ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠬᠣᠷᠢ Үүрийн туяа III – Б ᠂ Ренчин Гуравдугаар дэвтэр "Баялдаж олсон эх орон"-20 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠬᠣᠷᠢ Үүрийн туяа III – Б ᠂ Ренчин Гуравдугаар дэвтэр "Баялдаж олсон эх орон"-20

ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠬᠣᠷᠢ Үүрийн туяа III – Б ᠂ Ренчин Гуравдугаар дэвтэр "Баялдаж олсон эх орон"-20

ᠠᠩᠭᠢᠯᠠᠯ:ᠲᠤᠭᠤᠵᠢ ᠷᠣᠮᠠᠨ
2025-07-10

263

ᠬᠣᠷᠢ᠂ ᠡᠪᠳᠡᠷᠡᠰᠢ ᠦᠭᠡᠢ ᠴᠢᠩ ᠪᠠᠲᠤ ᠨᠠᠢᠷᠠᠮᠳᠠᠯ

                 
                 ᠬᠥᠮᠦᠨ ᠦ᠌ ᠰᠠᠢᠨ ᠢ᠋ ᠬᠠᠨᠢᠯᠠᠵᠤ ᠮᠡᠳᠡᠳᠡᠭ   
                 ᠬᠦᠯᠦᠭ ᠦ᠋ᠨ ᠰᠠᠢᠨ ᠢ᠋ ᠤᠨᠤᠵᠤ ᠮᠡᠳᠡᠳᠡᠭ᠃         
                         ᠠᠷᠠᠳ ᠤ᠋ᠨ ᠵᠦᠢᠷ ᠦᠭᠡ   

       ᠠᠷᠭ᠎ᠠ ᠶ᠋ᠢᠨ1939 ᠣᠨ ᠤ᠋ ᠲᠠᠪᠤᠳᠤᠭᠠᠷ ᠰᠠᠷ᠎ᠠ ᠶ᠋ᠢᠨ ᠠᠷᠪᠠᠨ ᠨᠢᠭᠡᠨ ᠳ᠋ᠦ᠍ ᠶᠠᠫᠣᠨ᠂ ᠮᠠᠨᠵᠤ ᠶ᠋ᠢᠨ ᠴᠡᠷᠢᠭ᠂ ᠨᠣᠮᠣᠨ ᠬᠠᠨ ᠪᠦᠷᠢᠳᠦ ᠶ᠋ᠢᠨ ᠣᠪᠣᠭ᠎ᠠ ᠶ᠋ᠢᠨ ᠵᠦᠭ ᠭᠡᠨᠡᠳᠲᠡ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠬᠢᠯᠢ ᠶ᠋ᠢᠨ ᠪᠣᠭᠣᠮᠲᠠ ᠶ᠋ᠢ ᠬᠠᠯᠳᠠᠨ ᠳᠣᠪᠲᠣᠯᠵᠠᠢ᠃  
       ᠬᠢᠯᠢ ᠰᠡᠷᠭᠡᠢᠯᠡᠵᠦ ᠪᠠᠢᠭᠰᠠᠨ ᠬᠢᠵᠠᠭᠠᠷ ᠤ᠋ᠨ ᠴᠥᠭᠡᠨ ᠴᠡᠷᠢᠭ᠂ ᠬᠦᠴᠦ ᠳᠠᠪᠠᠭᠤ ᠳᠠᠢᠰᠤᠨ ᠲᠠᠢ ᠡᠰᠡᠷᠭᠦᠴᠡᠨ ᠲᠤᠯᠤᠯᠳᠤᠭᠰᠠᠭᠠᠷ᠂ ᠬᠠᠯᠬ᠎ᠠ ᠭᠣᠣᠯ ᠬᠦᠷᠲᠡᠯ᠎ᠡ ᠤᠬᠤᠷᠢᠭᠰᠠᠨ ᠪᠢᠯᠡ᠃  
       ᠳᠡᠢᠯᠳᠡᠭᠰᠡᠨ ᠤᠯᠤᠰ ᠢ᠋ᠶ᠋ᠠᠨ ᠦᠭᠡᠢᠷᠡᠨ ᠰᠥᠨᠥᠬᠦ ᠪᠣᠭᠣᠯ ᠪᠣᠯᠭᠠᠵᠤ ᠳᠠᠷᠤᠯᠠᠬᠤ《ᠳᠣᠷᠣᠨᠠᠲᠤ ᠶᠡᠬᠡ ᠠᠽᠢᠶ᠎ᠠ》 ᠭᠡᠳᠡᠭ ᠶᠠᠫᠣᠨ ᠤ᠋ ᠺᠣᠯᠣᠨᠢᠳᠦ ᠤᠯᠤᠰ ᠢ᠋ ᠪᠣᠢ ᠪᠣᠯᠭᠠᠬᠤ ᠭᠡᠵᠦ ᠡᠷᠡᠮᠡᠯᠵᠡᠵᠦ ᠪᠠᠢᠭᠰᠠᠨ ᠶᠠᠫᠣᠨ ᠤ᠋ ᠡᠵᠡᠷᠬᠡᠭ ᠲᠦᠷᠡᠮᠡᠬᠡᠢᠴᠤᠳ ᠲᠡᠭᠡᠵᠦ ᠮᠣᠩᠭᠣᠯ ᠠᠷᠠᠳ ᠤᠯᠤᠰ ᠲᠤ᠌ ᠬᠠᠯᠳᠠᠵᠤ᠂ ᠲᠦᠷᠢᠮᠡᠬᠡᠢ ᠲᠡᠢᠨ ᠢ᠋ᠶ᠋ᠡᠨ ᠡᠬᠢᠯᠡᠭᠰᠡᠨ ᠪᠢᠯᠡ᠃  
       ᠮᠣᠩᠭᠣᠯ ᠤ᠋ᠨ ᠠᠷᠠᠳ ᠲᠦᠮᠡᠨ ᠦ᠌ ᠡᠮᠦᠨ᠎ᠡ ᠬᠣᠯᠪᠣᠭᠠᠲᠠᠨ ᠤ᠋ ᠡᠭᠦᠷᠭᠡ ᠶ᠋ᠢ ᠪᠠᠲᠤᠳᠠ ᠭᠦᠢᠴᠡᠳᠬᠡᠵᠦ ᠵᠥᠪᠯᠡᠯᠲᠦ ᠶ᠋ᠢᠨ ᠴᠡᠷᠢᠭ᠂ ᠮᠣᠩᠭᠣᠯ ᠠᠷᠠᠳ ᠤ᠋ᠨ ᠬᠤᠪᠢᠰᠬᠠᠯᠲᠤ ᠴᠡᠷᠢᠭ ᠲᠦ᠍ ᠲᠤᠰᠠᠯᠠᠷ᠎ᠠ ᠢᠷᠡᠭᠰᠡᠨ ᠪᠢᠯᠡ᠃ ᠲᠡᠭᠡᠭᠡᠳ᠂ ᠲᠠᠪᠤᠳᠤᠭᠠᠷ ᠰᠠᠷ᠎ᠠ ᠳ᠋ᠤ᠌ ᠡᠬᠢᠯᠡᠭᠰᠡᠨ ᠲᠡᠢᠨ ᠶᠢᠰᠦᠳᠦᠭᠡᠷ ᠰᠠᠷ᠎ᠠ ᠬᠦᠷᠲᠡᠯ᠎ᠡ ᠦᠷᠭᠦᠯᠵᠢᠯᠡᠵᠦ᠂ ᠵᠥᠪᠯᠡᠯᠲᠦ ᠮᠣᠩᠭᠣᠯ ᠬᠣᠶᠠᠷ ᠤᠯᠤᠰ ᠤ᠋ᠨ ᠵᠡᠪᠰᠡᠭᠲᠦ ᠬᠦᠴᠦᠨ᠂ ᠲᠡᠷᠡ ᠲᠡᠢᠨ ᠳ᠋ᠦ᠍ ᠬᠠᠯᠬ᠎ᠠ ᠭᠣᠣᠯ ᠤ᠋ᠨ ᠬᠠᠪᠢ ᠨᠤᠲᠤᠭ ᠲᠤ᠌ ᠶᠠᠫᠣᠨ ᠤ᠋ ᠬᠤᠸᠠᠩᠳᠢ ᠶ᠋ᠢᠨ* ᠴᠡᠷᠢᠭ ᠦ᠋ᠨ ᠰᠢᠯᠢᠳᠡᠭ ᠢ᠋ ᠪᠤᠲᠠ ᠨᠢᠷᠭᠡᠨ ᠤᠰᠠᠳᠬᠠᠵᠤ ᠪᠢᠯᠡ᠃ ᠬᠠᠯᠬ᠎ᠠ ᠭᠣᠣᠯ ᠤ᠋ᠨ ᠲᠡᠨᠳᠡᠬᠢ ᠡᠯᠡᠰᠦ ᠮᠠᠩᠬᠠᠨ ᠳ᠋ᠤ᠌ ᠶᠠᠫᠣᠨ ᠤ᠋ ᠣᠭᠢᠰᠤ ᠷᠢᠫᠫᠤ ᠭᠡᠳᠡᠭ ᠭᠧᠨᠧᠷᠠᠯ ᠤ᠋ᠨ  ᠺᠣᠮᠠᠨᠳᠠᠯᠠᠭᠰᠠᠨ ᠵᠢᠷᠭᠤᠳᠤᠭᠠᠷ ᠠᠷᠮᠢ᠂ ᠵᠥᠪᠯᠡᠯᠲᠦ ᠮᠣᠩᠭᠣᠯ ᠬᠣᠶᠠᠷ ᠤᠯᠤᠰ ᠤ᠋ᠨ ᠴᠡᠷᠢᠭ ᠲᠦ᠍ ᠨᠠᠢ᠍ᠮᠠᠳᠤᠭᠠᠷ ᠰᠠᠷ᠎ᠠ ᠶ᠋ᠢᠨ ᠳᠠᠪᠰᠢᠨ ᠪᠠᠢᠯᠳᠤᠬᠤ ᠲᠤᠯᠤᠯᠳᠤᠭᠠᠨ ᠳ᠋ᠤ᠌ ᠪᠤᠲᠠ ᠨᠢᠷᠭᠡᠭᠦᠯᠦᠨ ᠰᠥᠨᠥᠭᠰᠡᠨ ᠪᠥᠭᠡᠳ ᠲᠠᠪᠤᠳᠤᠭᠠᠷ ᠰᠠᠷ᠎ᠠ ᠠ᠋ᠴᠠ ᠶᠢᠰᠦᠳᠦᠭᠡᠷ ᠰᠠᠷ᠎ᠠ ᠬᠦᠷᠲᠡᠯ᠎ᠡ ᠦᠷᠭᠦᠯᠵᠢᠯᠡᠭᠰᠡᠨ ᠲᠡᠷᠡ ᠲᠡᠢᠨ ᠳ᠋ᠦ᠍᠂ ᠶᠠᠫᠣᠨ ᠤ᠋ ᠡᠵᠡᠷᠬᠡᠭ  ᠲᠦᠷᠢᠮᠡᠬᠡᠢᠴᠦᠳ ᠦ᠋ᠨ ᠬᠣᠬᠢᠷᠠᠨ ᠦᠷᠡᠭᠳᠡᠭᠰᠡᠨ ᠴᠡᠷᠢᠭ ᠣᠹᠢᠼᠧᠷ ᠢ᠋ ᠬᠠᠮᠤᠭ ᠤ᠋ᠨ ᠨᠠᠭᠠᠳᠤ ᠵᠠᠬ᠎ᠠ ᠶ᠋ᠢᠨ ᠬᠡᠮᠵᠢᠶ᠎ᠡ ᠪᠡᠷ ᠪᠠᠷᠤᠭᠴᠠᠭᠠᠯᠠᠨ ᠪᠣᠳᠣᠪᠠᠯ᠂ ᠲᠠᠪᠤᠨ ᠲᠦᠮᠡ ᠲᠠᠪᠤᠨ ᠮᠢᠩᠭᠠᠨ ᠴᠡᠷᠢᠭ ᠣᠹᠢᠼᠧᠷ ᠭᠠᠷᠤᠵᠠᠳᠠᠵᠤ᠂ ᠵᠢᠷᠭᠤᠭᠠᠨ ᠵᠠᠭᠤᠨ ᠵᠢᠷᠠᠨ ᠨᠢᠰᠬᠦ ᠣᠩᠭᠣᠴᠠ ᠪᠠᠨ ᠠᠯᠳᠠᠭᠰᠠᠨ ᠪᠢᠯᠡ᠃   
       1938 ᠣᠨ ᠳ᠋ᠤ᠌ ᠶᠠᠫᠣᠨ ᠤ᠋ ᠡᠵᠡᠷᠬᠡᠭ ᠲᠦᠷᠢᠮᠡᠬᠡᠢ ᠨᠠᠷ᠂ ᠬᠠᠰᠠᠩ ᠨᠠᠭᠤᠷ ᠤ᠋ᠨ ᠬᠠᠪᠢ  ᠳ᠋ᠤ᠌ ᠵᠥᠪᠯᠡᠯᠲᠦ ᠤᠯᠤᠰ ᠲᠤ᠌ ᠬᠠᠯᠳᠠᠨ ᠳᠣᠪᠲᠣᠯᠵᠤ᠂ ᠵᠥᠪᠯᠡᠯᠲᠦ ᠶ᠋ᠢᠨ ᠴᠡᠷᠢᠭ ᠲᠦ᠍ ᠬᠢᠶᠠᠷ ᠳᠠᠷᠤᠭᠳᠠᠵᠤ ᠤᠬᠤᠷᠢᠬᠤ ᠳ᠋ᠠᠭᠠᠨ( ᠳ᠋ᠤ᠌ ᠪᠠᠨ)᠂ ᠬᠠᠰᠠᠩ ᠨᠠᠭᠤᠷ ᠤ᠋ᠨ ᠬᠠᠪᠢ ᠳ᠋ᠠᠬᠢ ᠲᠡᠷᠡ ᠲᠡᠢᠨ ᠢ᠋ᠶ᠋ᠡᠨ ᠵᠠᠩᠭᠥ᠋ᠹᠸᠩ ᠦ᠋ᠨ ᠪᠤᠳᠤᠯᠢᠶᠠᠨ》 ᠭᠡᠵᠦ ᠨᠡᠷ᠎ᠡ ᠥᠭᠭᠦᠭᠰᠡᠨ ᠲᠡᠢ ᠪᠡᠨ ᠠᠳᠠᠯᠢ᠂ ᠬᠠᠯᠬ᠎ᠠ ᠭᠣᠣᠯ ᠳ᠋ᠤ᠌ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠬᠢᠯᠢ ᠨᠤᠲᠤᠭ ᠲᠤ᠌ ᠲᠦᠷᠢᠨ ᠣᠷᠣᠵᠤ᠂ ᠮᠣᠩᠭᠣᠯ ᠠᠷᠠᠳ᠂ ᠵᠥᠪᠯᠡᠯᠲᠦ ᠬᠣᠯᠪᠣᠭᠠᠲᠤ ᠬᠣᠶᠠᠷ ᠤᠯᠤᠰ ᠲᠤ᠌ ᠬᠠᠯᠳᠠᠨ ᠳᠠᠷᠤᠭᠳᠠᠭᠰᠠᠨ ᠲᠡᠷᠡ ᠲᠡᠢᠨ ᠢ᠋ᠶ᠋ᠡᠨ《ᠨᠣᠮᠣᠨ ᠬᠠᠨ ᠪᠦᠷᠢᠳᠦ ᠶ᠋ᠢᠨ ᠪᠤᠳᠤᠯᠢᠶᠠᠨ》 ᠭᠡᠵᠦ ᠴᠡᠭᠡᠷᠯᠡᠨ ᠨᠡᠷᠡᠯᠡᠵᠦ ᠥᠴᠦᠬᠡᠨ ᠪᠤᠳᠤᠯᠢᠶᠠᠨ ᠭᠠᠷᠤᠭᠰᠠᠨ ᠶᠤᠮ ᠭᠡᠵᠦ ᠨᠢᠭᠤᠷ ᠪᠦᠲᠦᠨ ᠭᠠᠷᠬᠤ ᠶ᠋ᠢ ᠪᠣᠳᠣᠵᠠᠢ᠃ ᠭᠡᠪᠡᠴᠦ᠂ ᠬᠠᠯᠬ᠎ᠠ ᠭᠣᠣᠯ ᠤ᠋ᠨ ᠲᠡᠨᠳᠡ ᠪᠣᠯᠤᠭᠰᠠᠨ ᠲᠡᠷᠡ ᠪᠠᠢᠯᠳᠤᠭᠠᠨ ᠪᠣᠯ ᠬᠡᠷᠬᠢᠪᠡᠴᠦ ᠬᠢᠯᠢ ᠶ᠋ᠢᠨ ᠥᠴᠦᠬᠡᠨ ᠪᠤᠳᠤᠯᠢᠶᠠᠨ ᠠ᠋ᠴᠠ ᠰᠢᠯᠲᠠᠨ ᠡᠭᠦᠰᠦᠭᠰᠡᠨ ᠵᠦᠢᠯ ᠪᠢᠰᠢ᠂ ᠶᠠᠫᠣᠨ ᠤ᠋ ᠡᠵᠡᠷᠬᠡᠭ ᠲᠦᠷᠢᠮᠡᠬᠡᠢᠴᠦᠳ ᠦ᠋ᠨ ᠬᠠᠯᠳᠠᠨ ᠳᠣᠪᠲᠣᠯᠤᠭᠰᠠᠨ ᠲᠦᠷᠢᠮᠡᠬᠡᠢ ᠲᠡᠢᠨ ᠦ᠌ ᠬᠠᠮᠤᠭ ᠤᠴᠢᠷ ᠰᠢᠯᠲᠠᠭᠠᠨ ᠮᠠᠰᠢ ᠲᠣᠳᠣᠷᠬᠠᠢ ᠪᠢᠯᠡ᠃ 
       ᠡᠨᠡ ᠲᠤᠬᠠᠢ ᠬᠡᠳᠦᠨ ᠪᠠᠷᠢᠮᠲᠠ ᠡᠰᠢ ᠲᠠᠲᠠᠪᠠᠯ᠂ ᠪᠡᠭᠡᠵᠢᠩ ᠳ᠋ᠡᠬᠢ ᠶᠠᠫᠣᠨ ᠤ᠋ ᠲᠤᠰᠬᠠᠢ ᠡᠯᠴᠢᠨ ᠦ᠌ ᠳᠠᠷᠤᠭ᠎ᠠ ᠮᠠᠼᠢᠮᠣᠷᠠ ᠢᠯᠡᠳᠬᠡᠯ ᠪᠢᠴᠢᠭ ᠲᠡᠭᠡᠨ( ᠲᠤ ᠪᠡᠨ)᠄  
      《ᠬᠤᠸᠠᠩᠳᠢ ᠶ᠋ᠢᠨ ᠲᠥᠷᠥ᠂ ᠮᠥᠨ ᠲᠡᠭᠦᠨ ᠡᠴᠡ ᠲᠢᠪ ᠭᠠᠵᠠᠷ ᠶᠠᠪᠤᠭᠤᠯᠵᠤ ᠪᠠᠢᠭ᠎ᠠ ᠤᠯᠤᠰ ᠲᠥᠷᠥ ᠶ᠋ᠢᠨ ᠶᠡᠬᠡ ᠪᠣᠳᠣᠯᠭ᠎ᠠ ᠶ᠋ᠢᠨ ᠡᠭᠦᠳᠡᠨ ᠡᠴᠡ ᠨᠢᠭᠲᠠᠯᠠᠪᠠᠰᠤ᠂ ᠮᠠᠨᠵᠤ ᠣᠷᠣᠨ ᠢ᠋ ᠡᠵᠡᠯᠡᠭᠰᠡᠨ ᠦ᠌ ᠳᠠᠷᠠᠭ᠎ᠠ᠂ ᠮᠣᠩᠭᠣᠯ ᠭᠠᠵᠠᠷ ᠢ᠋ ᠡᠵᠡᠯᠡᠵᠦ ᠠᠪᠬᠤ ᠶᠠᠪᠤᠳᠠᠯ ᠴᠢᠬᠤᠯᠠ ᠪᠠᠢᠨ᠎ᠠ᠃ ᠮᠣᠩᠭᠣᠯ ᠭᠠᠵᠠᠷ ᠪᠣᠯ ᠴᠡᠷᠢᠭ ᠦ᠋ᠨ ᠪᠠᠢᠯᠳᠤᠬᠤ ᠲᠦᠰᠢᠭ ᠭᠠᠵᠠᠷ ᠮᠥᠨ ᠦ᠌ ᠲᠤᠯᠠ᠂ ᠮᠠᠨ ᠤ᠋ ᠬᠤᠸᠠᠩᠳᠢ ᠶ᠋ᠢᠨ ᠤᠯᠤᠰ᠂ ᠮᠣᠩᠭᠣᠯ ᠤ᠋ᠨ ᠲᠤᠬᠠᠢ ᠪᠣᠳᠣᠯᠭ᠎ᠠ ᠶᠠᠪᠤᠭᠤᠯᠬᠤ ᠳ᠋ᠠᠭᠠᠨ( ᠳ᠋ᠤ᠌ ᠪᠠᠨ)᠂ ᠲᠡᠭᠦᠨ ᠢ᠋ ᠳᠡᠰ ᠳᠡᠰ ᠢ᠋ᠶ᠋ᠡᠷ ᠡᠵᠡᠯᠡᠨ ᠠᠪᠬᠤ ᠶ᠋ᠢ ᠴᠢᠷᠮᠠᠢᠨ ᠬᠢᠴᠢᠶᠡᠵᠦ ᠪᠠᠢᠨᠠᠮ》 ᠭᠡᠵᠦ ᠪᠢᠴᠢᠭᠰᠡᠨ ᠪᠢᠯᠡ᠃  
       ᠠᠷᠠᠺᠢ ᠭᠧᠨᠧᠷᠠᠯ ᠤ᠋ᠨ  ᠪᠦᠷ ᠴᠦ᠍ ᠡᠷᠡᠭᠡ ᠦᠭᠡᠢ ᠢᠯᠡᠷᠬᠡᠢ ᠥᠭᠦᠯᠡᠭᠰᠡᠨ ᠨᠢ᠄《ᠶᠠᠫᠣᠨ ᠤ᠋ ᠡᠷᠬᠡᠰᠢᠶᠡᠯ ᠨᠥᠯᠥᠭᠡ ᠪᠦᠬᠦᠢ ᠮᠠᠨᠵᠤ ᠬᠢᠲᠠᠳ ᠬᠣᠶᠠᠷ ᠲᠠᠢ ᠬᠢᠯᠢ ᠵᠠᠯᠭᠠᠭᠰᠠᠨ ᠮᠣᠩᠭᠣᠯ ᠭᠠᠵᠠᠷ ᠰᠢᠭ᠋᠂ ᠲᠡᠢᠮᠦ ᠤᠴᠢᠷ ᠪᠠᠢᠳᠠᠯ ᠰᠡᠵᠢᠭ ᠪᠦᠬᠦᠢ ᠪᠢᠲᠡᠭᠦᠯᠢᠭ ᠭᠠᠵᠠᠷ ᠢ᠋ ᠶᠠᠫᠣᠨ ᠤᠯᠤᠰ ᠬᠡᠷᠬᠢᠪᠡᠴᠦ ᠪᠠᠢᠯᠭᠠᠵᠤ ᠴᠢᠳᠠᠬᠤ ᠦᠭᠡᠢ᠃ ᠮᠣᠩᠭᠣᠯ ᠭᠠᠵᠠᠷ ᠬᠡᠷᠬᠢᠪᠡᠴᠦ ᠮᠠᠨ ᠤ᠋ ᠬᠠᠷᠢᠶᠠᠯᠠᠬᠤ ᠭᠠᠵᠠᠷ ᠪᠠᠢᠪᠠᠯ ᠵᠣᠬᠢᠬᠤ ᠪᠠᠢᠨᠠᠮ》 ᠭᠡᠵᠦ ᠪᠢᠴᠢᠵᠡᠢ᠃  
