ᠭᠠᠯᠴᠢ ᠪᠦᠰᠡᠭᠦᠢ – ᠳ · ᠰᠠᠮᠪᠤᠤ Галч бүсгүй – Л · Самбуу ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯᠴᠢ ᠪᠦᠰᠡᠭᠦᠢ – ᠳ · ᠰᠠᠮᠪᠤᠤ Галч бүсгүй – Л · Самбуу

ᠭᠠᠯᠴᠢ ᠪᠦᠰᠡᠭᠦᠢ – ᠳ · ᠰᠠᠮᠪᠤᠤ Галч бүсгүй – Л · Самбуу

2023-02-21

712

ᠭᠠᠯᠴᠢ ᠪᠦᠰᠡᠬᠦᠢ


                                          ᠳ · ᠰᠠᠮᠪᠤᠤ
     ᠨᠠᠮᠤᠷ ᠦ᠋ᠨ ᠰᠢᠷ᠎ᠠ ᠨᠠᠷᠠᠨ ᠪᠠᠷᠠᠭᠤᠨᠰᠢ ᠬᠡᠯᠪᠡᠶ᠋ᠢᠵᠦ ᠰᠢᠲᠠᠮ᠎ᠠ ᠬᠠᠯᠠᠭᠤᠨ ᠢᠯᠴᠢ ᠢᠳᠡᠭ ᠢᠳᠡᠭ ᠶ᠋ᠢᠡᠷ ᠪᠠᠭᠤᠷᠠᠭᠰᠠᠭᠠᠷ ᠪᠠᠶ᠋ᠢᠪᠠ ᠃
     ᠵᠠᠯᠠᠭᠤ ᠰᠢᠤᠲᠠᠨᠴᠢ ᠰᠡᠮᠲᠡᠨ ᠪ ᠥᠴᠥᠭᠡᠲᠦᠷᠬᠡᠨ ᠠᠲᠤᠭᠤᠨ ᠠ᠋ᠴᠠ ᠪᠠᠨ ᠪᠠᠷᠢᠵᠤ ᠤᠨᠤᠭᠰᠠᠨ ᠰᠠᠭᠠᠷᠠᠯ ᠮᠣᠷᠢ ᠨᠢ ᠬᠠᠯᠠᠭᠤᠨ ᠨᠠᠮᠤᠷ ᠦ᠋ᠨ ᠴᠠᠭ ᠲᠤ ᠬᠠᠭᠠᠰ ᠡᠲᠦᠷ ᠶ᠋ᠢᠠᠷ ᠬᠡᠰᠦᠨ ᠳᠠᠪᠬᠢᠬᠰᠠᠨ ᠠ᠋ᠴᠠ ᠨᠢᠭᠡᠨᠲᠡ ᠤᠰᠤᠨ  ᠳᠦ ᠤᠨᠠᠭᠰᠠᠨ ᠬᠤᠯᠤᠭᠠᠨ᠎ᠠ ᠰᠢᠭ᠋ ᠵᠤᠯᠪᠤᠶ᠋ᠢᠪᠠ ᠃
     ᠰᠡᠮᠲᠡᠨ ᠤᠷᠮ᠎ᠠ ᠮᠠᠭᠤᠲᠠᠶ᠋ᠢᠬᠠᠨ ᠠᠯᠬᠤᠭᠤᠯᠤᠭᠰᠠᠭᠠᠷ ᠳᠣᠪᠣ ᠶ᠋ᠢᠨ ᠣᠷᠣᠢ ᠳᠦ ᠭᠠᠷᠴᠤ ᠮᠣᠷᠢᠨ ᠠ᠋ᠴᠠ ᠪᠠᠨ ᠪᠠᠭᠤᠭᠠᠳ ᠪᠥᠰᠡᠨ ᠪ ᠪᠡᠨ ᠦᠵᠦᠭᠦᠷ ᠶ᠋ᠢᠡᠷ ᠬᠥᠯᠥᠰᠥ ᠪᠡᠨ ᠠᠷᠴᠢᠵᠤ ᠳᠠᠬᠢᠨ ᠴᠢᠩᠭᠠᠯᠠᠨ ᠪᠦᠰᠡᠯᠡᠪᠡ ᠃
     ᠰᠡᠮᠲᠡᠨ ᠰᠠᠯᠬᠢᠨ ᠥᠭᠡᠲᠡ ᠬᠠᠷᠠᠵᠤ ᠴᠢᠬᠢ ᠳᠠᠷᠤᠨ ᠵᠣᠭᠰᠣᠭᠰᠠᠨ ᠮᠣᠷᠢ ᠪᠠᠨ ᠦᠵᠡᠭᠡᠳ ᠬᠥᠮᠥᠰᠬᠡ ᠵᠠᠩᠭᠢᠲᠤᠨ ᠥᠷᠥ ᠡᠪᠡᠳᠦᠭᠰᠡᠨ ᠶᠠᠩᠵᠤ ᠲᠠᠢ ᠪᠠᠷ ᠄ 《 ᠵᠠ · ᠬᠥᠭᠡᠷᠦᠬᠦᠢ ᠮᠢᠨᠢ ᠂ ᠴᠢ ᠴᠦ᠍ ᠴᠢᠯᠡᠭᠡᠳ ᠰᠡᠮᠲᠡᠨ ᠴᠦ᠍ ᠲᠡᠩᠬᠡᠭᠡ ᠲᠠᠰᠤᠷᠠᠯ᠎ᠠ ᠰᠢᠦ ᠃ ᠪᠢᠲᠡ ᠬᠣᠶᠠᠭᠤᠯᠠ ᠠᠲᠠᠯᠢᠬᠠᠨ ᠬᠥᠯᠥᠰᠥ ᠪᠡᠨ ᠤᠷᠤᠰᠬᠠᠯ᠎ᠠ ᠃ ᠢᠩᠭᠢᠵᠦ ᠬᠥᠯᠥᠰᠥ ᠪᠡᠨ ᠭᠣᠭᠣᠵᠢᠭᠤᠯᠵᠤ ᠂ ᠬᠦᠴᠦ ᠪᠡᠨ ᠰᠦᠢᠤᠠᠬᠡᠭᠡᠳ ᠥᠨᠥ ᠨᠣ‍ ᠱᠦᠵᠢ ᠲᠡᠢ ᠨᠢᠭᠤᠷ ᠵᠣᠯᠭᠠᠬᠤ ᠪᠠᠶ᠋ᠢᠲᠤᠭᠠᠢ ᠣᠷᠣᠨ ᠰᠠᠭᠤᠴᠠ ᠶ᠋ᠢ ᠨᠢ ᠴᠦ᠍ ᠣᠯᠵᠤ ᠦᠵᠡᠭᠡᠲᠦᠢ ᠰᠢᠦ ᠳ᠋ᠡ 》 ᠭᠡᠵᠦ ᠮᠣᠷᠢᠨ ᠪ ᠪᠠᠨ ᠲᠡᠰᠢᠶ᠎ᠡ ᠤᠷᠤᠭᠤ ᠬᠥᠯᠥᠰᠥ ᠶ᠋ᠢ ᠨᠢ ᠰᠢᠪᠲᠤᠷᠠᠭᠠᠳ ᠴᠤᠯᠪᠤᠭᠤᠷ ᠶ᠋ᠢᠠᠨ ᠲᠠᠬᠢᠮ  ᠳᠦ ᠪᠠᠨ ᠬᠠᠪᠴᠢᠭᠤᠯᠵᠤ ᠬᠢᠯᠭᠠᠨ᠎ᠠ ᠶ᠋ᠢᠨ ᠨᠠᠮᠠᠭᠠᠨ ᠠ᠋ᠴᠠ ᠲᠠᠰᠤᠲᠠᠵᠤ ᠠᠪᠤᠭᠠᠳ ᠵᠠᠵᠢᠯᠵᠤ ᠠᠯᠤᠰ ᠊ᠢ ᠪᠠᠷᠠᠯᠠᠨ᠎ᠠ ᠃
     ᠰᠠᠮᠲᠡᠨ ᠡᠨᠡ ᠮᠡᠲᠦ ᠠᠯᠲᠠᠭ ᠣᠨᠣᠭ ᠠᠰᠠᠭᠤᠨ ᠰᠤᠷᠬᠠᠯᠠᠵᠤ ᠬᠠᠭᠠᠰ ᠡᠲᠦᠷ ᠲᠣᠭᠣᠷᠢᠬᠰᠠᠨ ᠪᠣᠯᠪᠠᠴᠤ ᠨᠢᠭᠡᠲᠦᠯ ᠦ᠋ᠨ ᠨᠣ‍ ᠱᠦᠵᠢ ᠶ᠋ᠢ ᠡᠷᠢᠭᠡᠳ ᠣᠯᠤᠭᠰᠠᠨ ᠦᠭᠡᠢ  ᠳᠦ ᠪᠡᠨ ᠤᠴᠠᠭᠠᠷ ᠭᠦᠷᠦᠨ ᠰᠠᠭᠠᠷᠠᠯ ᠮᠣᠷᠢ ᠪᠠᠨ ᠬᠠᠷᠠᠬᠤ ᠲᠣᠲᠣᠮ ᠠᠭᠤᠷ ᠨᠢ ᠬᠥᠲᠡᠯᠦᠨ᠎ᠡ ᠃ 《 ᠬᠡᠩ ! ᠨᠣᠭᠣᠭᠠᠨ ᠪ ᠮᠣᠷᠢ ᠪᠣᠯᠣᠭᠰᠠᠨ ᠪᠣᠯ  ᠬᠦᠭᠵᠢᠯᠲᠦ ᠶ᠋ᠢᠨ ᠨᠣᠭᠣᠭᠠᠨ ᠲᠠᠯ᠎ᠠ ᠶ᠋ᠢ ᠬᠠᠭᠠᠰ ᠡᠲᠦᠷ ᠲᠣᠭᠣᠷᠢᠬᠤ ᠪᠠᠶ᠋ᠢᠲᠤᠭᠠᠢ ᠬᠥᠪᠴᠢᠨ ᠳᠡᠯᠡᠬᠡᠢ ᠶ᠋ᠢ ᠵᠢᠯ ᠶ᠋ᠢᠡᠷ ᠲᠣᠭᠣᠷᠢᠬᠰᠠᠨ ᠴᠦ᠍ ᠶᠣ᠋ ᠭᠡᠬᠦ ᠠᠪᠤ ᠶ᠋ᠢᠨ ᠬᠦᠦ ᠪᠢᠰᠢ ᠰᠢᠤ ᠳ᠋ᠠ ᠂ ᠥᠨᠥᠬᠢ ᠨᠣ‍ ᠱᠦᠵᠢ ᠴᠦ᠍ ᠡᠲᠦᠷ ᠦ᠋ᠨ ᠣᠲᠣ ᠰᠢᠭ᠋ ᠦᠵᠡᠬᠦ  ᠳᠦ ᠪᠡᠷᠬᠡ ᠲᠡᠢ ᠭᠡᠵᠦ ᠬᠡᠨ ᠰᠠᠨᠠᠪᠠ ᠳ᠋ᠠ ᠃ ᠵᠦᠭᠡᠷ ᠯᠡ ᠠᠯᠪᠠᠨ ᠰᠢᠷᠡᠭᠡᠨ ᠪ ᠪᠡᠨ ᠠᠷᠤ  ᠳᠦ ᠠᠨᠤᠬᠠᠨ ᠰᠠᠭᠤᠭᠠᠳ ᠬᠢᠳᠡᠭ ᠠᠵᠢᠯ ᠶ᠋ᠢᠠᠨ ᠬᠢᠭᠡᠳ ᠪᠠᠶ᠋ᠢᠪᠠᠯ ᠪᠣᠯᠬᠤ ᠦᠭᠡᠢ ‍ᠦᠦ ? ᠵᠠᠪᠠᠯ ᠱᠦᠵᠢ ᠣᠴᠢᠬᠤ ᠦᠭᠡᠢ ᠪᠣᠯ ᠪᠣᠯᠬᠤ ᠦᠭᠡᠢ ᠶᠤᠮ ᠭᠡᠵᠦ ‍ᠦᠦ ?  ᠨᠣ‍ ᠱᠦᠵᠢ ᠣᠴᠢᠯ᠎ᠠ ᠭᠡᠳ ᠶᠠᠮᠠᠷ ᠯᠡ ᠬᠦᠴᠦ ᠨᠡᠮᠡᠬᠦ ᠪᠢᠯᠡ ᠃   ᠁ ᠠᠢ ! ᠨᠠᠲᠠ  ᠳᠦ ᠦᠨᠡᠬᠡᠷ ᠮᠣᠩᠭᠠᠨᠢᠬᠰᠠᠨ ᠠᠵᠢᠯ ᠲᠠᠭᠠᠷᠠᠵᠠᠢ 》 ᠭᠡᠵᠦ ᠪᠣᠲᠣᠵᠤ ᠰᠠᠭᠤᠬᠤ ᠳᠦ  ᠬᠠᠭᠠᠰ ᠡᠲᠦᠷ ᠮᠣᠷᠢᠨ ᠨᠢᠷᠤᠭᠤᠨ ᠳᠡᠭᠡᠷ᠎ᠡ ᠰᠢᠭᠰᠢᠭᠳᠡᠵᠦ ᠨᠢᠭᠡᠮᠦᠰᠦᠨ ᠬᠣᠭᠣᠰᠣᠷᠠᠭᠰᠠᠨ ᠬᠣᠲᠣᠭᠣᠲᠣ ᠨᠢ ᠪᠠᠰᠠ ᠭᠣᠷ ᠭᠣᠷ ᠳᠤᠤᠭᠠᠷᠴᠤ ᠡᠬᠢᠯᠡᠪᠡ ᠃ 
      ᠰᠠᠮᠲᠡᠨ ᠨᠢᠭᠡ ᠮᠡᠲᠡᠬᠦ  ᠳᠦ ᠰᠠᠭᠠᠷᠠᠯ ᠮᠣᠷᠢᠨ ᠪ ᠬᠢᠨᠢ ᠣᠯᠣᠩ ᠨᠢ ᠰᠠᠮᠲᠡᠨ ᠪ ᠪᠦᠰᠡ ᠲᠡᠢ ᠠᠲᠠᠯᠢᠬᠠᠨ ᠰᠣᠪ ᠰᠤᠯᠠᠬᠠᠨ ᠪᠣᠯᠵᠠᠢ ᠃ ᠴᠢᠪ ᠴᠢᠩᠭᠠᠬᠠᠨ ᠳᠠᠷᠤᠭᠤᠯᠤᠭᠰᠠᠨ ᠨᠣᠭᠣᠭᠠᠨ ᠤᠭᠤᠲᠠ ᠲᠠᠢ ᠦᠨᠦ ᠣᠯᠠᠨ ᠰᠣᠨᠢᠨ ᠰᠡᠤᠠᠭᠦᠯ ᠂ ᠵᠠᠬᠢᠲᠠᠯ ᠴᠢᠮᠡᠭᠡ ᠨᠢ ᠰᠤᠨᠵᠢᠷᠠᠨ ᠤᠨᠵᠢᠢᠵᠤ ᠣᠷᠬᠢᠵᠠᠢ ᠃ 《 ᠡ ᠂ ᠮᠠᠭᠤ ᠰᠠᠶ᠋ᠢᠨ ᠵᠣᠯᠢᠬ ᠦ᠋ᠳ ᠮᠢᠨᠢ ᠂ ᠲᠠᠨᠤᠰ ᠪᠠᠰᠠ ᠲᠣᠯᠣᠭᠠᠢ ᠪᠠᠨ ᠭᠠᠨᠵᠤᠭᠠᠯᠠᠬᠤ ᠬᠡᠷᠡᠭ ᠦᠭᠡᠢ ᠃  ᠰᠠᠮᠲᠡᠨ ᠶᠠᠭᠠᠬᠢᠵᠤ ᠶᠠᠲᠠᠪᠠᠴᠤ ᠲᠡᠲᠡᠨᠦᠰ ᠊ᠢ ᠯᠠᠪ ᠬᠡᠭᠡᠷ᠎ᠡ ᠬᠠᠶᠠᠬᠤ ᠦᠭᠡᠢ ᠪᠡᠷ ᠡᠵᠡᠨ ᠲᠡᠢ ᠴᠢᠨᠢ ᠤᠴᠠᠷᠠᠭᠤᠯᠵᠤ ᠴᠢᠲᠠᠨ᠎ᠠ ᠰᠢᠤ 》 ᠭᠡᠵᠦ ᠳᠦᠳᠦᠨᠡᠭᠰᠡᠭᠡᠷ ᠵᠠᠰᠠᠵᠤ ᠳᠠᠷᠤᠭᠤᠯᠤᠭᠠᠳ ᠮᠣᠷᠢᠨ  ᠳᠦ  ᠪᠠᠨ ᠮᠣᠷᠲᠠᠵᠤ ᠲᠣᠪᠤ ᠶ᠋ᠢᠨ ᠣᠷᠣᠢ ᠠ᠋ᠴᠠ ᠪᠠᠭᠤᠪᠠ ᠃
      ᠬᠥᠪᠡᠭᠡ ᠬᠢᠵᠠᠭᠠᠷ ᠨᠢ ᠦᠵᠡᠭᠳᠡᠬᠦ ᠦᠭᠡᠢ ᠥᠷᠭᠡᠨ ᠠᠭᠤᠲᠠᠮ ᠨᠣᠭᠣᠭᠠᠨ ᠲᠠᠯ᠎ᠠ ᠶ᠋ᠢᠨ ᠬᠠᠲᠤᠯᠠᠩ ᠨᠠᠮᠤᠷ ᠦ᠋ᠨ ᠬᠣᠩᠭᠣᠷ ᠰᠠᠯᠬᠢᠨ ᠪ ᠠᠶᠠᠰ ᠶ᠋ᠢᠠᠷ ᠨᠠᠶ᠋ᠢᠭᠤᠬᠤ ᠨᠢ ᠴᠡᠩᠬᠡᠷ ᠳᠠᠯᠠᠢ ᠶ᠋ᠢᠨ ᠳᠠᠪᠠᠯᠭᠠᠨ ᠮᠡᠲᠦ ᠬᠠᠷᠠᠭᠲᠠᠨ᠎ᠠ ᠃ ᠲᠡᠭᠦᠨ ᠪ ᠳᠤᠮᠳᠠ ᠠᠲᠠ ᠲᠡᠨᠲᠡ ᠦᠭᠡᠢ ᠵᠥᠩᠲᠡᠭᠡᠨ ᠬᠠᠷᠠᠭᠲᠠᠬᠤ ᠬᠥᠬᠡ ᠂ ᠴᠠᠭᠠᠨ ᠮᠠᠶ᠋ᠢᠬᠠᠨ ᠨᠤᠭᠤᠳ ᠨᠢ ᠳᠠᠯᠠᠢ  ᠳᠦ  ᠬᠥᠪᠥᠨ ᠶᠠᠪᠤᠬ᠋᠎ᠠ ᠳᠠᠷᠪᠠᠭᠤᠯᠲᠤ ᠣᠩᠭᠤᠴᠨ ᠰᠢᠭ᠋ ᠦᠵᠡᠭᠳᠡᠨ᠎ᠡ ᠃ ᠰᠠᠮᠲᠡᠨ ᠂ ᠳᠦᠷᠪᠡᠨ ᠵᠦᠭ ᠨᠠᠢ᠍ᠮᠠᠨ ᠵᠣᠪᠬᠢᠰ ᠲᠤ ᠨᠢᠲᠦ ᠲᠠᠯᠪᠢᠨ ᠠᠵᠢᠪᠠᠯ ᠡᠪᠡᠰᠦᠨ ᠭᠤᠤᠷᠰᠤᠨ ᠳᠣᠲᠣᠷ᠎ᠠ ᠪᠦᠨᠲᠦᠶ᠋ᠢᠯᠴᠠᠨ ᠪᠦᠮᠪᠦᠶ᠋ᠢᠬᠦ ᠡᠪᠡᠰᠦᠨ ᠣᠪᠣᠬ᠋᠎ᠠ ᠨᠤᠭᠤᠳ ᠨᠢ ᠰᠢᠷᠡᠮᠠᠯ ᠤᠯᠠ ᠶ᠋ᠢᠨ ᠰᠢᠷᠢᠭᠡᠰᠦ ᠮᠡᠲᠦ ᠬᠠᠷᠠᠭᠲᠠᠨ᠎ᠠ ᠃ ᠡᠲᠡᠭᠡᠷ ᠪᠦᠬᠦᠨ ᠨᠢ ᠮᠣᠷᠢ ᠪᠠᠨ ᠬᠦᠯᠦᠷᠡᠭᠦᠯᠵᠤ ᠬᠣᠲᠣᠭᠣᠲᠣ ᠪᠠᠨ ᠬᠣᠭᠣᠰᠣᠷᠠᠭᠤᠯᠤᠭᠰᠠᠨ ᠰᠠᠮᠲᠡᠨ ᠪ ᠤᠷᠮ᠎ᠠ ᠵᠣᠷᠢᠬ ᠊ᠢ  ᠬᠦᠭᠵᠢᠭᠡᠵᠦ ᠴᠢᠲᠠᠭᠰᠠᠨ ᠦᠭᠡᠢ ᠃ 
