ᠣᠷᠣᠢ ᠦᠭᠡᠢ ᠰᠦᠮ᠎ᠡ ᠪᠤᠶᠤ ᠲᠡᠭᠦᠰᠭᠡᠯ Оройгүй сүм буюу төгсгөл - Oroigui sum END ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠣᠢ ᠦᠭᠡᠢ ᠰᠦᠮ᠎ᠡ ᠪᠤᠶᠤ ᠲᠡᠭᠦᠰᠭᠡᠯ Оройгүй сүм буюу төгсгөл - Oroigui sum END

ᠣᠷᠣᠢ ᠦᠭᠡᠢ ᠰᠦᠮ᠎ᠡ ᠪᠤᠶᠤ ᠲᠡᠭᠦᠰᠭᠡᠯ Оройгүй сүм буюу төгсгөл - Oroigui sum END

ᠠᠩᠭᠢᠯᠠᠯ:ᠲᠤᠭᠤᠵᠢ ᠷᠣᠮᠠᠨ
2024-04-02

126

ᠣᠷᠣᠢ ᠦᠭᠡᠢ ᠰᠦᠮ᠎ᠡ ᠪᠤᠶᠤ ᠲᠡᠭᠦᠰᠭᠡᠯ


             ᠳᠡᠭᠡᠪᠦᠷ ᠬᠣᠭᠣᠯᠠᠢ ᠪᠠᠷ ᠢᠶᠠᠨ ᠲᠠᠲᠠᠭᠣ 
             ᠳᠡᠪᠡᠯ ᠵᠠᠬ᠎ᠠ ᠪᠠᠷ ᠢ᠋ᠶ᠋ᠠᠨ ᠲᠠᠲᠠᠭᠤ 
             ᠠᠭᠤᠯᠠ ᠣᠷᠣᠢ ᠪᠠᠷ ᠲᠠᠲᠠᠭᠤ   
       ᠬᠠᠪᠤᠷ ᠤ᠋ᠨ ᠤᠰᠤᠨ ᠴᠡᠩᠬᠡᠷ ᠵᠡᠷᠭᠡᠯᠭᠡ ᠲᠠᠯ᠎ᠠ ᠳ᠋ᠤ᠌ ᠤᠨᠠᠯ᠎ᠠ᠃ ᠴᠠᠭ ᠤ᠋ᠨ ᠲᠣᠯᠣᠭᠠᠢ ᠨᠡᠰᠢ ᠪᠡᠨ ᠡᠷᠭᠢᠵᠦ ᠴᠠᠰᠤ ᠬᠠᠢᠯᠠᠨ ᠬᠠᠭᠵᠠᠷᠠᠵᠤ  ᠳᠠᠭᠤᠰᠤᠭᠠᠳ ᠠᠭᠢ ᠨᠢᠳᠦᠯᠡᠯ᠎ᠡ᠃ ᠪᠤᠶᠠᠨᠵᠠᠯᠪᠠᠷᠢᠬᠤ ᠬᠡᠢᠳ ᠦ᠋ᠨ ᠯᠠᠮᠠ ᠨᠠᠷ ᠴᠢᠭᠢᠭᠲᠦᠪᠡ ᠭᠡᠵᠦ ᠡᠳᠦᠷ ᠪᠦᠷᠢ ᠰᠦᠮ᠎ᠡ ᠡᠴᠡ ᠪᠡᠨ ᠬᠣᠯᠠᠳᠠᠵᠤ ᠡᠷᠡᠭᠦᠯ ᠭᠠᠵᠠᠷ ᠣᠴᠢᠵᠤ ᠰᠠᠭᠤᠵᠠᠭᠠᠵᠤ ᠨᠠᠷᠠᠯᠠᠳᠠᠭ ᠪᠣᠯᠤᠯ᠎ᠠ᠃ ᠨᠢᠭᠡᠨ ᠤᠳᠠᠭ᠎ᠠ ᠶ᠋ᠢᠨ ᠨᠡᠷᠡᠯᠡᠯᠲᠡ ᠶ᠋ᠢᠨ ᠦᠶ᠎ᠡ ᠪᠡᠷ ᠲᠡᠳᠡ ᠳᠠᠭᠤᠰᠤᠭ᠎ᠠ ᠦᠭᠡᠢ ᠰᠦᠮ᠎ᠡ ᠶ᠋ᠢᠨ ᠲᠤᠬᠠᠢ ᠶᠠᠷᠢᠪᠠ᠃  
       - ᠴᠣᠢᠷᠣ᠎ᠠ ᠶ᠋ᠢᠨ ᠰᠦᠮ᠎ᠡ ᠶ᠋ᠢ ᠪᠠᠷᠢᠭᠤᠯᠵᠤ ᠳᠠᠭᠤᠰᠬᠠᠬᠤ ᠶᠤᠮᠰᠠᠨ ᠭᠡᠵᠦ ᠰᠢᠷᠡᠭᠡᠲᠦ ᠯᠠᠮ᠎ᠠ ᠰᠡᠭᠦᠷᠡᠰᠦ ᠠᠯᠳᠠᠵᠠᠢ᠃ ᠦᠨᠡᠬᠡᠷ ᠭᠤᠨᠢᠭᠲᠠᠢ ᠪᠠᠢᠯ᠎ᠠ᠃ 
       - ᠬᠠᠷᠢᠨ ᠠ᠋᠂ ᠬᠠᠷᠢᠭᠤ ᠦᠭᠡᠢ ᠳᠠᠭᠤᠰᠬᠤ ᠳᠥᠭᠥᠭᠰᠡᠨ ᠶᠠᠭᠤᠮ᠎ᠠ ᠶ᠋ᠢ ᠭᠦᠢᠴᠡᠭᠡᠴᠢᠬᠡᠪᠡᠯ ᠬᠡᠷᠡᠭ ᠪᠠᠢᠨ᠎ᠠ ᠰᠠᠨᠵᠠᠢ ᠭᠡᠵᠦ ᠳᠡᠴᠢᠨ ᠤᠮᠵᠠᠳ ᠦᠭᠡ ᠪᠡᠨ ᠵᠥᠭᠡᠭᠡᠵᠦ ᠶᠠᠳᠠᠨ ᠶᠠᠷᠢᠯ᠎ᠠ᠃  
       - ᠰᠦᠮ᠎ᠡ ᠪᠦᠲᠦᠭᠡᠬᠦ ᠶᠣᠰᠣ ᠶ᠋ᠢ ᠮᠡᠳᠡᠳᠡᠭ ᠬᠥᠮᠦᠨ ᠮᠠᠨ ᠤ᠋ ᠬᠡᠢᠳ ᠲᠦ᠍ ᠪᠠᠢᠬᠤ ᠦᠭᠡᠢ ᠯᠡ ᠪᠣᠯᠤᠭᠠᠳ ᠪᠠᠢᠨ᠎ᠠ ᠳᠠ! ᠭᠡᠵᠦ ᠪᠠᠰᠠ ᠨᠢᠭᠡ ᠨᠢ ᠬᠡᠯᠡᠪᠡ᠃ 
       - ᠳᠡᠮᠴᠦᠭ ᠭᠠᠪᠵᠤ ᠣᠷᠣᠨ ᠬᠡᠢᠳ ᠪᠠᠷᠢᠭᠤᠯᠬᠤ ᠳ᠋ᠤ᠌ ᠣᠭᠲᠣ ᠬᠣᠭᠣᠰᠣᠨ ᠦᠭᠡᠢ ᠪᠢᠰᠢ ᠤᠤ? 
       - ᠠ ᠳᠡᠮᠴᠦᠭ ᠭᠠᠪᠵᠤ ᠶᠠᠭᠤ ᠱᠠᠯᠢᠬᠤ ᠪᠣᠢ?  ᠴᠠᠴᠠᠷ᠂ ᠰᠤᠪᠤᠷᠭ᠎ᠠ ᠮᠡᠲᠦ ᠶ᠋ᠢᠨ ᠶᠠᠭᠤᠮ᠎ᠠ ᠶ᠋ᠢ ᠪᠣᠯ ᠳᠥᠩᠭᠡᠬᠦ ᠪᠢᠵᠡ᠃ ᠬᠠᠷᠢᠨ ᠴᠣᠢᠷᠣ᠎ᠠ ᠶ᠋ᠢᠨ ᠳᠤᠭᠠᠩ ᠳ᠋ᠤ᠌ ᠴᠤ᠌ ᠱᠣᠩ ᠦᠭᠡᠢ ᠪᠠᠢᠬ᠎ᠠ ᠠ᠋᠃  
       - ᠣᠳᠣ ᠲᠡᠭᠡᠭᠡᠳ ᠶᠠᠭᠠᠬᠢᠨ᠎ᠠ! ᠣᠯᠠᠨ ᠤ᠋ ᠪᠤᠶᠠᠨ ᠬᠥᠷᠥᠩᠭᠡ ᠶᠡᠬᠡ ᠣᠷᠣᠭᠰᠠᠨ ᠡᠨᠡ ᠳᠤᠭᠠᠩ ᠢ᠋ ᠳᠠᠭᠤᠰᠬᠠᠬᠤ ᠰᠠᠨ ! ᠨᠢᠳᠦᠨ ᠦ᠌ ᠪᠣᠯᠠᠢ ᠪᠣᠯᠵᠤ ᠵᠣᠪᠠᠭᠠᠭᠠᠳ ᠪᠠᠢᠬᠤ ᠶᠤᠮ᠃  
       - ᠴᠣᠬᠣᠮ ᠠ᠋᠂ ᠴᠣᠬᠣᠮ! ᠭᠡᠵᠦ ᠲᠡᠳᠡ ᠶᠠᠷᠢᠵᠠᠭᠠᠪᠠ᠃  
       ᠰᠠᠨᠵᠢ ᠶᠢᠨ ᠵᠢᠷᠤᠭ᠂ ᠰᠠᠨᠠᠭ᠎ᠠ ᠪᠠᠷ ᠡᠬᠢᠯᠡᠭᠦᠯᠦᠨ ᠪᠠᠷᠢᠭᠤᠯᠵᠤ ᠪᠠᠢᠭᠰᠠᠨ ᠴᠣᠢᠷᠣ᠎ᠠ ᠶ᠋ᠢᠨ ᠰᠦᠮ᠎ᠡ ᠣᠷᠣᠢ ᠳ᠋ᠤ᠌ ᠪᠠᠨ ᠬᠦᠷᠦᠯ ᠦᠭᠡᠢ ᠳᠤᠲᠠᠭᠤ ᠬᠡᠪ ᠢ᠋ᠶ᠋ᠡᠷ ᠦᠯᠡᠳᠡᠵᠡᠢ᠃  
       ᠰᠠᠨᠵᠢ ᠬᠠᠮᠪᠤ ᠶᠢ ᠰᠢᠷ᠎ᠠ ᠰᠢᠪᠲᠤᠯᠤᠨ ᠪᠤᠶᠠᠨᠵᠠᠯᠪᠠᠷᠢᠬᠤ ᠬᠡᠢᠳ ᠡᠴᠡ ᠬᠥᠭᠡᠭᠡᠨ ᠴᠦᠯᠡᠭᠰᠡᠨ ᠲᠡᠷᠡ ᠡᠳᠦᠷ ᠡᠴᠡ ᠡᠬᠢᠯᠡᠨ ᠴᠣᠢᠷᠣ᠎ᠠ ᠶ᠋ᠢᠨ  ᠳᠤᠭᠠᠩ ᠤ᠋ᠨ ᠵᠦᠭ ᠬᠡᠨ ᠴᠤ᠌ ᠣᠴᠢᠭᠰᠠᠨ ᠦᠭᠡᠢ ᠪᠠᠢᠭᠰᠠᠭᠠᠷ ᠨᠠᠮᠤᠷ ᠣᠷᠣᠢ ᠪᠣᠯᠵᠤ ᠤᠳᠠᠯ ᠦᠭᠡᠢ ᠴᠠᠰᠤ ᠳᠠᠷᠤᠵᠤ ᠲᠡᠭᠡᠭᠡᠳ ᠪᠦᠲᠦᠨ ᠡᠪᠦᠯ  ᠥᠩᠭᠡᠷᠡᠵᠡᠢ᠃ ᠣᠳᠣ ᠬᠠᠪᠤᠷ ᠪᠣᠯᠵᠤ ᠴᠠᠭ ᠤ᠋ᠨ ᠳᠤᠯᠠᠭᠠᠨ ᠲᠠᠢ ᠵᠣᠯᠭᠠᠬᠤ ᠳ᠋ᠤ᠌ ᠲᠡᠷᠡ ᠰᠦᠮ᠎ᠡ ᠶ᠋ᠢ ᠪᠠᠷᠢᠵᠤ ᠳᠠᠭᠤᠰᠬᠠᠬᠤ ᠲᠤᠬᠠᠢ ᠪᠤᠳᠤᠵᠠᠭᠠᠵᠤ ᠡᠬᠢᠯᠡᠯ᠎ᠡ᠃ ᠭᠡᠪᠡᠴᠦ ᠳᠠᠭᠤᠰᠬᠠᠬᠤ ᠬᠥᠮᠦᠨ ᠪᠠᠢᠭᠰᠠᠨ ᠦᠭᠡᠢ᠃ ᠰᠦᠮ᠎ᠡ ᠪᠠᠷᠢᠬᠤ ᠶᠣᠰᠣ ᠶ᠋ᠢ ᠰᠠᠢᠨ ᠮᠡᠳᠡᠬᠦ ᠯᠠᠮᠠ ᠲᠡᠷᠡ ᠬᠡᠢᠳ ᠲᠦ᠍ ᠪᠠᠢᠲᠤᠭᠠᠢ ᠣᠢᠷ᠎ᠠ ᠬᠠᠪᠢ ᠳ᠋ᠤ᠌ ᠠᠯᠠᠭ᠎ᠠ ᠪᠠᠢᠯ᠎ᠠ᠃ ᠰᠦᠮ᠎ᠡ ᠶ᠋ᠢ ᠪᠠᠷᠢᠵᠤ ᠳᠠᠭᠤᠰᠬᠠᠬᠤ ᠲᠤᠬᠠᠢ ᠪᠤᠶᠠᠨᠵᠠᠯᠪᠠᠷᠢᠬᠤ ᠬᠡᠢᠳ ᠦ᠋ᠨ ᠪᠣᠡᠭ᠌ᠰᠣᠳᠬᠠᠮᠪᠠ ᠳ᠋ᠤ᠌ ᠬᠡᠳᠦ ᠬᠡᠳᠦᠨ ᠤᠳᠠᠭ᠎ᠠ ᠶᠠᠷᠢᠶ᠎ᠠ ᠪᠣᠯᠤᠯ᠎ᠠ᠃ ᠦᠷᠭᠦᠯᠵᠢᠯᠡᠭᠦᠯᠦᠨ ᠭᠦᠢᠴᠡᠭᠡᠬᠦ ᠬᠥᠮᠦᠨ ᠣᠯᠳᠠᠭᠰᠠᠨ ᠦᠭᠡᠢ᠃ ᠲᠡᠭᠡᠬᠦ ᠪᠡᠷ ᠨᠢ ᠬᠡᠢᠳ ᠦ᠋ᠨ ᠰᠢᠨ᠎ᠡ ᠬᠠᠮᠪᠤ ᠴᠣᠢᠪᠵᠠᠭ ᠬᠠᠲᠠᠭᠤ ᠭᠠᠷ ᠬᠡᠷᠡᠭᠯᠡᠬᠦ ᠪᠡᠷ ᠰᠢᠢᠳᠴᠦ᠂  
