1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 1-10Мөнх ТунхMunkh Tunkh

ᠮᠥᠩᠬᠡ ᠲᠤᠩᠬᠤ 1-10Мөнх ТунхMunkh Tunkh

2023-01-10

841

ᠮᠥᠩᠬᠡ ᠲᠤᠩᠬᠤ ᠨᠢᠭᠡᠳᠦᠭᠡᠷ ᠤᠯᠠᠷᠢᠯ ᠤ᠋ᠨ ᠠᠷᠪᠠᠳᠤᠭᠠᠷ ᠠᠩᠭᠢ

ᠮᠠᠢ ᠮᠠᠢ( ᠬᠣᠨᠢ ᠢᠮᠠᠭᠠᠨ ᠤ᠋ ᠮᠠᠢᠯᠠᠬᠤ ᠳᠠᠭᠤ)
ᠮᠥᠩᠬᠡ᠄ ᠪᠢ ᠠᠶᠤᠮᠠᠷ ᠶᠡᠬᠡ ᠵᠠᠢᠷᠮᠠᠭ ᠲᠠᠢ ᠦᠯᠢᠭᠡᠷ ᠢ᠋ᠶ᠋ᠡᠷ ᠠᠶᠠᠯᠠᠮᠠᠷ ᠪᠠᠢᠬᠤ ᠶᠤᠮ᠃
ᠲᠤᠩᠬᠤ᠄ ᠪᠢ ᠠᠶᠤᠮᠠᠷ ᠶᠡᠬᠡ ᠰᠢᠬᠢᠷ ᠲᠡᠢ ᠦᠯᠢᠭᠡᠷ ᠢ᠋ᠶ᠋ᠡᠷ ᠠᠶᠠᠯᠠᠮᠠᠷ ᠪᠠᠢᠬᠤ ᠶᠤᠮ᠃
ᠮᠥᠩᠬᠡ᠄ ᠪᠢ ᠠᠶᠤᠮᠠᠷ ᠶᠡᠬᠡ ᠱᠣᠺᠣᠯᠠᠳ᠋ ᠲᠠᠢ ᠦᠯᠢᠭᠡᠷ ᠢ᠋ᠶ᠋ᠡᠷ ᠠᠶᠠᠯᠠᠮᠠᠷ ᠪᠠᠢᠬᠤ ᠶᠤᠮ᠃
ᠲᠤᠩᠬᠤ᠄ ᠪᠢ ᠠᠶᠤᠮᠠᠷ ᠶᠡᠬᠡ ᠭᠦᠵᠡᠯᠵᠡᠭᠡᠨ᠎ᠡ ᠲᠡᠢ ᠦᠯᠢᠭᠡᠷ ᠢ᠋ᠶ᠋ᠡᠷ ᠠᠶᠠᠯᠠᠮᠠᠷ ᠪᠠᠢᠬᠤ ᠶᠤᠮ᠃
ᠮᠥᠩᠬᠡ ᠲᠤᠩᠬᠤ᠄ ᠬᠡ ᠬᠡ ᠬᠡ᠃
ᠮᠥᠩᠬᠡ᠄ ᠲᠦᠰᠦᠭᠡᠯᠡᠭᠳᠡᠵᠦ ᠪᠠᠢᠭ᠎ᠠ ᠪᠢᠵᠡ ᠳᠡ᠂ ᠵᠠᠢᠷᠮᠠᠭ ᠤ᠋ᠨ ᠠᠭᠤᠯᠠ ᠰᠢᠬᠢᠷ ᠦ᠋ᠨ ᠪᠠᠢᠰᠢᠩ᠂ ᠪᠦᠷ ᠱᠣᠺᠣᠯᠠᠳ᠋  ᠤ᠋ᠨ ᠭᠣᠣᠯ ᠲᠠᠢ ᠭᠠᠵᠠᠷ ᠭᠦᠵᠡᠯᠵᠡᠭᠡᠨ᠎ᠡ ᠢᠳᠡᠭᠡᠳ ᠯᠡ ᠶᠣᠣ ᠶᠣᠣ᠃
ᠲᠤᠩᠬᠤ᠄ ᠦ᠁
ᠠᠷᠸ᠎ᠠ᠄ ᠵᠠ᠂ ᠲᠠ ᠬᠡᠳᠦ ᠮᠠᠨᠠᠢ ᠶᠠᠭᠤ ᠶᠠᠷᠢᠵᠠᠭᠠᠵᠤ ᠪᠠᠢᠨ᠎ᠠ ᠳᠠ?
ᠮᠥᠩᠬᠡ᠄ ᠠ᠂ ᠮᠥᠷᠥᠭᠡᠳᠦᠭᠡᠳ ᠯᠡ ᠵᠣᠭᠰᠣᠵᠤ ᠪᠠᠢᠨ᠎ᠠ᠂ ᠬᠡ ᠬᠡ ᠬᠡ᠂ ᠠᠮᠲᠠᠲᠠᠨ ᠢ᠋ᠶ᠋ᠠᠷ ᠳᠦᠭᠦᠷᠡᠩ ᠦᠯᠢᠭᠡᠷ ᠦ᠋ᠨ ᠶᠢᠷᠲᠢᠨᠴᠦ ᠶᠡᠷᠦ ᠨᠢ ᠪᠠᠢᠳᠠᠭ ᠶᠤᠮ ᠪᠣᠯᠪᠠ ᠤᠤ?
ᠠᠷᠸ᠎ᠠ᠄ ᠥᠩ᠂ ᠪᠠᠢᠳᠠᠭ ᠪᠠᠢᠬ᠎ᠠ ᠰᠢᠦ᠂ ᠭᠠᠳᠠᠭᠠᠳᠤ ᠦᠯᠢᠭᠡᠷ ᠦ᠋ᠳ ᠳᠡᠭᠡᠷ᠎ᠡ᠂ ᠢᠯᠠᠩᠭᠤᠶ᠎ᠠ ᠶᠡᠬᠡ ᠪᠠᠢᠳᠠᠭ ᠰᠠᠨᠠᠭᠳᠠᠵᠤ ᠪᠠᠢᠨ᠎ᠠ᠃
ᠲᠤᠩᠬᠤ᠄ ᠫᠥᠬᠥ᠂ ᠲᠡᠢᠮᠦ ᠤᠤ? ᠶᠠᠮᠠᠷ ᠭᠣᠶᠣ ᠶᠤᠮ ᠪᠣᠢ!