      ᠰᠠᠮᠲᠡᠨ ᠂ ᠨᠠᠷᠠ ᠶ᠋ᠢ ᠬᠠᠷᠠᠪᠠᠯ ᠪᠠᠷᠠᠭᠤᠨ ᠠᠭᠤᠯᠠᠨ ᠬᠢᠷ᠎ᠠ ᠳᠡᠭᠡᠷ᠎ᠡ ᠤᠷᠬ᠋᠎ᠠ ᠪᠠᠷᠢᠮ᠎ᠠ ᠪᠠᠶ᠋ᠢᠯ᠎ᠠ ᠃ ᠰᠠᠭᠠᠷᠠᠯ ᠮᠣᠷᠢ ᠪᠠᠨ ᠬᠠᠲᠠᠷᠢᠭᠤᠯᠤᠭᠰᠠᠭᠠᠷ ᠲᠠᠪᠤᠨ ᠴᠠᠭᠠᠨ ᠮᠠᠶ᠋ᠢᠬᠠᠨ ᠪ ᠲᠡᠷᠭᠡᠲᠡ ᠬᠦᠷᠴᠦ ᠪᠠᠭᠤᠭᠠᠳ ᠴᠣᠮᠣᠵᠤ ᠲᠠᠯᠪᠢᠬᠤ  ᠳᠦ ᠨᠠᠮᠤᠷ ᠦ᠋ᠨ ᠰᠢᠷ᠎ᠠ ᠠᠷᠭᠠᠯ ᠦ᠋ᠨ ᠬᠥᠬᠡ ᠤᠲᠤᠬ᠋᠎ᠠ ᠲᠤᠨᠤᠷᠠᠵᠤ ᠰᠤᠭᠤᠨᠠᠬᠠᠯᠠᠨ ᠪᠠᠶ᠋ᠢᠪᠠ ᠃ ᠡᠲᠦᠷᠵᠢᠨ ᠵᠠᠮ ᠬᠥᠭᠡᠭᠡᠵᠦ ᠂ ᠬᠣᠲᠣᠭᠣᠲᠣ ᠨᠢ ᠬᠣᠭᠣᠰᠣᠨ ᠪᠣᠯᠤᠭᠰᠠᠨ ᠰᠠᠮᠲᠠᠨ ᠂ ᠥᠯ ᠤᠮᠲᠠ ᠳᠠᠷᠤᠮᠠᠷ ᠪᠡᠯᠡᠬᠡᠨ ᠶᠠᠭᠤᠮ᠎ᠠ ᠪᠠᠶ᠋ᠢᠬᠤ ᠪᠣᠯᠤᠭᠠᠰᠠᠢ ᠭᠡᠵᠦ ᠭᠣᠷᠢᠯᠠᠭᠰᠠᠭᠠᠷ ᠭᠣᠣᠯ ᠦ᠋ᠨ ᠴᠠᠭᠠᠨ ᠮᠠᠶ᠋ᠢᠬᠨ  ᠳᠦ  ᠣᠷᠣᠪᠠ ᠃
     ᠨᠢᠭᠡ ᠪᠦᠰᠡᠭᠦᠢ ᠭᠤᠯᠢᠷ ᠨᠤᠬᠤᠵᠤ ᠬᠣᠭᠣᠯᠠ ᠬᠢᠬᠦ ᠪᠡᠷ ᠶᠠᠭᠠᠷᠠᠵᠤ ᠪᠠᠶ᠋ᠢᠪᠠ ᠃ ᠲᠡᠷᠡ ᠪᠦᠰᠡᠭᠦᠢ ᠰᠠᠮᠲᠠᠨ ᠊ᠢ ᠦᠵᠡᠭᠡᠳ ᠶᠡᠬᠡ ᠡᠶᠡᠯᠳᠡᠭ ᠳᠣᠲᠣᠨᠣᠰᠣᠭ ᠶ᠋ᠢᠠᠷ ᠮᠡᠨᠲᠦᠴᠢᠯᠡᠪᠡ ᠃  ᠬᠡᠦᠬᠡᠯᠢᠭ ᠵᠠᠩ ᠲᠠᠢ ᠰᠠᠮᠲᠠᠨ ᠡᠨᠡ ᠪᠦᠰᠡᠭᠦᠢ ᠲᠡᠢ ᠶᠠᠷᠢᠮᠠᠷ ᠦᠭᠡ ᠣᠯᠤᠭᠰᠠᠨ ᠦᠭᠡᠢ  ᠳᠦ ᠪᠠᠨ 《 ᠠᠢ ᠂ ᠬᠥᠭᠡᠷᠦᠬᠦᠢ ! ᠣᠴᠢᠵᠤ  ᠣᠴᠢᠭᠠᠳ ᠣᠯᠵᠤ ᠣᠷᠣᠭᠰᠠᠨ ᠮᠠᠶ᠋ᠢᠬᠨ ᠪ ᠬᠢᠨᠢ ᠡᠵᠡᠨ ᠨᠢ ᠪᠠᠰᠠ ᠯᠠ ᠪᠦᠰᠡᠭᠦᠢ ᠰᠢᠦ ᠳ᠋ᠡ 》 ᠭᠡᠵᠦ ᠳᠣᠲᠣᠷ᠎ᠠ ᠪᠠᠨ ᠭᠡᠮᠰᠢᠵᠦ ᠲᠡᠷᠡ ᠪᠦᠰᠡᠭᠦᠢ ᠶ᠋ᠢ ᠬᠠᠷᠠᠪᠠᠯ ᠭᠠᠯᠴᠢ ᠪᠦᠰᠡᠭᠦᠢ ᠶ᠋ᠢᠨ ᠬᠥᠲᠡᠯᠵᠦ ᠪᠠᠷᠢᠬᠤ ᠨᠢ ᠲᠦᠷᠭᠡᠨ ᠱᠠᠯᠠᠮᠠᠭᠠᠢ ᠪᠥᠭᠡᠳ ᠬᠥᠲᠡᠯᠮᠦᠷᠢ ᠠᠵᠢᠯ  ᠳᠦ  ᠲᠣᠩ ᠳᠠᠳᠮᠠᠭᠠᠢ ᠂ ᠪᠣᠷᠣᠭᠵᠢᠭᠤᠨ ᠴᠠᠬᠢᠷᠠᠭ ᠳᠦᠷᠢ ᠢᠯᠡᠬᠡᠨ ᠪᠠᠶ᠋ᠢᠪᠠ ᠃ ᠲᠠᠰ ᠬᠠᠷ᠎ᠠ ᠭᠡᠵᠢᠭᠡᠨ ᠳᠡᠭᠡᠷ᠎ᠡ ᠨᠢ ᠡᠪᠡᠰᠦᠨ ᠪ ᠦᠷ᠎ᠡ ᠨᠠᠭᠠᠯᠲᠤᠭᠰᠠᠨ ᠪᠠᠶ᠋ᠢᠬᠤ ᠪᠠᠷ ᠨᠢ ᠡᠨᠡ ᠭᠠᠯᠴᠢ ᠪᠦᠰᠡᠭᠦᠢ ᠬᠠᠲᠤᠯᠠᠩ ᠠ᠋ᠴᠠ ᠰᠠᠶᠢᠬᠠᠨ ᠪᠤᠴᠠᠵᠤ ᠢᠷᠡᠭᠡᠳ ᠣᠯᠠᠨ ᠪ ᠪᠠᠨ ᠬᠣᠭᠣᠯᠠ ᠤᠮᠲᠠ ᠶ᠋ᠢ ᠪᠡᠯᠡᠤᠠᠬᠡᠵᠦ ᠪᠠᠶ᠋ᠢᠬᠤ ᠶ᠋ᠢ ᠮᠡᠲᠡᠪᠡ ᠃ 
      ᠳᠡᠮᠡᠢ ᠤᠲᠠᠭᠰᠠᠨ ᠦᠭᠡᠢ ᠥᠨᠥᠬᠢ ᠪᠦᠰᠡᠭᠦᠢ ᠭᠤᠯᠢᠷ ᠶ᠋ᠢᠠᠨ ᠬᠦᠪᠦᠷᠲᠡᠵᠦ ᠪᠠᠷᠠᠭᠠᠳ ᠳᠡᠯᠭᠡᠨ ᠲᠠᠯᠪᠢᠬᠰᠠᠨ ᠪ ᠳᠠᠷᠠᠬ᠋᠎ᠠ ᠰᠠᠮᠲᠠᠨ ᠠ᠋ᠴᠠ ᠄ 《 ᠲᠠᠨ ᠪ ᠠᠵᠢᠯ ᠶᠠᠭᠠᠷᠠᠤ ‍ᠤᠤ ? ᠬᠠᠮᠢᠬ᠋᠎ᠠ ᠠ᠋ᠴᠠ ᠢᠷᠡᠪᠡ ? 》 ᠭᠡᠵᠦ ᠠᠰᠠᠭᠤᠬᠤ  ᠳᠦ ᠰᠠᠮᠲᠠᠨ ᠄ 《 ᠠᠵᠢᠯ ᠴᠦ᠍ ᠳᠡᠮᠡᠢ ᠶᠠᠭᠠᠷᠠᠤ ᠪᠢᠰᠢ ! ᠭᠠᠶ᠋ᠢᠭᠤᠢ ᠪᠠᠶ᠋ᠢᠨ᠎ᠠ 》 ᠭᠡᠵᠦ ᠬᠡᠯᠡᠴᠢᠬᠡᠭᠡᠳ ᠡᠶ᠋ᠢᠰᠢ ᠲᠡᠶ᠋ᠢᠰᠢ ᠠᠵᠢᠬᠯᠠᠨ ᠳᠤᠭᠤᠢ ᠪᠣᠯᠪᠠ ᠃
      ᠲᠡᠷᠡ ᠪᠦᠰᠡᠭᠦᠢ ᠵᠤᠤᠬᠠᠨ  ᠳᠦ  ᠪᠠᠨ ᠭᠠᠯ ᠨᠡᠮᠡᠭᠡᠳ ᠰᠠᠮᠲᠠᠨ ᠊ᠢ ᠨᠢᠭᠡ ᠵᠡᠷᠭᠡ ᠠᠵᠢᠬᠯᠠᠭᠠᠳ ᠄ 《 ᠪᠢᠲᠡᠨ ᠊ᠢ ᠠᠷᠤ ᠬᠥᠨᠲᠡᠢ  ᠳᠦ ᠡᠪᠡᠰᠦ ᠬᠠᠲᠤᠵᠤ ᠪᠠᠶ᠋ᠢᠬᠤ  ᠳᠦ ᠮᠠᠨ ᠪ ᠳᠡᠷᠭᠡᠳᠡᠭᠦᠷ ᠨᠢᠭᠡ ᠰᠠᠭᠠᠷᠠᠯ ᠮᠣᠷᠢ ᠲᠠᠢ ᠬᠥᠮᠦᠨ ᠶᠠᠲᠠᠬᠤ  ᠳᠦ  ᠪᠠᠨ  < ᠮᠡᠨᠲᠦ ‍ᠤᠤ? > ᠴᠦ᠍ ᠦᠭᠡᠢ ᠪᠡᠷ ᠦᠩᠭᠡᠷᠡᠭᠰᠡᠨ ᠨᠢ ᠪᠠᠷᠤᠭ ᠲᠠ ᠪᠢᠰᠢ ‍ᠦᠦ ᠂ ᠲᠠ ᠪᠢᠲᠡᠨ ᠊ᠢ ᠴᠢᠭᠯᠡᠵᠦ ᠢᠷᠡᠭᠡᠳ ᠶᠠᠭᠤᠨ  ᠳᠦ  ᠭᠡᠨᠡᠤᠠᠲᠡᠬᠡᠨ ᠪᠣᠷᠣ ᠮᠥᠷ ᠶ᠋ᠢᠡᠷ ᠶ᠋ᠢᠡᠨ ᠪᠤᠴᠠᠴᠢᠬᠠᠪᠠ ? 》 ᠭᠡᠪᠡ ᠃