       - ᠳᠡᠮᠴᠦᠭ ᠭᠠᠪᠵᠤ ᠳᠡᠮᠪᠡᠷᠢᠯ ᠭᠡᠰᠬᠦᠢ ᠲᠠ ᠬᠣᠶᠠᠷ ᠡᠨᠡ ᠰᠦᠮ᠎ᠡ ᠶ᠋ᠢ ᠪᠠᠷᠢᠭᠤᠯᠵᠤ ᠳᠠᠭᠤᠰᠬᠠᠰᠤᠭᠠᠢ! ᠭᠡᠵᠦ ᠲᠤᠰᠢᠶᠠᠯ᠎ᠠ᠃  
       ᠳᠡᠮᠴᠦᠭ ᠭᠠᠪᠵᠤ ᠤᠬᠠᠭᠠᠨ ᠠᠯᠳᠠᠲᠠᠯ᠎ᠠ ᠪᠠᠨ ᠠᠶᠤᠵᠤ᠂ ᠴᠢᠳᠠᠬᠤ ᠦᠭᠡᠢ ᠭᠡᠵᠦ ᠬᠡᠳᠦᠨᠲᠡ ᠨᠢᠴᠤᠭᠠᠨ ᠲᠣᠩᠭᠣᠴᠢᠭᠰᠠᠨ ᠪᠣᠯᠪᠠᠴᠤ ᠬᠠᠮᠪᠤ ᠬᠠᠯᠢᠷᠠᠭᠰᠠᠨ ᠦᠭᠡᠢ᠃  
       ᠳᠡᠮᠴᠦᠭ ᠭᠠᠪᠵᠤ ᠲᠡᠢᠨ ᠬᠦ᠌ ᠴᠣᠢᠷᠣ᠎ᠠ ᠶ᠋ᠢᠨ ᠳᠤᠭᠠᠩ ᠢ᠋ ᠪᠠᠷᠢᠵᠤ ᠳᠠᠭᠤᠰᠬᠠᠬᠤ ᠠᠵᠢᠯ ᠢ᠋ ᠦᠷᠭᠦᠯᠵᠢᠯᠡᠭᠦᠯᠦᠨ ᠣᠷᠣᠯᠳᠣᠬᠤ ᠪᠠᠷ ᠲᠣᠬᠢᠶᠠᠭᠳᠠᠵᠠᠢ᠃ ᠰᠦᠵᠢᠭᠲᠡᠨ ᠨᠦ᠍ᠭᠦᠳ ᠡᠴᠡ ᠬᠦᠴᠦ ᠲᠤᠰᠠᠯᠠᠯᠴᠠᠭ᠎ᠠ ᠠᠪᠬᠤ ᠭᠡᠲᠡᠯ᠎ᠡ ᠲᠡᠳᠡ ᠶᠠᠭᠠᠬᠢᠭᠠᠳ ᠴᠤ᠌ ᠶᠤᠮ ᠨᠢᠭᠡ ᠯᠡ ᠢᠳᠡᠪᠬᠢᠲᠡᠢ ᠮᠠᠭᠤ ᠲᠠᠢ ᠪᠣᠯᠴᠢᠬᠠᠵᠠᠢ᠃ ᠭᠡᠪᠡᠴᠦ ᠳᠡᠮᠴᠦᠭ ᠭᠠᠪᠵᠤ ᠡᠯᠳᠡᠪ ᠢ᠋ᠶ᠋ᠡᠷ ᠤᠷᠤᠯᠳᠤᠵᠤ᠂ ᠮᠣᠳᠣ ᠴᠢᠯᠠᠭᠤ᠂ ᠰᠢᠪᠡᠷ ᠲᠣᠭᠣᠰᠬ᠎ᠠ ᠴᠤᠭᠯᠠᠭᠤᠯᠵᠤ ᠰᠦᠮ᠎ᠡ ᠶ᠋ᠢ ᠳᠡᠭᠡᠭᠰᠢ ᠨᠢ ᠦᠷᠭᠦᠯᠵᠢᠯᠡᠭᠦᠯᠵᠦ ᠪᠠᠷᠢᠭᠤᠯᠵᠤ ᠡᠬᠢᠯᠡᠪᠡ᠃ ᠳᠣᠯᠣᠭ᠎ᠠ ᠬᠣᠨᠣᠭ ᠳᠡᠭᠡᠷ᠎ᠡ ᠪᠡᠨ ᠶᠠᠪᠤᠵᠤ ᠪᠠᠢᠲᠠᠯ᠎ᠠ ᠳᠡᠮᠴᠦᠭ ᠭᠠᠪᠵᠤ ᠶ᠋ᠢᠨ ᠵᠢᠭᠠᠵᠤ ᠲᠠᠯᠪᠢᠭᠤᠯᠤᠭᠰᠠᠨ ᠳ᠋ᠦᠨᠵᠡ ᠨᠢᠷᠤᠭᠤ ᠮᠤᠯᠲᠤᠷᠠᠨ ᠤᠨᠠᠵᠤ ᠬᠣᠶᠠᠷ ᠯᠠᠮᠠ ᠠᠢᠬᠤᠪᠲᠤᠷ ᠬᠦᠨᠳᠦ ᠪᠡᠷ ᠪᠠᠷᠳᠠᠯ᠎ᠠ᠃ ᠪᠤᠷᠤᠭᠤ ᠪᠠᠷᠢᠭᠤᠯᠤᠭᠰᠠᠨ ᠠ᠋ᠴᠠ ᠨᠤᠷᠠᠭᠰᠠᠨ ᠨᠢ ᠢᠯᠡᠷᠬᠡᠢ ᠪᠠᠢᠯ᠎ᠠ᠃ ᠪᠡᠷᠲᠡᠭᠰᠡᠨ ᠬᠣᠶᠠᠷ ᠯᠠᠮᠠ ᠶ᠋ᠢ ᠡᠳᠡᠭᠡᠷᠡᠵᠦ ᠢᠯᠠᠷᠢ ᠪᠣᠯᠲᠠᠯ᠎ᠠ ᠨᠢ ᠰᠦᠮ᠎ᠡ ᠶ᠋ᠢᠨ ᠪᠠᠷᠢᠯᠭ᠎ᠠ ᠳᠡᠭᠡᠷᠡᠬᠢ ᠠᠵᠢᠯ ᠢ᠋ ᠵᠣᠭᠰᠣᠭᠠᠯ᠎ᠠ᠃ 
       ᠬᠠᠪᠤᠷ ᠤ᠋ᠨ ᠳᠤᠮᠳᠠ ᠰᠠᠷ᠎ᠠ ᠭᠠᠷᠤᠯ᠎ᠠ᠃  ᠳᠡᠮᠴᠦᠭ ᠭᠠᠪᠵᠤ ᠰᠦᠮ᠎ᠡ ᠶ᠋ᠢᠨ ᠪᠠᠷᠢᠯᠭ᠎ᠠ ᠶ᠋ᠢ ᠴᠠᠰᠢ ᠨᠢ ᠦᠷᠭᠦᠯᠵᠢᠯᠡᠭᠦᠯᠬᠦ ᠪᠡᠷ ᠬᠣᠶᠠᠳᠠᠬᠢ  ᠤᠳᠠᠭ᠎ᠠ ᠪᠠᠨ ᠣᠷᠣᠯᠳᠣᠯ᠎ᠠ᠃ ᠰᠥᠨᠢ ᠭᠡᠷ ᠲᠦ᠍ ᠪᠡᠨ ᠬᠣᠶᠠᠷ ᠭᠤᠷᠪᠠᠨ ᠵᠤᠯᠠ ᠠᠰᠠᠭᠠᠵᠤ ᠪᠠᠢᠭᠠᠳ ᠯᠠ ᠰᠠᠨᠵᠢ ᠶ᠋ᠢᠨ ᠵᠢᠷᠤᠵᠤ ᠦᠯᠡᠳᠡᠭᠡᠭᠰᠡᠨ ᠵᠢᠷᠤᠭ ᠢ᠋ ᠨᠢᠳᠦ ᠪᠡᠨ ᠬᠥᠬᠡᠷᠡᠲᠡᠯ᠎ᠡ ᠬᠠᠷᠠᠳᠠᠭ ᠪᠣᠯᠤᠭᠰᠠᠨ ᠴᠤ᠌ ᠭᠡᠰᠡᠨ ᠳᠡᠮᠴᠦᠭ ᠭᠠᠪᠵᠤ ᠲᠡᠭᠦᠨ ᠦ᠌ ᠨᠠᠷᠢᠨ ᠤᠴᠢᠷ ᠢ᠋ ᠣᠯᠵᠤ ᠴᠢᠳᠠᠭᠰᠠᠨ ᠦᠭᠡᠢ᠃ ᠭᠡᠪᠡᠴᠦ ᠨᠡᠷᠡᠯᠬᠡᠦ ᠡᠪᠡᠳᠴᠢᠨ ᠨᠢ ᠲᠡᠭᠦᠨ ᠡᠴᠡ ᠲᠡᠢᠮᠦ ᠴᠤ᠌ ᠠᠮᠠᠷᠬᠠᠨ ᠰᠠᠯᠬᠤ ᠦᠭᠡᠢ ᠪᠠᠢᠯ᠎ᠠ᠃ ᠬᠢᠴᠢᠶᠡᠵᠦ ᠣᠷᠣᠯᠳᠣᠭᠰᠠᠭᠠᠷ ᠨᠢᠭᠡᠨ ᠲᠤᠯᠭᠠᠭᠤᠷᠢ ᠨᠤᠮᠤ ᠲᠠᠢ ᠪᠠᠭᠠᠨ᠎ᠠ ᠪᠤᠰᠬᠠᠭᠰᠠᠨ ᠨᠢ ᠠᠴᠢᠶ᠎ᠠ ᠪᠠᠨ ᠳᠠᠭᠠᠭᠠᠯ ᠦᠭᠡᠢ ᠭᠤᠷᠪᠠᠳᠠᠬᠢ ᠬᠣᠨᠣᠭ ᠳᠡᠭᠡᠷ᠎ᠡ ᠪᠡᠨ ᠵᠠᠢᠵᠢᠢᠨ ᠬᠠᠵᠠᠢᠵᠤ ᠡᠬᠢᠯᠡᠪᠡ᠃ ᠪᠠᠰᠠ ᠯᠠ ᠨᠤᠷᠠᠬᠤ ᠪᠣᠯᠤᠯᠲᠠᠢ᠃ ᠲᠡᠭᠦᠨ ᠢ᠋ ᠮᠡᠳᠡᠭᠡᠳ ᠳᠡᠮᠴᠦᠭ ᠭᠠᠪᠵᠤ ᠬᠡᠳᠦᠨ ᠬᠣᠨᠣᠭ ᠪᠣᠳᠣᠯ ᠪᠣᠯᠤᠨ ᠭᠡᠶᠦᠷᠡᠵᠦ ᠶᠠᠪᠤᠯ᠎ᠠ᠃ ᠣᠯᠠᠨ ᠡᠳᠦᠷ ᠦ᠋ᠨ ᠭᠡᠶᠦᠷᠡᠯ ᠨᠢ ᠲᠡᠭᠦᠨ ᠳ᠋ᠦ᠍ ᠨᠢᠭᠡ ᠮᠤᠯᠭᠤᠤ ᠰᠠᠨᠠᠭ᠎ᠠ ᠲᠥᠷᠥᠭᠦᠯᠵᠡᠢ᠃ ᠲᠡᠢᠮᠦ ᠶᠠᠭᠤᠮ᠎ᠠ ᠪᠣᠳᠣᠵᠤ ᠣᠯᠬᠤ ᠳ᠋ᠤ᠌ ᠪᠠᠨ ᠲᠡᠷᠡ ᠴᠢᠳᠠᠮᠠᠭ ᠠᠵᠠᠢ᠃ 
       ᠳᠡᠮᠴᠦᠭ ᠭᠠᠪᠵᠤ ᠨᠤᠲᠤᠭ ᠤ᠋ᠨ ᠬᠣᠶᠠᠷ ᠰᠠᠢᠨ ᠪᠢᠴᠢᠭᠡᠴᠢ ᠶ᠋ᠢ ᠳᠠᠭᠤᠳᠠᠭᠤᠯᠵᠠᠢ᠃ ᠲᠡᠳᠡᠨ ᠢ᠋ ᠬᠦᠷᠢᠶᠡᠨ ᠳ᠋ᠦ᠍ ᠬᠦᠷᠦᠯᠴᠡᠨ ᠢᠷᠡᠬᠦ ᠪᠡᠷ ᠨᠢ ᠳᠡᠮᠴᠦᠭ ᠭᠠᠪᠵᠤ ᠭᠡᠷ ᠲᠦ᠍ ᠪᠡᠨ ᠤᠷᠢᠵᠤ ᠠᠪᠠᠴᠢᠭᠠᠳ ᠨᠠᠷᠢᠨ ᠬᠣᠭᠣᠯᠠ ᠬᠢᠵᠦ ᠳᠠᠢᠯᠠᠬᠤ ᠶ᠋ᠢᠨ ᠵᠠᠭᠤᠷ᠎ᠠ ᠶᠡᠬᠡ ᠯᠡ ᠨᠢᠭᠤᠴᠠ ᠴᠢᠬᠤᠯᠠ ᠶᠠᠭᠤᠮ᠎ᠠ ᠨᠠᠢᠳᠠᠵᠤ ᠪᠠᠢᠭ᠎ᠠ ᠪᠠᠨ ᠬᠡᠳᠦᠨᠲᠡ ᠰᠠᠨᠠᠭᠤᠯᠵᠤ ᠲᠡᠳᠡᠨ ᠦ᠌ ᠠᠮᠠᠨ ᠥᠴᠢᠭ ᠢ᠋ ᠠᠪᠤᠯ᠎ᠠ᠃ ᠲᠡᠭᠡᠭᠡᠳ ᠰᠥᠨᠢ ᠪᠣᠯᠲᠠᠯ᠎ᠠ ᠳᠡᠪᠡᠩ ᠳᠡᠯᠡᠬᠡᠢ ᠶ᠋ᠢᠨ ᠶᠠᠭᠤᠮ᠎ᠠ ᠬᠠᠮᠤᠵᠤ ᠶᠠᠷᠢᠨ ᠶᠡᠬᠡ ᠯᠡ ᠳᠣᠲᠣᠨᠣᠴᠢᠯᠠᠵᠤ ᠪᠠᠢᠭ᠎ᠠ ᠮᠡᠲᠦ ᠪᠡᠷ ᠣᠢᠯᠠᠭᠠᠭᠤᠯᠵᠠᠢ᠃ ᠬᠣᠶᠠᠷ ᠪᠢᠴᠢᠭᠡᠴᠢ ᠶ᠋ᠢ ᠲᠡᠭᠡᠵᠦ ᠢᠳᠬᠠᠨ ᠤᠶᠠᠷᠠᠭᠤᠯᠵᠤ ᠲᠠᠯ᠎ᠠ ᠳ᠋ᠤ᠌ ᠪᠠᠨ ᠲᠠᠲᠠᠭᠰᠠᠨ ᠤ᠋ ᠳᠠᠷᠠᠭ᠎ᠠ᠂  
       - ᠵᠠ ᠲᠠ ᠬᠣᠶᠠᠷ ᠲᠤ᠌ ᠮᠠᠨ ᠤ᠋ ᠪᠤᠶᠠᠨᠵᠠᠯᠪᠠᠷᠢᠬᠤ ᠬᠡᠢᠳ ᠦ᠋ᠨ ᠬᠠᠮᠪᠤ ᠯᠠᠮᠠ ᠪᠢᠳᠡ ᠪᠦᠭᠦᠳᠡᠭᠡᠷ ᠨᠢᠭᠡ ᠶᠡᠬᠡ ᠨᠢᠭᠤᠴᠠ ᠴᠢᠬᠤᠯᠠ ᠶᠠᠭᠤᠮ᠎ᠠ ᠨᠠᠢᠳᠠᠵᠤ ᠳᠠᠭᠠᠭᠠᠯᠭᠠᠨ᠎ᠠ᠃ ᠡᠭᠦᠨ ᠦ᠌ ᠤᠳᠬ᠎ᠠ ᠶ᠋ᠢ ᠬᠡᠨ ᠳ᠋ᠦ᠍ ᠴᠤ᠌ ᠵᠠᠳᠠᠷᠠᠭᠤᠯᠤᠨ ᠠᠯᠳᠠᠰ ᠬᠢᠵᠦ ᠦᠯᠦ ᠪᠣᠯᠤᠨ᠎ᠠ᠃ ᠬᠡᠯᠡ ᠪᠡᠨ ᠰᠢᠲᠦ ᠪᠡᠷ ᠢ᠋ᠶ᠋ᠡᠨ ᠬᠠᠰᠢᠵᠤ ᠪᠠᠢᠵᠤ ᠲᠠ ᠬᠣᠶᠠᠷ ᠴᠢᠳᠠᠬᠤ ᠶᠤᠮ ᠪᠠᠢᠭ᠎ᠠ ᠪᠢᠵᠡ ᠳᠡ? ᠭᠡᠵᠦ ᠠᠰᠠᠭᠤᠪᠠ᠃ 
