ᠪᠣᠲᠣᠭᠣБотго
ᠠᠩᠭᠢᠯᠠᠯ:ᠰᠢᠯᠦᠭ ᠢᠷᠠᠭᠤ ᠨᠠᠢᠷᠠᠭШүлэг Яруу найраг 2023-01-20
309
ᠪᠣᠲᠣᠭᠣ ᠬᠠᠷᠠᠬᠠᠨ
ᠨᠢᠳᠦ ᠲᠡᠢ
ᠬᠠᠯᠲᠠᠷᠬᠠᠨ ᠬᠠᠮᠠᠷ
ᠲᠠᠢ
ᠰᠦᠭᠡᠪᠦᠭᠡᠷᠬᠡᠨ
ᠵᠣᠭᠳᠣᠷ ᠲᠠᠢ
ᠰᠦᠷᠪᠡᠭᠡᠭᠡᠨ ᠬᠥᠮᠥᠰᠬᠡ
ᠲᠡᠢ
ᠬᠥᠭᠡᠷᠦᠬᠦᠨ ᠪᠣᠲᠣᠭᠣ
ᠮᠢᠨᠢ
ᠬᠥᠭᠵᠢᠯᠲᠡᠢ ᠴᠤ᠌
ᠠᠮᠢᠲᠠᠨ ᠳᠠ
ᠪᠤᠢᠯᠠᠪᠠᠨ ᠬᠢᠯᠭᠡᠭᠡᠳ
ᠪᠤᠷᠠᠨᠲᠠᠭ ᠢᠶᠠᠨ ᠵᠡᠭᠦᠯᠭᠡᠭᠡᠳ
ᠲᠡᠮᠡᠭᠡᠨ ᠤ ᠵᠡᠷᠭᠡ ᠳᠦ
ᠬᠦᠷᠴᠦ
ᠲᠡᠭᠡᠭᠡᠪᠦᠷᠢ ᠶᠢᠨ ᠵᠠᠮ ᠳᠦ
ᠭᠠᠷᠤᠨ᠎ᠠ
ᠬᠥᠭᠡᠷᠦᠬᠦᠨ ᠪᠣᠲᠣᠭᠣ
ᠮᠢᠨᠢ
ᠬᠦᠴᠦ ᠲᠡᠢ ᠴᠤ᠌
ᠠᠮᠢᠲᠠᠨ ᠳᠠ