      ᠰᠠᠮᠲᠠᠨ ᠰᠠᠨᠲᠤᠷᠬᠤ ᠳᠦ ᠪᠠᠨ ᠴᠢᠷᠠᠢ ᠨᠢᠭᠤᠷ ᠨᠢ ᠭᠦᠨ ᠤᠯᠠᠶ᠋ᠢᠵᠤ ᠂ ᠳᠤᠬᠤ ᠪᠠᠨ ᠮᠠᠭᠠᠵᠢᠰᠬᠢᠭᠡᠳ ᠄ 《 ᠲᠡᠶ᠋ᠢᠮᠦ ᠂ ᠲᠣᠩ ᠶᠠᠭᠠᠷᠠᠤ ᠠᠵᠢᠯ ᠲᠠᠢ ᠪᠣᠯᠬᠣᠷ ᠮᠡᠨᠲᠦᠴᠢᠯᠡᠵᠦ ᠪᠠᠰᠠ ᠠᠮᠵᠢᠬᠰᠠᠨ ᠦᠭᠡᠢ ᠪᠡᠷ ᠦᠩᠭᠡᠷᠡᠭᠰᠡᠨ ᠰᠢᠦ ᠃ ᠡᠭᠡᠴᠢ ᠲᠠ ᠲᠡᠨᠲᠡ ᠪᠠᠶ᠋ᠢᠬᠰᠠᠨ ᠶᠤᠮ ‍ᠤᠤ ?》 ᠭᠡᠪᠡ ᠃
      ᠭᠠᠯᠴᠢ ᠪᠦᠰᠡᠭᠦᠢ ᠭᠡᠵᠢᠭᠡᠨ  ᠳᠦ  ᠪᠡᠨ ᠨᠠᠭᠠᠯᠲᠤᠭᠰᠠᠨ ᠡᠪᠡᠰᠦ ᠶ᠋ᠢ ᠠᠷᠢᠯᠭᠠᠬᠤ ᠶ᠋ᠢᠨ ᠬᠠᠮᠲᠤ ᠲᠣᠭᠣᠭᠠᠨ ᠪ ᠬᠠᠪᠬᠠᠭᠠᠰᠤ ᠶ᠋ᠢ ᠠᠪᠬᠤ  ᠳᠦ  ᠬᠣᠨᠢᠨ ᠪ ᠮᠢᠬ᠎ᠠ ᠶ᠋ᠢᠨ ᠱᠥᠯᠥ ᠶ᠋ᠢᠨ ᠦᠨᠦᠷ ᠬᠠᠩᠬᠤᠯᠪᠠ ᠃ ᠵᠣᠴᠢᠷᠬᠠᠭ ᠵᠠᠩ ᠲᠠᠢ ᠰᠠᠮᠲᠠᠨ ᠂ ᠲᠠᠨᠢᠯ ᠪᠤᠰᠤ ᠪᠦᠰᠡᠭᠦᠢ ᠡᠴᠡ ᠢᠲᠡᠶ᠎ᠡ ᠤᠤᠭᠤᠶ᠎ᠠ ᠭᠡᠵᠦ ᠬᠡᠯᠡᠬᠦ ᠶ᠋ᠢᠨ ᠣᠷᠣᠨ ᠳᠦ ᠲᠠᠯ᠎ᠠ ᠳᠦ ᠤᠷᠭᠤᠭᠰᠠᠨ ᠳᠠᠭᠠᠨ᠎ᠠ ᠭᠣᠭᠣᠳ ᠲᠡᠭᠦᠵᠦ ᠢᠳᠡᠭᠰᠡᠨ ᠨᠢ ᠳᠡᠭᠡᠷ᠎ᠡ ᠭᠡᠵᠦ ᠰᠡᠤᠠᠬᠢᠯ ᠶ᠋ᠢᠡᠨ ᠴᠢᠩᠭᠠᠯᠠᠵᠤ ᠶᠡᠬᠡ ᠯᠡ ᠲᠣᠮᠣᠭᠠᠲᠠᠢ ᠪᠠᠶ᠋ᠢᠲᠠᠯ ᠭᠠᠷᠭᠠᠵᠤ ᠰᠠᠭᠤᠨ᠎ᠠ ᠃ 
      ᠭᠠᠯᠴᠢ ᠪᠦᠰᠡᠭᠦᠢ ᠭᠡᠨᠡᠤᠠᠲᠡ ᠨᠢᠭᠡ ᠶᠠᠭᠤᠮ᠎ᠠ ᠰᠠᠨᠠᠭᠠᠯᠵᠠᠭᠰᠠᠨ ᠰᠢᠭ᠋ ᠭᠦᠶᠦᠨ ᠪᠣᠰᠤᠭᠠᠳ ᠄ 《 ᠪᠢ ᠴᠢᠨᠢ ᠡᠪᠡᠰᠦᠴᠢᠳ ᠲᠦ ᠪᠡᠨ ᠬᠣᠭᠣᠯᠠ ᠪᠠᠵᠠᠭᠠᠨ᠎ᠠ ᠭᠡᠵᠦ ᠶᠠᠭᠠᠷᠠᠭᠠᠳ ᠢᠷᠡᠭᠰᠡᠨ ᠭᠡᠶ᠋ᠢᠴᠢᠨ ᠳᠦ ᠪᠡᠨ ᠴᠠᠢ ᠦᠭᠬᠦ ᠪᠡᠨ ᠮᠠᠷᠲᠠᠵᠤ ᠣᠷᠬᠢᠯ᠎ᠠ ᠃ ᠠᠭᠤᠴᠢᠯᠠᠭᠠᠷᠠᠢ 》 ᠭᠡᠭᠰᠡᠭᠡᠷ ᠨᠠᠩᠬᠤ ᠲᠠᠢ ᠴᠠᠢ ᠠ᠋ᠴᠠ ᠠᠶᠠᠭᠠᠯᠠᠵᠤ ᠂ ᠴᠠᠭᠠᠨ ᠠᠪᠲᠠᠷ᠎ᠠ ᠶ᠋ᠢ ᠨᠡᠭᠡᠭᠡᠵᠦ ᠬᠤᠷᠤᠳ ᠰᠢᠷ᠎ᠠ ᠲᠣᠰᠣ ᠪᠣᠭᠣᠷᠰᠣᠭ ᠵᠡᠷᠭᠡ ᠶ᠋ᠢ ᠰᠠᠮᠲᠠᠨ ᠪ ᠡᠮᠦᠨ᠎ᠡ ᠥᠷᠥᠵᠦ ᠲᠠᠯᠪᠢᠭᠠᠳ ᠄ 《 ᠬᠠᠲᠤᠯᠠᠩ ᠦ᠋ᠨ ᠤᠯᠤᠰ ᠦ᠋ᠨ ᠬᠦᠨᠡᠰᠦ ᠭᠡᠵᠦ ᠡᠷᠡᠭᠡᠯᠡᠬᠦ  ᠬᠡᠷᠡᠭ ᠦᠭᠡᠢ ᠂ ᠬᠠᠯᠠᠭᠤᠨ ᠨᠠᠷᠠᠨ ᠳᠦ ᠬᠣᠯᠠ ᠵᠠᠮ ᠶᠠᠪᠣᠬᠰᠠᠨ ᠬᠥᠮᠦᠨ ᠰᠠᠶ᠋ᠢᠨ ᠢᠲᠡᠵᠦ ᠤᠤᠭᠤᠭᠠᠷᠠᠢ ! 》 ᠭᠡᠳ ᠳᠠᠬᠢᠨ ᠄ 《 ᠪᠢ ᠬᠠᠲᠤᠯᠠᠩ ᠦ᠋ᠨ ᠬᠥᠮᠦᠰ ᠊ᠢ ᠢᠷᠡᠬᠦ ᠡᠴᠡ ᠡᠮᠦᠨ᠎ᠡ ᠨᠢᠭᠡ ᠳᠠᠮᠵᠢᠭᠤᠷ ᠤᠰᠤ ᠠᠪᠤᠭᠠᠳ ᠢᠷᠡᠶ᠎ᠡ ᠂ ᠲᠠ ᠡᠨᠡ ᠲᠣᠭᠣᠬ᠋᠎ᠠ ᠲᠠᠢ ᠱᠥᠯᠥ ᠶ᠋ᠢ ᠠᠩᠬᠠᠷᠴᠤ ᠪᠠᠶ᠋ᠢᠭᠠᠷᠠᠢ ! 》 ᠭᠡᠳ ᠰᠠᠮᠲᠠᠨ ᠊ᠢ ᠨᠢᠭᠡ ᠬᠠᠷᠠᠵᠤ ᠠᠪᠤᠭᠠᠳ ᠮᠠᠶ᠋ᠢᠬᠠᠨ ᠠ᠋ᠴᠠ ᠭᠠᠷᠪᠠ ᠃
      ᠥᠯᠤᠨ ᠭᠡᠲᠡᠰᠦ ᠪᠡᠨ ᠴᠢᠷᠴᠦ ᠦᠭᠡ ᠳᠠᠭᠤ ᠦᠭᠡᠢ ᠪᠣᠯᠤᠭᠰᠠᠨ ᠰᠠᠮᠲᠠᠨ ᠥᠪᠡᠷ ᠦ᠋ᠨ ᠲᠦᠷᠦᠭᠰᠡᠨ ᠡᠭᠡᠴᠢ ᠥᠭᠡᠷ᠎ᠡ ᠦᠭᠡᠢ ᠴᠠᠭᠠᠪᠤᠷ ᠵᠥᠭᠡᠯᠡᠨ ᠰᠡᠤᠠᠬᠢᠯ ᠲᠡᠢ ᠭᠠᠯᠴᠢ ᠪᠦᠰᠡᠭᠦᠢ ᠶ᠋ᠢᠨ ᠲᠠᠯᠪᠢᠵᠤ ᠦᠭᠭᠦᠭᠰᠡᠨ ᠢᠲᠡᠭᠡᠨ ᠡᠴᠡ ᠨᠢ ᠳᠤᠷ᠎ᠠ ᠮᠡᠲᠡᠨ ᠢᠲᠡᠵᠦ ᠤᠤᠭᠤᠬᠤ ᠶ᠋ᠢᠨ ᠬᠠᠮᠲᠤ ᠳᠠᠬᠢᠨ ᠳᠠᠬᠢᠨ ᠮᠠᠩᠨᠠᠢ ᠶ᠋ᠢᠨ ᠬᠥᠯᠥᠰᠥ ᠪᠡᠨ ᠠᠷᠴᠢᠵᠤ ᠰᠠᠭᠤᠨ᠎ᠠ ᠃
