ᠪᠦᠯᠬᠦᠮᠳᠡᠯ ᠦᠨ ᠲᠤᠬᠠᠢ ᠵᠦᠢᠷ ᠰᠡᠴᠡᠨ ᠦᠭᠡБүлхэмдлийн тухай зүйр цэцэн үг ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠬᠦᠮᠳᠡᠯ ᠦᠨ ᠲᠤᠬᠠᠢ ᠵᠦᠢᠷ ᠰᠡᠴᠡᠨ ᠦᠭᠡБүлхэмдлийн тухай зүйр цэцэн үг

ᠪᠦᠯᠬᠦᠮᠳᠡᠯ ᠦᠨ ᠲᠤᠬᠠᠢ ᠵᠦᠢᠷ ᠰᠡᠴᠡᠨ ᠦᠭᠡБүлхэмдлийн тухай зүйр цэцэн үг

2023-02-21

1811

ᠡᠪᠯᠡᠪᠡᠯ ᠡᠪᠳᠡᠷᠡᠯ ᠠᠯᠠᠭ᠎ᠠ 
ᠵᠥᠪᠳᠡᠪᠡᠯ ᠵᠠᠳᠠᠷᠠᠯ ᠠᠯᠠᠭ᠎ᠠ᠃
 
ᠡᠪᠯᠡᠪᠡᠯ ᠣᠢᠷᠠᠲᠤᠨ᠎ᠠ᠂
ᠬᠣᠪᠯᠠᠪᠠᠯ ᠬᠣᠯᠠᠳᠠᠨ᠎ᠠ᠃

ᠡᠪᠳᠡᠷᠡᠬᠦ ᠨᠢᠭᠡ ᠡᠳᠦᠷ ᠪᠠᠢᠬᠤ ᠳᠤ 
ᠡᠪᠯᠡᠷᠡᠬᠦ ᠨᠢᠭᠡ ᠡᠳᠦᠷ ᠪᠠᠢᠨ᠎ᠠ᠃

ᠡᠪᠲᠦ ᠱᠠᠭᠠᠵᠠᠭᠠᠢ ᠪᠤᠭᠤ ᠪᠠᠷᠢᠨ᠎ᠠ᠃

ᠢᠯᠠᠯᠲᠠ ᠶ᠋ᠢᠨ ᠰᠠᠭᠤᠷᠢ ᠨᠢ ᠪᠦᠯᠬᠦᠮᠳᠡᠯ 
ᠢᠯᠠᠭᠳᠠᠯ ᠤ᠋ᠨ ᠦᠨᠳᠦᠰᠦ ᠨᠢ ᠬᠠᠭᠠᠴᠠᠯ᠂

ᠣᠯᠠᠨ ᠤ᠋ ᠬᠦᠴᠦ ᠠᠭᠤᠯᠠ ᠶ᠋ᠢ ᠨᠡᠭᠦᠯᠭᠡᠨ᠎ᠡ᠃
ᠣᠯᠠᠨ ᠤ᠋ ᠬᠦᠴᠦᠨ ᠳ᠋ᠦ᠍ ᠣᠪᠣᠭ᠎ᠠ ᠬᠥᠳᠡᠯᠦᠨ᠎ᠡ᠃

ᠣᠯᠠᠨ ᠲᠠᠢ ᠶᠠᠪᠤᠪᠠᠯ ᠲᠠᠯ᠎ᠠ ᠶ᠋ᠢᠨ ᠴᠢᠨᠡᠭᠡᠨ 
ᠣᠨᠴᠠᠭᠠᠢ ᠶᠠᠪᠤᠪᠠᠯ ᠠᠯᠠᠭ᠎ᠠ ᠶ᠋ᠢᠨ ᠴᠢᠨᠡᠭᠡᠨ᠃

ᠣᠯᠠᠨ ᠬᠥᠮᠦᠨ ᠬᠦᠴᠦᠲᠡᠢ
ᠣᠢ ᠮᠣᠳᠣ ᠨᠥᠮᠥᠷᠢ ᠲᠡᠢ᠃

