ᠶᠠᠭ ᠮᠣᠷᠲ᠋-ᠳᠡᠯᠡᠬᠡᠢ ᠶᠢᠨ ᠦᠯᠢᠭᠡᠷЯг-Морт ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠠᠭ ᠮᠣᠷᠲ᠋-ᠳᠡᠯᠡᠬᠡᠢ ᠶᠢᠨ ᠦᠯᠢᠭᠡᠷЯг-Морт

ᠶᠠᠭ ᠮᠣᠷᠲ᠋-ᠳᠡᠯᠡᠬᠡᠢ ᠶᠢᠨ ᠦᠯᠢᠭᠡᠷЯг-Морт

ᠠᠩᠭᠢᠯᠠᠯ:ᠳᠣᠮᠣᠭ ᠦᠯᠢᠭᠡᠷ
2023-01-10

534

ᠶᠠᠭ ᠮᠣᠷᠲ ‍

   ᠨᠢᠭᠡᠨ ᠠᠩᠴᠢᠨ ᠭᠤᠷᠪᠠᠨ ᠬᠦᠦ ᠎ᠲᠡᠢ ᠪᠠᠶ᠋ᠢᠵᠠᠢ ᠃ ᠡᠴᠢᠭᠡ ᠨᠢ ᠬᠡᠦᠬᠡᠳ ‍ᠦᠳ ᠎ᠲᠡᠢ ᠎ᠪᠡᠨ ᠠᠩ ‍ᠲᠤ ᠶᠠᠪᠤᠭᠠᠳ ᠠᠭᠯᠠᠭ ᠪᠢᠲᠡᠭᠦᠦ ᠣᠢ ‍ᠲᠤ ᠭᠤᠷᠪᠠᠨ ᠰᠠᠷ᠎ᠠ ᠠᠮᠢᠲᠤᠷᠠᠯ᠎ᠠ ᠃
 ᠠᠩ ‍ᠤᠨ ᠶᠡᠬᠡ ᠣᠯᠵᠠ ᠎ᠲᠠᠢ ᠴᠤ᠌ ᠂ ᠣᠯᠠᠨ ᠠᠮᠢᠲᠠᠨ ᠠᠩᠨᠠᠵᠤ ᠭᠡᠨ᠎ᠡ ᠃ ᠬᠠᠷᠢᠨ ᠲᠡᠭᠡᠲᠡᠯ᠎ᠡ ᠲᠡᠲᠡ ᠭᠠᠯ ᠦᠭᠡᠢ ᠪᠣᠯᠤᠭᠠᠳ ᠬᠣᠭᠣᠯᠠ ᠎ᠪᠠᠨ ᠎ᠴᠤ᠌ ᠬᠢᠵᠦ ᠴᠢᠲᠠᠬᠤ ᠎ᠪᠠᠨ ᠪᠠᠶ᠋ᠢᠵᠤ ᠭᠡᠨ᠎ᠡ ᠃
 ᠲᠡᠭᠡᠭᠡᠳ ᠰᠤᠭᠤᠯᠤᠬ᠋᠎ᠠ ᠰᠤᠭᠤᠯᠵᠤ ᠬᠡᠨ ᠲᠠᠭᠠᠷᠠᠭᠰᠠᠨ ᠨᠢ ᠭᠡᠷ ᠤᠷᠤᠭᠤ ᠎ᠪᠠᠨ ᠭᠠᠯ ᠠᠪᠴᠢᠷᠠᠬᠤ ᠎ᠪᠠᠷ ᠶᠠᠪᠤᠬᠤ ᠪᠣᠯᠵᠠᠢ ᠃ ᠭᠡᠲᠡᠯ᠎ᠡ ᠠᠪᠤ ᠨᠢ ᠢᠩᠭᠢᠵᠦ ᠬᠡᠯᠡᠵᠡᠢ ᠃
《 ᠵᠠ ᠂ ᠲᠦᠷ ᠬᠦᠯᠢᠶᠡᠵᠦ ᠪᠠᠶ᠋ᠢᠭᠠᠷᠠᠢ ᠂ ᠥᠨᠲᠥᠷ ᠮᠣᠲᠣᠨ ‍ᠲᠤ ᠠᠪᠠᠷᠢᠭᠠᠳ ᠡᠷᠭᠢᠨ ᠲᠣᠭᠣᠷᠢᠨ ‍ᠢᠶ᠋ᠠᠨ ᠠᠵᠢᠭᠯᠠᠶ᠎ᠠ ! 》 ᠭᠡᠬᠦ ‍ᠲᠦ ᠪᠠᠬ᠋᠎ᠠ ᠬᠦᠦ ᠨᠢ  ᠄ 《ᠬᠡᠷᠪᠡ ᠬᠠᠮᠢᠬ᠋᠎ᠠ ᠨᠢ ᠶᠠᠭᠤ ᠎ᠴᠤ᠌ ᠬᠠᠷᠠᠭᠲᠠᠬᠤ ᠦᠭᠡᠢ ᠪᠤᠯ ᠭᠡᠷ ᠤᠷᠤᠭᠤ ᠎ᠪᠠᠨ ᠶᠠᠪᠤᠶ᠎ᠠ ᠃ 》 ᠭᠡᠵᠦ ᠭᠡᠨ᠎ᠡ ᠃ ᠢᠩᠭᠢᠭᠡᠳ ᠪᠠᠬ᠋᠎ᠠ ᠬᠦᠦ ᠨᠢ ᠥᠨᠲᠥᠷ ᠮᠣᠲᠣᠨ ‍ᠲᠤ ᠭᠠᠷᠴᠤ ᠠᠯᠤᠰ ‍ᠢ ᠬᠠᠷᠠᠭᠤᠯᠲᠠᠵᠤ ᠪᠠᠶ᠋ᠢᠭᠠᠳ ᠪᠠᠭᠤᠵᠤ ᠢᠷᠡᠬᠦ ‍ᠲᠦ ᠎ᠪᠡᠨ 《 ᠭᠠᠯ ᠬᠠᠷᠠᠭᠲᠠᠵᠤ ᠪᠠᠶ᠋ᠢᠨ᠎ᠠ ᠃ 》 ᠭᠡᠵᠦ  ᠬᠡᠯᠡᠵᠦ ᠭᠡᠨ᠎ᠡ ᠃