       - ᠴᠢᠳᠠᠯ ᠦᠭᠡᠢ ᠶᠠᠭᠠᠬᠢᠬᠤ ᠪᠣᠢ ᠭᠡᠵᠡᠭᠡᠪᠡ᠃  
       - ᠵᠠ ᠲᠡᠭᠡᠪᠡᠯ ᠰᠠᠢᠨ ᠰᠣᠨᠣᠰᠴᠠᠭ᠎ᠠ! ᠨᠢᠳᠤᠨᠤᠨ ᠤ᠋ ᠪᠤᠷᠤᠭᠤ ᠳᠠᠪᠠᠭ᠎ᠠ ᠪᠠᠷ ᠣᠷᠣᠭᠠᠳ ᠮᠠᠨ ᠤ᠋ ᠬᠡᠢᠳ ᠡᠴᠡ ᠴᠥᠯᠡᠭᠳᠡᠭᠰᠡᠨ ᠰᠠᠨᠵᠢ ᠭᠡᠭᠴᠢ ᠶ᠋ᠢ ᠲᠠ ᠨᠠᠷ ᠮᠡᠳᠡᠳᠡᠭ ᠪᠢᠵᠡ?  ᠵᠠ ᠲᠡᠭᠡᠪᠡᠯ ᠲᠡᠷᠡ ᠰᠠᠨᠵᠢ ᠣᠳᠣ ᠮᠠᠨ ᠤ᠋ ᠬᠡᠢᠳ ᠡᠴᠡ ᠬᠠᠭᠠᠰ ᠰᠠᠷ᠎ᠠ ᠶ᠋ᠢᠨ ᠠᠶᠠᠨ ᠤ᠋ ᠬᠣᠯᠠ ᠭᠠᠵᠠᠷ ᠢᠩᠭᠢᠨ᠎ᠡ ᠤᠰᠤᠨ ᠤ᠋ ᠭᠣᠪᠢ ᠳ᠋ᠤ᠌ ᠪᠠᠢᠭ᠎ᠠ! ᠭᠡᠵᠦ ᠳᠡᠮᠴᠦᠭ ᠭᠠᠪᠵᠤ ᠶᠠᠷᠢᠬᠤ ᠳ᠋ᠤ᠌᠂ 
       - ᠵᠠᠢᠯᠠᠭᠤᠯ᠂ ᠠᠮᠢᠳᠤ ᠪᠠᠢᠭ᠎ᠠ ᠶᠤᠮ ᠤᠤ? ᠭᠡᠵᠦ ᠪᠢᠴᠢᠭᠡᠴᠢ ᠨᠠᠷ ᠰᠣᠨᠢᠭᠤᠴᠢᠯᠠᠪᠠ᠃ ᠳᠡᠮᠴᠦᠭ ᠭᠠᠪᠵᠤ ᠲᠡᠭᠦᠨ ᠳ᠋ᠦ᠍ ᠨᠢ ᠳᠤᠷ᠎ᠠ ᠦᠭᠡᠢ ᠨᠢ ᠬᠦᠷᠪᠡᠴᠦ ᠪᠡᠶ᠎ᠡ ᠪᠡᠨ ᠪᠠᠷᠢᠵᠤ᠂ 
       - ᠲᠠᠩᠭᠠᠷᠢᠭ ᠪᠠᠭᠤᠷᠠᠭᠰᠠᠨ᠂ ᠲᠡᠭᠦᠨ ᠦ᠌ ᠪᠡᠨ ᠨᠢᠭᠦᠯ ᠢ᠋ ᠡᠳ᠋ᠯᠡᠵᠦ ᠳᠠᠭᠤᠰᠬᠤ ᠠ᠋ᠴᠠ ᠨᠠᠰᠢ ᠲᠡᠢᠮᠦ ᠴᠤ᠌ ᠠᠮᠠᠷᠬᠠᠨ ᠲᠥᠷᠥᠯ ᠠᠷᠠᠯᠵᠢᠴᠢᠬᠠᠳᠠᠭ ᠦᠭᠡᠢ ᠶᠦᠮ᠃ ᠵᠠ ᠲᠡᠷᠡ ᠴᠤ᠌ ᠶᠠᠭᠠᠬᠢᠬᠤ ᠪᠣᠢ᠃ ᠲᠠ ᠬᠣᠶᠠᠷ ᠰᠠᠩ ᠠ᠋ᠴᠠ ᠤᠨᠤᠭ᠎ᠠ᠂ ᠵᠠᠷᠤᠳᠠᠯ ᠠᠪᠤᠭᠠᠳ ᠲᠡᠷᠡ ᠰᠠᠨᠵᠢ ᠲᠠᠢ ᠣᠴᠢᠵᠤ ᠠᠭᠤᠯᠵᠠᠵᠤ ᠢᠷᠡᠪᠡᠯ ᠵᠣᠬᠢᠨ᠎ᠠ᠃ ᠲᠠ ᠨᠠᠷ ᠲᠤ᠌ ᠨᠢᠭᠡ ᠢᠲᠡᠭᠡᠯ ᠲᠡᠢ ᠬᠥᠮᠦᠨ ᠭᠠᠵᠠᠷᠴᠢᠯᠠᠨ᠎ᠠ᠃ ᠡᠭᠦᠨ ᠢ᠋ ᠪᠡᠶᠡᠯᠡᠭᠦᠯᠪᠡᠯ ᠲᠠ ᠨᠠᠷ ᠢ᠋ ᠪᠤᠶᠠᠨᠵᠠᠯᠪᠠᠷᠢᠬᠤ ᠬᠡᠢᠳ ᠭᠣᠮᠣᠳᠠᠭᠠᠬᠤ ᠦᠭᠡᠢ ᠱᠠᠩ ᠬᠦᠷᠲᠡᠭᠡᠨ᠎ᠡ!  ᠭᠡᠪᠡ᠃ ᠬᠣᠶᠠᠷ ᠪᠢᠴᠢᠭᠡᠴᠢ ᠲᠠᠲᠠᠭᠠᠯᠵᠠᠭᠰᠠᠨ ᠦᠭᠡᠢ᠃ ᠨᠠᠢᠳᠠᠵᠤ ᠪᠠᠢᠭ᠎ᠠ ᠶᠤᠮ ᠪᠣᠯ ᠪᠦᠲᠦᠭᠡᠬᠦ ᠪᠣᠯᠪᠠ᠃ 
       - ᠵᠠ ᠲᠡᠭᠡᠪᠡᠯ ᠰᠠᠢᠨ ᠰᠣᠨᠣᠰ! ᠲᠡᠷᠡ ᠰᠠᠨᠵᠢ ᠲᠠᠢ ᠡᠪᠲᠡᠢᠬᠡᠨ ᠨᠠᠢᠷᠰᠠᠭ ᠢ᠋ᠶ᠋ᠠᠷ ᠠᠭᠤᠯᠵᠠᠭᠠᠳ ᠪᠡᠶ᠎ᠡ ᠲᠡᠩᠬᠡᠭᠡ ᠶ᠋ᠢ ᠨᠢ ᠠᠰᠠᠭᠤᠵᠤ᠂ ᠶᠠᠳᠠᠷᠠᠵᠤ ᠵᠣᠪᠠᠵᠤ ᠪᠠᠢᠭ᠎ᠠ ᠡᠰᠡᠬᠦ ᠶ᠋ᠢ ᠨᠢ ᠮᠡᠳᠡᠬᠦ ᠵᠡᠷᠭᠡ ᠪᠡᠷ ᠰᠡᠳᠬᠢᠯ ᠳ᠋ᠦ᠍ ᠨᠢ ᠨᠡᠢᠴᠡᠲᠡᠢ ᠦᠭᠡ ᠪᠡᠷ ᠶᠠᠷᠢᠯᠴᠠᠪᠠᠯ ᠲᠠᠭᠠᠷᠠᠨ᠎ᠠ᠃ ᠲᠡᠭᠡᠬᠦ ᠪᠡᠷ ᠲᠡᠷᠡ ᠨᠤᠲᠤᠭ ᠣᠷᠣᠨ ᠤ᠋ ᠰᠣᠨᠢᠨ ᠢ᠋ ᠠᠰᠠᠭᠤᠵᠤ ᠡᠬᠢᠯᠡᠨ᠎ᠡ᠃ ᠲᠠ ᠬᠣᠶᠠᠷ ᠪᠤᠶᠠᠨᠵᠠᠯᠪᠠᠷᠢᠬᠤ ᠬᠡᠢᠳ ᠲᠦ᠍ ᠰᠢᠨ᠎ᠡ ᠴᠣᠢᠷᠣ᠎ᠠ ᠶ᠋ᠢᠨ ᠳᠤᠭᠠᠩ ᠪᠣᠰᠬᠠᠭᠰᠠᠨ ᠲᠤᠬᠠᠢ ᠶᠠᠷᠢᠭᠠᠷᠠᠢ᠃  
       - ᠪᠣᠰᠤᠭ᠎ᠠ ᠦᠭᠡᠢ ᠪᠠᠢᠭ᠎ᠠ ᠪᠢᠵᠡ ᠳᠡ? 
       - ᠵᠠ ᠶᠠᠭᠤᠨ ᠲᠦᠷᠦᠭᠦᠨ ᠦᠭᠡ ᠲᠡᠢ ᠶᠦᠮ ᠪᠣᠢ? ᠲᠠ ᠨᠠᠷ ᠢ᠋ ᠲᠡᠨᠳᠡ ᠬᠦᠷᠬᠦ ᠭᠡᠭᠰᠡᠭᠡᠷ ᠪᠠᠢᠲᠠᠯ᠎ᠠ ᠴᠢᠨᠢ ᠪᠢᠳᠡ ᠲᠡᠷᠡ ᠰᠦᠮ᠎ᠡ ᠶ᠋ᠢ ᠳᠠᠭᠤᠰᠬᠠᠵᠤ ᠣᠷᠬᠢᠨ᠎ᠠ᠃ ᠲᠡᠭᠡᠭᠡᠳ ᠰᠦᠮ᠎ᠡ ᠪᠠᠷᠢᠭᠤᠯᠵᠤ ᠳᠠᠭᠤᠰᠤᠭᠰᠠᠨ ᠢ᠋ ᠰᠣᠨᠣᠰᠤᠭᠠᠳ ᠲᠡᠷᠡ ᠰᠠᠨᠵᠢ ᠭᠠᠢᠬᠠᠬᠤ ᠪᠢᠵᠡ᠃ ᠲᠡᠷᠡ ᠦᠨᠡᠮᠰᠢᠬᠦ ᠦᠭᠡᠢ ᠪᠠᠢᠵᠤ ᠮᠡᠳᠡᠨ᠎ᠡ᠃ ᠲᠡᠭᠡᠭᠡᠳ ᠯᠡ ᠲᠡᠷᠡ ᠶ᠋ᠢ ᠲᠡᠭᠡᠵᠦ ᠪᠠᠷᠢᠵᠤ ᠤᠤ᠂ ᠡᠨᠡ ᠶ᠋ᠢ ᠢᠩᠭᠢᠵᠦ ᠬᠢᠵᠦ ᠤᠤ? ᠭᠡᠵᠦ ᠠᠰᠠᠭᠤᠬᠤ ᠪᠣᠢ᠃ ᠲᠡᠷᠡ ᠯᠠ ᠬᠡᠯᠡᠬᠦ ᠦᠭᠡ ᠪᠣᠯᠭᠠᠨ ᠢ᠋ ᠨᠢ ᠪᠢᠴᠢᠵᠦ ᠠᠪᠤᠭᠠᠳ ᠢᠷ᠎ᠡ! ᠣᠷᠣᠢ ᠶ᠋ᠢ ᠨᠢ ᠲᠡᠭᠡᠵᠦ ᠢᠩᠭᠢᠵᠦ ᠪᠠᠷᠢᠵᠤ ᠤᠤ ᠭᠡᠵᠦ ᠠᠰᠠᠭᠤᠪᠠᠯ ᠨᠢᠭᠡ ᠳ᠋ᠦ᠍ ᠨᠢᠭᠡᠨ ᠦᠭᠡᠢ ᠪᠢᠴᠢᠵᠦ ᠠᠪᠤᠨ᠎ᠠ ᠪᠢᠵᠡ᠃  
       - ᠠᠰᠠᠭᠤᠬᠤ ᠪᠠᠷ ᠨᠢ ᠶᠠᠭᠤ ᠭᠡᠵᠦ ᠬᠠᠷᠢᠭᠤᠯᠬᠤ ᠪᠣᠢ? 
       - ᠲᠡᠢᠮᠦ ᠲᠡᠢᠮᠦ ᠯᠡ ᠭᠡᠳ ᠪᠠᠢᠪᠠᠯ ᠲᠠᠭᠠᠷᠠᠨ᠎ᠠ᠃ ᠲᠠ ᠨᠠᠷ ᠥᠪᠡᠷᠰᠡᠳ ᠢ᠋ᠶ᠋ᠡᠨ ᠪᠢᠰᠢ᠃ ᠲᠡᠷᠡ ᠯᠠ ᠶᠠᠭᠠᠬᠢᠵᠤ ᠪᠠᠷᠢᠭᠰᠠᠨ ᠢ᠋ ᠨᠢ ᠶᠠᠷᠢᠬᠤ ᠶᠣᠰᠣᠲᠠᠢ᠃ ᠶᠠᠷᠢᠬᠤ ᠦᠭᠡᠢ ᠪᠣᠯ ᠶᠠᠭᠠᠬᠢᠵᠤ ᠪᠠᠷᠢᠪᠠᠯ ᠵᠣᠬᠢᠬᠤ ᠪᠠᠢᠭᠰᠠᠨ ᠢ᠋ ᠯᠠᠪᠯᠠᠨ ᠠᠰᠠᠭᠤᠪᠠᠯ ᠵᠥᠪ᠃ 
       - ᠪᠢᠳᠡ ᠲᠡᠷᠡ ᠰᠦᠮ᠎ᠡ ᠶ᠋ᠢ ᠶᠠᠭᠠᠬᠢᠵᠤ ᠪᠠᠷᠢᠭᠰᠠᠨ ᠢ᠋ ᠨᠢ ᠮᠡᠳᠡᠬᠦ ᠦᠭᠡᠢ ᠶᠦᠮ ᠴᠢᠨᠢ ᠶᠠᠭᠤ ᠶᠠᠷᠢᠬᠤ ᠪᠣᠢ ᠳᠠ᠃ ᠲᠡᠷᠡ ᠳᠣᠣᠷ᠎ᠠ ᠪᠠᠨ ᠯᠠ ᠵᠡᠰ ᠮᠠᠨᠢ ᠴᠤᠬᠤᠢᠨ᠎ᠠ ᠳᠠ᠃ 
       - ᠬᠠᠷᠢᠨ ᠲᠡᠢᠮᠦ ᠠ᠋! ᠲᠠ ᠨᠠᠷ ᠶᠠᠭᠤ ᠶᠠᠷᠢᠬᠤ ᠪᠣᠢ᠃ ᠲᠡᠭᠦᠪᠡᠷ ᠯᠡ ᠶᠠᠷᠢᠭᠤᠯᠵᠤ ᠠᠪᠤᠪᠠᠯ ᠲᠠᠭᠠᠷᠠᠨ᠎ᠠ᠃ ᠶᠠᠷᠢᠭᠰᠠᠨ ᠪᠣᠯᠭᠠᠨ ᠢ᠋ ᠪᠢᠴᠢᠵᠦ ᠠᠪᠴᠤ ᠢᠷ᠎ᠡ! 
       - ᠪᠢᠴᠢᠭᠦᠯᠬᠦ ᠦᠭᠡᠢ ᠪᠣᠯ ᠶᠠᠭᠠᠬᠢᠬᠤ ᠪᠣᠢ? ᠶᠠᠭᠤᠮ᠎ᠠ ᠶ᠋ᠢ ᠶᠠᠭᠠᠬᠢᠵᠤ ᠮᠡᠳᠡᠬᠦ ᠪᠣᠢ?  
