ᠴᠢᠨᠳᠠᠭᠠᠨ ᠴᠠᠭᠠᠨ ᠮᠣᠷᠢᠨ ᠤ᠋ ᠮᠠᠭᠲᠠᠭᠠᠯ - ᠳᠤᠯᠠᠭᠠᠳᠠᠨ ᠬᠠᠮᠲᠤᠯᠢᠭ Чагдаган цагаан морны магтаал -Тулаадан Хамтлаг
ᠴᠢᠨᠳᠠᠭᠠᠨ ᠴᠠᠭᠠᠨ ᠮᠣᠷᠢᠨ ᠤ᠋ ᠮᠠᠭᠲᠠᠭᠠᠯ
ᠳᠤᠯᠠᠭᠠᠳᠠᠨ ᠬᠠᠮᠲᠤᠯᠢᠭ
ᠠᠶ᠎ᠠ᠄ ᠲᠤᠯᠭᠠᠭᠤᠷᠢ
ᠦᠭᠡ᠄ ᠳᠣᠷᠵᠢᠷᠢᠨᠴᠢᠨ
ᠴᠢᠨᠳᠠᠭᠠᠨ ᠴᠠᠭᠠᠨ ᠮᠣᠷᠢᠨ ᠤ᠋ ᠴᠣᠯᠠ ᠨᠢ
ᠰᠠᠷᠠᠭᠤᠯ ᠲᠠᠯ᠎ᠠ ᠳ᠋ᠠᠭᠠᠨ ᠴᠤᠤᠷᠢᠶᠠᠲᠤᠨ᠎ᠠ ᠳᠠ ᠬᠦ
ᠠᠮᠠᠭᠠᠢ ᠬᠠᠵᠠᠭᠠᠷ ᠦᠭᠡᠢ ᠣᠩᠭᠣᠨ ᠳᠦᠷᠢ ᠲᠡᠢ
ᠠᠷᠠᠳ ᠤ᠋ᠨ ᠳᠤᠮᠳᠠ ᠪᠠᠨ ᠠᠵᠢᠨᠠᠢ ᠴᠣᠯᠠ ᠲᠠᠢ
ᠠᠯᠳᠠᠷᠲᠤ ᠮᠣᠩᠭᠣᠯ ᠤ᠋ᠨ ᠵᠢᠪᠬᠤᠭ᠎ᠠ ᠰᠦᠷ ᠲᠡᠢ
ᠠᠤᠭ᠎ᠠ ᠡᠷᠢᠨ ᠦ᠌ ᠪᠡᠯᠭᠡ ᠰᠢᠨᠵᠢ ᠲᠡᠢ
ᠭᠠᠩᠭᠠᠩ ᠡᠷᠳᠡᠨᠢ ᠶ᠋ᠢᠨ ᠲᠣᠯᠣᠭᠠᠢ ᠲᠠᠢ
ᠭᠠᠩ ᠳᠥᠷᠪᠡᠨ ᠲᠤᠭᠤᠷᠠᠢ ᠲᠠᠢ
ᠭᠠᠷᠠᠬᠠᠨ ᠬᠣᠶᠠᠷ ᠨᠢᠳᠦ ᠲᠡᠢ
ᠭᠠᠯᠪᠠ ᠳᠡᠯᠡᠬᠡᠢ ᠶ᠋ᠢᠨ ᠵᠣ ᠲᠠᠢ
ᠴᠢᠨᠳᠠᠭᠠᠨ ᠴᠠᠭᠠᠨ ᠮᠣᠷᠢᠨ ᠤ᠋ ᠴᠣᠯᠠ ᠲᠠᠢ
ᠰᠠᠷᠠᠭᠤᠯ ᠲᠠᠯ᠎ᠠ ᠳ᠋ᠠᠭᠠᠨ ᠴᠤᠤᠷᠢᠶᠠᠲᠤᠨ᠎ᠠ ᠳᠠ ᠬᠦ
ᠰᠠᠭᠠᠭᠰᠠᠨ ᠰᠦᠨ ᠦ᠌ ᠡᠷᠭᠦᠭᠰᠡᠨ ᠳᠡᠭᠡᠵᠢ ᠪᠡᠨ
ᠰᠠᠮᠨᠠᠭᠰᠠᠨ ᠨᠣᠣᠰᠣᠨ ᠤ᠋ ᠥᠨᠳᠥᠷ ᠬᠤᠷᠢᠶᠠᠯᠲᠠ ᠡᠴᠡ
