ᠬᠠᠨ ᠮᠤᠨᠠ ᠶᠢᠨ ᠰᠡᠭᠦᠷᠡᠰᠦ < ᠳᠡᠭᠡᠳᠦ > – ᠮᠥᠩᠬᠡ ᠵᠣᠬᠢᠶᠠᠪᠠ ᠂ ᠲᠡᠷᠢᠭᠦᠨ ᠪᠣᠲᠢ – ᠨᠢᠭᠡᠳᠦᠭᠡᠷ ᠪᠦᠯᠦᠭ <ᠨᠠᠢ᠍ᠮᠠ> Хан мунын сүүрс < дээд > – Мөнх зохиоов ᠂ Тэргүүн бодь – Нэгдүгээр бүлэг <8>
ᠲᠡᠷᠢᠭᠦᠨ ᠪᠣᠲᠢ – ᠨᠢᠭᠡᠳᠦᠭᠡᠷ ᠪᠦᠯᠦᠭ <ᠨᠠᠢ᠍ᠮᠠ>
— ᠵᠠ᠂ ᠠᠮᠤᠷ ᠰᠠᠢᠨ ᠤᠤ?
— ᠰᠠᠢᠨ ᠰᠠᠢᠨ᠂ ᠲᠠ ᠨᠠᠷ ᠰᠠᠢᠨ ᠶᠠᠪᠤᠵᠠᠭᠠᠵᠤ ᠪᠠᠢᠨ᠎ᠠ ᠤᠤ?
— ᠪᠣᠷᠣᠭᠠᠨ ᠬᠤᠷ᠎ᠠ ᠡᠯᠪᠡᠭ ᠲᠠᠢ ᠰᠠᠢᠬᠠᠨ ᠬᠠᠪᠤᠷᠵᠢᠵᠤ ᠪᠠᠢᠨ᠎ᠠ ᠤᠤ?
— ᠰᠠᠢᠨ!
ᠢᠷᠡᠭᠰᠡᠨ ᠬᠣᠶᠠᠷ ᠵᠣᠴᠢᠨ ᠭᠡᠷ ᠲᠦ ᠲᠥᠬᠥᠵᠦ ᠢᠷᠡᠭᠡᠳ ᠨᠣᠬᠠᠢ ᠬᠣᠷᠢᠵᠤ ᠵᠣᠭᠰᠣᠭᠰᠠᠨ ᠭᠡᠷ ᠦᠨ ᠡᠵᠡᠭᠲᠡᠢ ᠯᠦ᠋ᠭᠡ ᠡᠪᠦᠳᠦᠭ ᠰᠥᠬᠥᠷᠡᠨ ᠠᠮᠤᠷ ᠡᠷᠢᠵᠤ ᠮᠡᠨᠳᠦᠯᠡᠪᠡ᠃ ᠭᠡᠷ ᠦ᠋ᠨ ᠡᠵᠡᠭᠲᠡᠢ᠄
— ᠵᠠ᠂ ᠲᠣᠲᠤᠭᠰᠢ ᠰᠠᠭᠠᠲᠠ! ᠭᠡᠬᠦ ᠳᠦ ᠱᠤᠤᠮᠠᠰᠠ᠂ ᠭᠠᠨᠵᠤᠭ᠎ᠠ ᠳᠠᠯᠢᠩ ᠳᠣᠬᠣᠢᠪᠴᠢᠯᠠᠭᠰᠠᠨ ᠥᠯᠥ᠍ ᠲᠠᠨᠢᠬᠤ ᠬᠣᠶᠠᠷ ᠬᠠᠷ᠎ᠠ ᠬᠥᠮᠥᠨ ᠭᠡᠷ ᠲᠦ ᠣᠷᠣᠪᠠ᠃
ᠠᠮᠠᠷᠠᠭ ᠬᠥᠮᠥᠨ ᠮᠢᠨᠢ ᠢᠷᠡᠵᠦ ᠶᠠᠪᠤᠭ᠎ᠠ ᠭᠡᠵᠦ ᠠᠨᠳᠠᠭᠤᠷᠠᠵᠤ ᠰᠡᠳᠬᠢᠯ ᠴᠠᠯᠭᠢᠨ ᠪᠠᠶᠠᠷ ᠭᠣᠮᠣᠳᠠᠯ ᠤᠨ ᠨᠢᠯᠪᠤᠰᠤ ᠪᠠᠨ ᠳᠡᠰᠭᠡᠯ ᠦᠭᠡᠢ ᠠᠰᠬᠠᠷᠠᠭᠤᠯᠤᠭᠰᠠᠨ ᠬᠤᠪᠢᠯᠴᠡᠴᠡᠭ ᠢᠭᠲᠦᠯᠦᠭᠰᠡᠨ ᠰᠡᠳᠬᠢᠯ ᠢ᠋ᠶ᠋ᠡᠨ ᠵᠠᠰᠠᠵᠤ ᠡᠨᠡ ᠬᠣᠶᠠᠷ ᠦᠯᠦ ᠲᠠᠨᠢᠬᠤ ᠵᠣᠴᠢᠨ ᠳᠤ ᠴᠠᠢ ᠠᠶᠠᠭᠠᠯᠠᠵᠤ ᠢᠳᠡᠭᠡ ᠪᠤᠳᠠᠭ᠎ᠠ ᠲᠠᠯᠪᠢᠬᠤ ᠪᠠᠷ ᠶᠠᠭᠠᠷᠠᠨ᠎ᠠ᠃
ᠬᠠᠮᠢᠭ᠎ᠠ ᠬᠣᠯᠠ ᠵᠢᠷᠪᠡᠯᠵᠡᠵᠦ ᠠᠢᠰᠤᠢ ᠮᠣᠷᠢᠲᠠᠢ ᠬᠥᠮᠥᠨ ᠦ ᠪᠠᠷ᠎ᠠ ᠬᠠᠷᠠᠨ ᠬᠣᠪᠣᠩ ᠳᠡᠭᠡᠷ᠎ᠡ ᠪᠡᠨ ᠭᠠᠤᠯᠢᠨ ᠳᠡᠪᠦᠷ᠎ᠡ ᠲᠠᠢ ᠴᠠᠢ ᠲᠠᠯᠪᠢᠵᠤ ᠳᠠᠷᠭᠢᠯᠤᠭᠤᠯᠤᠭᠰᠠᠭᠠᠷ ᠪᠠᠢᠵᠤ ᠢᠳᠡᠭᠡᠰᠢᠬᠦ ᠡᠴᠡ ᠪᠡᠨ ᠴᠠᠭᠠᠰᠢ ᠪᠣᠯᠣᠭᠰᠠᠨ ᠤᠯᠠᠭᠠᠨ ᠬᠦᠷᠡᠩ ᠴᠠᠢ ᠠᠶᠠᠭᠠᠯᠠᠵᠤ ᠢᠷᠡᠭᠰᠡᠨ ᠵᠣᠴᠢᠳ ᠲᠤ ᠪᠠᠷᠢᠪᠠᠯ ᠥᠨᠳᠥᠷ ᠰᠢᠭ ᠪᠡᠶ᠎ᠡ ᠲᠠᠢ᠂ ᠵᠤᠷᠪᠤᠰ ᠨᠠᠷᠢᠨ ᠰᠠᠬᠠᠯ ᠢ ᠤᠷᠤᠭᠤᠯ ᠴᠢᠮᠡᠵᠦ ᠵᠠᠰᠠᠭᠰᠠᠨ ᠨᠢᠭᠡ ᠨᠢ ᠠᠶᠠᠭᠠᠯᠠᠭᠰᠠᠨ ᠴᠠᠢ ᠠᠴᠠ ᠣᠭᠣᠴᠢᠭᠠᠳ᠄
— ᠵᠦᠳᠡᠭ ᠰᠠᠢᠬᠠᠨ ᠴᠠᠢ ᠪᠠᠢᠩᠭᠤᠨ ᠴᠣᠬᠣᠮ ᠴᠤ᠌ ᠨᠢᠭᠡ 《 ᠡᠯᠵᠢᠭᠡ ᠰᠢᠪᠠᠷᠳᠠᠵᠤ᠂ ᠡᠵᠢ ᠰᠠᠨᠠᠭᠳᠠᠮᠠ ᠴᠠᠢ ᠪᠠᠢᠬᠤ ᠰᠢᠦ ᠭᠡᠳ ᠶᠡᠬᠡ ᠵᠤᠤ ᠶᠢᠨ ᠠᠶᠠᠯᠭᠤ ᠳᠠᠭᠤᠷᠢᠶᠠᠨ ᠡᠳ᠋ ᠦᠭᠡᠢᠯᠡᠨ ᠳᠤᠤᠭᠠᠷᠴᠤ ᠰᠠᠨᠠᠭᠠᠨ ᠳ᠋ᠤᠨᠢ ᠲᠠᠭᠠᠷᠠᠭᠰᠠᠨ ᠰᠠᠢᠬᠠᠨ ᠴᠠᠢ ᠠᠮᠰᠠᠨ ᠲᠠᠮᠰᠢᠶᠠᠯᠠᠵᠤ ᠪᠠᠢᠯ᠎ᠠ᠃
ᠰᠡᠳᠬᠢᠯ ᠦᠨ ᠠᠮᠠᠷᠠᠭ ᠲᠠᠭᠠᠨ ᠬᠠᠯᠠᠭᠤᠨ ᠪᠦᠯᠢᠶᠡᠨ ᠰᠠᠢᠬᠠᠨ ᠴᠠᠢ ᠪᠠᠨ ᠠᠮᠰᠠᠭᠤᠯᠬᠤ ᠨᠢ ᠪᠦᠰᠡᠭᠦᠢ ᠬᠥᠮᠥᠨ ᠦ ᠵᠢᠷᠭᠠᠯ ᠭᠡᠵᠦ ᠰᠠᠨᠠᠨ ᠬᠤᠪᠢᠯᠴᠡᠴᠡᠭ ᠭᠦᠯᠢᠶᠡᠭᠰᠡᠨ ᠬᠥᠮᠥᠨ ᠢᠶᠡᠨ ᠬᠥᠷᠥᠭᠡᠳ ᠢᠷᠡᠳᠡᠭ ᠴᠤ᠌ ᠪᠢᠯᠡ ᠤᠤ ᠭᠡᠵᠦ ᠡᠳᠦᠷ ᠪᠦᠷᠢ ᠬᠣᠪᠣᠩ ᠮᠠᠨᠠᠵᠤ ᠴᠠᠢ ᠪᠦᠯᠢᠶᠡᠨ ᠪᠠᠢᠯᠭᠠᠳᠠᠭ ᠠᠵᠢ᠃ ᠭᠠᠵᠠᠷ ᠠ᠋ᠴᠠ ᠤᠢᠭᠰᠠᠨ ᠴᠡᠩᠬᠡᠷ ᠵᠡᠷᠭᠡᠯᠭᠡᠨ ᠢ ᠤᠢᠮᠤᠵᠤ ᠰᠣᠨᠤᠩᠬᠠᠢ ᠰᠢᠷ᠎ᠠ ᠥᠯᠥᠨ ᠬᠠᠪᠤᠷ ᠤ᠋ᠨ ᠡᠳᠦᠷ ᠴᠤ᠌ ᠭᠡᠰᠡᠨ ᠮᠣᠩᠭᠣᠯ ᠬᠥᠮᠦᠨ ᠶᠡᠷᠦ ᠡᠴᠡ ᠢᠷᠡᠭᠰᠡᠨ ᠵᠣᠴᠢᠨ ᠳ᠋ᠠᠭᠠᠨ ᠴᠠᠢ ᠠᠶᠠᠭᠠᠯᠠᠵᠤ ᠴᠠᠭ᠎ᠠ ᠠᠮᠰᠠᠭᠤᠯᠳᠠᠭ ᠰᠠᠢᠬᠠᠨ ᠳᠠᠳᠬᠠᠯ ᠲᠠᠢ ᠶ᠋ᠢᠨ ᠬᠤᠪᠢ ᠳ᠋ᠤ᠌᠂ ᠢᠷᠡᠭᠰᠡᠨ ᠦᠯᠦ ᠲᠠᠨᠢᠬᠤ ᠭᠡᠢᠴᠢᠨ ᠳ᠋ᠡᠭᠡᠨ ᠴᠠᠢ ᠠᠶᠠᠭᠠᠯᠠᠵᠤ ᠦᠭᠭᠦᠭᠰᠡᠨ ᠢ᠋ ᠡᠨᠡ ᠲᠤᠷᠠᠩᠬᠠᠢ ᠭᠣᠵᠣᠯᠵᠠᠭᠰᠠᠨ ᠡᠷ᠎ᠡ ᠵᠦᠳᠡᠭ ᠰᠠᠢᠬᠠᠨ ᠴᠠᠢ ᠁ ᠡᠯᠵᠢᠭᠡ ᠰᠢᠪᠠᠷᠳᠠᠭᠰᠠᠨ ᠴᠠᠢ ᠁ 》 ᠭᠡᠳᠡᠭ ᠨᠢ ᠲᠡᠭᠦᠨ ᠳ᠋ᠦ᠍ ᠢᠯᠵᠢᠷᠡᠭᠰᠡᠨ ᠬᠠᠷ᠎ᠠ ᠴᠠᠢ ᠤᠤᠭᠤᠯᠭᠠᠯᠠ ᠭᠡᠰᠡᠨ ᠪᠣᠯᠣᠨ ᠤᠮᠳᠠᠭᠠᠰᠤᠭᠰᠠᠨ ᠬᠥᠮᠥᠨ ᠳᠦ ᠤᠮᠳᠠ ᠪᠣᠯᠣᠮᠠ ᠰᠠᠢᠬᠠᠨ ᠢᠳᠡᠭᠡᠰᠢᠭ ᠴᠠᠢ ᠠᠶᠠᠭᠠᠯᠠᠵᠤ ᠥᠭᠭᠦᠯ᠎ᠡ᠂ ᠭᠡᠰᠡᠨ ᠬᠣᠶᠠᠷ ᠤ᠋ᠨ ᠠᠯᠢᠨ ᠪᠣᠯᠬᠤ ᠶ᠋ᠢᠨ ᠲᠥᠬᠥᠭᠡ ᠤᠴᠢᠷ ᠢ ᠨᠢ ᠣᠯᠣᠭᠰᠠᠨ ᠦᠭᠡᠢ᠃ ᠠᠢᠯ ᠤ᠋ᠨ ᠪᠦᠰᠡᠭᠦᠢ ᠶ᠋ᠢᠨ ᠴᠠᠢ ᠶ᠋ᠢ ᠨᠢ ᠠᠮᠰᠠᠮᠠᠭᠴᠠ ᠪᠠᠨ ᠦᠭᠡ ᠥᠳᠥᠭᠡᠵᠦ ᠮᠠᠭᠠᠰᠠᠭᠠᠨᠠᠵᠤ ᠪᠠᠢᠭ᠎ᠠ ᠲᠡᠷᠡ ᠡᠷ᠎ᠡ ᠶ᠋ᠢ ᠬᠤᠪᠢᠯᠴᠡᠴᠡᠭ ᠲᠣᠲᠣᠷ᠎ᠠ ᠪᠠᠨ ᠭᠣᠯᠣᠭᠰᠠᠨ ᠪᠣᠯᠪᠠᠴᠤ ᠭᠡᠷ ᠲᠡᠭᠡᠨ ᠢᠷᠡᠭᠰᠡᠨ ᠭᠡᠢᠴᠢᠨ ᠢ᠋ ᠶᠠᠭᠠᠬᠢᠯᠲᠠᠢ ᠪᠣᠢ ᠭᠡᠵᠦ ᠪᠣᠳᠣᠭᠠᠳ ᠳᠤᠭᠤᠢ ᠥᠩᠭᠡᠷᠡᠭᠡᠪᠡ᠃
ᠡᠨᠡ ᠥᠨᠳᠥᠷᠬᠡᠨ ᠪᠡᠶ᠎ᠡ ᠲᠡᠢ ᠲᠤᠷᠠᠩᠬᠠᠢᠪᠲᠤᠷ ᠭᠣᠵᠣᠯᠵᠠᠭᠰᠠᠨ ᠡᠷ᠎ᠡ ᠵᠠ ᠨᠡᠷ᠎ᠡ ᠰᠣᠯᠣᠭᠠᠢ ᠨᠠᠮᠵᠢᠯ᠃ ᠤᠷᠠᠳ ᠤ᠋ᠨ ᠪᠠᠷᠠᠭᠤᠨ ᠬᠦᠩ ᠦ᠋ᠨ ᠠᠯᠲᠠᠴᠢᠨ ᠣᠪᠣᠭ ᠲᠠᠢ ᠬᠥᠮᠦᠨ᠃ ᠭᠤᠴᠢ ᠡᠷᠭᠢᠮ᠎ᠡ ᠨᠠᠰᠤᠨ ᠤ᠋ ᠣᠪᠣᠷ ᠲᠠᠢ᠂ ᠦᠭᠡ ᠬᠠᠮᠠᠷ ᠲᠠᠭᠠᠨ ᠰᠠᠢᠨ᠂ ᠬᠣᠱᠣᠩ ᠱᠣᠭᠴᠢ᠂ ᠰᠡᠷᠳ᠋ ᠭᠡᠬᠦ ᠶ᠋ᠢ ᠠᠨᠳᠠᠳᠠᠭ ᠦᠭᠡᠢ ᠰᠡᠷᠭᠦᠯᠡᠩ ᠪᠠᠢᠷᠢ ᠶ᠋ᠢᠨ ᠡᠷ᠎ᠡ ᠪᠢᠯᠡ᠃ ᠬᠣᠯᠠ ᠭᠠᠵᠠᠷ ᠬᠥᠮᠦᠨ ᠦ᠌ ᠨᠤᠲᠤᠭ ᠢ᠋ᠶ᠋ᠠᠷ ᠶᠠᠪᠤᠬᠤ ᠳ᠋ᠠᠭᠠᠨ ᠥᠪᠡᠷ ᠢ᠋ ᠪᠡᠨ ᠣᠷᠳᠣᠰ ᠴᠢᠭᠤᠯᠭᠠᠨ ᠤ᠋ ᠦᠦᠰᠢᠨ ᠬᠤᠰᠢᠭᠤᠨ ᠤ᠋ ᠬᠥᠮᠦᠨ ᠭᠡᠵᠦ ᠠᠩᠬ᠎ᠠ ᠠᠭᠤᠯᠵᠠᠭᠰᠠᠨ ᠬᠥᠮᠦᠨ ᠲᠡᠢ ᠣᠷᠳᠣᠰ ᠦᠭᠡ ᠬᠡᠯᠡᠵᠦ ᠬᠥᠮᠦᠨ ᠲᠥᠭᠡᠷᠢᠭᠦᠯᠳᠡᠭ ᠠᠯᠢᠶ᠎ᠠ ᠵᠠᠩ ᠲᠠᠢ᠃ ᠲᠡᠭᠦᠨ ᠦ᠌ ᠪᠤᠷᠤᠭᠤᠯᠠᠭᠰᠠᠨ ᠨᠡᠷ᠎ᠡ ᠨᠢ ᠯᠡᠮᠡᠬᠦᠦ᠃ ᠨᠠᠢᠷ ᠨᠠᠭᠠᠳᠤᠮ ᠳ᠋ᠤ᠌ ᠳᠤᠷᠠᠲᠠᠢ᠂ ᠪᠠᠷᠤᠭ ᠤ᠋ᠨ ᠪᠥᠬᠡ ᠶᠢᠨ ᠰᠤᠷᠢᠶᠠᠨ ᠳ᠋ᠤ᠌ ᠰᠣᠯᠣᠭᠠᠢ ᠠᠪᠳᠠᠯ ᠢ᠋ᠶ᠋ᠠᠷ ᠢ᠋ᠶ᠋ᠠᠨ ᠳᠡᠭᠡᠷ᠎ᠡ ᠠᠷᠪᠠᠨ ᠵᠢᠷᠭᠤᠭ᠎ᠠ ᠳ᠋ᠤ᠌ ᠣᠷᠣᠴᠢᠬᠠᠳᠠᠭ᠃ ᠤᠷᠢᠳ ᠢ᠋ᠶ᠋ᠠᠷ ᠰᠣᠯᠣᠭᠠᠢ ᠬᠠᠪᠰᠤᠷᠤᠭ᠎ᠠ ᠪᠠᠷ ᠲᠠᠰᠢᠬᠤ ᠳ᠋ᠤᠨᠢ ᠣᠢᠴᠢᠭᠰᠠᠨ ᠦᠭᠡᠢ ᠪᠥᠬᠡ ᠳ᠋ᠦ᠍ ᠵᠠᠯᠭᠠᠭᠠᠳ ᠰᠣᠯᠣᠭᠠᠢ ᠲᠣᠩᠭᠣᠷᠠᠭᠠ ᠬᠢᠵᠦ ᠨᠥᠭᠦᠭᠡ ᠡᠲᠡᠭᠡᠳ ᠢ᠋ᠶ᠋ᠡᠨ ᠤᠨᠠᠭᠠᠳᠠᠭ ᠪᠠᠢᠨ᠎ᠠ᠃ ᠠᠳᠤᠭᠤᠨ ᠠ᠋ᠴᠠ ᠮᠣᠷᠢ ᠪᠠᠷᠢᠯᠠᠬᠤ ᠳ᠋ᠠᠭᠠᠨ ᠤᠷᠭ᠎ᠠ ᠬᠡᠷᠡᠭᠯᠡᠳᠡᠭ ᠦᠭᠡᠢ ᠳᠠᠪᠬᠢᠵᠤ ᠣᠴᠢᠭᠠᠳ ᠪᠤᠷᠤᠭᠤ ᠲᠠᠯ᠎ᠠ ᠪᠠᠷ ᠨᠢ ᠰᠣᠯᠣᠭᠠᠢ ᠪᠣᠭᠣᠮᠢ ᠰᠢᠲᠡᠵᠦ ᠮᠣᠷᠢᠨ ᠳᠡᠭᠡᠷ᠎ᠡ ᠡᠴᠡ ᠪᠡᠨ ᠨᠣᠭᠲᠣᠯᠠᠴᠢᠬᠠᠳᠠᠭ ᠪᠣᠯᠬᠣᠷ ᠰᠣᠯᠣᠭᠠᠢ ᠨᠠᠮᠵᠢᠯ ᠭᠡᠳᠡᠭ ᠬᠣᠴᠢ ᠲᠠᠢ ᠪᠣᠯᠵᠠᠢ᠃
ᠬᠣᠪᠢᠯᠴᠡᠴᠡᠭ ᠴᠠᠭᠠᠳᠤ ᠪᠣᠭᠣᠨᠢ ᠡᠷᠭᠢᠭᠦᠯᠭᠡ ᠡᠴᠡ ᠵᠡᠭᠡᠷ᠎ᠡ ᠶ᠋ᠢᠨ ᠬᠠᠲᠠᠭᠰᠠᠨ ᠪᠣᠷᠴᠠ᠂ ᠦᠬᠡᠷ ᠦ᠋ᠨ ᠱᠥᠯᠦᠨ ᠦ᠌ ᠲᠣᠰᠣ᠂ ᠰᠢᠮᠡᠯᠳᠡᠭ᠂ ᠪᠠᠯᠪᠠᠳᠠᠭ ᠪᠤᠳᠠᠭ᠎ᠠ᠁ ᠡᠨᠡ ᠲᠡᠷᠡ ᠢᠳᠡᠵᠦ ᠤᠤᠭᠤᠬᠤ ᠶᠠᠭᠤᠮ᠎ᠠ ᠡᠪᠯᠡᠭᠦᠯᠵᠦ ᠰᠢᠷᠡᠭᠡᠨ ᠳᠡᠭᠡᠷ᠎ᠡ ᠲᠠᠯᠪᠢᠬᠤ ᠳ᠋ᠤ᠌ ᠲᠡᠷᠡ ᠲᠤᠷᠡᠩᠬᠠᠢᠪᠳᠤᠷ ᠭᠣᠵᠣᠯᠵᠠᠭᠰᠠᠨ ᠡᠷ᠎ᠡ᠄
— ᠵᠠ ᠴᠢᠭᠦᠨ ᠨᠢᠭᠡ ᠬᠥᠯᠥᠷᠡᠲᠡᠯ᠎ᠡ ᠴᠠᠢ ᠤᠤᠭᠤᠴᠢᠬᠠᠬᠤ! ᠴᠢᠩᠭᠢᠭᠡᠳ ᠶᠠᠪᠤᠬᠤ! ᠭᠡᠨ᠎ᠡ᠃
ᠡᠨᠡ ᠭᠣᠵᠣᠯᠵᠠᠭᠰᠠᠨ ᠡᠷ᠎ᠡ ᠶ᠋ᠢᠨ ᠦᠭᠡ ᠬᠠᠮᠠᠷ ᠨᠢ ᠠᠷᠠᠢ ᠣᠨᠳᠣᠣ ᠰᠣᠨᠣᠰᠳᠠᠭᠠᠳ ᠪᠠᠢᠬᠤᠯᠠᠷ ᠲᠡᠭᠦᠨ ᠢ᠋ ᠬᠦᠨᠨᠢᠢᠷᠭᠡᠵᠦ᠂ ᠨᠥᠭᠦᠭᠡ ᠨᠠᠮᠬᠠᠨ ᠰᠢᠷ᠎ᠠ ᠵᠠᠯᠠᠭᠤ ᠶ᠋ᠢ ᠬᠠᠷᠠᠭᠠᠳ《 ᠡᠨᠡ ᠬᠣᠶᠠᠷ ᠬᠥᠮᠦᠨ ᠦ᠌ ᠡᠮᠦᠰᠴᠦ ᠵᠡᠭᠦᠭᠰᠡᠨ ᠨᠢ ᠠᠷᠠᠢ ᠵᠢᠭᠠᠬᠠ ᠢᠯᠭᠠᠭ᠎ᠠ ᠲᠠᠢ ᠶ᠋ᠢ ᠬᠡᠯᠡᠬᠦ ᠦᠭᠡᠢ᠂ ᠬᠡᠯᠡ ᠶᠠᠷᠢᠶᠠᠨ ᠳ᠋ᠠᠭᠠᠨ ᠨᠢᠭᠡ ᠨᠤᠳᠤᠭ ᠤ᠋ᠨ ᠬᠥᠮᠦᠨ ᠪᠢᠰᠢ ᠭᠡᠰᠡᠨ ᠨᠢ ᠮᠡᠳᠡᠭᠳᠡᠵᠦ ᠪᠠᠢᠨ᠎ᠠ᠃ ᠡᠨᠡ ᠨᠠᠮᠬᠠᠨ ᠪᠡᠶ᠎ᠡ ᠲᠡᠢ ᠦᠭᠡ ᠳᠠᠭᠤᠨ ᠴᠥᠭᠡᠨᠲᠡᠢ ᠰᠢᠷ᠎ᠠ ᠵᠠᠯᠠᠭᠤ ᠶ᠋ᠢᠨ ᠡᠮᠦᠰᠴᠦ ᠵᠡᠭᠦᠭᠰᠡᠨ᠂ ᠬᠥᠳᠡᠯᠵᠦ ᠪᠠᠷᠢᠬᠤ᠂ ᠬᠡᠯᠡᠵᠦ ᠶᠠᠷᠢᠬᠤ ᠨᠢ ᠶᠠᠭ ᠯᠠ ᠤᠷᠠᠳ ᠨᠤᠲᠤᠭ ᠤ᠋ᠨ ᠬᠡᠪ ᠨᠠᠮᠪᠠ ᠲᠠᠢ ᠪᠠᠢᠨ᠎ᠠ》 ᠭᠡᠵᠦ ᠪᠣᠳᠣᠨ ᠠᠷᠠᠢ ᠳᠣᠲᠣᠨᠣ ᠰᠠᠨᠠᠭᠳᠠᠪᠠ᠃
— ᠳᠡᠭᠦᠦ ᠶ᠋ᠢᠨ ᠨᠤᠲᠤᠭ ᠬᠠᠮᠢᠭᠠᠭᠤᠷ ᠪᠢᠯᠡ?
— ᠤᠷᠠᠳ ᠤ᠋ᠨ ᠪᠠᠷᠠᠭᠤᠨ ᠬᠦᠩ᠃
— ᠠᠯᠢ ᠰᠤᠮᠤᠨ ᠤ᠋ ᠬᠢ ᠶᠦᠮ ᠪᠣᠯ ᠠ᠋?
— ᠭᠣᠣᠯ ᠰᠤᠮᠤᠨ ᠤ᠋᠂ ᠨᠡᠷ᠎ᠡ ᠪᠠᠶᠠᠷᠲᠤ᠃
— ᠵᠠ ᠪᠠᠢᠵᠠ ᠭᠣᠣᠯ ᠰᠤᠮᠤᠨ ᠤ᠋ ᠬᠢ ᠭᠡᠳᠡᠭ ᠴᠢᠨᠢ ᠵᠡᠭᠦᠨᠰᠢ ᠪᠡᠨ ᠪᠢᠯᠡ ᠤᠤ?
— ᠲᠡᠢᠮᠦ! ᠮᠤᠨᠠ ᠶ᠋ᠢᠨ ᠵᠡᠭᠦᠨ ᠥᠪᠥᠷ ᠦ᠋ᠨ ᠪᠢᠯᠵᠤᠤᠬᠠᠢᠳᠤ ᠭᠡᠰᠡᠨ ᠭᠠᠵᠠᠷ ᠨᠤᠲᠤᠭ ᠲᠠᠢ ᠭᠡᠵᠦ ᠨᠠᠮᠬᠠᠨ ᠰᠢᠷ᠎ᠠ ᠵᠠᠯᠠᠭᠤ ᠪᠡᠶ᠎ᠡ ᠪᠡᠨ ᠲᠠᠨᠢᠯᠴᠠᠭᠤᠯᠪᠠ᠃
ᠡᠨᠡ ᠨᠠᠮᠬᠠᠨ ᠰᠢᠷ᠎ᠠ ᠵᠠᠯᠠᠭᠤ ᠪᠡᠶ᠎ᠡ ᠪᠡᠨ ᠪᠠᠶᠠᠷᠲᠤ ᠭᠡᠰᠡᠨ ᠨᠢ ᠪᠤᠷᠤᠭᠤᠯᠠᠭᠰᠠᠨ ᠨᠠᠷ ᠠ᠋᠃ ᠦᠨᠡᠨ ᠨᠡᠷ᠎ᠡ ᠨᠢ ᠵᠠᠩᠴᠣᠪ᠃ ᠮᠤᠨᠠ ᠠᠭᠤᠯᠠ ᠶ᠋ᠢᠨ ᠬᠥᠷᠥᠭ ᠦ᠋ᠨ ᠭᠣᠣᠯ ᠨᠣᠳᠣ᠊ᠭ ᠲᠠᠢ ᠬᠥᠮᠦᠨ᠃ ᠬᠠᠷ᠎ᠠ ᠪᠠᠭ᠎ᠠ ᠠ᠋ᠴᠠ ᠪᠠᠨ ᠫᠤᠤ ᠰᠤᠮᠤᠨ ᠳ᠋ᠤ᠌ ᠬᠣᠷᠣᠬᠠᠢᠲᠠᠢ ᠶ᠋ᠢᠨ ᠳᠡᠭᠡᠷ᠎ᠡ ᠠᠷᠪᠠᠨ ᠬᠡᠳᠦᠲᠡᠢ ᠡᠴᠡ ᠪᠡᠨ ᠡᠴᠢᠭᠡ ᠪᠡᠨ ᠳᠠᠭᠠᠵᠤ ᠮᠤᠨᠠ ᠠᠭᠤᠯᠠᠨ ᠳ᠋ᠤ᠌ ᠠᠩ ᠬᠦᠷᠦᠭᠡ ᠬᠢᠵᠦ ᠰᠤᠷᠤᠭᠰᠠᠨ ᠤᠴᠢᠷ ᠠᠩ ᠬᠥᠷᠥᠭᠡᠨ ᠳ᠋ᠦ᠍ ᠬᠣᠷᠣᠬᠠᠢᠲᠠᠢ᠂ ᠰᠤᠮᠤ ᠭᠠᠷᠣᠵᠠᠳᠠᠭᠣᠯᠳᠠ᠊ᠭ ᠦᠭᠡᠢ ᠴᠡᠴᠡᠨ ᠫᠤᠤᠴᠢ ᠠᠵᠤᠭᠤ᠃ ᠲᠡᠢᠨ ᠊ᠬᠦ ᠴᠡᠴᠡᠨ ᠫᠤᠤᠴᠢ ᠵᠠᠩᠴᠣᠪ ᠭᠡᠪᠡᠯ ᠬᠠᠪᠢ ᠣᠢᠷ᠎ᠠ ᠶ᠋ᠢᠨ ᠬᠢᠨᠢ ᠮᠡᠳᠡᠬᠦ ᠦᠭᠡᠢ ᠬᠥᠮᠦᠨ ᠦᠭᠡᠢ᠃
— ᠵᠡᠭᠦᠨ ᠥᠪᠥᠷ ᠦ᠋ᠨ ᠪᠣᠯ ᠬᠠᠷᠠᠨᠤᠳ ᠤ᠋ᠨ ᠮᠢᠩᠭᠠᠨ᠋ᠪᠣᠤ ᠶ᠋ᠢ ᠲᠠᠨᠢᠬᠤ ᠊ᠤᠤ ?
— ᠮᠢᠩᠭᠠᠨ᠋ᠪᠣᠤ ᠭᠡᠨ᠎ᠡ ᠊ᠤᠤ ?
— ᠲᠡᠢᠮᠦ !
— ᠪᠠᠷᠠᠭᠤᠨ ᠬᠦᠩ ᠦ᠋ᠨ ᠬᠣᠰᠢᠭᠤ ᠶᠠᠮᠤᠨ ᠤ᠋ ᠮᠢᠩᠭᠠᠨ᠋ᠪᠣᠤ ᠲᠤᠰᠠᠯᠠᠭᠴᠢ ᠊ᠤᠤ ?
— ᠪᠢᠰᠢ ᠂ ᠪᠢᠰᠢ ! ᠲᠤᠰᠠᠯᠠᠭᠴᠢ ᠮᠣᠰᠠᠯᠠᠬᠴᠢ ᠴᠤ᠌ ᠪᠢᠰᠢ ᠠ᠋ ! ᠡᠠᠩᠬᠠ ᠴᠡᠷᠢᠭ ᠲᠦ᠍ ᠯᠡ ᠶᠠᠪᠤᠵᠤ ᠪᠠᠢᠭᠰᠠᠨ ᠶᠤᠮ᠃
— ᠮᠢᠩᠭᠠᠨ᠋ᠪᠣᠤ ᠲᠤᠰᠠᠯᠠᠭᠴᠢ ᠶ᠋ᠢ ᠪᠣᠯ ᠳᠠᠶᠠᠭᠠᠷ ᠢ᠋ᠶ᠋ᠠᠨ ᠮᠡᠳᠡᠨ᠎ᠡ᠃ ᠪᠠᠷᠠᠭᠤᠨ ᠬᠦᠩ ᠦ᠋ᠨ ᠬᠢᠨᠢ ᠲᠠᠨᠢᠬᠤ ᠦᠭᠡᠢ ᠬᠥᠮᠦᠨ ᠦᠭᠡᠢ᠃ ᠲᠠ ᠲᠡᠭᠦᠨ ᠢ᠋ ᠬᠡᠯᠡᠵᠦ ᠪᠠᠢᠨ᠎ᠠ ᠤᠤ? ᠭᠡᠰᠡᠨ ᠳ᠋ᠦ᠍ ᠬᠣᠪᠢᠯᠴᠠᠴᠠᠭ᠌ ᠤ᠋ᠨ ᠴᠢᠷᠠᠢ ᠳᠣᠣᠷ᠎ᠠ ᠪᠠᠨ ᠤᠯᠠᠢᠵᠤ ᠶᠠᠭᠤ ᠬᠡᠯᠡᠬᠦ ᠪᠡᠨ ᠣᠯᠬᠤ ᠦᠭᠡᠢ ᠲᠦᠭᠳᠡᠷᠡᠵᠦ ᠄
— ᠲᠠᠨᠢᠨ᠎ᠠ ! ᠪᠢᠰᠢ ! ᠪᠢᠰᠢ ! ᠪᠢ ᠴᠢᠨᠢ ᠵᠥᠨᠥᠴᠢᠬᠡᠵᠡᠢ᠃ ᠮᠠᠨ ᠤ᠋ ᠬᠢ ᠲᠡᠢ ᠬᠣᠯᠠ ᠶ᠋ᠢᠨ ᠲᠥᠷᠥᠯ ᠤᠬᠠᠭᠠᠨ ᠲᠠᠢ ᠶᠤᠮ᠃ ᠪᠠᠭ᠎ᠠ ᠳ᠋ᠤ᠌ ᠪᠢᠳᠡ ᠠᠭᠤᠯᠵᠠᠵᠤ ᠪᠠᠢᠭᠰᠠᠨ᠃ ᠣᠳᠣ ᠦᠵᠡᠪᠡᠯ ᠲᠠᠨᠢᠬᠤ ᠦᠭᠡᠢ ᠴᠤ᠌ ᠪᠠᠢᠵᠤ ᠮᠠᠭᠠᠳ ᠦᠭᠡᠢ ᠭᠡᠵᠦ ᠬᠤᠳᠠᠯ ᠬᠡᠯᠡᠭᠰᠡᠨ ᠳ᠋ᠡᠭᠡᠨ ᠵᠢᠷᠦᠬᠡ ᠨᠢ ᠫᠣᠯ ᠫᠣᠯ ᠪᠤᠯᠭᠢᠯᠠᠵᠤ ᠪᠠᠢᠪᠠ᠃
— ᠲᠤᠰᠠᠯᠠᠭᠴᠢ ᠮᠢᠩᠭᠠᠨ᠋ᠪᠣᠤ ᠭᠤᠸᠠᠢ ᠲᠠᠨ ᠤ᠋ ᠲᠥᠷᠥᠯ ᠮᠥᠨ ᠪᠣᠯᠲᠤᠭᠠᠢ ᠳᠠ !
— ᠠ ᠮᠡᠳᠡᠬᠦ ᠦᠭᠡᠢ ᠂ ᠨᠣᠶᠠᠨ ᠬᠥᠮᠦᠨ ᠦ᠌ ᠨᠢᠳᠦ ᠲᠠᠷᠭᠤᠨ ᠬᠤᠨᠠ ᠳᠠ᠂ ᠶᠠᠳᠠᠭᠰᠠᠨ ᠮᠠᠨᠤᠰ ᠢ᠋ ᠲᠠᠨᠢᠳᠠᠭ ᠴᠤ᠌ ᠪᠣᠯᠤᠭᠠᠰᠠᠢ ! ᠭᠡᠵᠦ ᠬᠡᠯᠡᠴᠢᠬᠡᠭᠡᠳ ᠳᠣᠲᠣᠷ᠎ᠠ ᠨᠢ ᠲᠦᠭ ᠲᠠᠭ ᠪᠣᠯᠵᠤ《 ᠮᠢᠩᠭᠠᠨ᠋ᠪᠣᠤ ᠬᠣᠰᠢᠭᠤ ᠶᠠᠮᠤᠨ ᠤ᠋ ᠲᠤᠰᠠᠯᠠᠭᠴᠢ ᠲᠤᠰᠢᠶᠠᠯ ᠲᠠᠢ ᠪᠣᠯᠴᠢᠬᠠᠵᠠᠢ ᠊ᠤᠤ ᠳᠠ ! ᠳᠠᠩᠴᠤ ᠨᠢᠭᠡ ᠴᠢᠮᠡᠭᠡ ᠰᠣᠷᠠ᠊ᠭ ᠦᠭᠡᠢ ᠪᠣᠯᠴᠢᠬᠠᠭᠰᠠᠨ ᠪᠠᠢᠭᠰᠠᠨ ᠶᠤᠮ ᠠ᠋ !》 ᠭᠡᠵᠦ ᠳᠣᠲᠣᠷ᠎ᠠ ᠨᠢ ᠭᠠᠩᠰᠠᠷᠠᠨ᠂ ᠮᠠᠨᠠᠭᠠᠳ ᠤᠳᠠᠭᠰᠠᠨ ᠬᠠᠢᠷ᠎ᠠ ᠶ᠋ᠢᠨ ᠬᠢᠨᠢ ᠭᠠᠯ ᠳᠡᠭᠡᠷ᠎ᠡ ᠬᠠᠷ᠎ᠠ ᠤᠰᠤ ᠴᠢᠳᠬᠤᠭᠰᠠᠨ ᠰᠢᠭ᠋ ᠪᠣᠯᠪᠠ᠃
ᠨᠥᠭᠦᠭᠡ ᠬᠣᠶᠠᠷ ᠵᠣᠴᠢᠨ ᠴᠠᠢ ᠠᠮᠰᠠᠭᠠᠳ ᠱᠤᠤᠮᠠᠰᠠ᠂ ᠳᠠᠯᠢᠩ ᠢ᠋ᠶ᠋ᠠᠨ ᠠᠭᠤᠳᠠᠯᠵᠤ ᠳᠡᠭᠡᠷ᠎ᠡ ᠪᠡᠨ ᠳᠥᠷᠪᠡᠯᠵᠢᠨ ᠤᠯᠠᠭᠠᠨ ᠴᠠᠭᠠᠰᠤ ᠲᠠᠢ ᠨᠠᠷᠢᠨ ᠪᠣᠭᠣᠷᠰᠣᠭ᠂ ᠮᠥᠰᠥᠨ ᠰᠢᠬᠢᠷ᠂ ᠴᠢᠪᠠᠭ᠎ᠠ ᠡᠨᠡ ᠲᠡᠷᠡ ᠢᠳᠡᠵᠦ ᠤᠤᠭᠤᠬᠤ ᠪᠠᠭ᠎ᠠ ᠰᠠᠭ᠎ᠠ ᠪᠡᠯᠡᠭ ᠲᠠᠯᠪᠢᠪᠠ᠃
— ᠶᠠᠭᠤ ᠬᠢᠬᠦ ᠪᠣᠢ ᠲᠠ ᠨᠠᠷ᠂ ᠵᠠᠮ ᠤ᠋ᠨ ᠬᠦᠨᠡᠰᠦ ᠪᠡᠨ ᠦᠷᠡᠭᠡᠵᠦ ᠶᠠᠭᠠᠬᠢᠬᠤ ᠶᠤᠮ⁈ ᠭᠠᠳᠠᠭᠰᠢ ᠭᠠᠷᠤᠭᠰᠠᠨ ᠬᠥᠮᠦᠨ ᠭᠠᠨᠵᠤᠭ᠎ᠠ ᠲᠠᠢ ᠪᠣᠯ ᠬᠡᠢ ᠮᠣᠷᠢ ᠲᠠᠢ ᠰᠢᠦ ᠳᠡ !
— ᠮᠣᠩᠭᠣᠯ ᠬᠥᠮᠦᠨ ᠠᠢᠯ ᠳ᠋ᠤ᠌ ᠭᠠᠷ ᠬᠣᠭᠣᠰᠣᠨ ᠣᠷᠣᠬᠤ ᠭᠡᠭᠴᠢ ᠮᠠᠭᠤᠬᠠᠢ ! ᠡᠨᠡ ᠨᠢ ᠪᠤᠭᠤᠲᠤ ᠶ᠋ᠢᠨ ᠨᠠᠷᠢᠨ ᠪᠣᠭᠣᠷᠰᠣᠭ᠂ ᠡᠨᠡ ᠨᠢ ᠲᠡᠮᠡᠭᠡᠲᠦ ᠶ᠋ᠢᠨ ᠬᠦᠷᠡᠩ ᠴᠢᠪᠠᠭ᠎ᠠ ᠁ ᠭᠡᠵᠦ 《ᠵᠠ ᠡᠭᠦᠨ ᠢ᠋ᠶ᠋ᠡᠨ ᠳᠡᠭᠡᠭᠰᠢᠯᠡᠭᠦᠯᠴᠢᠬᠡ》 ᠭᠡᠰᠡᠨ ᠰᠢᠭ ᠬᠣᠶᠠᠷ ᠠᠯᠠᠭ᠎ᠠ ᠪᠠᠨ ᠳᠡᠯᠭᠡᠵᠦ ᠭᠡᠷ ᠦ᠋ᠨ ᠡᠵᠡᠭᠲᠡᠢ ᠵᠦᠭ ᠵᠠᠩᠭᠠᠪᠠ᠃
ᠬᠤᠪᠢᠯᠴᠡᠴᠡᠭ ᠢᠷᠡᠭᠰᠡᠨ ᠭᠡᠢᠴᠢᠨ ᠦ᠌ ᠳᠡᠭᠡᠵᠢᠯᠡᠭᠰᠡᠨ ᠪᠡᠯᠡᠭ ᠢ᠋ ᠨᠢᠮᠪᠠᠢᠬᠠᠨ ᠠᠪᠴᠤ ᠪᠤᠷᠬᠠᠨ ᠳ᠋ᠠᠭᠠᠨ ᠡᠷᠭᠦᠵᠦ《ᠪᠤᠷᠬᠠᠨ ᠮᠢᠨᠢ᠂ ᠪᠤᠭᠤᠲᠤ ᠶ᠋ᠢᠨ ᠨᠠᠷᠢᠨ ᠪᠣᠭᠣᠷᠰᠣᠭ ᠠ᠋ᠴᠠ ᠲᠠ ᠤᠷᠢᠳ ᠢ᠋ᠶ᠋ᠠᠷ ᠳᠡᠭᠡᠵᠢ ᠶ᠋ᠢ ᠨᠢ ᠵᠣᠭᠣᠭᠯᠠ ᠳᠠ ! ᠨᠠᠳᠠ ᠳ᠋ᠠᠭᠠᠨ ᠪᠣᠯ ᠬᠣᠪᠣᠷ ᠤ᠋ᠨ ᠶᠠᠭᠤᠮ᠎ᠠ ᠭᠠᠵᠠᠷ᠃ ᠤᠷᠢᠳᠤ ᠮᠢᠩᠭᠠᠨᠪᠣᠤ ᠯᠠ ᠪᠤᠭᠤᠲᠤ ᠠ᠋ᠴᠠ ᠨᠠᠷᠢᠨ ᠪᠣᠭᠣᠷᠰᠣᠭ᠂ ᠴᠢᠪᠠᠭ᠎ᠠ᠂ ᠰᠢᠬᠢᠷ ᠭᠡᠳ ᠨᠢᠳᠦᠨ ᠦ᠌ ᠬᠣᠷᠣᠬᠠᠢ ᠬᠥᠳᠡᠯᠭᠡᠬᠦ ᠶᠠᠭᠤᠮ᠎ᠠ ᠠᠪᠴᠢᠷᠠᠳᠠᠭ ᠪᠠᠢᠯ᠎ᠠ ᠁》 ᠭᠡᠵᠦ ᠭᠡᠢᠴᠢᠨ ᠦ᠌ ᠦᠭᠭᠦᠭᠰᠡᠨ ᠪᠡᠯᠡᠭ ᠰᠡᠯᠲᠡ ᠶ᠋ᠢ ᠠᠬᠤᠢᠯᠠᠵᠤ ᠲᠠᠯᠪᠢᠴᠢᠬᠠᠭᠠᠳ ᠲᠣᠭᠣᠭᠠᠨ ᠠ᠋ᠴᠠ ᠪᠠᠨ ᠫᠣᠷ ᠫᠣᠷ ᠪᠤᠴᠠᠯᠤᠭᠰᠠᠨ ᠲᠣᠯᠣᠭᠠᠢ ᠰᠢᠭᠢᠷ᠎ᠡ ᠭᠠᠷᠭᠠᠵᠤ ᠭᠡᠢᠴᠢᠨ ᠦ᠌ ᠡᠮᠦᠨ᠎ᠡ ᠲᠠᠯᠪᠢᠭᠰᠠᠨ ᠢ᠋ᠶ᠋ᠠᠨ ᠡᠪ ᠦᠭᠡᠢᠷᠭᠡᠭᠰᠡᠨ ᠶᠠᠩᠵᠤᠲᠠᠢ᠄
— ᠵᠠ᠂ ᠲᠠ ᠨᠠᠷ ᠬᠣᠯᠠ ᠶ᠋ᠢᠨ ᠵᠠᠮ ᠳ᠋ᠤ᠌ ᠥᠯᠥᠰᠦᠭᠰᠡᠨ ᠪᠠᠢᠯᠭᠦᠢ ᠳᠡ ! ᠬᠤᠢᠬᠠᠨ ᠤ᠋ ᠮᠢᠬ᠎ᠠ ᠭᠡᠵᠦ ᠭᠣᠯᠣᠬᠤ ᠦᠭᠡᠢ ᠪᠣᠯ ᠵᠣᠭᠣᠭᠯᠠᠭᠠᠷᠠᠢ ! ᠬᠠᠪᠤᠷ ᠤ᠋ᠨ ᠤᠷᠲᠤ ᠰᠢᠷ᠎ᠠ ᠡᠳᠦᠷ ᠢ᠋ ᠲᠤᠭᠤᠯᠵᠤ ᠶᠠᠪᠤᠬᠤ ᠭᠡᠭᠴᠢ ᠬᠡᠴᠡᠭᠦᠦ ! ᠢᠳᠡ᠂ ᠢᠳᠡ ! ᠭᠡᠵᠦ ᠨᠥᠭᠦᠭᠡ ᠬᠣᠶᠠᠷ ᠢ᠋ ᠱᠠᠯᠠᠨ᠎ᠠ᠃
ᠳᠤᠨᠳᠠᠭᠤᠷ ᠡᠳᠦᠷ ᠮᠣᠷᠢᠨ ᠳᠡᠭᠡᠷ᠎ᠡ ᠰᠠᠵᠢᠭᠳᠠᠭᠰᠠᠨ ᠬᠣᠶᠠᠷ ᠬᠠᠷ᠎ᠠ ᠬᠥᠮᠦᠨ ᠬᠡᠦᠷᠰᠢᠮᠡᠯ ᠬᠤᠢᠬᠠᠨ ᠤ᠋ ᠦᠨᠦᠷ ᠲᠦ᠍ ᠬᠣᠪᠳᠣᠭ ᠨᠢ ᠬᠥᠳᠡᠯᠵᠦ ᠶᠡᠬᠡ ᠥᠯᠥᠰᠦᠭᠰᠡᠨ ᠢ᠋ᠶ᠋ᠡᠨ ᠰᠠᠶᠢ ᠮᠡᠳᠡᠪᠡ᠃
ᠳᠤᠬᠤᠨ ᠤ᠋ ᠨᠠᠢᠷ ᠲᠤ᠌ ᠰᠠᠭᠤᠵᠤ ᠬᠤᠢᠬ᠎ᠠ ᠮᠥᠯᠵᠢᠬᠦ ᠭᠡᠭᠴᠢ ᠪᠠᠰᠠ ᠴᠠᠭᠠᠨ᠎ᠠ ᠪᠠᠨ ᠨᠢᠭᠡ ᠠᠮᠲᠠ ᠪᠠᠢᠳᠠᠭ ᠰᠠᠨ᠃
ᠡᠨᠡ ᠬᠣᠶᠠᠷ ᠬᠠᠷ᠎ᠠ ᠬᠥᠮᠦᠨ ᠬᠤᠢᠬᠠᠨ ᠤ᠋ ᠮᠢᠬ᠎ᠠ ᠭᠡᠵᠦ ᠭᠣᠯᠣᠯ ᠦᠭᠡᠢ ᠠᠮᠲᠠᠷᠬᠠᠨ ᠢᠳᠡᠵᠦ ᠪᠠᠢᠭ᠎ᠠ ᠶ᠋ᠢ ᠬᠠᠷᠠᠭᠰᠠᠨ ᠬᠤᠪᠢᠯᠴᠡᠴᠡᠭ ᠳᠣᠲᠣᠷ᠎ᠠ ᠪᠠᠨ《ᠮᠢᠩᠭᠠᠨᠪᠤᠤ ᠲᠠᠢ ᠪᠠᠨ ᠭᠡᠷᠯᠡᠵᠦ ᠰᠠᠭᠤᠭᠰᠠᠨ ᠰᠠᠨ ᠪᠣᠯ ᠬᠣᠢᠮᠣᠷ ᠲᠠᠭᠠᠨ ᠥᠪᠡᠷ ᠦ᠋ᠨ ᠬᠠᠷ᠎ᠠ ᠬᠥᠮᠦᠨ ᠢ᠋ᠶ᠋ᠡᠨ ᠢᠩᠭᠢᠵᠦ ᠯᠠᠪ ᠯᠦᠪ ᠰᠠᠭᠤᠯᠭᠠᠴᠢᠬᠠᠭᠠᠳ ᠴᠠᠢ ᠤᠰᠤ᠂ ᠬᠣᠭᠣᠯᠠ ᠬᠣᠰᠢ ᠶ᠋ᠢ ᠨᠢ ᠣᠢᠷᠠᠲᠤᠭᠤᠯᠵᠤ ᠠᠰᠠᠷᠠᠵᠤ ᠬᠦᠨᠳᠦᠯᠡᠬᠦ ᠨᠢ ᠴᠦ᠍ ᠰᠡᠳᠬᠢᠯ ᠳ᠋ᠦ᠍ ᠥᠮᠥᠭ ᠲᠡᠢ ᠪᠠᠢᠬᠤ ᠦᠭᠡᠢ ᠤᠤ ᠳᠠ᠃< ᠡᠮ᠎ᠡ ᠬᠥᠮᠦᠨ ᠦᠭᠡᠢ ᠭᠡᠷ ᠥᠴᠥᠭᠡᠷ᠂ ᠡᠷ᠎ᠡ ᠬᠥᠮᠦᠨ ᠦᠭᠡᠢ ᠭᠡᠷ ᠨᠠᠪᠲᠠᠭᠠᠷ> ᠭᠡᠳᠡᠭ ᠴᠦ᠍ ᠦᠨᠡᠨ ᠦᠭᠡ ᠶᠦᠮ ᠳᠡ! ᠥᠨᠥᠳᠥᠷ ᠬᠠᠮᠢᠭ᠎ᠠ ᠭᠠᠵᠠᠷ ᠤ᠋ᠨ ᠬᠠᠷ᠎ᠠ ᠬᠥᠮᠦᠨ ᠬᠣᠢᠮᠣᠷ ᠬᠤᠪᠢᠳᠠᠵᠤ ᠰᠠᠭᠤᠭᠠᠳ ᠬᠤᠢᠬ᠎ᠠ ᠵᠣᠭᠣᠭᠯᠠᠵᠤ ᠪᠠᠢᠭ᠎ᠠ ᠪᠣᠯᠪᠠᠴᠤ ᠮᠠᠭᠤ ᠨᠠᠪᠲᠠᠭᠠᠷ ᠪᠣᠷᠣ ᠭᠡᠷ ᠢ᠋ ᠮᠢᠨᠢ ᠭᠢᠯᠪᠠᠵᠤ ᠰᠦᠷ ᠭᠡᠷᠡᠯ ᠲᠡᠢ ᠪᠣᠯᠭᠠᠭᠰᠠᠨ ᠰᠢᠭ᠋ ᠰᠠᠨᠠᠭᠳᠠᠬᠤ ᠶ᠋ᠢ ᠶᠠᠭᠠᠬᠢᠨ᠎ᠠ⁈ ᠡᠨᠡ ᠴᠦ᠍ ᠠᠭᠱᠡᠨ ᠵᠠᠭᠤᠷ᠎ᠠ ᠶ᠋ᠢᠨ ᠭᠢᠯᠪᠠᠭᠠᠨ ᠰᠢᠭ᠋ ᠭᠢᠯᠠᠰ ᠭᠡᠳ ᠥᠩᠭᠡᠷᠡᠳᠡᠭ ᠤᠬᠠᠭᠠᠨ ᠲᠠᠢ᠁》 ᠭᠡᠵᠦ ᠤᠵᠠᠭᠤᠷ ᠤ᠋ᠨ ᠠᠮᠠᠷᠠᠭ ᠬᠣᠩᠭᠣᠷ ᠮᠢᠩᠭᠠᠨᠪᠣᠣ ᠪᠠᠨ ᠥᠪᠡᠷ ᠦ᠋ᠨ ᠡᠷᠬᠡ ᠦᠭᠡᠢ ᠰᠠᠨᠠᠵᠤ ᠰᠠᠭᠤᠲᠠᠯ᠎ᠠ ᠬᠣᠲᠠᠴᠢ ᠬᠥᠪ ᠬᠥᠪ ᠭᠡᠵᠦ ᠬᠣᠷᠭᠣᠭᠣᠭᠠᠳ ᠲᠡᠭᠦᠨ ᠦ᠌ ᠪᠣᠳᠣᠯ ᠢ᠋ ᠲᠠᠰᠤᠯᠪᠠ᠃