ᠮᠥᠩᠬᠡ᠄ ᠬᠣᠣ᠂ ᠠᠷᠸ᠎ᠠ ᠠᠬ᠎ᠠ ᠠ᠋᠂ ᠦᠨᠡᠬᠡᠷ ᠲᠡᠢᠮᠦ ᠦᠯᠢᠭᠡᠷ ᠪᠠᠢᠳᠠᠭ ᠭᠡᠵᠡᠢ ᠤᠤ? ᠪᠠᠢᠳᠠᠭ ᠪᠣᠯ ᠠᠶᠠᠯᠠᠵᠤ ᠪᠣᠯᠬᠤ ᠪᠣᠯᠪᠠ ᠤᠤ?
ᠠᠷᠸ᠎ᠠ᠄ ᠪᠣᠯᠤᠯ ᠦᠭᠡᠢ ᠶᠠᠭᠠᠬᠢᠬᠤᠪ ᠪᠣᠢ᠂ ᠠᠬ᠎ᠠ ᠨᠢ ᠭᠠᠳᠠᠭᠠᠳᠤ ᠦᠯᠢᠭᠡᠷ ᠢ᠋ᠶ᠋ᠡᠷ ᠠᠶᠠᠯᠠᠳᠠᠭ ᠨᠣᠮ ᠪᠦᠲᠦᠭᠡᠵᠦ ᠪᠠᠢᠭ᠎ᠠ᠂ ᠲᠡᠭᠦᠨ ᠢ᠋ ᠪᠡᠨ ᠳᠠᠭᠤᠰᠬᠤ ᠪᠠᠷ ᠪᠦᠭᠦᠳᠡᠭᠡᠷ ᠢ᠋ᠶ᠋ᠡᠨ ᠠᠶᠠᠯᠠᠵᠤ ᠪᠣᠯᠤᠨ᠎ᠠ ᠳᠠ᠃
ᠮᠥᠩᠬᠡ᠄ Oh, nice(ᠰᠠᠢᠨ ᠪᠠᠢᠨ᠎ᠠ) ᠬᠡ ᠬᠡ ᠬᠡ᠃
ᠲᠤᠩᠬᠤ᠄ ᠬᠡ ᠬᠡ ᠬᠡ᠃
ᠠᠷᠸ᠎ᠠ᠄ ᠵᠠ ᠲᠠ ᠬᠡᠳᠦ ᠮᠠᠨᠢ ᠠᠶᠠᠯᠠᠬᠤ ᠳ᠋ᠤ᠌ ᠪᠠᠨ ᠪᠡᠯᠡᠨ ᠤᠤ?
ᠲᠤᠩᠬᠤ ᠮᠥᠩᠬᠡ᠄ ᠪᠡᠯᠡᠨ!
ᠴᠠᠰᠤᠬᠠᠨ᠄ ᠵᠠ ᠦᠯᠢᠭᠡᠷ ᠤᠩᠰᠢᠬᠤ ᠭᠡᠵᠦ ᠪᠠᠢᠬᠤ ᠰᠢᠭ᠋ ᠪᠠᠢᠨ᠎ᠠ᠃
ᠮᠥᠩᠬᠡ᠄ ᠬᠡᠳᠦᠭᠦᠯᠡ ᠪᠡᠨ ᠡᠨᠡ ᠤᠳᠠᠭ᠎ᠠ ᠦᠯᠢᠭᠡᠷ ᠢ᠋ᠶ᠋ᠡᠨ ᠰᠣᠨᠣᠰᠬᠤ ᠦᠭᠡᠢ ᠰᠢᠭᠤᠳ ᠶᠠᠪᠤᠵᠤ ᠦᠵᠡᠬᠦ ᠤᠤ?
ᠲᠤᠩᠬᠤ᠄ ᠲᠡᠭᠡᠳᠡᠭ ᠨᠢ ᠶᠠᠭᠠᠬᠢᠵᠤ ᠪᠠᠢᠭ᠎ᠠ ᠨᠢ?
ᠮᠥᠩᠬᠡ᠄ ᠵᠦᠭᠡᠷ ᠯᠡ ᠰᠣᠨᠢᠷᠬᠠᠯᠲᠠᠢ ᠶᠤᠮ ᠪᠢᠰᠢ ᠤᠤ? ᠶᠠᠭᠤ ᠭᠠᠷᠴᠤ ᠢᠷᠡᠬᠦ ᠶ᠋ᠢ ᠨᠢ ᠮᠡᠳᠡᠬᠦ ᠦᠭᠡᠢ᠂ ᠶᠠᠮᠠᠷ ᠬᠥᠮᠦᠰ ᠲᠡᠢ ᠲᠠᠨᠢᠯᠴᠠᠬᠤ ᠪᠠᠨ ᠮᠡᠳᠡᠬᠦ ᠦᠭᠡᠢ᠃
ᠴᠠᠰᠤᠬᠠᠨ᠄ ᠢᠲᠡᠭᠡᠯ ᠲᠡᠢ ᠪᠠᠢᠨ᠎ᠠ ᠤᠤ?
ᠮᠥᠩᠬᠡ᠄ ᠬᠠᠷᠢᠨ ᠳ᠋ᠠᠭᠠᠨ ᠨᠠᠷ ᠶᠠᠭᠤ ᠭᠡᠵᠦ ᠪᠣᠳᠣᠵᠤ ᠪᠠᠢᠨ᠎ᠠ?
ᠲᠤᠩᠬᠤ᠄ ᠬᠡ ᠬᠡ᠂ ᠭᠣᠶᠣ ᠴᠤ᠌ ᠶᠤᠮ ᠤᠤ?