ᠥᠰᠪᠥᠷᠢ ᠮᠠᠯ ᠤ᠋ᠨ ᠦᠷᠡᠵᠢᠯ ᠬᠡᠰᠢᠭ ᠡᠴᠡ
ᠥᠷᠭᠡᠨ ᠲᠠᠯ᠎ᠠ ᠶ᠋ᠢᠨ ᠰᠣᠷᠭᠣᠭ ᠴᠡᠴᠡᠭ ᠡᠴᠡ
ᠡᠷᠭᠦᠨ ᠪᠠᠷᠢᠬᠤ ᠮᠠᠭᠲᠠᠭᠠᠯ ᠲᠠᠢ
ᠥᠭᠡᠳᠡ ᠪᠡᠨ ᠲᠠᠪᠰᠢᠬᠤ ᠢᠷᠦᠭᠡᠯ ᠲᠡᠢ
ᠡᠯᠪᠡᠭ ᠳᠡᠯᠪᠡᠭ ᠪᠤᠶᠠᠨ ᠲᠠᠢ ᠡᠬᠡᠰᠢᠭ ᠢᠷᠠᠭᠤ ᠳᠠᠭᠤᠤ ᠲᠠᠢ
ᠴᠢᠨᠳᠠᠭᠠᠨ ᠴᠠᠭᠠᠨ ᠮᠣᠷᠢᠨ ᠤ᠋ ᠴᠣᠯᠠ ᠨᠢ
ᠰᠠᠷᠠᠭᠤᠯ ᠲᠠᠯ᠎ᠠ ᠳ᠋ᠠᠭᠠᠨ ᠴᠤᠤᠷᠢᠶᠠᠲᠤᠨ᠎ᠠ ᠳᠠ ᠬᠦ
ᠡᠮᠦᠨ᠎ᠡ ᠲᠠᠯ᠎ᠠ ᠡᠴᠡ ᠨᠢ ᠬᠠᠷᠠᠬᠤ ᠪᠠᠷ ᠠᠭᠤᠯᠠ ᠶ᠋ᠢᠨ ᠪᠠᠷ᠎ᠠ ᠲᠠᠢ
ᠠᠷᠤ ᠲᠠᠯ᠎ᠠ ᠡᠴᠡ ᠨᠢ ᠬᠠᠷᠠᠬᠤ ᠪᠠᠷ ᠬᠤᠪᠢᠯᠭᠠᠨ ᠰᠢᠨᠵᠢ ᠲᠡᠢ
ᠨᠠᠭᠠᠳᠤ ᠲᠠᠯ᠎ᠠ ᠡᠴᠡ ᠨᠢ ᠬᠠᠷᠠᠬᠤ ᠪᠠᠷ ᠨᠠᠷᠠᠨ ᠤ᠋ ᠲᠤᠶᠠᠭ᠎ᠠ ᠲᠠᠢ
ᠴᠠᠭᠠᠳᠤ ᠲᠠᠯ᠎ᠠ ᠡᠴᠡ ᠨᠢ ᠬᠠᠷᠠᠬᠤ ᠪᠠᠷ ᠰᠠᠷᠠᠨ ᠤ᠋ ᠭᠡᠷᠡᠯ ᠲᠡᠢ
ᠨᠠᠷᠠᠨ ᠤ᠋ ᠲᠤᠶᠠᠭ᠎ᠠ ᠰᠠᠷᠠᠨ ᠤ᠋ ᠭᠡᠷᠡᠯ ᠲᠡᠢ
ᠮᠣᠩᠭᠣᠯ ᠣᠷᠣᠨ ᠳ᠋ᠤ᠌ ᠵᠠᠶᠠᠭᠠᠲᠠᠢ ᠴᠠᠭᠠᠨ ᠮᠣᠷᠢ ᠮᠢᠨᠢ ᠬᠦ

ᠮᠣᠷᠢ ᠮᠢᠨᠢ ᠬᠦ
ᠦᠰᠦᠭ ᠠᠮᠢᠯᠠᠭᠤᠯᠤᠭᠴᠢ ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ᠄ ᠲᠣᠳᠤᠭᠡᠷᠡᠯ᠂ ᠪᠢᠮᠪᠠ᠂ ᠰᠣᠨᠢᠨᠪᠠᠶᠠᠷ᠃