠠᠴᠤ ᠰᠡᠭᠦᠯ ᠢ᠋ᠶ᠋ᠡᠨ ᠰᠢᠷᠪᠠᠭᠠᠳ ᠡᠪᠡᠷ ᠢ᠋ᠶ᠋ᠡᠨ ᠳᠣᠩᠬᠣᠯᠵᠠᠭᠤᠯᠬᠤ ᠠ᠋ᠴᠠ ᠴᠠᠭᠠᠰᠢ ᠦᠭᠡᠢ ᠠᠵᠢ᠃ ᠪᠠᠯᠪᠠᠷᠬᠠᠢ ᠪᠠᠮᠪᠠᠷᠴᠠᠭ ᠬᠠᠰᠠᠭ᠂ ᠰᠡᠭᠦᠵᠢ ᠨᠢ ᠶᠣᠷᠳᠣᠢᠨ ᠭᠣᠵᠣᠢᠭᠰᠠᠨ ᠬᠦᠷᠡᠩ ᠱᠠᠷ᠂ ᠡᠷᠡᠦ ᠨᠢ ᠬᠠᠮᠰᠢᠢᠭᠰᠠᠨ ᠠᠲᠤᠭᠠᠷ ᠰᠠᠯᠴᠢᠨ ᠡᠪᠦᠭᠡᠨ ᠭᠤᠷᠪᠠ ᠶ᠋ᠢᠨ ᠴᠢᠷᠠᠢ ᠪᠠᠷ ᠬᠡᠵᠢᠶ᠎ᠡ ᠴᠦ᠍ ᠬᠠᠮᠢᠭ᠎ᠠ ᠭᠡᠵᠦ ᠬᠦᠷᠳᠡᠭ ᠪᠢᠯᠡ?  ᠭᠡᠵᠦ ᠡᠨᠡ ᠪᠦᠬᠦᠨ ᠢ᠋ ᠬᠠᠷᠠᠭᠠᠳ ᠰᠢᠷᠬᠤᠨᠠᠭ ᠢ᠋ᠶ᠋ᠠᠨ ᠵᠣᠮᠪᠣᠢᠲᠠᠯ᠎ᠠ ᠪᠣᠭᠣᠵᠤ᠂ ᠨᠠᠪᠲᠠᠷᠬᠠᠢ ᠤᠯᠠᠭᠠᠨ ᠬᠦᠷᠮ᠎ᠡ ᠡᠮᠦᠰᠦᠭᠰᠡᠨ ᠱᠣᠢᠱᠣᠭ ᠵᠠᠰᠠᠯ ᠲᠠᠢ ᠰᠡᠷᠭᠦᠮ᠎ᠡ ᠵᠣᠪᠠᠭᠤᠷᠢᠲᠠᠢ ᠪᠣᠳᠣᠭᠰᠠᠨ ᠢ᠋ᠶ᠋ᠠᠨ 《 ᠮᠥᠨ ᠢᠩᠭᠢᠵᠦ ᠮᠠᠯᠬᠢᠬᠤ ① ᠶᠤᠮ ᠪᠣᠯ ᠨᠡᠬᠡᠭᠦᠯ ᠦ᠋ᠨ ᠬᠥᠮᠦᠰ ᠲᠦ᠍ ᠪᠠᠷᠢᠭᠳᠠᠬᠤ ᠳ᠋ᠤ᠌ ᠣᠢᠷᠠᠬᠠᠨ ᠳᠠ !᠁ 》ᠭᠡᠵᠦ ᠳᠦᠳᠦᠨᠡᠪᠡ᠃ 
       ᠲᠡᠷᠡ ᠬᠣᠶᠠᠭᠤᠯᠠ ᠡᠢᠨ ‍ᠬᠦ ᠬᠠᠰᠠᠭ ᠲᠡᠷᠭᠡ ᠪᠡᠷ ᠶᠠᠪᠤᠬᠤ ᠳ᠋ᠠᠭᠠᠨ ᠬᠠᠶᠠ ᠵᠠᠮ ᠤ᠋ᠨ ᠬᠠᠵᠠᠭᠤ ᠪᠤᠲᠠ ᠳᠡᠷᠡᠰᠦᠨ ᠡᠴᠡ ᠫᠦᠷᠳ᠋ ᠬᠢᠨ ᠦᠷᠭᠦᠨ ᠨᠢᠰᠬᠦ ᠪᠣᠯᠵᠣᠮᠣᠷ ᠰᠢᠪᠠᠭᠤᠳ ᠠ᠋ᠴᠠ ᠶ᠋ᠢᠨ ᠰᠦᠷᠳᠡᠵᠦ 《 ᠠᠷᠤ ᠠ᠋ᠴᠠ ᠬᠥᠮᠦᠨ ᠨᠡᠬᠡᠭᠦᠵᠡᠢ 》 ᠭᠡᠳ ᠠᠶᠤᠨ ᠰᠣᠴᠢᠨ ᠶᠠᠪᠤᠭᠰᠠᠭᠠᠷ ᠬᠣᠯᠠ ᠶ᠋ᠢᠨ ᠪᠠᠷ᠎ᠠ ᠪᠥᠷᠲᠥᠯᠵᠡᠬᠦ ᠦᠶ᠎ᠡ ᠳ᠋ᠦ᠍ ᠪᠤᠷᠬᠠᠨᠲᠤ ᠶ᠋ᠢᠨ ᠵᠣ ᠲᠤᠭᠤᠯᠵᠤ ᠬᠠᠳᠤᠮᠠᠯ ᠤ᠋ᠨ ᠪᠡᠯ ᠳᠥᠭᠥᠯ᠎ᠡ᠃ ᠮᠠᠭᠤ ᠪᠠᠮᠪᠠᠷᠴᠠᠭ ᠤ᠋ᠨ ᠬᠢᠬᠤᠨᠠᠭᠠᠨ ᠳ᠋ᠤ᠌ ᠳᠣᠩᠰᠣᠯᠵᠤ ᠶᠠᠪᠤᠬᠤ ᠳ᠋ᠠᠭᠠᠨ ᠵᠠᠮ ᠬᠣᠷᠣᠳᠠᠭ ᠦᠭᠡᠢ ᠬᠡᠴᠡᠭᠦᠦ᠃ ᠲᠡᠭᠡᠲᠡᠯ᠎ᠡ ᠶᠠᠯᠢ ᠦᠭᠡᠢ ᠨᠢᠭᠡ ᠮᠠᠭᠤ ᠬᠠᠭᠤᠷᠠᠢ ᠭᠣᠣᠯ ᠤ᠋ᠨ ᠠᠷᠵᠠᠭ ᠪᠠᠷᠵᠠᠭ ᠲᠠᠷᠭᠢᠯ ᠳᠣᠲᠣᠷ᠎ᠠ ᠳᠦᠩᠭᠦᠷ ᠳᠦᠩᠭᠦᠷ ᠶᠣᠩᠭᠢᠴᠠᠵᠤ ᠶᠠᠪᠤᠬᠤ ᠳ᠋ᠠᠭᠠᠨ ᠪᠠᠮᠪᠠᠷᠴᠠᠭ ᠤ᠋ᠨ ᠬᠦᠷᠳᠦᠨ ᠤ ᠬᠢᠨᠢ ᠵᠦᠢᠳᠡᠭᠡᠰᠦ ᠤᠨᠠᠵᠤ᠂ ᠡᠮᠲᠡᠷᠡᠭᠰᠡᠨ ᠪᠣᠭᠣᠷᠰᠣᠭ ᠰᠢᠭ᠋ ᠪᠣᠯᠵᠤ ᠠᠳᠠᠭ ᠨᠢ ᠬᠢᠬᠤᠨᠠᠬᠤ ᠪᠠᠨ ᠴᠤ᠌ ᠪᠣᠯᠢᠪᠠ᠃ ᠪᠥᠵᠥᠩ ᠡᠪᠦᠷᠯᠡᠭᠰᠡᠨ ᠥᠨᠥᠬᠢ ᠬᠣᠶᠠᠷ ᠲᠤ᠌ ᠯᠠᠨᠴᠢᠭ ᠲᠠᠷᠢᠵᠠᠢ᠃ ᠡᠨᠡ ᠨᠢ ᠶᠠᠳᠠᠩᠬᠠᠢ ᠬᠦᠷᠡᠩ ᠱᠠᠷ ᠲᠤ᠌ ᠵᠣᠯ ᠪᠣᠯᠤᠭᠰᠠᠨ ᠪᠣᠯᠪᠠᠴᠤ 《ᠡᠨᠡ ᠮᠠᠭᠤ ᠵᠢᠰᠢᠬᠦ ᠳ᠋ᠡᠭᠡᠨ ᠰᠢᠬᠠᠭᠰᠠᠨ ᠥᠭᠢᠷ᠎ᠡ ᠲᠣᠯᠣᠭᠠᠢ᠂ ᠲᠠᠪᠤᠨ ᠴᠠᠭᠠᠨ ᠵᠣᠭᠣᠰᠤᠨ ᠤ᠋ ᠮᠢᠨᠢ ᠬᠠᠷᠢᠭᠤ ᠳ᠋ᠤ᠌ ᠡᠢᠮᠦ ᠪᠠᠯᠪᠠᠷᠬᠠᠢ ᠶᠠᠭᠤᠮ᠎ᠠ ᠪᠠᠷ ᠨᠢᠳᠦ ᠬᠠᠭᠤᠷᠴᠤ ᠴᠠᠭᠠᠰᠢ ᠴᠤ᠌ ᠦᠭᠡᠢ ᠨᠠᠭᠠᠰᠢ ᠴᠤ ᠦᠭᠡᠢ ᠲᠠᠯ᠎ᠠ ᠳᠡᠭᠡᠷ᠎ᠡ ᠭᠠᠬᠠᠢ ᠶᠠᠪᠠᠭᠠᠨ ᠣᠷᠬᠢᠯ᠎ᠠ 》 ᠭᠡᠵᠦ ᠬᠣᠶᠠᠭᠤᠯᠠ ᠬᠣᠭᠣᠷᠣᠨᠳᠣ ᠪᠠᠨ ᠨᠢᠳᠦ ᠪᠡᠷ ᠢ᠋ᠶ᠋ᠡᠨ ᠬᠡᠯᠡᠯᠴᠡᠵᠦ ᠰᠠᠯᠴᠢᠨ ᠡᠪᠦᠭᠡᠨ ᠳ᠋ᠦ᠍ ᠪᠤᠷᠤᠭᠤ ᠲᠣᠬᠣᠵᠤ ᠵᠣᠭᠰᠣᠲᠠᠯ᠎ᠠ ᠲᠡᠷᠲᠡᠭᠡ ᠠᠭᠤᠯᠠ ᠶ᠋ᠢᠨ ᠪᠠᠯ ᠠ᠋ᠴᠠ ᠬᠡᠳᠦᠨ ᠮᠣᠷᠢᠲᠠᠨ ᠲᠣᠭᠣᠰᠣ ᠮᠠᠨᠠᠷᠠᠭᠤᠯᠤᠨ ᠳᠠᠪᠬᠢᠵᠤ ᠠᠢᠰᠤᠢ᠃ 
       — ᠡᠦᠲᠦ ᠶᠠᠭᠠᠬᠢᠳᠠᠭ ᠪᠢᠯᠡ? ᠶᠠᠭ ᠯᠠ ᠪᠢᠳᠡᠨᠦᠰ ᠢ᠋ ᠠᠮᠠᠳᠠᠴᠢᠬᠠᠯ᠎ᠠ ᠃ ᠬᠤᠷᠳᠤᠨ ᠳᠤᠲᠠᠭᠠᠬᠤ ᠦᠭᠡᠢ ᠪᠣᠯ ᠪᠠᠯᠠᠷᠠᠬᠤ ᠨᠢ ᠠ᠋ ! ᠰᠡᠷᠭᠦᠮ᠎ᠡ ᠠ᠋ ! ᠪᠤᠰᠢᠭᠤᠯᠠ! ᠭᠡᠵᠦ ᠠᠩᠴᠢᠨᠵᠠᠪ ᠰᠠᠨᠳᠤᠷᠪᠠᠯ ᠰᠡᠷᠭᠦᠮ᠎ᠡ᠄
       — ᠪᠢᠳᠡ ᠬᠣᠶᠠᠭᠤᠯᠠ ᠪᠠᠨ ᠭᠠᠬᠠᠢ ᠶᠠᠪᠠᠭᠠᠨ ᠬᠠᠮᠢᠭᠠᠰᠢ ᠪᠠᠨ ᠳᠤᠲᠠᠭᠠᠬᠤ ᠪᠣᠢ? ᠴᠢ ᠮᠢᠨᠢ ᠵᠠᠪᠳᠤᠪᠠᠯ ᠬᠠᠮᠢᠭᠠᠰᠢ ᠪᠠᠨ ᠴᠤ᠌ ᠪᠣᠯᠤᠭ ᠳᠤᠲᠠᠭ᠎ᠠ! ᠪᠠᠷᠢᠭᠳᠠᠭᠰᠠᠭᠠᠷ ᠴᠤ᠌ ᠶᠣᠰᠣᠲᠠᠢ ᠰᠠᠢᠨ ᠢ᠋ᠶ᠋ᠠᠨ ᠣᠯᠵᠤ ᠦᠵᠡᠬᠦ ᠦᠭᠡᠢ ᠠ᠋ ! ᠬᠦᠩ ᠨᠣᠶᠠᠨ ᠤ᠋ ᠬᠠᠲᠤᠨ ᠳ᠋ᠤ᠌ ᠬᠠᠯᠲᠠᠯ᠎ᠠ ᠭᠡᠵᠦ ᠬᠡᠴᠡᠭᠦᠦ ᠲᠠᠮᠤ ᠦᠵᠡᠭᠦᠯᠦᠨ᠎ᠡ ᠰᠢᠦ ! ᠭᠡᠪᠡ᠃
       — ᠰᠡᠷᠭᠦᠮ᠎ᠡ ᠠ᠋! ᠦᠬᠦᠪᠡᠴᠦ ᠬᠣᠶᠠᠭᠤᠯᠠ ᠪᠠᠨ ᠬᠠᠮᠲᠤ ᠦᠬᠦᠶ᠎ᠡ! ᠶᠠᠪᠤᠶ᠎ᠠ ᠂ ᠬᠣᠶᠠᠭᠤᠯᠠ ᠪᠠᠨ ᠳᠤᠲᠠᠭᠠᠶ᠎ᠠ ! 