      - ᠲᠡᠷᠡ ᠶᠠᠭᠤᠮ᠎ᠠ ᠬᠠᠷᠠᠬᠤ ᠪᠠᠨ ᠪᠠᠢᠭᠰᠠᠨ᠃ ᠲᠡᠭᠡᠬᠦ ᠪᠡᠷ ᠲᠠ ᠨᠠᠷ ᠢ᠋ ᠪᠢᠴᠢᠵᠦ ᠠᠪᠴᠤ ᠪᠠᠢᠭ᠎ᠠ ᠶ᠋ᠢ ᠦᠵᠡᠬᠦ ᠴᠤ᠌ ᠦᠭᠡᠢ ᠯᠡ ᠳᠡ᠃ ᠮᠡᠳᠡᠭᠳᠡᠬᠦ ᠦᠭᠡᠢ ᠯᠡ ᠪᠢᠴᠢᠪᠡᠯ ᠲᠠᠭᠠᠷᠠᠨ᠎ᠠ᠃  
       - ᠥᠭᠡᠷ᠎ᠡ ᠶᠠᠭᠠᠬᠢᠬᠤ ᠶᠤᠮ ᠪᠣᠢ? ᠬᠠᠴᠢᠨ ᠯᠠ ᠠᠵᠢᠯ ᠪᠠᠢᠨ᠎ᠠ᠃ 
       - ᠥᠭᠡᠷ᠎ᠡ ᠶᠠᠭᠤᠮ᠎ᠠ ᠬᠡᠷᠡᠭ ᠦᠭᠡᠢ᠃ ᠢᠩᠭᠢᠵᠦ᠂ ᠲᠡᠭᠡᠵᠦ ᠪᠠᠷᠢᠵᠤ ᠤᠤ? ᠭᠡᠳᠡᠭ ᠯᠡ ᠦᠭᠡ ᠶ᠋ᠢ ᠨᠢ ᠰᠣᠨᠣᠰᠤᠭᠠᠳ ᠢᠷ᠎ᠡ᠃ ᠪᠢᠴᠢᠵᠦ ᠠᠪᠬᠤ ᠳ᠋ᠤ᠌ ᠪᠠᠨ ᠶᠠᠭᠤᠮ᠎ᠠ ᠣᠷᠬᠢᠪᠠᠵᠠᠢ! 
       ᠡᠢᠮᠦ ᠳᠠᠭᠠᠭᠠᠯᠭᠠᠪᠤᠷᠢ ᠶ᠋ᠢ ᠳᠡᠮᠴᠦᠭ ᠭᠠᠪᠵᠢ ᠠ᠋ᠴᠠ ᠠᠪᠤᠭᠠᠳ ᠬᠣᠶᠠᠷ ᠪᠢᠴᠢᠭᠡᠴᠢ ᠠᠶᠠᠨ ᠳ᠋ᠤ᠌ ᠭᠠᠷᠴᠠᠢ᠃ ᠲᠡᠳᠡᠨ ᠳ᠋ᠦ᠍ ᠰᠠᠨᠵᠢ ᠶ᠋ᠢ ᠠᠩᠬ᠎ᠠ  ᠴᠥᠯᠡᠬᠦ ᠪᠡᠷ ᠠᠪᠴᠤ ᠶᠠᠪᠤᠭᠰᠠᠨ ᠬᠣᠶᠠᠷ ᠶᠠᠷᠭᠠᠴᠢᠨ ᠤ᠋ ᠨᠢᠭᠡ ᠨᠢ ᠭᠠᠵᠠᠷᠴᠢᠯᠠᠵᠠᠢ᠃ ᠬᠥᠮᠦᠨ ᠦ᠌ ᠪᠠᠷ᠎ᠠ ᠦᠭᠡᠢ ᠵᠡᠯᠢᠭᠦᠳ ᠬᠣᠯᠠ ᠶ᠋ᠢᠨ ᠭᠠᠵᠠᠷ ᠬᠦᠷᠪᠡ᠃   
        ᠁ 
       ᠠᠭᠠᠭᠢᠮ᠎ᠠ ᠬᠠᠯᠠᠭᠤᠨ ᠨᠢᠭᠡ ᠡᠳᠦᠷ ᠭᠤᠷᠪᠠᠨ ᠮᠣᠷᠢ ᠲᠠᠢ ᠬᠥᠮᠦᠨ ᠢᠩᠭᠢᠨ᠎ᠡ ᠤᠰᠤᠨ ᠤ᠋ ᠭᠣᠪᠢ ᠳ᠋ᠤ᠌ ᠣᠷᠣᠵᠤ ᠢᠷᠡᠯ᠎ᠡ᠃《ᠲᠡᠷᠡ ᠬᠡᠷᠪᠡ ᠠᠮᠢᠳᠤ ᠪᠠᠢᠳᠠᠭ ᠪᠣᠯ ᠯᠠᠪ ᠯᠠ ᠤᠰᠤ ᠪᠠᠷᠠᠭᠠᠳᠠᠬᠤ ᠶᠣᠰᠣᠲᠠᠢ᠃ ᠢᠩᠭᠢᠨ᠎ᠡ ᠤᠰᠤᠨ ᠤ᠋ ᠪᠤᠯᠠᠭ ᠤ᠋ᠨ ᠳᠡᠷᠭᠡᠳᠡ ᠰᠢᠬᠠᠮ ᠪᠢᠳᠡ ᠣᠷᠬᠢᠭᠠᠳ ᠶᠠᠪᠤᠭᠰᠠᠨ ᠶᠤᠮ ᠳᠠ》 ᠭᠡᠵᠦ ᠵᠠᠮᠴᠢᠯᠠᠭᠴᠢ ᠰᠥᠭᠡᠩᠭᠢ ᠬᠣᠭᠣᠯᠠᠢ ᠪᠠᠷ ᠬᠡᠯᠡᠬᠦ ᠳ᠋ᠦ᠍ 《ᠡᠢᠮᠦ ᠡᠵᠡᠭᠦᠢ ᠴᠦᠯ ᠳ᠋ᠦ᠍ ᠬᠥᠮᠦᠨ ᠢ᠋ ᠭᠠᠭᠴᠠ ᠪᠡᠶ᠎ᠡ ᠪᠡᠷ ᠨᠢ ᠣᠷᠬᠢᠭᠠᠳ ᠶᠠᠪᠤᠬᠤ ᠭᠡᠭᠴᠢ ᠮᠥᠨ ᠪᠥᠬᠡ ᠵᠢᠷᠦᠬᠡ ᠠ᠋᠃  ᠶᠠᠭᠠᠬᠢᠵᠤ ᠡᠪᠦᠯ ᠢ᠋ ᠲᠡᠰᠴᠦ ᠥᠩᠭᠡᠷᠡᠭᠡᠨ᠎ᠡ᠂ ᠶᠠᠭᠤ ᠪᠠᠨ ᠢᠳᠡᠵᠦ ᠤᠤᠭᠤᠨ᠎ᠠ ᠭᠡᠵᠦ ᠪᠣᠳᠣᠭ᠎ᠠ ᠶᠤᠮ ᠪᠣᠯ?》 ᠭᠡᠵᠦ ᠬᠣᠶᠠᠷ ᠪᠢᠴᠢᠭᠡᠴᠢ ᠶ᠋ᠢᠨ ᠨᠢᠭᠡ ᠨᠢ ᠭᠠᠢᠬᠠᠯ᠎ᠠ᠃  
       - ᠦᠷᠦ ᠡᠪᠡᠳᠦᠭᠡᠳ ᠦᠰᠦᠲᠡᠢ ᠳᠡᠪᠡᠯ᠂ ᠲᠤᠯᠤᠮ ᠲᠠᠢ ᠠᠭᠠᠷᠤᠤᠯ᠂ ᠳᠤᠯᠠᠭᠠᠨ ᠮᠠᠯᠠᠭᠠᠢ᠂ ᠭᠤᠲᠤᠯ ᠥᠭᠬᠦ ᠨᠢ ᠥᠭᠭᠦᠭᠰᠡᠨ᠃ ᠬᠠᠤᠯᠢ ᠬᠠᠲᠠᠭᠤ ᠪᠣᠯᠬᠣᠷ ᠶᠠᠭᠠᠬᠢᠬᠤ ᠪᠢᠯᠡ ᠳᠠ ᠪᠢᠳᠡ᠃ ᠴᠦᠯᠡᠬᠦ ᠪᠢᠰᠢ ᠪᠠᠷᠤᠭ ᠯᠠ ᠠᠮᠢᠳᠤ ᠪᠠᠷ ᠨᠢ ᠬᠡᠭᠡᠷ᠎ᠡ ᠬᠠᠶᠠᠭᠠᠳ ᠥᠪᠡᠷ ᠢ᠋ᠶ᠋ᠡᠨ ᠦᠬᠦᠵᠦ ᠳᠠᠯᠳᠠ ᠤᠷᠤᠭ ᠭᠡᠰᠡᠨ ᠰᠠᠨᠠᠭ᠎ᠠ ᠪᠠᠷ ᠯᠠ ᠴᠦᠯᠡᠳᠡᠭ ᠰᠢᠦ ᠭᠡᠵᠦ ᠨᠥᠭᠥᠭᠡᠬᠢ ᠭᠠᠵᠠᠷᠴᠢ ᠬᠡᠨᠡᠭ ᠦᠭᠡᠢ ᠶᠠᠷᠢᠯ᠎ᠠ᠃ 
       - ᠲᠡᠷᠡᠦᠬᠡᠨ ᠪᠤᠲᠠᠨ ᠳᠣᠲᠣᠷ᠎ᠠ ᠨᠢᠭᠡ ᠶᠠᠭᠤᠮ᠎ᠠ ᠱᠣᠪᠣᠯᠵᠠᠭᠠᠳ ᠪᠠᠢᠨ᠎ᠠ᠃ ᠲᠡᠷᠡ ᠮᠥᠨ ᠰᠢᠭ ᠪᠣᠢ ᠳᠠ᠃ ᠠᠯᠢ ᠪᠣᠢ᠂ ᠳᠤᠷᠠᠨ ᠢ᠋ᠶ᠋ᠠᠨ! ᠭᠡᠵᠦ ᠨᠢᠭᠡ ᠪᠢᠴᠢᠭᠡᠴᠢ ᠬᠡᠯᠡᠭᠡᠳ ᠨᠥᠭᠦᠭᠡ ᠶ᠋ᠢᠨ ᠢ᠋ᠶ᠋ᠡᠨ ᠳᠤᠷᠠᠨ ᠢ᠋ ᠠᠪᠴᠤ ᠶᠡᠬᠡ ᠭᠣᠪᠢ ᠤᠷᠤᠭᠤ ᠬᠠᠷᠠᠭ᠎ᠠ ᠶ᠋ᠢ ᠨᠢ ᠰᠤᠩᠭᠠᠨ ᠠᠵᠢᠭᠯᠠᠪᠠ᠃ ᠲᠡᠭᠡᠭᠰᠡᠨ ᠢ᠋ᠶ᠋ᠡᠨ᠂ 
       - ᠬᠥᠮᠦᠨ ᠪᠠᠢᠨ᠎ᠠ᠃ ᠵᠠᠢᠯᠠᠭᠤᠯ᠂ ᠠᠮᠢᠳᠤ ᠯᠠ ᠪᠠᠢᠭ᠎ᠠ ᠶᠤᠮ ᠪᠠᠢᠨ᠎ᠠ᠃ ᠵᠠ ᠲᠠᠰᠢ ᠪᠠᠨ ᠣᠴᠢᠬᠤ ᠠ᠋ᠴᠠ ᠳᠠ! ᠭᠡᠪᠡ᠃ 
       ᠲᠡᠳᠡ ᠥᠷᠥᠪᠳᠦᠨ ᠭᠤᠲᠤᠭᠰᠠᠨ ᠪᠠᠢᠳᠠᠯ ᠲᠠᠢ ᠪᠣᠯᠵᠠᠢ᠃ 
       - ᠪᠢ ᠣᠴᠢᠭᠠᠳ ᠶᠠᠭᠠᠬᠢᠬᠤ ᠪᠣᠢ? ᠣᠢᠷᠠᠯᠴᠠᠭ᠎ᠠ ᠭᠠᠵᠠᠷ ᠲᠠ ᠨᠠᠷ ᠤ᠋ᠨ ᠮᠣᠷᠢ ᠶ᠋ᠢ ᠪᠠᠷᠢᠭᠠᠳ ᠰᠠᠭᠤᠵᠤ ᠪᠠᠢᠶ᠎ᠠ᠃  ᠳᠠᠭᠤ ᠬᠣᠭᠣᠯᠠᠢ ᠪᠠᠷ ᠮᠢᠨᠢ ᠨᠠᠮ᠎ᠠ ᠶᠢ ᠲᠠᠨᠢᠴᠢᠬᠠᠭᠠᠳ ᠰᠡᠳᠬᠢᠯ ᠨᠢ ᠪᠤᠬᠢᠨᠢᠳᠤᠵᠤ ᠮᠡᠳᠡᠨ᠎ᠡ! ᠭᠡᠵᠦ ᠭᠠᠵᠠᠷᠴᠢ ᠪᠣᠯᠭᠣᠮᠵᠢᠯᠠᠪᠠ᠃ ᠲᠡᠷᠡ ᠨᠢ ᠴᠤ᠌ ᠲᠡᠢᠮᠦ ᠪᠠᠢᠵᠤ ᠮᠡᠳᠡᠬᠦ ᠲᠤᠯᠠ ᠬᠣᠶᠠᠷ ᠪᠢᠴᠢᠭᠡᠴᠢ ᠵᠥᠪᠰᠢᠶᠡᠷᠡᠵᠡᠢ᠃  
       ᠰᠠᠨᠵᠢ ᠴᠤ᠌ ᠲᠡᠳᠡᠨ ᠦ᠌ ᠠᠢᠰᠤᠢ ᠶᠠᠪᠤᠭ᠎ᠠ ᠶ᠋ᠢ ᠤᠳᠠᠯ ᠦᠭᠡᠢ ᠲᠠᠭᠠᠮᠠᠭᠯᠠᠭᠠᠳ ᠬᠠᠷᠮᠠᠭ ᠤ᠋ᠨ ᠪᠤᠲᠠ ᠰᠠᠨᠳᠠᠢᠯᠠᠨ ᠰᠠᠭᠤᠭᠠᠳ ᠬᠦᠯᠢᠶᠡᠵᠦ ᠪᠠᠢᠯ᠎ᠠ᠃  
       - ᠠᠮᠤᠷ ᠠᠮᠤᠭᠤᠯᠠᠩ ᠢ᠋ ᠠᠢᠯᠠᠳᠬᠠᠶ᠎ᠠ! ᠭᠡᠵᠦ ᠬᠣᠶᠠᠷ ᠪᠢᠴᠢᠭᠡᠴᠢ ᠰᠠᠨᠵᠢ ᠶ᠋ᠢᠨ ᠡᠮᠦᠨ᠎ᠡ ᠣᠴᠢᠵᠤ ᠮᠡᠨᠳᠦᠯᠡᠯ᠎ᠡ᠃ ᠴᠣᠴᠢᠨ ᠪᠡᠯᠪᠢᠭᠦᠷᠳᠡᠵᠡᠭᠡᠵᠦ ᠪᠠᠢᠯ᠎ᠠ᠃  
       - ᠠᠮᠤᠷᠬᠠᠨ᠃ ᠲᠠ ᠨᠠᠷ ᠠᠮᠤᠷ ᠰᠠᠢᠨ ᠪᠠᠢᠨ᠎ᠠ ᠤᠤ? ᠬᠠᠮᠢᠭ᠎ᠠ ᠠ᠋ᠴᠠ ᠬᠠᠮᠢᠭ᠎ᠠ ᠬᠦᠷᠴᠦ ᠶᠠᠪᠤᠨ᠎ᠠ? ᠭᠡᠵᠦ ᠰᠠᠨᠵᠢ ᠠᠰᠠᠭᠤᠯ᠎ᠠ᠃ ᠲᠡᠭᠦᠨ ᠦ᠌ ᠨᠢᠳᠦ ᠠᠯᠢ ᠬᠡᠳᠦᠢᠨᠢ ᠬᠠᠷᠠᠭ᠎ᠠ ᠦᠭᠡᠢ  ᠫᠠᠯᠲᠠᠡᠭ ᠰᠢᠷ᠎ᠠ ᠶᠠᠭᠤᠮ᠎ᠠ ᠪᠣᠯᠴᠢᠬᠠᠭᠰᠠᠨ ᠨᠢ ᠠᠶᠤᠮᠠᠷ ᠳᠦᠷᠯᠡᠢᠨ ᠬᠠᠷᠠᠭᠳᠠᠵᠤ ᠪᠠᠢᠯ᠎ᠠ᠃  