       ᠶᠠᠫᠣᠨ ᠤ᠋᠂ ᠪᠠᠰᠠ ᠨᠢᠭᠡ ᠤᠯᠠᠩᠭᠠᠰᠤᠭᠰᠠᠨ ᠡᠵᠡᠷᠬᠡᠭ ᠲᠦᠷᠢᠮᠡᠬᠡᠢ ᠬᠠᠳᠧᠺᠠᠽᠧ ᠳᠠᠷᠤᠢ ᠠᠷᠠᠺᠢ ᠭᠧᠨᠧᠷᠠᠯ ᠳ᠋ᠤ᠌ ᠠᠶᠠᠯᠭᠤ ᠨᠡᠢᠯᠡᠭᠦᠯᠦᠨ ᠰᠠᠨᠠᠯ ᠨᠢᠭᠡᠳᠬᠡᠵᠦ᠂《ᠴᠡᠷᠢᠭ ᠦ᠋ᠨ ᠰᠢᠨᠵᠢᠭᠡᠴᠢᠨ ᠪᠦᠭᠦᠳᠡᠭᠡᠷ ᠢ᠋ᠶ᠋ᠡᠨ᠂ ᠶᠠᠫᠣᠨ ᠤᠯᠤᠰ ᠤ᠋ᠨ ᠰ ᠰ ᠰ ᠷ᠊ ᠲᠡᠢ ᠪᠠᠢᠯᠳᠤᠨ ᠲᠠᠪᠰᠢᠬᠤ ᠳ᠋ᠤ᠌᠂ ᠮᠠᠨᠵᠤ ᠭᠠᠵᠠᠷ ᠠ᠋ᠴᠠ ᠲᠦᠷᠢᠵᠦ ᠣᠷᠣᠭᠰᠠᠨ ᠠ᠋ᠴᠠ᠂ ᠮᠣᠩᠭᠣᠯ ᠨᠤᠲᠤᠭ ᠠ᠋ᠴᠠ ᠳᠠᠪᠰᠢᠬᠤ ᠨᠢ ᠢᠯᠡᠭᠦᠦ ᠵᠠᠪᠰᠢᠶᠠᠨ ᠲᠠᠢ ᠭᠡᠵᠦ ᠴᠥᠮ ᠨᠢᠭᠡᠨ ᠰᠠᠨᠠᠯ ᠢ᠋ᠶ᠋ᠠᠷ ᠦᠵᠡᠵᠦ ᠪᠠᠢᠨᠠᠮ》 ᠭᠡᠵᠡᠢ᠃ 
       ᠲᠡᠭᠡᠵᠦ ᠪᠠᠢᠭᠰᠠᠨ ᠶᠠᠫᠣᠨ ᠤ᠋ ᠡᠵᠡᠷᠬᠡᠭ ᠲᠦᠷᠢᠮᠡᠬᠡᠢ ᠨᠠᠷ ᠬᠠᠯᠬ᠎ᠠ ᠭᠣᠣᠯ ᠳ᠋ᠤ᠌ ᠬᠠᠭ ᠴᠣᠬᠢᠭᠤᠯᠤᠭᠠᠳ᠂ ᠮᠠᠩᠬᠠᠨ ᠡᠯᠡᠰᠦᠨ ᠳ᠋ᠦ᠍ ᠮᠠᠨᠠᠨ ᠢ᠋ᠶ᠋ᠠᠨ ᠬᠠᠳᠤᠭᠤᠯᠤᠭᠠᠳ ᠮᠣᠩᠭᠣᠯ ᠣᠷᠣᠨ ᠭᠡᠳᠡᠭ ᠪᠣᠯ《ᠤᠴᠢᠷ ᠪᠠᠢᠳᠠᠯ ᠰᠡᠵᠢᠭ ᠪᠦᠬᠦᠢ》 ᠭᠡᠵᠦ ᠬᠡᠯᠡᠮᠡᠷ ᠦᠭᠡᠢ᠂ ᠤᠴᠢᠷ ᠲᠠᠢ ᠬᠡᠴᠡᠭᠦᠦ ᠤᠯᠤᠰ ᠶᠤᠮ ᠪᠠᠢᠨ᠎ᠠ᠃ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠲᠤ᠌ ᠬᠠᠯᠳᠠᠨ ᠳᠣᠪᠲᠣᠯᠵᠤ᠂ ᠵᠥᠪᠯᠡᠯᠲᠦ ᠬᠣᠯᠪᠣᠭᠠᠲᠤ ᠤᠯᠤᠰ ᠤ᠋ᠨ ᠬᠢᠯᠢ ᠳ᠋ᠦ᠍ ᠰᠦᠷ ᠪᠠᠳᠠᠷᠠᠭᠤᠯᠤᠨ ᠳᠠᠯᠠᠢᠯᠭᠠᠬᠤ ᠭᠡᠵᠦ ᠪᠠᠢᠭᠠᠳ ᠰᠤᠢᠷᠠᠨ ᠪᠠᠯᠠᠷᠠᠴᠢᠬᠠᠬᠤ ᠶᠤᠮ ᠪᠠᠢᠨ᠎ᠠ ᠭᠡᠳᠡᠭ ᠢ᠋ ᠮᠡᠳᠡᠬᠦᠢᠴᠡ ᠬᠠᠲᠠᠭᠤ ᠵᠠᠯᠬᠠᠮᠵᠢ ᠦᠵᠡᠭᠰᠡᠨ ᠪᠢᠯᠡ᠃  
       ᠬᠣᠯᠪᠣᠭᠠᠲᠤ ᠤᠯᠤᠰ ᠤ᠋ᠨ ᠮᠠᠷᠱᠠᠯ ᠨᠥᠬᠥᠷ ᠸᠤᠷᠤᠰᠢᠯᠤᠸ᠂1939 ᠣᠨ ᠤ᠋ ᠠᠷᠪᠠᠨ ᠨᠢᠭᠡᠳᠦᠭᠡᠷ ᠰᠠᠷ᠎ᠠ ᠶ᠋ᠢᠨ ᠳᠣᠯᠣᠭᠠᠨ ᠤ᠋ ᠲᠤᠰᠢᠶᠠᠯ ᠳ᠋ᠤ᠌ ᠥᠭᠦᠯᠡᠬᠦ ᠳ᠋ᠡᠭᠡᠨ( ᠳ᠋ᠦ᠍ ᠪᠡᠨ)᠄  
      《ᠬᠠᠯᠬ᠎ᠠ ᠭᠣᠣᠯ ᠤ᠋ᠨ ᠬᠠᠪᠢ ᠳ᠋ᠤ᠌ ᠪᠠᠢᠯᠳᠤᠭᠰᠠᠨ ᠴᠡᠷᠢᠭ ᠳᠠᠷᠤᠭ᠎ᠠ ᠨᠠᠷ ᠶᠣᠰᠣᠲᠠᠢ ᠳᠠᠷᠬᠠᠨ ᠠᠯᠳᠠᠷ ᠴᠣᠯᠠ ᠪᠠᠨ ᠮᠠᠨᠳᠤᠭᠤᠯᠵᠠᠢ᠃ ᠬᠠᠯᠬ᠎ᠠ ᠭᠣᠣᠯ ᠤ᠋ᠨ ᠬᠠᠪᠢ ᠳ᠋ᠤ᠌ ᠪᠠᠢᠯᠳᠤᠭᠰᠠᠨ ᠴᠡᠷᠢᠭ ᠮᠠᠰᠢ ᠶᠡᠬᠡ ᠪᠠᠭᠠᠲᠤᠷ ᠭᠠᠪᠢᠶ᠎ᠠ ᠪᠠᠢᠭᠤᠯᠵᠤ᠂ ᠪᠠᠢᠯᠳᠤᠭᠠᠨ ᠤ᠋ ᠲᠤᠰᠢᠶᠠᠯ ᠢ᠋ ᠭᠠᠷᠮᠠᠭᠠᠢ ᠰᠠᠢᠨ ᠢ᠋ᠶ᠋ᠠᠷ ᠭᠦᠢᠴᠡᠳᠬᠡᠨ ᠪᠡᠶᠡᠯᠡᠭᠦᠯᠵᠦ ᠴᠢᠳᠠᠭᠰᠠᠨ ᠤᠴᠢᠷ᠂ ᠠᠷᠠᠳ ᠨᠡᠢᠲᠡ ᠪᠡᠷ ᠶᠡᠬᠡᠳᠡ ᠪᠠᠬᠠᠳᠤᠨ ᠲᠠᠯᠠᠷᠬᠠᠵᠤ ᠪᠠᠢᠨ᠎ᠠ》 ᠭᠡᠵᠦ ᠪᠢᠯᠡ᠃ 
       ᠬᠠᠯᠬ᠎ᠠ ᠭᠣᠣᠯ ᠤ᠋ᠨ ᠪᠠᠢᠯᠳᠤᠭᠠᠨ ᠳ᠋ᠤ᠌ ᠲᠡᠷᠡ ᠦᠶ᠎ᠡ ᠳ᠋ᠦ᠍ ᠶᠠᠪᠤᠭᠠᠳ᠂ ᠣᠳᠣ ᠠᠷᠠᠳ ᠤ᠋ᠨ ᠬᠤᠪᠢᠰᠬᠠᠯᠲᠤ ᠴᠡᠷᠢᠭ ᠡᠴᠡ ᠠᠷᠤ ᠭᠡᠷ ᠲᠡᠭᠡᠨ( ᠲᠤ ᠪᠡᠨ) ᠬᠠᠷᠢᠭᠰᠠᠨ ᠮᠠᠯᠴᠢᠨ᠂ ᠠᠵᠢᠯᠴᠢᠨ᠂ ᠠᠯᠪᠠᠨ ᠬᠠᠭᠠᠭᠴᠢ᠂ ᠪᠠᠭᠰᠢ᠂ ᠬᠥᠮᠦᠨ ᠮᠠᠯ ᠤ᠋ᠨ ᠡᠮᠴᠢ᠂ ᠽᠣᠣᠲ᠋ᠧᠭᠨᠢᠭ᠌ᠴᠢ ᠨᠠᠷ ᠡᠨᠡ ᠵᠠᠪᠰᠠᠷ ᠰᠤᠷᠭᠠᠭᠤᠯᠢ ᠬᠢᠵᠦ᠂ ᠤᠷᠢᠳᠤ ᠦᠵᠡᠭᠡ ᠦᠭᠡᠢ ᠡᠷᠬᠢᠮ ᠮᠡᠷᠭᠡᠵᠢᠯᠲᠡᠢ ᠪᠣᠯᠵᠤ᠂ ᠡᠬᠡ ᠣᠷᠣᠨ ᠳ᠋ᠠᠭᠠᠨ( ᠳ᠋ᠤ᠌ ᠪᠠᠨ) ᠡᠷᠳᠡᠮ ᠴᠢᠳᠠᠯ᠂ ᠰᠡᠳᠬᠢᠯ ᠬᠦᠴᠦᠨ ᠢ᠋ᠶ᠋ᠡᠨ ᠥᠭᠴᠦ ᠪᠠᠢᠭ᠎ᠠ ᠡᠳᠦᠢ ᠲᠡᠳᠦᠢ ᠬᠥᠮᠦᠨ᠂ ᠮᠠᠨᠠᠢ(ᠮᠠᠨ ᠤ᠋) ᠠᠷᠠᠳ ᠲᠦᠮᠡᠨ ᠳᠠᠶᠠᠭᠠᠷ ᠢ᠋ᠶ᠋ᠠᠨ᠂ ᠵᠥᠪᠯᠡᠯᠲᠦ ᠶ᠋ᠢᠨ ᠠᠷᠠᠳ ᠲᠦᠮᠡᠨ ᠢ᠋᠂ ᠲᠡᠭᠦᠨ ᠦ᠌ ᠠᠯᠳᠠᠷᠲᠤ ᠴᠡᠷᠢᠭ ᠢ᠋ ᠰᠡᠳᠬᠢᠯ ᠳ᠋ᠡᠭᠡᠨ( ᠳ᠋ᠦ᠍ ᠪᠡᠨ) ᠶᠡᠬᠡᠯ᠎ᠡ (ᠶᠡᠬᠡ ᠯᠡ) ᠲᠣᠲᠣᠨᠤᠯᠤᠨ ᠲᠠᠯᠠᠷᠬᠠᠵᠤ ᠦᠵᠡᠳᠡᠭ ᠪᠠᠢᠨ᠎ᠠ᠃ 
       ᠰᠦᠷᠯᠢᠭ ᠰᠠᠢᠬᠠᠨ ᠭᠣᠪᠢ ᠨᠤᠲᠤᠭ ᠲᠤ᠌ ᠴᠤ᠌ ᠭᠡᠰᠡᠨ᠂ ᠳᠡᠯᠭᠡᠷ ᠰᠠᠢᠬᠠᠨ ᠬᠠᠩᠭᠠᠢ ᠨᠤᠲᠤᠭ ᠲᠤ᠌ ᠴᠤ᠌ ᠭᠡᠰᠡᠨ᠂ ᠬᠠᠨ ᠠᠯᠲᠠᠢ ᠶ᠋ᠢᠨ ᠬᠣᠷᠮᠣᠢ ᠳ᠋ᠠᠬᠢ ᠨᠤᠲᠤᠭ ᠲᠤ᠌ ᠴᠤ᠌ ᠭᠡᠰᠡᠨ᠂ ᠪᠤᠭᠤᠷᠤᠯ ᠣᠷᠬᠣᠨ ᠰᠡᠯᠡᠩᠭᠡ ᠶ᠋ᠢᠨ ᠵᠠᠬ᠎ᠠ ᠬᠥᠪᠡᠭᠡ ᠨᠤᠲᠤᠭ ᠢ᠋ᠶ᠋ᠠᠷ ᠡᠷᠲᠡᠨ ᠦ᠌ ᠪᠡᠨ ᠪᠠᠯᠭᠠᠰᠤ ᠶ᠋ᠢ ᠬᠣᠴᠣᠷᠭᠠᠭᠰᠠᠨ ᠤᠷᠢᠳᠤ ᠡᠷᠲᠡ ᠴᠠᠭ ᠲᠤ᠌ ᠠᠤᠭ᠎ᠠ ᠴᠢᠳᠠᠯᠲᠠᠢ᠂ ᠠᠯᠳᠠᠷ ᠶᠡᠬᠡ ᠲᠡᠢ᠂ ᠣᠭᠣᠯᠢ ᠰᠢᠪᠠᠭᠤ ᠡᠴᠢᠭᠡ ᠲᠡᠢ᠂ ᠣᠢᠭᠤᠳ ᠨᠡᠷᠡᠲᠡᠢ ᠤᠯᠤᠰ ᠤ᠋ᠨ ᠰᠠᠯᠠᠭ᠎ᠠ ᠰᠠᠯᠪᠤᠷᠢ ᠨᠢ ᠪᠣᠯᠤᠭᠰᠠᠨ ᠤᠢᠭᠤᠷ ᠣᠪᠣᠭᠲᠤ᠂ ᠴᠠᠭᠠᠳᠠᠨ ᠮᠠᠯᠲᠤ ᠤᠯᠤᠰ ᠤ᠋ᠨ ᠨᠤᠲᠤᠭᠯᠠᠳᠠᠭ ᠬᠥᠪᠰᠥᠭᠥᠯ ᠳᠠᠯᠠᠢ ᠬᠠᠪᠢ ᠶ᠋ᠢᠨ ᠵᠤᠵᠠᠭᠠᠨ ᠣᠢ ᠬᠥᠪᠴᠢ ᠳ᠋ᠦ᠍ ᠴᠦ᠍ ᠭᠡᠰᠡᠨ᠂ ᠠᠭᠤᠳᠠᠮ ᠮᠣᠩᠭᠣᠯ ᠭᠠᠵᠠᠷ ᠨᠤᠲᠤᠭ ᠤ᠋ᠨ ᠠᠯᠢ ᠴᠤ᠌ ᠵᠦᠭ ᠵᠣᠪᠬᠢᠰ ᠲᠤᠨᠢ( ᠲᠤ ᠨᠢ) ᠠᠷᠠᠳ ᠤ᠋ᠳ ᠴᠤᠤᠲᠠᠢ ᠵᠠᠩᠵᠤᠨ ᠮᠠᠷᠱᠠᠯ ᠵᠦᠺᠦᠸ᠂ ᠠᠤᠭ᠎ᠠ ᠵᠥᠪᠯᠡᠯᠲᠦ ᠶ᠋ᠢᠨ ᠠᠷᠮᠢ ᠶ᠋ᠢᠨ ᠠᠯᠳᠠᠷᠲᠤ ᠳᠠᠢᠴᠢᠨ ᠴᠡᠷᠢᠭ ᠢ᠋ ᠠᠷᠠᠳ ᠮᠣᠩᠭᠣᠯ ᠤ᠋ᠨ ᠡᠷᠬᠡ ᠴᠢᠯᠥᠭᠡ᠂ ᠲᠤᠰᠠᠭᠠᠷ ᠲᠣᠭᠲᠠᠨᠢᠭᠰᠠᠨ ᠪᠠᠢᠳᠠᠯ ᠢ᠋ ᠬᠠᠮᠠᠭᠠᠯᠠᠬᠤ ᠪᠠᠷ ᠢᠷᠡᠵᠦ᠂ ᠬᠠᠷᠢ ᠶ᠋ᠢᠨ ᠬᠠᠷᠭᠢᠰ ᠲᠦᠷᠢᠮᠡᠬᠡᠢᠴᠦᠳ ᠢ᠋ ᠦᠨᠡᠰᠦᠨ ᠲᠣᠪᠷᠠᠭ ᠪᠣᠯᠭᠠᠵᠤ ᠳᠠᠷᠤᠭᠰᠠᠨ ᠲᠡᠦᠬᠡ ᠶᠠᠪᠤᠳᠠᠯ᠂ ᠵᠥᠪᠯᠡᠯᠲᠦ ᠮᠣᠩᠭᠣᠯ ᠬᠣᠶᠠᠷ ᠤᠯᠤᠰ ᠤ᠋ᠨ ᠬᠤᠷᠴᠠ ᠰᠦᠷᠲᠦ ᠴᠡᠷᠢᠭ ᠦ᠋ᠨ ᠳᠠᠢᠴᠢᠨ ᠨᠠᠢᠷᠠᠮᠳᠠᠯ ᠢ᠋ ᠪᠠᠬᠠᠳᠤᠨ ᠬᠡᠯᠡᠯᠴᠡᠳᠡᠭ ᠪᠠᠢᠨᠠᠮ᠃  
       ᠮᠣᠩᠭᠣᠯ ᠠᠷᠠᠳ ᠤ᠋ᠨ ᠬᠤᠪᠢᠰᠬᠠᠯᠲᠤ ᠠᠷᠮᠢ ᠶ᠋ᠢᠨ ᠴᠡᠷᠢᠭ ᠳᠠᠷᠤᠭ᠎ᠠ ᠨᠠᠷ᠂ ᠵᠥᠪᠯᠡᠯᠲᠦ ᠶ᠋ᠢᠨ ᠠᠷᠮᠢ ᠶ᠋ᠢᠨ ᠴᠡᠷᠢᠭ ᠳᠠᠷᠤᠭ᠎ᠠ ᠨᠠᠷ ᠤ᠋ᠨ ᠦᠯᠢᠭᠡᠷ ᠵᠢᠱ᠌ᠢᠶ᠎ᠡ ᠪᠡᠷ ᠳᠠᠢᠰᠤᠨ ᠢ᠋ ᠳᠠᠷᠤᠨ ᠢᠯᠠᠬᠤ ᠶ᠋ᠢᠨ ᠡᠷᠳᠡᠮ ᠴᠢᠳᠠᠯ ᠢ᠋ ᠰᠤᠷᠤᠯᠴᠠᠵᠤ ᠪᠠᠢᠭᠰᠠᠨ ᠪᠠᠢᠨᠠᠮ᠃  
       ᠡᠵᠡᠷᠬᠡᠭ ᠦ᠋ᠨ ᠦᠶ᠎ᠡ ᠳ᠋ᠦ᠍᠂ ᠬᠠᠷ᠎ᠠ ᠰᠢᠷ᠎ᠠ ᠹᠧᠣᠳᠠᠯ ᠤ᠋ᠨ ᠪᠣᠭᠣᠯ᠂ ᠱᠠᠪᠢ ᠠᠯᠪᠠᠲᠤ ᠪᠠᠢᠭᠰᠠᠨ ᠮᠠᠯᠴᠢᠨ ᠠᠷᠠᠳ ᠤ᠋ᠨ ᠬᠥᠪᠡᠭᠦᠳ᠂ ᠮᠣᠩᠭᠣᠯ ᠨᠢᠰᠦᠭᠴᠢ ᠨᠠᠷ ᠠᠷᠠᠳ ᠤ᠋ᠨ ᠬᠤᠪᠢᠰᠬᠠᠯ ᠤ᠋ᠨ ᠦᠶᠡᠰ ᠲᠦ᠍ ᠰᠦᠷ ᠴᠢᠳᠠᠯ ᠶᠡᠬᠡᠲᠦ ᠤᠨᠢᠬᠰᠠᠨ(ᠣᠨᠢᠰᠤᠨ) ᠲᠧᠭᠨᠢᠭ ᠮᠡᠷᠭᠡᠵᠢᠯ ᠢ᠋ ᠮᠡᠷᠭᠡᠵᠢᠨ ᠡᠵᠡᠮᠰᠢᠵᠦ᠂ ᠬᠠᠯᠳᠠᠨ ᠢᠷᠡᠬᠦ ᠳᠠᠢᠰᠤᠨ ᠲᠠᠢ ᠪᠠᠭᠠᠲᠤᠷᠯᠠᠨ ᠪᠠᠢᠯᠳᠤᠵᠤ ᠪᠠᠢᠭᠰᠠᠨ ᠪᠢᠯᠡ᠃  
       ᠮᠣᠩᠭᠣᠯ ᠠᠷᠠᠳ ᠤ᠋ᠨ ᠬᠤᠪᠢᠰᠬᠠᠯᠲᠤ ᠨᠠᠮ ᠢ᠋ᠶ᠋ᠠᠷ ᠬᠥᠮᠦᠵᠢᠭᠦᠯᠦᠭᠰᠡᠨ ᠴᠣᠭ ᠪᠠᠳᠠᠷᠠᠩᠭᠤᠢ ᠵᠣᠷᠢᠭᠲᠤ ᠨᠢᠰᠦᠭᠴᠢ ᠨᠠᠷ ᠬᠦᠴᠦ ᠳᠠᠪᠠᠭᠤ᠂ ᠶᠣᠰᠣ ᠤᠴᠢᠷ ᠦᠯᠦ ᠮᠡᠳᠡᠬᠦ᠂ ᠢᠴᠢᠬᠦ ᠨᠢᠭᠤᠷ ᠢ᠋ᠶ᠋ᠠᠨ ᠠᠯᠳᠠᠭᠰᠠᠨ ᠬᠠᠷᠢ ᠶ᠋ᠢᠨ ᠲᠦᠷᠢᠮᠡᠬᠡᠢᠯᠡᠭᠴᠢᠳ ᠲᠡᠢ ᠬᠡᠰᠡᠭ ᠢ᠋ᠶ᠋ᠡᠷ ᠢ᠋ᠶ᠋ᠡᠨ ᠴᠦ᠍ ᠭᠡᠰᠡᠨ᠂ ᠭᠠᠭᠴᠠᠭᠠᠷ ᠢ᠋ᠶ᠋ᠠᠨ ᠴᠤ᠌ ᠭᠡᠰᠡᠨ ᠵᠢᠷᠦᠬᠡ ᠲᠡᠢ ᠪᠠᠢᠯᠳᠤᠨ ᠲᠤᠯᠤᠯᠳᠤᠵᠤ᠂ ᠳᠤᠮᠳᠠᠳᠤ ᠤᠯᠤᠰ ᠳᠠᠬᠢ ᠹᠷᠣᠨᠲ ᠠ᠋ᠴᠠ ᠨᠣᠮᠣᠬᠠᠨ ᠬᠣᠲᠠ ᠰᠠᠭᠤᠷᠢᠨ ᠢ᠋ ᠪᠥᠮᠪᠥᠭᠡᠳᠡᠨ᠂ ᠲᠤᠲᠤᠷᠭ᠎ᠠ ᠶ᠋ᠢᠨ ᠢ᠋ᠶ᠋ᠡᠨ* ᠲᠠᠷᠢᠶᠠᠯᠠᠩ ᠳ᠋ᠤ᠌ ᠠᠵᠢᠯ ᠬᠢᠭᠴᠢ ᠢᠷᠭᠡᠨ ᠲᠠᠷᠢᠶᠠᠴᠢᠨ ᠢ᠋ ᠬᠢᠳᠤᠵᠤ᠂ ᠭᠠᠴᠠᠭ᠎ᠠ ᠲᠣᠰᠬᠣᠨ ᠤ᠋ ᠬᠥᠯ ᠦᠢᠮᠡᠭᠡᠨ ᠪᠠᠭ᠎ᠠ ᠲᠠᠢ ᠲᠠᠯᠠᠪᠠᠢ ᠳ᠋ᠤ᠌ ᠲᠣᠭᠯᠠᠭᠴᠢ ᠬᠡᠦᠬᠡᠳ ᠰᠢᠤᠬᠠᠳ ᠢ᠋ ᠫᠦᠯᠧᠮᠶᠣᠲ ᠢ᠋ᠶ᠋ᠠᠷ ᠰᠦᠷᠴᠢᠨ ᠳᠠᠭᠠᠷᠢᠵᠤ ᠪᠠᠢᠭᠰᠠᠨ ᠢ᠋ᠶ᠋ᠠᠨ ᠢᠷᠡᠭᠰᠡᠨ ᠠᠭᠠᠷ ᠤ᠋ᠨ ᠬᠠᠷᠭᠢᠰ ᠤ᠋ᠳ ᠢ᠋ ᠴᠣᠬᠢᠨ ᠰᠥᠨᠥᠭᠡᠵᠦ ᠪᠠᠢᠯ᠎ᠠ᠃ ᠳᠤᠮᠳᠠᠳᠤ ᠤᠯᠤᠰ ᠤ᠋ᠨ ᠡᠬᠡ ᠬᠥᠮᠦᠨ ᠦ᠌ ᠵᠣᠪᠠᠭᠰᠠᠨ ᠬᠠᠷᠢᠭᠤ ᠶ᠋ᠢ ᠴᠢᠩᠭᠢᠵᠦ ᠬᠠᠯᠬ᠎ᠠ ᠭᠣᠣᠯ ᠤ᠋ᠨ ᠠᠭᠤᠳᠠᠮ ᠴᠡᠯᠡᠭᠡᠷ ᠲᠩᠷᠢ ᠳ᠋ᠦ᠍᠂ ᠮᠣᠩᠭᠣᠯ ᠤ᠋ᠨ ᠵᠣᠷᠢᠭᠲᠤ ᠬᠥᠪᠡᠭᠦᠳ ᠠᠪᠴᠤ ᠪᠠᠢᠭᠰᠠᠨ ᠪᠢᠯᠡ᠃   
       ᠵᠥᠪᠯᠡᠯᠲᠦ ᠮᠣᠩᠭᠣᠯ ᠬᠣᠶᠠᠷ ᠤᠯᠤᠰ ᠤ᠋ᠨ ᠨᠢᠰᠬᠦ ᠬᠦᠴᠦᠨ ᠦ᠌ ᠴᠣᠬᠢᠯᠲᠠ ᠤᠯᠠᠮ ᠤᠯᠠᠮ ᠡᠷᠴᠢᠨ ᠲᠡᠢ ᠴᠢᠩᠭ᠎ᠠ ᠪᠣᠯᠵᠤ ᠪᠠᠢᠭ᠎ᠠ ᠨᠢ ᠨᠠᠢᠷᠠᠮᠳᠠᠯ ᠢ᠋ ᠵᠤᠵᠠᠭᠠᠳᠬᠠᠵᠤ᠂ ᠬᠠᠷᠢᠯᠴᠠᠬᠤ ᠫᠷᠣᠲ᠋ᠣᠺᠣᠯ ᠭᠡᠷ᠎ᠡ ᠶ᠋ᠢᠨ ᠵᠦᠢᠯ ᠢ᠋ ᠵᠥᠪᠯᠡᠯᠲᠦ ᠤᠯᠤᠰ ᠤ᠋ᠨ ᠵᠠᠰᠠᠭ ᠤ᠋ᠨ ᠭᠠᠵᠠᠷ ᠠ᠋ᠴᠠ ᠶᠣᠰᠣᠴᠢᠯᠠᠨ ᠭᠦᠢᠴᠡᠳᠬᠡᠵᠦ ᠪᠠᠢᠭ᠎ᠠ ᠶ᠋ᠢᠨ ᠦᠷ᠎ᠡ ᠳ᠋ᠦᠩ ᠪᠢᠯᠡ᠃ ᠶᠠᠫᠣᠨ ᠤ᠋ ᠨᠢᠰᠦᠭᠴᠢ ᠨᠠᠷ ᠲᠦᠷᠦᠭᠦᠨ ᠦ᠌ ᠠᠳᠠᠯᠢ ᠮᠠᠨ ᠤ᠋ ᠨᠢᠭᠡ ᠨᠢᠰᠦᠭᠴᠢ ᠶ᠋ᠢᠨ ᠥᠭᠡᠳᠡ ᠡᠴᠡ ᠭᠤᠷᠪᠠ ᠪᠠᠷ ᠢ᠋ᠶ᠋ᠠᠨ᠂ ᠲᠠᠪᠤ ᠪᠠᠷ ᠢ᠋ᠶ᠋ᠠᠨ ᠳᠠᠭᠠᠷᠢᠵᠤ᠂ ᠬᠦᠴᠦ ᠳᠠᠪᠠᠭᠤ ᠪᠠᠷ ᠢ᠋ᠶ᠋ᠠᠨ ᠲᠦᠷᠢᠭᠡ ᠪᠠᠷᠢᠳᠠᠭ ᠢ᠋ᠶ᠋ᠠᠨ ᠠᠯᠢ ᠬᠡᠳᠦᠢᠨᠡᠢ ᠪᠠᠢᠴᠢᠵᠤ( ᠪᠠᠢᠴᠢᠬᠠᠵᠤ) ᠪᠢᠯᠡ᠃ 
