ᠬᠥᠬᠡ ᠰᠤᠳᠤᠷ ᠢ᠋ᠶ᠋ᠠᠨ ᠤᠩᠰᠢᠨ᠎ᠠ-ᠲᠤᠭᠴᠢ ᠯᠤᠪᠰᠠᠩХөх судраа уншина-Тугч Лувсан
ᠬᠥᠬᠡ ᠰᠤᠳᠤᠷ ᠢ᠋ᠶ᠋ᠠᠨ ᠤᠩᠰᠢᠨ᠎ᠠ
ᠵᠣᠬᠢᠶᠠᠭᠴᠢ᠄ ᠲᠤᠭᠴᠢ ᠯᠤᠪᠰᠠᠩ
ᠤᠶᠠᠩᠭᠠᠯᠠᠭᠴᠢ᠄ ᠵᠤᠭ᠎ᠠ
ᠪᠢ ᠬᠥᠬᠡ ᠰᠤᠳᠤᠷ ᠢ᠋ᠶ᠋ᠠᠨ ᠤᠩᠰᠢᠨ᠎ᠠ
ᠤᠨᠤᠨ ᠮᠥᠷᠡᠨ ᠦ᠌ ᠤᠷᠤᠰᠬᠠᠯ ᠰᠢᠭ᠋
ᠤᠷᠤᠰᠲᠠᠯ᠎ᠠ ᠤᠩᠰᠢᠨ᠎ᠠ᠂
ᠣᠯᠪᠣᠭ ᠳᠡᠭᠡᠷ᠎ᠡ ᠰᠥᠭᠥᠳᠴᠢᠬᠡᠭᠡᠳ
ᠤᠶᠠᠷᠠᠲᠠᠯ᠎ᠠ ᠤᠩᠰᠢᠨ᠎ᠠ᠃
ᠪᠢ ᠬᠥᠬᠡ ᠰᠤᠳᠤᠷ ᠢ᠋ᠶ᠋ᠠᠨ ᠤᠩᠰᠢᠨ᠎ᠠ
ᠪᠤᠷᠬᠠᠨ ᠬᠠᠯᠳᠤᠨ ᠤ᠋ ᠡᠭᠦᠯᠡᠨ ᠡᠴᠡ
ᠪᠣᠷᠣᠭᠠᠯᠠᠲᠠᠯᠠ ᠤᠩᠰᠢᠨ᠎ᠠ᠂
ᠪᠤᠭᠤᠷᠤᠯ ᠠᠶᠠᠰ ᠲᠠᠲᠠᠭᠤᠯᠤᠨ
ᠪᠤᠷᠤᠭᠤ ᠦᠭᠡᠢ ᠤᠩᠰᠢᠨ᠎ᠠ᠃
ᠪᠢ ᠬᠥᠬᠡ ᠰᠤᠳᠤᠷ ᠢ᠋ᠶ᠋ᠠᠨ ᠤᠩᠰᠢᠨ᠎ᠠ
ᠡᠷ᠎ᠡ ᠬᠣᠶᠠᠷ ᠵᠠᠭᠠᠯ ᠢ᠋ᠶ᠋ᠠᠨ
ᠦᠦᠷᠰᠡᠲᠡᠯᠡ ᠤᠩᠰᠢᠨ᠎ᠠ᠂
ᠡᠪᠦᠭᠡ ᠳᠡᠭᠡᠳᠦᠰ ᠲᠦ᠍ ᠪᠡᠨ ᠥᠴᠢᠭᠯᠡᠨ
ᠦᠶ᠎ᠡ ᠶ᠋ᠢᠨ ᠦᠶ᠎ᠡ ᠪᠡᠷ ᠤᠩᠰᠢᠨ᠎ᠠ᠃
ᠪᠢ ᠬᠥᠬᠡ ᠰᠤᠳᠤᠷ ᠢ᠋ᠶ᠋ᠠᠨ ᠤᠩᠰᠢᠨ᠎ᠠ