       — ᠢᠯᠡᠭᠦᠦ ᠳᠤᠲᠠᠭᠤ ᠬᠡᠷᠡᠭ ᠦᠭᠡᠢ ᠣᠯᠠᠨ ᠦᠭᠡ ᠬᠡᠯᠡᠬᠦ ᠪᠡᠨ ᠪᠠᠢᠭ᠃ ᠠᠮᠢᠳᠤ ᠶᠠᠪᠤᠪᠠᠯ ᠠᠯᠲᠠᠨ ᠠᠶᠠᠭᠠᠨ ᠠ᠋ᠴᠠ ᠤᠰᠤ ᠤᠤᠭᠤᠨ᠎ᠠ ᠭᠡᠳᠡᠭ ᠰᠢᠦ ᠳᠡ᠃ ᠴᠢ ᠪᠤᠰᠢᠭᠤᠬᠠᠨ ᠠᠷᠭ᠎ᠠ ᠪᠠᠨ ᠣᠯ!  ᠪᠢ ᠠᠳᠠ ᠪᠠᠨ ᠪᠠᠢᠵᠦ ᠯᠡ ᠪᠠᠢᠶ᠎ᠠ! ᠲᠦᠷᠭᠡᠯᠡ ᠳᠡ! ᠭᠡᠵᠦ ᠰᠡᠷᠬᠦᠮ᠎ᠡ ᠠᠩᠴᠢᠨᠵᠠᠪ ᠲᠤ ᠨᠠᠮᠬᠠᠨ ᠪᠣᠯᠪᠠᠴᠤ ᠵᠠᠩᠳᠤᠷᠤᠩᠭᠤᠢ ᠬᠡᠯᠡᠪᠡ᠃
       ᠠᠩᠴᠢᠨᠵᠠᠪ ᠲᠣᠲᠣᠷ᠎ᠠ ᠪᠠᠨ 《ᠡᠨᠡ ᠮᠠᠭᠤ ᠵᠥᠨᠥᠭ ᠡᠴᠡ ᠪᠣᠯᠵᠤ ᠠᠯᠢᠪᠠ ᠶᠠᠭᠤᠮ᠎ᠠ ᠪᠡᠯᠡᠷᠡᠯ᠎ᠡ᠃ ᠪᠤᠷᠬᠠᠨ ᠲᠡᠭᠷᠢ ᠳ᠋ᠦ᠍ ᠪᠤᠷᠤᠭᠤ ᠦᠵᠡᠭᠳᠡᠭᠰᠡᠨ ᠵᠠᠨᠠᠭ ᠴᠢᠮᠠᠶ᠋ᠢ ᠳᠠ᠂ ᠪᠣᠯᠳᠠᠭ ᠰᠠᠨ ᠪᠣᠯ  ᠬᠤᠯᠤᠨ ᠲᠣᠯᠣᠭᠠᠢ ᠢ ᠴᠢᠨᠢ ᠬᠠᠭᠠᠯᠵᠤ ᠤᠰᠤ ᠢ ᠨᠢ ᠠᠰᠬᠠᠵᠤ ᠬᠠᠶᠠᠯᠲᠠᠢ ᠶᠤᠮ 》ᠭᠡᠵᠦ ᠪᠠᠷᠰ ᠲᠤ ᠭᠠᠷᠭᠠᠬᠤ ᠠᠭᠤᠷ ᠢᠶᠠᠨ ᠪᠠᠮᠪᠠᠷ ᠲᠤ ᠭᠡᠳᠡᠭ ᠢᠶᠡᠷ ᠰᠠᠯᠴᠢᠨ ᠡᠪᠦᠭᠡᠨ ᠢ᠋ ᠵᠠᠨᠤᠯᠲᠠᠢ ᠬᠠᠷᠠᠵᠤ ᠠᠪᠤᠭᠠᠳ ᠴᠠᠭᠠᠳᠤ ᠦᠶᠡᠷ ᠦ᠋ᠨ ᠭᠣᠣ ᠤᠷᠤᠭᠤ ᠪᠡᠶ᠎ᠡ ᠳᠠᠯᠳᠠᠯᠠᠨ ᠭᠦᠶᠦᠪᠡ᠃ ᠰᠡᠷᠭᠦᠮ᠎ᠡ ᠠᠷᠤ ᠠ᠋ᠴᠠ ᠨᠢ ᠨᠢᠳᠦ ᠠᠯᠳᠠᠯ ᠦᠭᠡᠢ ᠬᠠᠷᠠᠵᠤ ᠵᠣᠭᠰᠣᠨ᠎ᠠ᠃ ᠠᠩᠴᠢᠨᠵᠠᠪ ᠲᠡᠷᠲᠡᠭᠡ ᠵᠠᠢᠰᠬᠠᠨ ᠢᠳᠡᠰᠢᠯᠡᠵᠦ ᠪᠠᠢᠭᠰᠠᠨ ᠴᠢᠳᠦᠷ ᠲᠠᠢ ᠮᠣᠷᠢ ᠤᠷᠤᠭᠤ ᠪᠥᠭᠴᠥᠭᠡᠨᠡᠨ ᠬᠦᠶᠦᠬᠦ ᠨᠢ ᠬᠠᠷᠠᠭᠳᠠᠪᠠ ᠁  
       ᠥᠷᠯᠥᠭᠡ ᠡᠷᠲᠡ ᠪᠣᠰᠣᠭᠰᠠᠨ ᠮᠢᠩᠭᠠᠨᠪᠤᠤ ᠲᠤᠰᠠᠯᠠᠭᠴᠢ ᠬᠠᠲᠤᠮᠠᠯ ᠤᠨ ᠪᠠᠷᠠᠭᠤᠨ ᠠᠮᠠᠨ ᠤ ᠨᠣᠷᠪᠤᠫᠢᠯ ᠭᠤᠸᠠᠢ ᠶᠢᠨ ᠳᠦ ᠦᠳᠡᠯᠡᠵᠦ ᠠᠪᠤᠭᠠᠳ ᠨᠠᠷᠠ ᠤᠨᠠᠬᠤ ᠶᠢ ᠬᠦᠯᠢᠶᠡᠵᠦ ᠪᠤᠭᠤᠲᠤ ᠠ᠋ᠴᠠ ᠪᠠᠷᠠᠭᠤᠨᠰᠢ ᠰᠤᠨᠤᠯᠵᠠᠬᠤ ᠰᠢᠷ᠎ᠠ ᠵᠠᠮ ᠤ᠋ᠨ ᠠᠭᠤᠯᠵᠠᠷ ᠢ᠋ ᠪᠠᠢᠨ ᠪᠠᠢᠨ ᠳᠤᠷᠠᠨᠳᠠᠵᠤ ᠰᠠᠭᠤᠵᠠᠢ᠃ ᠨᠠᠷᠠ ᠤᠨᠠᠵᠤ ᠰᠢᠷ᠎ᠠ ᠪᠦᠷᠦᠢ ᠲᠠᠰᠤᠷᠠᠬᠤ ᠶ᠋ᠢᠨ ᠦᠶ᠎ᠡ ᠪᠡᠷ ᠪᠤᠭᠤᠲᠤ ᠶ᠋ᠢᠨ ᠵᠦᠭ ᠡᠴᠡ ᠪᠠᠷᠠᠭᠤᠨᠰᠢᠯᠠᠬᠤ ᠰᠢᠷ᠎ᠠ ᠵᠠᠮ ᠢ᠋ᠶ᠋ᠠᠷ ᠦᠬᠡᠷ ᠬᠠᠰᠠᠭ ᠰᠠᠵᠢᠯᠠᠬᠤ ᠨᠢ ᠬᠠᠷᠠᠭᠳᠠᠬᠤ ᠪᠠᠷ᠂《 ᠵᠠ᠂ ᠡᠨᠡ ᠴᠤ᠌ ᠮᠦᠨ ᠰᠢᠭ ᠪᠠᠢᠨ᠎ᠠ᠃ ᠪᠡᠶ᠎ᠡ ᠪᠡᠨ ᠬᠦᠷᠭᠡᠭᠡᠳ ᠢᠷᠡᠵᠢ ᠳᠠ᠃ ᠶᠠᠭᠤ ᠴᠤ᠌ ᠭᠡᠰᠡᠨ ᠭᠤᠷᠪᠠᠨ ᠲᠣᠯᠣᠭᠠᠢ ᠪᠦᠷᠦᠯᠵᠡᠵᠦ ᠨᠢᠭᠡ ᠶᠠᠭᠤᠮ᠎ᠠ ᠰᠣᠨᠣᠰᠬᠠᠬᠤ ᠳ᠋ᠤ᠌ ᠣᠢᠷᠬᠠᠨ ᠪᠣᠯᠵᠠᠢ 》 ᠭᠡᠵᠦ ᠪᠣᠳᠣᠪᠠ᠃ ᠦᠬᠡᠷ ᠬᠠᠰᠠᠭ ᠨᠠᠭᠠᠰᠢ ᠳᠥᠭᠥᠬᠦ ᠲᠣᠰᠤᠮ ᠢ᠋ᠶ᠋ᠠᠨ ᠨᠢᠭᠡ ᠤᠯᠠᠪᠤᠷ ᠬᠦᠷᠮ᠎ᠡ ᠲᠡᠢ ᠱᠣᠢᠱᠣᠭ ᠬᠣᠶᠠᠷ ᠪᠠᠷᠠᠭᠠᠨ ᠬᠤᠪᠴᠠᠰᠤ ᠲᠠᠢ ᠬᠥᠮᠦᠨ ᠳᠤᠷᠠᠨ ᠤ᠋ ᠬᠠᠷᠠᠭᠠᠨ ᠳ᠋ᠤ᠌ ᠤᠷᠤᠵᠤ ᠢᠷᠡᠯ᠎ᠡ᠃ ᠲᠡᠭᠡᠵᠦ ᠪᠠᠢᠲᠠᠯ᠎ᠠ ᠬᠠᠰᠠᠭ ᠬᠠᠬᠠᠵᠤ᠂ ᠬᠥᠮᠦᠰ ᠨᠢ ᠪᠠᠭᠤᠵᠤ ᠨᠢᠭᠡ ᠶᠠᠭᠤᠮ᠎ᠠ ᠤᠷᠤᠯᠳᠤᠬᠤ ᠰᠢᠭ᠋ ᠪᠣᠯᠬᠤᠯ᠎ᠠ ᠮᠢᠩᠭᠠᠨᠪᠤᠤ ᠬᠡᠳᠦᠭᠦᠯᠡ ᠲᠡᠷᠡ ᠵᠠᠪ ᠦᠭᠡᠢ ᠳᠡᠭᠡᠷ᠎ᠡ ᠡᠴᠡ ᠨᠢ ᠮᠣᠷᠳᠠᠵᠤ ᠪᠠᠭᠤᠭ᠎ᠠ ᠨᠢ ᠡᠨᠡ ᠠ᠋᠃ 
       ᠳᠠᠶᠠᠩ ᠢ᠋ ᠲᠣᠭᠣᠷᠢᠵᠤ ᠬᠠᠰᠢᠷ ᠰᠠᠭᠤᠭᠰᠠᠨ ᠮᠢᠩᠭᠠᠨᠪᠤᠤ ᠲᠤᠰᠠᠯᠠᠭᠴᠢ᠂ ᠬᠦᠩ ᠨᠣᠶᠠᠨ ᠤ᠋ ᠪᠠᠭ᠎ᠠ ᠬᠠᠲᠤᠨ ᠤ᠋ ᠳᠣᠷᠣᠢ ᠪᠠᠢᠳᠠᠯ ᠳ᠋ᠤ᠌ ᠲᠤᠯᠭᠠᠮᠳᠠᠭᠰᠠᠨ ᠢ᠋ ᠬᠠᠷᠠᠭᠠᠳ ᠲᠡᠭᠦᠨ ᠲᠡᠢ ᠢᠯᠡᠭᠦᠦ ᠳᠤᠲᠠᠭᠤ ᠶᠠᠭᠤ ᠴᠤ᠌ ᠳᠤᠤᠭᠠᠷᠤᠭᠰᠠᠨ ᠦᠭᠡᠢ ᠨᠥᠭᠦᠭᠡ ᠳᠠᠭᠠᠯᠳᠤᠵᠤ ᠶᠠᠪᠤᠭ᠎ᠠ ᠴᠡᠷᠢᠭ ᠲᠡᠭᠡᠨ᠄ 
       — ᠭᠣᠮᠪᠣ ᠠ᠋! ᠰᠡᠷᠡᠩ ᠲᠠ ᠬᠣᠶᠠᠭᠤᠯᠠ ᠪᠠᠭ᠎ᠠ ᠬᠠᠲᠤᠨ ᠳ᠋ᠤ᠌ ᠪᠠᠷ᠎ᠠ ᠪᠣᠯᠤᠭᠠᠳ ᠠᠭᠠᠷᠤᠲᠠᠢ ᠶ᠋ᠢᠨ ᠡᠩᠭᠡᠷ ᠦ᠋ᠨ ᠨᠢᠭᠡ ᠲᠥᠪᠬᠢᠨᠡᠬᠦᠬᠡᠨ ᠠᠢᠯ ᠳ᠋ᠤ᠌ ᠪᠠᠭᠤᠯᠭᠠᠵᠤ ᠰᠠᠢᠬᠠᠨ ᠠᠮᠠᠷᠠᠭᠠᠵᠤ ᠬᠣᠨᠣ ! ᠠᠮᠤᠷ ᠲᠠᠢᠪᠤᠩ ᠢ᠋ ᠪᠠᠲᠤᠯᠠᠬᠤ ᠬᠡᠷᠡᠭᠲᠡᠢ᠃ ᠠᠯᠳᠠᠰᠢ ᠭᠠᠷᠪᠠᠯ ᠶᠠᠭᠤ ᠪᠣᠯᠬᠤ ᠪᠠᠨ ᠥᠪᠡᠷ ᠢ᠋ᠶ᠋ᠡᠨ ᠮᠡᠳᠡᠨ᠎ᠡ ᠪᠢᠵᠡ ! ᠲᠡᠭᠡᠭᠡᠳ ᠤᠯᠠᠯᠵᠢᠨ ᠤ᠋ ᠣᠲᠣᠭ ② ᠠ᠋ᠴᠠ ᠵᠡᠭᠡᠭᠡᠭᠰᠡᠨ ᠨᠢᠭᠡ ᠰᠡᠦᠬᠡ ᠲᠡᠷᠭᠡ ᠣᠯᠬᠤ ᠶ᠋ᠢ ᠪᠣᠳᠣ! ᠭᠡᠵᠦ ᠲᠣᠪᠴᠢᠬᠠᠨ ᠪᠣᠯᠪᠠᠴᠤ ᠳᠤᠰᠢᠶᠠᠩᠭᠤᠢ ᠬᠡᠯᠡᠴᠢᠬᠡᠭᠡᠳ᠄ 
       — ᠴᠢᠮᠡᠳᠰᠡᠷᠡᠩ ᠲᠠ ᠬᠡᠳᠦᠭᠦᠯᠡ ᠨᠠᠮᠠᠶ᠋ᠢ ᠳᠠᠭᠠᠭᠠᠳ ᠢᠷ᠎ᠡ ᠭᠡᠰᠡᠨ ᠢ᠋ᠶ᠋ᠡᠨ ᠵᠡᠭᠦᠨ ᠬᠣᠢᠰᠢ ᠰᠤᠨᠤᠭᠰᠠᠨ ᠪᠦᠷᠦᠭ ᠨᠠᠷᠢᠨ ᠲᠣᠭᠣᠰᠣ ᠶ᠋ᠢ ᠴᠢᠭᠯᠡᠨ ᠳᠠᠪᠬᠢᠵᠠᠭᠠᠪᠠ᠃