       ᠶᠠᠫᠣᠨ ᠤ᠋ ᠪᠥᠮᠪᠥᠭᠡᠳᠡᠭᠴᠢ ᠣᠩᠭᠣᠴᠠ᠂ ᠮᠣᠩᠭᠣᠯ ᠵᠥᠪᠯᠡᠯᠲᠦ ᠶ᠋ᠢᠨ ᠰᠥᠨᠥᠭᠡᠭᠴᠢ ᠣᠩᠭᠣᠴᠠ ᠶ᠋ᠢᠨ ᠪᠠᠷ᠎ᠠ ᠶ᠋ᠢ ᠬᠠᠷᠠᠮᠠᠭᠴᠠ᠂ ᠪᠡᠶ᠎ᠡ ᠪᠡᠨ ᠬᠠᠮᠠᠭᠠᠯᠠᠬᠤ ᠰᠥᠨᠥᠭᠡᠭᠴᠢ ᠣᠩᠭᠣᠴᠠᠨ ᠳ᠋ᠠᠭᠠᠨ ᠨᠠᠢᠳᠠᠯ ᠦᠭᠡᠢ᠂ ᠪᠥᠮᠪᠥᠭᠡ ᠪᠡᠨ ᠰᠡᠩᠳᠡ ᠮᠡᠩᠳᠡ ᠥᠪᠡᠷ ᠦ᠋ᠨ ᠢ᠋ᠶ᠋ᠡᠨ ᠴᠡᠷᠢᠭ ᠳᠡᠭᠡᠷ᠎ᠡ ᠴᠦ᠍ ᠭᠡᠰᠡᠨ ᠬᠠᠮᠢᠶ᠎ᠠ ᠦᠭᠡᠢ ᠬᠠᠶᠠᠵᠤ ᠬᠥᠩᠭᠡᠵᠢᠭᠡᠳ᠂ ᠭᠦᠢᠴᠡᠭᠳᠡᠵᠦ ᠪᠠᠯᠠᠷᠠᠬᠤ ᠠ᠋ᠴᠠ ᠪᠠᠨ ᠡᠮᠦᠨ᠎ᠡ ᠵᠠᠢᠯᠠᠶ᠎ᠠ ᠭᠡᠵᠦ ᠵᠢᠭᠤᠲᠠᠳᠠᠭ ᠪᠣᠯᠵᠤ ᠪᠢᠯᠡ᠃ 
       ᠮᠠᠯᠴᠢᠨ ᠠᠷᠠᠳ ᠤ᠋ᠨ ᠬᠡᠦᠬᠡᠳ᠂ ᠮᠣᠩᠭᠣᠯ ᠨᠢᠰᠦᠭᠴᠢ ᠨᠠᠷ ᠡᠬᠡ ᠣᠷᠣᠨ ᠤ᠋ ᠪᠠᠨ ᠲᠥᠯᠥᠭᠡ ᠪᠠᠭᠠᠲᠤᠷᠯᠠᠨ ᠪᠠᠢᠯᠳᠤᠭᠰᠠᠭᠠᠷ᠂ ᠳᠠᠢᠴᠢᠨ ᠴᠢᠳᠠᠯ ᠨᠢ ᠤᠯᠠᠮ ᠨᠡᠮᠡᠭᠳᠡᠵᠦ ᠪᠠᠢᠯ᠎ᠠ᠃ ᠡᠮᠡᠭᠡᠨ ᠲᠠᠩᠰᠤᠭ ᠤ᠋ᠨ ᠬᠦᠦ ᠣᠯᠵᠠᠪᠠᠢ ᠭᠡᠳᠡᠭ ᠵᠠᠯᠠᠭᠤ᠂ ᠵᠥᠪᠯᠡᠯᠲᠦ ᠤᠯᠤᠰ ᠲᠤ᠌ ᠰᠤᠷᠭᠠᠭᠤᠯᠢ ᠳ᠋ᠤ᠌ ᠶᠠᠪᠤᠵᠤ᠂ ᠰᠥᠨᠥᠭᠡᠨ ᠨᠢᠰᠦᠭᠴᠢ ᠶ᠋ᠢᠨ ᠰᠤᠷᠭᠠᠭᠤᠯᠢ ᠶ᠋ᠢ ᠬᠠᠯᠬ᠎ᠠ ᠭᠣᠣᠯ ᠤ᠋ᠨ ᠲᠡᠢᠨ ᠦ᠌ ᠤᠷᠢᠳ ᠵᠢᠯ ᠲᠡᠭᠦᠰᠬᠡᠵᠦ ᠢᠷᠡᠭᠡᠳ᠂ ᠣᠳᠣ ᠳᠠᠢᠰᠤᠨ ᠲᠠᠢ ᠦᠵᠡᠯᠴᠡᠨ ᠲᠤᠯᠤᠯᠳᠤᠭᠰᠠᠭᠠᠷ᠂ ᠡᠰᠡᠷᠭᠦᠴᠡᠯ ᠡᠲᠡᠭᠡᠳ ᠦ᠋ᠨ ᠳᠣᠯᠣᠭᠠᠨ ᠰᠥᠨᠥᠭᠡᠭᠴᠢ ᠶ᠋ᠢ ᠤᠰᠠᠳᠬᠠᠭᠰᠠᠨ ᠠᠵᠢ᠃  
       ᠵᠥᠪᠯᠡᠯᠲᠦ ᠤᠯᠤᠰ ᠤ᠋ᠨ ᠪᠠᠭᠠᠲᠤᠷ ᠺᠷᠡᠪᠴᠧᠨᠺᠦ ᠳᠠᠢᠴᠢᠨ ᠨᠥᠬᠥᠳ ᠢ᠋ᠶ᠋ᠡᠨ ᠳᠠᠭᠠᠭᠤᠯᠵᠤ᠂ ᠬᠠᠯᠬ᠎ᠠ ᠭᠣᠣᠯ ᠤ᠋ᠨ ᠠᠭᠤᠳᠠᠮ  ᠴᠡᠯᠡᠭᠡᠷ ᠲᠠᠯ᠎ᠠ ᠳ᠋ᠤ᠌᠂ ᠰᠲ᠋ᠠᠯᠢᠨ ᠤ᠋ ᠨᠢᠰᠬᠦ ᠣᠩᠭᠣᠴᠠ ᠶ᠋ᠢᠨ ᠬᠡᠰᠡᠭ ᠳᠠᠢᠴᠢᠨ ᠨᠢᠰᠦᠭᠴᠢ ᠨᠠᠷ ᠤ᠋ᠨ ᠬᠠᠮᠲᠤ ᠬᠦᠷᠴᠦ ᠢᠷᠡᠭᠡᠳ᠂ ᠬᠠᠯᠳᠠᠨ ᠢᠷᠡᠭᠰᠡᠨ ᠳᠠᠢᠰᠤᠨ ᠲᠠᠢ ᠪᠠᠢᠯᠳᠤᠨ᠂ ᠮᠣᠩᠭᠣᠯ ᠨᠢᠰᠦᠭᠴᠢ ᠨᠠᠷ ᠲᠤ᠌ ᠪᠠᠢᠯᠳᠤᠭᠠᠨ ᠤ᠋ ᠪᠠᠨ ᠲᠤᠷᠰᠢᠯᠭ᠎ᠠ ᠶ᠋ᠢ ᠤᠯᠠᠮᠵᠢᠯᠠᠵᠤ᠂  
       — ᠳᠠᠢᠰᠤᠨ ᠤ᠋ ᠲᠠᠪᠤᠨ ᠣᠩᠭᠣᠴᠠ ᠶ᠋ᠢ ᠰᠥᠨᠥᠭᠡᠭᠡᠳ᠂ ᠨᠢᠭᠡ ᠣᠩᠭᠣᠴᠠ ᠪᠠᠨ ᠠᠯᠳᠠᠭᠰᠠᠨ ᠠ᠋ᠴᠠ᠂ ᠳᠠᠢᠰᠤᠨ ᠤ᠋ ᠬᠣᠶᠠᠷ ᠣᠩᠭᠣᠴᠠ ᠰᠥᠨᠥᠭᠡᠭᠡᠳ ᠨᠢᠭᠡᠴᠦ ᠣᠩᠭᠣᠴᠠ ᠪᠠᠨ ᠭᠠᠷᠤᠵᠠᠳᠠᠬᠤ ᠦᠭᠡᠢ ᠶᠠᠪᠤᠬᠤ ᠨᠢ ᠳᠡᠭᠡᠷ᠎ᠡ᠂ 
       — ᠨᠥᠬᠥᠷ ᠦ᠋ᠨ ᠢ᠋ᠶ᠋ᠡᠨ ᠮᠠᠰᠢᠨ᠎ᠠ ᠠᠷᠤ ᠠ᠋ᠴᠠ ᠨᠢ ᠬᠠᠮᠠᠭᠠᠯᠠᠵᠤ ᠶᠠᠪᠤᠭᠠᠷᠠᠢ᠂   
       — ᠨᠥᠬᠥᠷ ᠲᠡᠭᠡᠨ ᠵᠣᠪᠠᠯᠠᠩ ᠲᠣᠬᠢᠶᠠᠯᠳᠤᠪᠠᠯ ᠲᠡᠩᠬᠡᠷᠡᠭᠦᠯᠦᠨ ᠲᠤᠰᠠᠯᠠᠵᠤ ᠪᠠᠢ᠃ 
       — ᠣᠭᠲᠠᠷᠭᠤᠢ ᠳ᠋ᠤ᠌ ᠳᠠᠢᠰᠤᠨ ᠪᠠᠢᠵᠤ ᠪᠣᠯᠣᠰᠢ ᠦᠭᠡᠢ ᠶ᠋ᠢ ᠨᠠᠷᠢᠨ ᠰᠤᠷᠠᠭᠯᠠᠵᠤ᠂ ᠪᠤᠲᠠ ᠨᠢᠷᠭᠡᠨ ᠰᠥᠨᠥᠭᠡ ᠭᠡᠵᠦ ᠰᠤᠷᠭᠠᠳᠠᠭ ᠪᠠᠢᠵᠠᠢ᠃ 
       ᠣᠯᠵᠠᠪᠠᠢ ᠤᠷᠢᠳᠤ ᠨᠢᠰᠦᠭᠴᠢ ᠶ᠋ᠢᠨ ᠰᠤᠷᠭᠠᠭᠤᠯᠢ ᠬᠢᠵᠦ ᠪᠠᠢᠬᠤ ᠳ᠋ᠠᠭᠠᠨ ᠺᠯᠦ᠋ᠪ ᠲᠦ᠍  ᠺᠷᠡᠪᠴᠧᠨᠺᠦ ᠶ᠋ᠢᠨ ᠢᠯᠡᠳᠬᠡᠯ ᠯᠧᠺᠼ ᠬᠢᠵᠦ ᠪᠠᠢᠬᠤ ᠲᠠᠢ ᠨᠢ ᠨᠢᠭᠡ ᠤᠳᠠᠭ᠎ᠠ ᠳᠠᠭᠠᠷᠢᠯᠳᠤᠭᠰᠠᠨ ᠬᠥᠮᠦᠨ ᠪᠠᠢᠵᠠᠢ᠃ ᠲᠡᠭᠡᠭᠡᠳ᠂ ᠲᠡᠷᠡ ᠠᠯᠳᠠᠷᠲᠤ ᠪᠠᠭᠠᠲᠤᠷ ᠨᠢᠰᠦᠭᠴᠢ ᠶ᠋ᠢᠨ ᠬᠦᠷᠴᠦ ᠢᠷᠡᠬᠦ ᠳ᠋ᠦ᠍᠂ ᠵᠥᠪᠯᠡᠯᠲᠦ ᠶ᠋ᠢᠨ ᠠᠭᠠᠷ ᠤ᠋ᠨ ᠬᠦᠴᠦᠨ ᠦ᠌ ᠰᠥᠨᠥᠭᠡᠭᠴᠢ ᠠᠩᠭᠢ ᠶ᠋ᠢᠨ ᠳᠠᠷᠤᠭ᠎ᠠ᠂ ᠲᠡᠷᠡ ᠪᠠᠭᠠᠲᠤᠷ ᠲᠠᠢ ᠳᠣᠲᠤᠨᠤᠯᠤᠨ ᠲᠠᠨᠢᠯᠴᠠᠵᠤ  ᠭᠷᠢᠭᠤᠷᠢ  ᠫᠡᠨᠲ᠋ᠸᠯᠸᠶᠸᠸᠢᠴ ᠺᠷᠡᠪᠴᠧᠨᠺᠦ ᠶ᠋ᠢᠨ ᠮᠠᠰᠢ ᠰᠡᠷᠭᠦᠯᠡᠩ ᠵᠣᠷᠢᠭ ᠲᠠᠢ᠂ ᠬᠡᠷᠰᠡᠦ ᠨᠢᠮᠪᠠᠢ᠂ ᠡᠴᠡᠬᠦ ᠴᠣᠴᠢᠬᠤ ᠶ᠋ᠢ ᠮᠡᠳᠡᠳᠡᠭ ᠦᠭᠡᠢ᠂ ᠮᠣᠬᠣᠰᠢ ᠦᠭᠡᠢ ᠪᠠᠭᠠᠲᠤᠷ ᠪᠥᠭᠡᠳ ᠬᠥᠮᠦᠨ ᠦ᠌ ᠰᠡᠳᠬᠢᠯ ᠳᠤᠷ᠎ᠠ ᠶ᠋ᠢ ᠲᠠᠲᠠᠮ᠎ᠠ ᠡᠯᠢᠭᠡᠰᠡᠭ ᠰᠠᠢᠬᠠᠨ ᠲᠣᠳᠣᠷᠬᠠᠢ᠂ ᠲᠥᠪ ᠳᠠᠷᠤᠤ ᠵᠠᠩ ᠲᠠᠢ᠂ ᠨᠥᠬᠥᠷ ᠦ᠋ᠨ ᠰᠡᠳᠬᠢᠯ ᠲᠡᠢ᠂ ᠨᠥᠩᠵᠢᠭᠲᠡᠢ  ᠶᠣᠰᠣ ᠲᠠᠢ ᠰᠠᠢᠬᠠᠨ ᠬᠥᠮᠦᠨ ᠪᠠᠢᠨ᠎ᠠ ᠭᠡᠵᠦ ᠶᠡᠬᠡ ᠯᠡ ᠪᠠᠬᠠᠳᠤᠨ᠂ ᠥᠷᠥᠭᠡᠯ ᠪᠤᠰᠤᠳ ᠢ᠋ ᠳᠠᠮᠵᠢᠨ ᠲᠡᠳᠬᠦᠵᠦ᠂ ᠨᠥᠬᠥᠷ ᠦ᠋ᠨ ᠰᠠᠢᠬᠠᠨ ᠰᠡᠳᠬᠢᠯ ᠦ᠋ᠨ ᠡᠭᠦᠳᠡᠨ ᠡᠴᠡ ᠬᠡᠯᠡᠭᠰᠡᠨ ᠱᠣᠭ ᠦᠭᠡ ᠪᠡᠷ ᠢᠨᠢᠶᠡᠯᠭᠡᠨ ᠬᠠᠨᠢᠶᠠᠯᠭᠠᠵᠤ ᠤᠷᠮ᠎ᠠ ᠵᠣᠷᠢᠭ ᠢ᠋ ᠨᠢ ᠰᠡᠷᠭᠦᠭᠡᠵᠦ ᠤᠬᠠᠭᠠᠨ ᠠᠷᠭ᠎ᠠ ᠵᠢᠭᠠᠵᠤ᠂ ᠬᠦᠴᠦᠨ ᠳ᠋ᠡᠭᠡᠨ( ᠳ᠋ᠦ᠍ ᠪᠡᠨ) ᠢᠳᠡᠭᠡᠨ ᠵᠣᠷᠢᠭᠯᠠᠬᠤ ᠵᠣᠷᠢᠭ ᠲᠠᠢ ᠪᠣᠯᠭᠠᠵᠤ ᠬᠠᠲᠠᠭᠤᠵᠢᠭᠤᠯᠬᠤ ᠭᠡᠵᠦ ᠬᠢᠴᠢᠶᠡᠳᠡᠭ ᠢ᠋ ᠨᠢ ᠲᠡᠰᠬᠡᠯ ᠦᠭᠡᠢ ᠪᠢᠰᠢᠷᠡᠨ ᠪᠠᠬᠠᠳᠤᠵᠠᠢ᠃  
       ᠨᠢᠭᠡᠨ ᠡᠳᠦᠷ ᠺᠷᠡᠪᠴᠸᠨᠺᠤ ᠥᠴᠦᠬᠡᠨ ᠲᠡᠳᠦᠢ ᠠᠮᠤᠰᠬᠢᠬᠦ ᠲᠠᠢᠪᠤᠩ ᠴᠠᠭ ᠤ᠋ᠨ ᠵᠠᠪ ᠭᠠᠷᠤᠭᠰᠠᠨ ᠳ᠋ᠤ᠌᠂ ᠪᠠᠢᠯᠳᠤᠵᠤ ᠶᠠᠪᠤᠭᠰᠠᠨ ᠲᠤᠷᠰᠢᠯᠭ᠎ᠠ ᠠ᠋ᠴᠠ ᠪᠠᠨ ᠣᠯᠵᠠᠪᠠᠢ ᠳ᠋ᠤ᠌ ᠨᠢᠭᠡᠨ ᠵᠦᠢᠯ ᠰᠤᠷᠭᠠᠯ ᠰᠣᠨᠢᠷᠬᠠᠯ ᠪᠣᠯᠭᠠᠨ ᠶᠠᠷᠢᠵᠤ ᠥᠭᠭᠦᠭᠰᠡᠨ ᠨᠢ᠂ ᠰᠦᠷᠡᠬᠡᠢ ᠰᠢᠷᠦᠭᠦᠨ ᠲᠤᠯᠤᠯᠳᠤᠭᠠᠨ ᠳ᠋ᠤ᠌ ᠶᠠᠫᠣᠨ ᠤ᠋ ᠬᠣᠶᠠᠷ ᠰᠥᠨᠥᠭᠡᠭᠴᠢ ᠶ᠋ᠢ ᠤᠨᠠᠭᠠᠭᠠᠳ᠂ ᠪᠦᠲᠦᠨ ᠨᠢᠭᠡ ᠬᠡᠰᠡᠭ ᠰᠥᠨᠥᠭᠡᠭᠴᠢ ᠨᠠᠷ ᠠ᠋ᠴᠠ ᠮᠤᠯᠲᠤᠷᠠᠨ ᠵᠠᠢᠯᠠᠵᠤ᠂ ᠫᠤᠤᠳᠠᠭᠤᠯᠬᠤ ᠦᠭᠡᠢ ᠭᠡᠵᠦ ᠭᠠᠵᠠᠷ ᠳᠡᠭᠡᠭᠦᠷ ᠰᠢᠬᠠᠭᠤ᠂ ᠴᠠᠰᠢ ᠨᠠᠰᠢ  ᠮᠤᠷᠤᠢᠯᠵᠠᠨ ᠮᠤᠰᠬᠢᠷᠠᠵᠤ ᠨᠢᠰᠦᠭᠰᠡᠭᠡᠷ᠂ ᠠᠯᠳᠠᠭᠤᠯᠤᠨ ᠵᠠᠢᠯᠠᠵᠤ ᠮᠡᠨᠳᠦ ᠭᠠᠷᠤᠭᠰᠠᠨ ᠢ᠋ᠶ᠋ᠠᠨ ᠶᠠᠷᠢᠵᠠᠢ᠃  
       ᠲᠡᠭᠡᠵᠦ ᠭᠠᠵᠠᠷ ᠳᠡᠭᠡᠭᠦᠷ ᠰᠢᠬᠠᠭᠤ ᠬᠤᠰᠤᠨ ᠨᠢᠰᠴᠦ ᠶᠠᠪᠤᠬᠤ ᠳ᠋ᠤᠨᠢ( ᠳ᠋ᠤ᠌ ᠨᠢ) ᠪᠸᠨᠽᠢᠨ ᠲᠣᠰᠣ ᠪᠠᠷᠤᠭ ᠰᠢᠪᠬᠠᠷᠠᠵᠤ᠂ ᠳᠣᠣᠷ᠎ᠠ ᠨᠢ ᠲᠤᠯᠤᠭᠠᠳ ᠪᠣᠯᠤᠭᠰᠠᠨ ᠪᠠᠷᠲᠠᠭᠠᠲᠠᠢ ᠭᠠᠵᠠᠷ ᠪᠠᠢᠵᠠᠢ᠃ ᠨᠢᠭᠡ ᠬᠠᠭᠤᠷᠠᠢ ᠰᠠᠢᠷ ᠰᠤᠳᠠᠭ ᠲᠤ᠌ ᠠᠷᠭᠠᠴᠠᠨ ᠪᠠᠭᠤᠭᠠᠳ᠂ ᠨᠠᠷᠠᠨ ᠳ᠋ᠤ᠌ ᠭᠢᠯᠠᠯᠵᠠᠨ ᠳᠠᠢᠰᠤᠨ ᠳ᠋ᠤ᠌ ᠮᠡᠳᠡᠭᠳᠡᠭᠦᠵᠢᠨ ᠭᠡᠵᠦ ᠣᠩᠭᠣᠴᠠ ᠪᠠᠨ ᠡᠪᠡᠰᠦ ᠪᠡᠷ ᠳᠠᠷᠤᠭᠠᠳ᠂ ᠣᠷᠴᠢᠨ ᠲᠣᠭᠣᠷᠢᠨ ᠢ᠋ ᠦᠵᠡᠪᠡᠯ᠂ ᠡᠵᠡᠭᠦᠢ ᠬᠡᠭᠡᠷ᠎ᠡ ᠨᠢᠭᠡ ᠴᠦ᠍ ᠬᠥᠮᠦᠨ ᠠᠮᠢᠲᠠᠨ ᠦᠵᠡᠭᠳᠡᠬᠦ ᠦᠭᠡᠢ᠂ ᠲᠤᠰᠠᠯᠠᠬᠤ ᠳᠡᠮᠵᠢᠬᠦ ᠶ᠋ᠢ ᠭᠣᠷᠢᠳᠠᠬᠤ ᠨᠥᠬᠥᠴᠡᠯ ᠠᠯᠠᠭ᠎ᠠ᠂ ᠠᠮᠠ ᠪᠠᠨ ᠶᠡᠬᠡ ᠴᠠᠩᠭᠠᠬᠤ ᠳ᠋ᠤ᠌ ᠬᠡᠳᠦᠨ ᠫᠠᠫᠢᠷᠣᠰ ᠳᠠᠷᠠᠭ᠎ᠠ ᠳᠠᠷᠠᠭ᠎ᠠ ᠪᠠᠷ ᠤᠭᠰᠠᠷᠠᠭᠤᠯᠤᠨ ᠲᠠᠲᠠᠭᠠᠳ᠂ ᠴᠡᠷᠢᠭ ᠦ᠋ᠨ ᠢ᠋ᠶ᠋ᠡᠨ ᠵᠦᠭ ᠶᠠᠪᠠᠭᠠᠨ ᠠᠯᠬᠤᠬᠤ ᠪᠠᠷ ᠲᠣᠭᠲᠠᠵᠤ ᠪᠢᠯᠡ᠃ ᠴᠢᠩᠭᠢᠭᠡᠳ ᠶᠠᠪᠤᠬᠤ ᠴᠢᠭ ᠢᠶᠠᠨ ᠣᠯᠵᠤ᠂ ᠲᠡᠷᠡ ᠲᠤᠯᠤᠭᠠᠳ ᠳᠤᠮᠳᠠ ᠠ᠋ᠴᠠ ᠲᠠᠯ᠎ᠠ ᠭᠠᠵᠠᠷ ᠤᠳᠠᠯ ᠦᠭᠡᠢ ᠭᠠᠷᠤᠭᠠᠳ᠂ ᠣᠷᠴᠢᠨ ᠲᠣᠭᠣᠷᠢᠨ ᠨᠢᠳᠦ ᠠᠯᠳᠠᠮ᠎ᠠ ᠠᠭᠤᠵᠢᠮ ᠲᠠᠯ᠎ᠠ ᠶ᠋ᠢᠨ ᠭᠥᠷᠥᠭᠡᠰᠦ᠂ ᠨᠠᠷᠠᠨ ᠳ᠋ᠤ᠌ ᠬᠠᠯᠠᠭᠰᠠᠨ ᠨᠢ ᠲᠡᠢᠮᠦ ᠭᠡᠬᠦ ᠶ᠋ᠢᠨ ᠠᠷᠭ᠎ᠠ ᠦᠭᠡᠢ᠂ ᠬᠣᠯᠠ ᠶ᠋ᠢᠨ ᠲᠤᠯᠤᠭᠠᠳ ᠬᠡᠭᠡᠷ᠎ᠡ ᠶ᠋ᠢᠨ ᠵᠡᠷᠭᠡᠯᠭᠡᠨ ᠳ᠋ᠦ᠍ ᠣᠪᠣᠯᠵᠠᠨ ᠬᠠᠷᠠᠭᠳᠠᠵᠤ ᠪᠠᠢᠭ᠎ᠠ ᠨᠢ᠂ ᠲᠡᠰᠬᠦ ᠶ᠋ᠢᠨ ᠠᠷᠭ᠎ᠠ ᠦᠭᠡᠢ ᠬᠠᠯᠠᠭᠤᠨ ᠨᠠᠷᠠᠨ ᠳ᠋ᠤ᠌ ᠭᠠᠵᠠᠷ ᠳᠡᠯᠡᠬᠡᠢ ᠴᠦᠪᠦᠷᠢᠭᠦᠲᠦᠨ ᠣᠪᠣᠯᠵᠠᠵᠤ ᠪᠠᠢᠭ᠎ᠠ ᠶᠤᠮ ᠰᠢᠭ᠋᠃ ᠰᠢᠲᠦ ᠪᠡᠨ ᠵᠠᠭᠤᠵᠤ ᠠᠯᠬᠤ ᠠᠯᠬᠤᠭᠰᠠᠭᠠᠷ᠂ ᠨᠢᠭᠡ ᠨᠠᠭᠤᠷ ᠤ᠋ᠨ ᠪᠠᠷ᠎ᠠ ᠬᠠᠷᠠᠵᠤ᠂ ᠣᠳᠣ ᠯᠠ ᠠᠮᠠᠨ ᠤ᠋ ᠴᠠᠩᠭᠠᠭ᠎ᠠ ᠭᠠᠷᠭᠠᠨ᠎ᠠ ᠳᠠ ᠭᠡᠵᠦ ᠶᠠᠭᠠᠷᠠᠨ ᠠᠯᠬᠤᠵᠤ᠂ ᠨᠠᠭᠤᠷ ᠤ᠋ᠨ ᠳᠡᠷᠭᠡᠳᠡ ᠬᠦᠷᠦᠩᠭᠦᠲᠡ ᠭᠤᠲᠤᠯ ᠢ᠋ᠶ᠋ᠠᠨ ᠲᠠᠢᠯᠵᠤ᠂ ᠬᠠᠯᠠᠭᠤᠨ ᠣᠷᠬᠢᠵᠤ ᠪᠠᠢᠭᠰᠠᠨ ᠬᠥᠯ ᠢ᠋ᠶ᠋ᠡᠨ ᠰᠡᠷᠢᠭᠦᠴᠡᠭᠦᠯᠦᠶ᠎ᠡ ᠭᠡᠵᠦ ᠤᠰᠤᠨ ᠳ᠋ᠤ᠌ ᠤᠮᠪᠠᠵᠤ ᠣᠷᠣᠭᠠᠳ᠂ ᠭᠠᠷ ᠢ᠋ᠶ᠋ᠠᠷ ᠢ᠋ᠶ᠋ᠠᠨ ᠤᠳᠬᠤᠵᠤ ᠪᠠᠯᠭᠤᠮᠠᠭᠴᠠ᠂ ᠠᠮᠰᠠᠬᠤ ᠶ᠋ᠢᠨ ᠠᠷᠭ᠎ᠠ ᠦᠭᠡᠢ ᠬᠣᠣᠷ ᠳᠠᠷᠢ ᠰᠢᠭ ᠱᠣᠷᠪᠣᠭ ᠤᠰᠤ ᠪᠠᠢᠭᠰᠠᠨ ᠲᠤᠯᠠ ᠰᠠᠴᠤᠨ ᠨᠤᠯᠮᠤᠵᠤ ᠰᠠᠨᠳᠤᠷᠤᠭᠠᠳ᠂ ᠪᠤᠰᠢᠭᠤᠬᠠᠨ ᠭᠡᠭᠴᠢ ᠶ᠋ᠢᠨ ᠭᠠᠷᠴᠤ ᠭᠤᠲᠤᠯ ᠢ᠋ᠶ᠋ᠠᠨ ᠡᠮᠦᠰᠬᠦ ᠭᠡᠬᠦ ᠳ᠋ᠦ᠍ᠨᠢ( ᠳ᠋ᠦ᠍ ᠨᠢ)᠂ ᠬᠥᠯ ᠨᠢ ᠬᠠᠪᠤᠳᠤᠭᠠᠳ᠂ ᠭᠤᠲᠤᠯ ᠪᠠᠭᠲᠠᠵᠤ ᠥᠭᠳᠡᠭ ᠦᠭᠡᠢ᠃ ᠠᠷᠭ᠎ᠠ ᠪᠠᠷᠠᠭᠳᠠᠬᠤ ᠳ᠋ᠠᠭᠠᠨ( ᠳ᠋ᠤ᠌ ᠪᠠᠨ) ᠭᠤᠲᠤᠯ ᠢ᠋ᠶ᠋ᠠᠨ ᠬᠠᠶᠠᠭᠠᠳ᠂ ᠬᠥᠯ ᠨᠢᠴᠦᠭᠦᠨ ᠲᠡᠷᠡ ᠡᠳᠦᠷᠵᠢᠨ ᠢ᠋ᠶ᠋ᠡᠨ ᠶᠠᠪᠤᠵᠤ ᠦᠳᠡᠰᠢ ᠶ᠋ᠢᠨ ᠰᠥᠨᠢ᠂ ᠦᠷ ᠦ᠋ᠨ ᠰᠥᠨᠢ ᠶ᠋ᠢᠨ ᠵᠠᠭᠠᠭ ᠲᠤ᠌ ᠨᠢᠭᠡ ᠪᠠᠬᠠᠨ ᠳᠤᠭᠭᠢᠵᠤ ᠨᠢᠳᠦᠨ ᠦ᠌ ᠪᠡᠨ ᠬᠣᠣᠷ ᠭᠠᠷᠭᠠᠵᠤ ᠪᠢᠯᠡ᠃ ᠬᠣᠢᠲᠤ ᠡᠳᠦᠷ ᠦ᠋ᠨ ᠲᠤᠤᠱ ᠶᠠᠪᠤᠬᠤ ᠳ᠋ᠤᠨᠢ( ᠳ᠋ᠤ᠌ ᠨᠢ) ᠥᠷᠯᠥᠭᠡ ᠡᠴᠡ ᠰᠠᠯᠬᠢ ᠬᠥᠳᠡᠯᠵᠦ᠂ ᠪᠠᠬᠠᠨ ᠪᠣᠷᠣᠭ᠎ᠠ ᠣᠷᠣᠭᠠᠳ᠂ ᠶᠠᠭᠠᠷᠠᠨ ᠰᠠᠪᠢᠬᠢᠨ ᠳᠡᠪᠡᠯ ᠢ᠋ᠶ᠋ᠡᠨ ᠳᠡᠪᠢᠰᠴᠦ ᠳᠡᠭᠡᠷ᠎ᠡ ᠨᠢ ᠲᠣᠭᠲᠠᠭᠰᠠᠨ ᠪᠣᠷᠣᠭᠠᠨ ᠤ᠋ ᠤᠰᠤ ᠪᠠᠷ ᠠᠮᠠᠨ ᠤ᠋ ᠪᠠᠨ ᠴᠠᠩᠭᠠᠭ᠎ᠠ ᠶ᠋ᠢ ᠬᠠᠷᠢᠭᠤᠯᠤᠭᠴᠢ ᠪᠠᠨ ᠪᠣᠯᠲᠠᠯ᠎ᠠ ᠭᠡᠳᠡᠰᠦ ᠥᠯᠥᠰᠴᠦ ᠭᠣᠣᠯ ᠨᠢ ᠬᠠᠷᠠᠯᠠᠵᠤ ᠪᠢᠯᠡ᠃ ᠠᠷᠭ᠎ᠠ ᠰᠡᠮ᠎ᠡ ᠣᠯᠵᠤ ᠶᠠᠳᠠᠬᠤ ᠳ᠋ᠠᠭᠠᠨ( ᠳ᠋ᠤ᠌ ᠪᠠᠨ)᠂ ᠰᠢᠷ᠎ᠠ ᠴᠡᠴᠡᠭ ᠲᠡᠭᠦᠵᠦ ᠵᠠᠵᠢᠯᠤᠭᠠᠳ ᠨᠤᠯᠮᠤᠵᠤ ᠶᠠᠪᠤᠯ᠎ᠠ᠃ ᠴᠢᠩᠭᠢᠲᠡᠯ᠎ᠡ ᠭᠣᠭᠣᠳ ᠮᠠᠩᠭᠢᠷ ᠲᠠᠭᠠᠷᠠᠯᠳᠤᠭᠰᠠᠨ ᠢ᠋ ᠵᠠᠵᠢᠯᠵᠤ ᠦᠵᠡᠬᠦ ᠳ᠋ᠦ᠍᠂ ᠠᠭ᠎ᠠ ᠲᠠᠢ ᠭᠡᠳᠡᠭ ᠨᠢ ᠤᠴᠢᠷ ᠦᠭᠡᠢ᠂ ᠠᠮᠠ ᠬᠠᠮᠠᠷ ᠲᠤ᠌ ᠭᠠᠯ ᠰᠢᠲᠠᠬᠤ ᠰᠢᠭ᠋ ᠪᠣᠯᠵᠤ᠂ ᠰᠠᠨᠳᠤᠷᠤᠨ ᠲᠡᠪᠡᠳᠡᠵᠦ ᠶᠠᠪᠤᠲᠠᠯ᠎ᠠ ᠬᠠᠷᠢᠨ ᠵᠠᠪᠰᠢᠶᠠᠨ᠎ᠡ ᠰᠢᠬᠢᠷ ᠡᠪᠡᠰᠦ ᠳᠠᠭᠠᠷᠢᠯᠳᠤᠵᠤ᠂ ᠲᠡᠭᠦᠨ ᠡᠴᠡ ᠪᠠᠬᠠᠨ ᠤᠬᠤᠵᠤ᠂ ᠨᠢᠯᠤᠭᠤᠨ ᠰᠢᠬᠢᠷ ᠲᠡᠢ ᠦᠨᠳᠦᠰᠦ ᠶ᠋ᠢ ᠨᠢ ᠵᠠᠵᠢᠯᠬᠤ ᠳ᠋ᠤ᠌ ᠭᠣᠣᠯ ᠬᠠᠷᠠᠯᠠᠬᠤ ᠪᠠᠨ ᠪᠠᠢᠵᠤ᠂ ᠭᠡᠳᠡᠰᠦ ᠪᠡᠨ ᠨᠢᠭᠡ ᠤᠳᠠᠭ᠎ᠠ ᠬᠠᠭᠤᠷᠤᠭᠴᠢ ᠪᠠᠨ ᠪᠣᠯᠵᠤ ᠪᠢᠯᠡ᠃ ᠭᠡᠲᠡᠯ᠎ᠡ ᠲᠩᠷᠢ ᠳᠠᠬᠢᠨ ᠴᠡᠯᠮᠡᠵᠦ᠂ ᠡᠭᠦᠯᠡ ᠠᠷᠢᠯᠤᠭᠠᠳ᠂ ᠥᠨᠥᠬᠢ ᠬᠤᠷᠴᠠ ᠨᠠᠷᠠᠨ ᠠᠨᠠᠢ ᠰᠢᠲᠠᠵᠤ᠂ ᠭᠠᠵᠠᠷ ᠳᠡᠯᠡᠬᠡᠢ ᠬᠥᠯ ᠭᠢᠰᠬᠢᠮ᠎ᠡ ᠦᠭᠡᠢ ᠬᠠᠯᠠᠭᠤᠨ ᠪᠣᠯᠤᠯ᠎ᠠ᠃ ᠨᠢᠳᠦ ᠡᠷᠢᠶᠡᠯᠵᠢᠯᠡᠵᠦ ᠪᠡᠶ᠎ᠡ ᠶᠠᠳᠠᠷᠠᠪᠠᠴᠤ᠂ ᠴᠢᠩ ᠵᠣᠷᠢᠭ ᠪᠠᠷᠢᠵᠤ ᠶᠠᠪᠤᠭᠰᠠᠭᠠᠷ ᠶᠠᠪᠤᠲᠠᠯ᠎ᠠ ᠨᠢ ᠦᠳᠡᠰᠢ ᠶ᠋ᠢᠨ ᠠᠯᠲᠠ ᠳ᠋ᠤ᠌ ᠨᠢᠭᠡ ᠱᠠᠯᠪᠠᠭ ᠰᠢᠭ᠋ ᠶᠠᠭᠤᠮ᠎ᠠ ᠬᠠᠷᠠᠯᠠᠵᠤ ᠦᠵᠡᠭᠳᠡᠬᠦ ᠳ᠋ᠦ᠍ ᠣᠴᠢᠵᠤ ᠦᠵᠡᠪᠡᠯ ᠬᠠᠷ᠎ᠠ ᠪᠠᠲᠠᠭᠠᠨ᠎ᠠ ᠳᠦᠭᠦᠷᠡᠩ ᠰᠠᠭᠤᠭᠰᠠᠨ ᠱᠠᠯᠪᠠᠭ ᠪᠠᠢᠵᠠᠢ᠃ ᠬᠠᠷ᠎ᠠ ᠪᠠᠲᠠᠭᠠᠨ᠎ᠠ ᠶ᠋ᠢ ᠦᠷᠭᠦᠭᠡᠵᠦ᠂ ᠲᠡᠷᠡ ᠪᠦᠯᠢᠶᠡᠨ ᠱᠠᠯᠪᠠᠭ ᠢ᠋ ᠰᠣᠷᠣ ᠰᠤᠷᠤᠭᠰᠠᠭᠠᠷ᠂ ᠬᠣᠭᠣᠯᠠᠢ ᠳ᠋ᠠᠭᠠᠨ( ᠳ᠋ᠤ᠌ ᠪᠠᠨ) ᠡᠯᠡᠰᠦ ᠣᠷᠣᠲᠠᠯ᠎ᠠ ᠲᠠᠰᠤ ᠰᠢᠪᠬᠠᠨ ᠰᠣᠷᠣᠵᠤ ᠪᠢᠯᠡ᠃ 
       ᠰᠥᠨᠢ ᠪᠤᠲᠠ ᠳᠤᠮᠳᠠ ᠤᠨᠲᠠᠭᠠᠳ᠂ ᠦᠷ ᠦ᠋ᠨ ᠬᠢᠷᠠᠭ᠎ᠠ ᠪᠠᠷ ᠲᠡᠰᠬᠡᠯ ᠦᠭᠡᠢ ᠲᠠᠭᠠᠷᠠᠨ ᠰᠡᠷᠡᠭᠡᠳ ᠪᠣᠰᠬᠤ ᠭᠡᠬᠦ ᠳ᠋ᠦ᠍ᠨᠢ( ᠳ᠋ᠦ᠍ ᠨᠢ)᠂ ᠬᠥᠯ ᠨᠢ ᠪᠡᠶ᠎ᠡ ᠪᠡᠨ ᠳᠠᠭᠠᠭᠠᠬᠤ ᠪᠠᠨ ᠪᠣᠯᠢᠵᠠᠢ᠃ ᠴᠢᠩᠭᠢᠬᠦ ᠳ᠋ᠦ᠍ᠨᠢ( ᠳ᠋ᠦ᠍ ᠨᠢ)᠂ ᠡᠪᠡᠰᠦ ᠥᠷᠭᠡᠰᠦᠨ ᠳ᠋ᠦ᠍ ᠬᠠᠳᠬᠤᠭᠤᠯᠵᠤ ᠬᠠᠪᠤᠳᠤᠭᠰᠠᠨ ᠬᠥᠯ ᠢ᠋ᠶ᠋ᠡᠨ ᠮᠠᠢᠺᠠ ᠪᠠᠨ ᠲᠠᠢᠯᠵᠤ ᠣᠷᠢᠶᠠᠭᠠᠳ᠂ ᠰᠢᠳᠦ ᠪᠡᠨ ᠵᠠᠭᠤᠵᠤ ᠬᠠᠲᠠᠭᠤᠵᠢᠨ ᠪᠣᠰᠴᠤ᠂ ᠴᠤᠤ ᠴᠢᠮᠠᠢ ᠠᠯᠬᠤᠵᠤ ᠶᠠᠪᠤᠲᠠᠯ᠎ᠠ ᠨᠢ ᠲᠣᠭᠣᠳᠠᠭ ᠳᠠᠭᠠᠷᠢᠯᠳᠤᠵᠤ᠂ ᠫᠤᠤᠳᠠᠶ᠎ᠠ ᠭᠡᠬᠦ ᠳ᠋ᠦ᠍ᠨᠢ( ᠳ᠋ᠦ᠍ ᠨᠢ) ᠲᠡᠢᠨ ᠬᠥᠯ ᠳ᠋ᠦ᠍ ᠬᠥᠮᠦᠨ ᠬᠠᠷ᠎ᠠ ᠠ᠋ᠴᠠ ᠵᠢᠭᠰᠢᠳᠡᠭ ᠪᠣᠯᠤᠭᠰᠠᠨ ᠤᠴᠢᠷ ᠶᠡᠷᠦ ᠬᠠᠪᠢᠳᠠᠭᠤᠯᠬᠤ ᠦᠭᠡᠢ ᠪᠠᠢᠵᠠᠢ᠃ ᠲᠡᠷᠡ ᠵᠠᠪᠰᠠᠷ᠂ ᠰᠠᠨᠠᠮᠰᠠᠷ ᠦᠭᠡᠢ ᠨᠢᠭᠡ ᠠᠴᠢᠶᠠᠨ ᠤ᠋ ᠲᠡᠷᠭᠡ ᠦᠵᠡᠭᠳᠡᠵᠦ᠂ ᠫᠤᠤᠳᠠᠨ ᠳᠠᠯᠠᠯᠪᠠᠯ᠂ ᠠᠵᠢᠭ ᠦᠭᠡᠢ ᠥᠩᠭᠡᠷᠡᠵᠡᠢ᠃ ᠤᠳᠠᠯ ᠦᠭᠡᠢ ᠪᠠᠰᠠ ᠨᠢᠭᠡ ᠠᠴᠢᠶᠠᠨ ᠤ᠋ ᠲᠡᠷᠭᠡ ᠦᠵᠡᠭᠳᠡᠨ᠂ ᠳᠣᠬᠢᠶ᠎ᠠ ᠥᠭᠴᠦ ᠫᠤᠤᠳᠠᠪᠠᠯ᠂ ᠵᠢᠯᠣᠭᠣᠴᠢ ᠨᠢ ᠵᠣᠭᠰᠣᠭᠠᠳ᠂ ᠬᠥᠯ ᠨᠢᠴᠦᠭᠦᠨ᠂ ᠬᠤᠪᠴᠠᠰᠤ ᠤᠷᠠᠭᠳᠠᠵᠤ ᠰᠢᠪᠠᠷ ᠰᠢᠷᠣᠢ ᠪᠣᠯᠤᠭᠰᠠᠨ᠂ ᠦᠰᠦ ᠵᠢᠰᠦ ᠨᠢ ᠦᠵᠡᠰᠢ ᠦᠭᠡᠢ ᠮᠠᠭᠤᠬᠠᠢ ᠪᠣᠯᠤᠭᠰᠠᠨ ᠨᠢᠭᠡᠨ ᠬᠥᠮᠦᠨ ᠢ᠋ ᠣᠢᠷᠠᠲᠤᠨ ᠢᠷᠡᠬᠦ ᠳ᠋ᠦ᠍ ᠶᠡᠬᠡᠯ᠎ᠡ(ᠶᠡᠬᠡ ᠯᠡ) ᠭᠠᠢᠬᠠᠵᠤ ᠰᠡᠵᠢᠭᠯᠡᠬᠦ ᠳ᠋ᠡᠭᠡᠨ( ᠳ᠋ᠦ᠍ ᠪᠡᠨ) ᠶᠠᠭᠠᠷᠠᠨ ᠸᠢᠲ᠋ᠤᠸ ᠫᠤᠤ ᠪᠠᠨ ᠪᠠᠷᠢᠭᠠᠳ᠂ ᠶᠠᠭᠤᠨ ᠬᠥᠮᠦᠨ ᠪᠣᠢ? ᠭᠡᠵᠦ ᠠᠰᠠᠭᠤᠵᠠᠢ᠃ ᠤᠴᠢᠷ ᠢ᠋ᠶ᠋ᠠᠨ ᠬᠡᠯᠡᠵᠦ ᠤᠤᠭᠤᠵᠤ ᠢᠳᠡᠬᠦ ᠶᠠᠭᠤᠮ᠎ᠠ ᠪᠠᠢᠨ᠎ᠠ ᠤᠤ? ᠭᠡᠬᠦ ᠳ᠋ᠦ᠍ ᠂ ᠤᠰᠤ ᠲᠠᠢ ᠲᠠᠰᠢᠮᠠᠭ ᠰᠠᠪᠠ ᠪᠠᠨ ᠥᠭᠴᠦ᠂ ᠲᠡᠷᠭᠡᠨ ᠦ᠌ ᠬᠠᠰᠢᠯᠭ᠎ᠠ ᠶ᠋ᠢᠨ ᠳᠣᠲᠣᠷ᠎ᠠ ᠠ᠋ᠴᠠ ᠡᠷᠢᠭᠰᠡᠭᠡᠷ᠂ ᠬᠠᠲᠠᠭᠰᠠᠨ ᠲᠠᠯᠬ᠎ᠠ ᠶ᠋ᠢᠨ ᠭᠠᠳᠠᠨ᠎ᠠ ᠲᠠᠯ᠎ᠠ ᠣᠯᠤᠭᠠᠳ ᠥᠭᠴᠡᠢ᠃ ᠨᠢᠰᠦᠭᠴᠢ ᠶ᠋ᠢ᠂ ᠲᠡᠭᠦᠨ ᠢ᠋ ᠶᠡᠬᠡᠯ᠎ᠡ (ᠶᠡᠬᠡ ᠯᠡ)ᠣᠯᠵᠠᠭᠤᠷᠬᠠᠨ ᠢᠳᠡᠵᠦ ᠣᠷᠬᠢᠲᠠᠯ᠎ᠠ᠂ ᠰᠠᠭᠤᠳᠠᠯ ᠤ᠋ᠨ ᠨᠢᠭᠡ ᠲᠡᠷᠭᠡ ᠬᠦᠷᠴᠦ ᠢᠷᠡᠭᠡᠳ ᠨᠢᠭᠡ ᠠᠬᠠᠮᠠᠳ ᠭᠠᠷᠴᠤ᠂ ᠤᠷᠠᠩᠬᠠᠢ ᠬᠤᠪᠴᠠᠰᠤ ᠲᠠᠢ᠂ ᠬᠥᠯ ᠨᠢᠴᠦᠭᠦᠨ ᠬᠠᠯᠲᠠᠷ ᠬᠥᠮᠦᠨ ᠢ᠋ ᠬᠠᠷᠠᠭᠠᠳ᠂ ᠯᠠᠪ ᠳᠠᠢᠰᠤᠨ ᠤ᠋ ᠬᠣᠣᠷᠯᠠᠨ ᠰᠦᠢᠳᠬᠡᠭᠴᠢ ᠪᠢᠵᠡ ᠭᠡᠵᠦ ᠰᠡᠵᠢᠭᠯᠡᠨ ᠶᠡᠬᠡᠯ᠎ᠡ (ᠶᠡᠬᠡ ᠯᠡ) ᠮᠠᠭᠤᠬᠠᠢ ᠬᠠᠷᠠᠵᠤ᠂ ᠴᠢ ᠶᠠᠮᠠᠷ ᠠᠮᠢᠲᠠᠨ ᠪᠣᠢ? ᠭᠡᠵᠦ ᠠᠰᠠᠭᠤᠵᠠᠢ᠃ ᠺᠷᠠᠪᠴᠧᠨᠺᠣ᠂ ᠪᠡᠶ᠎ᠡ ᠶ᠋ᠢᠨ ᠶᠠᠪᠤᠳᠠᠯ ᠢ᠋ ᠲᠣᠪᠴᠢᠬᠠᠨ ᠶᠠᠷᠢᠵᠤ᠂ ᠢᠳᠡᠬᠦ ᠤᠤᠭᠤᠬᠤ ᠶᠠᠭᠤᠮ᠎ᠠ ᠭᠤᠶᠤᠪᠠᠯ᠂ ᠲᠡᠷᠭᠡ ᠡᠴᠡ ᠪᠡᠨ ᠶᠠᠭᠤᠮ᠎ᠠ ᠭᠠᠷᠭᠠᠵᠤ ᠢᠳᠡᠭᠦᠯᠦᠭᠡᠳ᠂ ᠲᠡᠷᠭᠡᠨ ᠳ᠋ᠡᠭᠡᠨ( ᠳ᠋ᠦ᠍ ᠪᠡᠨ)ᠰᠠᠭᠤᠯᠭᠠᠵᠤ ᠠᠷᠮᠢ ᠶ᠋ᠢᠨ ᠪᠦᠯᠦᠭ ᠦ᠋ᠨ ᠱᠲ᠋ᠠᠪ ᠲᠤ᠌ ᠬᠦᠷᠭᠡᠵᠦ ᠥᠭᠭᠦᠨ᠎ᠡ ᠭᠡᠳ ᠠᠪᠤᠭᠠᠳ ᠶᠠᠪᠤᠵᠠᠢ᠃ ᠨᠠᠮᠠᠶ᠋ᠢ(ᠨᠠᠮ᠎ᠠ ᠶ᠋ᠢ) ᠨᠢᠰᠬᠦ ᠶ᠋ᠢᠨ ᠵᠠᠩᠵᠤᠨ ᠳ᠋ᠤ᠌ ᠬᠦᠷᠭᠡᠵᠦ ᠥᠭᠭᠦᠨ᠎ᠡ ᠤᠤ ᠭᠡᠬᠦ ᠳ᠋ᠦ᠍ᠨᠢ( ᠳ᠋ᠦ᠍ ᠨᠢ)᠂  
       — ᠦᠭᠡᠢ᠂ ᠪᠢ ᠲᠠᠨ ᠢ᠋ ᠬᠠᠷᠢᠭᠤᠴᠠᠯᠭ᠎ᠠ ᠲᠠᠢ ᠵᠢᠵᠢᠭᠦᠷ ᠲᠦ᠍ ᠲᠤᠰᠢᠶᠠᠵᠤ ᠥᠭᠭᠦᠨ᠎ᠡ ᠭᠡᠳ ᠠᠪᠤᠭᠠᠳ ᠶᠠᠪᠤᠵᠠᠢ᠃  
       ᠱᠲ᠋ᠠᠪ ᠲᠤ᠌ ᠬᠦᠷᠬᠦ ᠳ᠋ᠦ᠍ᠨᠢ( ᠳ᠋ᠦ᠍ ᠨᠢ)᠂ ᠠᠷᠮᠢ ᠶ᠋ᠢᠨ ᠪᠦᠯᠦᠭ ᠢ᠋ ᠺᠣᠮᠠᠨᠳᠠᠯᠠᠭᠴᠢ ᠰᠠᠨᠠᠮᠰᠠᠷ ᠦᠭᠡᠢ ᠭᠠᠷᠴᠤ ᠢᠷᠡᠭᠰᠡᠨ ᠢ᠋ ᠦᠵᠡᠭᠡᠳ᠂ ᠺᠷᠠᠪᠴᠧᠨᠺᠣ ᠲᠡᠷᠭᠡᠨ ᠡᠴᠡ ᠪᠠᠭᠤᠵᠤ᠂ ᠲᠡᠷᠡ ᠺᠣᠮᠠᠨᠳᠠᠯᠠᠭᠴᠢ ᠶ᠋ᠢᠨ ᠵᠦᠭ ᠠᠯᠬᠤᠵᠤ ᠪᠢᠯᠡ᠃ ᠥᠨᠥᠬᠢ ᠠᠬᠠᠯᠠᠭᠴᠢ ᠲᠡᠭᠦᠨ ᠢ᠋ ᠵᠣᠭᠰᠣᠭᠠᠬᠤ ᠭᠡᠵᠦ ᠬᠥᠨᠳᠡᠯᠡᠨ ᠡᠴᠡ ᠨᠢ ᠭᠦᠶᠦᠵᠡᠢ᠃ ᠴᠢᠩᠭᠢᠲᠡᠯ᠎ᠡ ᠲᠡᠷᠡ  ᠺᠣᠮᠠᠨᠳᠠᠯᠠᠭᠴᠢ ᠬᠡᠳᠦᠢᠨ ᠺᠷᠠᠪᠴᠧᠨᠺᠣ ᠶ᠋ᠢ ᠲᠠᠨᠢᠭᠠᠳ ᠭᠷᠢᠭᠣᠷᠢ ᠫᠠᠨᠲ᠋ᠧᠯᠧᠶᠧᠸᠢᠴ ᠭᠡᠳ ᠤᠷᠲᠤ ᠠ᠋ᠴᠠ ᠨᠢ ᠲᠣᠰᠣᠨ ᠠᠯᠬᠤᠵᠠᠢ᠃ 
       ᠺᠷᠠᠪᠴᠧᠨᠺᠣ ᠶᠠᠪᠠᠭᠠᠨ ᠵᠠᠭᠤ ᠭᠠᠷᠤᠢ ᠺᠢᠯᠣᠮᠧᠲ᠋ᠷ ᠤᠰᠤ ᠦᠭᠡᠢ ᠡᠵᠡᠭᠦᠢ ᠬᠡᠭᠡᠷ᠎ᠡ ᠲᠠᠯ᠎ᠠ ᠪᠠᠷ ᠶᠠᠪᠤᠵᠤ᠂ ᠴᠡᠷᠢᠭ ᠳᠡᠭᠡᠷ᠎ᠡ ᠪᠡᠨ ᠲᠡᠭᠡᠵᠦ ᠮᠡᠨᠳᠦ ᠬᠦᠷᠴᠦ ᠢᠷᠡᠭᠰᠡᠨ ᠪᠢᠯᠡ᠃  