       - ᠠ ᠪᠢᠳᠡ ᠨᠠᠷ ᠵᠠᠰᠠᠭᠲᠤ ᠬᠠᠨ ᠤ᠋ ᠪᠤᠶᠠᠨᠵᠠᠯᠪᠠᠷᠢᠬᠤ ᠬᠡᠢᠳ ᠦ᠋ᠨ ᠬᠠᠪᠢ ᠪᠠᠷ ᠨᠤᠲᠤᠭᠯᠠᠳᠠᠭ ᠤᠯᠤᠰ ᠪᠠᠢᠨ᠎ᠠ᠃ ᠨᠤᠲᠤᠭ ᠲᠤ᠌ ᠪᠠᠨ ᠪᠤᠴᠠᠵᠤ ᠶᠠᠪᠤᠨ᠎ᠠ ᠭᠡᠵᠦ ᠪᠢᠴᠢᠭᠡᠴᠢ ᠶ᠋ᠢᠨ ᠨᠢᠭᠡ ᠨᠢ ᠬᠡᠯᠡᠮᠡᠭᠴᠡ ᠪᠠᠷᠠᠭᠤᠨ ᠡᠪᠦᠳᠦᠭ ᠢ᠋ᠶ᠋ᠡᠨ ᠪᠣᠰᠬᠠᠨ ᠰᠠᠭᠤᠭᠠᠳ ᠬᠤᠯᠤᠰᠤᠨ ᠦᠵᠦᠭ ᠢ᠋ᠶ᠋ᠡᠨ᠂ ᠴᠠᠭᠠᠰᠤ ᠶᠠᠩᠲᠠᠢ ᠲᠠᠢ ᠭᠠᠷᠭᠠᠵᠤ᠂ ᠰᠠᠨᠵᠢ ᠶ᠋ᠢᠨ ᠬᠡᠯᠡᠬᠦ ᠦᠭᠡ ᠶ᠋ᠢ ᠪᠢᠴᠢᠬᠦ ᠳ᠋ᠦ᠍ ᠪᠡᠯᠡᠳᠬᠡᠯ᠎ᠡ᠃ ᠰᠠᠨᠵᠢ ᠲᠡᠭᠦᠨ ᠢ᠋ ᠦᠵᠡᠭᠡ ᠦᠭᠡᠢ ᠪᠣᠯᠪᠠᠴᠤ ᠶᠠᠮᠠᠷ ᠨᠢᠭᠡᠨ ᠶᠠᠭᠤᠮ᠎ᠠ ᠪᠡᠯᠡᠳᠬᠡᠵᠦ ᠪᠠᠢᠬᠤ ᠶ᠋ᠢ ᠨᠢ ᠮᠡᠳᠡᠷᠡᠪᠡ᠃ 
       - ᠶᠠᠭᠤᠨ ᠰᠠᠢᠨ ᠶᠤᠮ ᠪᠣᠢ? ᠮᠠᠨ ᠤ᠋ ᠨᠤᠲᠤᠭ ᠤ᠋ᠨ ᠬᠢᠨ ᠰᠢᠭ᠋ ᠪᠣᠢ ᠳᠠ? ᠵᠠ ᠲᠡᠭᠡᠭᠡᠳ ᠨᠤᠲᠤᠭ ᠢ᠋ᠶ᠋ᠠᠷ ᠰᠣᠨᠢᠨ ᠶᠠᠭᠤᠲᠠᠢ ᠪᠣᠢ? ᠭᠡᠵᠦ ᠰᠠᠨᠵᠢ ᠠᠰᠠᠭᠤᠯ᠎ᠠ᠃ ᠵᠥᠪᠬᠡᠨ ᠡᠢᠮᠦ ᠠᠰᠠᠭᠤᠯᠲᠠ ᠬᠦᠯᠢᠶᠡᠵᠦ ᠪᠠᠢᠭᠰᠠᠨ ᠬᠣᠶᠠᠷ ᠪᠢᠴᠢᠭᠡᠴᠢ᠂ 
       - ᠰᠣᠨᠢᠨ ᠶᠠᠭᠤᠮ᠎ᠠ ᠶᠡᠬᠡ᠃ ᠶᠠᠭᠤᠨ ᠤ᠋ ᠤᠷᠢᠳ ᠪᠤᠶᠠᠨᠵᠠᠯᠪᠠᠷᠢᠬᠤ ᠬᠡᠢᠳ ᠦ᠋ᠨ ᠰᠢᠨ᠎ᠡ ᠴᠣᠢᠷᠣ᠎ᠠ ᠶ᠋ᠢᠨ ᠳᠤᠭᠠᠩ ᠳᠠᠭᠤᠰᠴᠤ ᠠᠷᠠᠪᠨᠠᠢᠯᠠᠭᠠᠳ ᠬᠤᠷᠠᠯ ᠬᠤᠷᠠᠵᠤ ᠡᠬᠢᠯᠡᠭᠰᠡᠨ ᠨᠢᠭᠡ ᠰᠣᠨᠢᠨ ᠲᠠᠢ ᠭᠡᠵᠦ ᠬᠣᠶᠠᠷ ᠪᠢᠴᠢᠭᠡᠴᠢ ᠠᠮᠠ ᠪᠤᠯᠢᠶᠠᠯᠳᠤᠨ ᠶᠠᠷᠢᠯ᠎ᠠ᠃ 
       -  ᠦ ᠲᠡᠢᠮᠦ ᠤᠤ?  ᠶᠠᠭᠠᠬᠢᠭᠰᠠᠨ ᠲᠦᠷᠭᠡᠨ ᠪᠠᠷᠢᠶ᠎ᠠ ᠪᠣᠢ? ᠣᠷᠣᠢ ᠶ᠋ᠢ ᠨᠢ ᠶᠠᠭᠠᠬᠢᠵᠤ ᠪᠠᠷᠢᠵᠤ ᠪᠣᠢ? ᠭᠡᠵᠦ ᠰᠠᠨᠵᠢ ᠰᠡᠳᠬᠢᠯ ᠳᠣᠭᠳᠣᠯᠤᠨ ᠠᠰᠠᠭᠤᠯ᠎ᠠ᠃ 
       - ᠨᠢᠳᠤᠨᠤᠨ ᠴᠤ᠌ ᠵᠣᠭᠰᠣᠭ᠎ᠠ ᠵᠠᠢ ᠦᠭᠡᠢ ᠬᠥᠳᠡᠯᠦᠭᠰᠡᠨ᠃ ᠡᠨᠡ ᠵᠢᠯ ᠴᠤ᠌ ᠮᠥᠨ ᠠᠳᠠᠯᠢ᠃ ᠣᠯᠠᠨ ᠬᠥᠮᠦᠨ ᠦ᠌ ᠬᠦᠴᠦ ᠪᠡᠷ ᠳᠣᠣᠷ᠎ᠠ ᠨᠢ ᠳᠠᠭᠤᠰᠬᠠᠯ᠎ᠠ ᠯᠠ ᠳᠠ᠃  ᠣᠷᠣᠢ ᠶ᠋ᠢ ᠨᠢ ᠶᠠᠭᠠᠬᠢᠵᠤ ᠪᠠᠷᠢᠭᠰᠠᠨ ᠶᠤᠮ ᠪᠤᠤ ᠮᠡᠳᠡ! ᠣᠰᠣᠯᠳᠠᠬᠤ ᠦᠭᠡᠢ ᠯᠡ ᠳᠠᠭᠤᠰᠬᠠᠭᠰᠠᠨ ᠪᠠᠢᠭᠰᠠᠨ ᠭᠡᠵᠦ ᠨᠢᠭᠡ ᠪᠢᠴᠢᠭᠡᠴᠢ ᠬᠡᠯᠡᠬᠦ ᠳ᠋ᠦ᠍᠂  
       - ᠲᠠ ᠨᠠᠷ ᠲᠡᠷᠡ ᠳᠤᠭᠠᠩ ᠳ᠋ᠤ᠌ ᠣᠷᠣᠵᠤ ᠦᠵᠡᠭᠰᠡᠨ ᠤᠤ? ᠭᠡᠵᠦ ᠰᠠᠨᠵᠢ ᠪᠠᠶᠠᠷᠯᠠᠬᠤ ᠳᠠᠭᠤᠨ ᠢ᠋ᠶ᠋ᠠᠷ ᠠᠰᠠᠭᠤᠯ᠎ᠠ᠃ ᠡᠨᠡ ᠠᠰᠠᠭᠤᠯᠲᠠ ᠲᠡᠷᠡ ᠬᠣᠶᠠᠷ ᠲᠤ᠌ ᠲᠤᠰᠠ ᠪᠣᠯᠤᠯ᠎ᠠ᠃ 
       - ᠣᠷᠣᠬᠤ ᠨᠢ ᠣᠷᠣᠭᠰᠠᠨ ᠯᠠ ᠳᠠ᠃ ᠰᠠᠢᠬᠠᠨ ᠯᠠ ᠡᠳ᠋ ᠪᠢᠯᠡ᠃  
       -  ᠶᠠᠭᠠᠬᠢᠵᠤ ᠪᠠᠷᠢᠵᠤ ᠤᠤ? ᠶᠠᠮᠠᠷᠬᠠᠤ ᠪᠣᠳᠣᠭ ᠲᠦᠷᠬᠢᠴᠡ ᠲᠡᠢ ᠪᠠᠢᠨ᠎ᠠ? 
       - ᠰᠠᠢᠬᠠᠨ ᠭᠡᠵᠦ ᠶᠠᠷᠢᠬᠤ ᠦᠭᠡᠢ᠃ ᠪᠣᠳᠣᠭ ᠲᠦᠷᠬᠢᠴᠡ ᠴᠤ᠌ ᠨᠢᠳᠦ ᠭᠢᠯᠪᠠᠮ᠎ᠠ ᠰᠠᠢᠬᠠᠨ᠃ ᠵᠦᠭᠡᠷ ᠪᠢᠳᠡ ᠬᠣᠶᠠᠷ ᠢᠩᠭᠢᠵᠦ ᠲᠡᠭᠡᠵᠦ ᠪᠠᠷᠢᠵᠠᠢ ᠭᠡᠵᠦ ᠶᠠᠭᠠᠬᠢᠵᠤ ᠬᠡᠯᠡᠵᠦ ᠮᠡᠳᠡᠬᠦ ᠪᠣᠢ? ᠣᠷᠣᠨ ᠰᠦᠮ᠎ᠡ ᠪᠠᠷᠢᠭᠤᠯᠬᠤ ᠡᠷᠳᠡᠮ ᠪᠠᠢᠬᠤ ᠪᠢᠰᠢ ᠳᠡ᠃  
       - ᠨᠡᠭᠡᠷᠡᠨ ᠴᠤ᠌ ᠠᠷᠭ᠎ᠠ ᠦᠭᠡᠢ᠃ ᠳᠣᠲᠣᠷ᠎ᠠ ᠨᠢ ᠨᠣᠮ ᠥᠭᠦᠯᠡᠭᠴᠢ ᠶ᠋ᠢ ᠪᠠᠢᠯᠭᠠᠬᠤ ᠠᠷᠰᠯᠠᠨᠲᠤ ᠳᠥᠷᠪᠡᠯᠵᠢᠨ ᠰᠢᠷᠡᠭᠡ ᠶ᠋ᠢ ᠵᠠᠰᠠᠵᠤ ᠤᠤ? 
       - ᠵᠠᠰᠠᠵᠠᠢ᠂ ᠵᠠᠰᠠᠵᠠᠢ᠃ ᠬᠣᠢᠮᠣᠷ ᠲᠠᠯ᠎ᠠ ᠳ᠋ᠤ᠌ ᠨᠢ ᠪᠠᠢᠨ᠎ᠠ ᠪᠢᠯᠡ᠃  
       ᠲᠡᠭᠦᠨ ᠦ᠌ ᠳᠥᠷᠪᠡᠨ ᠬᠥᠯ ᠳ᠋ᠦ᠍ ᠨᠢ ᠠᠷᠰᠯᠠᠨ ᠤ᠋ ᠬᠣᠩᠰᠢᠶᠠᠷ ᠮᠡᠲᠦ ᠶ᠋ᠢ ᠦᠢᠯᠡᠳᠴᠦ ᠳᠥᠷᠪᠡᠨ ᠲᠡᠮᠦᠷ ᠭᠠᠷᠠᠬ᠎ᠠ ᠵᠡᠭᠦᠵᠦ ᠤᠤ? ᠳᠡᠭᠡᠳᠦ ᠰᠠᠭᠤᠷᠢᠨ ᠳ᠋ᠤ᠌ ᠣᠯᠠᠨ ᠨᠡᠬᠡᠮᠡᠯ ᠲᠠᠲᠠᠭᠠᠰᠤ ᠪᠠᠷ ᠨᠢᠳᠦ ᠭᠠᠷᠭᠠᠨ ᠰᠦᠯᠵᠢᠨ ᠵᠡᠭᠦᠬᠦ ᠶᠣᠰᠣᠲᠠᠢ᠃ ᠳᠡᠭᠡᠷ᠎ᠡ ᠨᠢ ᠯᠠᠪᠷᠢ ᠲᠠᠲᠠᠵᠤ᠂ ᠲᠣᠷᠭᠠᠨ ᠤᠨᠵᠢᠯᠭ᠎ᠠ ᠬᠢᠭᠡᠳ ᠰᠠᠭᠤᠬᠤ ᠳ᠋ᠤ᠌ ᠬᠥᠯ ᠤᠨᠵᠢᠬᠤ ᠪᠠᠷ ᠦᠭᠡᠢ ᠴᠢᠯᠠᠭᠤᠨ ᠲᠦᠰᠢᠭᠦᠷᠢ ᠬᠥᠯ ᠳ᠋ᠦ᠍ ᠬᠢᠵᠦ ᠥᠭᠬᠦ ᠤᠴᠢᠷᠲᠠᠢ᠃ ᠲᠡᠷᠡ ᠮᠡᠲᠦ ᠬᠢᠵᠦ ᠤᠤ? ᠭᠡᠵᠦ ᠰᠠᠨᠵᠢ ᠠᠰᠠᠭᠤᠬᠤ ᠳ᠋ᠤ᠌ ᠨᠥᠭᠦᠭᠡ ᠬᠣᠶᠠᠷ ᠠᠮᠠ ᠪᠤᠯᠢᠶᠠᠯᠳᠤᠨ᠂  
       - ᠶᠠᠭ ᠲᠡᠢᠮᠦ ᠪᠡᠷ ᠬᠢᠭᠰᠡᠨ ᠪᠠᠢᠭᠰᠠᠨ᠃ ᠣᠳᠣ ᠯᠠ ᠰᠠᠨᠠᠵᠤ᠂ ᠨᠢᠳᠦᠨ ᠳ᠋ᠦ᠍ ᠬᠠᠷᠠᠭᠳᠠᠬᠤ ᠰᠢᠭ᠋ ᠪᠣᠯᠵᠤ ᠪᠠᠢᠨ᠎ᠠ ᠭᠡᠵᠡᠭᠡᠬᠦ ᠶ᠋ᠢᠨ ᠬᠠᠮᠲᠤ ᠲᠡᠭᠦᠨ ᠦ᠌ ᠬᠡᠯᠡᠭᠰᠡᠨ ᠢ᠋ ᠴᠠᠭᠠᠰᠤᠨ ᠳ᠋ᠤ᠌ ᠲᠠᠲᠠᠯᠠᠨ ᠪᠢᠴᠢᠵᠦ ᠠᠪᠴᠤ ᠪᠠᠢᠯ᠎ᠠ᠃ ᠦᠭᠡ ᠦᠰᠦᠭ ᠭᠡᠭᠡᠬᠦ ᠦᠭᠡᠢ ᠶ᠋ᠢ ᠬᠢᠴᠢᠶᠡᠵᠡᠢ᠃  
       - ᠲᠡᠭᠦᠨ ᠡᠴᠡ ᠴᠠᠰᠢ ᠬᠣᠢᠮᠣᠷ ᠲᠠᠯ᠎ᠠ ᠳ᠋ᠤ᠌ ᠰᠢᠲᠦᠭᠡᠨ ᠦ᠌ ᠵᠠᠷᠯᠢᠭ ᠤ᠋ᠨ᠂ ᠲᠠᠢᠯᠭ᠎ᠠ ᠶ᠋ᠢᠨ ᠭᠤᠷᠪᠠᠨ ᠵᠠᠩᠬᠠᠨ ᠢ᠋ ᠪᠠᠢᠷᠢᠯᠠᠭᠤᠯᠵᠤ ᠤᠤ? ᠪᠠᠭᠠᠨ᠎ᠠ ᠶ᠋ᠢᠨ ᠰᠠᠭᠤᠷᠢ᠂ ᠪᠠᠭᠠᠨ᠎ᠠ᠂ ᠰᠢᠩ ᠦ᠋ᠨ ᠳᠡᠪᠢᠰᠬᠡᠷ ᠢ᠋ ᠶᠠᠭᠠᠬᠢᠵᠤ ᠬᠢᠭᠡ ᠪᠣᠯ ᠳᠠ? ᠰᠢᠩ᠂ ᠨᠤᠮᠤ᠂ ᠨᠢᠷᠤᠭᠤᠨ ᠤ᠋ ᠰᠠᠭᠤᠷᠢ ᠨᠢᠷᠤᠭᠤ᠂ ᠨᠢᠷᠤᠭᠤᠨ ᠤ᠋ ᠪᠦᠷᠬᠦᠪᠴᠢ ᠶ᠋ᠢ ᠲᠠᠬᠢᠯ ᠳᠠᠪᠬᠤᠷᠭ᠎ᠠ᠂ ᠪᠦᠷᠬᠦᠪᠴᠢ ᠸᠠᠳ᠋ᠴᠢᠳ ᠲᠡᠷᠢᠭᠦᠲᠡᠨ ᠢ᠋ ᠨᠣᠮ ᠤ᠋ᠨ ᠶᠣᠰᠣᠭᠠᠷ ᠲᠠᠯᠪᠢᠭ᠎ᠠ ᠪᠣᠯᠪᠠ ᠤᠤ?  ᠶᠠᠭᠠᠬᠢᠭ᠎ᠠ ᠪᠣᠯ? 