       ᠮᠠᠶ᠋ᠢᠬᠠᠨ ᠪ ᠲᠤᠯᠭᠠᠭᠤᠷᠢ ᠶ᠋ᠢ ᠲᠦᠰᠢᠭᠦᠯᠦᠨ ᠲᠠᠯᠪᠢᠬᠰᠠᠨ ᠵᠢᠵᠢᠭ ᠤᠯᠠᠭᠠᠨ ᠬᠠᠶ᠋ᠢᠷᠴᠠᠭ ᠳᠡᠭᠡᠷ᠎ᠡ 《 ᠤᠯᠠᠭᠠᠨ ᠣᠲᠣᠨ 》 ᠲᠡᠮᠲᠡᠭᠲᠦ ᠷᠠᠲᠢᠣ᠋ ᠪᠤᠢ ᠪᠥᠭᠡᠳ ᠲᠡᠭᠦᠨ ᠪ ᠬᠠᠵᠠᠭᠤ ᠳᠦ《 ᠥᠪᠥᠷ ᠮᠣᠩᠭᠣᠯ ᠦ᠋ᠨ ᠡᠲᠦᠷ ᠦ᠋ᠨ ᠰᠣᠨᠢᠨ 》 ᠵᠡᠷᠭᠡ ᠰᠣᠨᠢᠨ ᠰᠡᠤᠠᠭᠦᠯ ᠊ᠢ ᠳᠡᠰ ᠳᠠᠷᠠᠬ᠋᠎ᠠ ᠲᠠᠢ ᠳᠡᠷᠢ ᠳᠡᠭᠰᠢ ᠲᠠᠯᠪᠢᠵᠠᠢ ᠃ ᠳᠡᠭᠡᠷ᠎ᠡ ᠨᠢ ᠲᠠᠯᠪᠢᠵᠤ ᠪᠠᠶ᠋ᠢᠬᠰᠠᠨ ᠵᠠᠬᠢᠲᠠᠯ ᠦ᠋ᠨ ᠲᠤᠬᠲᠤᠢ ᠶ᠋ᠢ ᠦᠵᠡᠪᠡᠯ《 ᠨᠣ‍ ᠱᠦᠵᠢ  ᠳᠦ  》ᠭᠡᠵᠦ ᠬᠠᠶᠢᠬᠯᠠᠭᠰᠠᠨ ᠪᠠᠶ᠋ᠢᠪᠠ ᠃ ᠰᠠᠮᠲᠠᠨ ᠲᠡᠭᠦᠨ ᠊ᠢ ᠬᠡᠲᠦ ᠳᠠᠬᠢᠨ ᠡᠷᠭᠢᠭᠦᠯᠦᠨ ᠤᠷᠪᠠᠭᠤᠯᠤᠨ ᠦᠵᠡᠭᠡᠳ ᠴᠢᠷᠠᠢ ᠳᠦ ᠨᠢ ᠢᠨᠢᠶᠡᠮᠰᠦᠭᠯᠡᠯ ᠦ᠋ᠨ ᠪᠠᠶ᠋ᠢᠲᠠᠯ ᠢᠯᠡᠷᠡᠵᠦ 《 ᠲᠥᠭᠡᠷᠢᠨ ᠲᠦᠭᠡᠷᠢᠭᠰᠡᠭᠡᠷ ᠲᠥᠷᠥᠯ ᠳᠦ ᠪᠡᠨ ᠭᠡᠭᠴᠢ ᠪᠡᠷ ᠶᠠᠪᠤᠭᠰᠠᠭᠠᠷ ᠶᠠᠪᠤᠭᠰᠠᠭᠠᠷ ᠶᠠᠭ ᠰᠠᠶ᠋ᠢᠬᠠᠨ ᠨᠣ‍ ᠱᠦᠵᠢ ᠶ᠋ᠢᠨ ᠰᠠᠭᠤᠲᠠᠭ ᠮᠠᠶ᠋ᠢᠬᠠᠨ  ᠳᠦ ᠨᠢ ᠢᠷᠡᠴᠢᠬᠡᠵᠡᠢ ᠰᠢᠤ ᠳ᠋ᠠ 》 ᠭᠡᠵᠦ ᠪᠣᠲᠣᠩᠭᠤᠲᠠ ᠰᠠᠶᠢ ᠶ᠋ᠢᠨ ᠭᠠᠯᠴᠢ ᠪᠦᠰᠡᠭᠦᠢ ᠶ᠋ᠢᠨ ᠬᠥᠲᠡᠯᠵᠦ ᠪᠠᠷᠢᠬᠤ ᠶ᠋ᠢᠨ ᠲᠣᠭᠲᠠᠭᠤᠨ ᠂ ᠬᠥᠮᠦᠨ ᠬᠠᠷ᠎ᠠ ᠳᠦ ᠳᠣᠲᠣᠨᠣᠰᠣᠭ ᠬᠠᠯᠠᠭᠤᠨ ᠪᠠᠶ᠋ᠢᠬᠤ ᠶ᠋ᠢ ᠦᠵᠡᠬᠦ ᠳᠦ ᠶᠠᠭ ᠨᠣ‍ ᠱᠦᠵᠢ ᠶ᠋ᠢᠨ ᠡᠬᠡᠨᠡᠷ ᠮᠥᠨ ᠰᠢᠤ ᠳ᠋ᠠ ᠭᠡᠵᠦ ᠥᠪᠡᠷ ᠦ᠋ᠨ ᠡᠷᠬᠡ ᠦᠭᠡᠢ ᠪᠠᠶᠠᠷᠯᠠᠵᠤ ᠪᠠᠷᠬᠢᠷᠠᠬᠤ ᠰᠢᠬᠠᠪᠠ ᠃
      ᠰᠠᠮᠲᠠᠨ ᠴᠠᠢ ᠪᠠᠨ ᠬᠠᠨᠲᠠᠯ᠎ᠠ ᠤᠤᠭᠤᠭᠠᠳ ᠠᠶᠠᠬ᠋᠎ᠠ ᠲᠠᠪᠠᠭ ᠊ᠢ ᠨᠢ ᠣᠷᠣᠨ ᠳᠦ ᠨᠢ ᠲᠠᠯᠪᠢᠴᠢᠬᠠᠭᠠᠳ ᠂ ᠣᠷᠣᠨ ᠳᠡᠭᠡᠷ᠎ᠡ ᠬᠡᠪᠲᠡᠭᠦᠯᠦᠨ ᠲᠠᠯᠪᠢᠬᠰᠠᠨ ᠮᠣᠷᠢᠨ ᠬᠤᠭᠤᠷ ᠊ᠢ ᠠᠪᠴᠤ ᠬᠢᠷᠥᠭᠡᠲᠡᠵᠦ ᠡᠬᠢᠯᠡᠪᠡ ᠃ ᠬᠤᠭᠤᠷᠴᠢ ᠬᠥᠮᠦᠨ ᠪ ᠲᠠᠲᠠᠭᠰᠠᠨ ᠲᠠᠢ ᠠᠲᠠᠯᠢ ᠰᠡᠤᠠᠬᠢᠯ ᠳᠣᠭᠳᠣᠯᠤᠮ᠎ᠠ ᠰᠠᠶ᠋ᠢᠬᠠᠨ ᠠᠶᠠᠯᠭᠤ ᠭᠠᠷᠬᠤ ᠦᠭᠡᠢ ᠮᠥᠷᠲᠡᠭᠡᠨ ᠬᠠᠷᠢᠨ ᠲᠣᠰᠣ ᠦᠭᠡᠢ ᠬᠠᠩᠭᠠᠢ ᠲᠡᠷᠭᠡ ᠰᠢᠭ᠌ ᠵᠠᠵᠢᠭᠢᠨᠠᠭᠰᠠᠨ ᠳᠠᠭᠤᠨ ᠭᠠᠷᠤᠭᠰᠠᠨ  ᠳᠦ  ᠰᠠᠮᠲᠠᠨ ᠄ 《 ᠬᠤᠭᠤᠷ ᠳᠠᠷᠤᠵᠤ ᠴᠢᠲᠠᠬᠤ ᠦᠭᠡᠢ ᠬᠥᠮᠦᠨ ᠂ ᠬᠤᠭᠤᠷ ᠦ᠋ᠨ ᠴᠢᠬᠢ ᠶ᠋ᠢ ᠬᠤᠭᠤ ᠮᠤᠰᠬᠢᠨ᠎ᠠ ᠭᠡᠳᠡᠭ ᠶᠤᠮ ᠃ ᠶᠡᠷᠦ ᠨᠢ ᠪᠤᠯᠢᠶ᠎ᠠ 》 ᠭᠡᠳ ᠮᠣᠷᠢᠨ ᠬᠤᠭᠤᠷ ᠊ᠢ ᠤᠭ ᠣᠷᠣᠨ ᠳᠦ ᠨᠢ ᠲᠠᠯᠪᠢᠵᠤ ᠣᠷᠬᠢᠭᠠᠳ ᠭᠠᠲᠠᠨ᠎ᠠ ᠭᠠᠷᠪᠠ ᠃
      ᠨᠠᠷᠠ ᠨᠢᠭᠡᠨᠲᠡ ᠪᠠᠷᠠᠭᠤᠨ ᠠᠭᠤᠯᠠ ᠶ᠋ᠢᠨ ᠠᠷᠤ ᠪᠠᠷ ᠨᠢᠭᠤᠭᠲᠠᠪᠠ ᠃
      ᠬᠥᠲᠡᠭᠡ ᠨᠤᠲᠤᠭ ᠦ᠋ᠨ ᠦᠭᠭᠢᠶᠡᠮᠦᠷ ᠬᠠᠲᠤᠯᠠᠩ  ᠳᠦ ᠭᠠᠩ ᠰᠠᠨᠲᠤᠤ ᠭᠢᠯᠠᠯᠵᠠᠭᠤᠯᠤᠭᠰᠠᠨ ᠭᠠᠷᠮᠠᠭᠠᠢ ᠬᠠᠲᠤᠯᠠᠩᠴᠢᠳ ᠪᠠᠶ᠋ᠢᠷᠢ  ᠳᠦ  ᠪᠠᠨ ᠪᠤᠴᠠᠵᠠᠭᠠᠯ᠎ᠠ ᠃ ᠳᠥᠷᠪᠡᠨ ᠵᠦᠭ ᠲᠦ ᠬᠠᠲᠤᠯᠠᠩᠴᠢᠳ ᠦ᠋ᠨ ᠤᠶᠠᠩᠭᠠᠲᠤ ᠳᠠᠭᠤᠨ ᠂ ᠤᠶᠠᠬᠠᠨ ᠡᠭᠡᠰᠢᠭ ᠶ᠋ᠢᠡᠷ ᠬᠠᠩᠭᠢᠨᠠᠨ ᠴᠤᠤᠷᠢᠶᠠᠲᠤᠵᠤ ᠲᠠᠯ᠎ᠠ ᠨᠤᠲᠤᠭ ᠲᠤ ᠨᠠᠷᠭᠢᠶᠠᠨ ᠳᠡᠭᠳᠡᠪᠡ᠃ ᠦᠨᠤᠬᠢ ᠭᠠᠯᠴᠢ ᠪᠦᠰᠡᠭᠦᠢ ᠬᠣᠶᠠᠷ ᠠᠭᠠᠷᠤ ᠤᠰᠤ ᠳᠠᠮᠨᠠᠵᠤ ᠰᠠᠮᠲᠠᠨ ᠪ ᠵᠠᠬ᠎ᠠ ᠳᠦ ᠬᠦᠷᠴᠦ ᠢᠷᠡᠭᠡᠳ ᠪᠥᠮᠪᠥᠭᠡᠨᠡᠨ ᠤᠷᠤᠰᠬᠤ ᠬᠥᠯᠥᠰᠥ ᠪᠡᠨ ᠠᠷᠴᠢᠬᠤ ᠶ᠋ᠢᠨ ᠳᠠᠭᠠᠤ ᠄ 《 ᠲᠠ ᠴᠠᠢ ᠪᠠᠨ ᠰᠠᠶ᠋ᠢᠨ ᠤᠤᠭᠤᠪᠠ  ‍ᠤᠤ ? ᠪᠢ ᠂ ᠵᠣᠴᠢᠨ ᠶ᠋ᠢᠠᠨ ᠳᠠᠶ᠋ᠢᠯᠠᠭᠰᠠᠨ ᠦᠭᠡᠢ ᠪᠡᠷ ᠥᠪᠡᠷ ᠦ᠋ᠨ ᠠᠵᠢᠯ  ᠳᠦ ᠪᠠᠨ ᠶᠠᠪᠤᠴᠢᠬᠠᠭᠰᠠᠨ ᠴᠢᠨᠢ ᠪᠠᠬᠠᠨ ᠪᠠᠷᠤᠭ ᠲᠠᠢ ᠪᠣᠯᠤᠯ᠎ᠠ ᠳ᠋ᠠ ᠃ ᠬᠤᠤᠠᠲᠤᠭ ᠬᠣᠯᠠ ᠪᠠᠶ᠋ᠢᠲᠠᠭ ᠶᠤᠮ ᠰᠢᠦ 》 ᠭᠡᠬᠦ  ᠳᠦ ᠰᠡᠮᠲᠡᠨ ᠭᠡᠨᠡᠤᠠᠲᠡᠬᠡᠨ ᠭᠠᠯᠴᠢ ᠪᠦᠰᠡᠭᠦᠢ ᠶ᠋ᠢᠨ ᠵᠠᠬᠢᠬᠰᠠᠨ ᠤᠴᠢᠷ ᠊ᠢ ᠰᠠᠨᠠᠵᠤ ᠣᠯᠤᠭᠠᠳ ᠮᠠᠶ᠋ᠢᠬᠠᠨ ᠳᠦ ᠭᠦᠶᠦᠨ ᠣᠷᠣᠬᠤ ᠳᠦ ᠲᠣᠭᠣᠬ᠋᠎ᠠ ᠲᠠᠢ ᠱᠥᠯᠥ ᠨᠢ ᠵᠤᠤᠬᠠᠨ ᠪ ᠦᠨᠡᠰᠦ ᠶ᠋ᠢ ᠪᠤᠵᠢᠭᠢᠨᠠᠭᠤᠯᠵᠤ ᠪᠠᠶ᠋ᠢᠪᠠ ᠃ ᠰᠡᠮᠲᠡᠨ ᠭᠠᠷ ᠰᠤᠩᠭᠠᠲᠠᠯ᠎ᠠ ᠭᠠᠯᠴᠢ ᠪᠦᠰᠡᠭᠦᠢ ᠬᠠᠪᠬᠠᠭᠠᠰᠤ ᠶ᠋ᠢ ᠰᠢᠭᠦᠷᠡᠨ ᠠᠪᠤᠪᠠ ᠃ ᠭᠠᠯᠴᠢ ᠪᠦᠰᠡᠭᠦᠢ ᠲᠣᠭᠣᠬ᠋᠎ᠠ ᠪᠠᠨ ᠥᠩᠭᠡᠶ᠋ᠢᠨ ᠦᠵᠡᠬᠦ  ᠳᠦ ᠲᠣᠭᠣᠬ᠋᠎ᠠ ᠳᠦᠭᠦᠷᠡᠩ ᠱᠥᠯᠥ ᠨᠢ ᠬᠥᠭᠡᠷᠦᠨ ᠭᠠᠷᠬᠤ ᠨᠢ ᠭᠠᠷᠤᠭᠠᠳ ᠰᠢᠷᠭᠢᠳᠡᠭ ᠨᠢ ᠰᠢᠷᠭᠢᠭᠡᠳ ᠳᠥᠩᠭᠡᠵᠦ ᠬᠠᠭᠠᠰᠬᠠᠨ ᠨᠢ ᠦᠯᠡᠲᠡᠭᠡᠳ ᠫᠠᠷ ᠫᠠᠷ ᠪᠤᠴᠠᠯᠵᠤ ᠪᠠᠶ᠋ᠢᠪᠠ ᠃ 
      ᠦᠭᠭᠦᠭᠰᠡᠨ ᠊ᠢ ᠨᠢ ᠢᠲᠡᠴᠢᠬᠡᠭᠡᠳ ᠵᠠᠬᠢᠬᠰᠠᠨ ᠊ᠢ ᠨᠢ ᠮᠠᠷᠲᠠᠭᠰᠠᠨ ᠰᠡᠮᠲᠡᠨ ᠢᠨᠢᠶᠡᠵᠦ ᠴᠦ᠍ ᠴᠢᠲᠠᠬᠤ ᠦᠭᠡᠢ ᠬᠠᠨᠢᠶᠠᠵᠤ ᠴᠦ᠍ ᠴᠢᠲᠠᠬᠤ ᠦᠭᠡᠢ ᠪᠣᠯᠪᠠ ᠃ ᠲᠡᠶ᠋ᠢᠨ ‍ᠬᠦ ᠭᠠᠯᠴᠢ ᠪᠦᠰᠡᠭᠦᠢ ᠶ᠋ᠢᠨ ᠨᠢᠭᠤᠷ ᠊ᠢ ᠬᠠᠷᠠᠬᠤ ᠦᠭᠡᠢ ᠪᠡᠷ ᠳᠤᠬᠤ ᠪᠠᠨ ᠮᠠᠭᠠᠵᠢᠵᠤ ᠵᠣᠭᠰᠣᠨ᠎ᠠ ᠃
      ᠭᠠᠯᠴᠢ ᠪᠦᠰᠡᠭᠦᠢ ᠲᠣᠭᠣᠭᠠᠨ ᠳᠦ ᠪᠠᠨ ᠤᠰᠤ ᠨᠡᠮᠡᠭᠡᠳ ᠭᠡᠨᠡᠤᠠᠲᠡ ᠰᠡᠮᠲᠡᠨ ᠊ᠢ ᠬᠠᠷᠠᠭᠠᠳ ᠬᠠᠲᠠᠭᠠᠨᠠᠨ ᠢᠨᠢᠶᠡᠭᠰᠡᠭᠡᠷ ᠄ 《 ᠭᠠᠶ᠋ᠢᠭᠤᠢ ᠭᠠᠶ᠋ᠢᠭᠤᠢ! 》 ᠭᠡᠵᠦ ᠬᠡᠯᠡᠭᠡᠳ ᠭᠠᠷ ᠶ᠋ᠢᠠᠨ ᠤᠬᠢᠶᠠᠵᠤ ᠭᠤᠯᠢᠷ ᠶ᠋ᠢᠠᠨ ᠬᠡᠷᠴᠢᠪᠡ ᠃
      ᠭᠠᠯᠴᠢ ᠪᠦᠰᠡᠭᠦᠢ ᠶ᠋ᠢᠨ ᠵᠠᠬᠢᠬᠰᠠᠨ ᠠᠵᠢᠯ ᠊ᠢ ᠪᠡᠶᠡᠯᠡᠭᠦᠯᠵᠦ ᠴᠢᠲᠠᠭᠰᠠᠨ ᠦᠭᠡᠢ  ᠳᠦ ᠪᠠᠨ ᠴᠢᠷᠠᠢ ᠤᠯᠠᠶ᠋ᠢᠬᠰᠠᠨ ᠰᠡᠮᠲᠡᠨ ᠂ ᠠᠬᠠᠮᠠᠳ ᠬᠥᠮᠦᠨ ᠪ ᠲᠣᠮᠣᠭᠠᠯᠢᠬ ᠪᠣᠯᠪᠠᠰᠤᠷᠠᠩᠭᠤᠢ ᠣᠪᠣᠷ ᠪᠠᠶ᠋ᠢᠲᠠᠯ ᠪᠣᠯᠤᠨ ᠠᠭᠠᠵᠢᠭᠤ ᠲᠠᠯᠪᠢᠭᠤ ᠵᠠᠩ ᠊ᠢ ᠨᠢ ᠴᠢᠩ ᠰᠡᠤᠠᠬᠢᠯ ᠡᠴᠡ ᠪᠡᠨ ᠪᠠᠬᠠᠷᠬᠠᠪᠠ ᠂ 《 ᠨᠣ‍ ᠱᠦᠵᠢ ᠶ᠋ᠢᠨ ᠡᠬᠡᠨᠡᠷ ᠨᠢ ᠡᠶ᠋ᠢᠮᠦ ᠲᠥᠪᠯᠡᠭᠦᠨ ᠮᠥᠷᠲᠡᠭᠡᠨ ᠠᠵᠢᠯ ᠬᠥᠲᠡᠯᠮᠦᠷᠢ  ᠳᠦ  ᠪᠡᠨ ᠳᠠᠳᠮᠠᠭᠠᠢ ᠂ ᠠᠬ᠎ᠠ ᠳᠡᠭᠦᠦ ᠨᠥᠬᠥᠳ ᠲᠦ ᠪᠡᠨ ᠡᠶ᠋ᠢᠮᠦ ᠡᠪ ᠲᠡᠢ ᠪᠠᠶ᠋ᠢᠬᠤ ᠶ᠋ᠢ ᠦᠵᠡᠬᠦ ᠳᠦ ᠨᠣ‍ ᠱᠦᠵᠢ ᠴᠦ᠍ ᠶᠠᠷᠢᠶᠠᠨ ᠦᠭᠡᠢ ᠨᠢᠭᠡ ᠪᠤᠯᠲᠤ ᠶ᠋ᠢᠨ ᠶ᠋ᠢᠡᠨ ᠬᠦᠷᠢᠶᠡᠯᠡᠯ ᠊ᠢ ᠣᠯᠤᠭᠰᠠᠨ ᠪᠣᠷᠣ ᠪᠦᠳᠦᠭᠦᠯᠢᠭ ᠬᠥᠮᠦᠨ ᠪᠠᠶ᠋ᠢᠬ᠎ᠠ ᠳ᠋ᠠ ᠃ ᠡᠨᠡ ᠪᠦᠰᠡᠭᠦᠢ ᠬᠡᠷᠪᠡ ᠬᠠᠲᠤᠯᠠᠩ ᠳᠦ ᠭᠠᠷᠴᠤ ᠡᠪᠡᠰᠦ ᠬᠠᠲᠤᠪᠠᠯ ᠨᠠᠲᠠ ᠰᠢᠭ᠋ ᠡᠷ᠎ᠡ ᠶ᠋ᠢ ᠭᠤᠷᠪᠠ ᠶ᠋ᠢ ᠳᠠᠭᠠᠭᠤᠯᠬᠤ ᠦᠭᠡᠢ ᠮᠠᠭᠠᠳ 》 ᠭᠡᠵᠦ ᠪᠢᠰᠢᠷᠡᠵᠦ ᠰᠠᠭᠤᠪᠠ ᠃