       ᠭᠷᠢᠭᠣᠷᠢ ᠫᠠᠨᠲ᠋ᠧᠯᠧᠶᠧᠸᠢᠴ ᠲᠡᠷᠡ ᠶᠠᠪᠤᠳᠠᠯ ᠢ᠋ᠶ᠋ᠠᠨ ᠶᠠᠷᠢᠭᠠᠳ᠂ ᠣᠯᠵᠠᠪᠠᠢ ᠳ᠋ᠤ᠌ ᠰᠠᠨᠠᠭᠤᠯᠤᠨ ᠳᠤᠷᠠᠳᠴᠤ᠂ ᠨᠢᠰᠦᠭᠴᠢ ᠨᠥᠬᠥᠳ ᠢ᠋ᠶ᠋ᠡᠨ ᠬᠥᠰᠡᠷᠳᠡᠨ ᠪᠠᠭᠤᠬᠤ ᠳ᠋ᠤ᠌ ᠬᠦᠷᠪᠡᠯ ᠵᠠᠪᠠᠯ ᠬᠣᠢᠨ᠎ᠠ ᠠ᠋ᠴᠠ ᠣᠴᠢᠵᠤ ᠪᠠᠢᠭᠠᠷᠠᠢ᠃ ᠬᠥᠮᠦᠨ ᠭᠡᠳᠡᠭ ᠬᠠᠮᠤᠭ ᠤ᠋ᠨ ᠦᠨ᠎ᠡ ᠲᠡᠢ ᠺᠠᠫᠢᠲ᠋ᠠᠯ ᠶᠤᠮ ᠰᠢᠦ ᠭᠡᠵᠦ ᠪᠢᠳᠡᠨ ᠢ᠋ ᠨᠥᠬᠥᠷ ᠰᠲ᠋ᠠᠯᠢᠨ ᠰᠤᠷᠭᠠᠳᠠᠭ ᠶᠤᠮ᠂ ᠲᠠ ᠨᠥᠬᠥᠳ ᠴᠦ᠍ ᠮᠥᠨ ᠲᠡᠷᠡ ᠰᠤᠷᠭᠠᠯ ᠢ᠋ ᠰᠠᠨᠠᠵᠤ᠂ ᠬᠥᠮᠦᠨ ᠢ᠋ ᠡᠷᠬᠢᠮ ᠪᠣᠯᠭᠠᠵᠤ ᠶᠠᠪᠤᠭᠠᠷᠠᠢ᠃ ᠮᠠᠨ ᠤ᠋ ᠮᠠᠰᠢᠨ ᠭᠠᠢᠬᠠᠮᠰᠢᠭᠲᠤ ᠰᠠᠢᠬᠠᠨ ᠮᠠᠰᠢᠨ ᠰᠢᠦ᠃ ᠪᠢ ᠵᠥᠪᠯᠡᠯᠲᠦ ᠶ᠋ᠢᠨ ᠢ᠋ᠶ᠋ᠡᠨ ᠲᠧᠭᠨᠢᠭ ᠲᠦ᠍ ᠲᠤᠩ ᠴᠤ᠌ ᠳᠤᠷᠠᠲᠠᠢ᠃ ᠲᠠ᠂ ᠲᠡᠷᠡ ᠰᠠᠢᠬᠠᠨ ᠲᠧᠭᠨᠢᠭ ᠢ᠋ ᠭᠦᠢᠴᠡᠳ ᠡᠳ᠋ᠯᠡᠵᠦ ᠴᠢᠳᠠᠳᠠᠭ ᠪᠣᠯ᠂ ᠶᠡᠷᠦ ᠢᠯᠠᠭᠳᠠᠰᠢ ᠦᠭᠡᠢ ᠪᠣᠯᠤᠨ᠎ᠠ ᠰᠢᠦ ᠭᠡᠵᠦ ᠰᠠᠢᠬᠠᠨ ᠰᠡᠳᠬᠢᠯ ᠢ᠋ᠶ᠋ᠡᠷ ᠰᠤᠷᠭᠠᠨ ᠰᠠᠨᠠᠭᠤᠯᠵᠤ ᠬᠡᠯᠡᠭᠰᠡᠨ᠂ ᠳᠠᠢᠴᠢᠨ ᠨᠠᠢᠷᠠᠮᠳᠠᠯ ᠲᠡᠭᠦᠯᠳᠡᠷ ᠦᠨᠡᠨ ᠰᠡᠳᠬᠢᠯ ᠦ᠋ᠨ ᠲᠡᠷᠡ ᠦᠭᠡ ᠵᠠᠬᠢᠶ᠎ᠠ ᠶ᠋ᠢ ᠣᠯᠵᠠᠪᠠᠢ ᠰᠡᠳᠬᠢᠯ ᠳ᠋ᠡᠭᠡᠨ( ᠳ᠋ᠦ᠍ ᠪᠡᠨ) ᠬᠠᠳᠠᠭᠠᠯᠠᠵᠤ᠂ ᠡᠷ᠎ᠡ ᠬᠥᠮᠦᠨ᠂ ᠵᠥᠪᠯᠡᠯᠲᠦ ᠶ᠋ᠢᠨ ᠨᠢᠰᠦᠭᠴᠢ ᠺᠷᠡᠪᠴᠧᠨᠺᠦ ᠰᠢᠭ ᠯᠡ ᠪᠠᠢᠬᠤ ᠶᠣᠰᠣᠲᠠᠢ ᠶᠤᠮ ᠪᠠᠢᠨ᠎ᠠ ᠭᠡᠵᠦ ᠳᠣᠲᠣᠷ᠎ᠠ ᠪᠠᠨ ᠲᠡᠷᠡ ᠬᠥᠮᠦᠨ ᠢ᠋ ᠦᠯᠢᠭᠡᠷ ᠳᠠᠭᠤᠷᠢᠶᠠᠯ ᠪᠣᠯᠭᠠᠵᠤ ᠶᠡᠬᠡᠯ᠎ᠡ (ᠶᠡᠬᠡ ᠯᠡ)ᠪᠠᠬᠠᠷᠬᠠᠳᠠᠭ ᠪᠣᠯᠵᠠᠢ᠃ 

— — — — 
 * ᠬᠤᠸᠠᠩᠳᠢ ᠭᠡᠵᠦ ᠵᠠᠷᠢᠮ ᠤᠯᠤᠰ ᠤ᠋ᠨ ᠬᠠᠭᠠᠨ ᠤ᠋ ᠴᠣᠯᠠ᠃ ᠬᠠᠭᠠᠨᠲᠤ ᠣᠷᠣᠰ᠂ ᠶᠠᠫᠣᠨ᠂ ᠮᠠᠨᠵᠤ᠂ ᠭᠧᠷᠮᠠᠨ ᠵᠡᠷᠭᠡ ᠤᠯᠤᠰ ᠤ᠋ᠨ ᠬᠠᠭᠠᠨ ᠢ᠋ ᠬᠤᠸᠠᠩᠳᠢ ᠭᠡᠳᠡᠭ ᠪᠠᠢᠵᠠᠢ᠃ ᠬᠢᠲᠠᠳ ᠬᠡᠯᠡ ᠡᠴᠡ ᠮᠣᠩᠭᠣᠯ ᠪᠢᠴᠢᠭ ᠦ᠋ᠨ ᠬᠡᠯᠡ ᠳ᠋ᠦ᠍ ᠣᠷᠣᠭᠰᠠᠨ ᠡᠨᠡ ᠦᠭᠡ᠂ ᠳᠠᠷᠤᠢ ᠣᠷᠣᠰ ᠬᠡᠯᠡᠨ ᠳ᠋ᠦ᠍ ᠯᠠᠲ᠋ᠢᠨ ᠬᠡᠯᠡ ᠡᠴᠡ ᠣᠷᠣᠭᠰᠠᠨ ᠢᠨᠫᠸᠷᠡᠲ᠋ᠤᠷ ᠭᠡᠳᠡᠭ ᠲᠡᠢ ᠳᠦᠢᠬᠦ( ᠲᠠᠭᠠᠷᠠᠬᠤ) ᠦᠭᠡ᠃  
 * ᠲᠤᠲᠤᠷᠭ᠎ᠠ ᠭᠡᠵᠦ ᠴᠠᠭᠠᠨ ᠪᠤᠳᠠᠭ᠎ᠠ ᠶ᠋ᠢᠨ ᠶᠣᠰᠣᠲᠠᠢ ᠮᠣᠩᠭᠣᠯ ᠨᠡᠷ᠎ᠡ ᠨᠢ᠃ ᠴᠠᠭᠠᠨ ᠪᠤᠳᠠᠭ᠎ᠠ ᠭᠡᠳᠡᠭ ᠪᠣᠯ᠂ ᠪᠠᠷᠠᠢᠭᠠᠷ ᠭᠡᠳᠡᠭ ᠢ᠋ ᠯᠠᠮᠠ ᠨᠠᠷ ᠲᠥᠪᠡᠳ ᠡᠴᠡ ᠣᠷᠴᠢᠭᠤᠯᠵᠠᠢ᠃  

       ᠤᠳᠠᠯ ᠦᠭᠡᠢ᠂ ᠣᠯᠵᠠᠪᠠᠢ ᠶ᠋ᠢᠨ ᠣᠩᠭᠣᠴᠠ ᠳ᠋ᠤ᠌ ᠪᠠᠰᠠ ᠬᠣᠶᠠᠷ ᠲᠠᠪᠤᠨ ᠬᠣᠰᠢᠭᠤ ᠵᠢᠷᠤᠵᠤ᠂ ᠰᠥᠨᠥᠭᠰᠡᠨ ᠳᠠᠢᠰᠤᠨ ᠤ᠋ ᠣᠩᠭᠣᠴᠠᠨ ᠤ᠋ ᠲᠣᠭ᠎ᠠ ᠪᠠᠷ ᠪᠦᠭᠦᠳᠡ ᠶᠢᠰᠦᠨ ᠲᠠᠪᠤᠨ ᠬᠣᠰᠢᠭᠤ ᠲᠠᠢ ᠪᠣᠯᠪᠠ᠃ ᠰᠡᠭᠦᠯᠴᠢ ᠶ᠋ᠢᠨ ᠲᠡᠷᠡ ᠬᠣᠶᠠᠷ ᠲᠠᠪᠤᠨ ᠬᠣᠰᠢᠭᠤ ᠬᠡᠷᠬᠢᠨ ᠨᠡᠮᠡᠭᠰᠡᠨ ᠶᠠᠪᠤᠳᠠᠯ ᠢ᠋ ᠥᠭᠦᠯᠡᠪᠡᠯ᠂ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠨᠤᠲᠤᠭ ᠲᠤ᠌ ᠶᠣᠰᠣᠨ ᠪᠤᠰᠤ ᠪᠠᠷ ᠬᠠᠯᠳᠠᠨ ᠣᠷᠣᠭᠰᠠᠨ ᠶᠠᠫᠣᠨ ᠤ᠋ ᠡᠵᠡᠷᠬᠡᠭ ᠲᠦᠷᠢᠮᠡᠬᠡᠢᠴᠦᠳ ᠲᠡᠢ ᠡᠰᠡᠷᠭᠦᠴᠡᠵᠦ᠂ ᠶᠡᠬᠡ ᠳᠡᠪᠰᠢᠯᠲᠡ ᠬᠢᠭᠰᠡᠨ ᠦᠶ᠎ᠡ ᠪᠡᠷ ᠣᠯᠵᠠᠪᠠᠢ᠂ ᠳᠠᠢᠰᠤᠨ ᠤ᠋ ᠬᠣᠶᠠᠷ ᠰᠥᠨᠥᠭᠡᠭᠴᠢ ᠶ᠋ᠢ ᠳᠡᠢᠯᠦᠭᠰᠡᠨ ᠪᠢᠯᠡ᠃  
       ᠲᠡᠷᠡ ᠲᠤᠬᠠᠢ ᠨᠠᠢ᠍ᠮᠠᠳᠤᠭᠠᠷ ᠰᠠᠷ᠎ᠠ ᠶ᠋ᠢᠨ ᠨᠢᠭᠡᠨ ᠥᠷᠯᠥᠭᠡ ᠲᠩᠷᠢ ᠶᠡᠬᠡᠯ᠎ᠡ(ᠶᠡᠬᠡ ᠯᠡ) ᠰᠠᠯᠬᠢ ᠲᠠᠢ ᠪᠠᠢᠵᠠᠢ᠃ ᠣᠭᠲᠠᠷᠭᠤᠢ ᠳ᠋ᠤ᠌ ᠬᠡᠳᠦᠨ ᠠᠷᠪᠠᠨ ᠨᠢᠰᠬᠦ ᠣᠩᠭᠣᠴᠠ ᠶᠡᠬᠡᠳᠡ ᠪᠠᠢᠯᠳᠤᠨ ᠦᠢᠮᠡᠵᠦ᠂ ᠳᠣᠣᠷ᠎ᠠ ᠠ᠋ᠴᠠ ᠳᠡᠭᠡᠭᠰᠢ ᠪᠡᠨ ᠵᠢᠷᠭᠤᠭᠠᠨ ᠮᠢᠩᠭᠠᠨ ᠮᠧᠲ᠋ᠷ ᠦ᠋ᠨ ᠥᠨᠳᠥᠷ ᠦ᠋ᠨ ᠬᠡᠮᠵᠢᠶᠡᠨ ᠳ᠋ᠦ᠍ ᠬᠣᠶᠠᠷ ᠲᠠᠯ᠎ᠠ ᠶ᠋ᠢᠨ ᠰᠥᠨᠥᠭᠡᠭᠴᠢ ᠣᠩᠭᠣᠴᠠ ᠲᠡᠮᠡᠴᠡᠨ ᠪᠠᠢᠯᠳᠤᠵᠤ᠂ ᠵᠥᠪᠯᠡᠯᠲᠦ ᠮᠣᠩᠭᠣᠯ ᠬᠣᠶᠠᠷ ᠤ᠋ᠨ ᠨᠢᠰᠦᠭᠴᠢ ᠨᠠᠷ ᠲᠤ᠌ ᠪᠤᠲᠠ ᠨᠢᠷᠭᠡᠭᠦᠯᠦᠭᠰᠡᠨ ᠶᠠᠫᠣᠨ ᠤ᠋ ᠰᠥᠨᠥᠭᠡᠭᠴᠢ ᠣᠩᠭᠣᠴᠠ ᠭᠠᠵᠠᠷ ᠬᠡᠮᠬᠡ ᠣᠢᠴᠢᠭᠠᠳ ᠦᠨᠡᠰᠦᠨ ᠲᠣᠪᠷᠠᠭ ᠪᠣᠯᠵᠤ᠂ ᠤᠲᠤᠭ᠎ᠠ ᠤᠭᠤᠭᠢᠨ ᠪᠠᠭᠠᠭᠢᠵᠤ ᠪᠠᠢᠭᠰᠠᠨ ᠪᠢᠯᠡ᠃ 
       ᠮᠣᠩᠭᠣᠯ ᠠᠷᠠᠳ ᠤ᠋ᠨ ᠬᠤᠪᠢᠰᠬᠠᠯᠲᠤ ᠴᠡᠷᠢᠭ ᠦ᠋ᠨ ᠮᠣᠷᠢᠨ ᠳ᠋ᠢᠸᠢᠽᠢ ᠶ᠋ᠢᠨ ᠪᠠᠢᠯᠳᠤᠭᠴᠢ ᠨᠠᠷ ᠨᠢᠭᠤᠪᠴᠢ ᠠ᠋ᠴᠠ ᠪᠠᠨ ᠥᠭᠡᠳᠡ ᠪᠡᠨ ᠬᠠᠷᠠᠬᠤ ᠳ᠋ᠠᠭᠠᠨ᠂ ᠣᠭᠲᠠᠷᠭᠤᠢ ᠳ᠋ᠤ᠌ ᠨᠢᠰᠬᠦ ᠣᠩᠭᠣᠴᠠ ᠪᠤᠵᠢᠭᠢᠨᠠᠨ᠂ ᠵᠠᠷᠢᠮ ᠨᠢ ᠬᠠᠷᠴᠠᠭᠠᠢ ᠰᠢᠪᠠᠭᠤ ᠰᠢᠭᠦᠷᠬᠦ ᠰᠢᠭ ᠨᠥᠭᠥᠭᠡᠳᠡᠬᠢ ᠪᠡᠨ ᠰᠢᠭᠦᠷᠦᠨ ᠳᠠᠭᠠᠷᠢᠵᠤ᠂ ᠵᠠᠷᠢᠮ ᠨᠢ ᠡᠷᠴᠢᠯᠡᠨ ᠡᠷᠭᠢᠵᠦ᠂ ᠪᠠᠰᠠ ᠨᠢᠭᠡ ᠵᠠᠷᠢᠮ ᠨᠢ ᠭᠣᠳᠣᠷᠣᠢᠲᠤᠨ ᠡᠭᠦᠯᠡᠨ ᠴᠠᠭᠠᠨ᠎ᠠ ᠰᠢᠷᠭᠤᠨ ᠣᠷᠣᠵᠤ᠂ ᠮᠠᠰᠢᠨ᠎ᠠ ᠫᠤᠤ ᠫᠦᠯᠧᠮᠶᠣᠲ ᠤ᠋ᠨ ᠳᠡᠰ ᠳᠡᠰ ᠲᠠᠴᠢᠭᠢᠨᠠᠨ ᠫᠤᠤᠳᠠᠬᠤ ᠴᠢᠮᠡᠭᠡ ᠰᠣᠨᠣᠰᠳᠠᠨ ᠬᠣᠶᠠᠷ ᠡᠰᠡᠷᠭᠦᠴᠡᠯ ᠣᠩᠭᠣᠴᠠ ᠥᠭᠡᠳᠡ ᠥᠭᠡᠳᠡ ᠡᠴᠡ ᠪᠡᠨ ᠳᠠᠭᠠᠷᠢᠨ ᠣᠷᠣᠵᠤ ᠫᠤᠤᠳᠠᠯᠴᠠᠨ ᠵᠥᠷᠢᠭᠡᠳ᠂ ᠨᠢᠭᠡ ᠨᠢ ᠨᠥᠭᠦᠭᠡ ᠶ᠋ᠢᠨ ᠢ᠋ᠶ᠋ᠡᠨ ᠳᠡᠭᠡᠷ᠎ᠡ ᠭᠠᠷᠴᠤ᠂ ᠨᠥᠭᠦᠭᠡ ᠪᠡᠨ ᠳᠣᠷᠣᠭᠰᠢ ᠨᠢ ᠰᠢᠬᠠᠨ ᠲᠦᠷᠢᠬᠦ ᠭᠡᠵᠦ ᠪᠤᠵᠢᠭᠢᠨᠠᠨ ᠨᠢᠰᠦᠯᠳᠦᠵᠦ ᠪᠠᠢᠯ᠎ᠠ᠃ 
       ᠣᠯᠵᠠᠪᠠᠢ᠂ ᠶᠠᠫᠣᠨ ᠤ᠋ ᠨᠢᠭᠡ ᠣᠩᠭᠣᠴᠠ ᠶ᠋ᠢ ᠮᠠᠨ ᠤ᠋ ᠬᠢᠨ ᠦ᠌ ᠨᠢᠭᠡ ᠣᠩᠭᠣᠴᠠ ᠶ᠋ᠢᠨ ᠠᠷᠤ ᠲᠠᠯ᠎ᠠ ᠠ᠋ᠴᠠ ᠳᠠᠭᠠᠷᠢᠨ ᠣᠷᠣᠬᠤ ᠰᠠᠨᠠᠭᠠᠲᠠᠢ ᠶ᠋ᠢ ᠠᠵᠢᠭᠯᠠᠨ ᠦᠵᠡᠭᠡᠳ᠂ ᠥᠭᠡᠳᠡ ᠪᠡᠨ ᠭᠣᠳᠬᠢᠵᠤ ᠳᠡᠭᠳᠡᠯᠬᠢᠯᠡᠨ᠂ ᠲᠡᠷᠡ ᠳᠠᠢᠰᠤᠨ ᠤ᠋ ᠣᠩᠭᠣᠴᠠᠨ ᠤ᠋ ᠡᠭᠴᠡ ᠥᠭᠡᠳᠡ ᠡᠴᠡ ᠨᠢ ᠳᠠᠭᠠᠷᠢᠨ ᠣᠷᠣᠪᠠᠰᠤ᠂ ᠶᠠᠫᠣᠨ ᠤ᠋ ᠰᠥᠨᠥᠭᠡᠭᠴᠢ ᠬᠠᠵᠠᠭᠤ ᠲᠠᠢᠰᠢ ᠵᠠᠢᠯᠠᠨ ᠮᠤᠷᠤᠢᠵᠤ᠂ ᠡᠭᠦᠯᠡᠨ ᠦ᠌ ᠴᠠᠭᠠᠨ᠎ᠠ ᠣᠷᠣᠬᠤ ᠭᠡᠵᠦ ᠣᠷᠣᠯᠳᠣᠯ᠎ᠠ᠃ ᠣᠯᠵᠠᠪᠠᠢ ᠬᠣᠢᠨ᠎ᠠ ᠠ᠋ᠴᠠ ᠨᠢ ᠬᠣᠶᠠᠷ ᠤᠳᠠᠭ᠎ᠠ ᠮᠠᠰᠢᠨ ᠫᠤᠤ ᠫᠦᠯᠧᠮᠶᠣᠲ ᠢ᠋ᠶ᠋ᠠᠷ ᠰᠦᠷᠴᠢᠭᠡᠳ᠂ ᠥᠨᠥᠬᠢ ᠶᠠᠫᠣᠨ ᠣᠩᠭᠣᠴᠠᠨ ᠤ᠋ ᠨᠢᠰᠦᠭᠴᠢ ᠨᠢ ᠭᠠᠯ ᠬᠠᠷᠪᠤᠭᠰᠠᠨ ᠣᠩᠭᠣᠴᠠ ᠠ᠋ᠴᠠ ᠪᠠᠨ ᠦᠰᠦᠷᠦᠨ ᠭᠠᠷᠴᠤ᠂ ᠰᠢᠬᠦᠷ— ᠫᠠᠷᠠᠱ᠋ᠢᠦᠲ᠋ ᠢ᠋ᠶ᠋ᠡᠨ ᠳᠡᠯᠭᠡᠨ ᠪᠠᠭᠤᠵᠠᠢ᠃ ᠳᠠᠢᠰᠤᠨ ᠤ᠋ ᠪᠤᠰᠤᠳ ᠰᠥᠨᠥᠭᠡᠭᠴᠢ ᠣᠩᠭᠣᠴᠠ᠂ ᠬᠥᠮᠦᠨ ᠳᠣᠬᠢᠶ᠎ᠠ ᠥᠭᠭᠦᠭᠰᠡᠨ ᠶᠦᠮ ᠰᠢᠭ ᠡᠷᠭᠢᠭᠡᠳ ᠵᠢᠭᠤᠲᠠᠵᠤ᠂ ᠵᠥᠪᠯᠡᠯᠲᠦ ᠮᠣᠩᠭᠣᠯ ᠬᠣᠶᠠᠷ ᠤ᠋ᠨ ᠰᠥᠨᠥᠭᠡᠭᠴᠢ ᠣᠩᠭᠣᠴᠠ ᠲᠡᠳᠡᠨ ᠦ᠌ ᠬᠣᠢᠨ᠎ᠠ ᠠ᠋ᠴᠠ ᠬᠥᠭᠡᠭᠡᠨ ᠨᠡᠬᠡᠪᠡ᠃ ᠭᠡᠨᠡᠳᠲᠡ ᠡᠭᠦᠯᠡᠨ ᠦ᠌ ᠴᠠᠭᠠᠨ᠎ᠠ ᠠ᠋ᠴᠠ ᠶᠠᠫᠣᠨ ᠤ᠋ ᠨᠢᠭᠡ ᠰᠥᠨᠥᠭᠡᠭᠴᠢ ᠭᠠᠷᠴᠤ ᠢᠷᠡᠭᠡᠳ᠂ ᠣᠯᠵᠠᠪᠠᠢ ᠤᠷᠤᠭᠤ ᠰᠢᠷᠭᠤᠨ ᠳᠠᠭᠠᠷᠢᠵᠤ ᠫᠤᠤᠳᠠᠬᠤᠶ᠎ᠠ᠂ ᠣᠯᠵᠠᠪᠠᠢ ᠶᠠᠭᠠᠷᠠᠨ ᠣᠩᠭᠣᠴᠠ ᠪᠠᠨ ᠬᠠᠵᠠᠭᠤ ᠲᠠᠢᠰᠢ ᠨᠢ ᠵᠠᠯᠠᠵᠤ᠂ ᠳᠠᠢᠰᠤᠨ ᠤ᠋ ᠭᠠᠯᠯᠠᠭᠰᠠᠨ ᠰᠤᠮᠤ᠂ ᠣᠩᠭᠣᠴᠠᠨ ᠤ᠋ ᠬᠠᠵᠠᠭᠤ ᠪᠠᠷ ᠥᠩᠭᠡᠷᠡᠬᠦ ᠰᠢᠭ ᠪᠣᠯᠤᠯ᠎ᠠ᠃ ᠬᠣᠶᠠᠷ ᠣᠩᠭᠣᠴᠠ ᠬᠤᠷᠳᠤᠨ ᠭᠠᠪᠰᠢᠭᠠᠢ ᠪᠠᠷ ᠨᠢᠰᠦᠨ ᠬᠥᠭᠡᠭᠡᠴᠡᠯᠳᠦᠵᠦ᠂ ᠳᠠᠯᠠᠪᠴᠢ ᠨᠢ ᠨᠠᠷᠠᠨ ᠳ᠋ᠤ᠌ ᠭᠢᠯᠠᠯᠵᠠᠨ᠂ ᠮᠣᠲ᠋ᠣᠷ ᠨᠢ ᠳᠦᠩᠭᠢᠨᠡᠨ᠂ ᠦᠨᠡᠬᠡᠷ ᠨᠢᠳᠦ ᠡᠷᠢᠶᠡᠯᠵᠢᠯᠡᠮ᠎ᠡ ᠱᠠᠯᠠᠮᠠᠭᠠᠢ ᠪᠠᠢᠯᠳᠤᠵᠤ᠂ ᠲᠠᠵᠢᠭᠢᠨᠠᠲᠠᠯ᠎ᠠ ᠫᠤᠤᠳᠠᠯᠴᠠᠵᠤ ᠪᠠᠢᠭᠰᠠᠨ ᠨᠢ᠂ ᠭᠡᠨᠡᠳᠲᠡ ᠶᠠᠫᠣᠨ ᠤ᠋ ᠨᠢᠰᠦᠭᠴᠢ᠂ ᠣᠩᠭᠣᠴᠠ ᠪᠠᠨ ᠡᠷᠭᠢᠭᠦᠯᠦᠨ ᠡᠭᠦᠯᠡ ᠤᠷᠤᠭᠤ ᠰᠢᠷᠭᠤᠨ ᠵᠠᠢᠯᠠᠬᠤ ᠶ᠋ᠢ ᠵᠠᠪᠳᠤᠬᠤ ᠳ᠋ᠤ᠌᠂ ᠣᠯᠵᠠᠪᠠᠢ ᠡᠨᠡ ᠯᠠᠪ ᠫᠤᠤᠳᠠᠬᠤ ᠰᠤᠮᠤ ᠪᠠᠨ ᠭᠦᠢᠴᠡᠵᠡᠢ᠃ ᠣᠳᠣ ᠮᠢᠨᠦᠬᠢ ᠪᠣᠯᠵᠤ ᠭᠡᠵᠦ ᠪᠣᠳᠣᠭᠠᠳ ᠬᠣᠢᠨ᠎ᠠ ᠠ᠋ᠴᠠ ᠨᠢ ᠡᠷᠭᠢᠭᠦᠯᠦᠨ ᠬᠥᠭᠡᠭᠡᠴᠡᠯᠳᠦᠪᠡᠯ᠂ ᠶᠠᠫᠣᠨ ᠤ᠋ ᠨᠢᠰᠦᠭᠴᠢ᠂ ᠡᠭᠦᠯᠡᠨ ᠳ᠋ᠦ᠍ ᠪᠤᠷᠤᠭᠤ ᠵᠦᠭ ᠲᠠᠢᠰᠢ ᠶᠠᠪᠤᠵᠤ᠂ ᠮᠣᠩᠭᠣᠯ ᠴᠡᠷᠢᠭ ᠦ᠋ᠨ ᠪᠠᠢᠭ᠎ᠠ ᠭᠠᠵᠠᠷ ᠲᠠᠢᠰᠢ ᠲᠡᠮᠡᠴᠡᠨ ᠨᠢᠰᠦᠯ᠎ᠡ᠃ ᠣᠯᠵᠠᠪᠠᠢ ᠬᠣᠢᠨ᠎ᠠ ᠠ᠋ᠴᠠ ᠨᠢ ᠦᠯᠳᠡᠵᠦ ᠳᠣᠭᠣᠭᠰᠢ ᠰᠢᠬᠠᠨ ᠪᠠᠭᠤᠯᠭᠠᠵᠤ᠂ ᠮᠠᠰᠢᠨ ᠫᠤᠤ ᠪᠠᠷ ᠬᠠᠶᠠ ᠬᠣᠶᠠᠷ ᠬᠠᠵᠠᠭᠤ ᠪᠠᠷ ᠨᠢ ᠫᠤᠤᠳᠠᠨ ᠣᠭᠲᠣ ᠬᠠᠵᠠᠢᠯᠭᠠᠬᠤ ᠦᠭᠡᠢ ᠦᠯᠳᠡᠵᠦ ᠬᠥᠭᠡᠭᠡᠭᠰᠡᠭᠡᠷ᠂ ᠨᠢᠰᠬᠦ ᠶ᠋ᠢᠨ ᠱᠲ᠋ᠠᠪ ᠤ᠋ᠨ ᠬᠠᠪᠢ ᠳ᠋ᠤ᠌ ᠪᠠᠭᠤᠯᠭᠠᠵᠠᠢ᠃   
