ᠮᠣᠷᠢᠨ ᠬᠤᠭᠤᠷ - ᠭᠦᠩᠭᠠᠷ Морин хоор– Гүнгар
ᠮᠣᠷᠢᠨ ᠬᠤᠭᠤᠷ
— ᠭᠦᠩᠭᠠᠷ
ᠮᠣᠷᠢᠨ ᠬᠤᠭᠤᠷ——
ᠢᠰᠡᠭᠡᠢ ᠴᠠᠭᠠᠨ ᠭᠡᠷ ᠦ᠋ᠨ ᠲᠣᠭᠣᠨᠣᠨ ᠠ᠋ᠴᠠ
ᠰᠤᠪᠤᠷᠠᠨ ᠰᠣᠯᠣᠩᠭᠠᠷᠠᠭᠰᠠᠨ ᠲᠡᠭᠷᠢᠯᠢᠭ ᠠᠶᠠᠰ
ᠡᠬᠡ ᠬᠡᠯᠡᠨ ᠦ᠌ ᠡᠯᠸᠮᠸᠨ᠋ᠲ ᠢ᠋ ᠲᠡᠮᠳᠡᠭᠯᠡᠭᠰᠡᠨ
ᠰᠣᠳᠣᠨ ᠦᠨᠳᠦᠰᠦᠲᠡᠨ ᠦ᠌ ᠠᠪᠢᠶᠠᠨ ᠤ᠋ ᠨᠤᠭᠤᠯᠤᠭ᠎ᠠ
ᠮᠣᠷᠢᠨ ᠬᠤᠭᠤᠷ——
ᠮᠣᠳᠣ ᠪᠠᠷ ᠰᠡᠢᠯᠦᠭᠰᠡᠨ ᠤᠷᠠᠯᠠᠯ ᠤ᠋ᠨ ᠭᠠᠢᠬᠠᠮᠰᠢᠭ
ᠮᠣᠷᠢ ᠪᠠᠷ ᠳᠦᠷᠰᠦᠯᠡᠭᠰᠡᠨ ᠳᠠᠷᠬᠠᠨ ᠬᠡᠢ ᠮᠣᠷᠢ
ᠰᠡᠳᠬᠢᠯ ᠢ᠋ ᠴᠢᠪᠬᠠᠳᠠᠭᠰᠠᠨ ᠤᠶᠠᠩᠭ᠎ᠠ ᠶ᠋ᠢᠨ ᠴᠤᠤᠷᠢᠶ᠎ᠠ
ᠵᠢᠷᠦᠬᠡᠨ ᠡᠴᠡ ᠤᠨᠳᠤᠷᠤᠭᠰᠠᠨ ᠪᠤᠯᠠᠭ ᠤ᠋ᠨ ᠱᠤᠤᠭᠢᠶ᠎ᠠ
ᠮᠣᠷᠢᠨ ᠬᠤᠭᠤᠷ——
ᠬᠠᠩᠭᠠᠢ ᠲᠠᠯ᠎ᠠ ᠳ᠋ᠤ᠌ ᠳᠣᠪᠲᠣᠯᠭᠠᠭᠰᠠᠨ ᠠᠳᠤᠭᠤᠳ ᠤ᠋ᠨ ᠲᠦᠪᠡᠷᠭᠡᠨ
ᠬᠠᠷᠠᠭ᠎ᠠ ᠴᠠᠯᠭᠢᠭᠤᠯᠤᠭᠰᠠᠨ ᠪᠠᠶᠠᠰᠤᠯ ᠤ᠋ᠨ ᠳᠠᠭᠤᠨ
ᠬᠠᠪᠤᠷ ᠢ᠋ᠶ᠋ᠠᠨ ᠤᠭᠲᠤᠭᠰᠠᠨ ᠨᠠᠮᠢᠷᠠᠭ᠎ᠠ ᠬᠤᠷ᠎ᠠ
ᠬᠠᠢᠷ᠎ᠠ ᠪᠠᠷ ᠲᠡᠳᠬᠦᠭᠰᠡᠨ ᠠᠮᠢᠯᠠᠯ ᠤ᠋ᠨ ᠬᠦᠴᠦᠨ
ᠮᠣᠷᠢᠨ ᠬᠤᠭᠤᠷ——
ᠡᠷᠭᠦᠨ᠎ᠡ ᠬᠤᠨ ᠠ᠋ᠴᠠ ᠳᠣᠮᠣᠭᠴᠢᠯᠠᠭᠰᠠᠨ ᠤᠷᠲᠤ ᠶ᠋ᠢᠨ ᠳᠠᠭᠤᠤ
ᠡᠷᠭᠢᠬᠦ ᠬᠣᠷᠸ᠎ᠠ ᠳ᠋ᠤ᠌ ᠨᠣ᠌ᠲ᠋ᠴᠢᠯᠠᠭᠰᠠᠨ ᠴᠣᠭᠣᠷ ᠤ᠋ᠨ ᠡᠭᠡᠰᠢᠭ
ᠲᠡᠭᠷᠢᠯᠢᠭ ᠦᠰᠦᠭ ᠢ᠋ᠶ᠋ᠡᠷ ᠲᠠᠮᠠᠭᠠᠯᠠᠭᠰᠠᠨ ᠮᠥᠩᠬᠡ ᠭᠠᠯ
ᠳᠡᠯᠡᠬᠡᠢᠵᠢᠬᠦ ᠰᠣᠶᠣᠯ ᠤ᠋ᠨ ᠡᠷᠳᠡᠨᠢᠲᠦ ᠥᠪ
ᠮᠣᠷᠢᠨ ᠬᠤᠭᠤᠷ——
ᠬᠥᠮᠦᠨ ᠢ᠋ᠶ᠋ᠡᠨ ᠳᠠᠭᠤᠷᠢᠶᠠᠭᠰᠠᠨ ᠶᠢᠷᠲᠢᠨᠴᠦ ᠶ᠋ᠢᠨ ᠪᠣᠰᠤᠭ᠎ᠠ
ᠬᠥᠭᠵᠢᠵᠦ ᠮᠠᠨᠳᠤᠬᠤ ᠥᠨᠢᠳᠡ ᠶ᠋ᠢᠨ ᠳᠤᠷᠠᠳᠬᠠᠯ
ᠲᠤᠤᠯᠢᠰ ᠲᠤ᠌ ᠬᠠᠳᠠᠩᠰᠢᠭᠰᠠᠨ ᠠᠯᠲᠠᠨ ᠪᠢᠴᠢᠭᠡᠰᠦ
ᠳᠠᠭᠤᠨ ᠢ᠋ᠶ᠋ᠠᠷ ᠮᠥᠩᠬᠡᠵᠢᠬᠦ ᠬᠥᠭᠵᠢᠮ ᠦ᠋ᠨ ᠰᠦᠯᠳᠡ ᠠ᠋!
ᠦᠰᠦᠭ ᠠᠮᠢᠯᠠᠭᠤᠯᠤᠭᠴᠢ᠄ ᠭᠦᠩᠭᠠᠷ
ᠬᠢᠨᠠᠭᠴᠢ᠄ ᠠᠯᠲᠠᠨᠴᠢᠮᠡᠭ
