ᠲᠠᠪᠠᠲᠠᠢ ᠨᠣᠢᠷᠰᠤᠭᠠᠷᠠᠢ-ᠮᠠᠮᠤᠤ ᠳᠠᠭᠤᠤ Тавтай нойрсоорой
ᠲᠠᠪᠠᠲᠠᠢ ᠨᠣᠢᠷᠰᠤᠭᠠᠷᠠᠢ-ᠮᠠᠮᠤᠤ ᠳᠠᠭᠤᠤ
ᠬᠥᠯ ᠲᠡᠢ ᠬᠥᠷ ᠲᠡᠢ
ᠡᠳᠦᠷ ᠥᠩᠭᠡᠷᠡᠵᠦ
ᠬᠦᠰᠡᠯ ᠦᠨ ᠴᠡᠩᠬᠡᠷ
ᠰᠥᠨᠢ ᠠᠶ᠋ᠢᠰᠤᠢ
ᠪᠣᠳᠣᠯ ᠤᠨ ᠬᠦᠯᠦᠭ ᠢᠶ᠋ᠡᠷ
ᠣᠳᠣᠨ ᠳ᠋ᠤ᠌ ᠠᠶᠠᠯᠠᠭᠠᠳ
ᠪᠣᠯᠣᠷ ᠮᠥᠩᠭᠥᠨ ᠰᠥᠨᠢ
ᠠᠶ᠋ᠢᠰᠤᠢ
ᠲᠠᠪᠠᠲᠠᠢ
ᠨᠣᠶ᠋ᠢᠷᠰᠤᠭᠠᠷᠠᠢ ᠠᠨᠳᠠ ᠨᠥᠬᠥᠳ ᠡ
ᠲᠠᠪᠠᠲᠠᠢ
ᠨᠣᠶ᠋ᠢᠷᠰᠤᠭᠠᠷᠠᠢ ᠠᠬ᠎ᠠ ᠲᠡᠭᠦᠦᠰ ᠠ᠋
ᠲᠠᠪᠠᠲᠠᠢ ᠨᠣᠶ᠋ᠢᠷᠰᠤᠭᠠᠷᠠᠢ
ᠠᠯᠲᠠᠨ ᠳᠡᠯᠡᠬᠡᠢ
ᠲᠠᠪᠠᠲᠠᠢ
ᠨᠣᠶ᠋ᠢᠷᠰᠤᠭᠠᠷᠠᠢ ᠠᠯᠲᠠᠨ ᠣᠳᠣ ᠡ
ᠨᠠᠶ᠋ᠢᠷ ᠲᠠᠢ ᠴᠡᠯᠮᠡᠭ
ᠡᠳᠦᠷ ᠥᠩᠭᠡᠷᠡᠵᠦ
ᠨᠠᠶ᠋ᠢᠷᠠᠭ ᠤᠨ
ᠴᠡᠩᠬᠡᠷ ᠰᠥᠨᠢ ᠠᠶ᠋ᠢᠰᠤᠢ
ᠵᠡᠭᠦᠳᠦᠨ ᠦ ᠬᠦᠯᠦᠭ ᠢᠶ᠋ᠡᠷ
ᠣᠳᠣᠨ ᠳ᠋ᠤ᠌ ᠠᠶᠠᠯᠠᠭᠠᠳ
ᠵᠦᠩ ᠪᠢᠯᠢᠭ ᠦᠨ ᠰᠥᠨᠢ
ᠠᠶ᠋ᠢᠰᠤᠢ
ᠲᠠᠪᠠᠲᠠᠢ
ᠨᠣᠶ᠋ᠢᠷᠰᠤᠭᠠᠷᠠᠢ ᠠᠨᠳᠠ ᠨᠥᠬᠥᠳ ᠡ
ᠲᠠᠪᠠᠲᠠᠢ
ᠨᠣᠶ᠋ᠢᠷᠰᠤᠭᠠᠷᠠᠢ ᠠᠬ᠎ᠠ ᠲᠡᠭᠦᠦᠰ ᠠ᠋
ᠲᠠᠪᠠᠲᠠᠢ
ᠨᠣᠶ᠋ᠢᠷᠰᠤᠭᠠᠷᠠᠢ ᠠᠯᠲᠠᠨ ᠳᠡᠯᠡᠬᠡᠢ
ᠲᠠᠪᠠᠲᠠᠢ
ᠨᠣᠶ᠋ᠢᠷᠰᠤᠭᠠᠷᠠᠢ ᠠᠯᠤᠰ ᠤᠨ ᠣᠳᠣ ᠡ
ᠦᠢᠯᠡᠰ ᠪᠦᠲᠦᠭᠡᠯ ᠦᠨ
ᠡᠳᠦᠷ ᠥᠩᠭᠡᠷᠡᠵᠦ
ᠦᠯᠢᠭᠡᠷ ᠦᠨ ᠴᠡᠩᠬᠡᠷ
ᠰᠥᠨᠢ ᠠᠶ᠋ᠢᠰᠤᠢ
ᠡᠷᠳᠡᠮ ᠦᠨ ᠬᠦᠯᠦᠭ ᠢᠶ᠋ᠡᠷ
ᠣᠳᠣᠨ ᠳ᠋ᠤ᠌ ᠠᠶᠠᠯᠠᠭᠠᠳ
ᠡᠩᠬᠡ ᠮᠥᠩᠬᠡ ᠶ᠋ᠢᠨ
ᠰᠥᠨᠢ ᠠᠶ᠋ᠢᠰᠤᠢ
ᠲᠠᠪᠠᠲᠠᠢ ᠨᠣᠶ᠋ᠢᠷᠰᠤᠭᠠᠷᠠᠢ
ᠠᠨᠳᠠ ᠨᠥᠬᠥᠳ ᠡ
ᠲᠠᠪᠠᠲᠠᠢ
ᠨᠣᠶ᠋ᠢᠷᠰᠤᠭᠠᠷᠠᠢ ᠠᠬ᠎ᠠ ᠲᠡᠭᠦᠦᠰ ᠠ᠋
ᠲᠠᠪᠠᠲᠠᠢ
ᠨᠣᠶ᠋ᠢᠷᠰᠤᠭᠠᠷᠠᠢ ᠠᠯᠲᠠᠨ ᠳᠡᠯᠡᠬᠡᠢ
ᠲᠠᠪᠠᠲᠠᠢ
ᠨᠣᠶ᠋ᠢᠷᠰᠤᠭᠠᠷᠠᠢ ᠠᠯᠲᠠᠨ ᠣᠳᠣ ᠡ