       ᠣᠢᠷ᠎ᠠ ᠬᠠᠪᠢ ᠳ᠋ᠤᠨᠢ( ᠳ᠋ᠤ᠌ ᠨᠢ) ᠶᠠᠪᠤᠵᠤ ᠪᠠᠢᠭᠰᠠᠨ ᠬᠣᠶᠠᠷ ᠴᠡᠷᠢᠭ ᠡᠭᠦᠷᠴᠦ ᠶᠠᠪᠤᠭᠰᠠᠨ ᠫᠤᠤ ᠪᠠᠨ ᠠᠪᠤᠭᠠᠳ᠂ ᠲᠡᠷᠡ ᠶᠠᠫᠣᠨ ᠤ᠋ ᠵᠦᠭ ᠲᠠᠪᠰᠢᠨ ᠣᠴᠢᠬᠤ ᠳ᠋ᠤᠨᠢ( ᠳ᠋ᠤ᠌ ᠨᠢ)᠂ ᠴᠠᠭᠠᠳᠤᠬᠢ ᠨᠢ ᠣᠩᠭᠣᠴᠠ ᠠ᠋ᠴᠠ ᠪᠠᠨ ᠪᠠᠭᠤᠭᠠᠳ᠂ ᠴᠡᠷᠢᠭ ᠦ᠋ᠨ ᠣᠢᠷᠠᠲᠤᠵᠤ( ᠣᠢᠷᠠᠳᠴᠤ) ᠢᠷᠡᠬᠦ ᠳ᠋ᠦ᠍ ᠬᠣᠶᠠᠷ ᠭᠠᠷ ᠢ᠋ᠶ᠋ᠠᠨ ᠡᠷᠭᠦᠵᠡᠢ᠃ ᠲᠡᠷᠡ ᠵᠠᠪᠰᠠᠷ ᠱᠠᠲ᠋ᠠᠪ ᠤ᠋ᠨ ᠲᠡᠨᠳᠡ ᠡᠴᠡ ᠨᠢᠭᠡᠨ ᠹᠣᠷᠳ᠋ ᠤᠬᠤᠰᠬᠢᠵᠦ᠂ ᠪᠠᠷᠤᠭ ᠭᠠᠵᠠᠷ ᠳᠡᠭᠡᠭᠦᠷ ᠳᠡᠭᠳᠡᠮᠡᠷ ᠬᠤᠷᠳᠤᠨ ᠳᠠᠪᠬᠢᠵᠤ᠂ ᠥᠨᠥᠬᠢ ᠶᠠᠫᠣᠨ ᠤ᠋ ᠳᠡᠷᠭᠡᠳᠡ ᠬᠦᠷᠴᠦ ᠢᠷᠡᠭᠡᠳ ᠰᠠᠭᠤᠯᠭᠠᠭᠠᠳ ᠠᠪᠠᠴᠢᠬᠤ ᠳ᠋ᠤᠨᠢ( ᠳ᠋ᠤ᠌ ᠨᠢ)᠂ ᠲᠡᠷᠡ ᠬᠦᠷᠲᠡᠯ᠎ᠡ ᠳᠡᠭᠡᠭᠦᠷ ᠨᠢ ᠡᠷᠭᠢᠨ ᠨᠢᠰᠴᠦ ᠪᠠᠢᠭᠰᠠᠨ ᠣᠯᠵᠠᠪᠠᠢ ᠪᠠᠭᠤᠳᠠᠯ ᠳᠡᠭᠡᠷ᠎ᠡ ᠪᠡᠨ ᠣᠴᠢᠵᠤ ᠪᠠᠭᠤᠯ᠎ᠠ᠃ 
       ᠺᠣᠮᠠᠨᠲᠠᠯᠠᠬᠤ( ᠺᠣᠮᠠᠨᠳ᠌᠋ᠯᠠᠬᠤ) ᠪᠠᠢᠷᠢ ᠶ᠋ᠢᠨ ᠭᠡᠷ ᠡᠴᠡ ᠣᠯᠵᠠᠪᠠᠢ᠂ ᠨᠢᠰᠬᠦ ᠶ᠋ᠢᠨ ᠬᠣᠷᠢᠶᠠᠨ ᠤ᠋ ᠳᠠᠷᠤᠭ᠎ᠠ ᠳ᠋ᠤ᠌ ᠤᠲᠠᠰᠤᠳᠠᠨ᠂ ᠪᠠᠢᠯᠳᠤᠭᠠᠨ ᠤ᠋ ᠪᠠᠨ ᠠᠵᠢᠯ ᠢ᠋ ᠢᠯᠡᠳᠬᠡᠨ ᠮᠡᠳᠡᠭᠳᠡᠭᠰᠡᠨ ᠳ᠋ᠦ᠍᠂ ᠳᠠᠷᠤᠭ᠎ᠠ ᠨᠢ ᠠᠮᠵᠢᠯᠲᠠ ᠶ᠋ᠢᠨ ᠪᠠᠶᠠᠷ ᠬᠦᠷᠭᠡᠭᠡᠳ᠂ 
       — ᠲᠠᠨ ᠤ᠋ ᠰᠠᠢ᠍ᠢ ᠶ᠋ᠢᠨ ᠲᠡᠷᠡ ᠶᠠᠫᠣᠨ ᠨᠢᠰᠦᠭᠴᠢ᠂ ᠰᠣᠨᠢᠨ ᠠᠮᠢᠲᠠᠨ ᠪᠠᠢᠬᠤ ᠰᠢᠪ᠃ ᠮᠢᠨᠦ ᠠᠪᠤ ᠴᠤ᠌ ᠰᠠᠮᠤᠷᠠᠢ᠂ ᠪᠢ ᠴᠦ᠍ ᠰᠠᠮᠤᠷᠠᠢ ᠬᠥᠮᠦᠨ ᠭᠡᠵᠦ ᠪᠠᠢᠨ᠎ᠠ᠃ ᠲᠠ ᠢᠷᠡᠵᠦ ᠦᠵᠡᠬᠦ ᠦᠭᠡᠢ ᠤᠤ? ᠲᠡᠷᠡ ᠰᠠᠮᠤᠷᠠᠢ ᠭᠤᠸᠠᠢ ᠴᠤ᠌ ᠪᠠᠰᠠ ᠲᠠᠨ ᠢ᠋ ᠨᠢᠭᠡ ᠬᠠᠷᠠᠬᠤ ᠶᠤᠮ ᠰᠠᠨ ᠭᠡᠵᠦ ᠪᠠᠢᠨ᠎ᠠ᠂ ᠪᠡᠶ᠎ᠡ ᠪᠡᠨ ᠠᠯᠳᠠᠷᠲᠠᠢ ᠨᠢᠰᠦᠭᠴᠢ ᠠᠰᠰ(ACC) ᠬᠥᠮᠦᠨ ᠭᠡᠵᠦ ᠪᠠᠢᠨ᠎ᠠ᠃ ᠳᠤᠮᠳᠠᠳᠤ ᠤᠯᠤᠰ ᠤ᠋ᠨ ᠹᠷᠣᠨᠲ ᠠ᠋ᠴᠠ ᠰᠠᠶᠢᠪᠲᠤᠷ ᠢᠷᠡᠭᠰᠡᠨ ᠶᠦᠮ ᠪᠠᠢᠵᠠᠢ ᠭᠡᠬᠦ ᠳ᠋ᠦ᠍ᠨᠢ( ᠳ᠋ᠦ᠍ ᠨᠢ) ᠣᠯᠵᠠᠪᠠᠢ ᠬᠣᠷᠢᠶᠠᠨ ᠤ᠋ ᠱᠲ᠋ᠠᠪ ᠤ᠋ᠨ ᠪᠠᠢᠷᠢᠨ ᠳ᠋ᠤ᠌ ᠣᠴᠢᠯ᠎ᠠ᠃ ᠲᠡᠷᠡ ᠣᠯᠵᠠᠯᠠᠭᠳᠠᠭᠰᠠᠨ ᠶᠠᠫᠣᠨ ᠨᠢᠰᠦᠭᠴᠢ ᠰᠠᠲ᠋ᠤ‍ ᠭᠡᠳᠡᠭ ᠬᠣᠰᠢᠭᠤᠴᠢ᠂ ᠬᠢᠷᠪᠡᠭᠡ( ᠬᠡᠷᠪᠢᠭᠡ) ᠬᠠᠷ᠎ᠠ ᠰᠠᠬᠠᠯ ᠲᠠᠢ᠂ ᠠᠯᠲᠠᠨ ᠰᠢᠲᠦ ᠲᠡᠢ᠂ ᠬᠦᠢᠲᠡᠨ ᠬᠥᠬᠡ ᠴᠢᠷᠠᠢ ᠲᠠᠢ᠂ ᠶᠡᠬᠡᠯ᠎ᠡ( ᠶᠡᠬᠡ ᠯᠡ) ᠵᠢᠰᠦᠷᠲᠡᠦ ᠪᠠᠢᠳᠠᠯ ᠲᠠᠢ ᠬᠥᠮᠦᠨ ᠪᠠᠢᠵᠠᠢ᠃  
       ᠣᠯᠵᠠᠪᠠᠢ ᠶ᠋ᠢ ᠣᠷᠣᠵᠤ ᠢᠷᠡᠬᠦ ᠳ᠋ᠦ᠍ ᠬᠣᠰᠢᠭᠤᠴᠢ ᠰᠡᠲ᠋ᠤ‍᠂ ᠲᠡᠭᠦᠨ ᠢ᠋ ᠪᠠᠷᠢᠭᠰᠠᠨ ᠬᠥᠮᠦᠨ ᠢᠷᠡᠭᠰᠡᠨ ᠢ᠋ ᠰᠣᠨᠣᠰᠤᠭᠠᠳ᠂ ᠶᠠᠭᠠᠷᠠᠨ ᠪᠣᠰᠴᠤ ᠭᠦᠨ᠎ᠡ ᠮᠡᠬᠦᠢᠨ ᠶᠣᠰᠣᠯᠠᠵᠠᠢ᠃  
       — ᠲᠠ ᠶᠠᠫᠣᠨ ᠠ᠋ᠴᠠ ᠪᠠᠨ ᠬᠡᠵᠢᠶ᠎ᠡ ᠢᠷᠡᠪᠡ? ᠭᠡᠵᠦ ᠣᠯᠵᠠᠪᠠᠢ ᠶ᠋ᠢᠨ ᠠᠰᠠᠭᠤᠬᠤ ᠳ᠋ᠤ᠌᠂  
       — ᠦᠭᠡᠢ ᠪᠢ ᠬᠢᠲᠠᠳ ᠠ᠋ᠴᠠ ᠢᠷᠡᠯ᠎ᠡ᠃ ᠲᠡᠨᠳᠡ ᠪᠢᠳᠡᠨ ᠦ᠌ ᠨᠠᠷᠠᠨ ᠤᠯᠤᠰ ᠤ᠋ᠨ ᠬᠥᠮᠦᠨ᠂ ᠳᠢᠭᠯᠢᠮ ᠲᠡᠢ ᠪᠣᠯᠭᠠᠵᠤ ᠪᠠᠢᠭ᠎ᠠ ᠪᠢᠯᠡ᠃ ᠬᠢᠲᠠᠳ ᠥᠪᠡᠷᠰᠡᠳ ᠢ᠋ᠶ᠋ᠡᠨ ᠤᠯᠤᠰ ᠳᠣᠲᠣᠷ᠎ᠠ ᠪᠠᠨ ᠤᠴᠢᠷ ᠢ᠋ᠶ᠋ᠠᠨ ᠣᠯᠵᠤ᠂  ᠳᠢᠭᠯᠢᠮ ᠲᠡᠢ ᠭᠣᠷᠢᠮ ᠲᠠᠢ ᠪᠣᠯᠵᠤ ᠴᠢᠳᠠᠬᠤ ᠦᠭᠡᠢ ᠤᠯᠤᠰ᠂ ᠭᠠᠭᠴᠠ ᠬᠦ᠌ ᠪᠢᠳᠡᠨ ᠦ᠌ ᠨᠠᠷᠠᠨ ᠤᠯᠤᠰ ᠤ᠋ᠨ ᠬᠥᠮᠦᠨ᠂ ᠬᠢᠲᠠᠳ ᠪᠣᠯᠣᠳ ᠠᠽᠢᠶ᠎ᠠ ᠲᠢᠪ ᠲᠦ᠍ ᠳᠢᠭᠯᠢᠮ ᠲᠡᠢ ᠪᠣᠯᠭᠠᠵᠤ ᠴᠢᠳᠠᠬᠤ ᠤᠯᠤᠰ ᠭᠡᠬᠦ ᠳ᠋ᠦ᠍ᠨᠢ( ᠳ᠋ᠦ᠍ ᠨᠢ)᠂ 
       — ᠬᠣᠰᠢᠭᠤᠴᠢ ᠨᠣᠶᠠᠨ ᠲᠠ᠂ ᠶᠡᠬᠡ ᠪᠠᠷᠳᠠᠮ ᠠᠮᠠ ᠲᠠᠢ ᠬᠥᠮᠦᠨ ᠪᠠᠢᠬᠤ ᠰᠢᠪ ᠳᠡ᠃ ᠡᠵᠡᠷᠬᠡᠭ ᠲᠦᠷᠢᠮᠡᠬᠡᠢ ᠨᠠᠷ ᠲᠠᠢ ᠲᠡᠮᠡᠴᠡᠵᠦ ᠪᠠᠢᠭ᠎ᠠ ᠳᠤᠮᠳᠠᠳᠤ ᠤᠯᠤᠰ ᠤ᠋ᠨ ᠠᠷᠠᠳ ᠲᠦᠮᠡᠨ᠂ ᠤᠯᠤᠰ ᠭᠡᠷ ᠳᠣᠲᠣᠷ᠎ᠠ ᠪᠠᠨ ᠥᠪᠡᠷ ᠢ᠋ᠶ᠋ᠡᠨ ᠵᠣᠬᠢᠬᠤ ᠳᠢᠭᠯᠢᠮ ᠢ᠋ᠶ᠋ᠡᠨ ᠪᠠᠢᠭᠤᠯᠵᠤ᠂ ᠶᠠᠫᠣᠨ᠂ ᠠᠮᠧᠷᠢᠺᠠ᠂ ᠠᠩᠭ᠌ᠯᠢ ᠶ᠋ᠢᠨ ᠵᠡᠷᠭᠡ ᠪᠦᠬᠦ ᠡᠵᠡᠷᠬᠡᠭ ᠲᠦᠷᠢᠮᠡᠬᠡᠢ ᠶ᠋ᠢ ᠮᠥᠳᠳᠥ ᠬᠥᠭᠡᠭᠡᠨ ᠵᠠᠢᠯᠠᠭᠤᠯᠤᠨ᠎ᠠ ᠳᠠ᠃ ᠲᠠᠨ ᠤ᠋ ᠶᠠᠫᠣᠨ ᠤ᠋ ᠴᠡᠷᠢᠭ᠂ ᠳᠤᠮᠳᠠᠳᠤ ᠤᠯᠤᠰ ᠤ᠋ᠨ ᠠᠷᠠᠳ ᠤ᠋ᠨ ᠴᠡᠷᠢᠭ ᠲᠦ᠍ ᠭᠠᠭᠴᠠ ᠨᠢᠭᠡ ᠪᠡᠷ ᠢ᠋ᠶ᠋ᠡᠨ ᠪᠤᠶᠤ ᠪᠦᠯᠦᠭ ᠴᠦᠯᠦᠭ ᠢ᠋ᠶ᠋ᠡᠷ  ᠢ᠋ᠶ᠋ᠡᠨ ᠪᠠᠭᠤᠵᠤ ᠥᠭᠭᠦᠭᠡᠳ᠂ ᠳᠤᠮᠳᠠᠳᠤ ᠤᠯᠤᠰ ᠤ᠋ᠨ ᠠᠷᠠᠳ ᠲᠦᠮᠡᠨ ᠲᠡᠢ ᠪᠢᠳᠡ ᠳᠠᠢᠳᠤᠬᠤ ᠳᠤᠷ᠎ᠠ ᠦᠭᠡᠢ ᠭᠡᠵᠦ ᠪᠠᠢᠳᠠᠭ ᠢ᠋ ᠬᠣᠰᠢᠭᠤᠴᠢ ᠨᠣᠶᠠᠨ ᠲᠠ ᠡᠷᠬᠡᠪᠰᠢ ᠮᠡᠳᠡᠵᠦ ᠪᠠᠢᠭ᠎ᠠ ᠪᠢᠵᠡ ᠳᠡ? ᠭᠡᠵᠦ ᠠᠰᠠᠭᠤᠬᠤ ᠳ᠋ᠤᠨᠢ( ᠳ᠋ᠤ᠌ ᠨᠢ)᠂ 
       — ᠲᠡᠷᠡ᠂ ᠶᠡᠬᠡ ᠲᠥᠯᠥᠪ ᠠᠵᠢᠯᠴᠢᠨ ᠲᠠᠷᠢᠶᠠᠴᠢᠨ ᠭᠠᠷᠤᠯᠲᠠᠢ ᠴᠡᠷᠢᠭ ᠴᠢᠩᠭᠢᠵᠦ ᠪᠠᠢᠭ᠎ᠠ ᠬᠡᠷᠡᠭ᠃ ᠶᠣᠰᠣᠲᠠᠢ ᠰᠠᠮᠤᠷᠠᠢ ᠬᠥᠮᠦᠨ᠂ ᠬᠡᠷᠬᠢᠪᠡᠴᠦ ᠲᠡᠭᠡᠬᠦ ᠦᠭᠡᠢ ᠭᠡᠬᠦ ᠳ᠋ᠦ᠍ᠨᠢ ( ᠳ᠋ᠦ᠍ ᠨᠢ)᠂ 
       — ᠲᠠᠨ ᠤ᠋ ᠰᠠᠶᠢ ᠶ᠋ᠢᠨ ᠬᠡᠯᠡᠳᠡᠭ ᠢ᠋ ᠪᠣᠳᠣᠪᠠᠯ᠂ ᠬᠠᠷᠢᠨ ᠴᠤ᠌ ᠰᠠᠮᠤᠷᠠᠢ ᠨᠣᠶᠠᠳ ᠲᠤ᠌ ᠪᠠᠬᠠᠨ ᠠᠶ᠎ᠠ ᠦᠭᠡᠢ ᠳ᠋ᠦᠩᠨᠡᠯᠲᠡ ᠭᠠᠷᠬᠤ ᠭᠡᠵᠦ ᠪᠠᠢᠨ᠎ᠠ ᠤᠤ ᠳᠠ ᠭᠡᠬᠦ ᠳ᠋ᠦ᠍ᠨᠢ( ᠳ᠋ᠦ᠍ ᠨᠢ)᠂  
       — ᠪᠢ ᠨᠠᠷᠠᠨ ᠤᠯᠤᠰ ᠤ᠋ᠨ ᠬᠤᠸᠠᠩᠳᠢ ᠬᠠᠭᠠᠨ ᠤ᠋ ᠴᠡᠷᠢᠭ ᠦ᠋ᠨ ᠳᠠᠷᠤᠭ᠎ᠠ ᠬᠥᠮᠦᠨ᠂ ᠳᠠᠢᠳᠤᠬᠤ ᠠ᠋ᠴᠠ ᠪᠢᠰᠢ᠂ ᠪᠣᠳᠣᠵᠤ ᠰᠤᠷᠤᠭ᠎ᠠ ᠦᠭᠡᠢ ᠭᠡᠵᠦ ᠶᠡᠬᠡ ᠵᠠᠩ ᠭᠠᠷᠭᠠᠵᠤ ᠥᠭᠦᠯᠡᠪᠡᠰᠦ᠂  
       — ᠲᠠᠨ ᠤ᠋ ᠡᠨᠡ ᠦᠭᠡ ᠶ᠋ᠢ ᠦᠵᠡᠪᠡᠯ᠂ ᠨᠠᠷᠠᠨ ᠤᠯᠤᠰ ᠤ᠋ᠨ ᠬᠤᠸᠠᠩᠳᠢ ᠶ᠋ᠢᠨ ᠴᠡᠷᠢᠭ ᠦ᠋ᠨ ᠳᠠᠷᠤᠭ᠎ᠠ ᠬᠥᠮᠦᠨ ᠢ᠋ ᠶᠠᠭᠤᠮ᠎ᠠ ᠪᠣᠳᠣᠵᠤ ᠴᠢᠳᠠᠳᠠᠭ ᠭᠡᠵᠦ ᠦᠵᠡᠬᠦ ᠳ᠋ᠦ᠍᠂ ᠪᠠᠷᠤᠭ ᠳᠠᠭᠠᠷᠢᠨ ᠳᠣᠷᠣᠮᠵᠢᠯᠠᠭᠰᠠᠨ ᠰᠢᠭ᠋ ᠰᠠᠨᠠᠭᠳᠠᠵᠤ ᠪᠠᠢᠨᠠᠤ ᠳᠠ ᠲᠠᠨ ᠳ᠋ᠤ᠌? ᠳᠣᠲᠣᠷ᠎ᠠ ᠭᠠᠵᠠᠷ ᠡᠩ ᠦ᠋ᠨ ᠨᠣᠮᠣᠬᠠᠨ ᠬᠣᠲᠠ ᠭᠠᠴᠠᠭ᠎ᠠ ᠶ᠋ᠢ ᠳᠠᠭᠠᠷᠢᠨ ᠰᠦᠢᠳᠬᠡᠬᠦ ᠳ᠋ᠦ᠍ ᠲᠠ ᠶᠠᠪᠤᠯᠴᠠᠵᠤ ᠪᠠᠢᠭᠰᠠᠨ ᠤᠤ? ᠭᠡᠬᠦ ᠳ᠋ᠦ᠍᠂ 
       — ᠬᠢᠲᠠᠳ ᠢ᠋ ᠠᠶᠤᠯᠭᠠᠨ ᠰᠦᠷᠳᠡᠭᠦᠯᠵᠦ᠂ ᠨᠠᠷᠠᠨ ᠤᠯᠤᠰ ᠤ᠋ᠨ ᠬᠤᠸᠠᠩᠳᠢ ᠶ᠋ᠢᠨ ᠴᠡᠷᠢᠭ ᠦ᠋ᠨ ᠳᠣᠭᠰᠢᠨ ᠰᠦᠷ ᠬᠦᠴᠦ ᠶ᠋ᠢ ᠦᠵᠡᠭᠦᠯᠬᠦ ᠭᠡᠵᠦ ᠶᠠᠪᠤᠯᠴᠠᠵᠤ ᠪᠠᠢᠭᠰᠠᠨ᠃ ᠳᠠᠢᠰᠤᠨ ᠤ᠋ ᠠᠷᠤ ᠲᠠᠯ᠎ᠠ ᠶ᠋ᠢ ᠬᠡᠯᠮᠡᠭᠳᠡᠭᠦᠯᠦᠨ ᠦᠢᠮᠡᠭᠦᠯᠵᠦ ᠰᠠᠨᠳᠤᠷᠤᠭᠤᠯᠬᠤ ᠠ᠋ᠴᠠ ᠭᠠᠳᠠᠨ᠎ᠠ᠂ᠪᠠᠰᠠ ᠴᠢᠩᠭᠢᠵᠦ ᠳᠠᠭᠠᠷᠢᠨ ᠳᠣᠪᠲᠣᠯᠵᠤ ᠶᠠᠪᠤᠬᠤ ᠳ᠋ᠤ᠌ ᠰᠣᠨᠢᠨ ᠰᠠᠢᠬᠠᠨ ᠪᠠᠢᠳᠠᠭ ᠶᠤᠮ ᠰᠢᠦ ᠭᠡᠵᠦ ᠬᠠᠷᠢᠭᠤ ᠬᠡᠯᠡᠬᠦ ᠳ᠋ᠦ᠍ᠨᠢ( ᠳ᠋ᠦ᠍ ᠨᠢ)᠂ 
       — ᠡᠩ ᠦ᠋ᠨ ᠨᠣᠮᠣᠬᠠᠨ ᠠᠷᠠᠳ ᠢ᠋ ᠴᠢᠩᠭᠢᠵᠦ ᠬᠣᠣᠷᠯᠠᠵᠤ ᠶᠠᠪᠤᠬᠤ ᠳ᠋ᠠᠭᠠᠨ ᠲᠠ ᠰᠡᠳᠬᠢᠯ ᠦᠷᠦ ᠡᠪᠡᠳᠦᠯ ᠦᠭᠡᠢ ᠪᠠᠢᠵᠤ ᠤᠤ? ᠭᠡᠬᠦ ᠳ᠋ᠦ᠍᠂  
       — ᠦᠭᠡᠢ᠂ ᠲᠡᠷᠡ ᠮᠠᠭᠤ ᠰᠠᠢᠨ ᠬᠢᠲᠠᠳ ᠢ᠋ ᠪᠢ ᠶᠡᠷᠦ ᠦᠷᠦ ᠡᠪᠡᠳᠴᠦ ᠦᠵᠡᠭᠡ ᠦᠭᠡᠢ᠂ ᠬᠠᠷᠢᠨ ᠴᠤ᠌ ᠬᠢᠳᠤᠨ ᠤᠰᠠᠳᠬᠠᠬᠤ ᠶᠡᠬᠡ ᠳᠤᠷᠠᠲᠠᠢ ᠪᠠᠢᠯ᠎ᠠ ᠭᠡᠬᠦ ᠳ᠋ᠦ᠍ᠨᠢ( ᠳ᠋ᠦ᠍ ᠨᠢ)᠂ ᠣᠯᠵᠠᠪᠠᠢ ᠶ᠋ᠢᠨ ᠵᠢᠪᠡᠭᠦᠦ ᠬᠦᠷᠴᠦ᠂ 
       — ᠲᠠ ᠴᠢᠩᠭᠢᠵᠦ ᠶᠠᠪᠤᠭᠰᠠᠨ ᠳ᠋ᠠᠭᠠᠨ᠂ ᠣᠳᠣᠨ ᠢ᠋ᠶ᠋ᠠᠷ ᠱᠠᠩᠨᠠᠭᠤᠯᠤᠭᠰᠠᠨ ᠤᠤ? ᠭᠡᠪᠡᠯ᠂ 