ᠨᠠᠢ᠍ᠮᠠᠨ ᠴᠠᠭᠠᠨ ᠣᠷᠳᠣᠨ ᠢ᠋ᠶ᠋ᠠᠨ
ᠪᠥᠮᠪᠥᠢᠯᠭᠡᠲᠡᠯᠡ ᠤᠩᠰᠢᠨ᠎ᠠ᠂
ᠪᠡᠷᠬᠡ ᠶ᠋ᠢᠨ ᠥᠨᠳᠥᠷᠯᠢᠭ ᠪᠠᠭᠤᠴᠠᠨᠠ᠋ᠴᠠ
ᠪᠡᠬᠡ ᠳᠣᠯᠢᠶᠠᠵᠤ ᠤᠩᠰᠢᠨ᠎ᠠ᠃
ᠪᠢ ᠬᠥᠬᠡ ᠰᠤᠳᠤᠷ ᠢ᠋ᠶ᠋ᠠᠨ ᠤᠩᠰᠢᠨ᠎ᠠ
ᠨᠠᠢ᠍ᠮᠠᠨ ᠵᠠᠭᠤᠨ ᠤ᠋ ᠲᠡᠦᠬᠡ ᠪᠡᠨ
ᠳᠤᠷᠠᠢᠯᠭᠠᠲᠠᠯᠠ ᠤᠩᠰᠢᠨ᠎ᠠ᠂
ᠨᠢᠯᠪᠤᠰᠤᠨ ᠨᠢᠳᠦ ᠪᠡᠨ ᠠᠷᠴᠢᠴᠢᠬᠠᠭᠠᠳ
ᠳᠠᠭᠤ ᠲᠠᠢ ᠤᠩᠰᠢᠨ᠎ᠠ᠃
ᠪᠢ ᠥᠭᠡᠯᠦᠨ ᠦᠵᠢᠨ ᠦ᠌ ᠵᠠᠬᠢᠶ᠎ᠠ ᠶ᠋ᠢ
ᠡᠯᠢᠭᠡ ᠰᠢᠮᠰᠢᠷᠡᠲᠡᠯ᠎ᠡ ᠤᠩᠰᠢᠨ᠎ᠠ᠂
ᠶᠢᠰᠦᠭᠡᠢ ᠪᠠᠭᠠᠲᠤᠷ ᠤ᠋ᠨ ᠭᠡᠷᠢᠶᠡᠰ ᠢ᠋
ᠥᠷᠥᠴᠡᠨ ᠳ᠋ᠡᠭᠡᠨ ᠰᠡᠢᠯᠲᠡᠯᠡ ᠤᠩᠰᠢᠨ᠎ᠠ᠃
ᠪᠢ ᠬᠥᠬᠡ ᠲᠡᠦᠬᠡ ᠪᠡᠨ ᠤᠩᠰᠢᠨ᠎ᠠ
ᠳᠡᠯᠡᠬᠡᠢ ᠶ᠋ᠢ ᠲᠠᠮᠠᠭᠠᠯᠠᠭᠰᠠᠨ ᠠᠭᠲᠠᠳ ᠢ᠋ᠶ᠋ᠠᠨ
ᠳᠡᠯ ᠪᠣᠰᠬᠠᠲᠠᠯᠠ ᠤᠩᠰᠢᠨ᠎ᠠ᠂
ᠲᠩᠷᠢ ᠶ᠋ᠢᠨ ᠬᠡᠯᠡ ᠲᠡᠢ ᠰᠤᠳᠤᠷ ᠢ᠋ᠶ᠋ᠠᠨ
ᠳᠡᠭᠡᠳᠦᠯᠡᠨ ᠳᠡᠭᠡᠳᠦᠯᠡᠨ ᠤᠩᠰᠢᠨ᠎ᠠ᠃
ᠦᠰᠦᠭ ᠠᠮᠢᠯᠠᠭᠤᠯᠤᠭᠴᠢ᠄ ᠰᠣᠳᠣ
ᠦᠰᠦᠭ ᠬᠠᠲᠠᠭᠴᠢ᠄ ᠰᠣᠳᠣ
ᠬᠢᠨᠠᠭᠴᠢ᠄ ᠣᠳᠬᠠᠨᠰᠣ᠎ᠠ