 ᠭᠡᠲᠡᠯ᠎ᠡ ᠠᠪᠤ ᠨᠢ ᠄ 《 ᠵᠠ ᠂ ᠲᠡᠭᠡᠪᠡᠯ ᠲᠣᠮᠣ ᠠᠬ᠎ᠠ ᠨᠢ ᠶᠠᠪᠤᠭ ᠂ ᠲᠡᠷᠡ ᠬᠠᠮᠤᠭ ‍ᠤᠨ ᠬᠦᠴᠦ ᠲᠡᠢ ᠨᠢ ᠪᠣᠯᠬᠣᠷ ᠭᠠᠯ ᠠᠪᠴᠢᠷᠠᠬᠤ ᠪᠣᠯᠤᠨ᠎ᠠ ᠃ 》 ᠭᠡᠵᠦ ᠭᠡᠨ᠎ᠡ ᠃ ᠢᠩᠭᠢᠭᠡᠳ ᠤᠤᠭᠠᠨ ᠬᠦᠦ ᠶᠠᠪᠤᠭᠰᠠᠭᠠᠷ ᠰᠢᠷᠡᠮᠦᠨ ᠸᠠᠭᠠᠷ ᠪᠠᠶ᠋ᠢᠬᠤ ‍ᠶ᠋ᠢ ᠭᠡᠨᠡᠤᠠᠲᠡ ᠬᠠᠷᠠᠵᠤ ᠭᠡᠨ᠎ᠡ ᠃
 ᠲᠡᠭᠡᠲᠡᠯ᠎ᠡ ᠥᠨᠥᠬᠢ ᠸᠠᠭᠠᠷ ᠬᠥᠮᠦᠨ ‍ᠦ ᠬᠡᠯᠡ ᠎ᠪᠡᠷ ᠄ 《 ᠴᠢ ᠬᠠᠮᠢᠬ᠋᠎ᠠ ᠬᠦᠷᠬᠦ ᠎ᠪᠡᠷ ᠶᠠᠪᠤᠵᠤ ᠪᠠᠶ᠋ᠢᠬ᠋᠎ᠠ ᠶᠤᠮ ᠪᠤᠢ ? 》 ᠭᠡᠵᠦ ᠠᠰᠠᠭᠤᠬᠤ ‍ᠲᠤ ᠨᠢ ᠭᠠᠶ᠋ᠢᠬᠠᠭᠰᠠᠨ ᠬᠦᠦ ᠄ 《 ᠪᠢ ᠭᠠᠯ ᠠᠪᠴᠢᠷᠠᠬᠤ ᠎ᠪᠠᠷ ᠶᠠᠪᠤᠵᠤ ᠪᠠᠶ᠋ᠢᠨ᠎ᠠ ᠃》 ᠭᠡᠵᠦ ᠭᠡᠨ᠎ᠡ ᠃ ᠲᠡᠭᠡᠲᠡᠯ᠎ᠡ ᠸᠠᠭᠠᠷ ᠄ 《 ᠪᠤᠴᠠᠭᠰᠠᠨ ᠨᠢ ᠳᠡᠭᠡᠷ᠎ᠡ  ᠳ᠋ᠡ ᠂ ᠭᠠᠯ ᠴᠢᠮ᠎ᠠ ‍ᠶ᠋ᠢ ᠲᠦᠯᠡᠨ᠎ᠡ  ! 》 ᠭᠡᠬᠦ ‍ᠲᠦ ᠬᠦᠦ ᠄《ᠲᠦᠯᠡᠬᠦ ᠦᠭᠡᠢ ! 》 ᠭᠡᠵᠦ ᠬᠡᠯᠡᠭᠡᠳ ᠴᠠᠭᠠᠰᠢ ᠎ᠪᠠᠨ ᠶᠠᠪᠤᠵᠠᠢ ᠃ ᠲᠡᠭᠡᠭᠡᠳ ᠶᠠᠪᠤᠵᠤ ᠪᠠᠶ᠋ᠢᠭᠠᠳ ᠰᠢᠭᠰᠢᠭᠦᠷ ᠎ᠲᠡᠢ ᠲᠠᠭᠠᠷᠠᠭᠠᠳ ᠭᠠᠯ ᠠᠪᠴᠢᠷᠠᠬᠤ ᠎ᠪᠠᠷ ᠶᠠᠪᠤᠬ᠋᠎ᠠ ᠎ᠪᠠᠨ ᠬᠡᠯᠡᠵᠦ ᠭᠡᠨ᠎ᠡ ᠃
 ᠪᠣᠯᠬᠤ ᠦᠭᠡᠢ ᠭᠡᠰᠡᠨ ᠴᠦ᠍ ᠭᠡᠰᠡᠨ ᠬᠦᠦ ᠴᠠᠭᠠᠰᠢ ᠎ᠪᠠᠨ ᠶᠠᠪᠤᠭᠰᠠᠭᠠᠷ ᠲᠡᠭᠡᠷᠮ᠎ᠡ ᠎ᠲᠡᠢ ᠠᠭᠤᠯᠵᠠᠵᠠᠢ ᠃ ᠪᠠᠰᠠ ᠯᠠ ᠪᠢᠲᠡᠭᠡᠢ ᠶᠠᠪᠤ ᠡ ᠭᠡᠬᠦ ‍ᠲᠦ ᠨᠢ ᠬᠦᠦ ᠵᠥᠷᠢᠭᠡᠳ ᠴᠠᠭᠠᠰᠢ ᠎ᠪᠠᠨ ᠶᠠᠪᠤᠭᠰᠠᠭᠠᠷ ᠲᠠᠷᠮᠠᠭᠤᠷ ᠎ᠲᠠᠢ ᠲᠠᠭᠠᠷᠠᠯᠲᠤᠵᠤ ᠭᠡᠨ᠎ᠡ ᠃ ᠲᠠᠷᠮᠠᠭᠤᠷ ᠴᠤ᠌ ᠮᠦᠨ ᠠᠲᠠᠯᠢ ᠪᠠᠰᠠ ᠪᠣᠯᠬᠤ ᠦᠭᠡᠢ ᠭᠡᠰᠡᠨ ‍ᠢ ᠨᠢ ᠲᠤᠭᠤᠯ ᠦᠭᠡᠢ ᠶᠠᠪᠤᠭᠰᠠᠭᠠᠷ ᠪᠠᠶ᠋ᠢᠭᠠᠳ ᠡᠵᠡᠨ ᠦᠭᠡᠢ ᠪᠠᠶ᠋ᠢᠰᠢᠩ ᠪᠠᠶ᠋ᠢᠬᠤ ᠎ᠪᠠᠷ ᠨᠢ ᠳᠣᠲᠣᠭᠰᠢ ᠎ᠪᠠᠨ ᠣᠷᠣᠵᠠᠢ ᠃ ᠲᠦᠯᠡᠭᠡ ᠨᠡᠮᠡᠭᠡᠳ ᠭᠠᠯ ‍ᠢ ᠨᠢ ᠦᠯᠢᠶᠡᠵᠦ ᠠᠰᠠᠭᠠᠯ᠎ᠠ ᠃ ᠲᠡᠭᠡᠲᠡᠯ᠎ᠡ ᠭᠡᠨᠡᠤᠠᠲᠡ ᠨᠢᠭᠡ ᠰᠥᠭᠡᠩᠬᠢ ᠬᠣᠭᠣᠯᠠᠢ ᠎ᠪᠠᠷ ᠢᠩᠭᠢᠵᠦ ᠠᠰᠠᠭᠤᠵᠤ ᠭᠡᠨ᠎ᠡ ᠃ 