       — ᠴᠢᠩᠭᠢᠭᠰᠡᠨ᠂ ᠡᠨᠡ ᠪᠣᠯ ᠠᠯᠲᠠᠨ ᠡᠯᠢᠶ᠎ᠡ ᠶ᠋ᠢᠨ ᠣᠳᠣᠨ ᠭᠡᠵᠡᠢ᠃ ᠮᠣᠩᠭᠣᠯᠴᠤᠳ ᠡᠯᠢᠶ᠎ᠡ ᠰᠢᠪᠠᠭᠤ ᠶ᠋ᠢ ᠳᠡᠢᠯᠬᠦ ᠶᠠᠭᠤᠮ᠎ᠠ ᠳ᠋ᠠᠭᠠᠨ ᠳᠡᠭᠡᠷᠡᠯᠬᠦᠦ ᠮᠥᠷᠲᠡᠭᠡᠨ ᠠᠶᠤᠮᠠᠬᠠᠢ ᠥᠭᠡᠳᠡ ᠦᠭᠡᠢ ᠮᠠᠭᠤ ᠮᠢᠬᠠᠴᠢᠨ ᠰᠢᠪᠠᠭᠤ ᠭᠡᠵᠦ ᠱᠣᠭᠣᠳᠪᠤᠷᠢᠯᠠᠨ ᠲᠣᠭᠣᠮᠰᠠᠷᠯᠠᠳᠠᠭ ᠦᠭᠡᠢ᠂ ᠡᠭᠦᠨ ᠳ᠋ᠦ᠍ ᠳᠤᠮᠳᠠᠳᠤ ᠤᠯᠤᠰ ᠤ᠋ᠨ ᠨᠣᠮᠣᠬᠠᠨ ᠲᠠᠢᠪᠤᠩ ᠬᠣᠲᠠ ᠭᠠᠴᠠᠭ᠎ᠠ ᠶ᠋ᠢ ᠳᠠᠭᠠᠷᠢᠨ ᠳᠣᠪᠲᠣᠯᠵᠤ᠂ ᠥᠭᠡᠳᠡ ᠡᠴᠡ ᠨᠢ ᠬᠣᠷᠢᠭ ᠬᠢᠵᠦ ᠴᠢᠳᠠᠬᠤ ᠦᠭᠡᠢ ᠨᠣᠮᠣᠬᠠᠨ ᠡᠪᠦᠭᠡᠳ᠂ ᠡᠮᠡᠭᠲᠡᠢᠴᠦᠳ᠂ ᠬᠡᠦᠬᠡᠳ ᠪᠠᠭᠠᠴᠤᠳ ᠢ᠋ ᠬᠢᠳᠤᠨ ᠰᠥᠨᠥᠭᠡᠵᠦ᠂ ᠠᠯᠲᠠᠨ ᠡᠯᠢᠶ᠎ᠡ ᠶ᠋ᠢᠨ ᠣᠳᠣᠨ ᠢ᠋ᠶ᠋ᠠᠷ ᠱᠠᠩᠨᠠᠭᠤᠯᠤᠭᠰᠠᠨ ᠲᠡᠷᠡ ᠶᠠᠫᠣᠨ ᠨᠢᠰᠦᠭᠴᠢ ᠶ᠋ᠢᠨ ᠠᠯᠠᠭᠤᠷᠴᠢᠨ ᠬᠦᠢᠲᠡᠨ ᠴᠢᠷᠠᠢ ᠶ᠋ᠢ ᠣᠯᠵᠠᠪᠠᠢ ᠶ᠋ᠢᠨ ᠬᠠᠷᠠᠬᠤ ᠳ᠋ᠤ᠌᠂ ᠪᠦᠬᠦ ᠠᠽᠢᠶ᠎ᠠ ᠲᠢᠪ ᠢ᠋ ᠨᠣᠶᠠᠷᠬᠠᠵᠤ᠂ ᠪᠦᠬᠦ ᠳᠡᠯᠡᠬᠡᠢ ᠶᠢᠷᠲᠢᠨᠴᠦ ᠶ᠋ᠢ ᠪᠠᠢᠯᠳᠤᠨ ᠳᠠᠭᠠᠭᠤᠯᠬᠤ ᠭᠡᠵᠦ ᠰᠣᠯᠢᠶᠠᠷᠠᠨ ᠡᠷᠡᠮᠡᠯᠵᠡᠵᠦ ᠪᠠᠢᠭ᠎ᠠ᠂ ᠬᠥᠮᠦᠨ ᠦ᠌ ᠦᠨᠦᠷ ᠦᠭᠡᠢ ᠬᠠᠷᠭᠢᠰ ᠪᠤᠷᠤᠩᠬᠠᠢ ᠶᠠᠫᠣᠨ ᠤ᠋ ᠴᠡᠷᠢᠭ ᠦ᠋ᠨ ᠡᠷᠬᠡᠲᠡᠨ ᠦ᠌ ᠵᠢᠭᠰᠢᠭᠦᠷᠢᠲᠦ ᠰᠢᠨᠵᠢ ᠪᠦᠬᠦᠨ ᠪᠦᠷᠢᠳᠦᠭᠰᠡᠨ ᠴᠢᠷᠠᠢ ᠰᠢᠭ᠋ ᠬᠠᠷᠠᠭᠳᠠᠵᠤ ᠪᠢᠯᠡ᠃  
       ᠠᠷᠠᠳ ᠤ᠋ᠨ ᠳᠠᠢᠰᠤᠨ ᠬᠡᠨᠳᠡᠨ ᠳᠠᠮᠢᠳ ᠨᠠᠷ᠂ ᠮᠣᠩᠭᠣᠯ ᠤ᠋ᠨ ᠲᠦᠮᠡᠨ ᠠᠷᠠᠳ ᠢ᠋ ᠶᠠᠫᠣᠨ ᠤ᠋ ᠰᠢᠨᠤᠬᠠᠢ ᠡᠵᠡᠷᠬᠡᠭ ᠲᠦᠷᠢᠮᠡᠬᠡᠢ ᠳ᠋ᠦ᠍ ᠬᠤᠳᠠᠯᠳᠤᠨ ᠲᠡᠷᠰᠯᠡᠬᠦ ᠭᠡᠵᠦ ᠪᠠᠢᠭᠰᠠᠨ ᠢ᠋᠂ ᠲᠡᠳᠡᠨ ᠲᠡᠢ ᠰᠢᠭᠤᠳ ᠬᠡᠯᠬᠢᠶ᠎ᠡ ᠲᠡᠢ ᠪᠠᠢᠭᠰᠠᠨ ᠲᠣᠯᠣᠭᠠᠢ ᠯᠠᠮᠠ ᠨᠠᠷ᠂ ᠡᠰᠡᠷᠭᠦᠦ ᠪᠣᠰᠤᠯᠭ᠎ᠠ ᠶ᠋ᠢᠨ ᠬᠢᠨ ᠢ᠋ ᠰᠠᠨᠠᠭᠠᠳ᠂ ᠮᠠᠷᠱᠠᠯ ᠴᠣᠢᠪᠠᠯᠰᠠᠩ ᠲᠡᠷᠡ ᠤᠷᠪᠠᠭᠰᠠᠨ ᠡᠲᠡᠭᠡᠳ ᠢ᠋ ᠡᠰᠡ ᠤᠰᠠᠳᠬᠠᠭᠰᠠᠨ ᠪᠣᠯᠪᠠᠯ᠂ ᠮᠠᠨ ᠤ᠋ ᠠᠷᠠᠳ ᠲᠦᠮᠡᠨ᠂ ᠬᠣᠯᠪᠣᠭᠠᠲᠤ ᠤᠯᠤᠰ ᠰᠢᠭ᠋ ᠢ᠋ᠶ᠋ᠡᠨ ᠡᠢᠮᠦ ᠠᠤᠭ᠎ᠠ ᠲᠦᠰᠢᠭ ᠬᠠᠨᠢ ᠦᠭᠡᠢ ᠪᠣᠯᠪᠠᠯ᠂ ᠶᠠᠮᠠᠷ ᠶᠡᠬᠡ ᠵᠣᠪᠠᠯᠠᠩ ᠠᠮᠰᠠᠬᠤ ᠪᠢᠯᠡ ᠭᠡᠵᠦ  ᠪᠣᠳᠣᠬᠤ ᠳ᠋ᠤ᠌᠂ ᠣᠯᠵᠠᠪᠠᠢ ᠶ᠋ᠢᠨ ᠨᠢᠳᠦᠨ ᠳ᠋ᠦ᠍ ᠲᠡᠷᠡ ᠣᠯᠵᠠᠯᠠᠭᠳᠠᠭᠰᠠᠨ ᠳᠠᠢᠰᠤᠨ ᠶᠡᠬᠡᠯ᠎ᠡ (ᠶᠡᠬᠡ ᠯᠡ) ᠠᠶ᠎ᠠ ᠦᠭᠡᠢ ᠬᠦᠢᠲᠡᠨ ᠦᠵᠡᠭᠳᠡᠵᠦ᠂ ᠮᠥᠷ ᠢ᠋ᠶ᠋ᠡᠨ ᠬᠠᠷᠠᠭᠰᠠᠨ ᠡᠩ ᠦ᠋ᠨ ᠨᠣᠮᠣᠬᠠᠨ ᠬᠥᠮᠦᠨ ᠠᠷᠠᠳ ᠢ᠋  ᠠᠯᠠᠨ ᠬᠢᠳᠤᠳᠠᠭ ᠢ᠋ᠶ᠋ᠠᠨ ᠪᠠᠬᠠᠷᠬᠠᠵᠤ ᠰᠠᠭᠤᠭ᠎ᠠ ᠲᠡᠷᠡ ᠢᠴᠢᠬᠦ ᠨᠢᠭᠤᠷ ᠰᠦᠪᠡᠯᠡᠬᠦ ᠰᠦᠪᠡ ᠦᠭᠡᠢ ᠠᠯᠠᠭᠤᠷᠴᠢᠨ ᠢ᠋ ᠲᠤᠩ ᠵᠢᠭᠰᠢᠵᠦ ᠪᠢᠯᠡ᠃  
       ᠲᠡᠨᠳᠡ ᠡᠴᠡ ᠬᠡᠳᠦ ᠬᠣᠨᠣᠭᠰᠠᠨ ᠤ᠋ ᠳᠠᠷᠠᠭ᠎ᠠ᠂ ᠨᠠᠢ᠍ᠮᠠᠳᠤᠭᠠᠷ ᠰᠠᠷ᠎ᠠ ᠶ᠋ᠢᠨ ᠬᠣᠷᠢᠨ ᠵᠢᠷᠭᠤᠭᠠᠨ ᠤ᠋ ᠣᠷᠣᠢ ᠺᠷᠡᠪᠴᠸᠨᠺᠤ ᠶ᠋ᠢᠨ ᠨᠢᠰᠬᠦ ᠬᠣᠷᠢᠶ᠎ᠠ ᠶ᠋ᠢ᠂ ᠴᠡᠷᠢᠭ ᠦ᠋ᠨ ᠵᠥᠪᠯᠡᠯ ᠦ᠋ᠨ ᠵᠥᠪᠰᠢᠶᠡᠷᠡᠭᠰᠡᠨ ᠶᠣᠰᠣ ᠪᠠᠷ ᠹᠷᠣᠨᠲ ᠳᠡᠭᠡᠭᠦᠷ ᠡᠷᠡᠯᠬᠡᠭ ᠰᠦᠷ ᠬᠦᠴᠦ ᠪᠡᠨ ᠪᠠᠳᠠᠷᠠᠭᠤᠯᠤᠨ ᠨᠢᠰᠴᠦ᠂ ᠵᠥᠪᠯᠡᠯᠲᠦ ᠶ᠋ᠢᠨ ᠨᠢᠰᠬᠦ ᠣᠩᠭᠣᠴᠠᠨ ᠤ᠋ ᠴᠡᠷᠢᠭ ᠦ᠋ᠨ ᠠᠤᠭ᠎ᠠ ᠬᠦᠴᠦ ᠶ᠋ᠢ ᠦᠵᠡᠭᠦᠯᠵᠦ᠂ ᠳᠠᠢᠰᠤᠨ ᠢ᠋ ᠬᠢᠶᠠᠷ ᠨᠢᠷᠭᠡᠨ ᠴᠣᠬᠢᠬᠤ ᠳ᠋ᠤ᠌ ᠬᠡᠵᠢᠶᠡᠳᠡ ᠪᠡᠯᠡᠬᠡᠨ ᠪᠠᠢᠭ᠎ᠠ ᠪᠠᠨ ᠬᠠᠷᠠᠭᠤᠯᠵᠤ᠂ ᠶᠣᠰᠣᠯᠠᠯ ᠤ᠋ᠨ ᠵᠢᠭᠰᠠᠭᠠᠯ ᠢ᠋ᠶ᠋ᠠᠷ ᠨᠢᠰᠦᠭᠰᠡᠨ ᠢ᠋ ᠣᠯᠵᠠᠪᠠᠢ ᠶᠡᠬᠡᠯ᠎ᠡ(ᠶᠡᠬᠡ ᠯᠡ) ᠪᠠᠬᠠᠷᠬᠠᠨ ᠬᠠᠷᠠᠵᠤ ᠪᠢᠯᠡ᠃ ᠰᠡᠭᠦᠯ ᠦ᠋ᠨ ᠳᠣᠯᠣᠭᠠᠨ ᠬᠣᠨᠣᠭ ᠲᠤ᠌ ᠶᠠᠫᠣᠨ ᠤ᠋ ᠲᠠᠪᠢᠨ ᠨᠢᠭᠡᠨ ᠣᠩᠭᠣᠴᠠ ᠤᠨᠠᠭᠠᠵᠤ ᠤᠰᠠᠳᠬᠠᠭᠰᠠᠨ᠂ ᠠᠭᠠᠷ ᠲᠤ᠌ ᠪᠠᠢᠯᠳᠤᠬᠤ ᠳ᠋ᠠᠭᠠᠨ( ᠳ᠋ᠤ᠌ ᠪᠠᠨ) ᠴᠢᠳᠠᠮᠠᠭᠠᠢ ᠲᠡᠷᠡ ᠨᠢᠰᠦᠭᠴᠢ ᠨᠠᠷ᠂ ᠳᠠᠢᠰᠤᠨ ᠢ᠋ ᠪᠦᠰᠡᠯᠡᠭᠰᠡᠨ ᠥᠪᠡᠷ ᠦ᠋ᠨ ᠴᠡᠷᠢᠭ᠂ ᠰᠥᠨᠥᠬᠦ ᠴᠠᠭ ᠢ᠋ᠶ᠋ᠠᠨ ᠬᠦᠯᠢᠶᠡᠨ ᠪᠦᠰᠡᠯᠡᠭᠳᠡᠭᠰᠡᠨ ᠳᠠᠢᠰᠤᠨ ᠤ᠋ ᠴᠡᠷᠢᠭ ᠦ᠋ᠨ ᠳᠡᠭᠡᠭᠦᠷ ᠪᠠᠳᠠᠷᠠᠩᠭᠤᠢ ᠰᠦᠷᠲᠦ ᠶᠣᠰᠣᠯᠠᠯ ᠤ᠋ᠨ ᠵᠢᠭᠰᠠᠭᠠᠯ ᠢ᠋ᠶ᠋ᠠᠷ ᠨᠢᠰᠦᠨ ᠭᠠᠷᠴᠤ᠂ ᠵᠢᠭᠰᠠᠭᠠᠯ ᠤ᠋ᠨ ᠬᠣᠶᠠᠷ ᠬᠠᠵᠠᠭᠤ ᠶ᠋ᠢᠨ ᠣᠩᠭᠣᠴᠠ ᠵᠢᠯᠣᠭᠣᠳᠤᠭᠰᠠᠨ ᠨᠢᠰᠦᠭᠴᠢ ᠨᠠᠷ ᠲᠣᠩᠭᠣᠷᠴᠣᠭᠯᠠᠬᠤ ᠭᠣᠳᠣᠷᠣᠢᠲᠤᠬᠤ ᠵᠡᠷᠭᠡ ᠪᠡᠷ ᠣᠩᠭᠣᠴᠠ ᠵᠢᠯᠣᠭᠣᠳᠬᠤ ᠶ᠋ᠢᠨ ᠳᠡᠭᠡᠳᠦ ᠨᠠᠷᠢᠨ ᠴᠢᠳᠠᠯ ᠢ᠋ ᠭᠠᠢᠬᠠᠮᠰᠢᠭᠲᠠᠢ ᠪᠠᠷ ᠦᠵᠡᠭᠦᠯᠵᠡᠢ᠃ ᠭᠠᠵᠠᠷ ᠳᠡᠭᠡᠷ᠎ᠡ ᠪᠠᠢᠭᠰᠠᠨ ᠣᠯᠠᠨ ᠮᠢᠩᠭᠠᠨ ᠬᠥᠮᠦᠨ ᠦ᠌ ᠨᠢᠳᠦ ᠦᠳᠡᠰᠢ ᠶ᠋ᠢᠨ ᠣᠭᠲᠠᠷᠭᠤᠢ ᠶ᠋ᠢᠨ ᠵᠦᠭ᠂ ᠲᠡᠷᠡ ᠣᠷᠣᠢ ᠰᠢᠷᠳᠡᠨ ᠬᠠᠷᠠᠵᠤ ᠪᠢᠯᠡ᠃ ᠵᠥᠪᠯᠡᠯᠲᠦ ᠶ᠋ᠢᠨ ᠨᠢᠰᠦᠭᠴᠢ ᠨᠠᠷ ᠤ᠋ᠨ ᠠᠤᠭ᠎ᠠ ᠰᠦᠷ ᠬᠦᠴᠦᠨ ᠢ᠋ᠶ᠋ᠡᠨ ᠦᠵᠡᠭᠦᠯᠵᠦ ᠪᠠᠢᠭ᠎ᠠ ᠲᠡᠷᠡ ᠵᠢᠭᠰᠠᠭᠠᠯ ᠢ᠋ ᠶᠠᠫᠣᠨ ᠤ᠋ ᠪᠦᠰᠡᠯᠡᠭᠳᠡᠭᠰᠡᠨ ᠴᠡᠷᠢᠭ ᠣᠹᠢᠼᠧᠷ ᠨᠦᠬᠡ ᠰᠤᠪᠠᠭ ᠲᠠᠭᠠᠨ( ᠲᠤ ᠪᠠᠨ) ᠰᠢᠷᠭᠤᠵᠠᠭᠠᠨ ᠠᠶᠤᠵᠤ᠂ ᠲᠡᠰᠬᠡᠯ ᠦᠭᠡᠢ ᠬᠣᠷᠣᠰᠤᠨ ᠡᠮᠢᠶᠡᠵᠦ ᠬᠠᠷᠠᠵᠠᠭᠠᠵᠤ ᠪᠢᠯᠡ᠃  
       ᠣᠭᠲᠠᠷᠭᠤᠢ ᠳ᠋ᠤ᠌᠂ ᠳᠠᠢᠰᠤᠨ ᠤ᠋ ᠨᠢᠰᠬᠦ ᠣᠩᠭᠣᠴᠠ ᠬᠠᠪᠢᠳᠠᠭᠤᠯᠬᠤ ᠦᠭᠡᠢ ᠪᠣᠯᠵᠤ᠂ ᠲᠩᠷᠢ ᠶ᠋ᠢ ᠡᠵᠡᠯᠡᠩᠭᠡᠨ ᠨᠣᠶᠠᠷᠬᠠᠭᠰᠠᠨ ᠵᠥᠪᠯᠡᠯᠲᠦ ᠶ᠋ᠢᠨ ᠨᠢᠰᠦᠭᠴᠢ ᠨᠠᠷ ᠢ᠋ ᠵᠥᠪᠯᠡᠯᠲᠦ ᠮᠣᠩᠭᠣᠯ ᠬᠣᠶᠠᠷ ᠤᠯᠤᠰ ᠤ᠋ᠨ ᠬᠠᠭᠤᠷᠠᠢ ᠵᠠᠮ ᠤ᠋ᠨ ᠴᠡᠷᠢᠭ ᠶᠡᠬᠡᠯ᠎ᠡ(ᠶᠡᠬᠡ ᠯᠡ) ᠪᠠᠶᠠᠷᠯᠠᠨ ᠲᠠᠯᠠᠷᠬᠠᠵᠤ᠂ ᠮᠣᠩᠭᠣᠯ ᠠᠷᠠᠳ ᠤ᠋ᠨ ᠬᠤᠪᠢᠰᠬᠠᠯᠲᠤ ᠴᠡᠷᠢᠭ ᠦ᠋ᠨ ᠡᠷᠡᠴᠦᠳ᠂ 
       — ᠰᠲ᠋ᠠᠯᠢᠨ ᠤ᠋ ᠨᠠᠴᠢᠨ ᠱᠣᠩᠬᠣᠷ ᠨᠢᠰᠦᠭᠴᠢ ᠨᠠᠷ ᠮᠠᠨᠳᠤᠲᠤᠭᠠᠢ! ᠵᠥᠪᠯᠡᠯᠲᠦ ᠶ᠋ᠢᠨ ᠨᠢᠰᠦᠭᠴᠢ ᠨᠠᠷ ᠮᠠᠨᠳᠤᠲᠤᠭᠠᠢ! ᠶᠡᠬᠡ ᠰᠲ᠋ᠠᠯᠢᠨ ᠮᠠᠨᠳᠤᠲᠤᠭᠠᠢ! ᠭᠡᠵᠦ ᠪᠠᠶᠠᠷ ᠤ᠋ᠨ ᠤᠷᠠᠢ ᠲᠠᠯᠪᠢᠵᠤ᠂ ᠢᠯᠠᠭᠤᠭᠰᠠᠨ ᠨᠢᠰᠦᠭᠴᠢ ᠶ᠋ᠢᠨ ᠲᠡᠷᠡ ᠠᠭᠠᠷ ᠤ᠋ᠨ ᠵᠢᠭᠰᠠᠭᠠᠯ ᠶᠣᠰᠣᠯᠠᠯ ᠨᠢ ᠨᠡᠢᠲᠡ ᠶ᠋ᠢᠨ ᠳᠠᠢᠰᠤᠨ ᠲᠠᠢ ᠤᠯᠠᠭᠠᠨ ᠴᠢᠰᠤ ᠪᠠᠨ ᠠᠰᠬᠠᠷᠠᠭᠤᠯᠤᠨ ᠲᠡᠮᠡᠴᠡᠵᠦ᠂ ᠤᠯᠠᠮ ᠪᠠᠲᠤ ᠭᠠᠩᠨᠠᠭᠳᠠᠭᠰᠠᠨ ᠵᠥᠪᠯᠡᠯᠲᠦ ᠮᠣᠩᠭᠣᠯ ᠬᠣᠶᠠᠷ ᠤᠯᠤᠰ ᠤ᠋ᠨ ᠠᠷᠠᠳ ᠲᠦᠮᠡᠨ ᠦ᠌ ᠴᠢᠩ ᠬᠦ᠌ ᠦᠨᠡᠨ ᠡᠪ ᠨᠠᠢᠷᠠᠮᠳᠠᠯ ᠤ᠋ᠨ ᠰᠠᠢᠬᠠᠨ ᠢᠯᠡᠷᠬᠡᠢᠯᠡᠯ ᠪᠣᠯᠵᠠᠢ᠃ 
       ᠲᠡᠷᠡ ᠠᠭᠠᠷ ᠤ᠋ᠨ ᠰᠦᠷᠲᠦ ᠵᠢᠭᠰᠠᠭᠠᠯ ᠠ᠋ᠴᠠ ᠬᠣᠢᠰᠢ ᠪᠠᠰᠠ ᠬᠡᠳᠦᠨ ᠬᠣᠨᠣᠭ ᠥᠩᠭᠡᠷᠡᠵᠡᠢ᠃ ᠵᠥᠪᠯᠡᠯᠲᠦ ᠮᠣᠩᠭᠣᠯ ᠬᠣᠶᠠᠷ ᠤᠯᠤᠰ ᠤ᠋ᠨ ᠴᠡᠷᠢᠭ ᠦ᠋ᠨ ᠶᠡᠷᠦᠩᠬᠡᠢ ᠳᠠᠪᠰᠢᠯᠲᠠ ᠶ᠋ᠢᠨ ᠡᠮᠦᠨ᠎ᠡ ᠪᠠᠢᠭᠤᠯᠤᠭᠰᠠᠨ ᠭᠧᠨᠧᠷᠠᠯ ᠣᠭᠢᠰᠤ ᠷᠢᠫᠫᠤ ᠵᠠᠩᠵᠤᠨ ᠲᠠᠢ ᠶᠠᠫᠣᠨ ᠤ᠋ ᠵᠢᠷᠭᠤᠳᠤᠭᠠᠷ ᠠᠷᠮᠢ ᠲᠡᠷᠡ ᠪᠠᠢᠯᠳᠤᠭᠠᠨ ᠤ᠋ ᠬᠠᠪᠢ ᠭᠠᠵᠠᠷ ᠦᠯᠡᠮᠵᠢᠬᠡᠨ ᠬᠦᠴᠦᠲᠡᠢ ᠪᠠᠢᠭᠰᠠᠨ ᠨᠢ᠂ ᠬᠣᠶᠠᠷ ᠰᠢᠯᠢᠳᠡᠭ ᠳ᠋ᠢᠸᠢᠽᠢ᠂ ᠲᠡᠭᠦᠨ ᠦ᠌ ᠨᠢᠭᠡ ᠨᠢ ᠲᠤᠰ ᠳ᠋ᠢᠸᠢᠽᠢ ᠶ᠋ᠢᠨ ᠳᠠᠷᠤᠭ᠎ᠠ ᠺᠠᠮᠠᠼᠤᠪᠠᠷᠠ ᠭᠧᠨᠧᠷᠠᠯ ᠤ᠋ᠨ ᠲᠠᠪᠤᠳᠤᠭᠠᠷ ᠰᠠᠷ᠎ᠠ ᠶ᠋ᠢᠨ ᠬᠣᠷᠢᠨ ᠨᠢᠭᠡᠨ ᠦ᠌ ᠲᠤᠰᠢᠶᠠᠯ ᠳ᠋ᠤ᠌《ᠨᠣᠮᠣᠨ ᠬᠠᠨ ᠤ᠋ ᠬᠠᠪᠢ ᠳ᠋ᠤ᠌ ᠭᠠᠳᠠᠭᠠᠳᠤ ᠮᠣᠩᠭᠣᠯ ᠤ᠋ᠨ ᠴᠡᠷᠢᠭ ᠢ᠋ ᠬᠢᠳᠤᠨ ᠤᠰᠠᠳᠬᠠᠬᠤ ᠡᠭᠦᠷᠭᠡ ᠲᠡᠢ ᠬᠤᠸᠠᠩᠳᠢ ᠶ᠋ᠢᠨ ᠶᠡᠬᠡ ᠴᠡᠷᠢᠭ ᠦ᠋ᠨ ᠢᠯᠠᠭᠳᠠᠰᠢ ᠦᠭᠡᠢ ᠪᠠᠭᠠᠲᠤᠷ ᠬᠦᠴᠦᠲᠦ ᠬᠣᠷᠢᠨ ᠭᠤᠷᠪᠠᠳᠤᠭᠠᠷ ᠳ᠋ᠢᠸᠢᠽᠢ》 ᠭᠡᠭᠴᠢ ᠨᠢ ᠪᠠᠢᠵᠤ᠂ ᠪᠠᠰᠠ ᠲᠠᠩᠺ ᠤ᠋ᠨ2—3 ᠳ᠋ᠤᠭᠠᠷ ᠬᠣᠷᠢᠶ᠎ᠠ᠂ ᠵᠢᠴᠢ ᠭᠤᠷᠪᠠᠨ ᠵᠠᠭᠤᠭᠠᠳ ᠨᠢᠰᠬᠦ ᠣᠩᠭᠣᠴᠠ᠂ ᠮᠠᠨᠵᠤ ᠭᠦᠸᠧ ᠶ᠋ᠢᠨ ᠬᠣᠯᠢᠮᠠᠭ ᠪᠷᠢᠭᠠᠳ᠋᠂ ᠪᠠᠷᠭᠤ ᠶ᠋ᠢᠨ ᠮᠣᠷᠢᠨ ᠴᠡᠷᠢᠭ ᠦ᠋ᠨ ᠭᠤᠷᠪᠠᠭᠠᠳ ᠬᠣᠷᠢᠶ᠎ᠠ ᠵᠡᠷᠭᠡ ᠴᠡᠷᠢᠭ ᠦ᠋ᠨ ᠬᠦᠴᠦ ᠬᠤᠷᠠᠯᠳᠤᠭᠰᠠᠨ ᠨᠢ ᠴᠥᠮ ᠮᠣᠩᠭᠣᠯ ᠭᠠᠵᠠᠷ ᠡᠪᠦᠯᠵᠢᠬᠦ ᠪᠡᠷ ᠵᠠᠪᠳᠤᠵᠤ ᠪᠠᠢᠲᠠᠯ᠎ᠠ ᠪᠠᠨ ᠳᠠᠪᠰᠢᠨ ᠣᠷᠣᠭᠰᠠᠨ ᠵᠥᠪᠯᠡᠯᠲᠦ ᠮᠣᠩᠭᠣᠯ ᠬᠣᠶᠠᠷ ᠤᠯᠤᠰ ᠤ᠋ᠨ ᠴᠡᠷᠢᠭ ᠦ᠋ᠨ ᠡᠷᠡᠰ ᠴᠣᠬᠢᠯᠲᠠ ᠳ᠋ᠤ᠌ ᠪᠤᠲᠠ ᠨᠢᠷᠭᠡᠭᠳᠡᠨ ᠬᠢᠶᠡᠷᠴᠦ ᠪᠠᠯᠠᠷᠠᠭᠰᠠᠨ ᠪᠢᠯᠡ᠃ 