ᠪᠠᠰᠠᠷ᠄ ᠦ᠂ ᠲᠡᠭᠡᠶ᠎ᠡ ᠯᠡ ᠳᠡ᠂ ᠶᠠᠩᠵᠤ ᠶ᠋ᠢᠨ ᠰᠠᠨᠠᠭ᠎ᠠ ᠪᠠᠢᠨ᠎ᠠ ᠰᠢᠲᠠ᠂ ᠠᠳᠠᠯ ᠶᠠᠪᠤᠳᠠᠯ ᠭᠡᠳᠡᠭ ᠪᠣᠯ ᠮᠢᠨᠦ ᠥᠷᠯᠥᠭᠡᠨ ᠦ᠌ ᠴᠠᠢ ᠯᠠ ᠶᠤᠮ ᠳᠠ᠃
ᠴᠠᠰᠤᠬᠠᠨ᠄ ᠵᠠ ᠵᠠ᠂ ᠲᠡᠭᠡᠪᠡᠯ ᠦᠯᠢᠭᠡᠷ ᠢ᠋ᠶ᠋ᠡᠨ ᠰᠣᠨᠣᠰᠤᠯ ᠦᠭᠡᠢ ᠰᠢᠭᠤᠳ ᠠᠶᠠᠯᠠᠵᠠᠭᠠᠶ᠎ᠠ᠃
ᠲᠤᠩᠬᠤ᠄ ᠲᠡᠭᠡᠶ᠎ᠡ ᠲᠡᠭᠡᠶ᠎ᠡ᠃
ᠪᠠᠰᠠᠷ᠄ ᠵᠠ᠂ ᠪᠢᠳᠡ ᠬᠡᠳᠦ ᠪᠣᠯ ᠢᠩᠭᠢᠭᠡᠳ ᠦᠯᠢᠭᠡᠷ ᠢ᠋ᠶ᠋ᠡᠨ ᠰᠣᠨᠣᠰᠬᠤ ᠦᠭᠡᠢ ᠪᠡᠷ ᠠᠶᠠᠯᠠᠬᠤ ᠪᠠᠷ ᠰᠢᠢᠳᠦᠯ᠎ᠡ᠃ ᠬᠠᠷᠢᠨ ᠲᠠ ᠬᠡᠳᠦ ᠮᠠᠨᠢ ᠰᠣᠨᠣᠰᠤᠭᠠᠳ ᠣᠷᠣᠭᠰᠠᠨ ᠨᠢ ᠳᠡᠭᠡᠷ᠎ᠡ ᠪᠠᠢᠬ᠎ᠠ᠃
ᠮᠣᠩᠭᠣᠯ ᠠᠷᠠᠳ ᠤ᠋ᠨ ᠦᠯᠢᠭᠡᠷ
ᠰᠢᠷᠭᠤᠯᠵᠢ ᠲᠥᠭᠡᠯᠡᠭᠦᠷ ᠰᠢᠨᠠᠭᠠᠨ ᠬᠣᠷᠣᠬᠠᠢ ᠭᠤᠷᠪᠠ ᠶ᠋ᠢᠨ ᠦᠯᠢᠭᠡᠷ
ᠡᠷᠲᠡ ᠤᠷᠢᠳᠤ ᠴᠠᠭ ᠲᠤ᠌᠂ ᠰᠦ ᠰᠢᠭ ᠰᠠᠢᠬᠠᠨ ᠰᠡᠳᠬᠢᠯ ᠲᠡᠢ᠂ ᠥᠭᠯᠢᠭᠡᠴᠢ ᠬᠠᠭᠠᠨ᠂ ᠪᠠᠰᠠ ᠬᠦ ᠰᠢᠭ ᠮᠠᠭᠤᠬᠠᠢ ᠰᠠᠨᠠᠭ᠎ᠠ ᠲᠠᠢ ᠠᠲᠠᠭᠠᠷᠭᠠᠬᠤ ᠬᠠᠭᠠᠨ ᠬᠣᠶᠠᠷ ᠠᠢᠯ ᠬᠦᠷᠰᠢ ᠪᠣᠯᠤᠨ ᠠᠮᠢᠳᠤᠷᠠᠨ ᠰᠠᠭᠤᠳᠠᠭ ᠪᠠᠢᠵᠠᠢ᠃ ᠠᠲᠠᠭᠠᠷᠭᠠᠬᠤ ᠬᠠᠭᠠᠨ ᠥᠭᠯᠢᠭᠡᠴᠢ ᠬᠠᠭᠠᠨ ᠳ᠋ᠤ᠌ ᠪᠠᠨ ᠲᠠᠩᠳᠠ ᠪᠠᠨ ᠮᠠᠭᠤ ᠰᠠᠨᠠᠳᠠᠭ ᠪᠠᠢᠵᠠᠢ ᠭᠡᠨ᠎ᠡ᠃ ᠲᠡᠭᠡᠭᠡᠳ ᠥᠭᠯᠢᠭᠡᠴᠢ ᠬᠠᠭᠠᠨ ᠢ᠋ ᠭᠠᠭᠴᠠ ᠰᠠᠢᠨ ᠴᠢᠳᠠᠵᠤ᠂ ᠨᠡᠷ᠎ᠡ ᠬᠦᠨᠳᠦ ᠶ᠋ᠢ ᠨᠢ ᠭᠤᠲᠤᠭᠠᠶ᠎ᠠ ᠭᠡᠵᠦ ᠪᠣᠳᠣᠭᠠᠳ᠂ ᠨᠢᠭᠦᠯᠲᠦ ᠠᠵᠠᠷ ᠨᠢᠳᠦ ᠦᠭᠡᠢ ᠪᠠᠵᠠᠷ᠂ ᠨᠢᠭᠤᠷ ᠦᠭᠡᠢ ᠲᠠᠵᠠᠷ ᠭᠤᠷᠪᠠ ᠶ᠋ᠢ ᠳᠠᠭᠤᠳᠠᠨ᠄ 《ᠥᠭᠯᠢᠭᠡᠴᠢ ᠬᠠᠭᠠᠨ ᠤ᠋ ᠳ᠋ᠤ᠌ ᠣᠴᠢ᠂ ᠲᠡᠭᠦᠨ ᠢ᠋ ᠰᠠᠢᠨ ᠴᠢᠳᠠᠭᠠᠳ ᠢᠷ᠎ᠡ᠂ ᠱᠠᠩ ᠬᠠᠷᠠᠮᠵᠢ ᠬᠠᠢᠷᠠᠯᠠᠬᠤ ᠦᠭᠡᠢ ᠥᠭᠭᠦᠨ᠎ᠡ 》ᠭᠡᠵᠦ ᠬᠡᠯᠡᠵᠡᠢ᠃