《ᠴᠢ ᠶᠠᠭᠤ ᠬᠢᠵᠦ ᠶᠠᠪᠤᠬ᠋᠎ᠠ ᠶᠤᠮ ᠪᠤᠢ ? ᠶᠠᠭᠠᠬᠢᠭᠠᠳ ᠮᠢᠨᠦ ᠭᠠᠯ ‍ᠲᠤ ᠬᠦᠷᠪᠡ  ? 》ᠭᠡᠬᠦ ‍ᠲᠦ ᠂ ᠵᠠᠯᠠᠭᠤ ᠦᠰᠦᠷᠦᠨ ᠪᠣᠰᠴᠤ ᠬᠠᠷᠠᠪᠠᠯ ᠱᠠᠯᠠ ᠱᠦᠷᠭᠦᠭᠰᠡᠨ ᠰᠠᠬᠠᠯ ᠎ᠲᠠᠢ ᠂ ᠭᠠᠲᠠᠰᠤ ᠰᠢᠬ ᠰᠣᠭᠣᠶ᠋ᠢᠭᠰᠠᠨ ᠰᠢᠲᠦ ᠎ᠲᠡᠢ ᠂ ᠳᠡᠭᠡᠭᠡ ᠰᠢᠭ᠌ ᠤᠨᠵᠢᠢᠭᠰᠠᠨ  ᠭᠠᠷ ᠎ᠲᠠᠢ ᠂ ᠶᠠᠭ ᠯᠠ ᠴᠢᠤᠠᠬᠥᠷ ᠰᠢᠭ᠌ ᠡᠪᠦᠭᠡᠨ ᠵᠣᠭᠰᠣᠵᠤ ᠪᠠᠶ᠋ᠢᠵᠠᠢ ᠃ ᠡᠨᠡ ᠪᠣᠯ ᠣᠢ ‍ᠶ᠋ᠢᠨ ᠬᠥᠮᠦᠨ ᠶᠠᠭ ᠮᠣᠷᠲ ᠪᠠᠶ᠋ᠢᠵᠠᠢ ᠃
ᠲᠡᠭᠡᠬᠦ ᠎ᠪᠡᠷ ᠨᠢ ᠬᠦᠦ ᠢᠩᠭᠢᠵᠦ ᠬᠡᠯᠡᠵᠦ ᠭᠡᠨ᠎ᠡ ᠃  《ᠡᠨᠡ ᠭᠠᠯ ‍ᠢ ᠪᠢ ᠠᠪᠤᠮᠠᠷ ᠪᠠᠶ᠋ᠢᠨ᠎ᠠ  ᠃ 》 ᠭᠡᠬᠦ ‍ᠲᠦ ᠂ᠣᠢ ‍ᠶ᠋ᠢᠨ ᠬᠥᠮᠦᠨ ᠄ 《 ᠴᠢ ᠵᠠᠮ ‍ᠲᠤ ᠎ᠪᠠᠨ ᠶᠠᠭᠤ ᠎ᠲᠠᠢ ᠲᠠᠭᠠᠷᠠᠯᠲᠤᠭᠰᠠᠨ ᠪᠤᠢ  ? 》 ᠭᠡᠬᠦ ‍ᠲᠦ ᠂《 ᠸᠠᠭᠠᠷ ᠂ ᠰᠢᠭᠰᠢᠭᠦᠷ ᠂ ᠲᠡᠭᠡᠷᠮ᠎ᠡ ᠂ ᠲᠠᠷᠮᠠᠭᠤᠷ ᠎ᠲᠠᠢ ᠲᠠᠭᠠᠷᠠᠭᠰᠠᠨ ᠂ ᠲᠡᠲᠡ ᠨᠠᠮ᠎ᠠ ‍ᠶ᠋ᠢ ᠪᠤᠴᠠᠭᠠᠳ ᠶᠠᠪᠤ ᠯᠡ ᠭᠡᠳ ᠪᠠᠶ᠋ᠢᠭᠰᠠᠨ ᠃》 ᠭᠡᠬᠦ ‍ᠲᠦ ᠂ 《ᠶᠠᠭᠠᠬᠢᠭᠠᠳ ᠲᠡᠲᠡᠨ ‍ᠦ ᠦᠭᠡᠨ ‍ᠲᠦ ᠣᠷᠣᠬ᠋᠎ᠠ ᠦᠭᠡᠢ ᠪᠢᠯᠡ ? ᠪᠦᠭᠦᠲᠡ ᠤᠤᠠᠬ᠎ᠠ ᠤᠴᠢᠷ ᠎ᠲᠠᠢ ᠪᠣᠯᠬᠤ ‍ᠶ᠋ᠢ ᠮᠡᠲᠡᠵᠦ ᠪᠠᠶ᠋ᠢᠨ᠎ᠠ ‍ᠦᠦ  ? 》ᠭᠡᠬᠦ ‍ᠲᠦ ᠂  《ᠪᠠᠶ᠋ᠢᠲᠠᠭ ᠯᠡ ᠡᠳ᠋ ᠬᠥᠷᠥᠩᠭᠡ ᠎ᠨᠤᠭᠦᠳ ᠰᠢᠲᠡ ᠃ 》ᠭᠡᠬᠦ ‍ᠲᠦ ᠂《ᠴᠢ ᠶᠠᠭᠤ ᠎ᠴᠤ᠌ ᠮᠡᠲᠡᠬᠦ ᠦᠭᠡᠢ ᠪᠠᠶ᠋ᠢᠨ᠎ᠠ ᠂ ᠡᠭᠦᠨ ‍ᠦ ᠴᠢᠨᠢ ᠲᠥᠯᠥᠭᠡ ᠪᠢ ᠴᠢᠮ᠎ᠠ ‍ᠶ᠋ᠢ ᠰᠤᠷᠭᠠᠭᠠᠳ ᠥᠭᠭᠦᠶ᠎ᠡ ᠯᠡ ᠳ᠋ᠡ ᠃ 》 ᠭᠡᠵᠦ ᠭᠡᠨ᠎ᠡ ᠃