       — ᠪᠠᠷᠠᠭᠤᠨ ᠲᠤᠰᠠᠯᠠᠭᠴᠢ ᠭᠤᠸᠠᠢ ᠠ᠋ ! ᠲᠡᠭᠦᠨ ᠦ᠌ ᠠᠮᠢᠨ ᠳ᠋ᠤ᠌ ᠪᠢᠲᠡᠭᠡᠢ ᠬᠣᠣᠷ ᠬᠢᠭᠡᠴᠢ ᠲᠡᠭᠦᠨ ᠳ᠋ᠦ᠍ ᠶᠠᠯ᠎ᠠ ᠦᠭᠡᠢ᠃ ᠪᠤᠷᠤᠭᠤ ᠨᠢ ᠪᠦᠷ ᠮᠢᠨᠦᠬᠢ ! ᠭᠡᠵᠦ ᠰᠡᠷᠭᠦᠮ᠎ᠡ ᠮᠣᠷᠢ ᠲᠠᠢ ᠬᠥᠮᠦᠨ ᠦ᠌ ᠠᠷᠤ ᠠ᠋ᠴᠠ ᠤᠬᠢᠯᠠᠩᠨᠠᠨ ᠬᠠᠰᠬᠢᠷᠪᠠ ᠃ ᠮᠣᠷᠢᠳ ᠤ᠋ᠨ ᠲᠠᠴᠢᠭᠢᠨᠠᠬᠤ ᠲᠤᠭᠤᠷᠠᠢ ᠶ᠋ᠢᠨ ᠴᠢᠮᠡᠭᠡ ᠬᠠᠷᠠᠩᠭᠤᠢ ᠳ᠋ᠤ᠌ ᠵᠠᠮᠠᠭᠷᠠᠨ᠎ᠠ᠃ 
       ᠡᠮᠡᠭᠲᠡᠢ ᠬᠥᠮᠦᠨ ᠦ᠌ ᠤᠶᠠᠬᠠᠨ ᠵᠥᠭᠡᠯᠡᠨ ᠪᠤᠢᠯᠠᠭᠠᠨ ᠳ᠋ᠤ᠌ ᠮᠢᠩᠭᠠᠨᠪᠤᠤ ᠶᠢᠨ ᠳᠣᠲᠣᠷ᠎ᠠ ᠨᠢᠭᠡ ᠯᠡ ᠪᠢᠰᠢ ᠪᠠᠢᠯ᠎ᠠ᠃ ᠲᠡᠢᠨ ᠠᠪᠠᠴᠤ ᠬᠦᠩ ᠨᠣᠶᠠᠨ ᠤ᠋ ᠵᠠᠷᠯᠢᠭ ᠵᠢᠭᠠᠪᠤᠷᠢ ᠲᠤᠰᠠᠯᠠᠭᠴᠢ ᠬᠥᠮᠦᠨ ᠦ᠌ ᠡᠭᠦᠷᠭᠡ ᠬᠠᠷᠢᠭᠤᠴᠠᠯᠭ᠎ᠠ ᠶ᠋ᠢ ᠬᠡᠷᠬᠢᠨ ᠦᠲᠡᠭᠡᠷᠬᠡᠵᠦ ᠪᠣᠯᠬᠤ ᠠᠵᠢ! 《᠁ ᠴᠠᠭᠠᠳᠤᠭᠤᠯᠠ ᠶ᠋ᠢᠨ ᠢ᠋ᠶ᠋ᠡᠨ ᠰᠦᠨᠡᠰᠦ ᠶ᠋ᠢ ᠪᠡᠳᠡᠬᠡᠢ ᠰᠣᠴᠢᠭ᠎ᠠ! ᠮᠠᠨᠤᠰ ᠤ᠋ᠨ ᠬᠡᠦᠬᠡᠳ ᠦᠷ᠎ᠡ ᠠᠴᠢᠷ ᠲᠠᠢ ᠢᠯᠭᠠᠭ᠎ᠠ ᠶᠠᠭᠤ ᠪᠣᠢ?᠁ 》 ᠭᠡᠵᠦ ᠰᠠᠨᠠᠭᠤᠯᠵᠤ ᠪᠠᠢᠭᠰᠠᠨ ᠰᠠᠮᠠᠭᠠᠨ ᠤ᠋ ᠬᠢᠨᠢ ᠦᠭᠡ ᠦᠶ᠎ᠡ ᠦᠶ᠎ᠡ ᠴᠢᠬᠢᠨ ᠳ᠋ᠦ᠍ᠨᠢ ᠳᠤᠭᠤᠯᠳᠠᠬᠤ ᠰᠢᠭ᠋ ᠪᠣᠯᠬᠤ ᠳ᠋ᠤ᠌ ᠰᠠᠯᠬᠢᠨ ᠵᠡᠭᠡᠷᠳᠡ ᠶ᠋ᠢᠨ ᠢ᠋ᠶ᠋ᠡᠨ ᠠᠮᠠ ᠶ᠋ᠢ ᠪᠠᠢᠨ ᠪᠠᠢᠨ ᠲᠠᠲᠠᠰᠬᠢᠵᠦ ᠶᠠᠪᠤᠪᠠ᠃ ᠮᠢᠩᠭᠠᠨᠪᠤᠤ ᠤᠶᠠᠬᠠᠨ ᠰᠡᠳᠬᠢᠯ ᠢ᠋ᠶ᠋ᠡᠷ ᠤᠨᠠᠵᠤ ᠪᠠᠢᠯ᠎ᠠ᠃ 
       ᠬᠠᠷ᠎ᠠ ᠪᠦᠷᠦᠢ ᠳᠠᠰᠤᠷᠠᠵᠤ ᠬᠠᠷᠠᠩᠭᠤᠢ ᠪᠣᠯᠪᠠ᠃ ᠥᠨᠥᠬᠢ ᠵᠢᠭᠤᠳᠠᠭᠰᠠᠨ ᠬᠥᠮᠥᠨ ᠦ ᠠᠷᠤ ᠠᠴᠠ ᠬᠦᠢᠴᠡᠬᠦ ᠠᠶᠠᠳᠬᠤ ᠳᠤ ᠭᠡᠨᠡᠳᠲᠡ 《ᠴᠥᠬᠥ!》 ᠭᠡᠰᠡᠨ ᠡᠷ᠎ᠡ ᠬᠥᠮᠥᠨ ᠦ ᠳᠠᠭᠤ ᠭᠠᠷᠴᠤ ᠮᠣᠷᠢ ᠳᠠᠰᠢᠭᠤᠷᠳᠠᠬᠤ ᠠᠨᠢᠷ ᠢᠶᠠᠷ ᠮᠣᠷᠢᠨ ᠤ ᠲᠤᠭᠤᠷᠠᠢ ᠴᠣᠴᠢᠮᠠᠭ ᠡᠷᠭᠢᠵᠦ ᠡᠮᠦᠨ᠎ᠡ ᠵᠦᠭ ᠲᠠᠴᠢᠬᠢᠨᠠᠪᠠ᠃
       ᠳᠤᠰᠠᠯᠠᠭᠴᠢ ᠶᠠᠭᠤ ᠪᠣᠯᠣᠭ᠎ᠠ ᠢ ᠭᠠᠳᠠᠷᠯᠠᠭᠰᠠᠨ ᠰᠢᠨᠵᠢᠲᠡᠢ᠄
       — ᠠ ᠂ ᠴᠠᠪᠠᠰᠤ ! ᠣᠪᠣᠭ᠎ᠠ ᠡᠷ᠎ᠡ ᠲᠣᠬᠢᠶᠠᠵᠤ ᠳᠠ ! ᠮᠣᠷᠢᠨ ᠳ᠋ᠠᠭᠠᠨ ᠲᠠᠵᠢ ᠦᠭᠡᠢ ᠲᠣᠯᠣᠭᠠᠢ ᠪᠠᠢᠬᠤ ᠶᠠᠳᠠᠬᠤ ᠦᠭᠡᠢ ᠭᠡᠳ ᠵᠢᠯᠣᠭᠣ ᠡᠷᠭᠢᠭᠦᠯᠵᠦ ᠲᠡᠷᠡ ᠳᠠᠪᠬᠢᠭᠰᠠᠨ ᠮᠣᠷᠢᠳ ᠤ᠋ᠨ ᠠᠷᠤ ᠡᠴᠡ ᠨᠢ ᠨᠡᠬᠡᠪᠡ᠃ ᠲᠤᠰᠠᠯᠠᠭᠴᠢ ᠶ᠋ᠢ ᠮᠣᠷᠢᠨ ᠤ᠋ ᠪᠠᠨ ᠲᠡᠰᠢᠶ᠎ᠡ ᠤᠷᠤᠭᠤ ᠲᠠᠰᠢᠭᠤᠷ ᠥᠭᠭᠦᠮᠡᠭᠴᠡ ᠤᠬᠤᠰᠬᠢᠨ ᠳᠠᠪᠬᠢᠭᠰᠠᠨ ᠰᠠᠯᠬᠢᠨ ᠵᠡᠭᠡᠷᠳᠡ ᠵᠢᠭᠤᠳ᠋ᠠᠭᠰᠠᠨ ᠮᠣᠷᠢᠲᠠᠨ ᠢ᠋ ᠬᠠᠷᠪᠤᠭᠰᠠᠨ ᠰᠤᠮᠤ ᠰᠢᠭ᠋ ᠨᠡᠬᠡᠵᠦ ᠣᠴᠢᠪᠠ᠃ ᠲᠡᠭᠡᠲᠡᠯ᠎ᠡ ᠴᠢᠮᠡᠳᠰᠡᠷᠡᠩ ᠴᠤ᠌ ᠬᠦᠷᠴᠦ ᠮᠣᠷᠢᠨ ᠤ᠋ ᠴᠤᠯᠪᠤᠭᠤᠷ ᠠ᠋ᠴᠠ ᠡᠯᠭᠦᠵᠦ ᠠᠪᠤᠭᠰᠠᠨ ᠳ᠋ᠤ᠌ ᠬᠣᠯᠪᠣᠭᠠᠲᠠᠢ ᠵᠠᠢᠳᠠᠩ ᠬᠣᠶᠠᠷ ᠮᠣᠷᠢ ᠯᠠ ᠪᠠᠢᠪᠠ ᠃《ᠤᠨᠤᠭᠰᠠᠨ ᠡᠵᠡᠨ ᠨᠢ ᠭᠠᠵᠠᠷ ᠤ᠋ᠨ ᠠᠩ ᠢ᠋ᠶ᠋ᠠᠷ ᠣᠷᠣᠴᠢᠬᠠᠪᠠ ᠤᠤ ?》ᠭᠡᠬᠦ ᠳ᠋ᠦ᠍ ᠬᠣᠯᠪᠣᠭᠠᠲᠠᠢ ᠮᠣᠷᠢᠳ ᠨᠢ ᠪᠥᠭᠰᠡᠨ ᠡᠴᠡ ᠪᠡᠨ ᠨᠠᠳᠬᠤᠵᠤ ᠰᠡᠭᠦᠯ ᠢ᠋ᠶ᠋ᠡᠨ ᠲᠠᠰᠤ ᠬᠠᠪᠴᠢᠭᠠᠳ ᠴᠢᠳᠬᠥᠷ ᠵᠠᠢᠳᠠᠯᠠᠭᠰᠠᠨ ᠶᠤᠮ ᠰᠢᠭ᠋ ᠬᠣᠭᠣᠰᠣᠨ ᠪᠤᠯᠭᠢᠵᠤ ᠪᠠᠢᠪᠠ᠃ 
       ᠤᠤᠯ ᠨᠢ ᠠᠩᠴᠢᠨᠵᠠᠪ ᠡᠪᠡᠰᠦ ᠬᠠᠵᠠᠯᠠᠵᠤ ᠪᠠᠢᠭᠰᠠᠨ ᠠᠢᠯ ᠤᠨ ᠬᠣᠶᠠᠷ ᠴᠢᠳᠦᠷ ᠲᠠᠢ ᠮᠣᠷᠢ ᠶᠢ ᠪᠠᠷᠢᠵᠤ ᠵᠠᠢᠳᠠᠯᠠᠭᠠᠳ ᠨᠢᠭᠡ ᠭᠡᠰᠡᠭ ᠵᠡᠭᠦᠨ ᠬᠣᠢᠰᠢ ᠳᠠᠪᠬᠢᠭᠰᠠᠨ ᠢ᠋ᠶ᠋ᠠᠨ ᠠᠷᠤ ᠠ᠋ᠴᠠ ᠨᠢ ᠨᠡᠬᠡᠭᠴᠢᠳ ᠣᠢᠷᠠᠲᠤᠭᠰᠠᠨ ᠳ᠋ᠤ᠌ ᠪᠦᠷᠦᠭ ᠬᠠᠷᠠᠩᠭᠤᠢ ᠪᠠᠷ《 ᠴᠢᠳᠬᠥᠷ 》 ᠬᠢᠵᠦ ᠵᠦᠭ ᠢ᠋ᠶ᠋ᠡᠨ ᠪᠤᠷᠤᠭᠤᠯᠠᠭᠰᠠᠨ ᠨᠢ ᠡᠨᠡ ᠪᠠᠢᠵᠠᠢ᠃  ᠠᠷᠵᠠᠭᠠᠷ ᠬᠠᠪᠲᠠᠭᠠᠢ ᠴᠢᠯᠠᠭᠤ ᠶ᠋ᠢ ᠣᠷᠢᠶᠠᠮᠠᠭ ᠵᠠᠩᠭᠤᠤ ᠳ᠋ᠤ᠌ ᠪᠠᠭᠯᠠᠵᠤ ᠨᠢᠭᠡ ᠮᠣᠷᠢᠨ ᠤ᠋ ᠰᠡᠭᠦᠯ ᠦ᠋ᠨ ᠬᠢᠨᠢ ᠤᠭ ᠲᠤ᠌ ᠬᠠᠪᠴᠢᠭᠤᠯᠤᠭᠠᠳ ᠬᠣᠶᠠᠭᠤᠯᠠ ᠶᠢ ᠬᠣᠯᠪᠣᠵᠤ ᠪᠥᠭᠰᠡ ᠤᠷᠤᠭᠤ ᠨᠢ ᠴᠢᠳᠥᠷ ᠢ᠋ᠶ᠋ᠡᠷ ᠢ᠋ᠶ᠋ᠡᠨ ᠬᠦᠴᠦᠲᠡᠢ ᠭᠡᠭᠴᠢ ᠭᠤᠶᠠᠳᠠᠵᠤ 《 ᠴᠥᠬᠥ 》 ᠭᠡᠳ ᠦᠷᠭᠦᠭᠡᠭᠰᠡᠨ ᠳ᠋ᠦ᠍ ᠬᠣᠶᠠᠷ ᠮᠣᠷᠢ ᠶᠣᠰᠣᠲᠠᠢ ᠯᠠ ᠰᠡᠭᠦᠯ ᠡᠴᠡ ᠪᠡᠨ ᠦᠷᠭᠦᠨ ᠰᠡᠭᠦᠳᠡᠷ ᠡᠴᠡ ᠪᠡᠨ ᠨᠠᠳᠬᠤᠵᠤ ᠣᠮ ᠬᠣᠮ ᠦᠭᠡᠢ ᠪᠢᠴᠢᠭᠢᠨᠡᠯᠳᠦᠨ ᠳᠠᠪᠬᠢᠪᠠ ᠁ 