ᠠᠯᠤᠰ ᠠ᠋ᠴᠠ ᠫᠢᠵᠢᠷ ᠫᠢᠵᠢᠷ ᠭᠡᠵᠦ ᠳᠣᠪᠲᠣᠯᠭᠠᠭᠰᠠᠨ ᠮᠣᠷᠢᠨ ᠤ᠋ ᠲᠦᠪᠡᠷᠭᠡᠨ ᠰᠣᠨᠣᠰᠳᠠᠵᠤ᠂ ᠤᠳᠠᠯ ᠦᠭᠡᠢ ᠱᠣᠩ ᠳᠡᠭᠡᠷ᠎ᠡ ᠮᠣᠷᠢᠲᠠᠢ ᠬᠥᠮᠦᠨ ᠪᠠᠭᠤᠯ᠎ᠠ᠃ ᠤᠶᠠᠭᠠᠨ ᠤ᠋ ᠮᠣᠷᠢᠳ ᠪᠡᠶ᠎ᠡ ᠪᠡᠶ᠎ᠡ ᠪᠡᠷ ᠢ᠋ᠶ᠋ᠡᠨ ᠦᠦᠷᠰᠡᠨ ᠢᠨᠴᠠᠭᠠᠪᠠ᠃
ᠢᠷᠡᠭᠰᠡᠨ ᠬᠥᠮᠦᠨ ᠪᠣᠯ ᠬᠣᠪᠢᠯᠴᠡᠴᠡᠭ ᠦ᠋ᠨ ᠬᠦᠦ ᠠᠩᠴᠢᠨᠵᠠᠪ ᠪᠠᠢᠪᠠ᠃
ᠠᠷᠪᠠᠨ ᠵᠢᠷᠭᠤᠭ᠎ᠠ ᠳᠣᠯᠣᠭᠠᠲᠠᠢ ᠡᠨᠡ ᠬᠦᠦ ᠶ᠋ᠢᠨ ᠪᠡᠶ᠎ᠡ ᠪᠢᠯᠳᠠᠷ ᠬᠦᠳᠡᠷ ᠴᠢᠬᠢᠷᠠᠭ᠂ ᠬᠣᠶᠠᠷ ᠴᠢᠮᠠᠷᠬᠠᠢ ᠠ᠋ᠴᠠ ᠳᠣᠷᠣᠭᠰᠢ ᠪᠠᠨ ᠬᠠᠷᠠᠯᠠᠭᠰᠠᠨ ᠰᠠᠬᠠᠯ ᠨᠢ ᠡᠷᠦ ᠶ᠋ᠢ ᠨᠢ ᠬᠤᠮᠢᠨ ᠨᠣᠭᠲᠣᠯᠠᠵᠤ ᠦᠷᠢᠶ᠎ᠡ ᠠᠵᠢᠷᠭᠠᠨ ᠤ᠋ ᠬᠤᠷ ᠳᠡᠯ ᠰᠢᠭ ᠬᠤᠨᠢᠷᠢᠶᠠᠲᠤ ᠭᠡᠵᠢᠭᠡ ᠶ᠋ᠢ ᠤᠷᠤᠭᠤ ᠰᠤᠯᠠ ᠲᠠᠯᠪᠢᠭᠰᠠᠨ ᠨᠢ ᠡᠲᠡᠭᠡᠳ ᠵᠢᠪᠬᠤᠯᠠᠩᠲᠠᠢ ᠬᠠᠷᠠᠭᠳᠠᠨ᠎ᠠ᠃
ᠱᠣᠩ ᠳᠡᠭᠡᠷ᠎ᠡ ᠤᠶᠠᠭᠠᠲᠠᠢ ᠬᠣᠶᠠᠷ ᠬᠡᠭᠡᠷ ᠵᠢᠰᠦᠮ ᠦ᠋ᠨ ᠮᠣᠷᠢᠨ ᠤ᠋ ᠡᠮᠡᠭᠡᠯ ᠪᠦᠭᠦᠷᠭᠡ ᠶ᠋ᠢᠨ ᠲᠥᠯᠥᠪ᠂ ᠨᠣᠭᠲᠣ ᠬᠠᠵᠠᠭᠠᠷ ᠤ᠋ᠨ ᠵᠠᠩᠭᠢᠳᠤᠭ᠎ᠠ᠂ ᠳᠡᠯ ᠮᠤᠨᠳᠠᠭ᠎ᠠ ᠶ᠋ᠢ ᠨᠢ ᠬᠢᠷᠭᠠᠵᠤ ᠵᠠᠰᠠᠭᠰᠠᠨ ᠬᠡᠪ ᠭᠣᠪᠢ ᠨᠤᠲᠤᠭ ᠤ᠋ᠨ ᠬᠢ ᠲᠡᠢ ᠠᠷᠠᠢ ᠯᠠ ᠥᠭᠡᠷ᠎ᠡ ᠬᠠᠷᠠᠭᠳᠠᠬᠤ ᠠ᠋ᠴᠠ ᠢᠷᠡᠭᠰᠡᠨ ᠬᠥᠮᠦᠰ ᠪᠣᠯ ᠬᠣᠯᠠ ᠶ᠋ᠢᠨ ᠵᠣᠴᠢᠨ ᠭᠡᠳᠡᠭ ᠢ᠋ ᠠᠳᠤᠭᠤ ᠮᠠᠯ᠂ ᠠᠭᠲᠠ ᠬᠦᠯᠦᠭ ᠲᠤ ᠬᠣᠷᠣᠬᠠᠢᠲᠠᠢ ᠠᠩᠴᠢᠨᠵᠠᠪ ᠤ᠋ᠨ ᠭᠢᠷᠠᠬᠠᠢ ᠨᠢᠳᠦ ᠰᠡᠪ ᠦᠭᠡᠢ ᠠᠵᠢᠭᠯᠠᠵᠠᠢ᠃
ᠬᠥᠯᠥᠰᠥ ᠨᠢ ᠠᠷᠠᠢ ᠡᠪᠡᠷᠡᠵᠦ ᠵᠠᠪᠳᠤᠭᠠᠳᠤᠢ ᠬᠣᠶᠠᠷ ᠬᠡᠭᠡᠷ ᠮᠣᠷᠢᠨ ᠤ᠋ ᠴᠢᠬᠢ ᠬᠤᠯᠤᠭᠤ᠂ ᠴᠡᠭᠡᠵᠢ᠂ ᠴᠠᠪᠢ ᠬᠣᠨᠳᠣᠯᠠᠢ ᠶ᠋ᠢᠨ ᠭᠣᠪᠢᠯ ᠢ᠋ᠶ᠋ᠠᠷ ᠬᠥᠯᠥᠰᠥᠨ ᠦ᠌ ᠣᠷᠣᠮ ᠳ᠋ᠤ᠌ ᠰᠢᠷᠢᠯᠳᠦᠭᠰᠡᠨ ᠦᠰᠦ ᠬᠢᠯᠭᠠᠰᠤ ᠨᠢ ᠰᠠᠳᠠᠷᠠᠭᠠᠳᠤᠢ ᠶ᠋ᠢ ᠬᠠᠷᠠᠭᠠᠳ《 ᠡᠨᠡ ᠬᠣᠶᠠᠷ ᠵᠣᠴᠢᠨ ᠬᠠᠮᠢᠭ᠎ᠠ ᠠ᠋ᠴᠠ ᠶᠠᠭᠤ ᠬᠢᠬᠦ ᠪᠡᠷ ᠢᠷᠡᠪᠡ?》 ᠭᠡᠵᠦ ᠪᠣᠳᠣᠨ᠎ᠠ᠃ ᠱᠣᠩ ᠳᠡᠭᠡᠷ᠎ᠡ ᠤᠶᠠᠭᠠᠲᠠᠢ ᠬᠣᠶᠠᠷ ᠮᠣᠷᠢᠨ ᠠ᠋ᠴᠠ ᠥᠨᠳᠥᠷ ᠴᠡᠭᠡᠵᠢ᠂ ᠬᠣᠲᠣᠩ ᠰᠡᠭᠦᠯ ᠲᠡᠢ᠂ ᠴᠢᠨᠣ᠎ᠠ ᠶ᠋ᠢᠨ ᠬᠣᠶᠠᠷ ᠴᠢᠬᠢ ᠨᠢ ᠴᠢᠯᠥᠭᠡ ᠵᠠᠪ ᠦᠭᠡᠢ ᠰᠣᠯᠪᠢᠨ ᠬᠠᠢᠴᠢᠯᠠᠭᠰᠠᠨ ᠬᠠᠯᠲᠠᠷ ᠬᠡᠭᠡᠷ ᠮᠣᠷᠢ ᠲᠡᠭᠦᠨ ᠦ᠌ ᠳᠤᠷ᠎ᠠ ᠶ᠋ᠢ ᠪᠤᠯᠢᠶᠠᠵᠤ᠂ ᠬᠣᠨᠳᠣᠯᠠᠢ ᠪᠡᠶ᠎ᠡ᠂ ᠲᠤᠭᠤᠷᠠᠢ ᠶ᠋ᠢ ᠨᠢ ᠬᠦᠷᠲᠡᠯ᠎ᠡ ᠨᠠᠷᠢᠨ ᠰᠢᠨᠵᠢᠭᠰᠡᠨ ᠢ᠋ᠶ᠋ᠡᠨ《 ᠬᠠᠯᠳᠠᠢ ᠬᠡᠭᠡᠷ ᠮᠣᠷᠢ ᠰᠠᠢᠨ ᠤᠳᠤᠮ ᠲᠠᠢ ᠬᠦᠯᠦᠭ ᠪᠠᠢᠵᠤ ᠶᠠᠳᠠᠬᠤ ᠦᠭᠡᠢ᠂ ᠵᠠᠮ ᠤ᠋ᠨ ᠬᠣᠯᠠ ᠳ᠋ᠤ᠌ ᠰᠢᠷᠪᠥᠰᠥᠯᠢᠭ ᠶᠠᠩᠵᠤ ᠲᠠᠢ᠁ ᠰᠣᠯᠢ ᠶ᠋ᠢᠨ ᠬᠢᠷ᠎ᠠ ᠶ᠋ᠢᠨ ᠬᠠᠢᠷᠤᠪ ᠪᠠᠶᠠᠨ ᠤ᠋ ᠳᠠᠬᠢ ᠶ᠋ᠢᠨ ᠠᠵᠢᠷᠭ᠎ᠠ ᠲᠠᠢ ᠵᠡᠷᠯᠢᠭ ᠠᠳᠤᠭᠤᠨ ᠤ᠋ ᠤᠳᠤᠮ ᠴᠤ᠌ ᠶᠤᠮ ᠤᠤ》 ᠭᠡᠵᠦ ᠪᠣᠳᠣᠭᠠᠳ ᠰᠤᠬᠠᠢ ᠲᠠᠰᠢᠭᠤᠷ ᠤ᠋ᠨ ᠢ᠋ᠶ᠋ᠠᠨ ᠪᠠᠷᠢᠶ᠎ᠠ ᠪᠠᠷ ᠬᠠᠯᠲᠠᠷ ᠬᠡᠭᠡᠷ ᠦ᠋ᠨ ᠨᠢᠮᠭᠡᠨ ᠴᠠᠪᠢ ᠤᠷᠤᠭᠤ ᠳᠠᠩᠰᠠᠨ ᠴᠢᠴᠢᠭᠰᠡᠨ ᠳ᠋ᠦ᠍ ᠲᠡᠷᠡ ᠬᠦᠯᠦᠭ ᠳᠠᠪ ᠬᠢᠨ ᠰᠣᠴᠢᠵᠤ ᠲᠡᠭ ᠬᠢᠲᠡᠯ᠎ᠡ ᠦᠰᠦᠷᠦᠨ ᠱᠣᠩ ᠪᠤᠯᠭᠤᠯᠴᠢᠬᠠᠬᠤ ᠰᠢᠬᠠᠪᠠ᠃
— ᠶᠠᠭ ᠮᠥᠨ᠃ ᠰᠣᠯᠢ ᠶ᠋ᠢᠨ ᠬᠢᠷ᠎ᠠ ᠶ᠋ᠢᠨ ᠳᠠᠬᠢ ᠶ᠋ᠢᠨ ᠠᠵᠢᠷᠭ᠎ᠠ ᠲᠠᠢ ᠵᠡᠷᠯᠢᠭ ᠠᠳᠤᠭᠤᠨ ᠤ᠋ ᠤᠳᠤᠮ ᠪᠡᠶ᠎ᠡ ᠪᠡᠷ ᠢ᠋ᠶ᠋ᠡᠨ ᠮᠥᠨ ᠪᠠᠢᠨ᠎ᠠ ᠭᠡᠵᠦ ᠳᠦᠳᠦᠨᠡᠨ《 ᠡᠨᠡ ᠰᠠᠢᠨ ᠤᠳᠤᠮ ᠤ᠋ᠨ ᠬᠦᠯᠦᠭ ᠢ᠋ ᠯᠠᠪ ᠰᠠᠢᠨ ᠡᠷ᠎ᠡ ᠡᠳ᠋ᠯᠡᠵᠦ ᠶᠠᠪᠤᠨ᠎ᠠ᠁》 ᠭᠡᠵᠦ ᠭᠡᠷ ᠲᠦ᠋ᠨᠢ ᠢᠷᠡᠭᠰᠡᠨ ᠭᠡᠢᠴᠢᠨ ᠢ᠋ ᠤᠤᠯ ᠤ᠋ᠨ ᠪᠠᠰᠤᠵᠤ ᠲᠤᠭᠤᠮᠰᠠᠷᠠᠯᠠᠭᠰᠠᠨ ᠪᠣᠳᠣᠯ ᠨᠢ ᠪᠢᠰᠢᠷᠡᠯ ᠬᠦᠨᠳᠤᠤᠬᠡᠯ ᠢ᠋ᠶ᠋ᠡᠷ ᠰᠣᠯᠢᠭᠳᠠᠵᠤ ᠬᠤᠷᠳᠤᠬᠠᠨ ᠡᠳᠤᠨᠤᠰ ᠲᠠᠢ ᠠᠭᠤᠯᠵᠠᠬᠤ ᠶᠤᠮᠰᠠᠨ ᠭᠡᠵᠦ ᠡᠭᠦᠳᠡ ᠲᠠᠲᠠᠪᠠ᠃
— ᠵᠠ᠂ ᠰᠠᠢᠨ ᠢᠷᠡᠪᠡ ᠤᠤ? ᠭᠡᠵᠦ ᠠᠩᠴᠢᠨᠵᠠᠪ ᠡᠪᠦᠳᠦᠭ ᠰᠥᠬᠥᠷᠡᠨ ᠮᠡᠨᠳᠦ ᠮᠡᠳᠡᠪᠡᠯ ᠬᠣᠢᠮᠤᠷ ᠲᠤ ᠰᠠᠭᠤᠭᠠᠳ ᠬᠤᠢᠬ᠎ᠠ ᠮᠥᠯᠵᠢᠵᠦ ᠪᠠᠢᠭᠰᠠᠨ ᠬᠣᠶᠠᠷ ᠭᠡᠢᠴᠢᠨ ᠪᠠᠷᠤᠭ ᠵᠡᠷᠭᠡ ᠪᠡᠷ᠄
— ᠵᠠ᠂ ᠰᠠᠢᠨ! ᠰᠠᠢᠨ ᠶᠠᠪᠤᠵᠤ ᠢᠷᠡᠪᠡ ᠤᠤ? ᠭᠡᠵᠦ ᠬᠠᠷᠢᠭᠤ ᠮᠡᠨᠳᠦᠯᠡᠪᠡ᠃
ᠠᠩᠴᠢᠨᠵᠠᠪ ᠡᠪᠦᠷ ᠡᠴᠡ ᠪᠡᠨ ᠬᠥᠬᠦᠦᠷ ᠭᠠᠷᠭᠠᠨ ᠨᠥᠭᠦᠭᠡ ᠬᠣᠶᠠᠷ ᠲᠠᠢ ᠬᠥᠬᠦᠦᠷ ᠰᠣᠯᠢᠯᠴᠠᠨ ᠮᠡᠨᠳᠦᠯᠡᠬᠦ ᠳ᠋ᠡᠭᠡᠨ᠄
— ᠬᠣᠯᠠ ᠶ᠋ᠢᠨ ᠵᠠᠮ ᠳ᠋ᠠᠭᠠᠨ ᠶᠠᠳᠠᠷᠠᠪᠠ ᠤᠤ? ᠭᠡᠬᠦ ᠳ᠋ᠦ᠍ ᠲᠤᠷᠠᠩᠬᠠᠢᠪᠲᠤᠷ ᠭᠣᠵᠣᠯᠵᠠᠭᠰᠠᠨ ᠡᠷ᠎ᠡ ᠡᠨᠡ ᠴᠣᠭᠯᠢᠭ ᠰᠠᠢᠬᠠᠨ ᠵᠠᠯᠠᠭᠤ ᠶ᠋ᠢ ᠦᠵᠡᠮᠡᠭᠴᠡ ᠲᠣᠭᠣᠵᠤ᠄
— ᠭᠠᠢᠭᠤᠢ ᠬᠦ᠂ ᠭᠠᠵᠠᠷ ᠲᠠᠨᠢᠬᠤ ᠦᠭᠡᠢ ᠨᠤᠲᠤᠭ ᠲᠤ ᠴᠤ᠌ ᠭᠡᠰᠡᠨ ᠭᠠᠨᠵᠤᠭ᠎ᠠ ᠰᠤᠯᠠ ᠦᠭᠡᠢ ᠠ᠋! ᠨᠠᠭᠠᠰᠢ ᠪᠠᠨ ᠰᠠᠭᠤ! ᠭᠡᠵᠦ ᠨᠠᠢᠷ ᠲᠠᠯᠪᠢᠭᠠᠳ《 ᠬᠦᠦ ᠶ᠋ᠢᠨ ᠨᠡᠷ᠎ᠡ ᠬᠡᠨ ᠪᠢᠯᠡ?》 ᠭᠡᠵᠦ ᠪᠠᠭ᠎ᠠ ᠵᠡᠷᠭᠡ ᠠᠵᠢᠬᠯᠠᠰᠬᠢᠨ ᠠᠰᠠᠭᠤᠪᠠᠯ ᠬᠤᠪᠢᠯᠴᠡᠴᠡᠭ᠄
— ᠡᠨᠡ ᠮᠢᠨᠢ ᠮᠠᠭᠤ ᠬᠦᠦ! ᠨᠡᠷ᠎ᠡ ᠠᠩᠴᠢᠨᠵᠠᠪ ᠭᠡᠪᠡ᠃
— ᠣ ᠬᠥᠭᠡᠷᠦᠬᠦᠢ ᠳᠡ! ᠲᠠ ᠴᠢᠨᠢ ᠰᠠᠢᠬᠠᠨ ᠬᠦᠦ ᠲᠡᠢ ᠬᠥᠮᠦᠨ ᠪᠠᠢᠨ᠎ᠠ! ᠬᠦᠦ ᠲᠡᠢ ᠬᠥᠮᠦᠨ ᠬᠥᠯ ᠵᠢᠭᠢᠨᠡ ᠭᠡᠳᠡᠭ ᠢ᠋ᠶ᠋ᠡᠷ ᠡᠭᠡᠴᠢ ᠲᠠᠨ ᠤ᠋ ᠵᠢᠷᠭᠠᠬᠤ ᠴᠠᠭ ᠴᠤ᠌ ᠢᠷᠡᠵᠦ ᠪᠠᠢᠨ᠎ᠠ ᠭᠡᠵᠦ ᠲᠤᠷᠠᠩᠬᠠᠢᠪᠲᠤᠷ ᠭᠣᠵᠣᠯᠵᠠᠭᠰᠠᠨ ᠡᠷ᠎ᠡ ᠭᠡᠷ ᠦ᠋ᠨ ᠡᠵᠡᠭᠲᠡᠢ ᠤᠷᠤᠭᠤ ᠬᠠᠷᠠᠨ ᠬᠡᠯᠡᠪᠡᠯ ᠬᠤᠪᠢᠯᠴᠡᠴᠡᠭ᠄
— ᠡᠷ᠎ᠡ ᠥᠰᠴᠦ ᠢᠰᠡᠭᠡᠢ ᠰᠤᠨᠳᠠᠭ ᠭᠡᠳᠡᠭ ᠢ᠋ᠶ᠋ᠡᠷ ᠮᠠᠭᠤ ᠬᠦᠦ ᠮᠢᠨᠢ ᠬᠥᠮᠦᠨ ᠦ᠌ ᠵᠡᠷᠭᠡ ᠳ᠋ᠦ᠍ ᠬᠦᠷᠴᠡᠢ ᠭᠡᠵᠦ ᠪᠣᠳᠣᠬᠤ ᠳ᠋ᠤ᠌ ᠰᠡᠳᠬᠢᠯ ᠳ᠋ᠦ᠍ ᠨᠢᠭᠡ ᠯᠡ ᠥᠶᠥᠭ ᠶᠦᠮ! ᠭᠡᠪᠡ᠃
— ᠳᠡᠭᠡᠯ ᠦᠭᠡᠢ ᠶᠠᠭᠠᠬᠢᠬᠤ ᠪᠣᠢ! ᠭᠡᠵᠦ ᠨᠥᠭᠦᠭᠡ ᠨᠠᠮᠬᠠᠨ ᠰᠢᠷ᠎ᠠ ᠡᠷ᠎ᠡ ᠭᠡᠷ ᠦ᠋ᠨ ᠡᠵᠡᠭᠲᠡᠢ ᠶ᠋ᠢᠨ ᠦᠭᠡ ᠶ᠋ᠢ ᠳᠠᠭᠠᠭᠤᠯᠤᠨ ᠶᠠᠷᠢᠪᠠ᠃
— ᠱᠣᠩ ᠳᠡᠭᠡᠷ᠎ᠡ ᠤᠶᠠᠭᠠᠲᠠᠢ ᠬᠣᠶᠠᠷ ᠬᠡᠭᠡᠷ ᠮᠣᠷᠢᠨ ᠤ᠋ ᠴᠢᠨᠢ ᠥᠨᠳᠥᠷ ᠴᠡᠭᠡᠵᠢ ᠲᠡᠢ ᠬᠠᠯᠲᠠᠷ ᠬᠡᠭᠡᠷ ᠮᠣᠷᠢ ᠭᠡᠵᠦ ᠮᠥᠨ ᠨᠡᠯᠢᠶᠡᠳ ᠰᠠᠢᠨ ᠮᠣᠷᠢᠨ ᠤ᠋ ᠰᠢᠨᠵᠢ ᠲᠡᠢ ᠠᠳᠤᠭᠤ ᠶᠤᠮ ᠠ᠋ ! ᠭᠡᠵᠦ ᠠᠳᠤᠭᠤᠨ ᠳ᠋ᠤ᠌ ᠬᠣᠷᠣᠬᠠᠢᠲᠠᠢ ᠠᠩᠴᠢᠨᠵᠠᠪ ᠲᠡᠷᠡ ᠬᠠᠯᠲᠠᠷ ᠬᠡᠭᠡᠷ ᠢ᠋ ᠰᠣᠨᠢᠷᠬᠠᠵᠤ ᠠᠰᠠᠭᠤᠭᠰᠠᠨ ᠳ᠋ᠤ᠌ ᠲᠤᠷᠠᠩᠬᠠᠢᠪᠲᠤᠷ ᠭᠣᠵᠣᠯᠵᠠᠭᠰᠠᠨ ᠡᠷ᠎ᠡ ᠠᠩᠴᠢᠨᠵᠠᠪ ᠢ᠋ ᠠᠩᠬ᠎ᠠ 《 ᠰᠠᠢᠨ ᠬᠦᠦ᠂ ᠰᠠᠢᠬᠠᠨ ᠬᠦᠦ》 ᠭᠡᠵᠦ ᠡᠬᠡ ᠳ᠋ᠦ᠍ᠨᠢ ᠮᠠᠭᠲᠠᠭᠰᠠᠨ ᠪᠣᠯᠪᠠᠴᠤ ᠦᠨᠡᠨ ᠳ᠋ᠡᠭᠡᠨ《 ᠠᠮᠠᠨ ᠤ᠋ ᠬᠢᠨᠢ ᠰᠦ ᠭᠦᠢᠴᠡᠳ ᠠᠷᠢᠯᠤᠭᠠᠳᠤᠢ ᠨᠢᠯᠬᠠᠰᠢᠶᠡᠷ ᠵᠠᠯᠠᠭᠤ᠃ ᠪᠡᠶ᠎ᠡ ᠡᠴᠡ ᠨᠢ ᠠᠩᠭᠢᠷ ᠤᠭᠤᠷᠠᠭ ᠦᠨᠦᠷᠲᠦᠨ᠎ᠡ 》 ᠭᠡᠵᠦ ᠪᠠᠰᠤᠩᠭᠤᠢ ᠪᠣᠳᠣᠵᠤ ᠪᠠᠢᠭᠰᠠᠨ ᠲᠤᠯᠠ ᠤᠶᠠᠭᠠᠲᠠᠢ ᠮᠣᠷᠢᠳ ᠤ᠋ᠨ ᠰᠠᠢᠨ ᠮᠠᠭᠤ ᠶ᠋ᠢ ᠬᠠᠷᠠᠩᠭᠠᠨ ᠭᠠᠳᠠᠷᠯᠠᠵᠤ ᠶᠠᠷᠢᠭᠰᠠᠨ ᠦᠭᠡᠨ ᠳ᠋ᠦ᠍ᠨᠢ ᠭᠠᠢᠬᠠᠰᠢ ᠲᠥᠷᠥᠵᠦ᠂ ᠬᠣᠵᠢᠮ ᠬᠦᠯᠦᠭ ᠦ᠋ᠨ ᠰᠠᠢᠨ ᠢ᠋ ᠲᠠᠨᠢᠳᠠᠭ ᠰᠦᠷᠡᠬᠡᠢ ᠡᠷ᠎ᠡ ᠭᠠᠷᠬᠤ ᠨᠢ ᠭᠡᠵᠦ ᠥᠭᠡᠳᠡ ᠡᠴᠡ ᠨᠢ ᠬᠡᠰᠡᠭ ᠬᠠᠷᠠᠭᠰᠠᠨ ᠢ᠋ᠶ᠋ᠠᠨ᠄
— ᠰᠠᠢᠨ ᠮᠣᠷᠢᠨ ᠤ᠋ ᠰᠢᠨᠵᠢ ᠶ᠋ᠢ ᠶᠠᠭᠤ ᠪᠠᠷ ᠨᠢ ᠲᠠᠨᠢᠪᠠ ⁈ ᠭᠡᠵᠦ ᠬᠠᠰᠢᠷᠯᠠᠨ ᠠᠰᠠᠭᠤᠪᠠ᠃
— ᠶᠠᠭᠤ ᠴᠤ᠌ ᠭᠡᠬᠦ ᠶᠦᠮ ᠳᠡ᠃ ᠵᠢᠰᠦᠮ ᠢ᠋ᠶ᠋ᠡᠷ ᠢ᠋ᠶ᠋ᠡᠨ ᠣᠨᠳᠣᠣ ᠶᠤᠮ ᠠ᠋ ! ᠶᠡᠷᠦ ᠨᠢ ᠴᠠᠭᠠᠨ᠎ᠠ ᠠ᠋ᠴᠠ ᠪᠠᠨ ᠡᠦᠲᠦᠮ ᠶᠠᠰᠤ ᠨᠢ ᠥᠭᠡᠷ᠎ᠡ ᠬᠠᠷᠠᠭᠳᠠᠭᠠᠳ ᠪᠠᠢᠨ᠎ᠠ᠁ ᠭᠡᠵᠦ ᠠᠩᠴᠢᠨᠵᠠᠪ ᠵᠢᠭᠠᠬᠠᠨ ᠪᠦᠭᠡᠷᠡᠩᠬᠡᠢᠯᠡᠰᠬᠢᠵᠦ ᠬᠠᠷᠢᠭᠤᠯᠪᠠ᠃
《 ᠡᠦᠲᠦᠮ ᠶᠠᠰᠤ ᠨᠢ ᠥᠭᠡᠷ᠎ᠡ ᠁》ᠭᠡᠵᠦ ᠬᠣᠯᠠ ᠴᠠᠭᠠᠭᠤᠷ ᠶᠠᠭᠤᠮ᠎ᠠ ᠬᠡᠯᠡᠬᠦᠯᠡᠷ ᠲᠤᠷᠠᠩᠬᠠᠢᠪᠲᠤᠷ ᠡᠷ᠎ᠡ ᠄
— ᠠ !ᠡᠨᠡ ᠬᠠᠯᠲᠠᠷ ᠬᠡᠭᠡᠷ ᠦ᠋ᠨ ᠡᠦᠲᠦᠮ ᠶᠠᠰᠤ ᠴᠤ᠌ ᠭᠡᠵᠦ ᠶᠠᠭᠤ ᠪᠠᠢᠬᠤ ᠪᠣᠢ ᠳᠠ ! ᠡᠩ ᠦ᠋ᠨ ᠭᠣᠪᠢ ᠨᠤᠲᠤᠭ ᠤ᠋ᠨ ᠠᠳᠤᠭᠤ᠃ ᠣᠨᠣᠩᠭᠤᠲᠠ ᠴᠣᠴᠢᠮᠠᠭ ᠬᠤᠷᠳᠤᠨ ᠳᠠᠪᠬᠢᠶ᠎ᠠ ᠲᠠᠢ ᠪᠣᠯᠪᠠᠴᠤ ᠶᠠᠪᠤᠭᠠᠨ ᠳ᠋ᠠᠭᠠᠨ ᠫᠠᠯᠠᠷᠠᠩ ᠫᠠᠯᠠᠷᠠᠩ ᠭᠡᠳ ᠳᠠᠭᠠᠭᠠᠮᠠᠭᠠᠢ ᠲᠠᠷ ᠢ᠋ᠶ᠋ᠠᠷ ᠭᠠᠪᠢᠬᠤ ᠦᠭᠡᠢ ᠶᠦᠮ ᠠ᠋ ᠭᠡᠨ᠎ᠡ᠃ ᠡᠭᠦᠨ ᠳ᠋ᠦ᠍ ᠠᠩᠴᠢᠨᠵᠠᠪ᠄
— ᠠᠷᠠᠢ ᠲᠡᠢᠮᠦ ᠪᠢᠰᠢ ᠪᠠᠢᠬ᠎ᠠ᠃ ᠡᠨᠡ ᠬᠠᠯᠲᠠᠷ ᠬᠡᠭᠡᠷ ᠮᠣᠷᠢ ᠰᠣᠯᠢ ᠶ᠋ᠢᠨ ᠬᠢᠷ᠎ᠠ ᠶ᠋ᠢᠨ ᠳᠠᠬᠢ ᠶ᠋ᠢᠨ ᠡᠦᠲᠦᠮ ᠲᠡᠢ ᠠᠳᠤᠭᠤ ᠪᠣᠯᠵᠤ ᠲᠠᠭᠠᠷᠠᠨ᠎ᠠ᠃ ᠬᠣᠯᠠ ᠠᠶᠠᠨ ᠳ᠋ᠤ᠌ ᠶᠠᠰᠤ ᠨᠢ ᠬᠠᠯᠠᠬᠤ ᠲᠣᠰᠤᠮ ᠢ᠋ᠶ᠋ᠠᠨ ᠴᠢᠩᠭᠠᠷᠠᠳᠠᠭ ᠰᠢᠨᠳᠠᠰᠤ ᠰᠠᠢᠲᠠᠢ ᠬᠦᠯᠦᠭ ᠰᠢᠨᠵᠢ ᠲᠡᠢ ᠁ ᠭᠡᠵᠦ ᠲᠡᠷᠡ ᠲᠤᠷᠠᠩᠬᠠᠢᠪᠲᠤᠷ ᠭᠣᠵᠣᠯᠵᠠᠭᠰᠠᠨ ᠡᠷ᠎ᠡ ᠶ᠋ᠢᠨ ᠭᠣᠭᠴᠣᠭᠠᠯᠠᠵᠤ ᠲᠠᠯᠪᠢᠭᠰᠠᠨ ᠡᠭᠡᠳᠡᠷᠡᠭᠡᠨᠲᠡᠢ ᠣᠨᠢᠰᠣᠭ᠎ᠠ ᠶ᠋ᠢ ᠠᠯᠳᠠᠷᠠᠭᠠᠨ ᠲᠠᠢᠯᠤᠭᠰᠠᠨ ᠰᠢᠭ᠋ ᠤᠷᠤᠰᠤᠭᠤᠯᠵᠤ ᠬᠡᠯᠡᠭᠰᠡᠨ ᠳ᠋ᠦ᠍ ᠲᠡᠷᠡ ᠲᠤᠷᠠᠩᠬᠠᠢᠪᠲᠤᠷ ᠭᠣᠵᠣᠯᠵᠠᠭᠰᠠᠨ ᠡᠷ᠎ᠡ ᠠᠩᠴᠢᠨᠵᠠᠪ ᠤ᠋ᠨ ᠠᠳᠤᠭᠤ ᠮᠠᠯ ᠳ᠋ᠤ᠌ ᠬᠠᠩᠭᠢ ᠭᠢᠷᠠᠬᠠᠢ ᠪᠣᠯᠪᠠᠴᠤ ᠡᠴᠦᠰ ᠲᠡᠭᠡᠨ ᠨᠢᠯᠠᠭᠰᠠᠭ ᠴᠠᠭᠠᠪᠤᠷ ᠵᠠᠩ ᠨᠢ ᠠᠷᠭ᠎ᠠ ᠦᠭᠡᠢ ᠪᠤᠯᠲᠠᠢᠭᠰᠠᠨ ᠢ᠋ ᠪᠣᠳᠣᠨ ᠶᠠᠯᠢ ᠦᠭᠡᠢ ᠢᠨᠢᠶᠡᠪᠬᠢᠯᠡᠨ᠄
— ᠡᠨᠡ ᠴᠦ᠍ ᠨᠡᠯᠢᠶᠡᠳ ᠨᠢᠳᠦᠨ ᠳ᠋ᠡᠭᠡᠨ ᠤᠰᠤᠲᠠᠢ ᠬᠦᠦ ᠪᠠᠢᠨ᠎ᠠ ᠃ ᠬᠣᠵᠢᠮ ᠴᠤ᠌ ᠨᠢᠭᠡ᠁ ᠭᠡᠵᠦ ᠬᠡᠯᠡᠬᠦ ᠭᠡᠰᠡᠨ ᠢ᠋ ᠠᠩᠴᠢᠨᠵᠠᠪ ᠦᠭᠡ ᠶ᠋ᠢ ᠨᠢ ᠲᠠᠰᠤᠯᠵᠤ᠄
— ᠲᠡᠢᠮᠦ ᠪᠢᠰᠢ ᠪᠣᠯ ᠲᠠ ᠬᠣᠯᠠ ᠶ᠋ᠢᠨ ᠠᠶᠠᠨ ᠳ᠋ᠤ᠌ ᠬᠥᠲᠥᠯᠦᠭᠡ ᠮᠣᠷᠢ ᠲᠠᠢ ᠶᠠᠪᠤᠬᠤ ᠶᠤᠮ ᠪᠠᠢᠯᠭᠦᠢ ᠭᠡᠬᠦ ᠳ᠋ᠦ᠍ ᠲᠡᠷᠡ ᠨᠠᠮᠬᠠᠨ ᠰᠢᠷ᠎ᠠ ᠡᠷ᠎ᠡ᠄
— ᠲᠡᠢᠮᠦ ᠠ᠋! ᠲᠡᠢᠮᠦ! ᠭᠡᠪᠡ᠃
— ᠲᠡᠭᠡᠪᠡᠯ ᠨᠥᠭᠦᠭᠡ ᠬᠠᠷ᠎ᠠ ᠬᠡᠭᠡᠷ ᠨᠢ ᠶᠠᠮᠠᠷ ᠪᠣᠢ?
— ᠵᠠ᠂ ᠲᠡᠷᠡ ᠴᠤ᠌ ᠶᠠᠭᠠᠬᠢᠬᠤ ᠪᠣᠢ! ᠭᠣᠪᠢ ᠶ᠋ᠢᠨ ᠠᠳᠤᠭᠤᠨ ᠤ᠋ ᠤᠳᠤᠮ ᠲᠠᠢ ᠮᠣᠷᠢ ᠪᠠᠢᠨ᠎ᠠ᠃ ᠲᠡᠭᠡᠯ᠎ᠡ ᠴᠤ᠌ ᠭᠡᠰᠡᠨ ᠬᠠᠯᠲᠠᠷ ᠬᠡᠭᠡᠷ ᠦ᠋ᠨ ᠲᠣᠭᠣᠰᠣᠨ ᠠ᠋ᠴᠠ ᠴᠢᠨᠢ ᠳᠡᠮᠡᠢ ᠬᠣᠴᠣᠷᠬᠤ ᠦᠭᠡᠢ ᠬᠦᠯᠦᠭ ᠪᠠᠢᠨ᠎ᠠ ᠭᠡᠰᠡᠨ ᠳ᠋ᠦ᠍ ᠨᠠᠮᠬᠠᠨ ᠰᠢᠷ᠎ᠠ ᠡᠷ᠎ᠡ ᠠᠩᠴᠢᠨᠵᠠᠪ ᠢ᠋ ᠴᠣᠭᠣᠷᠠᠲᠠᠯ᠎ᠠ ᠬᠠᠷᠠᠭᠰᠠᠨ ᠢ᠋ᠶ᠋ᠠᠨ᠄
— ᠪᠠᠢᠵᠠ ᠠ᠋᠂ ᠡᠨᠡ ᠬᠦᠦ ᠲᠡᠢ ᠬᠠᠮᠢᠭ᠎ᠠ ᠨᠢᠭᠡ ᠠᠭᠤᠯᠵᠠᠭᠰᠠᠨ ᠰᠢᠭ᠋ ᠭᠡᠬᠦ ᠳ᠋ᠤ᠌ ᠲᠤᠷᠠᠩᠬᠠᠢᠪᠲᠤᠷ ᠭᠣᠵᠣᠯᠵᠠᠭᠰᠠᠨ ᠡᠷ᠎ᠡ ᠭᠡᠨᠡᠳᠲᠡ ᠭᠤᠶ᠎ᠠ ᠪᠠᠨ ᠠᠯᠠᠭᠠᠳᠠᠨ᠄
— ᠠᠱᠢ! ᠥᠷᠯᠥᠭᠡᠭᠦᠷ ᠡᠨᠡᠭᠦᠬᠡᠨ ᠳ᠋ᠦ᠍ ᠠᠳᠤᠭᠤᠨ ᠤ᠋ ᠲᠡᠯᠯᠡᠭᠡᠨ ᠳᠡᠭᠡᠷ᠎ᠡ ᠬᠠᠷᠠᠭᠰᠠᠨ ᠬᠦᠦ ᠪᠢᠰᠢ ᠪᠢᠯᠡ ᠤᠤ⁈ ᠤᠷᠭᠠᠴᠢᠳ ᠢ᠋ ᠰᠠᠨᠳᠤᠷᠭᠠᠨ ᠬᠠᠰᠢᠯᠭ᠎ᠠ ᠳᠠᠭᠠᠷᠢᠵᠤ ᠬᠦᠵᠦᠭᠦᠨ ᠳ᠋ᠡᠬᠢ ᠤᠷᠭ᠎ᠠ ᠶ᠋ᠢ ᠠᠯᠳᠠᠭᠤᠯᠤᠨ ᠨᠠᠳᠬᠤᠳᠠᠭ ᠮᠠᠩᠭᠢᠰᠤᠨ ᠬᠠᠯᠢᠭᠤᠨ ᠦᠷᠢᠶ᠎ᠡ ᠶ᠋ᠢ ᠵᠠᠳᠠᠭᠠᠢ ᠨᠣᠭᠲᠣ ᠬᠠᠶᠠᠵᠤ ᠨᠣᠭᠲᠣᠯᠠᠭᠠᠳ ᠪᠠᠷᠢᠴᠠ ᠵᠠᠢᠳᠠᠯᠠᠵᠤ ᠣᠷᠢᠯᠠᠭᠤᠯᠤᠨ ᠪᠤᠯᠭᠢᠭᠤᠯᠵᠤ ᠴᠣᠴᠢᠭ᠎ᠠ ᠶ᠋ᠢ ᠨᠢ ᠭᠠᠷᠭᠠᠴᠢᠬᠠᠭᠠᠳ ᠳᠡᠯ ᠢ᠋ ᠨᠢ ᠬᠢᠷᠭᠠᠵᠤ ᠬᠣᠨᠳᠣᠯᠠᠢ ᠳᠡᠭᠡᠷ᠎ᠡ ᠨᠢ ᠫᠠᠳ ᠭᠡᠲᠡᠯ᠎ᠡ ᠠᠯᠠᠭᠠᠳᠠᠵᠤ ᠲᠠᠭᠤᠳᠠᠭ ᠬᠦᠦ ᠪᠠᠢᠨ᠎ᠠ ᠰᠢᠲᠠ! ᠭᠡᠵᠦ ᠬᠣᠶᠠᠭᠤᠯᠠ ᠢᠨᠢᠶᠡᠬᠦ ᠳ᠋ᠦ᠍ ᠠᠩᠴᠢᠨᠵᠠᠪ ᠡᠪ ᠥᠭᠡᠢᠷᠬᠡᠵᠤ᠄《 ᠲᠡᠷᠡ ᠶᠠᠭᠠᠮᠠᠢ ᠳᠠ᠂ ᠦᠶ᠎ᠡ ᠬᠤᠷᠠᠭᠴᠤᠤᠯ ᠤ᠋ᠨ ᠡᠷ᠎ᠡ ᠶ᠋ᠢᠨ ᠨᠠᠭᠠᠳᠤᠮ ᠤ᠋ᠨ ᠵᠤᠭ᠎ᠠ ᠰᠢᠲᠠ!》 ᠭᠡᠪᠡ᠃
ᠭᠤᠷᠪᠠᠭᠤᠯᠠ ᠡᠢᠨ ᠲᠡᠢᠨ ᠭᠡᠵᠦ ᠡᠷ᠎ᠡ ᠬᠥᠮᠦᠨ᠂ ᠠᠭᠲᠠ ᠬᠦᠯᠦᠭ ᠦ᠋ᠨ ᠲᠤᠬᠠᠢ ᠡᠳᠦᠢ ᠲᠡᠳᠦᠢ ᠵᠣᠭᠣᠭ ᠬᠡᠯᠡᠯᠴᠡᠵᠦ ᠶᠡᠬᠡᠳᠡ ᠰᠡᠳᠬᠢᠯ ᠲᠠᠭᠠᠷᠠᠨ ᠨᠠᠷᠭᠢᠭᠰᠠᠨ ᠢ᠋ᠶ᠋ᠠᠨ ᠨᠥᠭᠦᠭᠡ ᠬᠣᠶᠠᠷ ᠭᠡᠢᠴᠢᠨ ᠥᠨᠳᠥᠷᠯᠡᠬᠦ ᠶ᠋ᠢᠨ ᠲᠦᠭᠦᠰ ᠪᠣᠯᠵᠤ ᠲᠡᠯᠢᠩ ᠰᠠᠪᠠ ᠪᠠᠨ ᠲᠥᠪᠬᠢᠨᠡᠭᠦᠯᠬᠦ ᠳ᠋ᠦ᠍ ᠠᠩᠴᠢᠨᠵᠠᠪ ᠤᠳᠠᠭᠠᠨ ᠵᠢᠯ ᠦ᠋ᠨ ᠵᠤᠵᠠᠭᠠᠨ ᠨᠠᠢᠷ ᠲᠠᠢ ᠠᠨᠳᠠ ᠨᠠᠢᠵᠠ ᠠ᠋ᠴᠠ ᠪᠠᠨ ᠰᠠᠯ ᠶᠠᠳᠠᠬᠤ ᠮᠡᠲᠦ᠄
— ᠶᠠᠭᠠᠷᠠᠭᠠᠳ ᠶᠠᠭᠠᠬᠢᠬᠤ ᠪᠣᠢ? ᠬᠦᠯᠦᠭ ᠮᠣᠷᠢᠨ ᠤ᠋ ᠪᠠᠨ ᠬᠥᠯ ᠨᠢᠷᠤᠭᠤ ᠶ᠋ᠢ ᠠᠮᠠᠷᠠᠭᠠᠵᠤ ᠬᠣᠨᠣᠭᠠᠳ ᠮᠠᠷᠭᠠᠰᠢ ᠥᠷᠯᠥᠭᠡ ᠡᠷᠲᠡ ᠶᠠᠪᠤ ᠯᠠ ᠳᠠ ᠭᠡᠪᠡ᠃
— ᠶᠠᠪᠤᠬᠤ ᠦᠭᠡᠢ ᠭᠣᠷᠢ ᠦᠭᠡᠢ᠂ ᠶᠡᠬᠡ ᠬᠦᠷᠢᠶ᠎ᠡ ᠣᠷᠣᠲᠠᠯ᠎ᠠ ᠵᠠᠮ ᠴᠤ᠌ ᠬᠣᠯᠠ ᠪᠠᠢᠨ᠎ᠠ ᠰᠢᠦ᠃
— ᠭᠠᠯ ᠠᠪᠬᠤ ᠭᠡᠵᠦ ᠶᠠᠭᠠᠷᠠᠭ᠎ᠠ ᠪᠢᠰᠢ ᠪᠣᠯ ᠬᠣᠨᠣᠴᠢᠬᠠᠭᠠᠳ ᠮᠠᠷᠭᠠᠲᠤᠷ ᠡᠷᠲᠡ ᠶᠠᠪᠤᠬᠤ ᠳ᠋ᠤ᠌ ᠶᠠᠭᠤ ᠠᠯᠵᠠᠬᠤ ᠪᠣᠢ? ᠭᠡᠵᠦ ᠠᠩᠴᠢᠨᠵᠠᠪ ᠡᠳᠡ ᠬᠣᠶᠠᠷ ᠢ᠋ ᠬᠣᠨᠣᠭᠤᠯᠬᠤ ᠭᠡᠳ ᠪᠠᠢᠳᠠᠭ ᠨᠢ ᠬᠠᠯᠲᠠᠷ ᠬᠡᠭᠡᠷ ᠢ᠋ ᠨᠢ ᠨᠢᠭᠡ ᠵᠠᠢᠳᠠᠯᠠᠵᠤ ᠦᠵᠡᠬᠦ ᠶ᠋ᠢ ᠭᠣᠷᠢᠳᠠᠭᠰᠠᠨ ᠤ᠋ ᠤᠴᠢᠷ ᠠᠵᠢ᠃
— ᠪᠣᠯᠬᠤ ᠦᠭᠡᠢ᠂ ᠳᠡᠭᠦᠦ ᠮᠢᠨᠢ᠂ ᠪᠢᠳᠡ ᠶᠡᠷᠦ ᠨᠢ ᠶᠠᠭᠠᠷᠠᠯᠲᠠᠢ ᠶᠠᠪᠤᠭ᠎ᠠ ᠤᠯᠤᠰ᠃ ᠮᠠᠨᠤᠰ ᠬᠠᠯᠬ᠎ᠠ ᠶ᠋ᠢᠨ ᠰᠠᠢᠨ ᠡᠷ᠎ᠡ ᠭᠤᠨᠠᠨ ᠪᠠᠳᠠᠢ ᠲᠠᠢ ᠠᠭᠤᠯᠵᠠᠬᠤ ᠭᠡᠵᠦ ᠶᠠᠭᠠᠷᠠᠵᠤ ᠶᠠᠪᠤᠨ᠎ᠠ ᠭᠡᠵᠦ ᠡᠨᠡ ᠬᠦᠦ ᠶ᠋ᠢ ᠳᠠᠩᠴᠤ ᠪᠠᠰᠤᠵᠤ ᠰᠠᠨᠠᠮᠰᠠᠷ ᠦᠭᠡᠢ ᠦᠨᠡᠨ ᠢ᠋ᠶ᠋ᠡᠨ ᠬᠡᠯᠡᠭᠰᠡᠨ ᠳ᠋ᠦ᠍ ᠠᠩᠴᠢᠨᠵᠠᠪ《ᠭᠤᠨᠠᠨ ᠪᠠᠳᠠᠢ 》 ᠭᠡᠬᠦ ᠲᠡᠢ ᠵᠡᠷᠭᠡ ᠨᠢᠳᠦ ᠨᠢ ᠣᠷᠣᠢ ᠳᠡᠭᠡᠷ᠎ᠡ ᠪᠡᠨ ᠭᠠᠷᠴᠤ᠄
— ᠭᠤᠨᠠᠨ ᠪᠠᠳᠠᠢ ᠭᠡᠨ᠎ᠡ ᠠ᠋⁈ ᠭᠡᠵᠦ ᠠᠰᠠᠭᠤᠯ᠎ᠠ᠃
— ᠵᠤᠤᠬᠠᠢ ᠳᠠ! ᠴᠢ ᠭᠤᠨᠠᠨ ᠪᠠᠳᠠᠢ ᠶ᠋ᠢ ᠲᠠᠨᠢᠳᠠᠭ ᠤᠤ ?
— ᠲᠠᠨᠢᠬᠤ ᠦᠭᠡᠢ ᠶᠠᠭᠠᠬᠢᠬᠤ ᠪᠣᠢ? ᠭᠤᠨᠠᠨ ᠪᠠᠳᠠᠢ ᠴᠤ᠌ ᠶᠣᠰᠣᠲᠠᠢ ᠡᠷ᠎ᠡ ᠰᠢᠦ ᠳᠡ! ᠭᠡᠵᠦ ᠬᠥᠭᠡᠷᠪᠡ᠃
— ᠭᠤᠨᠠᠨ ᠪᠠᠳᠠᠢ ᠶ᠋ᠢ ᠴᠢ ᠲᠠᠨᠢᠨ᠎ᠠ ᠭᠡᠨ᠎ᠡ ᠠ᠋? ᠭᠡᠵᠦ ᠲᠤᠷᠠᠩᠬᠠᠢᠪᠲᠤᠷ ᠭᠣᠵᠣᠯᠵᠠᠭᠰᠠᠨ ᠡᠷ᠎ᠡ 《 ᠪᠢᠲᠡᠭᠡᠢ ᠬᠤᠳᠠᠯ ᠬᠡᠯᠡ᠂ ᠳᠡᠭᠦᠦ ᠮᠢᠨᠢ !》 ᠭᠡᠰᠡᠨ ᠰᠢᠭ ᠨᠥᠭᠦᠭᠡ ᠨᠠᠮᠬᠠᠨ ᠰᠢᠷ᠎ᠠ ᠡᠷ᠎ᠡ ᠶ᠋ᠢ ᠬᠠᠷᠠᠵᠤ ᠪᠠᠰᠤᠩᠭᠤᠢ ᠢᠨᠢᠶᠡᠨ᠎ᠡ᠃
ᠨᠥᠭᠦᠭᠡ ᠨᠠᠮᠬᠠᠨ ᠰᠢᠷ᠎ᠠ ᠵᠠᠯᠠᠭᠤ ᠴᠤ᠌ ᠲᠡᠭᠦᠨ ᠦ᠌ ᠵᠦᠭ ᠬᠠᠷᠠᠭᠠᠳ 《 ᠠᠷᠠᠢ ᠴᠤ᠌ ᠦᠭᠡᠢ ᠪᠠᠢᠯᠭᠦᠢ ᠳᠡ 》 ᠭᠡᠰᠡᠨ ᠰᠢᠭ ᠢᠨᠢᠶᠡᠪᠡ᠃
— ᠭᠤᠨᠠᠨ ᠪᠠᠳᠠᠢ ᠡᠮᠦᠨ᠎ᠡ ᠭᠣᠪᠢ ᠶ᠋ᠢᠨ ᠬᠡᠳᠦᠨ ᠰᠠᠢᠨ ᠡᠷ᠎ᠡ ᠲᠡᠢ ᠵᠠᠰᠠᠭ ᠤ᠋ᠨ ᠠᠳᠤᠭᠤ ᠰᠠᠯᠭᠠᠵᠤ ᠲᠠᠭᠤᠭᠠᠳ ᠪᠠᠷᠢᠭᠳᠠᠵᠤ ᠵᠠᠰᠠᠭ ᠤ᠋ᠨ ᠶᠠᠯ᠎ᠠ ᠲᠠᠮᠤ ᠳ᠋ᠤ᠌ ᠤᠨᠠᠭᠠᠳ ᠰᠢᠷᠢᠯᠡᠭᠳᠡᠭᠰᠡᠨ ᠭᠡᠨ᠎ᠡ ᠃ ᠦᠢᠯᠡ ᠲᠠᠮᠤ ᠪᠠᠨ ᠦᠵᠡᠵᠡᠢ ᠠ᠋ ᠂ ᠴᠢᠰᠤᠨ ᠨᠥᠵᠢ ᠪᠣᠯᠲᠠᠯ᠎ᠠ ᠬᠣᠩᠭᠣ ᠪᠠᠨ ᠪᠠᠨᠰᠠᠳᠠᠭᠤᠯᠤᠭᠰᠠᠨ ᠴᠤ᠌ ᠬᠣᠰᠢᠭᠤ ᠨᠤᠳᠤᠭ᠂ ᠨᠡᠷ᠎ᠡ ᠤᠰᠤ᠂ ᠬᠠᠨᠢ ᠬᠠᠮᠰᠠᠭᠠᠲᠠᠨ ᠢ᠋ᠶ᠋ᠠᠨ ᠥᠴᠢᠭᠯᠡᠭᠡ ᠦᠭᠡᠢ ᠰᠠᠢᠨ ᠡᠷ᠎ᠡ ᠭᠡᠨ᠎ᠡ᠃ ᠬᠢᠲᠤᠭ᠎ᠠ ᠰᠢᠭ᠋ ᠢᠷ ᠲᠡᠢ ᠮᠣᠭᠠᠢ ᠲᠠᠰᠢᠭᠤᠷ ᠤ᠋ᠨ ᠭᠤᠶᠠᠳᠠᠯ ᠳ᠋ᠤ᠌ ᠬᠣᠩᠭᠣ ᠶ᠋ᠢᠨ ᠬᠢᠨᠢ ᠮᠢᠬ᠎ᠠ ᠲᠠᠰᠤᠷᠠᠵᠤ ᠪᠠᠢᠭᠰᠠᠨ ᠴᠤ᠌ ᠶᠣ ᠭᠡᠵᠦ ᠬᠠᠰᠬᠢᠷᠬᠤ ᠦᠭᠡᠢ ᠰᠢᠳᠦ ᠨᠢ ᠱᠠᠷᠴᠢᠭᠢᠨᠠᠭᠠᠳ᠂ ᠬᠥᠯᠥᠰᠥ ᠪᠠᠳᠬᠤᠭᠠᠳ ᠯᠠ ᠪᠠᠢᠭᠰᠠᠨ ᠭᠡᠨ᠎ᠡ ᠁ ᠭᠡᠵᠦ ᠵᠢᠭᠠᠯ ᠠᠩᠴᠢᠨᠵᠠᠪ ᠪᠤᠰᠤᠳ ᠤ᠋ᠨ ᠠᠮᠠᠨ ᠠ᠋ᠴᠠ ᠳᠠᠮ ᠰᠣᠨᠣᠰᠤᠭᠰᠠᠨ ᠢ᠋ᠶ᠋ᠠᠨ ᠨᠢᠳᠦ ᠪᠡᠷ ᠦᠵᠡᠭᠰᠡᠨ ᠰᠢᠭ ᠳᠦᠷᠰᠦᠯᠡᠵᠦ ᠮᠡᠷᠭᠡᠯᠡᠬᠦ ᠳ᠋ᠦ᠍ ᠨᠥᠭᠦᠭᠡ ᠬᠣᠶᠠᠷ ᠡᠷ᠎ᠡ ᠶ᠋ᠢᠨ ᠴᠢᠷᠠᠢ ᠰᠤᠨᠢᠨ ᠪᠣᠯᠵᠤ᠄