 ᠢᠩᠭᠢᠵᠦ ᠬᠡᠯᠡᠭᠡᠳ ᠣᠢ ‍ᠶ᠋ᠢᠨ ᠬᠥᠮᠦᠨ ᠶᠠᠭ ᠮᠣᠷᠲ ᠦᠰᠦᠨ ᠎ᠡᠴᠡ ᠨᠢ ᠵᠠᠭᠤᠷᠠᠨ ᠂ ᠱᠠᠯᠠ ᠤᠷᠤᠭᠤ ᠲᠣᠩᠭᠣᠶ᠋ᠢᠯᠭᠠᠨ ᠂ ᠨᠢᠷᠤᠭᠤ ‍ᠶ᠋ᠢ ᠨᠢ ᠬᠠᠯᠠᠭᠤᠨ ᠲᠡᠮᠦᠷ ‍ᠢᠶ᠋ᠡᠷ ᠲᠦᠯᠡᠭᠡᠳ ᠠᠪᠴᠠᠢ ᠃
 ᠴᠢᠤᠠᠬᠥᠷ ᠰᠢᠭ᠌ ᠣᠢ ‍ᠶ᠋ᠢᠨ ᠬᠥᠮᠦᠨ ᠎ᠡᠴᠡ ᠠᠩᠴᠢᠨ ‍ᠤ ᠬᠦᠦ ᠠᠷᠠᠢ ᠭᠡᠵᠦ ᠠᠮᠢ ᠭᠣᠣᠯ ᠎ᠲᠠᠢ ᠵᠢᠭᠤᠲᠠᠨ ᠭᠡᠷ  ᠲᠤ ᠎ᠪᠡᠨ ᠢᠷᠡᠵᠡᠢ ᠃
 ᠳᠠᠷᠠᠬ᠋᠎ᠠ ᠨᠢ ᠳᠤᠮᠳᠠ ᠬᠦᠦ ᠎ᠪᠡᠨ ᠶᠠᠪᠤᠭᠤᠯᠤᠭᠰᠠᠨ ᠎ᠴᠤ᠌ ᠪᠠᠰᠠ ᠠᠬ᠎ᠠ ‍ᠶ᠋ᠢᠨ ‍ᠢᠶ᠋ᠡᠨ ᠠᠲᠠᠯᠢ ᠠᠷᠠᠢ ᠭᠡᠵᠦ ᠭᠡᠷ ‍ᠦᠨ ᠪᠠᠷ᠎ᠠ ᠬᠠᠷᠠᠵᠤ ᠭᠡᠨ᠎ᠡ ᠃ 

   ᠡᠴᠦᠰ  ᠲᠤ ᠨᠢ ᠪᠠᠬ᠋᠎ᠠ ᠬᠦᠦ ᠨᠢ ᠶᠠᠪᠤᠵᠤ ᠂ ᠬᠣᠶᠠᠷ ᠠᠬ᠎ᠠ ‍ᠶ᠋ᠢᠨ ‍ᠢᠶ᠋ᠡᠨ ᠤᠴᠠᠷᠠᠭᠰᠠᠨ ᠪᠦᠬᠦᠨ ᠎ᠲᠡᠢ ᠲᠠᠭᠠᠷᠠᠵᠤ ᠂ ᠪᠠᠶ᠋ᠢᠰᠢᠩ ‍ᠲᠤ ᠣᠴᠢᠲᠠᠯ᠎ᠠ ᠣᠢ ‍ᠶ᠋ᠢᠨ ᠬᠥᠮᠦᠨ ᠶᠠᠭ ᠮᠣᠷᠲ ᠬᠡᠪᠲᠡᠵᠦ ᠪᠠᠶ᠋ᠢᠨ᠎ᠠ ᠭᠡᠨ᠎ᠡ ᠃ ᠪᠠᠬ᠋᠎ᠠ ᠬᠦᠦ ᠄ 《ᠲᠠᠪᠠ ᠲᠤᠬᠠᠲᠠᠢ ᠠᠮᠢᠲᠤᠷᠠᠵᠤ ᠪᠠᠶ᠋ᠢᠨ᠎ᠠ ‍ᠤᠤ ᠲᠠ ᠰᠠᠶ᠋ᠢᠬᠠᠨ ᠰᠠᠨᠠᠭᠠᠲᠤ ᠬᠥᠮᠦᠨ ᠭᠤᠸᠠᠢ ᠂ ᠨᠠᠮ᠎ᠠ ‍ᠶ᠋ᠢ ᠬᠣᠨᠣᠭᠤᠯᠵᠤ ᠪᠣᠯᠬᠤ ‍ᠦᠦ ? 》 ᠭᠡᠬᠦ ‍ᠲᠦ ᠂ 《 ᠵᠠ ᠂ ᠶᠠᠭᠠᠬᠢᠬᠤᠪ ᠂ ᠬᠣᠨᠣ ᠯᠡ ᠳ᠋ᠠ ᠭᠡᠬᠦ ‍ᠲᠦ ᠎ᠪᠡᠨ ᠴᠢ ᠵᠣᠷᠢᠵᠤ ᠢᠷᠡᠭᠰᠡᠨ ᠵᠦᠢᠯ ‍ᠢᠶ᠋ᠡᠨ ᠠᠪᠴᠤ ᠴᠢᠲᠠᠬᠤ ᠦᠭᠡᠢ ᠰᠢᠤ ᠂ ᠴᠢ ᠵᠠᠮ ‍ᠲᠤ ᠎ᠪᠠᠨ ᠲᠠᠭᠠᠷᠠᠯᠲᠤᠭᠰᠠᠨ ᠪᠦᠬᠦᠨ ‍ᠢᠶ᠋ᠡᠨ ᠶᠠᠷᠢᠭᠠᠴᠢ ᠃ 》ᠭᠡᠬᠦ ‍ᠲᠦ ᠂ ᠪᠠᠬ᠋᠎ᠠ ᠬᠦᠦ ᠪᠦᠭᠦᠲᠡ ‍ᠶ᠋ᠢ ᠨᠢ ᠲᠣᠭᠠᠴᠢᠨ ᠬᠡᠯᠡᠭᠡᠳ  ᠄ 《 ᠠ  !