      ᠮᠠᠶ᠋ᠢᠬᠠᠨ ᠪ ᠡᠭᠦᠲᠡᠨ ᠳᠦ ᠰᠠᠭᠤᠵᠤ ᠭᠠᠯ ᠲᠦᠯᠡᠵᠦ ᠪᠠᠶ᠋ᠢᠬᠰᠠᠨ ᠭᠠᠯᠴᠢ ᠪᠦᠰᠡᠭᠦᠢ ᠭᠠᠲᠠᠭᠰᠢ ᠬᠠᠷᠠᠩᠭᠤᠲᠠ ᠄ 《 ᠲᠠᠨ ᠪ ᠭᠠᠨᠵᠤᠭᠠᠯᠠᠭᠰᠠᠨ ᠴᠢᠨᠢ ᠰᠣᠨᠢᠨ ᠰᠡᠤᠠᠭᠦᠯ ᠪᠢᠰᠢ ‍ᠦᠦ? ᠮᠣᠷᠢᠨ ᠪ ᠴᠢᠨᠢ ᠨᠢᠷᠤᠭᠤ ᠶ᠋ᠢ ᠪᠦᠷ ᠳᠠᠷᠤᠴᠢᠬᠠᠯ᠎ᠠ ᠃ ᠲᠠ ᠲᠡᠷᠡ ᠶᠠᠭᠤᠮᠠᠰ ᠶ᠋ᠢᠠᠨ ᠮᠠᠶ᠋ᠢᠬᠠᠨ ᠳᠦ ᠣᠷᠣᠭᠤᠯᠤᠭᠠᠳ ᠮᠣᠷᠢᠨ ᠪ ᠪᠠᠨ ᠡᠮᠡᠭᠡᠯ ᠊ᠢ ᠠᠪᠴᠤ ᠨᠢᠷᠤᠭᠤ ᠶ᠋ᠢ ᠨᠢ ᠠᠮᠠᠷᠠᠭᠤᠯᠬᠤ ᠦᠭᠡᠢ ‍ᠦᠦ? 》 ᠭᠡᠵᠦ ᠰᠡᠮᠲᠡᠨ ᠳᠦ ᠰᠠᠨᠠᠭᠤᠯᠬᠤ  ᠳᠦ ᠰᠡᠮᠲᠡᠨ ᠭᠡᠨᠡᠤᠠᠲᠡ ᠡᠮᠡᠭᠡᠯ ᠶ᠋ᠢᠡᠨ ᠠᠪᠤᠬ᠋᠎ᠠ ᠦᠭᠡᠢ ᠪᠡᠨ ᠰᠠᠨᠠᠭᠠᠳ ᠭᠦᠶᠦᠨ ᠭᠠᠷᠪᠠ ᠃
      ᠰᠡᠮᠲᠡᠨ ᠭᠠᠨᠵᠤᠭᠠᠯᠠᠵᠤ ᠠᠪᠴᠢᠷᠠᠭᠰᠠᠨ ᠰᠣᠨᠢᠨ ᠰᠡᠤᠠᠭᠦᠯ ᠶ᠋ᠢᠠᠨ ᠡᠷᠭᠦᠭᠰᠡᠭᠡᠷ ᠣᠷᠣᠵᠤ ᠢᠷᠡᠭᠡᠳ ᠮᠠᠶ᠋ᠢᠬᠠᠨ ᠪ ᠬᠣᠶ᠋ᠢᠲᠤ ᠲᠤᠯᠭᠠᠭᠤᠷ ᠊ᠢ ᠲᠦᠰᠢᠭᠦᠯᠦᠨ ᠲᠠᠯᠪᠢᠪᠠ ᠃ ᠭᠠᠯᠴᠢ ᠪᠦᠰᠡᠭᠦᠢ ᠲᠡᠷᠡ ᠨᠣᠭᠣᠭᠠᠨ ᠲᠠᠭᠠᠷᠴᠤᠭ ᠲᠠᠢ ᠰᠣᠨᠢᠨ ᠰᠡᠤᠠᠭᠦᠯ ᠊ᠢ ᠨᠢᠲᠦ ᠴᠠᠪᠴᠢᠬᠤ ᠦᠭᠡᠢ ᠪᠡᠷ ᠠᠵᠢᠬᠤ ᠳᠦ ᠰᠡᠮᠲᠡᠨ ᠲᠠᠭᠠᠷᠴᠤᠭ ᠦ᠋ᠨ ᠳᠡᠭᠡᠷᠡᠬᠢ ᠦᠰᠦᠭ ᠊ᠢ ᠬᠤᠷᠤᠭᠤ ᠪᠠᠷ ᠶ᠋ᠢᠠᠨ ᠵᠢᠭᠠᠵᠤ ᠄ 《 ᠡᠨᠡ ᠴᠢᠨᠢ ᠬᠦᠭᠵᠢᠯᠲᠦ ᠨᠢᠭᠡᠲᠦᠯ ᠭᠡᠰᠡᠨ ᠦᠭᠡ ᠰᠢᠦ ᠃ ᠡᠨᠡ ᠰᠣᠨᠢᠨ ᠰᠡᠤᠠᠭᠦᠯ ᠂ ᠵᠠᠬᠢᠲᠠᠯ ᠴᠢᠮᠡᠭᠡ ᠨᠤᠭᠦᠳ ᠴᠢᠨᠢ ᠪᠦᠷ ᠯᠡ ᠲᠠᠨ ᠪ ᠨᠢᠭᠡᠲᠦᠯ ᠦ᠋ᠨ ᠰᠢᠦ 》 ᠭᠡᠵᠦ ᠲᠠᠭᠠᠷᠴᠤᠭ ᠲᠠᠢ ᠶᠠᠭᠤᠮᠠᠰ ᠶ᠋ᠢᠠᠨ ᠬᠠᠷᠠᠪᠠ ᠃
      ᠬᠦᠭᠵᠢᠯᠲᠦ ᠨᠢᠭᠡᠲᠦᠯ ᠪᠣᠯ ᠬᠤᠰᠢᠭᠤᠨ ᠪ ᠪᠠᠷᠠᠭᠤᠨ ᠡᠮᠦᠨᠡᠭᠦᠷ ᠪᠠᠶ᠋ᠢᠲᠠᠭ ᠠᠵᠢ ᠃
      ᠬᠦᠭᠵᠢᠯᠲᠦ ᠨᠢᠭᠡᠲᠦᠯ ᠨᠢ ᠡᠯ᠎ᠡ ᠲᠠᠯ᠎ᠠ ᠪᠠᠷ ᠶ᠋ᠢᠠᠨ ᠲᠤᠰ ᠬᠤᠰᠢᠭᠤᠨ ᠳᠦ ᠪᠠᠨ ᠣᠷᠤᠶ᠋ᠢᠯᠠᠭᠰᠠᠨ ᠨᠢᠭᠡᠲᠦᠯ ᠶᠤᠮ ᠃  ᠬᠦᠭᠵᠢᠯᠲᠦ ᠨᠢᠭᠡᠲᠦᠯ ᠦ᠋ᠨ ᠠᠮᠵᠢᠯᠲᠠ ᠶ᠋ᠢ ᠬᠥᠮᠦᠨ ᠪᠦᠬᠦᠨ ᠪᠠᠬᠠᠷᠬᠠᠨ ᠶᠠᠷᠢᠯᠴᠠᠬᠤ ᠳᠦ ᠪᠠᠨ ᠬᠠᠮᠤᠭ ᠦ᠋ᠨ ᠲᠦᠷᠦᠭᠦᠨ ᠳᠦ《 ᠨᠣ‍ ᠱᠦᠵᠢ ᠦᠨᠡᠬᠡᠷ ᠴᠢᠲᠠᠪᠤᠷᠢ ᠲᠠᠢ ᠬᠥᠮᠦᠨ ᠳ᠋ᠠ 》 ᠭᠡᠵᠦ ᠮᠠᠭᠲᠠᠵᠤ ᠪᠠᠶ᠋ᠢᠲᠠᠭ ᠪᠢᠯᠡ ᠃ ᠣᠯᠠᠨ ᠪ ᠶᠠᠷᠢᠯᠴᠠᠬᠤ ᠶ᠋ᠢ ᠴᠢᠬᠢ ᠪᠡᠷ ᠶ᠋ᠢᠠᠨ ᠰᠣᠨᠣᠰᠤᠭᠰᠠᠨ ᠰᠡᠮᠲᠡᠨ ᠶᠡᠷᠦ ᠨᠢ 《 ᠨᠣ‍ ᠱᠦᠵᠢ ᠠᠵᠢᠯ ᠬᠥᠲᠡᠯᠮᠦᠷᠢ ᠳᠦ  ᠦᠨᠡᠬᠡᠷ ᠰᠢᠯᠭᠠᠷᠠᠭᠰᠠᠨ ᠬᠥᠮᠦᠨ ᠪᠠᠶ᠋ᠢᠨ᠎ᠠ 》 ᠭᠡᠵᠦ ᠭᠡᠬᠦᠳᠡᠭ ᠲᠦ ᠪᠡᠨ ᠪᠣᠲᠣᠲᠠᠭ ᠪᠣᠯᠪᠠᠴᠤ ᠡᠨᠡ ᠵᠢᠯ ᠰᠤᠷᠭᠠᠭᠤᠯᠢ ᠪᠠᠨ ᠲᠡᠭᠦᠰᠴᠦ ᠬᠤᠰᠢᠭᠤᠨ ᠪ ᠰᠢᠤᠲᠠᠨ ᠪ ᠠᠵᠢᠯ ᠊ᠢ ᠰᠠᠶᠢᠬᠠᠨ ᠬᠠᠷᠢᠭᠤᠴᠠᠭᠰᠠᠨ ᠰᠡᠮᠲᠡᠨ ᠠᠵᠢᠯ ᠳᠦ ᠪᠠᠨ ᠳᠠᠳᠤᠭᠠᠳᠤᠢ ᠪᠠᠷ ᠦᠯᠦ ᠪᠠᠷᠠᠮ ᠵᠠᠮ ᠮᠡᠲᠡᠬᠦ ᠦᠭᠡᠢ ᠂ ᠬᠥᠮᠦᠨ ᠲᠠᠨᠢᠬᠤ ᠦᠭᠡᠢ ᠠ᠋ᠴᠠ  ᠨᠣ‍  ᠱᠦᠵᠢ ᠨᠢ ᠥᠨᠲᠥᠷ ᠶᠤᠮ ‍ᠤᠤ ᠪᠣᠭᠣᠨᠢ ᠶᠤᠮ ‍ᠤᠤ ? ᠡᠪᠦᠭᠡᠨ ᠶᠤᠮ ‍ᠤᠤ  ᠂ ᠵᠠᠯᠠᠭᠤ ᠶᠤᠮ ‍ᠤᠤ ?  ᠭᠡᠳᠡᠭ ᠊ᠢ ᠣᠭᠲᠣ ᠮᠡᠲᠡᠬᠦ ᠦᠭᠡᠢ ᠠᠵᠢ ᠃