       ᠨᠡᠬᠡᠭᠰᠡᠨ ᠬᠥᠮᠦᠰ ᠮᠣᠷᠢᠨ ᠤ᠋ ᠲᠦᠪᠡᠷᠭᠡᠨ ᠢ᠋ᠶ᠋ᠡᠷ ᠴᠢᠮᠡᠭᠡ ᠠᠪᠴᠤ ᠪᠤᠷᠤᠭᠤᠯᠠᠭᠰᠠᠨ ᠵᠦᠭ ᠤᠷᠤᠭᠤ ᠪᠢᠴᠢᠭᠢᠨᠡᠵᠦ ᠠᠷᠢᠯᠪᠠ ᠁ 
       ᠠᠩᠴᠢᠨᠵᠠᠪ ᠮᠣᠷᠢᠨ ᠤ᠋ ᠴᠢᠳᠥᠷ ᠢ᠋ ᠪᠦᠰᠡᠯᠡᠵᠦ ᠵᠦᠭ ᠢ᠋ᠶ᠋ᠡᠨ ᠪᠤᠷᠤᠭᠤᠯᠠᠨ ᠪᠤᠷᠬᠠᠨᠲᠤ ᠶ᠋ᠢᠨ ᠡᠩᠭᠡᠷ ᠢ᠋ ᠳᠠᠪᠠᠵᠤ ᠠᠭᠤᠯᠠᠨ ᠳ᠋ᠤ᠌ ᠣᠷᠣᠯ᠎ᠠ᠃ 
       ᠲᠡᠭᠷᠢ ᠬᠠᠷᠠᠩᠭᠤᠢ ᠪᠣᠯᠪᠠ᠃ 
       ᠬᠠᠵᠠᠭᠤ ᠬᠠᠪᠢ ᠶ᠋ᠢᠨ ᠭᠣᠣ ᠭᠠᠩᠭ᠎ᠠ᠂ ᠳᠣᠪᠣ ᠰᠣᠨᠳᠤᠤᠯᠠ᠂ ᠪᠤᠲᠠ ᠪᠣᠷᠣᠯᠵᠠᠢ ᠪᠠᠷ ᠬᠡᠰᠡᠭ ᠱᠦᠭᠦᠷᠳᠡᠭᠡᠳ ᠨᠡᠬᠡᠭᠦᠯ ᠴᠡᠷᠢᠭ ᠡᠴᠦᠰ ᠲᠡᠭᠡᠨ ᠪᠤᠴᠠᠭᠠᠪᠠ᠃ 《ᠮᠢᠩᠭᠠᠨᠪᠤᠤ ᠠ᠋! ᠡᠦᠲᠦ ᠢᠩᠭᠢᠭᠡᠳ ᠪᠤᠴᠠ᠂ ᠪᠤᠴᠠ ! ᠪᠠᠭ᠎ᠠ ᠬᠠᠲᠤᠨ ᠢ᠋ ᠡᠰᠡᠨ ᠮᠡᠨᠳᠦ ᠠᠪᠤᠭᠠᠳ ᠬᠠᠷᠢᠪᠠᠯ ᠴᠢᠨᠦ ᠬᠡᠷᠡᠭ ᠪᠦᠲᠦᠴᠢᠬᠡᠬᠦ ᠨᠢ ᠲᠡᠷᠡ ᠴᠠᠭᠠᠳᠤᠬᠢ ᠪᠠᠨ ᠲᠠᠯᠪᠢᠵᠤ ᠶᠠᠪᠤᠭᠤᠯ᠂ ᠨᠡᠬᠡᠬᠦ ᠪᠡᠨ ᠪᠠᠢᠭ ᠠ᠋ ! ᠪᠢᠲᠡᠭᠡᠢ ᠨᠢᠭᠦᠯ ᠬᠢ᠂ ᠪᠤᠷᠬᠠᠨ ᠰᠡᠳᠬᠢᠯ ᠢ᠋ᠶ᠋ᠡᠷ ᠪᠤᠶᠠᠨ ᠦᠢᠯᠡᠳᠬᠦ ᠶ᠋ᠢ ᠰᠠᠨᠠᠵᠤ ᠶᠠᠪᠤᠭᠠᠷᠠᠢ ! ᠴᠠᠭᠠᠳᠤᠬᠢ ᠴᠢᠨᠢ ᠴᠢᠮ᠎ᠠ ᠳ᠋ᠤ᠌ ᠥᠴᠦᠬᠡᠨ ᠦ᠌ ᠬᠣᠣᠷ ᠬᠦᠷᠭᠡᠭᠡ ᠦᠭᠡᠢ ᠠᠮᠢᠲᠠᠨ᠃ ᠴᠢᠨᠦ ᠨᠡᠬᠡᠯᠭᠡᠨ ᠠᠴᠠ ᠳᠤᠲᠠᠭᠠᠵᠤ ᠠᠮᠢ ᠵᠢᠭᠤᠲᠠᠬᠤ ᠪᠠᠷ ᠭᠣᠷᠢᠳᠠᠭᠰᠠᠨ ᠠᠮᠢᠲᠠᠨ ᠢ ᠶᠠᠭᠠᠬᠢᠬᠤ ᠪᠣᠢ ᠳᠠ ᠂ ᠬᠥᠭᠡᠷᠦᠬᠦᠢ!》ᠭᠡᠵᠦ ᠳᠠᠯᠳᠠ ᠠ᠋ᠴᠠ ᠬᠡᠨ ᠨᠢᠭᠡ ᠬᠥᠮᠦᠨ ᠲᠡᠭᠦᠨ ᠦ᠌ ᠴᠢᠬᠢᠨ ᠳ᠋ᠦ᠍ ᠢᠩᠭᠢᠵᠦ ᠬᠡᠯᠡᠬᠦ ᠰᠢᠭ ᠪᠣᠯᠤᠭᠰᠠᠨ ᠳ᠋ᠤ᠌ ᠮᠢᠩᠭᠠᠨᠪᠤᠤ ᠮᠣᠷᠢᠨ ᠤ᠋ ᠪᠠᠨ ᠵᠢᠯᠣᠭᠣ ᠶ᠋ᠢ ᠬᠤᠷᠢᠶᠠᠵᠤ ᠡᠪᠦᠷ ᠢ᠋ᠶ᠋ᠡᠨ ᠲᠡᠮᠲᠡᠷᠢᠨ ᠰᠢᠮᠡᠭᠦᠷ ᠬᠣᠣ ᠠ᠋ᠴᠠ ᠪᠠᠨ ᠱᠣᠷᠳ᠋ ᠬᠢᠲᠡᠯ᠎ᠡ ᠨᠢᠭᠡ ᠣᠭᠣᠴᠢ ᠠᠷᠢᠬᠢ ᠰᠢᠮᠡᠭᠰᠡᠨ ᠢ᠋ᠶ᠋ᠡᠨ《ᠴᠡᠷᠢᠭ ᠵᠡᠪᠰᠡᠭ ᠲᠡᠢ ᠬᠣᠯᠪᠣᠭᠠᠯᠠᠭᠰᠠᠨ ᠦᠭᠡᠢ ᠴᠤ᠌ ᠪᠣᠯ ᠶᠠᠭᠠᠮᠠᠢ ! ᠵᠦᠭᠡᠷ ᠯᠡ ᠵᠠᠯᠠᠭᠤᠰ ᠤ᠋ᠨ ᠢᠨᠠᠭ ᠳᠤᠷᠠᠯᠠᠯ ᠤ᠋ᠨ ᠤᠴᠢᠷ ᠴᠤ᠌ ᠪᠣᠯ ᠶᠠᠯᠢ ᠦᠭᠡᠢ ᠳᠡ ! ᠲᠡᠢᠮᠦ ᠪᠠᠢᠯ᠎ᠠ ᠴᠤ᠌ ᠭᠡᠰᠡᠨ ᠴᠠᠭᠠᠳᠤᠭᠤᠯᠠ ᠶ᠋ᠢᠨ ᠢ᠋ᠶ᠋ᠡᠨ ᠰᠦᠨᠡᠰᠦ ᠶ᠋ᠢ ᠨᠢ ᠪᠢᠲᠡᠭᠡᠢ ᠰᠣᠴᠢᠭ᠎ᠠ! ᠮᠠᠨᠤᠰ ᠤ᠋ᠨ ᠬᠡᠦᠬᠡᠳ ᠠᠴᠢᠷ ᠠᠳᠠᠯᠢᠬᠠᠨ ᠳᠠ ᠁》 ᠭᠡᠵᠦ ᠰᠠᠮᠠᠭᠠᠨ ᠤ᠋ ᠪᠠᠨ ᠰᠠᠨᠠᠭᠤᠯᠵᠤ ᠪᠠᠢᠭᠰᠠᠨ ᠢ᠋ ᠰᠠᠨᠠᠵᠤ ᠮᠢᠩᠭᠠᠨᠪᠤᠤ ᠲᠤᠰᠠᠯᠠᠭᠴᠢ᠄
       — ᠵᠠ᠂ ᠡᠨᠡ ᠪᠠᠭ᠎ᠠ ᠬᠠᠲᠤᠨ ᠤ ᠮᠡᠨᠳᠦ ᠪᠠᠢᠬᠤ ᠳ᠋ᠤ᠌ ᠭᠣᠮᠣᠳᠠᠬᠤ ᠭᠠᠵᠠᠷ ᠠᠯᠠᠭ᠎ᠠ᠃ ᠴᠠᠭᠠᠳᠤᠬᠢ ᠨᠢ ᠲᠡᠭᠡᠭᠡᠳ ᠵᠣᠷᠢᠭ ᠢ᠋ᠶ᠋ᠠᠨ ᠮᠡᠳᠡᠭ ᠴᠠᠭᠠᠰᠢ ᠭᠡᠳ ᠨᠡᠬᠡᠭᠦᠯ ᠦ᠋ᠨ ᠬᠡᠳᠦᠨ ᠴᠡᠷᠢᠭ ᠲᠡᠢ ᠪᠡᠨ ᠰᠠᠨᠠᠭ᠎ᠠ ᠪᠠᠨ ᠬᠤᠮᠢᠵᠤ ᠪᠤᠴᠠᠬᠤ ᠵᠠᠮ ᠳ᠋ᠠᠭᠠᠨ ᠣᠷᠣᠪᠠ᠃ 
       ᠨᠢᠳᠦ ᠴᠢᠴᠢᠮ᠎ᠡ ᠬᠠᠷᠠᠩᠭᠤᠢ ᠰᠥᠨᠢ ᠨᠢᠭᠡ ᠨᠢᠭᠡᠨ ᠦ᠌ ᠪᠡᠨ ᠵᠢᠰᠦ ᠶ᠋ᠢ ᠣᠯᠵᠤ ᠬᠠᠷᠠᠬᠤ ᠦᠭᠡᠢ᠃ ᠳᠠᠷᠭᠢᠯ ᠴᠢᠯᠠᠭᠤᠳ ᠲᠤ᠌ ᠬᠠᠪᠢᠷᠤᠯᠳᠤᠭᠰᠠᠨ ᠮᠣᠷᠢᠨ ᠤ᠋ ᠲᠠᠬ᠎ᠠ ᠠ᠋ᠴᠠ ᠪᠤᠲᠠᠷᠠᠬᠤ ᠣᠴᠢ ᠨᠢᠭᠡ ᠨᠢᠭᠡᠨ ᠳ᠋ᠡᠭᠡᠨ 《 ᠪᠢ ᠠᠳᠠ ᠪᠣᠢ 》 ᠭᠡᠵᠦ ᠬᠡᠯᠡᠬᠦ ᠰᠢᠭ ᠳᠠᠭᠤ ᠴᠢᠮᠡᠭᠡ ᠠᠪᠤᠯᠴᠠᠨ ᠪᠢᠴᠢᠭᠢᠨᠠᠯᠳᠤᠨ᠎ᠠ᠃ 
       ᠮᠠᠷᠭᠠᠲᠤᠷ ᠨᠢ ᠡᠷᠲᠡ ᠶ᠋ᠢᠨ ᠴᠠᠢ ᠶ᠋ᠢᠨ ᠳᠠᠷᠠᠭ᠎ᠠ ᠮᠢᠩᠭᠠᠨᠪᠤᠤ ᠨᠣᠮᠣᠬᠠᠨ ᠪᠣᠷᠣ ᠮᠣᠷᠢ ᠬᠥᠯᠦᠭᠰᠡᠨ ᠰᠡᠦᠬᠡ ᠲᠡᠷᠭᠡᠨ ᠳ᠋ᠦ᠍ ᠪᠠᠭ᠎ᠠ ᠬᠠᠲᠤᠨ ᠢ᠋ ᠰᠠᠭᠤᠯᠭᠠᠭᠠᠳ ᠨᠣᠶᠠᠨ ᠰᠠᠩ ᠤ᠋ᠨ ᠵᠤᠰᠠᠭᠠᠯ ᠢ᠋ ᠴᠢᠭᠯᠡᠨ ᠭᠠᠯᠭᠢᠭᠤᠯᠪᠠ᠃ 
       ᠪᠤᠭᠤᠲᠤ ᠠ᠋ᠴᠠ ᠪᠠᠷᠠᠭᠤᠨᠰᠢ ᠰᠤᠨᠤᠯᠵᠠᠭᠰᠠᠨ ᠰᠢᠷ᠎ᠠ ᠵᠠᠮ ᠬᠠᠶᠠ ᠳᠠᠷᠠᠰᠤ ᠰᠣᠨᠳᠤᠤᠯᠠ ᠳ᠋ᠤ᠌ ᠪᠣᠭᠣᠭᠳᠠᠵᠤ ᠪᠠᠯᠠᠷᠠᠪᠠᠴᠤ ᠳᠠᠬᠢᠭᠠᠳ ᠡᠯᠭᠦᠬᠦ ᠵᠠᠮ ᠤ᠋ᠨ ᠬᠦᠵᠦᠭᠦᠦ ᠲᠡᠭᠷᠢ ᠶ᠋ᠢᠨ ᠬᠢᠵᠠᠭᠠᠷ ᠢ᠋ ᠵᠣᠷᠢᠭᠰᠠᠨ ᠰᠢᠭ᠋ ᠦᠵᠦᠭᠦᠷ ᠦᠭᠡᠢ ᠦᠷᠭᠦᠯᠵᠢᠯᠡᠬᠦ ᠨᠢ ᠮᠣᠷᠢᠨ ᠦ᠌ ᠨᠢᠷᠤᠭᠤᠨ ᠳ᠋ᠤ᠌ ᠰᠠᠵᠢᠯᠠᠭᠤᠯᠬᠤ ᠬᠥᠮᠦᠨ ᠢ᠋ ᠵᠠᠯᠬᠠᠭᠤ ᠬᠦᠷᠭᠡᠮ᠎ᠡ ᠠᠵᠢ !