ᠨᠥᠭᠦᠭᠡ ᠭᠤᠷᠪᠠ ᠥᠭᠯᠢᠭᠡᠴᠢ ᠬᠠᠭᠠᠨ ᠢ᠋ ᠳᠥᠩᠭᠡᠬᠦ ᠠᠷᠭ᠎ᠠ ᠪᠠᠨ ᠪᠣᠳᠣᠭᠠᠳ᠂ ᠬᠡᠵᠢᠶ᠎ᠡ ᠴᠦ᠍ ᠪᠡᠶᠡᠯᠡᠭᠦᠯᠵᠦ ᠴᠢᠳᠠᠬᠤ ᠪᠠᠷ ᠦᠭᠡᠢ ᠶᠡᠬᠡ ᠵᠦᠢᠯ ᠭᠤᠶᠤᠶ᠎ᠠ᠂ ᠥᠭᠴᠦ ᠴᠢᠳᠠᠬᠤ ᠦᠭᠡᠢ ᠪᠣᠯᠬᠤ ᠪᠠᠷ ᠨᠢ ᠨᠡᠷ᠎ᠡ ᠰᠦᠷ ᠨᠢ ᠭᠤᠲᠤᠨ᠎ᠠ᠂ ᠲᠣᠯᠣᠭᠠᠢ ᠪᠠᠨ ᠴᠤ᠌ ᠠᠪᠤᠭᠤᠯᠤᠨ᠎ᠠ》 ᠭᠡᠮᠡᠨ ᠲᠣᠬᠢᠷᠠᠵᠠᠢ᠃
ᠢᠩᠭᠢᠭᠡᠳ ᠬᠠᠭᠠᠨ ᠤ᠋ ᠳ᠋ᠤ᠌ ᠣᠴᠢᠵᠤ᠂ ᠨᠢᠭᠡ ᠨᠢ᠄《ᠬᠠᠭᠠᠨᠲᠠᠨ ᠮᠢᠨᠢ ᠲᠠ ᠨᠠᠳᠠ ᠰᠦᠮᠪᠦᠷ ᠠᠭᠤᠯᠠ ᠰᠢᠭ᠋ ᠶᠡᠬᠡ ᠠᠯᠲᠠ ᠥᠭᠭᠦᠨ᠎ᠡ ᠤᠤ?》 ᠭᠡᠵᠡᠢ᠃ ᠨᠥᠭᠦᠭᠡ ᠨᠢ᠄ 《ᠬᠡᠭᠡᠷ᠎ᠡ ᠲᠠᠯ᠎ᠠ ᠶ᠋ᠢ ᠪᠦᠷᠬᠦᠬᠦ ᠲᠣᠷᠭ᠎ᠠ ᠬᠠᠢᠷᠠᠯᠠᠨ᠎ᠠ ᠤᠤ》 ᠭᠡᠵᠡᠢ᠃ ᠬᠠᠷᠢᠨ ᠭᠤᠷᠪᠠᠳᠠᠬᠢ ᠨᠢ᠄《ᠨᠠᠳᠠ ᠰᠦᠨ ᠳᠠᠯᠠᠢ ᠰᠢᠭ᠋ ᠶᠡᠬᠡ ᠰᠦ ᠥᠭᠭᠦᠭᠡᠴᠢ》 ᠭᠡᠰᠡᠨ ᠭᠡᠨ᠎ᠡ᠃
ᠬᠠᠭᠠᠨ ᠲᠡᠢᠮᠦ ᠶᠡᠬᠡ ᠠᠯᠲᠠ᠂ ᠲᠣᠷᠭ᠎ᠠ᠂ ᠰᠦ ᠦᠨᠡᠨ ᠳ᠋ᠦ᠍ ᠪᠡᠨ ᠪᠠᠢᠭᠰᠠᠨ ᠦᠭᠡᠢ᠂ ᠪᠠᠢᠬᠤ ᠦᠭᠡᠢ ᠪᠣᠯᠬᠤ ᠪᠠᠷ ᠨᠢ ᠥᠭᠯᠢᠭᠡᠴᠢ ᠨᠡᠷ᠎ᠡ ᠪᠡᠨ ᠭᠤᠲᠤᠭᠠᠭᠠᠳ ᠵᠣᠭᠰᠣᠬᠤ ᠦᠭᠡᠢ᠂ ᠲᠣᠯᠣᠭᠠᠢ ᠪᠠᠨ ᠠᠪᠤᠭᠤᠯᠬᠤ ᠶᠡᠬᠡ ᠠᠶᠤᠯ ᠳ᠋ᠤ᠌ ᠤᠴᠠᠷᠠᠵᠠᠢ᠃ ᠮᠡᠷᠭᠡᠳ ᠲᠦᠰᠢᠮᠡᠳ ᠢ᠋ᠶ᠋ᠡᠨ ᠴᠤᠭᠯᠠᠭᠤᠯᠵᠤ᠂ ᠵᠥᠪᠯᠡᠯᠳᠦᠭᠡᠳ ᠴᠦ᠍ᠱᠢᠢᠳᠴᠦ ᠴᠢᠳᠠᠭᠰᠠᠨ ᠦᠭᠡᠢ᠃ ᠲᠡᠭᠡᠲᠡᠯ᠎ᠡ ᠬᠠᠭᠠᠨ ᠤ᠋ ᠦᠬᠡᠷᠴᠢᠨ ᠦ᠌ ᠬᠦᠦ ᠢᠩᠭᠢᠵᠦ ᠬᠡᠯᠡᠵᠡᠢ᠃《ᠵᠠ᠂ ᠬᠠᠭᠠᠨᠲᠠᠨ ᠮᠢᠨᠢ ᠲᠠ ᠨᠠᠳᠠ ᠬᠠᠭᠠᠨ ᠰᠢᠷᠡᠭᠡ ᠪᠡᠨ ᠲᠦᠷ ᠥᠭ᠂ ᠪᠢ ᠠᠵᠠᠷ ᠪᠠᠵᠠᠷ ᠲᠠᠵᠠᠷ ᠭᠤᠷᠪᠠ ᠲᠠᠢ ᠠᠭᠤᠯᠵᠠᠶ᠎ᠠ》 ᠭᠡᠵᠦ ᠬᠡᠯᠡᠵᠡᠢ᠃
ᠬᠠᠭᠠᠨ ᠥᠭᠯᠢᠭᠡᠴᠢ ᠲᠤᠯᠠ ᠬᠠᠭᠠᠨ ᠰᠢᠷᠡᠭᠡ ᠪᠡᠨ ᠴᠦ᠍ ᠬᠠᠢᠷᠠᠯᠠᠭᠰᠠᠨ ᠦᠭᠡᠢ᠃ ᠢᠩᠭᠢᠭᠡᠳ ᠬᠦᠦ ᠨᠥᠭᠦᠭᠡ ᠭᠤᠷᠪᠠ ᠲᠠᠢ ᠠᠭᠤᠯᠵᠠᠵᠠᠢ᠃《ᠲᠠ ᠮᠠᠨ ᠤ᠋ ᠬᠠᠭᠠᠨ ᠠ᠋ᠴᠠ ᠰᠦᠮᠪᠦᠷ ᠠᠭᠤᠯᠠ ᠰᠢᠭ᠋ ᠶᠡᠬᠡ ᠠᠯᠲᠠ ᠭᠤᠶᠤᠵᠠᠢ᠂ ᠰᠦᠮᠪᠦᠷ ᠠᠭᠤᠯᠠ ᠶᠠᠮᠠᠷ ᠬᠡᠮᠵᠢᠶ᠎ᠡ ᠲᠡᠢ ᠶ᠋ᠢ ᠨᠢ ᠮᠡᠳᠡᠬᠦ ᠦᠭᠡᠢ ᠪᠣᠯᠬᠤ ᠪᠠᠷ ᠥᠭᠴᠦ ᠴᠢᠳᠠᠬᠤ ᠦᠭᠡᠢ ᠪᠠᠢᠨ᠎ᠠ᠃ ᠡᠨᠡ ᠳᠠᠩᠰᠠ ᠪᠠᠷ ᠰᠦᠮᠪᠦᠷ ᠠᠭᠤᠯᠠ ᠶ᠋ᠢ ᠬᠡᠮᠵᠢᠭᠡᠳ ᠢᠷ᠎ᠡ 》ᠭᠡᠳ ᠠᠵᠠᠷ ᠲᠤ᠌ ᠳᠠᠩᠰᠠ ᠥᠭᠴᠡᠢ ᠭᠡᠨ᠎ᠡ᠃ ᠬᠠᠷᠢᠨ ᠲᠠ ᠮᠠᠨ ᠤ᠋ ᠬᠠᠭᠠᠨ ᠠ᠋ᠴᠠ ᠬᠡᠭᠡᠷ᠎ᠡ ᠲᠠᠯ᠎ᠠ ᠶ᠋ᠢ ᠪᠦᠷᠬᠦᠬᠦ ᠶᠡᠬᠡ ᠲᠣᠷᠭ᠎ᠠ ᠭᠤᠶᠤᠵᠠᠢ᠂ ᠡᠭᠦᠨ ᠢ᠋ᠶ᠋ᠡᠷ ᠬᠡᠭᠡᠷ᠎ᠡ ᠲᠠᠯ᠎ᠠ ᠶᠢ ᠬᠡᠮᠵᠢᠭᠡᠳ ᠢᠷ᠎ᠡ ᠭᠡᠮᠡᠨ᠂ ᠪᠠᠵᠠᠷ ᠲᠤ᠌ ᡂᠢ ᠥᠭᠴᠡᠢ ᠭᠡᠨ᠎ᠡ᠃ ᠡᠨᠡᠴᠢᠯᠡᠨ ᠳᠠᠯᠠᠢ ᠶ᠋ᠢ ᠬᠡᠮᠵᠢᠭᠡᠳ ᠢᠷ᠎ᠡ ᠭᠡᠮᠡᠨ ᠳᠠᠵᠢᠷ ᠲᠤ᠌ ᠰᠢᠨᠠᠭ᠎ᠠ ᠥᠭᠴᠡᠢ ᠭᠡᠨ᠎ᠡ᠃ ᠢᠩᠭᠢᠵᠦ ᠮᠠᠨ ᠤ᠋ ᠭᠤᠷᠪᠠ ᠠᠭᠤᠯᠠ ᠲᠠᠯ᠎ᠠ ᠳᠠᠯᠠᠢ ᠬᠡᠮᠵᠢᠬᠦ ᠠᠵᠢᠯ ᠢ᠋ᠶ᠋ᠠᠨ ᠶᠠᠭᠠᠬᠢᠵᠤ ᠬᠢᠨ᠎ᠡ ᠳᠡ ᠭᠡᠮᠡᠨ ᠰᠢᠨᠠᠯᠤᠨ ᠵᠣᠭᠰᠣᠵᠤ ᠪᠠᠢᠪᠠ᠃
ᠠᠵᠠᠷ᠄ ᠠᠶ᠎ᠠ ᠶᠠ ᠶᠠ᠂ ᠢᠩᠭᠢᠵᠦ ᠡᠷᠭᠢᠨ᠎ᠡ ᠭᠡᠵᠦ ᠬᠡᠨ ᠮᠡᠳᠡᠬᠦᠪ ᠳᠡ᠂ ᠬᠡᠮᠵᠢᠶ᠎ᠡ ᠠᠪᠤᠭᠠᠳ ᠢᠷ᠎ᠡ ᠭᠡᠳ ᠠᠪᠴᠢᠷᠠᠬᠤ ᠦᠭᠡᠢ ᠪᠣᠯ ᠥᠪᠡᠷᠰᠡᠳ ᠢ᠋ᠶ᠋ᠡᠨ ᠲᠣᠯᠣᠭᠠᠢ ᠦᠭᠡᠢ ᠪᠣᠯᠬᠤ ᠨᠢ ᠳᠡ᠃
ᠪᠠᠵᠠᠷ᠄ ᠥᠪᠡᠷᠰᠡᠳ ᠢ᠋ᠶ᠋ᠡᠨ ᠲᠣᠯᠣᠭᠠᠢ ᠦᠭᠡᠢ ᠪᠣᠯᠬᠤ ᠨᠢ ᠳᠡ᠃
ᠲᠠᠵᠠᠷ᠄ ᠬᠠᠷᠢᠨ ᠲᠡᠢᠮᠦ ᠠ᠋᠂ ᠬᠡᠨ ᠮᠡᠳᠡᠬᠦᠪ ᠳᠡ᠃
ᠠᠵᠠᠷ᠄ ᠶᠠᠭᠠᠬᠢᠳᠠᠭ ᠪᠢᠯᠡ ᠶᠠᠭᠠᠬᠢᠳᠠᠭ ᠪᠢᠯᠡ᠃
ᠲᠤᠩᠬᠤ᠄ ᠵᠠ ᠪᠠᠢᠵᠠ᠂ ᠣᠳᠣ ᠪᠦᠭᠦᠳᠡᠭᠡᠷ ᠢ᠋ᠶ᠋ᠡᠨ ᠬᠠᠮᠢᠭ᠎ᠠ ᠣᠴᠢᠬᠤ ᠤᠤ? ᠡᠨᠡ ᠬᠠᠪᠢ ᠪᠠᠷ ᠪᠦᠷ ᠨᠡᠯᠢᠶᠡᠳ ᠬᠡᠳᠦ ᠲᠣᠭᠣᠷᠢᠴᠢᠬᠠᠯ᠎ᠠ᠂ ᠥ᠂ ᠲᠡᠷᠡ ᠡᠭᠡᠴᠢ ᠡᠴᠡ ᠠᠰᠠᠭᠤᠶ᠎ᠠ᠂ ᠰᠠᠢᠨ ᠪᠠᠢᠨ᠎ᠠ ᠤᠤ?
ᠡᠭᠡᠴᠢ᠄ ᠰᠠᠢᠨ᠂ ᠰᠠᠢᠨ ᠪᠠᠢᠵᠠᠭᠠᠨ᠎ᠠ ᠤᠤ?
ᠮᠥᠩᠬᠡ᠄ ᠡᠭᠡᠴᠢ ᠠ᠋᠂ ᠲᠠ ᠡᠨᠡ ᠬᠠᠪᠢ ᠳ᠋ᠤ᠌ ᠶᠠᠮᠠᠷ ᠨᠢᠭᠡᠨ ᠰᠣᠨᠢᠨ ᠬᠠᠴᠢᠨ ᠵᠦᠢᠯ ᠬᠠᠷᠠᠭ᠎ᠠ ᠦᠭᠡᠢ ᠪᠢᠵᠡ?
ᠡᠭᠡᠴᠢ᠄ ᠡᠭᠡᠴᠢ ᠨᠢ ᠰᠠᠢᠨ ᠮᠡᠳᠡᠬᠦ ᠦᠭᠡᠢ ᠪᠠᠢᠨ᠎ᠠ᠂ ᠮᠢᠨᠦ ᠳᠡᠭᠦᠦ ᠨᠠᠷ ᠶᠠᠭᠤ ᠬᠠᠢᠭᠰᠠᠨ ᠶᠤᠮ ᠪᠣᠯ?
ᠮᠥᠩᠬᠡ᠄ ᠬᠠᠷᠢᠨ ᠠᠳᠠᠯ ᠶᠠᠪᠤᠳᠠᠯ ᠲᠠᠢ ᠶᠠᠭᠤᠮ᠎ᠠ ᠶᠠᠭᠤ ᠪᠠᠢᠭ᠎ᠠ ᠪᠣᠯ ᠭᠡᠵᠦ ᠬᠠᠢᠭᠠᠳ ᠯᠠ ᠶᠠᠪᠤᠵᠤ ᠪᠠᠢᠨ᠎ᠠ᠃
ᠡᠭᠡᠴᠢ᠄ ᠠ ᠵᠠ ᠵᠠ᠂ ᠲᠠ ᠨᠠᠷ ᠲᠤ᠌ ᠪᠠᠨ ᠠᠮᠵᠢᠯᠲᠠ ᠬᠦᠰᠡᠶ᠎ᠡ!
ᠲᠤᠩᠬᠤ᠄ ᠪᠠᠶᠠᠷᠯᠠᠯ᠎ᠠ᠂ ᠬᠥᠶᠢ᠂ ᠶᠠᠭᠠᠬᠢᠭᠰᠠᠨ ᠬᠥᠭᠡᠷᠦᠬᠦᠨ ᠬᠡᠦᠬᠡᠳ ᠪᠣᠢ᠃
ᠮᠥᠩᠬᠡ᠄ ᠪᠦᠭᠦᠳᠡᠭᠡᠷ ᠢ᠋ᠶ᠋ᠡᠨ ᠲᠡᠷᠡ ᠥᠬᠢᠨ ᠡᠴᠡ ᠠᠰᠠᠭᠤᠬᠤ ᠤᠤ?
ᠲᠤᠩᠬᠤ᠄ ᠰᠠᠢᠨ ᠪᠠᠢᠨ᠎ᠠ ᠦ? ᠨᠠᠢᠵᠠ ᠠ᠋᠃
ᠥᠬᠢᠨ᠄ ᠰᠠᠢᠨ ᠤᠤ?
ᠲᠤᠩᠬᠤ᠄ ᠰᠠᠢᠨ ᠰᠠᠢᠨ᠂ ᠶᠠᠭᠤᠮ᠎ᠠ ᠠᠰᠠᠭᠤᠬᠤ ᠭᠡᠳ ᠯᠡ᠂ ᠡᠨᠡ ᠬᠠᠪᠢ ᠳ᠋ᠤ᠌ ᠠᠳᠠᠯ ᠶᠠᠪᠤᠳᠠᠯ ᠲᠠᠢ ᠶᠠᠮᠠᠷ ᠨᠢᠭᠡᠨ ᠦᠢᠯᠡ ᠶᠠᠪᠤᠳᠠᠯ ᠪᠣᠯᠵᠤ ᠪᠠᠢᠭ᠎ᠠ ᠶᠤᠮ ᠪᠣᠯᠪᠠ ᠤᠤ?
ᠥᠬᠢᠨ᠄ ᠨᠠᠢᠵᠠ ᠨᠢ ᠰᠠᠢᠨ ᠮᠡᠳᠡᠬᠦ ᠦᠭᠡᠢ ᠪᠠᠢᠨ᠎ᠠ᠂ ᠬᠡᠷᠪᠡ ᠬᠠᠭᠠᠨ ᠤ᠋ ᠣᠷᠳᠣᠨ ᠬᠠᠢᠵᠤ ᠪᠠᠢᠭ᠎ᠠ ᠪᠣᠯ ᠵᠡᠭᠦᠨ ᠲᠡᠢᠰᠢ ᠶᠠᠪᠤᠪᠠᠯ ᠪᠠᠢᠭ᠎ᠠ ᠰᠢᠦ᠃
ᠲᠤᠩᠬᠤ᠄ ᠵᠠ ᠵᠠ᠂ ᠪᠠᠶᠠᠷᠯᠠᠯ᠎ᠠ᠃
ᠥᠬᠢᠨ᠄ ᠵᠦᠭᠡᠷ ᠠ᠋᠂ ᠠᠮᠵᠢᠯᠲᠠ ᠬᠦᠰᠡᠶ᠎ᠡ᠃
ᠮᠥᠩᠬᠡ᠄ ᠵᠠ ᠪᠠᠢᠵᠠ᠂ ᠶᠠᠭᠠᠬᠢᠬᠤ ᠤᠤ?
ᠪᠠᠰᠠᠷ᠄ ᠶᠣᠣ ᠶᠣᠣ᠂ ᠦᠯᠢᠭᠡᠷ ᠢ᠋ᠶ᠋ᠡᠨ ᠰᠣᠨᠣᠰᠤᠭᠠᠳ ᠣᠷᠣᠳᠠᠭ ᠭᠠᠵᠠᠷ ᠪᠠᠢᠭᠰᠠᠨ ᠰᠢᠲᠠ᠂ ᠢᠩᠭᠢᠭᠡᠳ ᠯᠡ ᠡᠷᠭᠢᠯᠳᠦᠭᠡᠳ ᠶᠠᠪᠤᠭᠠᠳ ᠪᠠᠢᠬᠤ ᠶᠤᠮ ᠤᠤ?