      ᠡᠨᠡ ᠡᠲᠦᠷ ᠪᠠᠬ᠋᠎ᠠ ᠦᠲᠡ ᠶ᠋ᠢᠨ ᠬᠢᠷᠢ ᠳᠦ ᠬᠤᠰᠢᠭᠤᠨ ᠪ ᠶᠠᠭᠠᠷᠠᠤ ᠮᠡᠲᠡᠭᠡ ᠶ᠋ᠢ ᠬᠦᠭᠵᠢᠯᠲᠦ ᠨᠢᠭᠡᠲᠦᠯ ᠳᠦ ᠬᠦᠷᠭᠡᠬᠦ ᠪᠡᠷ ᠮᠣᠷᠲᠠᠬᠤ  ᠳᠦ ᠪᠠᠨ ᠰᠡᠮᠲᠡᠨ ᠥᠨᠲᠡᠶ᠋ᠢᠪᠡᠯ ᠣᠶ᠋ᠢᠷᠠᠤᠠᠬᠤ ᠨᠢ ᠲᠡᠷᠡ ᠂  ᠬᠦᠭᠵᠢᠯᠲᠦ ᠶ᠋ᠢᠨ ᠠᠯᠪᠠᠨ ᠭᠡᠷ ᠦ᠋ᠨ ᠪᠣᠱᠣᠬ᠋᠎ᠠ ᠶ᠋ᠢ ᠠᠯᠬᠤᠮᠠᠭᠴᠠ ᠪᠠᠨ ᠪᠠᠶ᠋ᠢᠲᠠᠭ ᠠᠵᠢᠯ ᠶ᠋ᠢᠠᠨ ᠲᠤᠰᠢᠶᠠᠴᠢᠬᠠᠨ᠎ᠠ ᠭᠡᠵᠦ ᠪᠣᠲᠣᠭᠰᠠᠨ ᠠ᠋ᠴᠠ ᠨᠢ ᠭᠠᠲᠠᠭᠤᠷ ᠪᠣᠯᠵᠤ ᠣᠷᠬᠢᠵᠠᠢ ᠃ ᠶᠠᠭᠠᠷᠠᠪᠠᠯ ᠰᠠᠭᠠᠷᠠᠨ᠎ᠠ ᠭᠡᠳᠡᠭ ᠶ᠋ᠢᠡᠷ ᠰᠡᠮᠲᠡᠨ ᠪ ᠬᠠᠮᠤᠭ ᠦ᠋ᠨ ᠲᠦᠷᠦᠭᠦᠴᠢ ᠶ᠋ᠢᠨ ᠠᠵᠢᠯ  ᠳᠦ  ᠬᠦᠴᠢᠷ ᠪᠡᠷᠬᠡ ᠲᠤᠯᠭᠠᠷᠠᠪᠠ ᠃
      ᠰᠠᠭᠠᠷᠠᠯ ᠮᠣᠷᠢᠨ ᠪ ᠭᠦᠶᠦᠲᠡᠯ ᠮᠡᠳᠡᠭ ᠭᠡᠵᠦ ᠶᠠᠪᠤᠭᠰᠠᠭᠠᠷ ᠰᠡᠮᠲᠡᠨ ᠨᠢᠭᠡᠲᠦᠯ ᠦ᠋ᠨ ᠲᠥᠪ ᠲᠦ ᠬᠦᠷᠦᠭᠡᠳ ᠣᠴᠢᠬᠰᠠᠨ ᠴᠢᠨᠢ ᠭᠠᠭᠴᠠ ᠡᠪᠦᠭᠡᠨ ᠭᠠᠯᠴᠢ ᠨᠢ ᠭᠠᠲᠠᠨᠠᠬᠢ ᠳᠣᠲᠣᠨᠠᠬᠢ ᠪᠠᠨ ᠴᠡᠪᠡᠷᠯᠡᠨ ᠲᠥᠪᠬᠢᠨᠡᠭᠦᠯᠵᠦ ᠪᠠᠶ᠋ᠢᠬᠰᠠᠨ ᠠ᠋ᠴᠠ ᠪᠢᠰᠢ ᠪᠤᠰᠤᠳ ᠨᠢ ᠪᠦᠷ ᠠᠯᠠᠬ᠋᠎ᠠ ᠃ ᠡᠪᠦᠭᠡᠨ ᠡᠴᠡ ᠨᠣ‍ ᠱᠦᠵᠢ ᠶ᠋ᠢ ᠰᠤᠷᠠᠪᠠᠯ ᠬᠠᠲᠤᠯᠠᠩ ᠳᠦ ᠶᠠᠪᠤᠭᠠᠳ ᠳᠣᠯᠣᠬ᠋᠎ᠠ ᠂ ᠨᠠᠢ᠍ᠮᠠ ᠬᠣᠨᠣᠵᠤ ᠪᠠᠶ᠋ᠢᠨ᠎ᠠ ᠭᠡᠵᠡᠢ ᠃
      ᠰᠡᠮᠲᠡᠨ ᠂ ᠭᠠᠯᠴᠢ ᠡᠪᠦᠭᠡᠨ ᠪ  ᠬᠡᠯᠡᠭᠰᠡᠨ ᠶᠣᠰᠣᠭᠠᠷ ᠶᠠᠪᠤᠨ ᠶᠠᠪᠤᠭᠰᠠᠭᠠᠷ ᠨᠣᠭᠣᠭᠠᠨ ᠲᠠᠯ᠎ᠠ ᠶ᠋ᠢᠨ ᠠᠷᠤ ᠬᠣᠭᠣᠯᠠᠢ  ᠳᠦ  ᠬᠦᠷᠬᠦ  ᠳᠦ  ᠨᠢᠭᠡ  ᠪᠦᠯᠦᠭ ᠡᠮᠡᠭᠲᠡᠢᠴᠦᠳ ᠡᠪᠡᠰᠦ ᠬᠠᠲᠤᠵᠤ ᠪᠠᠶ᠋ᠢᠬᠤ ᠲᠠᠢ ᠲᠠᠭᠠᠷᠠᠪᠠ ᠃ ᠰᠡᠮᠲᠡᠨ ᠬᠡᠲᠦᠶ᠋ᠢᠪᠡᠷ 《 ᠡᠷᠢᠯ ᠊ᠢ ᠰᠤᠷᠠᠭ ᠶ᠋ᠢᠠᠷ ᠂ ᠡᠪᠡᠤᠠᠴᠢᠨ ᠊ᠢ ᠰᠤᠲᠠᠯ ᠶ᠋ᠢᠠᠷ 》 ᠭᠡᠵᠦ ᠶᠠᠷᠢᠲᠠᠭ ᠪᠣᠯᠪᠠᠴᠤ ᠬᠠᠷᠢᠨ ᠲᠡᠲᠡᠭᠡᠷ ᠡᠮᠡᠭᠲᠡᠢᠴᠦᠳ ᠦ᠋ᠨ ᠵᠠᠬ᠎ᠠ  ᠳᠦ  ᠬᠦᠷᠦᠮᠡᠭᠴᠡ ᠨᠢᠭᠤᠷ ᠴᠢᠷᠠᠢ ᠨᠢ ᠨᠢᠯ ᠬᠢᠵᠦ ᠢᠴᠢᠩᠭᠦᠷᠡᠨ ᠰᠠᠨᠲᠤᠷᠬᠤ  ᠳᠦ  ᠪᠠᠨ ᠠᠲᠠᠭ ᠲᠤ ᠪᠠᠨ 《 ᠰᠠᠶ᠋ᠢᠨ ‍ᠤᠤ ? 》 ᠴᠦ᠍ ᠦᠭᠡᠢ ᠪᠡᠷ ᠳᠡᠷᠭᠡᠳᠡᠭᠦᠷ ᠨᠢ ᠥᠩᠭᠡᠷᠡᠵᠦ ᠨᠠᠷᠢᠨ ᠬᠠᠵᠠᠭᠤ ᠳᠦ ᠵᠢᠷᠪᠢᠭᠢᠨᠡᠨ ᠬᠠᠷᠠᠭᠲᠠᠬᠤ ᠨᠢᠭᠡ  ᠪᠦᠯᠦᠭ ᠬᠥᠮᠦᠰ ᠊ᠢ ᠴᠢᠭᠯᠡᠨ ᠲᠦᠷᠭᠡᠯᠡᠨ ᠬᠠᠲᠠᠷᠢᠭᠤᠯᠵᠤ ᠬᠦᠷᠦᠭᠡᠳ ᠄ 《 ᠲᠠᠨ ᠪ ᠡᠨᠲᠡ ᠨᠢᠭᠡᠲᠦᠯ ᠦ᠋ᠨ  ᠨᠣ‍ ᠱᠦᠵᠢ ᠪᠠᠶ᠋ᠢᠨ᠎ᠠ ‍ᠤᠤ ? 》 ᠭᠡᠵᠦ ᠠᠰᠠᠭᠤᠬᠤ  ᠳᠦ ᠲᠡᠲᠡ ᠰᠠᠶᠢᠬᠠᠨ ᠥᠩᠭᠡᠷᠡᠨ ᠭᠠᠷᠴᠤ ᠢᠷᠡᠭᠰᠡᠨ ᠲᠡᠷᠡ ᠨᠢᠭᠡ ᠪᠦᠯᠦᠭ  ᠡᠮᠡᠭᠲᠡᠢᠴᠦᠳ ᠊ᠢ ᠵᠢᠭᠠᠵᠤ ᠄ 《 ᠮᠠᠨ ᠪ  ᠨᠣ‍ ᠱᠦᠵᠢ ᠪᠠᠷᠤᠭ ᠲᠡᠨᠲᠡ ᠪᠠᠶ᠋ᠢᠬᠤ ᠂ ᠲᠠ  ᠤᠴᠠᠷᠠᠭᠰᠠᠨ ᠦᠭᠡᠢ ‍ᠤᠤ ? 》 ᠭᠡᠪᠡ ᠃
      ᠰᠡᠮᠲᠡᠨ ᠵᠢᠯᠣᠭᠣ ᠡᠷᠭᠢᠭᠦᠯᠬᠦ ᠲᠠᠰᠢᠷᠠᠮ ᠄ 《 ᠦᠭᠡᠢ ᠂ ᠦᠭᠡᠢ ᠂ ᠲᠡᠨᠲᠡ ᠪᠠᠶ᠋ᠢᠬᠤ ᠶᠠᠩᠵᠤ ᠲᠠᠢ ᠪᠣᠯ ᠶᠠᠭᠤ ᠭᠡᠵᠦ ᠲᠡᠨᠲᠡ ᠡᠴᠡ ᠠᠰᠠᠭᠤᠬᠤ ᠦᠭᠡᠢ ᠪᠤᠢ ᠳ᠋ᠠ 》 ᠭᠡᠵᠦ ᠬᠡᠯᠡᠭᠡᠳ ᠪᠤᠰᠤᠳ ᠳᠤᠭᠤᠶ᠋ᠢᠯᠠᠩ ᠠ᠋ᠴᠠ ᠰᠤᠷᠠᠭᠯᠠᠬᠤ ᠪᠠᠷ ᠬᠠᠲᠠᠷᠢᠭᠤᠯᠵᠤ ᠣᠷᠬᠢᠯ᠎ᠠ ᠃