— ᠭᠤᠨᠠᠨ ᠪᠠᠳᠠᠢ ᠡᠦᠲᠦ ᠬᠠᠮᠢᠭ᠎ᠠ ᠪᠠᠢᠨ᠎ᠠ? ᠴᠢ ᠪᠠᠰᠠ ᠶᠠᠭᠤ ᠳᠤᠭᠤᠯᠪᠠ? ᠭᠡᠵᠦ ᠨᠢᠮᠪᠠᠢ ᠤᠬᠤᠴᠢᠯᠠᠭᠰᠠᠨ ᠳ᠋ᠤ᠌᠂ ᠠᠩᠴᠢᠨᠵᠠᠪ ᠠᠮᠠ ᠪᠠᠨ ᠠᠩᠭᠠᠢᠨ ᠲᠣᠯᠣᠭᠠᠢ ᠪᠠᠨ ᠮᠠᠭᠠᠵᠢᠭᠠᠳ ᠬᠡᠰᠡᠭ ᠲᠦᠭᠳᠡᠷᠡᠭᠰᠡᠨ ᠢ᠋ᠶ᠋ᠡᠨ᠄
— ᠁ ᠶᠠᠭᠤ ᠴᠤ᠌ ᠭᠡᠰᠡᠨ᠂ ᠵᠠᠰᠠᠭ ᠤ᠋ᠨ ᠶᠠᠮᠤᠨ ᠳ᠋ᠤ᠌ ᠶᠠᠯᠠᠯᠠᠭᠳᠠᠵᠤ ᠲᠦᠭᠦᠬᠡᠢ ᠰᠢᠷᠢᠨ ᠳ᠋ᠦ᠍ ᠰᠢᠷᠢᠯᠡᠭᠳᠡᠭᠰᠡᠨ ᠬᠢᠷᠢᠨ ᠢ᠋ᠶ᠋ᠡᠨ ᠳᠤᠲᠠᠭᠠᠭᠠᠳ ᠠᠯᠠᠭ᠎ᠠ ᠪᠣᠯᠴᠢᠬᠠᠯ᠎ᠠ ᠭᠡᠰᠡ ᠰᠤᠷᠠᠭ ᠲᠠᠢ ᠁ ᠭᠡᠵᠦ ᠠᠮᠠᠨ ᠵᠠᠪᠠᠵᠢ ᠨᠢ ᠰᠤᠯᠠᠷᠠᠨ ᠠᠩᠬ᠎ᠠ ᠠᠩᠬᠠᠨ ᠤ 《ᠭᠤᠨᠠᠨ ᠪᠠᠳᠠᠢ ᠶ᠋ᠢ ᠲᠠᠨᠢᠨ᠎ᠠ ᠁ ᠭᠤᠨᠠᠨ ᠪᠠᠳᠢ ᠶᠠᠭᠠᠬᠢᠯ᠎ᠠ ᠡᠢᠯ᠎ᠡ ᠁ 》ᠭᠡᠵᠦ ᠬᠥᠪᠰᠥᠷᠳᠡᠡ ᠨᠥᠭᠦᠭᠡ ᠡᠮᠦᠨ᠎ᠠ ᠭᠣᠪᠢ ᠶ᠋ᠢᠨ ᠴᠠᠭᠠᠨ᠎ᠠ ᠠ᠋ᠴᠠ ᠢᠷᠡᠭᠰᠡᠨ ᠬᠤᠶᠠᠷ ᠡᠷ᠎ᠡ ᠶ᠋ᠢ ᠪᠠᠰᠤᠵᠤ ᠡᠬᠢᠯᠡᠭᠡᠳ ᠲᠠᠨᠢᠯ ᠪᠣᠯᠬᠤ ᠰᠠᠢᠨ ᠡᠷ᠎ᠡ ᠶ᠋ᠢ ᠨᠢ ᠦᠯᠦ ᠲᠠᠨᠢᠬᠤ ᠬᠥᠮᠦᠨ ᠳ᠋ᠦ᠍ ᠰᠢᠭ ᠭᠦᠪᠢᠵᠦ ᠮᠠᠭᠲᠠᠭᠰᠠᠨ ᠣᠮᠣᠭ ᠨᠢ ᠬᠠᠮᠰᠢᠢᠪᠠ᠃
ᠠᠩᠴᠢᠨᠵᠠᠪ ᠤᠨ ᠢᠩᠭᠢᠵᠦ ᠨᠥᠭᠦᠭᠡ ᠬᠣᠶᠠᠷ ᠲᠤ᠌ ᠮᠡᠳᠡᠮᠡᠬᠡᠢᠷᠡᠨ ᠮᠡᠷᠭᠡᠯᠡᠭᠰᠡᠨ ᠨᠢ ᠨᠠᠷᠢᠨ ᠤᠬᠠᠭᠠᠨ ᠪᠢᠰᠢ᠃ ᠡᠨᠡ ᠨᠢ ᠦᠨᠡᠨ ᠳ᠋ᠡᠭᠡᠨ ᠭᠤᠨᠠᠨ ᠪᠠᠳᠠᠢ ᠶ᠋ᠢ ᠪᠢᠰᠢᠷᠡᠵᠦ ᠲᠡᠭᠦᠨ ᠲᠡᠢ ᠣᠯᠵᠤ ᠠᠭᠤᠯᠵᠠᠬᠤ ᠶ᠋ᠢᠨ ᠬᠦᠰᠡᠯᠡᠩ ᠪᠣᠯᠬᠤ ᠳ᠋ᠠᠭᠠᠨ ᠬᠠᠮᠢᠭ᠎ᠠ ᠨᠤᠲᠤᠭ ᠤᠨ ᠦᠯᠦ ᠲᠠᠨᠢᠬᠤ ᠬᠥᠮᠦᠨ ᠳ᠋ᠦ᠍ ᠪᠡᠶ᠎ᠡ ᠪᠡᠨ ᠭᠠᠢᠬᠠᠭᠤᠯᠤᠨ 《ᠪᠢ ᠲᠠᠨᠢᠨ᠎ᠠ》 ᠭᠡᠵᠦ ᠬᠡᠦᠬᠡᠳᠯᠢᠭ ᠵᠠᠩᠨᠠᠭᠰᠠᠨ ᠬᠡᠷᠡᠭ᠃ ᠭᠠᠭᠴᠠ ᠵᠣᠷᠢᠯᠭ᠎ᠠ ᠨᠢ ᠭᠡᠪᠡᠯ ᠪᠠᠰᠠ ᠯᠠ ᠨᠥᠭᠦᠭᠡ ᠬᠣᠶᠠᠷ ᠵᠣᠴᠢᠨ ᠢ᠋ ᠭᠡᠷ ᠲᠡᠭᠡᠨ ᠬᠤᠨᠤᠭᠤᠯᠤᠭᠠᠳ ᠬᠠᠯᠲᠠᠷ ᠬᠡᠭᠡᠷ ᠮᠣᠷᠢ ᠶ᠋ᠢ ᠨᠢ ᠤᠬᠠᠭᠠᠯᠠᠵᠤ ᠦᠵᠡᠬᠦ ᠶᠤᠮᠰᠠᠨ ᠭᠡᠰᠡᠨ ᠳᠥᠬᠥᠮᠬᠡᠨ ᠪᠣᠳᠣᠯ᠃ ᠭᠡᠬᠦ ᠳ᠋ᠡᠭᠡᠨ ᠡᠨᠡ ᠨᠢ ᠬᠦᠦ ᠶ᠋ᠢᠨ ᠰᠠᠨᠠᠭᠰᠠᠨ ᠢ᠋ᠶ᠋ᠠᠷ ᠪᠣᠯᠤᠭᠰᠠᠨ ᠦᠬᠡᠢ᠃ ᠬᠠᠷᠢᠨ ᠡᠭᠦᠨ ᠤ ᠡᠰᠡᠷᠭᠦ ᠪᠡᠷ ᠨᠥᠭᠦᠭᠡ ᠬᠣᠶᠠᠷ ᠲᠤ᠌ ᠠᠳᠠ ᠠ᠋ᠴᠠ ᠤᠯᠠᠮ ᠴᠤ᠌ ᠱᠠᠯᠠᠪᠬᠠᠨ ᠬᠥᠳᠡᠯᠬᠦ ᠭᠡᠰᠡᠨ ᠪᠣᠳᠣᠯ ᠣᠷᠣᠭᠤᠯᠵᠠᠢ᠃ ᠡᠭᠦᠨ ᠦ᠌ ᠤᠯᠠᠮ ᠢᠶᠠᠷ ᠨᠥᠭᠦᠭᠡ ᠬᠣᠶᠠᠷ ᠵᠣᠴᠢᠨ ᠤ ᠰᠠᠭᠤᠳᠠᠯ ᠳᠣᠣᠷ᠎ᠠ ᠠ᠋ᠴᠠ ᠥᠷᠭᠡᠰᠦ ᠬᠠᠳᠬᠤᠭᠰᠠᠨ ᠰᠢᠭ᠋ ᠪᠣᠰᠴᠤ ᠬᠥᠳᠡᠯᠪᠡ᠃
ᠬᠠᠵᠠᠭᠠᠷ ᠨᠣᠭᠲᠤᠨ ᠤ ᠭᠠᠷᠠᠬ᠎ᠠ ᠡᠷᠭᠢᠭᠦᠯᠭᠡ ᠶ᠋ᠢᠨ ᠳᠠᠭᠤᠨ ᠬᠠᠩᠭᠢᠨᠠᠵᠤ ᠰᠠᠢᠬᠢ ᠬᠣᠶᠠᠷ ᠡᠷ᠎ᠡ ᠶ᠋ᠢ ᠮᠣᠷᠢᠨ ᠳᠠᠭᠠᠨ ᠮᠣᠷᠳᠠᠵᠤ 《ᠲᠠ ᠨᠠᠷ ᠰᠠᠢᠨ ᠰᠠᠭᠤᠵᠤ ᠪᠠᠢᠭᠠᠷᠠᠢ》 ᠭᠡᠳ ᠬᠥᠳᠡᠯᠬᠦ ᠳ᠋ᠦ᠍ ᠠᠩᠴᠢᠨᠵᠠᠪ ᠦᠨ ᠰᠡᠳᠬᠢᠯ ᠭᠡᠨᠡᠳᠲᠡ ᠬᠥᠭᠰᠡᠨ ᠳᠣᠭᠳᠣᠯᠵᠤ《 ᠵᠢᠩᠬᠢᠨᠢ ᠡᠷ᠎ᠡ ᠭᠦᠨ ᠦ᠌ ᠣᠮᠣᠭ ᠵᠢᠪᠬᠤᠭ᠎ᠠ ᠭᠡᠭᠴᠢ ᠡᠨᠡ ᠯᠡ ᠳᠡ ! ᠭᠤᠨᠠᠨ ᠪᠠᠳᠠᠢ ᠯᠠᠪ ᠯᠠ ᠡᠢᠮᠦᠷᠬᠦᠦ ᠲᠥᠯᠥᠪ ᠲᠡᠢ ᠪᠠᠢᠬ᠎ᠠ! ᠡᠳᠡᠨᠥᠰ ᠲᠡᠢ ᠬᠠᠮᠰᠠᠭᠠᠲᠠᠨ ᠴᠤ᠌ ᠪᠠᠢᠵᠤ ᠮᠡᠳᠡᠨ᠎ᠡ》 ᠭᠡᠳᠡᠭ ᠪᠣᠳᠣᠯ ᠳᠠᠷᠢᠬᠢᠨ ᠳᠤᠨᠢ ᠬᠠᠷᠪᠤᠨ ᠤᠷᠤᠵᠤ ᠲᠡᠭᠦᠨ ᠤ ᠠᠷᠠᠢ ᠲᠥᠯᠥᠪᠵᠢᠭᠡ ᠦᠭᠡᠢ ᠡᠷ᠎ᠡ ᠬᠣᠩᠭᠣᠷ ᠪᠣᠳᠣᠯ ᠢ᠋ ᠣᠪᠣᠯᠵᠠᠭᠤᠯᠤᠨᠠ᠃
ᠨᠥᠭᠦᠭᠡ ᠬᠣᠶᠠᠷ ᠡᠷ᠎ᠡ ᠮᠣᠷᠳᠠᠮᠠᠭᠴᠠ ᠪᠠᠨ ᠡᠨᠡ ᠡᠵᠢ ᠬᠦᠦ ᠬᠣᠶᠠᠷ ᠢ᠋ ᠬᠠᠩᠬᠠᠢ ᠪᠣᠷᠣ ᠭᠡᠷ ᠲᠡᠢ ᠨᠢ ᠥᠨᠦᠴᠢᠷᠡᠭᠦᠯᠵᠦ ᠬᠠᠶᠠᠨ᠂ ᠲᠠᠴᠢᠭᠢᠨᠠᠭᠠᠳ ᠣᠳᠬᠤ ᠮᠣᠷᠢᠨ ᠤ᠋ ᠲᠦᠪᠡᠷᠭᠡᠨ ᠳ᠋ᠦ᠍ ᠬᠤᠢᠯᠠᠷᠠᠭᠰᠠᠨ ᠲᠣᠭᠣᠰᠣᠨ ᠳ᠋ᠠᠭᠠᠨ ᠨᠢᠭᠤᠭᠳᠠᠵᠤ ᠳᠣᠪᠲᠣᠯᠪᠠ᠃
ᠭᠡᠰᠡᠭ ᠬᠠᠷᠠᠵᠤ ᠵᠣᠭᠰᠣᠭᠰᠠᠨ ᠠᠩᠴᠢᠨᠵᠠᠪ ᠲᠡᠷᠡ ᠬᠣᠶᠠᠷ ᠤ᠋ᠨ ᠬᠣᠢᠨ᠎ᠠ ᠠ᠋ᠴᠠ ᠲᠡᠰᠬᠡᠯ ᠦᠭᠡᠢ《 ᠨᠠᠮᠠᠶ᠋ᠢ ᠬᠦᠯᠢᠶᠡᠵᠦ ᠪᠠᠢᠭᠠᠷᠠᠢ᠂ ᠪᠢ ᠪᠠᠰᠠ ᠭᠤᠨᠠᠨ ᠪᠠᠳᠠᠢ ᠲᠠᠢ ᠠᠭᠤᠯᠵᠠᠶ᠎ᠠ》ᠭᠡᠵᠦ ᠬᠠᠰᠬᠢᠷᠤᠭᠠᠳ ᠮᠣᠷᠢᠨ ᠤ ᠴᠤᠯᠪᠤᠭᠤᠷ ᠢ᠋ᠶ᠋ᠠᠨ ᠲᠠᠢᠯᠵᠤ ᠡᠵᠢ ᠳ᠋ᠠᠭᠡᠨ᠄
— ᠡᠵᠢ ᠠ᠋᠂ ᠪᠢ ᠪᠠᠰᠠ ᠡᠳᠡᠨᠦᠰ ᠲᠠᠢ ᠶᠠᠪᠤᠶ᠎ᠠ! ᠡᠨᠡ ᠬᠣᠶᠠᠷ ᠡᠷ᠎ᠡ ᠭᠤᠨᠠᠨ ᠪᠠᠳᠠᠢ ᠲᠠᠢ ᠠᠭᠤᠯᠵᠠᠬᠤ ᠪᠠᠷ ᠶᠠᠪᠤᠭ᠎ᠠ ᠶᠤᠮ ᠪᠠᠢᠨ᠎ᠠ᠃ ᠰᠠᠢᠨ ᠬᠥᠮᠥᠰ ᠪᠠᠢᠨ᠎ᠠ᠃ ᠪᠢ ᠡᠳᠡᠨᠦᠰ ᠲᠦ ᠳᠤᠰᠠ ᠪᠣᠯᠬᠤ ᠶᠤᠮᠰᠠᠨ ᠭᠡᠪᠡ᠃ ᠡᠭᠦᠨ ᠳ᠋ᠦ᠍ ᠬᠤᠪᠢᠯᠴᠡᠴᠡᠭ᠄
— ᠬᠦᠦ ᠮᠢᠨᠢ᠂ ᠪᠠᠢᠭ ᠳ᠋ᠠ ! ᠡᠴᠢᠭᠡ ᠴᠢᠨᠢ ᠶᠠᠪᠤᠬᠤ ᠳ᠋ᠠᠭᠠᠨ 《ᠪᠣᠴᠠᠵᠣ ᠯᠠᠪ ᠢᠷᠡᠨ᠎ᠡ》 ᠭᠡᠵᠦ ᠠᠮᠠᠯᠠᠭᠠᠳ ᠣᠳᠣ ᠪᠣᠯᠲᠠᠯ᠎ᠠ ᠠᠯᠠᠭ᠎ᠠ᠃ ᠬᠦᠦ ᠮᠢᠨᠢ ᠡᠦᠲᠦ ᠡᠵᠢ ᠪᠡᠨ ᠣᠷᠬᠢᠭᠠᠳ ᠶᠠᠪᠤᠪᠠᠯ ᠡᠵᠢ ᠨᠢ ᠰᠢᠨᠠᠯᠵᠤ ᠦᠬᠦᠨ᠎ᠡ ᠰᠢᠦ ᠳᠡ ᠭᠡᠪᠡ᠃
— ᠦᠭᠡᠢ᠂ ᠡᠵᠢ ᠠ᠋! ᠪᠢ ᠡᠳᠡᠨᠥᠰ ᠲᠡᠢ ᠶᠠᠪᠤᠵᠤ ᠭᠤᠨᠠᠨ ᠪᠠᠳᠠᠢ ᠲᠠᠢ ᠠᠭᠤᠯᠵᠠᠴᠢᠬᠠᠭᠠᠳ ᠯᠠ ᠪᠤᠴᠠᠵᠤ ᠢᠷᠡᠨ᠎ᠡ᠃ ᠲᠠ ᠰᠠᠨᠠᠭ᠎ᠠ ᠠᠮᠤᠷ ᠪᠠᠢ !