ᠮᠥᠩᠬᠡ᠄ ᠬᠡ ᠬᠡ ᠬᠡ᠂ ᠪᠠᠰᠠᠷ ᠮᠢᠨᠢ ᠲᠡᠰᠦᠭᠡᠷᠡᠢ᠂ ᠠᠳᠠᠯ ᠶᠠᠪᠤᠳᠠᠯ ᠪᠣᠯ ᠥᠷᠯᠥᠭᠡᠨ ᠦ᠌ ᠴᠠᠢ ᠭᠡᠳ ᠪᠠᠢᠭᠰᠠᠨ ᠶᠠᠭᠠᠬᠢᠭᠰᠠᠨ ᠪᠣᠢ? ᠬᠢ ᠬᠢ ᠬᠢ
ᠪᠠᠰᠠᠷ᠄ ᠣᠷᠣᠴᠠ ᠦᠭᠡᠢ ᠥᠷᠯᠥᠭᠡᠨ ᠦ᠌ ᠴᠠᠢ ᠪᠠᠢᠨ᠎ᠠ᠃
ᠮᠥᠩᠬᠡ᠄ ᠬᠡ ᠬᠠ ᠬᠠ᠁
ᠲᠤᠩᠬᠤ᠄ ᠬᠡ ᠬᠡ ᠬᠡ
ᠴᠠᠰᠤᠬᠠᠨ᠄ ᠲᠡᠨᠳᠡ ᠭᠤᠷᠪᠠᠨ ᠬᠥᠮᠦᠨ ᠪᠠᠢᠨ᠎ᠠ᠂ ᠣᠴᠢᠵᠤ ᠠᠰᠠᠭᠤᠬᠤ ᠤᠤ?
ᠮᠥᠩᠬᠡ᠄ ᠰᠠᠢᠨ ᠪᠠᠢᠨ᠎ᠠ ᠤᠤ? ᠠᠬ᠎ᠠ ᠨᠠᠷ ᠠ᠋᠂ ᠪᠢᠳᠡ ᠨᠠᠷ ᠨᠢᠭᠡ ᠶᠠᠭᠤᠮ᠎ᠠ ᠠᠰᠠᠭᠤᠬᠤ ᠭᠡᠰᠡᠨ ᠶᠦ᠍ᠮ᠃
ᠠᠵᠠᠷ᠄ ᠴᠠᠭᠠᠰᠢ ᠴᠠᠭᠠᠰᠢ᠂ ᠵᠠᠪ ᠦᠭᠡᠢ ᠪᠠᠢᠨ᠎ᠠ᠃
ᠲᠤᠩᠬᠤ᠄ ᠠᠬ᠎ᠠ ᠨᠠᠷ ᠠ᠋᠂ ᠪᠢᠳᠡ ᠨᠠᠷ ᠬᠠᠷᠢᠨ ᠬᠠᠮᠢᠭ᠎ᠠ ᠶᠠᠪᠤᠭ᠎ᠠ ᠪᠠᠨ ᠮᠡᠳᠡᠳᠡᠭ ᠦᠭᠡᠢ᠂ ᠪᠣᠯᠤᠮᠵᠢ ᠲᠠᠢ ᠪᠣᠯ᠁
ᠲᠠᠵᠠᠷ᠄ ᠵᠠᠪ ᠦᠭᠡᠢ ᠪᠠᠢᠨ᠎ᠠ᠂ ᠴᠠᠭᠠᠰᠢ ᠴᠠᠭᠠᠰᠢ᠃
ᠮᠥᠩᠬᠡ᠄ ᠵᠠ ᠵᠠ᠂ ᠥᠭᠡᠷ᠎ᠡ ᠬᠥᠮᠦᠰ ᠡᠴᠡ ᠠᠰᠠᠭᠤᠶ᠎ᠠ ᠳᠠ᠃
ᠲᠤᠩᠬᠤ᠄ ᠲᠡᠭᠡᠶ᠎ᠡ ᠳᠡ᠃
ᠬᠥᠪ ᠬᠥᠪ ᠬᠥᠪ ᠬᠥᠪ
ᠠᠵᠠᠷ᠄ ᠠ᠂ ᠬᠥᠶᠢ᠂ ᠮᠠᠨ ᠤ᠋ ᠬᠢ ᠠ᠋᠂ ᠲᠡᠭᠦᠨ ᠢ ᠬᠠᠷᠠ ᠳᠠ᠃ ᠨᠢᠰᠴᠦ ᠪᠠᠢᠬᠤ ᠴᠤ᠌ ᠶᠤᠮ ᠪᠣᠢ?᠃
ᠪᠠᠵᠠᠷ᠄ ᠲᠡᠢᠮᠦ ᠪᠠᠢᠨ᠎ᠠ᠂ ᠨᠢᠰᠴᠦ ᠪᠠᠢᠨ᠎ᠠ᠃
ᠲᠠᠵᠠᠷ᠄ ᠶᠠᠭᠠᠬᠢᠬᠤ ᠠᠷᠭ᠎ᠠ ᠦᠭᠡᠢ ᠨᠢᠰᠴᠦ ᠪᠠᠢᠨ᠎ᠠ᠃
ᠠᠵᠠᠷ᠄ ᠪᠢᠳᠡᠨ ᠳ᠋ᠦ᠍ ᠴᠢᠨᠢ ᠪᠠᠷᠤᠭ ᠲᠤᠰᠠ ᠪᠣᠯᠬᠤ ᠬᠡᠦᠬᠡᠳ ᠦᠳ ᠶᠠᠪᠤᠭ᠎ᠠ ᠶᠤᠮ ᠪᠢᠰᠢ ᠤᠤ?
ᠪᠠᠵᠠᠷ᠄ ᠲᠡᠢᠮᠦ ᠪᠠᠢᠨ᠎ᠠ᠂ ᠲᠤᠰᠠ ᠪᠣᠯᠬᠤ ᠶᠤᠮ ᠪᠠᠢᠨ᠎ᠠ᠃
ᠲᠠᠵᠠᠷ᠄ ᠲᠤᠰᠠ ᠪᠣᠯᠬᠤ ᠶᠤᠮ ᠪᠠᠢᠨ᠎ᠠ᠃
ᠠᠵᠠᠷ᠄ ᠬᠥᠶᠢ᠂ ᠮᠢᠨᠦ ᠳᠡᠭᠦᠦ ᠨᠠᠷ ᠲᠦᠷᠦᠭᠦᠨ ᠶᠠᠭᠤ ᠠᠰᠠᠭᠤᠭᠰᠠᠨ ᠪᠣᠢ?
