ᠮᠠᠢᠭ᠎ᠠ ᠶ᠋ᠢᠨ ᠮᠠᠢᠭ᠎ᠠ- ᠵ . ᠤᠷᠲᠤᠨᠠᠰᠤᠨМайгын майга-ж уртнасан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠢᠭ᠎ᠠ ᠶ᠋ᠢᠨ ᠮᠠᠢᠭ᠎ᠠ- ᠵ . ᠤᠷᠲᠤᠨᠠᠰᠤᠨМайгын майга-ж уртнасан

ᠮᠠᠢᠭ᠎ᠠ ᠶ᠋ᠢᠨ ᠮᠠᠢᠭ᠎ᠠ- ᠵ . ᠤᠷᠲᠤᠨᠠᠰᠤᠨМайгын майга-ж уртнасан

2023-02-20

392

ᠮᠠᠢᠭ᠎ᠠ ᠶ᠋ᠢᠨ ᠮᠠᠢᠭ᠎ᠠ 


  ᠵᠣᠬᠢᠶᠠᠭᠴᠢ ᠃ ᠵ . ᠤᠷᠲᠤᠨᠠᠰᠤᠨ

ᠨᠠᠮᠤᠷ ᠤ᠋ᠨ ᠰᠡᠭᠦᠯᠴᠢ ᠶ᠋ᠢᠨ ᠪᠣᠷᠣᠭ᠎ᠠ
 ᠴᠠᠰᠤ ᠪᠣᠯᠬᠤ ᠭᠡᠵᠦ ᠶᠠᠭᠠᠷᠠᠭᠠᠳ ᠯᠡ
ᠨᠠᠪᠴᠢᠨ ᠪ ᠨᠣᠭᠣᠭᠠᠨ ᠰᠤᠳᠠᠰᠤ ᠬᠦᠷᠲᠡᠯ᠎ᠡ
 ᠪᠡᠭᠡᠷᠡᠭᠰᠢᠵᠦ ᠠᠪᠴᠢᠭᠠᠳ ᠯᠡ
ᠨᠠᠰᠤ ᠵᠢᠯ ᠭᠡᠨᠡᠳᠲᠡ
 ᠥᠲᠡᠯᠴᠢᠬᠡᠭᠰᠡᠨ ᠶᠤᠮ ᠰᠢᠭ᠌ ᠰᠠᠨᠠᠭᠳᠠᠭᠠᠳ ᠯᠡ
ᠨᠠᠳᠠᠳᠤ ᠬᠠᠢᠷᠠᠲᠠᠢ ᠬᠥᠮᠦᠰ ᠪᠦᠭᠦᠳᠡᠭᠡᠷ
 ᠦᠭᠡ ᠳᠠᠭᠤ ᠴᠥᠭᠡᠷᠡᠭᠡᠳ ᠯᠡ
ᠪᠢ ᠮᠠᠢᠭ᠎ᠠ ᠶ᠋ᠢᠨ ᠮᠠᠢᠭ᠎ᠠ ᠪᠣᠯᠤᠭᠠᠳ ᠯᠡ ᠁
ᠣᠨ ᠪ ᠰᠡᠭᠦᠯᠴᠢ ᠶ᠋ᠢᠨ ᠪᠣᠷᠣᠭ᠎ᠠ
 ᠳᠡᠭᠡᠪᠦᠷ ᠲᠤᠭᠤᠷᠭ᠎ᠠ ᠶ᠋ᠢ ᠴᠠᠷᠴᠠᠭᠠᠭᠠᠳ ᠯᠡ
ᠣᠭᠣᠲᠣᠨ᠎ᠠ ᠵᠤᠷᠠᠮ᠎ᠠ ᠶ᠋ᠢᠨ ᠭᠦᠶᠦᠭᠡ
 ᠭᠠᠵᠠᠷ ᠲᠠᠢ ᠨᠠᠭᠠᠯᠳᠤᠨ ᠬᠥᠯᠳᠡᠭᠡᠳ ᠯᠡ
ᠣᠷᠤᠨ ᠭᠠᠷᠤᠨ ᠵᠢᠷᠦᠬᠡ ᠮᠢᠨᠢ
 ᠬᠡᠨ ᠨᠢᠭᠡᠨ ᠢ᠋ ᠦᠭᠡᠢᠯᠡᠭᠡᠳ ᠯᠡ
ᠣᠯᠠᠨ ᠬᠦᠮᠦᠰ ᠢ᠋ ᠪᠢ ᠪᠦᠷ
 ᠭᠣᠮᠣᠳᠠᠭᠠᠴᠢᠬᠠᠭᠰᠠᠨ ᠶᠤᠮ ᠰᠢᠭ᠋ ᠪᠣᠳᠣᠭᠳᠠᠭᠠᠳ ᠯᠡ
ᠪᠢ ᠮᠠᠢᠭ᠎ᠠ ᠶ᠋ᠢᠨ ᠮᠠᠢᠭ᠎ᠠ ᠪᠣᠯᠤᠭᠠᠳ ᠯᠡ ᠁
ᠰᠡᠭᠦᠯ ᠰᠡᠭᠦᠯᠴᠢ ᠶ᠋ᠢᠨ ᠪᠣᠷᠣᠭᠠᠨ ᠳ᠋ᠤ᠌
 ᠪᠣᠯᠵᠣᠮᠣᠷ ᠱᠠᠭᠠᠵᠠᠭᠠᠢ ᠪᠦᠪᠡᠢᠭᠡᠳ ᠯᠡ
ᠰᠥᠯ ᠲᠡᠢ ᠰᠢᠷᠭᠠᠯ ᠮᠠᠩᠬᠠᠨ ᠳᠡᠭᠡᠷ᠎ᠡ
 ᠭᠠᠭᠴᠠᠬᠠᠨ ᠪᠦᠷᠭᠦᠳ ᠦᠲᠤᠢᠭᠡᠳ ᠯᠡ
ᠰᠦᠷᠦᠭ ᠮᠠᠯ ᠤ᠋ᠨ ᠲᠦᠷᠦᠭᠦᠴᠢ
 ᠡᠪᠦᠯᠵᠢᠶᠡᠨ ᠪ ᠵᠠᠮ ᠶ᠋ᠢᠠᠷ ᠬᠡᠯᠲᠦᠷᠢᠭᠡᠳ ᠯᠡ
ᠰᠡᠭᠦᠳᠡᠷ ᠪᠢᠳᠡ ᠬᠣᠶᠠᠷ
 ᠪᠡᠶ᠎ᠡ ᠪᠡᠶ᠎ᠡ ᠳ᠋ᠡᠭᠡᠨ ᠠᠭᠤᠰᠤᠯᠳᠤᠭᠠᠳ ᠯᠡ
ᠪᠢ ᠰᠡᠭᠦᠯ ᠰᠡᠭᠦᠯ ᠳ᠋ᠡᠭᠡᠨ ᠪᠦᠷ
 ᠮᠠᠢᠭ᠎ᠠ ᠶ᠋ᠢᠨ ᠮᠠᠢᠭ᠎ᠠ ᠪᠣᠯᠤᠭᠠᠳ ᠯᠡ ᠁