      ᠤᠯᠠᠭᠠᠨ ᠬᠠᠲᠤᠨ ᠤ᠋ ᠬᠣᠢᠲᠤ ᠲᠣᠬᠣᠢ ᠪᠠᠷ ᠵᠡᠭᠡᠰᠦ ᠬᠤᠯᠤᠰᠤ᠂ ᠰᠤᠬᠠᠢ ᠪᠢᠲᠡᠭᠦᠦ ᠤᠷᠭᠤᠵᠤ ᠂ ᠬᠣᠢᠰᠢ ᠪᠠᠨ ᠰᠦᠷᠯᠢᠭ ᠥᠨᠳᠥᠷ ᠮᠤᠨᠠ ᠠᠭᠤᠯᠠ ᠶ᠋ᠢᠨ ᠬᠣᠷᠮᠣᠢ ᠬᠦᠷᠲᠡᠯ᠎ᠡ ᠦᠷᠭᠦᠯᠵᠢᠯᠡᠬᠦ ᠮᠤᠨᠠ ᠶ᠋ᠢᠨ ᠬᠥᠭᠡᠪᠦᠷ ᠵᠠᠷ ᠪᠤᠲᠠ ᠪᠤᠳᠤᠷᠭᠠᠨ᠎ᠠ᠂ ᠬᠣᠨᠢᠨ ᠭᠦᠢᠯᠡᠰᠦ ᠂ ᠵᠠᠮᠤᠷ ᠂ ᠴᠤᠯᠢᠭᠢᠷ ᠠᠯᠠᠭᠯᠠᠨ ᠤᠷᠭᠤᠭᠰᠠᠨ ᠨᠢ ᠡᠲᠡᠭᠡᠳ ᠭᠣᠶᠣ ᠬᠠᠷᠠᠭᠳᠠᠨ᠎ᠠ᠃ ᠵᠦᠯᠭᠡᠷᠬᠡᠭ ᠬᠣᠲᠣᠭᠣᠷ ᠭᠠᠵᠠᠷ ᠢ᠋ᠶ᠋ᠠᠷ ᠨᠢ ᠮᠣᠷᠢᠨ ᠴᠠᠬᠢᠷᠮ᠎ᠠ᠂ ᠳᠠᠷᠠᠰᠤ ᠰᠠᠬᠤᠯᠢᠭ ᠣᠷᠭᠣᠭᠠᠳ ᠮᠣᠷᠢ ᠲᠡᠮᠡᠭᠡ ᠲᠡᠢ ᠬᠥᠮᠦᠨ ᠣᠷᠣᠪᠠᠴᠤ ᠪᠠᠷ᠎ᠠ ᠳᠠᠯᠳᠠᠷᠠᠬᠤ ᠪᠠᠷ ᠠᠵᠢ᠃ 
       ᠬᠠᠶᠠ ᠵᠡᠭᠡᠷ᠎ᠡ ᠶ᠋ᠢᠨ ᠰᠦᠷᠦᠭ ᠵᠡᠷᠭᠡᠯᠭᠡᠨ ᠳᠤᠮᠳᠠ ᠬᠤᠢᠯᠠᠷᠠᠵᠤ ᠬᠠᠷᠠᠭᠳᠠᠨ ᠱᠠᠩᠳᠠ ᠳᠤᠭᠤᠷᠢᠮ᠂ ᠨᠠᠮᠤᠭᠤᠬᠠᠨ ᠠᠯᠭᠠᠭ ᠲᠤ᠌ ᠲᠠᠢᠪᠤᠩ ᠪᠠᠯᠴᠢᠬᠦ ᠬᠣᠨᠢ ᠢᠮᠠᠭᠠᠨ ᠰᠦᠷᠦᠭ ᠲᠦ᠋ᠨᠢ ᠪᠤᠭᠤ ᠰᠤᠭᠤ ᠬᠠᠷᠠᠭᠳᠠᠨ᠎ᠠ᠃ ᠵᠠᠮ ᠤ᠋ᠨ ᠬᠣᠢᠲᠤ ᠵᠤ ᠳᠡᠭᠡᠭᠦᠷ ᠲᠠᠢᠪᠤᠩ ᠪᠡᠯᠴᠢᠭᠰᠡᠨ ᠴᠠᠭᠠᠨ ᠴᠠᠭᠠᠨ ᠪᠤᠬᠤᠷ ᠲᠠᠢ ᠵᠡᠭᠡᠷ᠎ᠡ ᠨᠦ᠍ᠭᠦᠳ ᠬᠠᠰᠠᠭ ᠲᠡᠷᠭᠡᠨ ᠦ᠌ ᠳᠠᠭᠤ ᠴᠢᠮᠡᠭᠡ ᠪᠡᠷ ᠦᠷᠭᠦᠨ ᠲᠠᠭᠰᠢᠵᠤ ᠥᠨᠳᠥᠷ ᠤᠷᠭᠤᠭᠰᠠᠨ ᠳᠡᠷᠡᠰᠦᠨ ᠳ᠋ᠦ᠍ ᠰᠢᠷᠭᠤᠵᠤ ᠳᠠᠯᠳᠠᠷᠠᠨ᠎ᠠ᠃ 
       ᠲᠡᠷᠲᠡᠭᠡ ᠬᠣᠯᠠ ᠰᠡᠬᠦᠢᠨ ᠬᠠᠷᠠᠭᠳᠠᠬᠤ ᠬᠠᠨ ᠮᠤᠨᠠ ᠶ᠋ᠢᠨ ᠰᠢᠷ᠎ᠠ ᠣᠷᠣᠢ ᠶ᠋ᠢᠨ ᠥᠨᠳᠥᠷ ᠰᠠᠷᠢᠳᠠᠭ ᠠ᠋ᠴᠠ ᠡᠭᠦᠯᠡ ᠤᠷᠭᠤᠭᠰᠠᠨ ᠴᠤ᠌ ᠶᠤᠮ ᠰᠢᠭ᠋ ᠪᠥᠭᠡᠮ ᠪᠥᠭᠡᠮ᠎ ᠴᠡᠩᠬᠡᠷ ᠴᠠᠭᠠᠨ ᠡᠭᠦᠯᠡᠰ ᠰᠠᠯᠬᠢᠨ ᠤ᠋ ᠠᠶ᠎ᠠ ᠪᠠᠷ ᠪᠥᠮᠪᠥᠢᠨ ᠨᠡᠭᠦᠳᠡᠯᠯᠡᠬᠦ ᠨᠢ ᠭᠤᠸ᠎ᠠ ᠳᠠᠭᠢᠨᠢᠰ ᠲᠡᠭᠷᠢ ᠶ᠋ᠢᠨ ᠮᠠᠩᠨᠠᠢ ᠶ᠋ᠢ ᠵᠦᠯᠭᠦᠬᠦ ᠰᠢᠭ ᠰᠠᠨᠠᠭᠳᠠᠨ᠎ᠠ᠃
       ᠪᠠᠷᠠᠭᠠᠳ ᠲᠤᠰᠠᠯᠠᠭᠴᠢ ᠮᠢᠩᠭᠠᠨᠪᠤᠤ ᠪᠠᠭ᠎ᠠ ᠬᠠᠲᠤᠨ ᠤ᠋ ᠰᠠᠭᠤᠭᠰᠠᠨ ᠰᠡᠦᠬᠡ ᠲᠡᠷᠭᠡᠨ ᠦ᠌ ᠵᠢᠪᠠᠷ ᠳᠣᠣᠷ᠎ᠠ ᠮᠣᠷᠢᠨ ᠤ᠋ ᠪᠠᠨ ᠠᠶ᠎ᠠ ᠪᠠᠷ ᠶᠠᠪᠤᠬᠤ ᠳ᠋ᠤ᠌ ᠲᠡᠷᠭᠡᠨ ᠳᠣᠲᠣᠷ᠎ᠠ ᠠ᠋ᠴᠠ ᠪᠠᠭ᠎ᠠ ᠬᠠᠲᠤᠨ ᠤ᠋ ᠮᠡᠭᠰᠢᠬᠦ ᠶ᠋ᠢ ᠰᠣᠨᠣᠰᠤᠭᠠᠳ ᠰᠡᠳᠬᠢᠯ ᠡᠪᠬᠡᠷᠡᠵᠦ᠄
       《 ᠦᠭᠡᠢ ᠠ᠋᠂ ᠪᠢ ᠴᠢᠨᠢ ᠬᠦᠩ ᠨᠣᠶᠠᠨ ᠳ᠋ᠠᠭᠠᠨ ᠰᠠᠢᠷᠬᠠᠵᠤ ᠪᠤᠶᠠᠨ ᠦᠢᠯᠡᠳᠴᠦ ᠶᠠᠪᠤᠭ᠎ᠠ ᠤᠤ ? ᠡᠰᠡᠬᠦᠯ᠎ᠡ ᠪᠠᠭ᠎ᠠ ᠬᠠᠲᠤᠨ ᠳ᠋ᠤ᠌ ᠨᠢᠭᠦᠯ ᠬᠢᠵᠦ ᠪᠠᠢᠭ᠎ᠠ ᠤᠤ ? 》 ᠭᠡᠵᠦ ᠪᠣᠳᠣᠬᠤ ᠳ᠋ᠤ᠌ ᠱ᠌ᠢᠷᠦᠨ ᠤᠯᠠᠭᠠᠨ ᠵᠢᠩᠰᠡ ᠨᠢ ᠬᠦᠨᠳᠦᠷᠡᠵᠦ ᠵᠤᠯᠠᠢ ᠳᠡᠭᠡᠷ᠎ᠡ ᠡᠴᠡ ᠨᠢ ᠥᠭᠡᠷ᠎ ᠴᠢᠯᠠᠭᠤ ᠳᠠᠷᠤᠭᠰᠠᠨ ᠮᠡᠲᠦ ᠪᠣᠯᠵᠤ ᠲᠣᠯᠣᠭᠠᠢ ᠨᠢ ᠴᠢᠨᠦᠷᠡᠨ ᠡᠪᠡᠳᠪᠡ᠃  
       ᠲᠤᠰᠠᠯᠠᠭᠴᠢ ᠨᠣᠶᠠᠨ ᠤ᠋ ᠤᠲᠤᠭ᠎ᠠ ᠵᠢᠩᠰᠡ ᠭᠢᠯᠠᠯᠵᠠᠭᠤᠯᠵᠤ ᠶᠠᠪᠤᠬᠤ ᠳ᠋ᠠᠭᠠᠨ ᠬᠦᠩ ᠨᠣᠶᠠᠨ ᠤ᠋ ᠪᠠᠨ ᠰᠢᠨᠡᠬᠡᠨ ᠪᠣᠭᠲᠣᠯᠠᠵᠤ ᠠᠪᠤᠭᠰᠠᠨ ᠪᠠᠭ᠎ᠠ ᠬᠠᠲᠤᠨ ᠢ᠋ ᠳᠡᠭᠡᠷᠡᠮ ᠳ᠋ᠦ᠍ ᠣᠣᠯᠠᠭᠠᠯᠠᠭᠣᠯᠵᠣ ᠳᠤᠲᠠᠭᠠᠯᠭᠠᠭᠰᠠᠨ ᠨᠢ ᠲᠤᠰᠠᠯᠠᠭᠴᠢ ᠨᠣᠶᠠᠨ ᠳ᠋ᠤ᠌ ᠣᠭᠲᠣ ᠬᠠᠷᠢᠭᠤᠴᠠᠯᠭ᠎ᠠ ᠦᠭᠡᠢ ᠭᠡᠬᠦ ᠶᠢᠨ ᠠᠷᠭ᠎ᠠ ᠦᠭᠡᠢ᠃ ᠲᠡᠭᠡᠭᠡᠳ ᠪᠠᠭ᠎ᠠ ᠬᠠᠲᠤᠨ ᠢ᠋ ᠠᠪᠴᠤ ᠳᠤᠲᠠᠭᠠᠭᠰᠠᠨ ᠴᠠᠭᠠᠳᠤᠬᠢ ᠭᠠᠷᠯᠢᠭ᠋ ᠢ᠋ ᠪᠠᠷᠢᠵᠤ ᠴᠠᠭᠠᠵᠢᠯᠠᠵᠣ ᠴᠢᠳᠠᠬᠤ ᠦᠭᠡᠢ ᠪᠣᠯ ᠶᠠᠭᠤ ᠪᠣᠯᠬᠤ᠂ ᠪᠠᠭ᠎ᠠ ᠬᠠᠲᠤᠨ ᠢ᠋ ᠡᠰᠡᠨ ᠮᠡᠨᠳᠦ ᠬᠦᠩ ᠨᠣᠶᠠᠨ ᠳ᠋ᠤ᠌ ᠪᠠᠷᠠᠭᠠᠳᠣᠭᠣᠯᠵᠣ ᠡᠰᠡ ᠴᠢᠳᠠᠪᠠᠯ ᠶᠠᠭᠠᠬᠢᠬᠤ ᠪᠠᠨ ᠲᠣᠳᠣᠷᠬᠠᠢ ᠮᠡᠳᠡᠬᠦ ᠶᠢᠨ ᠬᠤᠪᠢ ᠳ᠋ᠤ᠌ ᠮᠢᠩᠭᠠᠨᠪᠣᠣ ᠪᠡᠶ᠎ᠡ ᠳ᠋ᠡᠭᠡᠨ ᠢᠲᠡᠭᠡᠯ ᠲᠡᠢ ᠪᠠᠢᠯ᠎ᠠ᠃ ᠠᠮᠢᠳᠤᠷᠠᠯ ᠤ᠋ᠨ ᠬᠤᠵᠢᠷ ᠳᠠᠪᠤᠰᠤᠨ ᠳ᠋ᠤ᠌ ᠤᠬᠠᠭᠠᠨ ᠴᠢᠳᠠᠯ ᠢ᠋ᠶ᠋ᠠᠨ ᠣᠯᠠᠨ ᠵᠢᠯ ᠳᠠᠪᠤᠰᠤᠯᠠᠵᠤ ᠶᠠᠪᠤᠭᠰᠠᠨ ᠬᠠᠰᠢᠷ ᠲᠣᠯᠣᠭᠠᠢ《ᠪᠠᠭ᠎ᠠ ᠬᠠᠲᠤᠨ ᠳᠤᠲᠠᠭᠠᠴᠢᠬᠠᠯ᠎ᠠ》ᠭᠡᠬᠦ ᠳ᠋ᠦ᠍ ᠰᠦᠢᠳ ᠮᠥᠢᠳ ᠪᠣᠯᠤᠭᠰᠠᠨ ᠴᠤ᠌ ᠦᠭᠡᠢ《ᠪᠠᠭ᠎ᠠ ᠬᠠᠲᠤᠨ ᠰᠢᠨ᠎ᠡ ᠣᠷᠴᠢᠨ ᠳ᠋ᠤ᠌ ᠳᠠᠳᠬᠤ ᠦᠭᠡᠢ ᠬᠡᠦᠬᠡᠳ ᠰᠢᠭ ᠵᠣᠵᠢᠭᠯᠠᠵᠤ ᠳᠤᠲᠠᠭᠠᠭᠰᠠᠨ ᠪᠣᠯ ᠬᠠᠮᠢᠭ᠎ᠠ ᠬᠣᠯᠠᠳᠠᠬᠤ ᠪᠣᠢ? ᠬᠠᠷᠢᠨ ᠵᠠᠯᠠᠭᠤᠰ ᠬᠣᠭᠣᠷᠣᠨᠳᠣ ᠪᠠᠨ ᠢᠨᠠᠭ ᠳᠤᠷᠠᠯᠠᠯ ᠤ᠋ᠨ ᠰᠢᠵᠢᠮ ᠳ᠋ᠦ᠍ ᠠᠷᠭᠠᠮᠵᠢᠭᠳᠠᠨ ᠵᠢᠯᠢᠭᠰᠡᠠ ᠴᠤ᠌ ᠪᠣᠯ ᠶᠠᠭᠠᠬᠢᠬᠤ ᠪᠣᠢ ᠳᠠ!  ᠮᠠᠭᠤ ᠰᠠᠢᠨ ᠬᠡᠦᠬᠡᠳ ᠦ᠋ᠳ ᠡᠪᠦᠭᠡᠨ ᠨᠠᠳᠠ ᠲᠠᠢ ᠨᠢᠭᠤᠯᠴᠠᠭ᠎ᠠ ᠨᠠᠭᠠᠳᠤᠭ᠎ᠠ ᠰᠢᠭ᠋ ᠭᠠᠵᠠᠷ ᠤ᠋ᠨ ᠠᠩ ᠢᠶᠡᠷ ᠣᠷᠣᠴᠢᠬᠠᠬᠤ ᠦᠭᠡᠢ ᠯᠡ ᠪᠢᠰᠢ ᠪᠣᠯ ᠠᠯᠢᠶ᠎ᠠ ᠪᠡᠴᠢᠨ ᠠᠷᠪᠠᠨ ᠲᠦᠮᠡᠨ ᠭᠠᠵᠠᠷ ᠲᠣᠩᠭᠣᠷᠴᠠᠬᠯᠰᠠᠠ ᠴᠤ᠌ ᠪᠤᠷᠬᠠᠨ ᠪᠠᠭᠰᠢ ᠶᠢᠨ ᠠᠯᠠᠭᠠᠨ ᠡᠴᠡ ᠮᠤᠯᠲᠤᠷᠠᠬᠤ ᠦᠭᠡᠢ ᠭᠡᠭᠴᠢ ᠶ᠋ᠢᠨ ᠦᠯᠢᠭᠡᠷ ᠯᠡ ᠪᠣᠯᠤᠨ᠎ᠠ ᠳᠠ᠃  ᠮᠠᠭᠤ ᠰᠠᠢᠨ ᠬᠡᠦᠬᠡᠳ ᠦ᠋ᠳ ᠳᠡᠮᠡᠢ ᠯᠡ ᠪᠡᠶ᠎ᠡ ᠪᠡᠨ ᠵᠣᠪᠠᠭᠠᠭᠰᠠᠨ ᠪᠣᠯᠤᠨ᠎ᠠ ᠳᠠ ᠬᠥᠭᠡᠷᠦᠬᠦᠢ!》 ᠭᠡᠵᠦ ᠳᠠᠩᠴᠤ ᠪᠠᠷᠳᠠᠮ ᠰᠠᠨᠠᠭᠰᠠᠨ ᠨᠢ ᠪᠤᠷᠤᠭᠤᠳᠴᠤ ᠶᠣᠰᠣᠲᠠᠢ ᠪᠠᠰᠤᠭᠰᠠᠨ ᠡᠪᠡᠰᠦ ᠪᠠᠭᠠᠳᠠᠭ ᠬᠠᠳᠬᠤᠭᠰᠠᠨ ᠶᠠᠪᠤᠳᠠᠯ ᠪᠣᠯᠵᠠᠢ᠃ ᠪᠠᠭ᠎ᠠ ᠬᠠᠲᠤᠨ ᠢ᠋ ᠠᠪᠴᠤ ᠳᠤᠲᠠᠭᠠᠭᠰᠠᠨ ᠴᠠᠭᠠᠳᠤᠬᠢ《ᠬᠤᠯᠠᠭᠠᠢ》ᠭᠡᠭᠴᠢ ᠰᠦᠷᠡᠬᠡᠢ ᠡᠷ᠎ᠡ ᠪᠠᠢᠵᠠᠢ᠃ ᠯᠠᠪ ᠯᠠ ᠣᠢᠷ᠎ᠠ ᠶ᠋ᠢᠨ《ᠬᠤᠯᠠᠭᠠᠢ》ᠪᠢᠰᠢ᠂ ᠰᠦᠷᠡᠬᠡᠢ ᠬᠣᠯᠠ ᠬᠠᠷᠠᠢᠳᠠᠭ᠂ ᠮᠣᠷᠢ ᠤᠨᠤᠭᠠᠨ ᠳ᠋ᠤ᠌ ᠲᠠᠵᠢ ᠦᠭᠡᠢ ᠬᠠᠰᠢᠷ ᠲᠣᠯᠣᠭᠠᠢ ᠪᠠᠢᠵᠤ ᠴᠢᠷᠠᠢ᠃ ᠪᠦᠷᠦᠭ ᠬᠠᠷᠠᠩᠭᠤᠢ ᠶ᠋ᠢ ᠳᠠᠯᠢᠮᠳᠠᠭᠤᠯᠵᠤ ᠡᠪᠦᠭᠡᠨ ᠨᠠᠮᠠᠶ᠋ᠢ ᠬᠠᠭᠤᠷᠴᠤ ᠵᠦᠭ ᠪᠤᠷᠤᠭᠤᠯᠠᠨ ᠳᠤᠲᠠᠭᠠᠴᠢᠬᠠᠳᠠᠭ ᠰᠠᠢᠨ ᠡᠷ᠎ᠡ ᠨᠠᠳᠠ ᠴᠥᠭᠡᠨ ᠲᠣᠬᠢᠶᠠᠯᠳᠣᠭᠰᠠᠠ ᠳᠠ! ᠵᠠ᠂ ᠲᠡᠭᠡᠭᠡᠳ ᠴᠠᠭᠠᠳᠤᠬᠢ ᠨᠢ ᠶᠠᠮᠠᠷ ᠴᠤ᠌ ᠪᠠᠢᠭ ᠶᠠᠭᠤ ᠴᠤ᠌ ᠭᠡᠰᠡᠨ ᠰᠢᠨᠳᠠᠰᠤ ᠲᠠᠢ ᠲᠦᠷᠦᠭᠰᠠᠠ ᠰᠠᠢᠨ ᠡᠷ᠎ᠡ ᠶᠢᠨ ᠨᠢᠭᠡ ᠪᠠᠢᠭ᠎ᠠ ᠪᠠᠨ ᠲᠠᠨᠢᠭᠤᠯᠤᠯ᠎ᠠ᠃ ᠡᠰᠡ ᠲᠡᠢᠮᠦ ᠪᠣᠯ ᠶᠠᠭᠠᠬᠢᠵᠤ ᠪᠦᠳᠦᠭᠦᠨ ᠵᠢᠷᠦᠬᠡᠯᠡᠵᠦ ᠬᠦᠩ ᠨᠣᠶᠠᠨ ᠤ᠋ ᠬᠠᠯᠠᠭᠤᠨ ᠡᠪᠦᠷ ᠡᠴᠡ ᠬᠠᠲᠤᠨ ᠢ᠋ ᠨᠢ ᠤᠷᠭᠤᠭᠤᠯᠬᠤ ᠭᠡᠨᠡᠨ ᠦᠢᠯᠡ ᠦᠢᠯᠡᠳᠬᠦ ᠪᠢᠯᠡ⁈ ᠪᠠᠷᠢᠭᠳᠠᠬᠤ ᠶᠤᠮ ᠪᠣᠯ ᠴᠤ᠌ ᠮᠠᠭᠤ ᠪᠦᠡᠳᠥᠭᠡᠷ ᠡᠴᠡ ᠪᠡᠨ ᠰᠠᠯᠤᠨ᠎ᠠ ᠳᠠ! ᠭᠡᠪᠡᠴᠦ ᠨᠠᠨ ᠰᠠᠢᠨ ᠡᠷ᠎ᠡ ᠶ᠋ᠢ ᠮᠥᠷᠳᠡᠵᠦ ᠣᠭᠣᠰᠣᠷᠯᠠᠭᠠᠳ ᠬᠦᠩ ᠨᠣᠶᠠᠨ ᠤ᠋ ᠡᠮᠦᠨ᠎ᠡ ᠰᠥᠭᠥᠳᠬᠡᠨ ᠴᠠᠭᠠᠨ ᠵᠣᠭᠣᠰ ᠬᠠᠩᠭᠢᠨᠠᠭᠤᠯᠤᠨ ᠱᠠᠩᠭᠢᠨᠠᠭᠣᠯᠬᠣ ᠶ᠋ᠢ ᠮᠢᠩᠭᠠᠨᠪᠣᠣ ᠳᠤᠷᠠᠯᠠᠭ᠎ᠠ ᠦᠭᠡᠢ᠃ ᠬᠠᠷᠢᠨ ᠬᠠᠮᠢᠭ᠎ᠠ ᠨᠢᠭᠡ ᠳᠠᠯᠳᠠ ᠠ᠋ᠴᠠ ᠬᠠᠨ ᠮᠤᠨᠠ ᠶ᠋ᠢᠨ ᠰᠠᠬᠢᠭᠤᠰᠤ᠄《ᠨᠠᠨ ᠰᠠᠢᠨ ᠡᠷ᠎ᠡ ᠶ᠋ᠢ ᠲᠠᠯᠪᠢᠵᠤ ᠶᠠᠪᠤᠭᠤᠯ!  ᠪᠢᠲᠡᠭᠡᠢ ᠨᠢᠭᠦᠯ ᠬᠢᠭᠡᠳ ᠪᠠᠢ! ᠮᠢᠩᠭᠠᠨᠪᠣᠣ ᠴᠢ ᠬᠤᠪᠢᠯᠴᠡᠴᠡᠭ ᠲᠤ ᠨᠢᠭᠦᠯ ᠬᠢᠭᠰᠡᠨ ᠢ᠋ᠶ᠋ᠡᠨ ᠴᠢᠮᠠᠯᠠᠵᠤ ᠥᠨᠥᠳᠥᠷ ᠢᠷᠦᠭᠡᠯ ᠢ᠋ᠶ᠋ᠡᠷ ᠢ᠋ᠶ᠋ᠡᠨ ᠠᠭᠤᠯᠵᠠᠭᠰᠠᠨ ᠡᠨᠡ ᠬᠣᠶᠠᠷ ᠤ᠋ᠨ ᠵᠢᠷᠭᠠᠯ ᠢ᠋ ᠪᠠᠯᠠᠯᠵᠤ ᠶᠠᠪᠤᠬᠤ ᠨᠢ ᠤᠤ?》ᠭᠡᠰᠡᠨ ᠬᠠᠮ ᠪᠦᠳᠦᠭᠦᠨ ᠬᠣᠭᠣᠯᠠᠢ ᠲᠡᠭᠦᠨ ᠢ᠋ ᠵᠠᠩᠳᠤᠷᠬᠤ ᠰᠢᠭ᠋ ᠪᠣᠯᠬᠤ ᠳ᠋ᠤ᠌ ᠮᠢᠩᠭᠠᠨᠪᠤᠤ ᠪᠠᠭ᠎ᠠ ᠬᠠᠲᠤᠨ ᠢ᠋ ᠡᠷᠬᠡ ᠦᠭᠡᠢ ᠦᠷᠦ ᠡᠪᠡᠳᠪᠡ᠃ 
