ᠬᠠᠳᠠᠨ ᠪᠠᠳᠬ᠎ᠠХадан батгаKhadan batga
ᠠᠩᠭᠢᠯᠠᠯ:ᠡᠪᠡᠰᠦ ᠤᠷᠭᠤᠮᠠᠯӨвс ургамал 2025-07-11
213
ᠬᠠᠳᠠᠨ ᠪᠠᠳᠬ᠎ᠠ ᠲᠤᠰ ᠡᠮ ᠪᠣᠯ ᠪᠡᠷᠢᠮᠦᠭ ᠦ᠋ᠨ ᠢᠵᠠᠭᠤᠷ ᠤ᠋ᠨ ᠤᠷᠭᠤᠮᠠᠯ ᠪᠣᠯᠬᠤ ᠬᠠᠳᠠᠨ ᠪᠠᠳᠬ᠎ᠠ ᠶ᠋ᠢᠨ ᠴᠡᠴᠡᠭ ᠪᠦᠬᠦᠢ ᠪᠦᠬᠦᠯᠢ ᠡᠪᠡᠰᠦ ᠮᠥᠨ᠃ ᠪᠠᠰᠠ ᠪᠠᠳᠬ᠎ᠠ ᠭᠡᠳᠡᠭ᠃ [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃20~30cm ᠥᠨᠳᠥᠷ᠂ ᠤᠵᠠᠭᠤᠷ ᠠ᠋ᠴᠠ ᠪᠠᠨ ᠣᠯᠠᠨ ᠰᠠᠯᠠᠭᠠᠯᠠᠵᠤ ᠪᠠᠭᠯᠠᠷᠠᠨ ᠤᠷᠭᠤᠨ᠎ᠠ᠃ ᠪᠦᠬᠦ ᠪᠡᠶ᠎ᠡ ᠳ᠋ᠦ᠍ᠨᠢ ᠨᠢᠭ ᠴᠠᠢᠪᠤᠷ ᠲᠣᠷᠭᠠᠨ ᠦᠰᠦ ᠲᠡᠢ᠃ ᠤᠵᠠᠭᠤᠷ ᠤ᠋ᠨ ᠨᠠᠪᠴᠢ ᠨᠢ ᠬᠠᠯᠪᠠᠭ᠎ᠠ ᠰᠢᠭ᠋᠂3~6cm ᠤᠷᠲ...