ᠸᠠᠭᠠᠷ ᠪᠤᠯ ᠴᠢᠨᠦ ᠲᠣᠯᠣᠭᠠᠢ ᠂ ᠰᠢᠭᠰᠢᠭᠦᠷ ᠶᠡᠬᠡ ᠪᠡᠶ᠎ᠡ ᠴᠢᠨᠢ ᠂ ᠲᠠᠷᠮᠠᠭᠤᠷ ᠬᠠᠷᠢᠨ ᠭᠠᠷ ᠴᠢᠨᠢ ᠂ ᠲᠡᠭᠡᠷᠮ᠎ᠡ ᠬᠥᠯ ᠴᠢᠨᠢ ᠃ ᠬᠡᠷᠪᠡ ᠨᠠᠮ᠎ᠠ ‍ᠶ᠋ᠢ ᠬᠣᠨᠣᠭᠤᠯᠬᠤ ᠦᠭᠡᠢ ᠪᠣᠯ ᠴᠢᠨᠦ ᠲᠣᠯᠣᠭᠠᠢ ‍ᠶ᠋ᠢ ᠬᠠᠭᠠᠯᠤᠨ᠎ᠠ ᠃ ᠬᠥᠯ ᠭᠠᠷ ‍ᠢ ᠴᠢᠨᠢ ᠬᠤᠭᠤᠯᠵᠤ ᠂ ᠶᠡᠬᠡ ᠪᠡᠶ᠎ᠡ ‍ᠶ᠋ᠢ ᠴᠢᠨᠢ ᠬᠡᠲᠦᠨ ᠬᠡᠰᠡᠭ ᠪᠣᠯᠭᠠᠭᠠᠳ ᠥᠭᠭᠦᠨ᠎ᠡ ᠰᠢᠦ  ! 》 ᠭᠡᠵᠦ ᠭᠡᠨ᠎ᠡ ᠃
   ᠣᠢ ‍ᠶ᠋ᠢᠨ ᠬᠥᠮᠦᠨ ᠄ 《ᠤᠬᠠᠭᠠᠨ ᠎ᠲᠠᠢ ᠶᠤᠮ ᠡ ᠂ ᠨᠠᠲᠠ ‍ᠲᠤ ᠪᠣᠯᠤᠬ᠋᠎ᠠ ᠦᠭᠡᠢ ᠦᠢᠯᠡ ᠶᠠᠪᠤᠲᠠᠯ ᠎ᠲᠡᠢ  ᠦᠯᠢᠭᠡᠷ ᠶᠠᠷᠢᠵᠤ ᠥᠭᠭᠦᠭᠡᠴᠢ ᠂ ᠪᠣᠯᠤᠭᠰᠠᠨ ᠦᠢᠯᠡ ᠶᠠᠪᠤᠲᠠᠯ ᠎ᠲᠡᠢ ᠦᠯᠢᠭᠡᠷ ᠶᠠᠷᠢᠵᠤ ᠥᠭᠬᠦ ᠶᠤᠮ ᠪᠣᠯ ᠦᠰᠦ ‍ᠶ᠋ᠢ ᠴᠢᠨᠢ ᠵᠤᠯᠭᠠᠭᠠᠨ᠎ᠠ ᠰᠢᠦ ! 》ᠭᠡᠬᠦ ‍ᠲᠦ ᠪᠠᠬ᠋᠎ᠠ ᠬᠦᠦ ᠄ 《ᠵᠠ ᠶᠠᠭᠠᠬᠢᠬᠤᠪ ᠂ ᠠ ! ᠭᠡᠬᠦ ‍ᠲᠦ ᠎ᠪᠡᠨ ᠮᠢᠨᠦ ᠶᠠᠷᠢᠶ᠎ᠠ ‍ᠶ᠋ᠢ ᠲᠠᠰᠤᠯᠲᠠᠭᠤᠯᠬᠤ ᠶᠤᠮ ᠪᠤᠯ ᠪᠢ ᠴᠢᠨᠦ ᠦᠰᠦ ‍ᠶ᠋ᠢ ᠵᠤᠯᠭᠠᠭᠠᠨ᠎ᠠ ᠰᠢᠦ ! 》 ᠭᠡᠵᠦ ᠭᠡᠨ᠎ᠡ ᠃ ᠢᠩᠭᠢᠵᠦ ᠬᠡᠯᠡᠭᠡᠳ ᠬᠦᠦ ᠦᠯᠢᠭᠡᠷ ᠶᠠᠷᠢᠵᠤ ᠡᠬᠢᠯᠡᠯ᠎ᠡ ᠃ ᠪᠢ ᠨᠢᠭᠡ ᠤᠲᠠᠬ᠋᠎ᠠ ᠲᠩᠷᠢ ᠤᠷᠤᠭᠤ ᠨᠢᠰᠦᠭᠰᠡᠨ ᠶᠤᠮ ᠃ ᠭᠤᠷᠪᠠᠨ ᠵᠢᠯ ᠨᠢᠰᠦᠭᠰᠡᠨ ‍ᠦ ᠡᠴᠦᠰ  ᠲᠤ ᠲᠡᠨᠲᠡ ᠬᠦᠷᠦᠭᠰᠡᠨ ᠶᠤᠮ ᠡ ᠂ ᠬᠠᠷᠢᠨ ᠲᠩᠷᠢ ‍ᠲᠦ ᠪᠦᠬᠦ ᠬᠥᠮᠦᠰ ᠬᠥᠯ ‍ᠢᠶ᠋ᠡᠨ ᠳᠡᠭᠡᠭᠰᠢ ᠨᠢ ᠬᠠᠷᠠᠭᠤᠯᠤᠭᠠᠳ ᠶᠠᠪᠤᠵᠤ ᠪᠠᠶ᠋ᠢᠲᠠᠭ ᠶᠤᠮ ᠪᠢᠯᠡ ᠃ ᠭᠠᠶ᠋ᠢᠬᠠᠭᠠᠳ ᠄ 《ᠶᠠᠭᠠᠬᠢᠭᠠᠳ ᠲᠠ ᠨᠠᠷ ᠬᠥᠯ ‍ᠢᠶ᠋ᠡᠨ ᠳᠡᠭᠡᠭᠰᠢ ᠎ᠪᠡᠨ ᠬᠠᠷᠠᠭᠤᠯᠤᠭᠠᠳ ᠶᠠᠪᠤᠭᠠᠳ ᠪᠠᠶ᠋ᠢᠬ᠋᠎ᠠ ᠶᠤᠮ ᠪᠤᠢ ?》 ᠭᠡᠵᠦ ᠪᠢ ᠠᠰᠠᠭᠤᠯ᠎ᠠ ᠃ ᠬᠠᠷᠢᠨ ᠲᠡᠲᠡ ᠨᠠᠲᠠ ‍ᠲᠤ ᠄ 《ᠪᠢᠲᠡᠨ ‍ᠲᠦ ᠭᠤᠲᠤᠯ ᠣᠶᠣᠬᠤ ᠶᠠᠭᠤ ᠎ᠴᠤ᠌ ᠪᠠᠶ᠋ᠢᠬᠤ ᠦᠭᠡᠢ ᠪᠢᠲᠡᠨ ‍ᠲᠦ ᠰᠢᠷᠦᠭᠦᠨ ᠬᠢᠯᠭᠠᠰᠤ ᠪᠠᠶ᠋ᠢᠬᠤ ᠦᠭᠡᠢ ᠪᠣᠯᠬᠣᠷ ᠬᠥᠯ ‍ᠢᠶ᠋ᠡᠨ ᠳᠡᠭᠡᠭᠰᠢ ᠎ᠪᠡᠨ ᠬᠠᠷᠠᠭᠤᠯᠤᠭᠠᠳ ᠶᠠᠪᠤᠵᠤ ᠪᠠᠶ᠋ᠢᠬ᠋᠎ᠠ ᠶᠤᠮ ᠃ 》 ᠭᠡᠵᠦ ᠬᠠᠷᠢᠭᠤᠯᠤᠯ᠎ᠠ ᠂ ᠲᠡᠭᠡᠬᠦ ᠎ᠪᠡᠷ ᠨᠢ ᠪᠢ ᠄ 《ᠲᠠ ᠨᠠᠷ ᠰᠢᠷᠦᠭᠦᠨ ᠬᠢᠯᠭᠠᠰᠤ ᠦᠭᠡᠢ ᠎ᠪᠡᠷ ᠭᠤᠲᠤᠯ ᠣᠶᠣᠵᠤ ᠥᠭᠭᠦᠶ᠎ᠡ ᠂ ᠴᠢᠤᠠᠬᠥᠷ ‍ᠦᠳ ‍ᠦᠨ ᠦᠰᠦ ᠰᠢᠷᠦᠭᠦᠨ ᠬᠢᠯᠭᠠᠰᠤᠨ ᠠ᠋ᠴᠠ ᠴᠦ᠍ ᠭᠡᠰᠡᠨ ᠰᠠᠢᠨ ᠪᠠᠶ᠋ᠢᠲᠠᠭ ᠶᠤᠮ 》 ᠭᠡᠵᠦ ᠬᠡᠯᠡᠯ᠎ᠡ ᠃ ᠲᠡᠭᠡᠭᠡᠳ ᠯᠡ ᠪᠢ ᠦᠰᠦ ‍ᠶ᠋ᠢ ᠴᠢᠨᠢ ᠵᠤᠯᠭᠠᠭᠠᠬᠤ ᠭᠡᠵᠦ ᠴᠢᠮ᠎ᠠ ᠳᠡᠭᠡᠷ᠎ᠡ ᠢᠷᠡᠭᠰᠡᠨ ᠶᠤᠮ  ᠃
 ᠡᠨᠡ ᠪᠦᠬᠦᠨ ‍ᠢ ᠰᠣᠨᠣᠰᠤᠭᠠᠳ ᠶᠠᠭ ᠮᠣᠷᠲ ᠬᠣᠶᠠᠷ ᠭᠠᠷ ‍ᠢᠶ᠋ᠠᠷ ‍ᠢᠶ᠋ᠠᠨ ᠲᠣᠯᠣᠭᠠᠢ ᠠ᠋ᠴᠠ ᠎ᠪᠠᠨ ᠪᠠᠷᠢᠭᠠᠳ  ᠄ 《 ᠪᠢ ᠦᠰᠦ ᠎ᠪᠡᠨ ᠵᠤᠯᠭᠠᠭᠠᠯᠭᠠᠬᠤ ᠦᠭᠡᠢ ᠰᠢᠦ 》 ᠭᠡᠵᠦ ᠬᠠᠰᠬᠢᠷᠴᠤ ᠭᠡᠨ᠎ᠡ ᠃  《ᠥᠭᠬᠦ ᠂ ᠥᠭᠬᠦ ᠦᠭᠡᠢ ᠨᠢ ᠬᠠᠮᠢᠶ᠎ᠠ ᠦᠭᠡᠢ ᠂ ᠬᠠᠷᠢᠨ ᠠᠮᠠ ᠥᠭᠭᠦᠭᠰᠡᠨ ᠶᠤᠮ ᠴᠢᠨᠢ ᠪᠢ  ᠵᠤᠯᠭᠠᠭᠠᠨ᠎ᠠ ! 》 ᠭᠡᠵᠦ ᠠᠩᠴᠢᠨ ‍ᠤ ᠬᠦᠦ ᠬᠡᠯᠡᠭᠡᠳ ᠴᠢᠤᠠᠬᠥᠷ ‍ᠦᠨ ᠦᠰᠦᠨ ᠎ᠡᠴᠡ ᠭᠠᠷ ᠎ᠲᠤ ᠎ᠪᠠᠨ ᠪᠠᠭᠲᠠᠭᠰᠠᠨ ‍ᠢ ᠨᠢ ᠵᠤᠯᠭᠠᠭᠠᠴᠢᠬᠠᠵᠠᠢ ᠭᠡᠨ᠎ᠡ ᠃
 ᠣᠢ ‍ᠶ᠋ᠢᠨ ᠬᠥᠮᠦᠨ ᠴᠦ᠍ ᠡᠪᠬᠡᠷᠡᠭᠡᠳ ᠬᠡᠪᠲᠡᠵᠦ ᠥᠭᠭᠦᠯ᠎ᠡ ᠃ ᠬᠦᠦ ᠴᠠᠭᠠᠰᠢ ᠨᠢ ᠢᠩᠭᠢᠵᠦ ᠶᠠᠷᠢᠵᠠᠢ  ᠃
 ᠪᠢ ᠨᠢᠭᠡ ᠤᠲᠠᠬ᠋᠎ᠠ ᠠᠩ ‍ᠲᠤ ᠶᠠᠪᠤᠭᠰᠠᠨ ᠶᠤᠮ ᠂ ᠨᠠᠭᠤᠷ ᠬᠦᠷᠦᠭᠡᠳ ᠨᠥᠭᠥᠭᠡ ᠡᠷᠬᠢ ᠳᠡᠭᠡᠷ᠎ᠡ ᠨᠢ ᠶᠠᠭᠠᠬᠢᠵᠤ ᠭᠠᠷᠬᠤ ᠪᠤᠢ ᠭᠡᠵᠦ ᠪᠣᠲᠣᠵᠤ ᠪᠠᠶ᠋ᠢᠯ᠎ᠠ ᠃ ᠲᠡᠭᠡᠲᠡᠯ᠎ᠡ ᠮᠣᠲᠣᠨ ᠳᠡᠭᠡᠷ᠎ᠡ ᠤᠯᠠᠨ ᠢᠯᠠᠬ᠋᠎ᠠ ᠰᠠᠭᠤᠵᠤ ᠪᠠᠶ᠋ᠢᠯ᠎ᠠ ᠃ ᠪᠦᠭᠦᠲᠡ ‍ᠶ᠋ᠢ ᠨᠢ ᠪᠠᠷᠢᠵᠤ ᠤᠲᠠᠰᠤ ᠎ᠪᠠᠷ ᠬᠣᠯᠪᠣᠵᠤ ᠤᠶᠠᠭᠠᠳ ᠥᠪᠡᠷ ‍ᠢᠶ᠋ᠡᠨ ᠤᠲᠠᠰᠤᠨ ‍ᠤ ᠨᠢᠭᠡ ᠦᠵᠦᠭᠦᠷ ᠎ᠡᠴᠡ ᠨᠢ ᠪᠠᠷᠢᠯ᠎ᠠ ᠃ ᠢᠯᠠᠬ᠋᠎ᠠ ᠎ᠨᠤᠭᠤᠳ ᠨᠢᠰᠴᠦ ᠨᠠᠮ᠎ᠠ ‍ᠶ᠋ᠢ ᠎ᠴᠤ᠌ ᠭᠡᠰᠡᠨ ᠪᠠᠰᠠ ᠡᠷᠭᠦᠯ᠎ᠡ ᠃ ᠨᠠᠭᠤᠷ ‍ᠤᠨ ᠭᠤᠤᠯ ‍ᠳᠤ ᠬᠦᠷᠲᠡᠯ᠎ᠡ ᠨᠥᠭᠥᠭᠡ ᠤᠲᠠᠰᠤ ᠲᠠᠰᠤᠷᠠᠴᠢᠬᠠᠯ᠎ᠠ ᠃ ᠪᠢ ᠨᠠᠭᠤᠷ ᠎ᠲᠤ ᠬᠡᠵᠢᠶ᠎ᠡ ᠮᠥᠤᠠᠲᠥ ᠦᠭᠡᠢ ᠵᠢᠪᠬᠦ ᠭᠡᠵᠦ ᠪᠠᠶ᠋ᠢᠯ᠎ᠠ ᠂ ᠲᠡᠭᠡᠲᠡᠯ᠎ᠡ ᠲᠡᠷᠡ ᠨᠠᠭᠤᠷ ᠎ᠲᠤ ᠨᠤᠭᠤᠰᠤ ᠎ᠨᠤᠭᠤᠳ ᠰᠡᠯᠢᠵᠦ ᠬᠠᠷᠠᠭᠲᠠᠯ᠎ᠠ ᠃ ᠪᠢ ᠎ᠴᠦ ᠨᠢᠭᠡᠨ ‍ᠦ ᠬᠢᠨᠢ ᠬᠥᠯ ᠎ᠡᠴᠡ ᠪᠠᠷᠢᠭᠠᠳ ᠠᠪᠲᠠᠯ᠎ᠠ ᠲᠡᠷᠡ ᠨᠠᠮ᠎ᠠ ‍ᠶ᠋ᠢ ᠡᠷᠬᠢ ᠳᠡᠭᠡᠷ᠎ᠡ ᠠᠪᠴᠢᠷᠠᠭᠰᠠᠨ ᠶᠤᠮ ᠃
 ᠲᠡᠭᠡᠭᠰᠡᠨ ᠴᠢᠨᠢ ᠭᠡᠨᠡᠤᠠᠲᠡ ᠪᠠᠭᠠᠪᠠᠭᠠᠢ ᠪᠠᠶ᠋ᠢᠵᠤ ᠪᠠᠶ᠋ᠢᠬᠤ ᠶᠤᠮ  ᠃
 ᠪᠢ ᠫᠤᠤᠲᠠᠬᠤ ᠭᠡᠳ ᠫᠤᠤ ᠎ᠪᠠᠨ ᠡᠷᠭᠦᠯ᠎ᠡ  ᠃ ᠬᠠᠷᠢᠨ ᠪᠠᠭᠠᠪᠠᠭᠠᠢ ᠄ 《 ᠴᠢ ᠨᠠᠮ᠎ᠠ ‍ᠶ᠋ᠢ ᠪᠢᠲᠡᠭᠡᠢ ᠫᠤᠤᠲᠠ ᠡ ᠂ ᠣᠷᠣᠨ ‍ᠲᠤ ᠨᠢ ᠴᠢᠮ᠎ᠠ ‍ᠲᠤ ᠶᠠᠭᠤ ᠬᠡᠷᠡᠭᠲᠡᠢ ᠪᠤᠯ  ᠬᠡᠯᠡᠴᠢᠬᠡ  》ᠭᠡᠬᠦ ᠎ᠪᠡᠷ ᠨᠢ ᠪᠢ ᠄ 《 ᠭᠠᠯ ᠲᠦᠯᠡ ᠂ ᠪᠢ ᠳᠠᠭᠠᠷᠠᠵᠤ ᠪᠠᠶ᠋ᠢᠨ᠎ᠠ  !》 ᠭᠡᠵᠦ ᠬᠡᠯᠡᠭᠰᠡᠨ ᠶᠤᠮ ᠂ ᠲᠡᠭᠡᠲᠡᠯ᠎ᠡ ᠪᠠᠭᠠᠪᠠᠭᠠᠢ ᠨᠠᠲᠠ ‍ᠲᠤ  ᠄ 《ᠪᠢ ᠶᠠᠭᠠᠬᠢᠵᠤ ᠭᠠᠯ ᠭᠠᠷᠭᠠᠬᠤ ᠶᠤᠮ ᠪᠤᠢ ᠨᠠᠲᠠ ‍ᠲᠤ ᠭᠠᠯ ᠭᠠᠷᠭᠠᠬᠤ ᠵᠦᠢᠯ ᠪᠠᠶ᠋ᠢᠬᠤ ᠦᠭᠡᠢ ᠬᠡᠷᠪᠡ ᠬᠦᠰᠡᠵᠦ ᠪᠠᠶ᠋ᠢᠪᠠᠯ ᠮᠢᠨᠦ ᠨᠢᠷᠤᠭᠤᠨ ᠳᠡᠭᠡᠷ᠎ᠡ ᠰᠠᠭᠤ ᠂ ᠪᠢ ᠴᠢᠮ᠎ᠠ ‍ᠶ᠋ᠢ ᠭᠠᠯ ᠪᠠᠶ᠋ᠢᠲᠠᠭ ᠭᠠᠵᠠᠷ ᠎ᠲᠤ ᠬᠦᠷᠭᠡᠭᠡᠳ ᠥᠭᠭᠦᠶ᠎ᠡ  》ᠭᠡᠰᠡᠨ ᠶᠤᠮ ᠃
 ᠪᠢ ᠎ᠴᠦ ᠪᠠᠭᠠᠪᠠᠭᠠᠢ  ‍ᠶ᠋ᠢᠨ ᠳᠡᠭᠡᠷ᠎ᠡ ᠮᠣᠷᠲᠠᠯ᠎ᠠ ᠂ ᠲᠡᠭᠡᠭᠡᠳ ᠪᠠᠭᠠᠪᠠᠭᠠᠢ ᠨᠠᠮ᠎ᠠ ‍ᠶ᠋ᠢ ᠣᠢ ᠨᠠᠮᠤᠭ ᠭᠣᠣᠯ ᠨᠠᠭᠤᠷ ‍ᠢ ᠲᠤᠭᠤᠯᠤᠨ ᠳᠠᠪᠬᠢᠭᠰᠠᠭᠠᠷ ᠴᠢᠮ᠎ᠠ ᠳᠡᠭᠡᠷ᠎ᠡ ᠠᠪᠴᠢᠷᠠᠯ᠎ᠠ ᠂ ᠬᠠᠷᠢᠨ ᠴᠢ ᠨᠠᠲᠠ ‍ᠲᠤ ᠭᠠᠯ ᠥᠭᠬᠦ ᠦᠭᠡᠢ ᠭᠡᠳ ᠯᠡ ᠪᠠᠶ᠋ᠢᠬᠤ ᠶᠤᠮ ᠭᠡᠰᠡᠨ ‍ᠢᠶ᠋ᠡᠨ ᠂  《ᠬᠦᠢ ᠪᠠᠭᠠᠪᠠᠭᠠᠢ !》 