       ᠶᠠᠫᠣᠨ ᠤ᠋ ᠬᠢᠶᠠᠷ ᠴᠣᠬᠢᠭᠤᠯᠤᠨ ᠳᠠᠷᠤᠭᠳᠠᠭᠰᠠᠨ ᠤ᠋ ᠳᠠᠷᠠᠭᠠᠬᠠᠨ᠂ ᠶᠢᠰᠦᠳᠦᠭᠡᠷ ᠰᠠᠷ᠎ᠠ ᠶ᠋ᠢᠨ ᠨᠢᠭᠡᠨ ᠴᠡᠯᠮᠡᠭ ᠰᠠᠢᠬᠠᠨ ᠥᠷᠯᠥᠭᠡ᠂ ᠹᠤᠷᠳ᠋ ᠮ ᠬᠣᠶᠠᠷ ᠮᠠᠰᠢᠨ᠎ᠠ ᠬᠠᠷᠠᠬᠠᠨ ᠬᠣᠶᠠᠷ ᠡᠲᠡᠭᠡᠳ ᠦ᠋ᠨ ᠴᠡᠷᠢᠭ ᠡᠪᠯᠡᠷᠡᠨ ᠨᠠᠢᠷᠠᠮᠳᠠᠬᠤ ᠬᠡᠯᠡᠯᠴᠡᠭᠡ ᠲᠣᠭᠲᠠᠵᠤ ᠵᠠᠪᠳᠤᠭᠠᠳᠤᠢ ᠤᠴᠢᠷ᠂ ᠥᠩᠭᠡᠯᠡᠨ ᠳᠠᠯᠳᠠᠯᠠᠬᠤ ᠴᠡᠷᠢᠭ ᠦ᠋ᠨ ᠠᠷᠭ᠎ᠠ ᠶ᠋ᠢ ᠬᠡᠪ ᠢ᠋ᠶ᠋ᠡᠷ ᠬᠡᠷᠡᠭᠯᠡᠨ᠂ ᠲᠣᠣᠷ ᠢ᠋ᠶ᠋ᠠᠨ ᠪᠦᠷᠬᠦᠭᠡᠰᠦᠲᠡᠢ ᠶᠠᠪᠤᠵᠤ᠂ ᠶᠡᠬᠡ ᠫᠤᠤ ᠶ᠋ᠢᠨ ᠰᠤᠮᠤ᠂ ᠪᠥᠮᠪᠦᠭᠡᠨ ᠳ᠋ᠦ᠍ ᠡᠨᠳᠡ ᠲᠡᠨᠳᠡ ᠦᠭᠡᠢ ᠭᠦᠨᠵᠡᠭᠡᠢ ᠶᠡᠬᠡ ᠨᠦᠬᠡ ᠪᠣᠯᠤᠭᠰᠠᠨ ᠢ᠋ ᠲᠣᠭᠣᠷᠢᠭᠰᠠᠭᠠᠷ ᠳᠡᠨᠵᠢ ᠳᠡᠭᠡᠭᠦᠷ ᠶᠠᠪᠤᠵᠠᠢ᠃ 
       ᠳᠡᠭᠡᠷ᠎ᠡ ᠲᠩᠷᠢ ᠳ᠋ᠦ᠍ ᠬᠢᠯᠢ ᠬᠠᠮᠠᠭᠠᠯᠠᠵᠤ᠂ ᠹᠷᠣᠨᠲ ᠤ᠋ᠨ ᠭᠠᠵᠠᠷ ᠳᠡᠭᠡᠭᠦᠷ ᠨᠢᠰᠬᠦ ᠵᠥᠪᠯᠡᠯᠲᠦ ᠮᠣᠩᠭᠣᠯ ᠬᠣᠶᠠᠷ ᠤᠯᠤᠰ ᠤ᠋ᠨ ᠴᠡᠷᠢᠭ ᠦ᠋ᠨ ᠣᠩᠭᠣᠴᠠ ᠬᠦᠩᠭᠢᠨᠡᠨ ᠨᠢᠰᠴᠦ ᠪᠠᠢᠯ᠎ᠠ᠃ ᠠᠭᠤᠳᠠᠮ ᠲᠠᠯ᠎ᠠ ᠶ᠋ᠢᠨ ᠮᠠᠩᠬᠠᠨ ᠲᠤᠯᠤᠭᠠᠳ ᠳᠤᠮᠳᠠ᠂ ᠬᠠᠶᠠ ᠡᠨᠳᠡ ᠲᠡᠨᠳᠡ ᠫᠤᠤ ᠳᠡᠰ ᠨᠢᠰ ᠬᠢᠵᠦ ᠪᠠᠢᠭ᠎ᠠ ᠨᠢ᠂ ᠶᠠᠪᠠᠭᠠᠨ ᠴᠡᠷᠢᠭ ᠭᠠᠵᠠᠷ ᠣᠷᠣᠨ ᠢ᠋ ᠨᠠᠷᠢᠪᠴᠢᠯᠠᠨ ᠰᠢᠯᠭᠠᠵᠤ᠂ ᠳᠠᠢᠰᠤᠨ ᠤ᠋ ᠦᠯᠡᠳᠡᠭᠰᠡᠨ ᠬᠣᠣᠷᠯᠠᠨ ᠰᠦᠢᠳᠬᠡᠭᠴᠢ᠂ ᠦᠬᠦᠬᠦ ᠪᠡᠷ ᠰᠢᠢᠳᠦᠭᠰᠡᠨ ᠭᠠᠭᠴᠠ ᠨᠢᠭᠡᠨ ᠴᠡᠷᠢᠭ ᠪᠠᠢᠭ᠎ᠠ ᠶ᠋ᠢ ᠱᠦᠭᠦᠷᠳᠡᠨ ᠤᠰᠠᠳᠬᠠᠵᠤ ᠪᠠᠢᠭᠰᠠᠨ ᠪᠠᠢᠵᠠᠢ᠃ ᠣᠷᠴᠢᠨ ᠲᠣᠭᠣᠷᠢᠨ ᠳ᠋ᠤ᠌᠂ ᠳᠠᠢᠰᠤᠨ ᠤ᠋ ᠶᠡᠬᠡᠳᠡ ᠳᠠᠷᠤᠭᠳᠠᠭᠰᠠᠨ᠂ ᠪᠠᠯᠠᠷᠠᠨ ᠰᠥᠨᠥᠭᠰᠡᠨ ᠰᠢᠨᠵᠢ ᠲᠤᠩ ᠢᠯᠡᠷᠬᠡᠢ ᠦᠵᠡᠭᠳᠡᠵᠡᠢ᠃ 
       ᠦᠨᠡᠰᠦᠨ ᠲᠣᠪᠷᠠᠭ ᠪᠣᠯᠤᠭᠰᠠᠨ ᠳᠠᠢᠰᠤᠨ ᠤ᠋ ᠦᠬᠦᠯ ᠦ᠋ᠨ ᠲᠡᠷᠡ ᠭᠠᠵᠠᠷ᠂ ᠶᠠᠫᠣᠨ ᠤ᠋ ᠬᠣᠷᠢᠶ᠎ᠠ ᠱᠲ᠋ᠠᠪ ᠤ᠋ᠨ ᠰᠦᠢᠷᠡᠭᠰᠡᠨ ᠪᠠᠭᠤᠷᠢ᠂ ᠲᠠᠩᠺ ᠲᠤ᠌ ᠨᠢᠴᠠ ᠲᠠᠭᠠᠷᠢᠭᠤᠯᠤᠭᠰᠠᠨ ᠮᠥᠨ ᠶᠡᠬᠡ ᠫᠤᠤ ᠶ᠋ᠢᠨ ᠰᠤᠮᠤ᠂ ᠨᠢᠰᠬᠦ ᠶ᠋ᠢᠨ ᠪᠥᠮᠪᠦᠭᠡᠨ ᠳ᠋ᠦ᠍ ᠬᠡᠮᠬᠡᠷᠡᠭᠰᠡᠨ᠂ ᠰᠢᠲᠠᠵᠤ ᠲᠦᠯᠡᠭᠳᠡᠭᠰᠡᠨ ᠶᠠᠫᠣᠨ ᠲᠠᠩᠺ᠂ ᠠᠴᠢᠶᠠᠨ ᠤ᠋ ᠲᠡᠷᠭᠡ᠂ ᠪᠠᠢᠯᠳᠤᠭᠠᠨ ᠳ᠋ᠤ᠌ ᠪᠤᠲᠠ ᠨᠢᠷᠭᠡᠭᠦᠯᠵᠦ ᠬᠡᠮᠬᠡ ᠣᠢᠴᠢᠭᠰᠠᠨ ᠶᠠᠫᠣᠨ ᠨᠢᠰᠬᠦ ᠣᠩᠭᠣᠴᠠ ᠶ᠋ᠢᠨ ᠰᠡᠭ᠂ ᠠᠷᠢᠬᠢᠨ ᠤ᠋ ᠨᠣᠨᠳᠣᠭ ᠣᠬᠢ ᠲᠠᠢ ᠬᠠᠢᠷᠴᠠᠭ᠂ ᠪᠧᠨ᠋ᠽᠢᠨ ᠲᠡᠢ ᠯᠠᠵᠠ᠂ ᠡᠳᠦᠢ ᠲᠡᠳᠦᠢ ᠭᠠᠷ ᠪᠥᠮᠪᠥᠭᠡ᠂ ᠳᠤᠭᠤᠯᠠᠭ᠎ᠠ ᠭᠡᠳᠡᠭ ᠲᠡᠮᠦᠷ ᠮᠠᠯᠠᠭᠠᠢ᠂ ᠰᠦᠮᠺ᠂ ᠭᠣᠣ ᠰᠤᠪᠠᠭ ᠲᠤ᠌ ᠬᠠᠷᠠᠬᠠᠨ ᠪᠤᠯᠠᠵᠤ ᠵᠠᠪᠳᠤᠭ᠎ᠠ ᠦᠭᠡᠢ ᠶᠠᠫᠣᠨ ᠤ᠋ ᠴᠡᠷᠢᠭ ᠣᠹᠢᠼᠧᠷ ᠦ᠋ᠨ ᠥᠴᠢᠨᠡᠨ ᠲᠥᠴᠢᠨᠡᠨ ᠬᠡᠭᠦᠷ ᠦᠵᠡᠭᠳᠡᠵᠦ ᠪᠠᠢᠯ᠎ᠠ᠃ 
       ᠳᠡᠨᠵᠢ ᠳᠡᠭᠡᠭᠦᠷ ᠲᠡᠷᠡ ᠪᠠᠢᠯᠳᠤᠭᠠᠨ ᠤ᠋ ᠭᠠᠵᠠᠷ ᠢ᠋ ᠬᠠᠷᠠᠵᠤ ᠶᠠᠪᠤᠭᠰᠠᠨ ᠹᠤᠷᠳ᠋ ᠮ᠊ ᠬᠣᠶᠠᠷ ᠮᠠᠰᠢᠨ᠎ᠠ ᠲᠠᠢ ᠬᠥᠮᠦᠰ ᠦ᠋ᠨ ᠥᠭᠡᠳᠡ ᠡᠴᠡ ᠭᠠᠽ ᠮᠠᠰᠢᠨ᠎ᠠ ᠭᠠᠷᠴᠤ ᠢᠷᠡᠭᠡᠳ᠂ ᠬᠠᠷᠢᠯᠴᠠᠨ ᠣᠢᠷᠠᠲᠤᠵᠤ ᠵᠣᠭᠰᠣᠬᠤ ᠳ᠋ᠤ᠌ ᠹᠣᠷᠳ᠋ ᠮ᠊ ᠬᠣᠶᠠᠷ ᠠ᠋ᠴᠠ ᠮᠣᠩᠭᠣᠯ ᠵᠥᠪᠯᠡᠯᠲᠦ ᠬᠣᠶᠠᠷ ᠤ᠋ᠨ ᠴᠡᠷᠢᠭ ᠦ᠋ᠨ ᠨᠢᠰᠦᠭᠴᠢ ᠨᠠᠷ ᠭᠠᠷᠴᠠᠭᠠᠵᠤ᠂ ᠭᠠᠽ ᠮᠠᠰᠢᠨ᠎ᠠ ᠠ᠋ᠴᠠ ᠮᠣᠩᠭᠣᠯ ᠶᠡᠬᠡ ᠫᠤᠤ ᠶ᠋ᠢᠨ ᠴᠡᠷᠢᠭ ᠦ᠋ᠨ ᠳᠠᠷᠤᠭ᠎ᠠ ᠨᠠᠷ ᠭᠠᠷᠴᠤ᠂ ᠬᠠᠷᠢᠯᠴᠠᠨ ᠴᠡᠷᠢᠭ ᠦ᠋ᠨ ᠶᠣᠰᠣᠭᠠᠷ᠂ ᠪᠡᠶ᠎ᠡ ᠪᠡᠶ᠎ᠡ ᠶ᠋ᠢ ᠶᠣᠰᠣᠯᠠᠯᠴᠠᠨ ᠠᠮᠤᠷ ᠮᠡᠨᠳᠦ ᠶ᠋ᠢ ᠠᠰᠠᠭᠤᠯᠴᠠᠭᠠᠳ᠂ ᠨᠢᠰᠦᠭᠴᠢ ᠨᠠᠷ ᠢ᠋ ᠤᠳᠤᠷᠢᠳᠴᠤ ᠶᠠᠪᠤᠭᠰᠠᠨ ᠺᠷᠠᠪᠴᠸᠨᠺᠦ᠂ ᠶᠡᠬᠡ ᠫᠤᠤ ᠶ᠋ᠢᠨ ᠬᠢᠨ ᠦ᠌ ᠵᠦᠭ ᠢᠨᠢᠶᠡᠮᠰᠦᠭᠯᠡᠨ᠂ 
       — ᠲᠠ ᠨᠠᠷ ᠪᠠᠰᠠ ᠪᠢᠳᠡᠨ ᠰᠢᠭ ᠭᠠᠢᠬᠠᠷ᠎ᠠ ᠶᠠᠪᠤᠵᠤ ᠪᠠᠢᠭ᠎ᠠ ᠤᠯᠤᠰ ᠤᠤ? ᠪᠢᠳᠡ᠂ ᠤᠷᠢᠳᠤ ᠡᠳᠦᠷ ᠪᠦᠷᠢ ᠰᠢᠬᠠᠭᠤ ᠳᠡᠭᠡᠭᠦᠷ ᠨᠢ ᠨᠢᠰᠦᠨ ᠪᠠᠢᠯᠳᠤᠵᠤ ᠶᠠᠪᠤᠭᠰᠠᠨ ᠭᠠᠵᠠᠷ ᠢ᠋ᠶ᠋ᠠᠨ ᠣᠳᠣ ᠠᠩᠬ᠎ᠠ ᠤᠳᠠᠭ᠎ᠠ ᠭᠠᠵᠠᠷ ᠢ᠋ᠶ᠋ᠠᠷ ᠶᠠᠪᠤᠵᠤ ᠦᠵᠡᠬᠦ ᠭᠡᠵᠦ ᠶᠠᠪᠤᠭ᠎ᠠ ᠤᠯᠤᠰ ᠪᠢᠯᠡ᠃ 
       ᠪᠢᠳᠡᠨ ᠦ᠌ ᠦᠵᠡᠬᠦ ᠳ᠋ᠦ᠍᠂ ᠲᠠᠨ ᠤ᠋ ᠶᠡᠬᠡ ᠫᠤᠤ ᠶ᠋ᠢᠨ ᠬᠢᠨ ᠡᠨᠡ ᠤᠷᠤᠭᠤ ᠰᠢᠷᠦᠭᠦᠨ ᠮᠥᠨᠳᠥᠷ ᠮᠥᠨ ᠴᠦ᠍ ᠮᠤᠨᠳᠠᠭᠯᠠᠨ ᠪᠠᠭᠤᠯᠭᠠᠵᠤ ᠰᠢᠪ ᠳᠡ ᠭᠡᠪᠡᠯ᠂ ᠡᠪᠦᠭᠡᠨ ᠪᠠᠭᠰᠢ ᠨᠠᠰᠤᠨᠪᠠᠲᠤ ᠶ᠋ᠢᠨ ᠬᠦᠦ᠂ ᠵᠤᠵᠠᠭᠠᠨ ᠴᠢᠭᠢᠷᠠᠭ ᠪᠡᠶ᠎ᠡ ᠲᠡᠢ᠂ ᠶᠡᠬᠡ ᠫᠤᠤ ᠶ᠋ᠢᠨ ᠬᠤᠷᠠᠩᠳᠠ ᠥᠯᠵᠡᠢᠪᠠᠲᠤ᠂ 
       — ᠲᠠ ᠨᠠᠷ ᠤ᠋ᠨ ᠨᠢᠷᠭᠡᠭᠰᠡᠨ ᠶᠠᠫᠣᠨ ᠤ᠋ ᠨᠢᠰᠬᠦ ᠣᠩᠭᠣᠴᠠ ᠡᠭᠦᠪᠡᠷ ᠮᠥᠨ ᠴᠦ᠍ ᠣᠯᠠᠨ ᠪᠠᠢᠬᠤ ᠰᠢᠪ ᠳᠡ᠃ ᠶᠠᠫᠣᠨ ᠬᠤᠸᠠᠩᠳᠢ ᠶ᠋ᠢᠨ ᠴᠡᠷᠢᠭ ᠦ᠋ᠨ ᠢᠯᠠᠭᠳᠠᠰᠢ ᠦᠭᠡᠢ ᠪᠠᠭᠠᠲᠤᠷ ᠴᠡᠷᠢᠭ ᠭᠡᠵᠦ ᠣᠭᠢᠰᠤ ᠷᠢᠫᠫᠤ ᠶ᠋ᠢᠨ ᠠᠷᠮᠢ ᠶ᠋ᠢᠨ ᠰᠦᠷ ᠪᠠᠳᠠᠷᠠᠭᠤᠯᠤᠨ ᠮᠠᠭᠲᠠᠵᠤ ᠪᠠᠢᠭᠰᠠᠨ ᠶᠠᠫᠣᠨ᠂ ᠠᠮᠧᠷᠢᠺᠠ᠂ ᠠᠩᠭ᠌ᠯᠢ ᠶ᠋ᠢᠨ ᠰᠣᠨᠢᠨ ᠰᠤᠷᠪᠤᠯᠵᠢᠯᠠᠭᠴᠢ ᠨᠠᠷ ᠯᠠ ᠲᠡᠷᠡ ᠮᠠᠭᠲᠠᠭᠰᠠᠨ ᠪᠠᠭᠠᠲᠤᠷ ᠴᠡᠷᠢᠭ ᠢ᠋ᠶ᠋ᠡᠨ ᠶᠠᠭᠤ ᠪᠣᠯᠤᠭᠰᠠᠨ ᠢ᠋ ᠦᠵᠡᠮᠡᠷ ᠶᠤᠮᠰᠠᠨᠵᠢ ᠭᠡᠵᠦ ᠦᠭᠡ ᠬᠡᠯᠡᠯᠴᠡᠨ᠂ ᠣᠷᠴᠢᠨ ᠲᠣᠭᠣᠷᠢᠨ ᠢ᠋ ᠦᠵᠡᠵᠦ ᠶᠠᠪᠤᠬᠤ ᠳ᠋ᠤᠨᠢ( ᠳ᠋ᠤ᠌ ᠨᠢ) ᠣᠯᠵᠠᠪᠠᠢ ᠺᠷᠠᠪᠴᠸᠨᠺᠦ ᠶ᠋ᠢᠨ ᠵᠦᠭ ᠬᠠᠨᠳᠤᠵᠤ ᠥᠭᠦᠯᠡᠷᠦᠨ᠂ 
       — ᠮᠠᠨ ᠤ᠋ ᠠᠷᠠᠳ ᠤ᠋ᠳ᠂ ᠶᠠᠫᠣᠨ ᠴᠡᠷᠢᠭ ᠦ᠋ᠨ ᠵᠢᠳᠠᠨ ᠤ᠋ ᠦᠵᠦᠭᠦᠷ ᠲᠦ᠍ ᠴᠢᠰᠤ᠂ ᠵᠥᠪᠯᠡᠯᠲᠦ ᠶ᠋ᠢᠨ ᠴᠡᠷᠢᠭ ᠦ᠋ᠨ ᠵᠢᠳᠠᠨ ᠤ᠋ ᠦᠵᠦᠭᠦᠷ ᠲᠦ᠍ ᠰᠦ ᠭᠡᠵᠦ ᠬᠡᠯᠡᠯᠴᠡᠳᠡᠭ ᠢ᠋ ᠲᠠ ᠲᠤᠭᠤᠯᠤᠭᠰᠠᠨ ᠤᠤ? ᠮᠠᠨ ᠤ᠋ ᠮᠣᠩᠭᠣᠯ ᠢ᠋ᠶ᠋ᠠᠷ ᠴᠢᠰᠤ ᠭᠡᠵᠦ ᠦᠬᠦᠯ ᠵᠣᠪᠠᠯᠠᠩ ᠢ᠋᠂ ᠰᠦ ᠭᠡᠵᠦ ᠡᠩᠬᠡ ᠵᠢᠷᠭᠠᠯ ᠢ᠋ ᠶᠣᠭᠲᠤ ᠦᠭᠡᠨ ᠳ᠋ᠦ᠍ ᠬᠡᠯᠡᠳᠡᠭ ᠶᠤᠮ᠎ᠠ ᠭᠡᠵᠦ ᠲᠠᠢᠯᠪᠤᠷᠢᠯᠠᠨ ᠬᠡᠯᠡᠪᠡᠰᠦ᠂ ᠺᠷᠠᠪᠴᠸᠨᠺᠦ ᠥᠭᠦᠯᠡᠷᠦᠨ᠂ 
       — ᠲᠡᠷᠡ ᠲᠤᠩ ᠮᠡᠷᠭᠡᠨ ᠰᠡᠴᠡᠨ ᠦᠭᠡ᠃ ᠮᠣᠩᠭᠣᠯ ᠤ᠋ᠨ ᠠᠷᠠᠳ ᠲᠦᠮᠡᠨ᠂ ᠮᠠᠨ ᠤ᠋ ᠳᠣᠲᠣᠨᠣ ᠰᠠᠢᠬᠠᠨ ᠬᠠᠨᠢ ᠤᠯᠤᠰ᠂ ᠵᠥᠪᠯᠡᠯᠲᠦ ᠶ᠋ᠢᠨ ᠴᠡᠷᠢᠭ ᠢ᠋ ᠤᠯᠤᠰ ᠲᠦᠮᠡᠨ ᠦ᠌ ᠡᠷᠬᠡ ᠴᠢᠯᠥᠭᠡ᠂ ᠡᠩᠬᠡ ᠲᠠᠢᠪᠤᠩ ᠢ᠋ ᠰᠠᠬᠢᠨ ᠬᠠᠮᠠᠭᠠᠯᠠᠭᠴᠢ ᠴᠡᠷᠢᠭ ᠭᠡᠵᠦ ᠮᠡᠳᠡᠵᠦ ᠪᠠᠢᠭ᠎ᠠ ᠬᠡᠷᠡᠭ᠃ ᠪᠢᠳᠡ ᠡᠨᠳᠡ ᠪᠠᠢᠬᠤ ᠡᠨᠡ ᠵᠠᠪᠰᠠᠷ ᠮᠣᠩᠭᠣᠯ ᠤ᠋ᠨ ᠠᠷᠠᠳ ᠲᠦᠮᠡᠨ᠂ ᠲᠡᠭᠦᠨ ᠦ᠌ ᠠᠷᠠᠳ ᠤ᠋ᠨ ᠬᠤᠪᠢᠰᠬᠠᠯᠲᠤ ᠴᠡᠷᠢᠭ ᠨᠢ᠂ ᠮᠠᠨ ᠤ᠋ ᠵᠥᠪᠯᠡᠯᠲᠦ ᠶ᠋ᠢᠨ ᠠᠷᠠᠳ ᠲᠦᠮᠡᠨ ᠪᠣᠯᠤᠨ ᠵᠥᠪᠯᠡᠯᠲᠦ ᠶ᠋ᠢᠨ ᠴᠡᠷᠢᠭ ᠲᠦ᠍ ᠶᠡᠬᠡᠯ᠎ᠡ (ᠶᠡᠬᠡ ᠯᠡ)ᠡᠯᠢᠭᠡᠰᠡᠭ ᠳᠣᠲᠣᠨᠣ ᠰᠠᠢᠬᠠᠨ ᠰᠡᠳᠬᠢᠯ ᠲᠡᠢ ᠪᠠᠢᠭ᠎ᠠ ᠶ᠋ᠢ ᠨᠢ ᠪᠢᠳᠡ ᠨᠢᠳᠦ ᠪᠡᠷ ᠢ᠋ᠶ᠋ᠡᠨ ᠦᠵᠡᠵᠦ ᠶᠡᠬᠡᠯ᠎ᠡ(ᠶᠡᠬᠡ ᠯᠡ) ᠪᠠᠶᠠᠷᠯᠠᠯ᠎ᠠ᠃ ᠣᠳᠣ ᠪᠢᠳᠡ ᠠᠰᠤᠷᠤ ᠤᠳᠠᠬᠤ ᠦᠭᠡᠢ ᠨᠤᠲᠤᠭ ᠲᠠᠭᠠᠨ( ᠲᠤ ᠪᠠᠨ) ᠪᠤᠴᠠᠨ᠎ᠠ᠃ ᠲᠡᠭᠡᠪᠡᠴᠦ᠂ ᠵᠥᠪᠯᠡᠯᠲᠦ ᠶ᠋ᠢᠨ ᠬᠥᠮᠦᠰ ᠪᠢᠳᠡ᠂ ᠬᠠᠮᠢᠭ᠎ᠠ ᠶᠠᠪᠤᠭᠰᠠᠨ ᠴᠤ᠌ ᠲᠡᠷᠡ᠂ ᠮᠣᠩᠭᠣᠯ ᠤ᠋ᠨ ᠠᠷᠠᠳ ᠲᠦᠮᠡᠨ ᠢ᠋ ᠬᠡᠵᠢᠶᠡᠳᠡ ᠰᠠᠢᠬᠠᠨ ᠰᠠᠨᠠᠵᠤ᠂ ᠪᠠᠢᠯᠳᠤᠭᠠᠨ ᠳ᠋ᠤ᠌ ᠭᠠᠩᠨᠠᠭᠳᠠᠭᠰᠠᠨ ᠮᠠᠨ ᠤ᠋ ᠪᠠᠲᠤ ᠰᠠᠢᠬᠠᠨ ᠨᠠᠢᠷᠠᠮᠳᠠᠯ ᠢ᠋ ᠡᠭᠦᠷᠢᠳᠡ ᠪᠠᠬᠠᠳᠤᠨ ᠰᠠᠨᠠᠵᠤ ᠶᠠᠪᠤᠨ᠎ᠠ ᠭᠡᠵᠦ ᠵᠥᠪᠯᠡᠯᠲᠦ ᠶ᠋ᠢᠨ ᠲᠡᠷᠡ ᠪᠠᠭᠠᠲᠤᠷ ᠨᠢᠰᠦᠭᠴᠢ ᠬᠠᠷᠢᠭᠤᠯᠵᠠᠢ᠃  


       ᠦᠰᠦᠭ ᠠᠮᠢᠯᠠᠭᠤᠯᠤᠭᠴᠢ᠄ ᠣᠶ᠋ᠢᠭᠣᠷᠵᠢᠨ· ᠣᠳᠬᠣᠨᠪᠠᠪᠠ᠂ ᠪᠠᠯ᠂ ᠴᠤᠯᠮᠤᠨᠭᠡᠷᠡᠯ᠂ ᠪᠠᠳᠮᠠᠰᠡᠴᠡᠨ  
         ᠬᠢᠨᠠᠭᠴᠢ᠄ ᠣᠶ᠋ᠢᠭᠣᠷᠵᠢᠨ· ᠣᠳᠬᠣᠨᠪᠠᠪᠠ᠂ ᠴᠤᠯᠮᠤᠨᠭᠡᠷᠡᠯ᠂ ᠣᠳᠬᠣᠨᠴᠡᠴᠡᠭ᠂ ᠪᠠᠯ 
         ᠤᠩᠰᠢᠭᠴᠢ᠄ ᠨᠠᠰᠤᠨ᠌ᠦ᠌ᠯᠵᠡᠢ