— ᠪᠢᠲᠡᠭᠡᠢ ᠲᠡᠭᠡ! ᠬᠦᠦ ᠮᠢᠨᠢ᠂ ᠡᠨᠡ ᠬᠣᠶᠠᠷ ᠴᠢᠨᠢ ᠶᠠᠮᠠᠷ ᠬᠠᠰᠢ ᠪᠠᠨ ᠤᠯᠤᠰ ᠢ᠋ ᠬᠡᠯᠡᠵᠦ ᠮᠡᠳᠡᠬᠦ ᠦᠭᠡᠢ ᠠ᠋! ᠭᠡᠷ ᠣᠷᠣᠨ ᠭᠡᠵᠦ ᠪᠠᠢᠳᠠᠭ ᠦᠭᠡᠢ ᠬᠡᠰᠦᠭᠦᠯ ᠦ᠋ᠨ ᠬᠥᠮᠦᠨ ᠰᠢᠭ ᠯᠡ ᠬᠠᠷᠠᠭᠳᠠᠨ᠎ᠠ᠁ ᠭᠤᠨᠠᠨ ᠪᠠᠳᠠᠢ ᠶ᠋ᠢ ᠴᠢᠨᠢ ᠪᠠᠷᠢᠬᠤ ᠪᠠᠷ ᠶᠠᠪᠤᠭ᠎ᠠ ᠴᠤ᠌ ᠮᠠᠭᠠᠳ ᠦᠭᠡᠢ᠃ ᠭᠤᠨᠠᠨ ᠪᠠᠳᠠᠢ᠂ ᠭᠤᠨᠠᠨ ᠪᠠᠳᠠᠢ ᠭᠡᠵᠦ ᠰᠤᠷᠠᠭᠯᠠᠭᠠᠳ ᠪᠠᠢᠳᠠᠭ ᠨᠢ ᠲᠡᠳᠡᠨᠦᠰ ᠴᠠᠭᠠᠭᠤᠷ ᠢ᠋ᠶ᠋ᠠᠨ ᠬᠣᠯᠪᠣᠭ᠎ᠠ ᠲᠠᠢ ᠤᠯᠤᠰ ᠤᠤ ᠳᠠ⁈ ᠬᠡᠯᠡᠵᠦ ᠮᠡᠳᠡᠬᠦ ᠦᠭᠡᠢ ᠁ ᠬᠡᠳᠦᠭᠦᠯᠡ ᠬᠠᠮᠰᠠᠵᠤ ᠵᠠᠰᠠᠭ ᠤ᠋ᠨ ᠠᠳᠤᠭᠤ ᠰᠠᠯᠭᠠᠵᠤ ᠲᠠᠭᠤᠭᠠᠳ ᠭᠤᠨᠠᠨ ᠪᠠᠳᠠᠢ ᠪᠠᠨ ᠬᠡᠷᠡᠭ ᠲᠦ᠍ ᠴᠢᠷᠦᠭᠦᠯᠦᠨ ᠰᠢᠷᠢᠯᠡᠭᠦᠯᠵᠦ ᠦᠢᠯᠡ ᠲᠠᠮᠤ ᠶ᠋ᠢ ᠨᠢ ᠦᠵᠡᠭᠡᠳ ᠁ ᠡᠦᠲᠦ ᠴᠠᠭᠠᠳᠤᠬᠢ ᠪᠠᠨ ᠰᠤᠷᠠᠭᠯᠠᠵᠤ ᠶᠠᠪᠤᠭ᠎ᠠ ᠨᠢ ᠠᠯᠢ ᠨᠢᠭᠡ ᠡᠳᠦᠷ ᠪᠠᠰᠠ ᠵᠠᠰᠠᠭ ᠤ᠋ᠨ ᠬᠢᠨ ᠳ᠋ᠦ᠍ ᠪᠠᠷᠢᠭᠳᠠᠵᠤ ᠲᠠᠭᠤᠭᠳᠠᠪᠠᠯ ᠬᠦᠦ ᠮᠢᠨᠢ ᠲᠡᠭᠡᠭᠡᠳ ᠳᠠᠭᠤᠰᠬᠤ ᠨᠢ ᠠ᠋ ! ᠴᠢᠮᠠᠶ᠋ᠢ ᠡᠮᠦᠨ᠎ᠡ ᠪᠡᠨ ᠴᠢᠬᠢᠴᠢᠬᠡᠭᠡᠳ ᠴᠠᠭᠠᠰᠢ ᠭᠤᠳᠤᠢᠴᠢᠬᠠᠳᠠᠭ ᠤᠯᠤᠰ ᠪᠠᠢᠵᠤ ᠶᠠᠳᠠᠬᠤ ᠦᠭᠡᠢ ᠭᠡᠳ ᠨᠢᠯᠪᠤᠰᠤ ᠤᠨᠠᠭᠠᠭᠰᠠᠨ ᠳ᠋ᠤ᠌ ᠠᠩᠴᠢᠨᠵᠠᠪ
— ᠡᠵᠢ ᠠ᠋! ᠪᠢᠳᠡᠬᠡᠢ ᠤᠬᠢᠯᠠ! ᠬᠦᠦ ᠴᠢᠨᠢ ᠳᠡᠷᠭᠡᠳᠡ ᠴᠢᠨᠢ ᠪᠠᠢᠭ᠎ᠠ ᠰᠢᠲᠠ! ᠪᠢ ᠶᠠᠪᠤᠬᠤ ᠦᠭᠡᠢ! ᠭᠡᠳ ᠮᠣᠷᠢᠨ ᠳ᠋ᠠᠭᠠᠨ ᠤᠬᠤᠰᠬᠢᠨ ᠮᠤᠷᠳᠠᠵᠤ᠄ 《ᠪᠢ ᠲᠡᠷᠡ ᠬᠣᠶᠠᠷ ᠤᠨ ᠬᠠᠮᠢᠭᠠᠰᠢ ᠪᠠᠨ ᠵᠦᠭᠯᠡᠭᠰᠡᠨ ᠢ ᠬᠠᠷᠠᠴᠢᠬᠠᠭᠠᠳ ᠢᠷᠡᠶ᠎ᠡ》 ᠭᠡᠳ ᠨᠥᠭᠥᠭᠡ ᠬᠣᠶᠠᠷ ᠮᠣᠷᠢᠲᠠᠨ ᠤ ᠶᠠᠪᠤᠭᠰᠠᠨ ᠵᠦᠭ ᠲᠦ ᠲᠣᠭᠣᠰᠣ ᠮᠠᠨᠠᠷᠠᠭᠤᠯᠤᠨ ᠳᠠᠪᠬᠢᠨ ᠣᠳᠪᠠ᠃
ᠨᠢᠭᠡ ᠯᠡ ᠲᠠᠰᠢᠭᠤᠷ ᠲᠤ᠌ ᠭᠠᠵᠠᠷ ᠤ᠋ᠨ ᠬᠥᠷᠥᠰᠥ ᠶ᠋ᠢ ᠬᠣᠲᠣᠯᠵᠠᠲᠠᠯᠠ ᠳᠠᠪᠬᠢᠭᠰᠠᠨ ᠬᠦᠷᠡᠩ ᠦᠷᠢᠶ᠎ᠡ ᠡᠮᠡᠭᠡᠯ ᠠᠭᠤᠯᠠ ᠶ᠋ᠢᠨ ᠠᠷᠤ ᠰᠤᠵᠠᠭ ᠬᠦᠷᠦᠭᠡᠳ ᠬᠠᠮᠠᠷ ᠨᠢ ᠣᠩᠭᠣᠯᠵᠠᠨ ᠠᠭᠠᠬᠢᠯᠵᠠᠵᠤ ᠡᠬᠢᠯᠡᠪᠡ᠃
ᠨᠥᠭᠦᠭᠡ ᠬᠣᠶᠠᠷ ᠤ᠋ᠨ ᠪᠠᠷ᠎ᠠ ᠠᠯᠠᠭ᠎ᠠ᠃
ᠬᠠᠩᠭᠢ ᠬᠠᠲᠠᠷᠢᠳᠠᠭ ᠪᠣᠯᠪᠠᠴᠤ ᠢᠳᠡᠭᠡᠰᠢᠵᠦ ᠴᠢᠮᠥᠭᠡᠰᠢᠭᠡᠲᠦᠢ ᠬᠦᠷᠡᠩ ᠦᠷᠢᠶ᠎ᠡ ᠲᠡᠷᠡ ᠨᠠᠰᠤ ᠭᠦᠢᠴᠡᠭᠰᠡᠨ ᠮᠣᠷᠢᠳ ᠤ᠋ᠨ ᠥᠯᠥᠨ ᠲᠣᠭᠣᠰᠣ ᠶ᠋ᠢ ᠴᠤ᠌ ᠦᠨᠦᠷᠯᠡᠵᠦ ᠴᠢᠳᠠᠬᠤ ᠦᠭᠡᠢ ᠨᠢ ᠮᠡᠳᠡᠭᠡᠵᠢ᠃ ᠠᠩᠴᠢᠨᠵᠠᠪ ᠮᠣᠷᠢᠨ ᠠ᠋ᠴᠠ ᠪᠠᠨ ᠪᠠᠭᠤᠵᠤ ᠮᠣᠷᠢ ᠪᠠᠨ ᠬᠥᠲᠥᠯᠦᠨ ᠡᠮᠡᠭᠡᠯ ᠠᠭᠤᠯᠠ ᠶ᠋ᠢᠨ ᠠᠷᠤ ᠬᠥᠲᠥᠯ ᠳᠡᠭᠡᠷ᠎ᠡ ᠭᠠᠷᠴᠤ ᠬᠦᠷᠡᠩ ᠦᠷᠢᠶ᠎ᠡ ᠪᠠᠨ ᠴᠣᠮᠣᠵᠤ ᠲᠡᠭᠷᠢ ᠬᠠᠷᠠᠨ ᠲᠠᠩᠭᠠᠢᠨ ᠬᠡᠪᠲᠡᠪᠡ᠃
《 ᠰᠠᠢᠨ ᠡᠷ᠎ᠡ ᠯᠡ ᠰᠡᠶᠢ ᠰᠠᠢᠨ ᠬᠦᠯᠦᠭ ᠣᠯᠵᠤ ᠡᠳ᠋ᠯᠡᠨ᠎ᠡ ᠳᠡ! ᠡᠳᠡ ᠬᠣᠶᠠᠷ ᠴᠤ᠌ ᠶᠠᠭᠠᠬᠢᠬᠤ ᠠᠷᠭ᠎ᠠ ᠦᠭᠡᠢ ᠭᠤᠨᠠᠨ ᠪᠠᠳᠠᠢ ᠶ᠋ᠢᠨ ᠬᠠᠮᠰᠠᠭᠠᠲᠠᠨ ᠃ ᠲᠡᠢᠮᠦ ᠪᠢᠰᠢ ᠪᠣᠯ ᠶᠠᠭᠠᠬᠢᠯ᠎ᠠ ᠭᠡᠵᠦ ᠰᠣᠯᠢ ᠶ᠋ᠢᠨ ᠬᠢᠷ᠎ᠠ ᠶ᠋ᠢᠨ ᠳᠠᠬᠢ ᠶ᠋ᠢᠨ ᠠᠵᠢᠷᠭᠠᠳᠦ ᠶ᠋ᠢᠨ ᠠᠳᠤᠭᠤᠨ ᠤ᠋ ᠡᠦᠲᠦᠮ ᠲᠡᠢ ᠬᠦᠯᠦᠭ ᠣᠯᠵᠤ ᠤᠨᠤᠨ᠎ᠠ ᠪᠣᠢ》 ᠭᠡᠵᠦ ᠪᠤᠲᠤᠠ ᠨᠥᠭᠦᠭᠡ ᠬᠣᠶᠠᠷ ᠡᠷ᠎ᠡ ᠶ᠋ᠢᠨ ᠬᠣᠢᠨ᠎ᠠ ᠠ᠋ᠴᠠ ᠶᠠᠪᠤᠬᠤ ᠰᠠᠨ ᠭᠡᠬᠦ ᠪᠣᠳᠣᠯ ᠨᠢ ᠶᠠᠭᠠᠬᠢᠪᠠᠴᠤ ᠪᠣᠯᠬᠤ ᠦᠭᠡᠢ ᠣᠪᠣᠯᠵᠠᠬᠤ ᠳ᠋ᠤ᠌ ᠭᠦᠶᠦᠨ ᠪᠣᠰᠴᠤ ᠬᠦᠷᠡᠩ ᠦᠷᠢᠶ᠎ᠠ ᠶ᠋ᠢᠨ ᠢ᠋ᠶ᠋ᠡᠨ ᠣᠯᠣᠩ ᠢ᠋ ᠴᠢᠩᠭᠠᠯᠠᠬᠤ ᠳ᠋ᠤ᠌ ᠨᠣᠣᠷᠬᠠᠢ ᠪᠣᠷᠣ ᠭᠡᠷ᠂ ᠪᠤᠭᠤᠷᠤᠯ ᠡᠵᠢ ᠬᠣᠶᠠᠷ ᠨᠢ ᠨᠢᠳᠦᠨ ᠳ᠋ᠦ᠍ᠨᠢ ᠪᠥᠷᠲᠥᠯᠵᠡᠵᠦ ᠬᠠᠷᠠᠭᠳᠠᠬᠤᠯᠠᠷ ᠰᠡᠳᠬᠢᠯ ᠨᠢ ᠠᠷᠭ᠎ᠠ ᠦᠭᠡᠢ ᠬᠣᠷᠭᠣᠳᠠᠵᠤ ᠮᠣᠷᠢᠨ ᠤ᠋ ᠪᠠᠨ ᠡᠮᠡᠭᠡᠯ ᠦ᠋ᠨ ᠪᠦᠭᠦᠷᠭᠡ ᠶ᠋ᠢ ᠲᠦᠰᠢᠵᠦ ᠪᠣᠳᠣᠯᠭ᠎ᠠ ᠪᠣᠯᠪᠠ᠃ ᠬᠦᠷᠡᠩ ᠦᠷᠢᠶ᠎ᠡ ᠲᠣᠯᠣᠭᠠᠢ ᠪᠠᠷ ᠢ᠋ᠶ᠋ᠠᠨ ᠨᠠᠭᠠᠳᠤᠨ 《 ᠲᠡᠷᠡ ᠬᠣᠶᠠᠷ ᠤ᠋ᠨ ᠬᠣᠢᠨ᠎ᠠ ᠠ᠋ᠴᠠ ᠶᠠᠪᠤᠬᠤ ᠤᠤ? ᠡᠵᠢ ᠳᠡᠭᠡᠷ᠎ᠡ ᠪᠡᠨ ᠪᠤᠴᠠᠬᠤ ᠤᠤ? ᠳᠤᠷ᠎ᠠ ᠪᠠᠷ ᠢ᠋ᠶ᠋ᠠᠨ ᠪᠣᠯ! ᠪᠢ ᠴᠤ᠌ ᠬᠠᠮᠢᠭᠠᠰᠢ ᠪᠣᠯ ᠲᠠᠢᠰᠢ ᠪᠠᠨ ᠵᠢᠯᠣᠭᠣ ᠳᠤᠭᠲᠤᠷᠴᠤ ᠳᠠᠪᠬᠢᠬᠤ ᠳ᠋ᠤ᠌ ᠪᠡᠯᠡᠬᠡᠨ ᠠ᠋ ! 》ᠭᠡᠰᠡᠨ ᠰᠢᠭ ᠪᠠᠢᠯ᠎ᠠ᠃
《 ᠡᠴᠢᠭᠡ ᠴᠢᠨᠢ ᠨᠡᠮᠠᠶ᠋ᠢ ᠰᠢᠨᠠᠯᠭᠠᠵᠤ < ᠯᠠᠪ ᠪᠤᠴᠠᠵᠤ ᠢᠷᠡᠨ᠎ᠡ > ᠭᠡᠳ ᠶᠠᠪᠤᠭᠠᠳ ᠡᠦᠲᠦ ᠪᠣᠯᠲᠠᠯ᠎ᠠ ᠠᠯᠠᠭ᠎ᠠ ᠁ ᠡᠦᠲᠦ ᠬᠦᠦ ᠮᠢᠨᠢ ᠡᠵᠢ ᠪᠡᠨ ᠪᠢᠲᠡᠭᠡᠢ ᠴᠢᠩᠭᠢᠵᠦ ᠰᠢᠨᠠᠯᠭᠠ ᠳᠠ ᠁ 》ᠭᠡᠰᠡᠨ ᠦᠭᠡ ᠲᠡᠭᠦᠨ ᠦ᠌ ᠬᠥᠯ ᠢ᠋ ᠲᠤᠰᠢᠵᠤ ᠰᠠᠨᠠᠭ᠎ᠠ ᠶ᠋ᠢ ᠨᠢ ᠠᠷᠭ᠎ᠠ ᠦᠭᠡᠢ ᠮᠣᠬᠣᠭᠣᠵᠤ ᠪᠠᠢᠪᠠ᠃
ᠠᠩᠴᠢᠨᠵᠠᠪ ᠵᠢᠯᠣᠭᠣ ᠪᠠᠨ ᠪᠤᠴᠠᠭᠠᠵᠤ ᠶᠠᠪᠤᠬᠤ ᠳ᠋ᠠᠭᠠᠨ ᠨᠥᠭᠦᠭᠡ ᠬᠣᠶᠠᠷ ᠤ᠋ᠨ ᠳᠣᠪᠲᠣᠯᠭᠠᠵᠤ ᠣᠳᠤᠭᠰᠠᠨ ᠲᠡᠷᠡ ᠬᠣᠯᠠ ᠠᠯᠤᠰ ᠤ᠋ᠨ ᠪᠠᠷ᠎ᠠ ᠶ᠋ᠢ ᠰᠢᠷᠲᠡᠬᠦ ᠳ᠋ᠦ᠍ ᠬᠣᠶᠠᠷ ᠵᠤᠷᠪᠤᠰ ᠰᠢᠷ᠎ᠠ ᠲᠣᠭᠣᠰᠣ ᠴᠤᠪᠤᠷᠠᠨ ᠬᠠᠷᠠᠭᠳᠠᠵᠤ 《 ᠠᠩᠴᠢᠨᠵᠠᠪ ᠠ᠋! ᠭᠤᠨᠠᠨ ᠪᠠᠳᠠᠢ ᠲᠠᠢ ᠠᠭᠤᠯᠵᠠᠬᠤ ᠰᠠᠨ ᠪᠣᠯ ᠮᠠᠨᠤᠰ ᠤ᠋ᠨ ᠬᠣᠢᠨ᠎ᠠ ᠠ᠋ᠴᠠ ᠱᠠᠯᠠᠪᠳᠠ ᠠ᠋!᠁》 ᠭᠡᠵᠦ ᠲᠡᠭᠦᠨ ᠢ᠋ ᠳᠠᠯᠠᠯᠵᠤ ᠪᠠᠢᠭ᠎ᠠ ᠰᠢᠭ᠋ ᠰᠤᠨᠤᠯᠵᠠᠨ᠎ᠠ ᠁
ᠦᠰᠦᠭ ᠠᠮᠢᠯᠠᠭᠤᠯᠤᠭᠰᠠᠨ ᠨᠢ᠄ <ᠬᠡᠯᠡ ᠪᠢᠴᠢᠭ> ᠬᠣᠯᠪᠣᠭ᠎ᠠ