ᠭᠡᠵᠦ ᠠᠩᠴᠢᠨ ‍ᠤ ᠬᠦᠦ ᠴᠣᠩᠬᠣ ᠤᠷᠤᠭᠤ ᠬᠠᠷᠠᠭᠠᠳ ᠬᠠᠰᠬᠢᠷᠴᠤ ᠭᠡᠨ᠎ᠡ ᠃ ᠲᠡᠭᠡᠭᠰᠡᠨ ‍ᠢᠶ᠋ᠡᠨ ᠄ 《ᠪᠠᠶ᠋ᠢᠰᠢᠩ ‍ᠲᠤ ᠣᠷᠣᠵᠤ ᠢᠷᠡᠭᠡᠳ ᠡᠨᠡ ᠴᠢᠤᠠᠬᠥᠷ ‍ᠢ ᠪᠣᠭᠣᠭᠠᠳ ᠴᠠᠭᠠᠰᠢ ᠨᠢ ᠬᠠᠷᠠᠭᠤᠯᠴᠢᠬ᠎ᠠ ! 》 ᠭᠡᠵᠦ ᠬᠡᠯᠡᠲᠡᠯ᠎ᠡ ᠂ ᠣᠢ ‍ᠶ᠋ᠢᠨ ᠬᠥᠮᠦᠨ ᠶᠠᠭ ᠮᠣᠷᠲ ᠠᠶᠤᠭᠰᠠᠨ ‍ᠳᠤ ᠎ᠪᠠᠨ ᠴᠡᠴᠡᠷᠡᠵᠦ ᠡᠬᠢᠯᠡᠯ᠎ᠡ ᠃
 《 ᠬᠦᠰᠡᠭᠰᠡᠨ  ‍ᠢᠶ᠋ᠡᠨ ᠠᠪ ᠡ ᠂ ᠭᠡᠬᠦ ‍ᠲᠦ ᠎ᠪᠡᠨ ᠪᠠᠭᠠᠪᠠᠭᠠᠢ ᠎ᠪᠠᠨ ᠠᠪᠤᠭᠠᠳ ᠶᠠᠪᠤᠭᠠᠷᠠᠢ ! 》 ᠭᠡᠵᠦ ᠭᠡᠨ᠎ᠡ ᠃ ᠲᠡᠭᠡᠬᠦ ᠎ᠪᠡᠷ ᠨᠢ ᠬᠦᠦ ᠄ 《ᠦᠭᠡᠢ ᠬᠥᠮᠦᠰ ‍ᠢ ᠪᠢᠲᠡᠭᠡᠢ ᠠᠶᠤᠯᠭᠠᠵᠤ ᠪᠠᠶ᠋ᠢᠭᠠᠷᠠᠢ ᠂ ᠲᠡᠭᠡᠬᠦ ᠦᠭᠡᠢ ᠶᠤᠮ ᠪᠣᠯ ᠴᠢᠮ᠎ᠠ ‍ᠶ᠋ᠢ ᠪᠠᠭᠠᠪᠠᠭᠠᠢ ᠎ᠪᠠᠷ ᠬᠠᠰᠢᠷᠠᠭᠠᠭᠠᠳ ᠥᠭᠭᠦᠨ᠎ᠡ ᠰᠢᠦ  ᠃ 》
 ᠢᠩᠭᠢᠵᠦ ᠬᠡᠯᠡᠭᠡᠳ ᠠᠩᠴᠢᠨ ‍ᠤ ᠪᠠᠬ᠋᠎ᠠ ᠬᠦᠦ ᠳᠠᠬᠢᠭᠠᠳ ᠯᠠ ᠴᠣᠩᠬᠣ ᠤᠷᠤᠭᠤ ᠬᠠᠷᠠᠭᠠᠳ ᠄ 《 ᠪᠠᠭᠠᠪᠠᠭᠠᠢ ᠨᠠᠭᠠᠰᠢ ᠎ᠪᠡᠨ ᠬᠦᠷᠦᠭᠡᠳ ᠢᠷ᠎ᠡ 》 ᠭᠡᠵᠦ ᠬᠠᠰᠬᠢᠷᠤᠯ᠎ᠠ ᠃
 ᠲᠡᠭᠡᠲᠡᠯ᠎ᠡ ᠣᠢ ‍ᠶ᠋ᠢᠨ ᠬᠥᠮᠦᠨ ᠄  《ᠥ ᠂ ᠪᠠᠭᠠᠪᠠᠭᠠᠢ ‍ᠶ᠋ᠢ ᠪᠢᠲᠡᠭᠡᠢ ᠣᠷᠣᠭᠤᠯᠤᠭᠠᠴᠢ ᠳ᠋ᠠ ᠂ ᠪᠢ ᠬᠦᠰᠡᠭᠰᠡᠨ ‍ᠢ ᠴᠢᠨᠢ ᠥᠭᠭᠦᠶ᠎ᠡ ᠯᠡ ᠳ᠋ᠠ 》 ᠭᠡᠳ ᠤᠬᠢᠯᠠᠵᠤ ᠭᠡᠨ᠎ᠡ ᠃ ᠡᠶ᠋ᠢᠨ ‍ᠬᠦ ᠠᠩᠴᠢᠨ ‍ᠤ ᠪᠠᠬ᠋᠎ᠠ ᠬᠦᠦ ᠣᠢ ‍ᠶ᠋ᠢᠨ ᠬᠥᠮᠦᠨ ᠶᠠᠭ ᠮᠣᠷᠲ ‍ ‍ᠶ᠋ᠢ ᠢᠯᠠᠭᠠᠳ ᠬᠦᠰᠡᠵᠦ ᠵᠣᠷᠢᠵᠤ ᠣᠴᠢᠭᠰᠠᠨ ᠭᠠᠯ ‍ᠢᠶ᠋ᠠᠨ ᠠᠪᠤ ᠠᠬ᠎ᠠ ᠨᠠᠷ ᠎ᠲᠤ ᠎ᠪᠠᠨ ᠠᠪᠤᠭᠠᠳ ᠣᠴᠢᠵᠤ ᠠᠮᠤᠷ ᠰᠠᠶ᠋ᠢᠬᠠᠨ ‍ᠳᠤ ᠎ᠪᠠᠨ ᠵᠢᠷᠭᠠᠵᠤ ᠭᠡᠨ᠎ᠡ ᠃