       - ᠮᠡᠳᠡᠬᠦ ᠶᠠᠭᠤᠮ᠎ᠠ ᠠᠯᠠᠭ᠎ᠠ!  ᠶᠠᠭᠠᠬᠢᠵᠤ ᠲᠡᠳᠡᠨ ᠢ᠋ ᠲᠠᠯᠪᠢᠬᠤ ᠶᠣᠰᠣᠲᠠᠢ ᠶᠤᠮ ᠪᠣᠯ? 
       - ᠳᠠᠰᡀᠦᠮᠪᠦ ᠶᠢᠨ ᠳ᠋ᠠᠴᠠᠩ ᠪᠦᠲᠦᠭᠡᠭᠰᠡᠨ ᠦ᠌ ᠬᠡᠪ ᠮᠠᠢᠭ ᠢ᠋ᠶ᠋ᠠᠷ ᠬᠣᠶᠠᠷ ᠭᠤᠷᠪᠠ ᠳᠠᠬᠢᠨ ᠪᠠᠭᠠᠰᠬᠠᠵᠤ ᠦᠢᠯᠡᠳᠬᠦ ᠶᠣᠰᠣᠲᠠᠢ᠃ ᠲᠡᠷᠡ ᠶ᠋ᠢ ᠴᠤ᠌ ᠪᠠᠷᠤᠭ ᠬᠢᠴᠢᠬᠡᠭᠰᠡᠨ ᠪᠠᠢᠯᠭᠦᠢ ᠳᠡ᠃ ᠪᠢ ᠡᠬᠢᠯᠡᠭᠡᠳ ᠣᠪᠣᠭ᠎ᠠ ᠶᠠᠪᠤᠭᠤᠯᠴᠢᠬᠠᠭᠰᠠᠨ ᠪᠠᠢᠭᠰᠠᠨ ᠶᠤᠮ ᠳᠠ᠃  
       - ᠲᠡᠷᠡ ᠶᠣᠰᠣᠭᠠᠷ ᠪᠠᠷᠢᠭᠰᠠᠨ ᠰᠢᠭ᠋ ᠪᠠᠢᠨ᠎ᠠ ᠯᠠᠢ!  
       - ᠵᠠ ᠲᠡᠭᠡᠵᠦ ᠤᠤ? ᠲᠠ ᠨᠠᠷ ᠪᠣᠳᠣᠭ ᠲᠦᠷᠬᠢᠴᠡ ᠨᠢᠳᠦ ᠭᠢᠯᠪᠠᠮ᠎ᠠ ᠭᠡᠵᠦ ᠶᠠᠷᠢᠪᠠ ᠤᠤ? ᠤᠤᠯ ᠨᠢ ᠲᠡᠢᠮᠦ ᠨᠢᠳᠦ ᠭᠢᠯᠪᠠᠮ᠎ᠠ ᠪᠠᠢᠮᠠᠷ ᠦᠭᠡᠢ ᠳᠡ᠃ ᠬᠥᠬᠡ᠂ ᠰᠢᠷ᠎ᠠ᠂ ᠤᠯᠠᠭᠠᠨ ᠳᠥᠷᠪᠡᠨ ᠵᠦᠢᠯ ᠥᠩᠭᠡᠨ ᠡᠴᠡ ᠭᠠᠵᠢᠬᠤ ᠤᠴᠢᠷ ᠦᠭᠡᠢ ᠶᠦᠮ᠃ ᠠᠯᠠᠭ ᠡᠷᠢᠶᠡᠨ ᠶᠦᠮ ᠤᠤ ᠭᠦᠨ ᠥᠩᠭᠡ ᠪᠡᠷ ᠦᠢᠯᠡᠳᠬᠦ ᠶᠣᠮᠰᠠᠨ ᠦᠭᠡᠢ᠃ ᠲᠡᠢᠮᠦ ᠠᠯᠠᠭ ᠡᠷᠢᠶᠡᠨ ᠪᠣᠯᠭᠠᠴᠢᠬᠠᠵᠤ ᠤᠤ? 
       - ᠦᠭᠡᠢ ᠶᠡᠷᠦ ᠨᠢ ᠠᠩᠬ᠎ᠠ ᠣᠷᠣᠭᠰᠠᠨ ᠪᠣᠯᠤᠭᠠᠳ ᠯᠠ ᠨᠢᠳᠦ ᠭᠢᠯᠪᠠᠭᠠᠳ ᠪᠠᠢᠭᠰᠠᠨ ᠪᠠᠢᠬᠤ᠃ ᠲᠡᠭᠦᠨ ᠡᠴᠡ ᠪᠢᠰᠢ ᠲᠡᠢᠮᠦ ᠴᠤ᠌ ᠶᠡᠬᠡ ᠠᠯᠠᠭ ᠡᠷᠢᠶᠡᠨ ᠪᠣᠯᠤᠭᠰᠠᠨ ᠢ᠋ ᠬᠠᠷᠠᠭᠰᠠᠨ ᠦᠭᠡᠢ ᠯᠡ ᠳᠡ᠃ ᠬᠠᠷᠢᠨ ᠬᠠᠭᠠᠯᠭ᠎ᠠ ᠨᠢ ᠯᠡ ᠶᠡᠬᠡ ᠡᠷᠢᠶᠡᠨ ᠬᠠᠷᠠᠭᠳᠠᠪᠠ ᠤᠤ ᠳᠠ?  
       - ᠠ ᠲᠡᠭᠡᠵᠦ ᠤᠤ? ᠲᠡᠳᠡ ᠨᠠᠷ ᠬᠠᠭᠠᠯᠭᠠᠨ ᠳ᠋ᠤ᠌ ᠢᠭᠴᠢᠰ᠂ ᠯᠠᠩᠨᠠᠳᠣᠷᠵᠢ ᠲᠡᠷᠢᠭᠦᠲᠡᠨ ᠦ᠌ ᠪᠡᠶ᠎ᠡ ᠶ᠋ᠢᠨ ᠵᠢᠷᠤᠭ ᠪᠦᠲᠦᠭᠡᠬᠦ ᠭᠡᠳ ᠵᠢᠳᠬᠦᠭᠡᠳ ᠪᠠᠢᠭᠰᠠᠨ ᠶᠤᠮ ᠳ᠋ᠠᠭ᠃ ᠶᠡᠷᠦ ᠨᠢ ᠬᠠᠭᠠᠯᠭ᠎ᠠ ᠶ᠋ᠢ ᠶᠠᠭᠠᠬᠢᠵᠤ ᠬᠢᠵᠦ ᠪᠣᠢ?  ᠤᠤᠯ ᠮᠣᠳᠣᠨ ᠪᠠᠷᠢᠶ᠎ᠠ ᠬᠥᠨᠳᠡᠯᠡᠨ ᠲᠠᠯᠪᠢᠵᠤ᠂ ᠬᠠᠴᠠᠷ ᠮᠣᠳᠣ ᠵᠠᠩᠭᠢᠳᠤᠨ ᠪᠦᠰᠡᠯᠡᠭᠦᠷ ᠬᠢᠵᠦ ᠶᠡᠬᠡ ᠵᠠᠮ ᠤ᠋ᠨ ᠬᠠᠭᠠᠯᠭ᠎ᠠ ᠶ᠋ᠢᠨ ᠳᠡᠭᠡᠳᠦ ᠳᠠᠪᠬᠤᠷᠯᠢᠭ ᠢ᠋ ᠲᠣᠭᠲᠠᠭᠠᠭᠰᠠᠨ ᠪᠠᠢᠭ᠎ᠠ ᠪᠢᠵᠡ? ᠡᠰᠡᠪᠡᠯ ᠳᠠᠪᠬᠤᠷ ᠬᠠᠭᠠᠯᠭ᠎ᠠ ᠶ᠋ᠢ ᠬᠣᠢᠰᠢ ᠨᠢ ᠨᠠᠯᠠᠭᠤᠯᠴᠢᠬᠠᠭᠰᠠᠨ ᠶᠤᠮ ᠪᠣᠯᠪᠠ ᠤᠤ?  
       - ᠮᠡᠳᠡᠬᠦ ᠦᠭᠡᠢ ᠶᠦᠮ ᠳᠡ᠃ ᠶᠠᠮᠠᠷ ᠴᠤ᠌ ᠭᠡᠰᠡᠨ ᠶᠡᠬᠡ ᠯᠡ ᠰᠦᠷ ᠲᠡᠢ ᠰᠡᠷᠡᠭᠡᠷ ᠰᠠᠢᠬᠠᠨ ᠬᠠᠭᠠᠯᠭ᠎ᠠ ᠲᠠᠢ ᠪᠠᠢᠭᠰᠠᠨ᠃ ᠶᠡᠬᠡ ᠴᠤ᠌ ᠥᠨᠳᠥᠷ ᠰᠦᠮ᠎ᠡ ᠪᠣᠯᠵᠤ ᠪᠢᠯᠡ!  
       - ᠥᠨᠳᠥᠷ ᠥᠷᠭᠡᠨ ᠦ᠌ ᠢᠯᠭᠠᠮᠵᠢ ᠨᠢ ᠶᠠᠮᠠᠷ ᠪᠣᠯᠤᠭ᠎ᠠ ᠪᠣᠯ ᠳᠠ! ᠲᠠᠪᠤᠨ ᠳᠠᠪᠬᠤᠷᠯᠢᠭ ᠪᠣᠯᠭᠠᠵᠤ ᠴᠢᠳᠠᠭᠰᠠᠨ ᠪᠣᠯᠪᠠ ᠤᠤ᠂ ᠦᠭᠡᠢ ᠪᠣᠯᠪᠠ ᠤᠤ? ᠰᠡᠷᠢᠭᠦᠨ ᠪᠠᠢᠰᠢᠩ ᠢ᠋ ᠰᠦᠮ᠎ᠡ ᠡᠴᠡ ᠬᠣᠶᠠᠷ ᠢ᠋ᠶ᠋ᠠᠷ ᠥᠨᠳᠥᠷ ᠦᠢᠯᠡᠳᠴᠦ ᠤᠤ᠂ ᠦᠭᠡᠢ ᠤᠤ?  
       - ᠮᠡᠳᠡᠬᠦ ᠦᠭᠡᠢ ᠶᠦᠮ ᠳᠡ᠃ ᠶᠡᠬᠡ ᠯᠡ ᠥᠨᠳᠥᠷ ᠪᠠᠢᠭᠰᠠᠨ᠃ ᠨᠡᠭᠡᠷᠡᠨ ᠨᠢᠭᠡ ᠭᠣᠩᠬᠣᠨ ᠨᠢ ᠶᠡᠬᠡ ᠯᠡ ᠢᠯᠭᠠᠷᠠᠨ ᠳᠡᠭᠡᠭᠰᠢ ᠪᠡᠨ ᠴᠣᠷᠣᠢᠭᠰᠠᠨ ᠮᠡᠲᠦ ᠪᠠᠢᠯ᠎ᠠ ᠤᠤ ᠳᠠ?  