ᠮᠥᠩᠬᠡ᠄ ᠪᠢᠳᠡ ᠨᠠᠷ ᠬᠠᠷᠢᠨ ᠠᠳᠠᠯ ᠶᠠᠪᠤᠳᠠᠯ ᠬᠠᠢᠭᠠᠳ ᠯᠠ ᠶᠠᠪᠤᠵᠤ ᠪᠠᠢᠨ᠎ᠠ᠃
ᠪᠠᠵᠠᠷ᠄ ᠬᠥᠶᠢ᠂ ᠠᠳᠠᠯ ᠶᠠᠪᠤᠳᠠᠯ ᠭᠡᠪᠡᠯ ᠠᠬ᠎ᠠ ᠨᠠᠷ ᠲᠤ᠌ ᠨᠢ ᠲᠤᠰᠠᠯᠠᠮᠵᠢ ᠬᠡᠷᠡᠭᠲᠡᠢ ᠰᠢᠦ᠃
ᠲᠤᠩᠬᠤ᠄ ᠥ ᠵᠠ᠂ ᠶᠠᠭᠤ ᠪᠠᠷ ᠲᠤᠰᠠᠯᠠᠬᠤ ᠤᠤ?
ᠠᠵᠠᠷ᠄ ᠵᠠ᠂ ᠰᠦᠮᠪᠦᠷ ᠠᠭᠤᠯᠠ ᠶ᠋ᠢ ᠬᠡᠮᠵᠢᠬᠦ ᠨᠢᠭᠡ ᠠᠳᠠᠯ ᠶᠠᠪᠤᠳᠠᠯ ᠪᠠᠢᠨ᠎ᠠ᠃
ᠪᠠᠵᠠᠷ᠄ ᠬᠡᠭᠡᠷ᠎ᠡ ᠲᠠᠯ᠎ᠠ ᠶ᠋ᠢ ᠬᠡᠮᠵᠢᠬᠦ ᠨᠢᠭᠡ ᠠᠳᠠᠯ ᠶᠠᠪᠤᠳᠠᠯ ᠪᠠᠢᠨ᠎ᠠ᠃
ᠲᠠᠵᠠᠷ᠄ ᠰᠦᠨ ᠳᠠᠯᠠᠢ ᠶ᠋ᠢ ᠬᠡᠮᠵᠢᠬᠦ ᠨᠢᠭᠡ ᠠᠳᠠᠯ ᠶᠠᠪᠤᠳᠠᠯ ᠪᠠᠢᠨ᠎ᠠ ᠳᠠ᠃
ᠮᠥᠩᠬᠡ᠄ ᠬᠥᠥᠭ᠂ ᠵᠠ ᠲᠡᠭᠡᠶ᠎ᠡ᠃
ᠠᠵᠠᠷ᠄ ᠦ᠂ ᠬᠢᠯᠠᠢ ᠬᠢᠯᠠᠢ᠃
ᠪᠠᠵᠠᠷ᠄ ᠦ ᠭᠢᠯᠠᠢ᠃
ᠲᠠᠵᠠᠷ᠄ ᠭᠢᠯᠠᠢ ᠃
ᠮᠥᠩᠬᠡ᠄ ᠡᠵᠡᠯᠡᠬᠦᠨ ᠦ᠌ ᠬᠡᠮᠵᠢᠶ᠎ᠡ ᠶ᠋ᠢ ᠣᠯᠬᠤ ᠶᠢᠨ ᠲᠤᠯᠠᠳᠠ᠁
ᠲᠤᠩᠬᠤ᠄ ᠲᠠᠯᠠᠪᠠᠢ ᠶᠢᠨ ᠬᠡᠮᠵᠢᠶ᠎ᠡ᠁
ᠴᠠᠰᠤᠬᠠᠨ᠄ ᠰᠦᠨ ᠳᠠᠯᠠᠢ ᠶ᠋ᠢ᠁
ᠮᠥᠩᠬᠡ᠄ ᠵᠠ ᠢᠩᠭᠢᠭᠡᠳ ᠪᠣᠯᠤᠯ᠎ᠠ ᠳᠠ᠃
ᠠᠵᠠᠷ᠄ ᠠᠢ᠂ ᠰᠠᠢᠨ ᠬᠡᠦᠬᠡᠳ ᠦ᠋ᠳ ᠪᠠᠢᠨ᠎ᠠ ᠰᠢᠦ᠂ ᠲᠠ ᠨᠠᠷ ᠬᠡᠴᠢᠨᠡᠭᠡᠨ ᠲᠤᠰᠠ ᠪᠣᠯᠤᠭᠰᠠᠨ ᠢ᠋ᠶ᠋ᠠᠨ ᠮᠡᠳᠡᠳᠡᠭ ᠴᠦ᠍ ᠪᠣᠯᠤᠭᠠᠰᠠᠢ᠃
ᠪᠠᠵᠠᠷ᠄ ᠲᠡᠭᠡᠯ᠎ᠡ᠂ ᠲᠤᠰᠠ ᠪᠣᠯᠤᠯ᠎ᠠ᠃
ᠲᠠᠵᠠᠷ᠄ ᠲᠤᠰᠠ ᠪᠣᠯᠤᠯ᠎ᠠ᠂
ᠲᠤᠩᠬᠤ᠄ ᠲᠤᠰᠠ ᠪᠣᠯᠤᠭᠰᠠᠨ ᠪᠣᠯ ᠪᠣᠯᠵᠠᠢ ᠳᠠ᠃
ᠠᠵᠠᠷ᠄ ᠵᠠ ᠠᠬ᠎ᠠ ᠨᠠᠷ ᠨᠢ ᠶᠠᠭᠠᠷᠠᠪᠴᠢᠯᠠᠬᠤ ᠦᠭᠡᠢ ᠪᠣᠯ ᠪᠣᠯᠬᠤ ᠦᠭᠡᠢ᠂ ᠪᠠᠶᠠᠷᠯᠠᠯ᠎ᠠ᠂ ᠪᠠᠶᠠᠷᠲᠠᠢ᠃
ᠮᠥᠩᠬᠡ᠄ ᠠ᠂ ᠵᠠ ᠪᠠᠶᠠᠷᠲᠠᠢ᠃
ᠴᠠᠰᠤᠬᠠᠨ᠄ ᠪᠠᠶᠠᠷᠲᠠᠢ᠃
ᠪᠠᠰᠠᠷ᠄ ᠪᠠᠶᠠᠷᠲᠠᠢ᠃
ᠲᠤᠩᠬᠤ᠄ ᠠᠮᠵᠢᠯᠲᠠ ᠬᠦᠰᠡᠶ᠎ᠡ᠃