       《 < ᠭᠣᠮᠣᠳᠠᠭᠠᠬᠤ ᠪᠠᠷ ᠭᠣᠮᠣᠳᠠᠭ᠎ᠠ᠂ ᠡᠮ᠎ᠡ ᠬᠥᠮᠦᠨ ᠢ᠋ ᠪᠢᠲᠡᠭᠡᠢ ᠭᠣᠮᠣᠳᠠᠭ᠎ᠠ> ᠭᠡᠳᠡᠭ ᠢ᠋ᠶ᠋ᠡᠷ ᠪᠠᠭ᠎ᠠ ᠬᠠᠲᠤᠨ ᠤ᠋ ᠬᠤᠪᠢ ᠲᠠᠪᠢᠯᠠᠩ ᠢ᠋ ᠴᠢᠳᠥᠷᠯᠡᠵᠦ ᠭᠣᠮᠣᠳᠠᠭᠠᠬᠤ ᠶ᠋ᠢᠨ ᠶᠡᠬᠡ ᠪᠡᠷ ᠭᠣᠮᠣᠳᠠᠭᠠᠯ᠎ᠠ᠁ ᠬᠠᠨ ᠮᠤᠨᠢ ᠶ᠋ᠢᠨ ᠰᠠᠬᠢᠭᠤᠰᠤ ᠮᠢᠨᠢ ᠥᠴᠦᠬᠡᠨ ᠲᠤᠰᠠᠯᠠᠭᠴᠢ ᠨᠠᠮᠠᠶ᠋ᠢ ᠪᠠᠨ ᠥᠷᠥᠰᠢᠶᠡᠭᠡᠴᠢ! ᠬᠠᠷᠢᠨ ᠴᠠᠭᠠᠳᠤ ᠰᠠᠢᠨ ᠡᠷ᠎ᠡ ᠶ᠋ᠢ ᠪᠣᠯ ᠲᠠᠯᠪᠢᠵᠤ ᠶᠠᠪᠤᠭᠤᠯᠤᠭᠰᠠᠨ ᠠ᠋! ᠲᠠ ᠬᠠᠷᠠᠭᠰᠠᠨ ᠪᠠᠢᠯᠭᠦᠢ! ᠭᠡᠬᠦ ᠳ᠋ᠡᠭᠡᠨ ᠪᠢ ᠪᠠᠷᠠᠭᠤᠨ ᠲᠤᠰᠠᠯᠠᠭᠴᠢ ᠶ᠋ᠢᠨ ᠱ᠌ᠢᠷᠦᠨ ᠵᠢᠩᠰᠡᠨ ᠳ᠋ᠦ᠍ ᠳᠠᠷᠤᠭᠳᠠᠭᠰᠠᠨ ᠥᠴᠦᠬᠡᠨ ᠪᠤᠳᠤᠯ ᠤ᠋ᠨ ᠬᠤᠪᠢ ᠳ᠋ᠤ᠌ ᠪᠠᠭ᠎ᠠ ᠬᠠᠲᠤᠨ ᠢ᠋ ᠬᠦᠩ ᠨᠣᠶᠠᠨ ᠳ᠋ᠤ᠌ ᠡᠰᠡᠨ ᠮᠡᠨᠳᠦ ᠪᠠᠷᠠᠳᠠᠭᠤᠯᠬᠤ ᠨᠢ ᠮᠢᠨᠦ ᠠᠯᠪᠠ ᠡᠭᠦᠷᠭᠡ ᠪᠣᠢ ᠊ᠢ᠎ᠡ᠁》 ᠭᠡᠵᠦ ᠲᠡᠷᠲᠡᠭᠡ ᠪᠠᠷᠠᠭᠤᠨ ᠬᠣᠢᠨ᠎ᠠ ᠰᠦᠭᠯᠡᠢᠨ ᠰᠦᠨᠳᠡᠷᠯᠡᠭᠰᠡᠨ ᠬᠠᠨ ᠮᠤᠨᠠ ᠶ᠋ᠢᠨ ᠣᠷᠭᠢᠯ— ᠰᠢᠷ᠎ᠠ ᠣᠷᠣᠢ③ ᠥᠭᠡᠳᠡ ᠬᠠᠷᠠᠨ ᠰᠡᠳᠬᠢᠯ ᠳ᠋ᠡᠭᠡᠨ ᠵᠠᠯᠪᠠᠷᠢᠨ ᠳᠠᠭᠠᠳᠬᠠᠪᠠ᠃ 
       ᠮᠤᠨᠠ ᠶ᠋ᠢᠨ ᠰᠢᠷ᠎ᠠ ᠣᠷᠣᠢ ᠶ᠋ᠢᠨ ᠱᠣᠪᠬᠣ ᠣᠷᠭᠢᠯ ᠠ᠋ᠴᠠ ᠠᠷᠭᠠᠯ ᠤ᠋ᠨ ᠤᠲᠤᠭ᠎ᠠ ᠰᠢᠭ᠋ ᠴᠡᠩᠬᠡᠷ ᠴᠠᠭᠠᠨ ᠡᠭᠦᠯᠡᠰ ᠤᠷᠭᠤᠵᠤ ᠶᠠᠭᠤ ᠨᠢᠭᠡ ᠶ᠋ᠢ ᠪᠢᠴᠢᠭᠯᠡᠭᠰᠡᠨ ᠬᠠᠳᠠᠭ ᠴᠠᠭᠠᠰᠤ ᠰᠢᠭ᠋ ᠲᠡᠭᠦᠨ ᠦ᠌ ᠵᠦᠭ ᠨᠡᠭᠦᠳᠡᠯᠯᠡᠨ ᠠᠢᠰᠤᠢ ᠳ᠋ᠤ᠌ ᠳᠣᠲᠣᠷ᠎ᠠ ᠪᠠᠨ ᠶᠠᠭᠤ ᠨᠢᠭᠡ ᠶ᠋ᠢ ᠪᠣᠳᠣᠭᠰᠠᠨ ᠪᠠᠷᠠᠭᠤᠨ ᠲᠤᠰᠠᠯᠠᠭᠴᠢ ᠮᠢᠩᠭᠠᠨᠪᠤᠤ ᠣᠯᠵᠤ ᠤᠩᠰᠢᠭᠠᠳ ᠵᠣᠪᠬᠢ ᠨᠢ ᠴᠢᠭᠢᠭᠲᠦᠵᠦ ᠡᠷᠬᠡ ᠦᠭᠡᠢ ᠬᠠᠮᠠᠷ ᠨᠢ ᠱᠠᠷᠬᠢᠷᠠᠪᠠ᠃ 
       ᠲᠡᠷᠡ ᠵᠤᠯᠠᠷᠠᠭᠰᠠᠨ ᠴᠡᠩᠬᠡᠷ ᠴᠠᠭᠠᠨ ᠡᠭᠦᠯᠡᠨ ᠡᠴᠡ ᠳᠤᠰᠤᠭᠠᠨᠠᠭᠰᠠᠨ ᠪᠣᠷᠣᠭᠠᠨ ᠤ᠋ ᠳᠤᠰᠤᠯ ᠰᠡᠷᠪᠡᠭᠡᠨᠡᠨ ᠥᠩᠭᠡᠷᠡᠬᠦ ᠳ᠋ᠦ᠍ ᠮᠢᠩᠭᠠᠨᠪᠤᠤ ᠶ᠋ᠢᠨ ᠮᠡᠯᠮᠡᠢ ᠡᠴᠡ ᠣᠨᠳᠣᠷᠣᠭᠰᠠᠨ ᠨᠢᠯᠪᠤᠰᠤ ᠶ᠋ᠢ ᠤᠬᠢᠶᠠᠭᠰᠠᠨ ᠪᠣᠯᠪᠠᠴᠤ ᠰᠡᠳᠬᠢᠯ ᠦ᠋ᠨ ᠢᠭᠲᠦᠯᠦᠯ ᠢ᠋ ᠨᠢ ᠠᠷᠢᠯᠭᠠᠵᠤ ᠴᠢᠳᠠᠭᠰᠠᠨ ᠦᠭᠡᠢ᠃
          ᠁  
           ᠴᠡᠩᠬᠡᠷ ᠴᠠᠭᠠᠨ ᠡᠭᠦᠯᠡ ᠨᠢ ᠭᠠᠷᠪᠠᠯ 
           ᠴᠢᠭᠢᠭ ᠨᠢ ᠤᠨᠠᠳᠠᠭ ᠶᠤᠮ ᠬᠦ 
           ᠴᠢᠩᠳᠠ ᠰᠡᠳᠬᠢᠯ ᠵᠠᠩ ᠢ᠋ᠶ᠋ᠠᠷ ᠢ᠋ᠶ᠋ᠠᠨ ᠪᠠᠢᠪᠠᠯ 
           ᠴᠢᠭᠯᠡᠭᠡᠳ ᠢᠷᠡᠯᠭᠦᠢ ᠳᠡ᠁  
           ᠰᠠᠭᠠᠯᠢ ᠪᠠᠨ ᠪᠠᠷᠢᠭᠠᠳ ᠰᠠᠷᠬᠤᠳ ᠤ᠋ᠨ ᠳᠡᠭᠡᠵᠢ ᠪᠡᠷ 
           ᠰᠠᠭᠠᠲᠠᠭᠤᠯᠵᠤ ᠪᠠᠢᠬᠤᠯᠠᠷ 
           ᠰᠠᠭᠠᠳ ᠨᠢ ᠣᠷᠣᠭᠰᠠᠨ ᠰᠸᠳᠡᠩ ᠦᠵᠡᠩ ᠨᠢ 
           ᠰᠠᠨᠳᠤᠷᠤᠭᠤᠯᠤᠭᠠᠳ ᠭᠣᠷᠢ ᠦᠭᠡᠢ ᠳᠡ᠁ ᠭᠡᠵᠦ ᠬᠣᠪᠢᠯᠴᠡᠴᠡᠭ ᠦ᠋ᠨ ᠡᠮᠲᠡᠷᠡᠭᠰᠡᠨ ᠡᠪᠬᠡᠷᠡᠯᠲᠡᠢ ᠤᠶᠠᠷᠠᠭᠤᠨ ᠳᠠᠭᠤᠤ ᠶ᠋ᠢᠨ ᠠᠶᠠᠰ ᠲᠤ ᠬᠥᠲᠥᠯᠦᠭᠳᠡᠨ ᠰᠡᠳᠬᠢᠯ ᠨᠢ ᠠᠯᠤᠰ ᠤ᠋ᠨ ᠭᠣᠪᠢ ᠤᠷᠤᠭᠤ ᠲᠡᠮᠡᠦᠯᠪᠡ᠃   
       ᠲᠥᠭᠡᠨᠡᠭᠰᠡᠨ ᠨᠠᠷᠠᠨ ᠤ᠋ ᠣᠢᠯᠲᠠ ᠳ᠋ᠤ᠌ ᠵᠡᠷᠭᠡᠯᠭᠡᠨ ᠲᠣᠭᠯᠠᠭᠤᠯᠵᠤ ᠵᠡᠭᠡᠷ᠎ᠡ ᠪᠡᠯᠴᠢᠭᠡᠭᠰᠡᠨ ᠲᠣᠷᠭᠠᠨ ᠡᠯᠡᠰᠦᠨ ᠳᠡᠭᠡᠷ᠎ᠡ ᠥᠩᠭᠥᠷᠢᠳᠡᠨ ᠬᠠᠩᠭᠢᠨᠠᠲᠠᠯ᠎ᠠ ᠬᠠᠰᠬᠢᠷᠴᠤ᠂ ᠡᠩᠰᠡᠷᠡᠲᠠᠯ᠎ᠡ ᠢᠷᠬᠠᠯᠠᠨ ᠭᠢᠩᠰᠢᠭᠰᠡᠨ ᠬᠣᠪᠢᠯᠴᠡᠴᠡᠭ᠄  