       - ᠲᠡᠭᠡᠵᠦ ᠲᠠᠭᠠᠷᠠᠨ᠎ᠠ᠃ ᠲᠡᠭᠦᠨ ᠢ᠋ ᠤᠤᠯ ᠨᠢ ᠪᠣᠰᠬᠠᠬᠤ ᠳ᠋ᠤ᠌ ᠶᠡᠬᠡ ᠲᠦᠪᠡᠭ ᠲᠠᠢ ᠯᠠ ᠶᠤᠮᠰᠠᠨ᠃ ᠵᠠᠮᠢᠶᠠᠨᠰᠢᠳᠠᠪ ᠤ᠋ᠨ ᠬᠢ ᠪᠡᠷ ᠦᠢᠯᠡᠳᠪᠡᠯ ᠴᠤ᠌ ᠠᠮᠠᠷᠬᠠᠨ ᠪᠤᠰᠬᠠᠵᠤ ᠪᠣᠯᠤᠨ᠎ᠠ ᠯᠠ ᠳᠠ᠃ ᠵᠠ ᠲᠡᠢᠮᠦ ᠪᠠᠢᠵᠤ! ᠭᠡᠳ ᠰᠠᠨᠵᠢ ᠶ᠋ᠢ ᠴᠠᠰᠢ ᠶᠠᠭᠤᠮ᠎ᠠ ᠠᠰᠠᠭᠤᠬᠤ ᠪᠠᠨ ᠪᠣᠯᠢᠬᠤ ᠰᠢᠨᠵᠢ ᠲᠡᠢ ᠪᠣᠯᠵᠤ ᠡᠬᠢᠯᠡᠬᠦ ᠳ᠋ᠦ᠍ ᠨᠢ ᠬᠣᠶᠠᠷ ᠪᠢᠴᠢᠭᠡᠴᠢ ᠶᠡᠬᠡ ᠰᠠᠨᠳᠤᠷᠴᠤ᠂ ᠠᠮᠠ ᠪᠤᠯᠢᠶᠠᠯᠳᠤᠨ᠂  
       - ᠣᠷᠣᠢ ᠨᠢ ᠮᠥᠨ ᠰᠠᠢᠬᠠᠨ ᠪᠣᠯᠵᠠᠢ᠃ ᠭᠠᠭᠴᠠᠬᠠᠨ ᠵᠣᠪᠠᠬᠤ ᠶᠠᠭᠤᠮ᠎ᠠ ᠪᠣᠢ᠃ 《ᠰᠠᠢᠨ ᠬᠥᠮᠦᠨ ᠦ᠌ ᠨᠡᠷ᠎ᠡ ᠶ᠋ᠢ ᠮᠠᠭᠤ ᠬᠥᠮᠦᠨ᠂ ᠰᠠᠢᠬᠠᠨ ᠰᠦᠮ᠎ᠡ ᠶ᠋ᠢᠨ ᠨᠢᠷᠤᠭᠤ ᠶ᠋ᠢ ᠱᠠᠭᠠᠵᠠᠭᠠᠢ ᠰᠢᠪᠠᠭᠤ ᠪᠠᠭᠠᠰᠤᠳᠠᠨ᠎ᠠ》ᠭᠡᠬᠦ ᠰᠢᠭ ᠲᠡᠷᠡ ᠰᠠᠢᠬᠠᠨ ᠣᠷᠣᠢ ᠳ᠋ᠤ᠌ ᠨᠢ ᠰᠢᠪᠠᠭᠤ ᠨᠡᠯᠢᠶᠡᠳ ᠡᠭᠦᠷᠯᠡᠳᠡᠭ ᠪᠣᠯᠤᠯᠲᠠᠢ ᠭᠡᠪᠡ᠃ 
       - ᠥ ᠲᠡᠷᠡ ᠶᠠᠭᠠᠬᠢᠵᠤ ᠪᠣᠯᠬᠤ ᠪᠣᠢ? ᠬᠡᠷᠢᠶ᠎ᠡ᠂ ᠪᠢᠯᠵᠤᠤᠬᠠᠢ᠂  ᠬᠡᠭᠦᠷᠵᠡᠭᠡᠨ᠎ᠡ ᠰᠢᠪᠠᠭᠤᠨ ᠳ᠋ᠤ᠌ ᠦᠯᠦ ᠬᠥᠨᠥᠭᠡᠭᠳᠡᠬᠦ ᠶ᠋ᠢᠨ ᠲᠤᠯᠠᠳᠠ ᠰᠢᠪᠠᠭᠤᠨ ᠤ᠋  ᠲᠣᠣᠷ ᠬᠢᠬᠦ ᠤᠴᠢᠷᠲᠠᠢ᠃ ᠴᠠᠬᠢᠯᠳᠠᠭ᠂ ᠬᠥᠪᠥᠩ᠂ ᠡᠪᠡᠰᠦ ᠳᠠᠷᠠᠰᠤ᠂ ᠨᠣᠣᠰᠣ᠂ ᠳᠠᠪᠤᠤ ᠪᠠᠷ ᠰᠠᠢᠬᠠᠨ ᠲᠣᠣᠷ ᠦᠢᠯᠡᠳᠴᠦ᠂ ᠨᠡᠬᠡᠵᠦ ᠪᠣᠯᠤᠯ ᠦᠭᠡᠢ ᠶᠠᠭᠠᠬᠢᠬᠤ ᠪᠣᠢ ᠃ ᠲᠡᠮᠦᠷ ᠤᠲᠠᠰᠤ ᠪᠠᠷ ᠦᠢᠯᠡᠳᠬᠦ ᠪᠣᠯᠪᠠᠴᠤ ᠵᠢᠪᠡᠷᠡᠵᠦ ᠮᠠᠭᠤᠳᠠᠬᠤ ᠶᠣᠰᠣᠨ ᠪᠣᠢ ᠭᠡᠵᠦ ᠰᠠᠨᠵᠢ ᠴᠢᠩ ᠰᠡᠳᠬᠢᠯ ᠡᠴᠡ ᠪᠡᠨ ᠶᠠᠷᠢᠪᠠ᠃ 
       ᠬᠣᠶᠠᠷ ᠪᠢᠴᠢᠭᠡᠴᠢ ᠦᠭᠡ ᠦᠰᠦᠭ ᠠᠯᠠᠳᠠᠬᠤ ᠦᠭᠡᠢ ᠪᠢᠴᠢᠵᠦ ᠪᠠᠢᠯ᠎ᠠ᠃ ᠨᠢᠭᠡ ᠨᠢ ᠪᠢᠷ ᠢ᠋ᠶ᠋ᠡᠷ᠂ ᠨᠥᠭᠦᠭᠡ ᠨᠢ ᠬᠤᠯᠤᠰᠤᠨ ᠦᠵᠦᠭ ᠢ᠋ᠶ᠋ᠡᠷ ᠪᠢᠴᠢᠵᠦ ᠰᠠᠭᠤᠯ᠎ᠠ᠃  
       - ᠣᠷᠣᠢ ᠨᠢ ᠰᠠᠢᠬᠠᠨ ᠪᠣᠯᠵᠤ ᠭᠡᠵᠦ ᠲᠠ ᠨᠠᠷ ᠶᠠᠷᠢᠪᠠ ᠤᠤ?  ᠶᠠᠭᠤ ᠨᠢ ᠲᠡᠢᠮᠦ ᠰᠠᠨᠠᠭᠳᠠᠪᠠ?  ᠭᠡᠵᠦ ᠰᠠᠨᠵᠢ ᠲᠡᠰᠴᠦ ᠴᠢᠳᠠᠯ ᠦᠭᠡᠢ ᠠᠰᠠᠭᠤᠯ᠎ᠠ᠃ ᠣᠷᠣᠢ ᠶ᠋ᠢ ᠨᠢ ᠳᠠᠭᠤᠰᠬᠠᠨ ᠪᠠᠷᠢᠭᠰᠠᠨ ᠭᠡᠬᠦ ᠳ᠋ᠦ᠍ ᠲᠡᠷᠡ ᠰᠡᠵᠢᠭᠯᠡᠵᠦ ᠪᠠᠢᠭᠰᠠᠨ ᠲᠤᠯᠠ ᠡᠢᠨ ᠬᠦ᠌ ᠲᠣᠳᠣᠳᠬᠠᠨ ᠠᠰᠠᠭᠤᠵᠠᠢ᠃ ᠪᠢᠴᠢᠭᠡᠴᠢ ᠬᠣᠶᠠᠷ ᠴᠤ᠌ ᠡᠭᠦᠨ ᠢ᠋ ᠪᠠᠰᠠ ᠣᠢᠯᠠᠭᠠᠭᠠᠳ ᠠᠪᠴᠠᠢ᠃  《ᠣᠷᠣᠢ ᠶ᠋ᠢ ᠨᠢ ᠪᠠᠷᠢᠬᠤ ᠠᠷᠭ᠎ᠠ ᠶ᠋ᠢ ᠶᠠᠭᠠᠬᠢᠵᠤ ᠬᠡᠯᠡᠭᠦᠯᠵᠦ ᠠᠪᠬᠤ ᠪᠢᠯᠡ? ᠭᠣᠣᠯ ᠨᠢ ᠣᠷᠣᠢ ᠶ᠋ᠢ ᠨᠢ ᠬᠡᠷᠬᠢᠨ ᠪᠦᠲᠦᠭᠡᠬᠦ ᠲᠤᠬᠠᠢ ᠮᠡᠳᠡᠵᠦ ᠢᠷᠡᠬᠦ ᠶ᠋ᠢ ᠳᠠᠭᠠᠭᠠᠯᠭᠠᠭᠰᠠᠨ ᠪᠢᠵᠡ ᠳᠡ? ᠣᠳᠣ ᠪᠣᠯᠲᠠᠯ᠎ᠠ ᠬᠡᠯᠡᠭᠦᠯᠵᠦ ᠠᠪᠤᠭᠰᠠᠨ ᠶᠠᠭᠤᠮ᠎ᠠ ᠮᠠᠨᠢ ᠦᠨᠡᠨ ᠳ᠋ᠦ᠍ ᠪᠡᠨ ᠪᠠᠷᠤᠭ ᠬᠢᠭᠳᠡᠭᠡᠳ ᠪᠦᠲᠦᠴᠢᠬᠡᠭᠰᠡᠨ ᠯᠡ ᠵᠦᠢᠯ ᠪᠣᠯᠤᠨ᠎ᠠ᠃ ᠬᠡᠯᠡᠭᠦᠯᠵᠦ ᠠᠪᠤᠭᠰᠠᠨ ᠵᠦᠢᠯ ᠲᠡᠭᠡᠭᠡᠳ ᠬᠠᠩᠭᠠᠯᠲᠠᠲᠠᠢ ᠴᠤ᠌ ᠶᠤᠮ ᠤᠤ᠂ ᠦᠭᠡᠢ ᠴᠤ᠌ ᠶᠤᠮ ᠤᠤ᠂ ᠪᠠᠰᠠ ᠮᠡᠳᠡᠬᠦ ᠳ᠋ᠦ᠍ ᠪᠡᠷᠬᠡ᠃ ᠪᠤᠴᠠᠭᠠᠳ ᠣᠴᠢᠭᠰᠠᠨ ᠴᠢᠨᠢ ᠬᠡᠷᠡᠭ ᠲᠡᠢ ᠶᠠᠭᠤᠮ᠎ᠠ ᠣᠯᠵᠤ ᠢᠷᠡᠭᠡ ᠦᠭᠡᠢ ᠪᠠᠢᠨ᠎ᠠ ᠭᠡᠳ ᠡᠷᠭᠢᠭᠦᠯᠦᠭᠡᠳ ᠬᠥᠭᠡᠭᠡᠪᠡᠯ ᠶᠠᠭᠠᠬᠢᠨ᠎ᠠ᠃ ᠲᠡᠭᠡᠪᠡᠯ ᠴᠤ᠌ ᠡᠨᠡ ᠬᠣᠯᠠ ᠭᠠᠵᠠᠷ ᠳᠠᠬᠢᠨ ᠡᠷᠭᠢᠵᠦ ᠢᠷᠡᠬᠦ ᠭᠡᠵᠦ ᠲᠤᠷᠠᠵᠤ ᠦᠬᠦᠬᠦ ᠬᠡᠷᠡᠭ ᠭᠠᠷᠤᠨ᠎ᠠ ᠪᠠᠢᠬ᠎ᠠ ᠳᠠ᠃  ᠬᠦᠷᠦᠭᠡᠳ ᠢᠷᠡᠭᠰᠡᠨ ᠴᠢᠨᠢ ᠡᠨᠡ ᠬᠥᠮᠦᠨ ᠥᠭᠡᠳᠡ ᠪᠣᠯᠴᠢᠬᠠᠭᠰᠠᠨ ᠪᠠᠢᠬᠤ ᠶ᠋ᠢ ᠦᠭᠡᠢ ᠭᠡᠬᠦ ᠴᠤ᠌ ᠠᠷᠭ᠎ᠠ ᠦᠭᠡᠢ᠃ ᠲᠡᠭᠡᠪᠡᠯ ᠴᠤ᠌ ᠳᠡᠮᠴᠦᠭ ᠭᠠᠪᠵᠤ᠂ ᠳᠡᠮᠪᠡᠷᠢᠯ ᠭᠡᠰᠬᠦᠢ ᠶ᠋ᠢᠨ ᠭᠠᠷ ᠠ᠋ᠴᠠ ᠠᠮᠢᠳᠤ ᠭᠠᠷᠬᠤ ᠦᠭᠡᠢ ᠳᠡ》 ᠭᠡᠵᠦ ᠪᠢᠴᠢᠭᠡᠴᠢ ᠶ᠋ᠢᠨ ᠠᠬᠢᠮᠠᠭ ᠨᠠᠰᠤᠲᠠᠢ ᠨᠢ ᠲᠡᠷᠡ ᠬᠣᠭᠣᠷᠣᠨᠳᠣ ᠪᠣᠳᠣᠭᠠᠳ ᠠᠢᠳᠠᠰ ᠨᠢ ᠬᠦᠷᠦᠯ᠎ᠡ᠃ ᠲᠡᠭᠡᠲᠡᠯ᠎ᠡ ᠰᠠᠨᠵᠢ ᠥᠪᠡᠷ ᠢ᠋ᠶ᠋ᠡᠨ ᠠᠮᠠ ᠥᠷᠢᠰᠴᠦ ᠱᠠᠯ ᠥᠭᠡᠷ᠎ᠡ ᠶᠠᠭᠤᠮ᠎ᠠ ᠠᠰᠠᠭᠤᠪᠠ᠃  
       - ᠬᠤᠳᠳᠤᠭ ᠭᠠᠷᠭᠠᠬᠤ ᠶᠣᠰᠣᠲᠠᠢ ᠪᠠᠢᠭᠰᠠᠨ᠃ ᠲᠡᠷᠡ ᠶ᠋ᠢ ᠭᠠᠷᠭᠠᠭ᠎ᠠ ᠪᠣᠯᠪᠠ ᠤᠤ? ᠭᠡᠵᠦ ᠰᠠᠨᠵᠢ ᠰᠣᠨᠢᠷᠬᠠᠯ᠎ᠠ᠃ ᠰᠦᠮ᠎ᠡ ᠶ᠋ᠢᠨ ᠬᠠᠵᠠᠭᠤ ᠳ᠋ᠤ᠌ ᠬᠤᠳᠳᠤᠭ ᠭᠠᠷᠭᠠᠬᠤ ᠠ᠋ᠴᠠ ᠪᠣᠯᠵᠤ ᠪᠠᠰᠠ ᠯᠠ ᠠᠨᠠᠢᠬᠠᠨ ᠳᠡᠮᠴᠦᠭ ᠭᠠᠪᠵᠢ ᠲᠠᠢ ᠠᠮᠠ ᠮᠤᠷᠤᠢᠭᠰᠠᠨ ᠢ᠋ᠶ᠋ᠠᠨ ᠰᠠᠨᠵᠢ ᠡᠷᠭᠢᠨ ᠪᠣᠳᠣᠵᠠᠢ᠃       
