ᠪᠤᠭᠤ ᠲᠡᠮᠡᠭᠡ ᠬᠣᠶᠠᠷ-ᠦᠯᠢᠭᠡᠷБуга тэмээ хоёр-Үлгэр 14
ᠠᠩᠭᠢᠯᠠᠯ:ᠳᠣᠮᠣᠭ ᠦᠯᠢᠭᠡᠷДомог үлгэрᠠᠷᠠᠳ ᠤ᠋ᠨ ᠠᠮᠠᠨ ᠥᠯᠢᠭᠡᠷ 2022-12-02
1468
ᠲᠡᠮᠡᠭᠡ ᠪᠤᠭᠤ ᠬᠣᠶᠠᠷ ᠡᠷᠲᠡ ᠤᠷᠢᠳᠤ ᠶ᠋ᠢᠨ ᠴᠠᠭ ᠲᠤ᠌ ᠲᠡᠮᠡᠭᠡ ᠣᠳᠣ ᠶ᠋ᠢᠨ ᠪᠤᠭᠤ ᠰᠢᠭ᠋ ᠠᠷᠪᠠᠨ ᠬᠣᠶᠠᠷ ᠰᠠᠯᠠᠭ᠎ᠠ ᠲᠠᠢ᠂ ᠠᠷᠪᠠᠭᠠᠷ ᠰᠠᠷᠪᠠᠭᠠᠷ ᠡᠪᠡᠷ ᠲᠡᠢ ᠪᠠᠢᠵᠤ ᠭᠡᠨ᠎ᠡ᠃ ᠬᠠᠷᠢᠨ ᠪᠤᠭᠤ ᠡᠪᠡᠷ ᠦᠭᠡᠢ ᠮᠤᠬᠤᠷ ᠪᠠᠢᠭᠰᠠᠨ ᠶᠤᠮ ᠰᠠᠨᠵᠠᠢ᠃ ᠲᠡᠮᠡᠭᠡ ᠰᠦᠷᠯᠢᠭ ᠰᠠᠢᠬᠠᠨ ᠡᠪᠡᠷ ᠲᠦ᠍ ᠪᠡᠨ ᠡᠷᠳᠦᠵᠦ᠂ ᠪᠡᠶ᠎ᠡ ᠪᠡᠨ ᠭᠠᠢᠬᠠᠭᠤᠯᠤᠨ ᠬᠥᠭᠡᠷᠳᠡᠭ ᠪᠠᠢᠵᠠᠢ᠃ ᠲᠡᠮᠡᠭᠡ ᠨᠢᠭᠡᠨ ᠡᠳᠦᠷ ᠤᠰᠤ ᠤᠤᠭᠤᠬᠤ ᠪᠠᠷ ᠨᠠᠭᠤᠷ ᠤ᠋ᠨ ᠬᠥᠪᠡᠭᠡᠨ ᠦ...