       — ᠮᠢᠩᠭᠠᠨᠪᠤᠤ ᠠᠬ᠎ᠠ ᠮᠢᠨᠢ᠂ ᠶᠠᠭᠠᠬᠢᠵᠤ ᠰᠠᠢᠬᠠᠨ ᠵᠢᠷᠭᠠᠭᠤᠯᠤᠭ᠎ᠠ ᠭᠡᠭᠴᠢ ᠡᠨᠡ ᠪᠣᠢ? ᠨᠠᠮᠠᠶ᠋ᠢ ᠪᠠᠨ ᠠᠬᠢᠭᠠᠳ ᠴᠢᠩᠭᠠᠬᠠᠨ ᠲᠡᠪᠡᠷᠢᠭᠡᠴᠢ!᠁ ᠠᠶ᠎ᠠ! ᠶᠠᠮᠠᠷ ᠰᠠᠢᠬᠠᠨ ᠪᠣᠢ! ᠬᠣᠷᠸ᠎ᠠ ᠳᠤ ᠡᠭᠦᠨ ᠡᠴᠡ ᠰᠠᠢᠬᠠᠨ ᠵᠢᠷᠭᠠᠯ ᠪᠠᠰᠠ ᠪᠠᠢᠨ᠎ᠠ ᠤᠤ? ᠬᠣᠩᠭᠣᠷ ᠠᠬ᠎ᠠ ᠮᠢᠨᠢ!᠁ ᠠᠬ᠎ᠠ ᠠ᠋᠂ ᠪᠢᠲᠡᠭᠡᠢ ᠨᠠᠳᠠ ᠠ᠋ᠴᠠ ᠰᠠᠯᠤᠭᠠᠴᠢ᠂ ᠮᠡᠳᠡᠪᠡ ᠤᠤ? ᠭᠡᠵᠦ ᠬᠤᠯᠤᠰᠤ ᠰᠢᠭ᠋ ᠨᠠᠷᠢᠨ ᠠᠷᠪᠠᠨ ᠬᠤᠷᠤᠭᠤ ᠪᠠᠷ ᠢ᠋ᠶ᠋ᠠᠨ ᠮᠢᠩᠭᠠᠨᠪᠤᠤ ᠶ᠋ᠢᠨ ᠰᠢᠨᠡ ᠳᠠᠭᠠᠭᠠᠳ ᠡᠷᠦ ᠤᠷᠤᠭᠤ ᠨᠢ ᠬᠤᠤᠰᠠᠷᠠᠭᠰᠠᠨ ᠰᠠᠬᠠᠯ ᠲᠠᠢ ᠬᠠᠴᠠᠷ ᠢ᠋ ᠨᠢ ᠬᠤᠮᠢᠨ ᠢᠯᠪᠢᠵᠦ《 ᠮᠢᠩᠭᠠᠨᠪᠤᠤ ᠠᠬ᠎ᠠ ᠠ᠋! ᠴᠢ ᠪᠣᠯ ᠶᠣᠰᠣᠲᠠᠢ ᠡᠷ᠎ᠡ ᠬᠥᠮᠦᠨ!   ᠮᠢᠨᠤ ᠬᠠᠢᠷ᠎ᠠ ᠶ᠋ᠢᠨ ᠴᠡᠴᠡᠭ ᠢ᠋ ᠬᠠᠨᠲᠠᠯ᠎ᠠ ᠤᠮᠳᠠᠯᠠᠵᠤ ᠴᠢᠳᠠᠳᠠᠭ ᠭᠠᠭᠴᠠ ᠡᠷ᠎ᠡ ᠬᠥᠮᠥᠨ ᠪᠣᠯ ᠴᠢ ᠯᠡ ᠪᠠᠢᠬᠤ ᠶᠣᠰᠣᠲᠠᠢ! ᠪᠢ ᠴᠢᠮ᠎ᠠ ᠠ᠋ᠴᠠ ᠰᠠᠯᠵᠤ ᠴᠢᠳᠠᠬᠤ ᠦᠭᠡᠢ》 ᠭᠳ ᠤᠷᠤᠭᠤᠯ ᠢ᠋ᠶ᠋ᠠᠨ ᠴᠣᠷᠪᠣᠢᠯᠭᠠᠨ ᠦᠨᠦᠰᠦᠨ᠎ᠡ᠃  
       — ᠲᠡᠢᠮᠦ ᠠ᠋ ! ᠪᠢ ᠴᠦ᠍ ᠴᠢᠮ᠎ᠠ ᠠ᠋ᠴᠠ ᠰᠠᠯᠵᠤ ᠴᠢᠳᠠᠬᠤ ᠦᠭᠡᠢ᠃ ᠬᠣᠪᠢᠯ ᠮᠢᠨᠢ! ᠭᠡᠳ ᠮᠢᠩᠭᠠᠨᠪᠤᠤ ᠬᠣᠪᠢᠯᠴᠡᠴᠡᠭ ᠦ᠋ᠨ ᠬᠥᠬᠥᠨ ᠦ᠌ ᠬᠢᠨᠢ ᠶᠠᠭᠠᠪᠲᠤᠷ ᠬᠦᠷᠡᠩ ᠴᠡᠴᠡᠭ ᠢ᠋ ᠦᠬᠦᠭᠡᠷᠲᠦᠨ ᠦᠨᠦᠰᠴᠦ《 ᠪᠢ ᠴᠢᠨᠦ ᠡᠨᠡ ᠰᠡᠷᠪᠡᠩ ᠦ᠋ᠨ ᠬᠣᠶᠠᠷ ᠲᠣᠯᠣᠭᠠᠢ ᠶ᠋ᠢᠨ ᠬᠣᠭᠣᠷᠣᠨᠳᠣ ᠮᠥᠩᠬᠡ ᠨᠤᠲᠤᠭᠯᠠᠶ᠎ᠠ!᠁》 ᠭᠡᠬᠦ ᠮᠡᠲᠦ ᠬᠣᠪᠢᠯᠴᠡᠴᠡᠭ᠄  
       — ᠲᠡᠭᠡ ᠯᠡ ᠳᠡ!  ᠡᠨᠡ ᠰᠠᠢᠬᠠᠨ ᠨᠤᠲᠤᠭ ᠠ᠋ᠴᠠ ᠰᠠᠯᠪᠠᠯ ᠴᠢ ᠨᠠᠰᠤᠨ ᠲᠤᠷᠰᠢ ᠪᠡᠶ᠎ᠡ ᠳ᠋ᠡᠭᠡᠨ ᠭᠣᠮᠣᠳᠠᠨ᠎ᠠ ᠰᠢᠦ! ᠠᠭᠤᠯᠠ ᠲᠠᠢ ᠤᠰᠤ ᠲᠠᠢ᠂ ᠮᠣᠳᠣ ᠲᠠᠢ ᠴᠡᠴᠡᠭ ᠲᠡᠢ᠂ ᠪᠤᠯᠠᠭ ᠲᠠᠢ ᠪᠤᠲᠠ ᠲᠠᠢ ᠁ ᠰᠠᠢᠬᠠᠨ ᠨᠤᠲᠤᠭ ᠲᠤ᠌ ᠨᠤᠲᠤᠭᠯᠠᠵᠤ ᠰᠠᠭᠤᠬᠤ ᠳ᠋ᠤ᠌ ᠰᠡᠳᠬᠢᠯ ᠳᠡᠩᠰᠡᠯᠬᠦ ᠦᠭᠡᠢ ᠠ᠋! ᠲᠡᠢᠮᠦ ᠤᠤ?  ᠭᠡᠯ᠎ᠡ᠃   
       — ᠲᠡᠢᠮᠦ ᠠ᠋! ᠬᠤᠸᠠ ᠴᠠᠭᠠᠨ ᠡᠯᠡᠰᠦᠨ ᠳᠡᠭᠡᠭᠦᠷ ᠨᠢ ᠠᠯᠬᠤᠬᠤ ᠳ᠋ᠤ᠌ ᠬᠣᠲᠣᠯᠵᠠᠬᠤ ᠠ᠋ᠴᠠ ᠪᠢᠰᠢ ᠤᠷᠤᠮ ᠮᠥᠷ ᠭᠠᠷᠳᠠᠭ ᠦᠭᠡᠢ᠂ ᠬᠣᠨᠳᠣ ᠳᠡᠷᠡᠰᠦᠨ ᠳ᠋ᠦ᠍ᠨᠢ ᠨᠢᠭᠤᠯᠴᠠᠵᠤ ᠨᠠᠭᠠᠳᠬᠤ ᠳ᠋ᠤ᠌ ᠰᠡᠳᠬᠢᠯ ᠤᠢᠳᠬᠤ ᠦᠭᠡᠢ᠂ ᠬᠠᠷᠠᠵᠠ ᠪᠤᠯᠠᠭ ᠤ᠋ᠨ ᠬᠢᠨᠢ ᠤᠰᠤᠨ ᠠ᠋ᠴᠠ ᠨᠢ ᠤᠮᠳᠠᠯᠠᠬᠤ ᠳ᠋ᠤ᠌ ᠤᠤᠭᠤᠭᠠᠳ ᠬᠠᠨᠤᠰᠢ ᠦᠭᠡᠢ ᠨᠢ ᠰᠣᠨᠢᠨ ᠶᠤᠮ ᠠ᠋!
       —᠎ ᠲᠡᠢᠮᠦ ᠠ᠋᠂ ᠡᠨᠡ ᠰᠠᠢᠬᠠᠨ ᠨᠤᠲᠤᠭ ᠲᠤ᠌ ᠠᠮᠢᠳᠤᠷᠠᠵᠤ᠂ ᠦᠷ᠎ᠡ ᠲᠡᠢ ᠥᠪ ᠲᠡᠢ ᠪᠣᠯᠵᠤ ᠨᠠᠰᠤᠨ ᠲᠤᠷᠰᠢ ᠵᠢᠷᠭᠠᠨ᠎ᠠ!
       — ᠠᠬ᠎ᠠ ᠠ᠋! ᠭᠠᠷ ᠢ᠋ᠶ᠋ᠠᠨ ᠨᠠᠭᠠᠰᠢ ᠪᠠᠨ! ᠭᠡᠵᠦ ᠲᠡᠭᠦᠨ ᠦ᠌ ᠪᠠᠷᠪᠠᠭᠠᠷ ᠭᠠᠷ ᠢ᠋ ᠬᠡᠪᠡᠯᠢ ᠳᠡᠭᠡᠷ᠎ᠡ ᠪᠡᠨ ᠲᠠᠯᠪᠢᠭᠠᠳ《ᠲᠠ ᠦᠵᠡ᠂ ᠡᠨᠳᠡ ᠶᠠᠭᠤ ᠬᠥᠳᠡᠯᠵᠦ ᠪᠠᠢᠨ᠎ᠠ? ᠪᠢ ᠬᠡᠦᠬᠡᠳ ᠣᠯᠴᠢᠬᠠᠯ᠎ᠠ᠃ ᠪᠢᠳᠡ ᠬᠣᠶᠠᠭᠤᠯᠠ ᠶ᠋ᠢᠨ ᠁ 》ᠭᠡᠳ ᠴᠢᠷᠠᠢ ᠨᠢ ᠨᠢᠯᠴᠢᠭᠢᠨᠡᠪᠡ᠃ 
        — ᠶᠠᠭᠠᠬᠢᠭᠰᠠᠨ ᠰᠠᠢᠬᠠᠨ ᠪᠣᠢ! ᠴᠢ ᠪᠢᠳᠡ ᠬᠣᠶᠠᠷ ᠦᠷ᠎ᠡ ᠲᠡᠢ ᠪᠣᠯᠬᠤ ᠨᠢ᠃ 
        — ᠶᠠᠭ ᠳᠠ! 
         ᠁ 
       ᠬᠥᠪᠡᠭᠡ ᠬᠢᠵᠠᠭᠠᠷ ᠨᠢ ᠬᠠᠷᠠᠭᠳᠠᠬᠤ ᠦᠭᠡᠢ ᠠᠭᠤᠳᠠᠮ ᠭᠣᠪᠢ ᠶ᠋ᠢᠨ ᠲᠡᠷᠲᠡᠭᠡ ᠬᠡᠪᠡᠯᠢ ᠪᠡᠨ ᠴᠦᠷᠳᠡᠢᠯᠭᠡᠵᠦ ᠤᠬᠢᠯᠠᠩᠨᠠᠭᠰᠠᠨ ᠬᠤᠪᠢᠯᠴᠡᠴᠡᠭ ᠮᠢᠩᠭᠠᠨᠪᠤᠤ ᠳ᠋ᠤ᠌ ᠪᠥᠷᠲᠥᠯᠵᠡᠨ ᠬᠠᠷᠠᠭᠳᠠᠬᠤ ᠰᠢᠭ᠋ ᠪᠣᠯᠪᠠ ᠁ 

– – – – 
① ᠤᠳᠠᠭᠠ ᠬᠠᠱᠠᠩ ᠶᠠᠪᠤᠬᠤ ᠶ᠋ᠢ ᠵᠢᠭᠠᠭᠰᠠᠨ ᠤᠳᠬ᠎ᠠ ᠲᠠᠢ ᠦᠭᠡ᠃
② ᠤᠷᠠᠳ ᠨᠤᠲᠤᠭ ᠲᠤ᠌ ᠬᠢᠲᠠᠳ ᠲᠠᠷᠢᠶᠠᠴᠢᠳ ᠪᠥᠭᠡᠮᠨᠡᠷᠡᠵᠦ ᠰᠠᠭᠤᠷᠢᠰᠢᠭᠰᠠᠨ ᠲᠣᠰᠬᠣᠨ ᠢ᠋ ᠣᠲᠣᠭ ᠭᠡᠵᠦ ᠬᠡᠯᠡᠳᠡᠭ᠃
③ ᠮᠤᠨᠠ ᠠᠭᠤᠯᠠ ᠶ᠋ᠢᠨ ᠬᠠᠮᠤᠭ ᠤ᠋ᠨ  ᠥᠨᠳᠥᠷ ᠰᠠᠷᠢᠳᠠᠭ ᠢ᠋ ᠨᠤᠲᠤᠭ ᠤ᠋ᠨ ᠬᠥᠮᠦᠰ ᠰᠢᠷ᠎ᠠ ᠣᠷᠣᠢ ᠭᠡᠳᠡᠭ᠃ ᠥᠨᠳᠥᠷ ᠨᠢ ᠳᠠᠯᠠᠢ ᠶ᠋ᠢᠨ ᠲᠦᠪᠰᠢᠨ ᠡᠴᠡ2340 ᠮᠧᠲ᠋ᠷ᠃

        ᠦᠰᠦᠭ ᠠᠮᠢᠯᠠᠭᠤᠯᠤᠭᠰᠠᠨ ᠨᠢ᠄  <ᠬᠡᠯᠡ ᠪᠢᠴᠢᠭ> ᠬᠣᠯᠪᠣᠭ᠎ᠠ