     《ᠬᠤᠳᠳᠤᠭ ᠠ᠋ᠴᠠ ᠤᠰᠤ ᠠᠪᠬᠤ ᠴᠠᠭ ᠲᠤ᠌ ᠡᠬᠡᠨᠡᠷ ᠬᠥᠮᠦᠨ ᠤᠰᠤ ᠠᠪᠬᠤ ᠪᠠᠷ ᠢᠷᠡᠬᠦ ᠦᠶ᠎ᠡ ᠲᠡᠭᠦᠨ ᠳ᠋ᠦ᠍ ᠲᠠᠴᠢᠶᠠᠬᠤ ᠰᠡᠳᠬᠢᠯ ᠲᠥᠷᠥᠬᠦ ᠠᠪᠠᠰᠤ ᠪᠡᠶ᠎ᠡ ᠪᠡᠶ᠎ᠡ ᠶ᠋ᠢ ᠬᠠᠷᠠᠭᠳᠠᠭᠤᠯᠬᠤ ᠦᠭᠡᠢ ᠶ᠋ᠢᠨ ᠲᠤᠯᠠᠳᠠ ᠬᠠᠯᠬᠠᠪᠴᠢ ᠬᠡᠢ᠃ ᠭᠠᠷ ᠤ᠋ᠨ ᠨᠢ ᠠᠯᠭᠠᠨ ᠳᠣᠲᠣᠷ᠎ᠠ ᠤᠰᠤ ᠴᠢᠳᠬᠤᠨ ᠳᠦᠭᠦᠷᠭᠡᠵᠦ ᠡᠬᠡᠨᠡᠷ ᠢ᠋ ᠳᠠᠭᠠᠨ ᠳᠡᠭᠳᠡᠷᠡᠭᠡᠳ ᠤᠰᠤ ᠶ᠋ᠢ ᠦᠷᠭᠦᠯᠵᠢᠯᠡᠭᠦᠯᠦᠨ ᠴᠢᠳᠬᠤᠵᠤ ᠮᠠᠭᠠᠳ᠃ ᠲᠡᠢᠨ ᠪᠤᠤ ᠦᠢᠯᠡᠳ》 ᠭᠡᠵᠦ  ᠪᠤᠳᠢᠭ ᠭᠡᠳᠡᠭ ᠰᠤᠳᠤᠷ ᠲᠤ᠌ ᠪᠢᠴᠢᠭᠡᠰᠦᠲᠡᠢ ᠪᠠᠢᠳᠠᠭ ᠢ᠋ ᠶᠠᠭᠠᠬᠢᠭᠠᠳ ᠴᠤ᠌ ᠣᠯᠵᠤ ᠴᠡᠭᠡᠵᠢᠯᠡᠭᠰᠡᠨ ᠶᠦᠮ ᠪᠤᠤ ᠮᠡᠳᠡ᠃  ᠳᠡᠮᠴᠦᠭ ᠭᠠᠪᠵᠤ ᠮᠡᠳᠡᠳᠡᠭ ᠪᠠᠢᠯ᠎ᠠ᠃ ᠰᠠᠨᠵᠢ ᠶ᠋ᠢᠨ ᠲᠥᠰᠦᠯ ᠢ᠋ᠶ᠋ᠡᠷ ᠬᠤᠳᠳᠤᠭ ᠢ᠋ ᠬᠠᠭᠠᠯᠲᠠ ᠦᠭᠡᠢ ᠬᠢᠭᠰᠡᠨ ᠳ᠋ᠦ᠍ ᠲᠡᠷᠡ ᠭᠠᠪᠵᠤ ᠶᠡᠬᠡᠳᠡ ᠬᠢᠯᠢᠩᠨᠡᠨ ᠠᠭᠤᠷᠯᠠᠵᠤ᠂ ᠵᠠᠪᠬᠠᠢ ᠰᠡᠳᠬᠢᠯ ᠦ᠋ᠨ ᠦᠷ᠎ᠡ ᠪᠡᠷ ᠡᠢᠮᠦ ᠶᠠᠭᠤᠮ᠎ᠠ ᠪᠣᠯᠤᠯ᠎ᠠ ᠭᠡᠵᠦ ᠵᠢᠮᠡᠯᠡᠨ ᠬᠠᠭᠠᠯᠲᠠ ᠭᠠᠷᠭᠠᠬᠤ ᠶ᠋ᠢ ᠱᠠᠭᠠᠷᠳᠠᠭᠰᠠᠨ ᠪᠢᠯᠡ᠃ ᠭᠡᠪᠡᠴᠦ ᠬᠠᠭᠠᠯᠲᠠ ᠶ᠋ᠢ ᠰᠠᠨᠵᠢ ᠬᠢᠯᠭᠡᠭᠰᠡᠨ ᠦᠭᠡᠢ᠃ ᠡᠭᠦᠨ ᠳ᠋ᠦ᠍ ᠭᠠᠪᠵᠤ ᠠᠢᠬᠤᠪᠲᠤᠷ ᠬᠣᠷᠣᠰᠤᠨ ᠠᠭᠤᠷᠯᠠᠵᠤ ᠪᠠᠢᠯ᠎ᠠ᠃ 
       - ᠬᠤᠳᠳᠤᠭ ᠤ᠋ᠨ ᠲᠤᠬᠠᠢ ᠶᠠᠭᠤ ᠴᠤ᠌ ᠮᠡᠳᠡᠭᠰᠡᠨ ᠦᠭᠡᠢ ᠳᠡ! ᠭᠡᠵᠦ ᠪᠢᠴᠢᠭᠡᠴᠢ ᠶ᠋ᠢᠨ ᠨᠢᠭᠡ ᠨᠢ ᠬᠠᠷᠠᠮᠰᠠᠭᠰᠠᠨ ᠮᠠᠶᠢᠭᠲᠠᠢ ᠬᠠᠷᠢᠭᠤᠯᠵᠠᠢ᠃ 《ᠶᠠᠭᠠᠬᠢᠭᠠᠳ ᠬᠤᠳᠳᠤᠭ ᠤ᠋ᠨ ᠲᠤᠬᠠᠢ ᠠᠰᠠᠭᠤᠵᠤ ᠪᠠᠢᠭ᠎ᠠ ᠶᠤᠮ ᠪᠣᠯ ᠳᠠ ᠵᠠᠢᠯᠠᠭᠤᠯ! ᠡᠨᠳᠡ ᠤᠰᠤ ᠦᠭᠡᠢ ᠴᠦᠯ ᠳ᠋ᠦ᠍ ᠴᠠᠩᠭᠠᠵᠤ ᠵᠣᠪᠠᠵᠤ ᠪᠠᠢᠳᠠᠭ ᠶᠤᠮ ᠪᠠᠢᠬ᠎ᠠ ᠳᠠ᠃ ᠡᠷᠳᠡᠮ ᠲᠡᠭᠦᠰᠦᠭᠰᠡᠨ ᠰᠠᠢᠬᠠᠨ ᠯᠠᠮᠠ ᠢᠷᠡᠵᠦ ᠪᠢᠯᠡ᠃ ᠲᠡᠭᠡᠭᠡᠳ ᠬᠠᠷᠠᠭ᠎ᠠ ᠮᠡᠯᠮᠡᠢ ᠶ᠋ᠢ ᠨᠢ ᠬᠥᠨᠥᠭᠡᠭᠡᠳ ᠡᠨᠡ ᠬᠣᠯᠠ ᠭᠠᠵᠠᠷ ᠶᠠᠭᠤᠨ ᠤ᠋ ᠤᠴᠢᠷ ᠴᠥᠯᠡᠴᠢᠬᠡᠳᠡᠭ ᠪᠠᠢᠨ᠎ᠠ ? ᠬᠥᠮᠦᠨ ᠭᠡᠳᠡᠭ ᠬᠡᠴᠡᠭᠦᠦ ᠠᠮᠢᠲᠠᠨ  ᠶᠤᠮ ᠳᠠ᠃ ᠨᠢᠭᠡ ᠨᠢᠭᠡᠨ ᠳ᠋ᠦ᠍ ᠪᠡᠨ ᠢᠩᠭᠢᠵᠦ ᠳᠠᠢᠰᠤᠩᠨᠠᠭᠠᠳ ᠶᠠᠭᠤ ᠬᠢᠨ᠎ᠡ?》 ᠭᠡᠵᠦ ᠪᠢᠴᠢᠭᠡᠴᠢ ᠶ᠋ᠢᠨ ᠠᠬᠢᠮᠠᠭ ᠨᠠᠰᠤᠨ ᠤ᠋ ᠨᠢᠭᠡ ᠨᠢ ᠭᠠᠩᠰᠠᠷᠠᠨ ᠪᠣᠳᠣᠵᠤ ᠳᠠᠭᠤ ᠦᠭᠡᠢ ᠰᠠᠭᠤᠲᠠᠯ᠎ᠠ ᠵᠠᠯᠠᠭᠤ ᠪᠢᠴᠢᠭᠡᠴᠢ ᠲᠡᠭᠦᠨ ᠳ᠋ᠦ᠍ ᠨᠢᠳᠦ ᠪᠡᠷ ᠢ᠋ᠶ᠋ᠡᠨ ᠳᠣᠬᠢᠶ᠎ᠠ ᠥᠭᠴᠦ 《ᠠᠰᠠᠭᠤᠭᠠᠴᠢ!》 ᠭᠡᠵᠦ ᠱᠠᠭᠠᠷᠳᠠᠯ᠎ᠠ᠃ 
       - ᠰᠦᠮ᠎ᠡ ᠶ᠋ᠢᠨ ᠣᠷᠣᠢ ᠳᠡᠭᠡᠷ᠎ᠡ ᠨᠢᠭᠡ ᠬᠠᠴᠢᠨ ᠤᠷᠲᠤ ᠨᠠᠷᠢᠬᠠᠨ ᠵᠠᠨᠴᠢᠡᠭ ᠰᠢᠭ ᠶᠠᠭᠤᠮ᠎ᠠ ᠪᠣᠰᠬᠠᠴᠢᠬᠠᠭᠰᠠᠨ ᠬᠠᠷᠠᠭᠳᠠᠨ᠎ᠠ ᠪᠢᠯᠡ᠃ ᠲᠡᠷᠡ ᠶᠠᠭᠤᠨ ᠤᠴᠢᠷ ᠲᠠᠢ ᠶᠤᠮ ᠪᠣᠯ ᠠ᠋? ᠭᠡᠵᠦ ᠡᠪᠦᠭᠡᠨ ᠪᠢᠴᠢᠭᠡᠴᠢ ᠬᠠᠰᠢᠷ ᠢ᠋ᠶ᠋ᠠᠷ ᠢ᠋ᠶ᠋ᠠᠨ ᠬᠤᠳᠠᠯ ᠶᠠᠭᠤᠮ᠎ᠠ ᠵᠣᠬᠢᠶᠠᠨ ᠶᠠᠷᠢᠯ᠎ᠠ᠃ ᠲᠡᠭᠡᠭᠡᠳ ᠲᠡᠷᠡ ᠦᠭᠡ ᠨᠢ ᠤᠨᠤᠭᠰᠠᠨ ᠪᠣᠯᠤᠯᠲᠠᠢ᠃ ᠰᠠᠨᠵᠢ ᠢᠷᠪᠠᠢᠨ ᠳᠤᠷ᠎ᠠ ᠦᠭᠡᠢᠴᠡᠵᠦ᠂  
       - ᠶᠠᠭᠤᠨ ᠵᠠᠨᠴᠠᠡᠭ ᠪᠣᠢ? ᠰᠦᠮ᠎ᠡ ᠶ᠋ᠢᠨ ᠣᠷᠣᠢ ᠳᠡᠭᠡᠷ᠎ᠡ ᠤᠤ ᠳᠠ ᠣᠳᠣ! ᠲᠡᠢᠮᠦ ᠶᠠᠭᠤᠮ᠎ᠠ ᠬᠢᠬᠦ ᠤᠴᠢᠷ ᠦᠭᠡᠢ᠃ ᠠᠶ᠎ᠠ ᠦᠭᠡᠢ ᠪᠣᠯ  ᠳᠡᠮᠴᠦᠭ ᠭᠠᠪᠵᠤ ᠰᠡᠴᠡᠷᠬᠡᠭᠡᠳ ᠯᠡ ᠬᠠᠴᠢᠨ ᠶᠠᠭᠤᠮ᠎ᠠ ᠬᠢᠯᠭᠡᠭᠰᠡᠨ ᠪᠠᠢᠵᠤ ᠲᠠᠭᠠᠷᠠᠨ᠎ᠠ᠃ ᠬᠠᠢᠷᠠᠨ ᠰᠦᠮ᠎ᠡ ᠶ᠋ᠢ ᠭᠤᠲᠤᠭᠠᠭᠰᠠᠨ ᠪᠠᠢᠬ᠎ᠠ ᠠ᠋ ᠳᠠ? ᠭᠡᠵᠦ ᠠᠰᠠᠭᠤᠯ᠎ᠠ᠃ 
       - ᠮᠡᠳᠡᠬᠦ ᠦᠭᠡᠢ ᠶᠦᠮ ᠳᠡ! ᠣᠰᠣᠯᠳᠠᠬᠤ ᠦᠭᠡᠢ ᠯᠡ ᠲᠡᠢᠮᠦᠷᠬᠦ ᠶᠠᠭᠤᠮ᠎ᠠ ᠦᠵᠡᠭᠰᠡᠨ ᠭᠡᠵᠦ ᠪᠢᠴᠢᠭᠡᠴᠢ ᠬᠡᠯᠡᠪᠡ᠃ 
       - ᠲᠤᠯᠭᠠᠭᠤᠷᠢ ᠶ᠋ᠢᠨ ᠨᠤᠮᠤ ᠨᠤᠭᠤᠳ ᠤ᠋ᠨ ᠳᠡᠭᠡᠭᠦᠷ ᠭᠣᠣᠯ ᠳᠤᠮᠳᠠᠬᠢ ᠵᠠᠩᠬᠠᠨ ᠲᠡᠷᠢᠭᠦᠲᠡᠨ ᠦ᠌ ᠨᠢᠷᠤᠭᠤ ᠶ᠋ᠢ ᠣᠯᠠᠨ ᠨᠢᠳᠦ ᠭᠠᠷᠭᠠᠨ ᠲᠠᠯᠪᠢᠵᠤ᠂ ᠠᠰᠠᠷ ᠲᠡᠷᠢᠭᠦᠲᠡᠨ ᠳ᠋ᠦ᠍ ᠵᠦᠭ ᠲᠣᠰᠪᠣᠷᠢ ᠳ᠋ᠤ᠌ ᠨᠢᠷᠤᠭᠤ ᠵᠣᠬᠢᠴᠠᠭᠤᠯᠤᠨ ᠲᠠᠯᠪᠢᠬᠤ ᠤᠴᠢᠷᠲᠠᠢ᠃ ᠲᠡᠭᠦᠨ ᠦ᠌ ᠳᠡᠭᠡᠷ᠎ᠡ ᠣᠨᠢ ᠶ᠋ᠢᠨ ᠲᠣᠯᠣᠭᠠᠢ ᠪᠥᠭᠰᠡ ᠶ᠋ᠢ ᠰᠣᠯᠢᠨ ᠲᠠᠯᠪᠢᠵᠤ ᠣᠨᠢᠨ ᠤ᠋ ᠪᠦᠷᠬᠦᠭᠦᠯ ᠰᠡᠯᠲᠡ ᠶ᠋ᠢ ᠲᠣᠬᠣᠭᠠᠳ ᠳᠡᠭᠡᠷ᠎ᠡ ᠨᠢ ᠰᠢᠷᠠᠮᠳᠠᠭ ᠮᠣᠳᠣ ᠲᠠᠯᠪᠢᠬᠤ ᠶᠣᠰᠣᠲᠠᠢ᠃ ᠲᠡᠢᠮᠦ ᠮᠠᠶᠢᠭ ᠢ᠋ᠶ᠋ᠠᠷ ᠬᠢᠵᠦ ᠤᠤ᠂ ᠦᠭᠡᠢ ᠤᠤ? ᠭᠡᠵᠦ ᠰᠠᠨᠵᠢ ᠠᠰᠠᠭᠤᠯ᠎ᠠ᠃ 
       - ᠮᠡᠳᠡᠬᠦ ᠦᠭᠡᠢ ᠶᠦᠮ ᠳᠡ᠃  ᠲᠡᠢᠮᠦᠷᠬᠦ ᠪᠠᠢᠭᠰᠠᠨ ᠯᠠ ᠪᠠᠢᠬ᠎ᠠ ᠳᠠ! ᠭᠡᠵᠦ ᠪᠢᠴᠢᠭᠡᠴᠢ ᠬᠡᠯᠡᠬᠦ ᠳ᠋ᠦ᠍ ᠰᠠᠨᠵᠢ ᠡᠷᠡᠭᠡᠯᠵᠡᠨ ᠭᠠᠢᠬᠠᠵᠤ᠂   
       - ᠰᠢᠷᠠᠮᠳᠠᠭ ᠮᠣᠳᠣᠨ ᠤ᠋ ᠳᠡᠭᠡᠷ᠎ᠡ ᠁ ᠭᠡᠵᠦ ᠬᠡᠯᠡᠲᠡᠯ᠎ᠡ ᠲᠡᠷᠡ ᠦᠭᠡ ᠶ᠋ᠢ ᠪᠢᠴᠢᠵᠦ ᠪᠠᠢᠭᠰᠠᠨ ᠵᠠᠯᠠᠭᠤ ᠪᠢᠴᠢᠭᠡᠴᠢ ᠶ᠋ᠢᠨ ᠬᠤᠯᠤᠰᠤᠨ ᠦᠵᠦᠭ ᠴᠠᠭᠠᠰᠤᠨ ᠳᠡᠭᠡᠷ᠎ᠡ ᠭᠡᠨᠡᠳᠲᠡ ᠴᠢᠬᠢᠷᠡᠨ ᠳᠤᠤᠭᠠᠷᠤᠯ᠎ᠠ᠃  ᠦᠭᠡ ᠶ᠋ᠢ ᠨᠢ ᠪᠢᠴᠢᠵᠦ ᠠᠪᠴᠤ ᠪᠠᠢᠭᠰᠠᠨ ᠢ᠋ ᠲᠡᠷᠡ ᠳᠣᠣᠷ᠎ᠠ ᠪᠠᠨ ᠣᠢᠯᠠᠭᠠᠭᠰᠠᠨ ᠰᠠᠨᠵᠢ ᠶ᠋ᠢᠨ ᠴᠢᠷᠠᠢ ᠪᠠᠷᠤᠰᠬᠢᠨ ᠬᠤᠪᠢᠷᠠᠵᠤ ᠣᠭᠴᠣᠮ ᠪᠣᠰᠤᠭᠠᠳ᠂  
       - ᠠ ᠲᠠᠨᠤᠰ ᠲᠡᠭᠡᠨ᠎ᠡ ᠪᠣᠢ! ᠭᠡᠵᠦ ᠬᠠᠰᠬᠢᠷᠤᠭᠠᠳ ᠲᠠᠶᠠᠭ ᠢ᠋ᠶ᠋ᠠᠷ ᠢ᠋ᠶ᠋ᠠᠨ ᠪᠢᠴᠢᠭᠡᠴᠢ ᠨᠠᠷ ᠢ᠋ ᠴᠣᠬᠢᠵᠤ ᠬᠥᠭᠡᠭᠡᠬᠦ ᠪᠡᠷ ᠤᠷᠤᠯᠳᠤᠨ ᠤᠬᠤᠰᠬᠢᠲᠡᠯ᠎ᠡ  ᠬᠠᠷᠮᠠᠭ ᠤ᠋ᠨ ᠪᠤᠲᠠᠨ ᠳ᠋ᠤ᠌ ᠲᠡᠭᠡᠭᠯᠡᠵᠦ ᠣᠢᠴᠢᠯ᠎ᠠ ᠁

          ᠬᠢᠨᠠᠭᠴᠢ᠄ ᠲᠦᠮᠡᠨᠴᠡᠴᠡᠭ