ᠣᠯᠠᠨ ᠬᠦᠴᠦᠲᠡᠢ ᠦᠨᠡᠨ ᠠᠴᠢᠲᠠᠢ᠃

ᠣᠯᠠᠨ ᠬᠦᠴᠦᠲᠡᠢ ᠲᠦᠮᠡᠨ ᠲᠦᠯᠬᠢᠴᠡᠲᠡᠢ᠃

ᠬᠠᠮᠲᠤᠷᠠᠪᠠᠯ ᠪᠤᠶᠠᠨ
ᠬᠠᠭᠠᠴᠠᠪᠠᠯ ᠵᠣᠪᠠᠯᠠᠩ᠃

ᠪᠦᠭᠦᠳᠡᠭᠡᠷ ᠢ᠋ᠶ᠋ᠡᠨ ᠵᠥᠪᠯᠡᠪᠡᠯ ᠪᠤᠷᠤᠭᠤ ᠦᠭᠡᠢ
ᠪᠦᠯᠢᠶᠡᠨ ᠤᠰᠤ ᠪᠠᠷ ᠤᠬᠢᠶᠠᠪᠠᠯ ᠭᠬᠢᠷ ᠦᠭᠡᠢ᠃

ᠪᠦᠯᠬᠦᠮᠳᠡᠯ ᠦᠭᠡᠢ ᠪᠣᠯ ᠰᠠᠷᠨᠢᠨ᠎ᠠ
ᠪᠥᠭᠡᠮᠨᠡᠷᠡᠬᠦ ᠥᠬᠡᠢ ᠪᠣᠯ ᠪᠤᠲᠠᠷᠠᠨ᠎ᠠ᠃

ᠳᠣᠣᠷ᠎ᠠ ᠳᠣᠣᠷ᠎ᠠ ᠪᠠᠨ ᠰᠠᠢᠬᠠᠨ ᠶᠠᠪᠤᠯᠴᠠ
ᠳᠣᠲᠣᠷ᠎ᠠ ᠳᠣᠲᠣᠷ᠎ᠠ ᠪᠠᠨ ᠰᠠᠢᠨ ᠪᠦᠯᠬᠦᠮᠳᠡ᠃

ᠳᠤᠤᠭᠠᠷᠪᠠᠯ ᠳᠠᠭᠤ ᠨᠢᠭᠡᠲᠡᠢ 
ᠳᠤᠭᠲᠤᠷᠪᠠᠯ ᠬᠦᠴᠦ ᠨᠢᠭᠡᠲᠡᠢ᠃

ᠬᠠᠮᠲᠤᠷᠠᠵᠤ ᠬᠢᠪᠡᠯ ᠴᠢᠨᠠᠷ ᠲᠠᠢ
ᠬᠠᠨᠢᠯᠠᠵᠤ ᠶᠠᠪᠤᠪᠠᠯ ᠬᠥᠭᠵᠢᠯ ᠲᠡᠢ᠃

ᠭᠠᠭᠴᠠ ᠮᠣᠳᠣ ᠭᠠᠯ ᠪᠣᠯᠬᠤ ᠦᠭᠡᠢ 
ᠭᠠᠭᠴᠠ ᠬᠥᠮᠦᠨ ᠠᠢᠯ ᠪᠣᠯᠬᠤ ᠦᠭᠡᠢ᠃

ᠭᠠᠭᠴᠠ ᠰᠢᠷᠬᠡᠭ ᠤᠲᠠᠰᠤ ᠪᠣᠯᠬᠤ ᠦᠭᠡᠢ 
ᠭᠠᠭᠴᠠ ᠮᠣᠳᠣ ᠰᠢᠭᠤᠢ ᠪᠣᠯᠬᠤ ᠦᠭᠡᠢ᠃

ᠭᠠᠭᠴᠠ ᠲᠣᠭᠣᠰᠬ᠎ᠠ ᠬᠡᠷᠡᠮ ᠪᠣᠯᠬᠤ ᠦᠭᠡᠢ 
ᠭᠠᠭᠴᠠ ᠨᠢᠷᠤᠭᠤ ᠪᠠᠢᠰᠢᠩ ᠪᠣᠯᠬᠤ ᠦᠭᠡᠢ᠃

ᠴᠤᠪᠤᠵᠤ ᠶᠠᠪᠤᠭᠰᠠᠨ ᠪᠠᠷᠰ ᠠ᠋ᠴᠠ
ᠴᠤᠭᠯᠠᠵᠤ ᠰᠠᠭᠤᠭᠰᠠᠨ ᠱᠠᠭᠠᠵᠠᠭᠠᠢ ᠳᠡᠭᠡᠷ᠎ᠡ᠃

ᠴᠥᠭᠡᠬᠡᠨ ᠮᠣᠩᠭᠣᠯ ᠪᠢᠳᠡ
ᠡᠪᠲᠡᠢ ᠪᠠᠢᠪᠠᠯ ᠬᠦᠴᠦᠲᠡᠢ᠃