ᠪᠠᠶᠠᠨ ᠴᠠᠩᠬᠤᠭ- ᠤᠷᠠᠩᠭᠣᠸ᠋᠎ᠠ-ᠣᠷᠳᠣᠰ ᠠᠷᠠᠳ ‍ᠤᠨ ᠳᠠᠭᠤᠤБаян цанхог-урангоо ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠶᠠᠨ ᠴᠠᠩᠬᠤᠭ- ᠤᠷᠠᠩᠭᠣᠸ᠋᠎ᠠ-ᠣᠷᠳᠣᠰ ᠠᠷᠠᠳ ‍ᠤᠨ ᠳᠠᠭᠤᠤБаян цанхог-урангоо

ᠪᠠᠶᠠᠨ ᠴᠠᠩᠬᠤᠭ- ᠤᠷᠠᠩᠭᠣᠸ᠋᠎ᠠ-ᠣᠷᠳᠣᠰ ᠠᠷᠠᠳ ‍ᠤᠨ ᠳᠠᠭᠤᠤБаян цанхог-урангоо

2023-01-11

427

ᠪᠠᠶᠠᠨ ᠴᠠᠩᠬᠤᠭ

   ᠣᠷᠳᠣᠰ ᠠᠷᠠᠳ ‍ᠤᠨ ᠳᠠᠭᠤᠤ
   ᠳᠠᠭᠤᠴᠢᠨ ᠄ ᠤᠷᠠᠩᠭᠣᠸ᠋᠎ᠠ

ᠠᠯᠲᠠᠨ ᠭᠠᠨᠳᠠᠷᠢ ᠠᠭᠤᠢ ‍ᠶ᠋ᠢᠨ ᠣᠷᠣᠢ
ᠮᠠᠨ ‍ᠤ ᠨᠤᠲᠤᠭ ᠰᠢᠦ
ᠠᠯᠠᠭᠰᠢᠬᠰᠠᠨ ᠪᠠᠶᠠᠨ ᠴᠠᠩᠬᠤᠭ
ᠮᠠᠯ ‍ᠤᠨ ᠪᠡᠯᠴᠢᠭᠡᠷ ᠰᠢᠦ
ᠮᠠᠩᠬ᠎ᠠ ᠪᠤᠯᠠᠭ ᠮᠠᠳᠠᠷ ‍ᠤᠨ ᠪᠦᠷᠢᠳᠦ
ᠮᠠᠯ ‍ᠤᠨ ᠮᠢᠨᠢ ᠤᠮᠳᠠ ᠰᠢᠦ
ᠮᠠᠨᠠᠷᠠᠵᠤ ᠬᠠᠷᠠᠭᠳᠠᠬᠤ ᠡᠵᠡᠨ ᠬᠣᠷᠣᠭ᠎ᠠ
ᠮᠢᠨᠦ ᠨᠤᠲᠤᠭ ᠰᠢᠦ

ᠲᠠᠪᠤᠨ ᠬᠠᠶ᠋ᠢᠯᠠᠰᠤ ᠵᠢᠬᠢ ‍ᠶ᠋ᠢᠨ ᠰᠢᠯᠢ
ᠲᠠᠭᠠᠲᠠᠢ ᠨᠤᠲᠤᠭ ᠰᠢᠦ
ᠲᠥᠷᠥᠯ ᠰᠠᠳᠤᠨ ᠮᠢᠨᠢ ᠰᠠᠭᠤᠭᠰᠠᠭᠠᠷ ᠢᠷᠡᠭᠰᠡᠨ
ᠰᠠᠶ᠋ᠢᠬᠠᠨ ᠬᠥᠳᠡᠭᠡ ᠰᠢᠦ
ᠪᠣᠭᠳᠠ ᠡᠵᠡᠨ ‍ᠢ ᠳᠠᠭᠢᠬᠰᠠᠭᠠᠷ ᠢᠷᠡᠭᠰᠡᠨ
ᠳᠠᠷᠬᠠᠨ ᠨᠤᠲᠤᠭ ᠰᠢᠦ
ᠪᠦᠭᠦᠳᠡ ᠮᠥᠷᠭᠥᠯᠴᠢᠨ ᠴᠤᠭᠯᠠᠷᠠᠭᠰᠠᠨ
ᠡᠵᠡᠨ ᠬᠣᠷᠣᠭ᠎ᠠ ᠰᠢᠦ

ᠦᠯᠦ ᠪᠤᠭᠤ ‍ᠶ᠋ᠢᠨ ᠪᠡᠯᠴᠢᠭᠡᠷ ᠪᠠᠶ᠋ᠢᠬᠰᠠᠨ
ᠥᠩᠰᠢᠭ ᠨᠤᠲᠤᠭ ᠰᠢᠦ
ᠥᠭᠡᠯᠵᠢᠨ ᠰᠢᠪᠠᠭᠤ ᠳᠣᠩᠭᠣᠳᠤᠭᠰᠠᠨ
ᠠᠮᠤᠭᠤᠯᠠᠩ ‍ᠤᠨ ᠣᠷᠣᠨ ᠰᠢᠦ
ᠲᠠᠭᠠᠲᠠᠢ ᠲᠥᠷᠥᠭᠰᠡᠨ ᠪᠠᠶᠠᠨ ᠴᠠᠩᠬᠤᠭ
ᠲᠠᠯ᠎ᠠ ᠨᠤᠲᠤᠭ ᠰᠢᠦ
ᠲᠣᠭᠯᠠᠵᠤ ᠥᠰᠦᠭᠰᠡᠨ ᠡᠵᠡᠨ ᠬᠣᠷᠣᠭ᠎ᠠ
ᠮᠢᠨᠦ ᠨᠤᠲᠤᠭ ᠰᠢᠦ
ᠮᠢᠨᠦ ᠨᠤᠲᠤᠭ ᠰᠢᠦ