ᠴᠠᠭᠠᠨ ᠰᠠᠷ᠎ᠠ – ᠪᠢᠮᠪᠠ ᠶ᠋ᠢᠨ ᠰᠥᠮᠪᠥᠷ Цагаан сар – Бямбын Сүмбэр
ᠴᠠᠭᠠᠨ ᠰᠠᠷ᠎ᠠ
ᠰᠢᠯᠦᠭ ᠂ ᠠᠶᠠᠯᠭᠤ ᠄ ᠪ᠂ ᠰᠦᠮᠪᠦᠷ
ᠬᠦᠭᠵᠢᠮ ᠄ ᠬᠦ ᠂ ᠬᠥᠬᠡ
ᠳᠠᠭᠤᠴᠢᠨ ᠄ ᠪ᠂ ᠰᠦᠮᠪᠦᠷ
ᠡᠯᠢᠭᠡᠨ ᠲᠦᠮᠡᠨ ᠶ᠋ᠢᠡᠷ ᠶ᠋ᠢᠡᠨ ᠰᠠᠶ᠋ᠢᠨ ᠰᠢᠨᠡᠯᠡᠪᠡ ᠤᠤ
ᠢᠷᠡᠵᠦ ᠪᠠᠶ᠋ᠢᠬ᠋᠎ᠠ ᠰᠢᠨ᠎ᠡ ᠵᠢᠯ ᠳᠦ ᠲᠠ ᠪᠥᠬᠥᠲᠡ ᠶ᠋ᠢᠨ
ᠡᠷᠡᠭᠦᠯ ᠡᠩᠬᠡ ᠡᠯᠢᠭᠡ ᠪᠦᠲᠦᠨ ᠡᠯᠪᠡᠭ ᠳᠡᠯᠪᠡᠭ ᠡᠩᠬᠡ ᠠᠮᠤᠭᠤᠯᠠᠩ
ᠶᠠᠭᠤ ᠰᠠᠨᠠᠭᠰᠠᠨ ᠶᠢᠰᠦᠨ ᠴᠠᠭᠠᠨ ᠬᠦᠰᠡᠯ ᠲᠠᠨᠢ ᠪᠡᠶᠡᠯᠡᠭᠳᠡᠬᠦ ᠪᠣᠯᠲᠤᠭᠠᠢ
ᠦᠷ ᠦ᠋ᠨ ᠴᠣᠯᠮᠣᠨ ᠮᠢᠰᠢᠶᠡᠵᠦ ᠡᠲᠦᠷ ᠦ᠋ᠨ ᠥᠩᠭᠡ ᠶ᠋ᠢ ᠵᠢᠷᠤᠭᠯᠠᠭᠰᠠᠨ
ᠥᠩᠭᠡ ᠶ᠋ᠢᠨ ᠰᠣᠯᠣᠩᠬ᠋᠎ᠠ ᠲᠠᠢ ᠣᠷᠴᠢᠯᠠᠩ ᠳᠦ ᠬᠥᠮᠦᠨ ᠪ ᠰᠠᠶ᠋ᠢᠨ ᠲᠠᠢ ᠵᠣᠯᠭᠠᠭᠰᠠᠨ
ᠥᠯᠵᠡᠢ ᠳᠡᠮᠪᠡᠷᠢᠯᠲᠦ ᠨᠤᠲᠤᠭ ᠲᠠᠭᠠᠨ ᠰᠦᠨ ᠳᠡᠭᠡᠵᠢ ᠪᠡᠨ ᠡᠷᠭᠦᠭᠰᠡᠨ
ᠦᠯᠡᠮᠵᠢ ᠳᠡᠭᠡᠳᠦ ᠣᠷᠣᠨ ᠳᠦ ᠮᠢᠨᠢ ᠴᠠᠭᠠᠨ ᠰᠠᠷ᠎ᠠ ᠢᠷᠡᠯ᠎ᠡ
ᠮᠠᠨᠲᠤᠬᠤ ᠨᠠᠷᠠᠨ ᠊ᠢ ᠲᠣᠰᠣᠨ ᠤᠭᠲᠤᠵᠤ ᠮᠥᠷ ᠵᠦᠭ ᠶ᠋ᠢᠡᠨ ᠭᠠᠷᠭᠠᠭᠰᠠᠨ
ᠮᠡᠨᠲᠦ ᠶ᠋ᠢᠨ ᠬᠠᠲᠠᠭ ᠲᠠᠢ ᠵᠣᠯᠭᠠᠬᠤ ᠴᠠᠭ ᠦ᠋ᠨ ᠰᠠᠶ᠋ᠢᠬᠠᠨ ᠊ᠢ ᠤᠭᠲᠤᠭᠰᠠᠨ
ᠢᠷᠥᠭᠡᠯ ᠵᠥᠩᠨᠡᠯ ᠲᠠᠢ ᠪᠤᠭᠤᠷᠤᠯ ᠳ᠋ᠠᠭᠠᠨ ᠠᠮᠤᠷ ᠠᠰᠠᠭᠤᠨ ᠰᠢᠨᠡᠯᠡᠭᠰᠡᠨ
ᠶᠢᠰᠦᠨ ᠡᠷᠲᠡᠨᠢ ᠶ᠋ᠢᠨ ᠣᠷᠣᠨ ᠳᠦ ᠮᠢᠨᠢ ᠴᠠᠭᠠᠨ ᠰᠠᠷ᠎ᠠ ᠢᠷᠡᠯ᠎ᠡ
ᠰᠠᠶ᠋ᠢᠨ ᠰᠢᠨᠡᠯᠡᠪᠡ ᠤᠤ ᠡᠯᠢᠭᠡᠨ ᠲᠦᠮᠡᠨ ᠶ᠋ᠢᠡᠷ ᠶ᠋ᠢᠡᠨ
ᠰᠠᠶ᠋ᠢᠨ ᠪ ᠢᠷᠥᠭᠡᠯ ᠬᠤᠷᠤᠶ᠋ᠢᠯᠠᠭᠰᠠᠨ ᠰᠠᠴᠤᠯᠢ ᠶ᠋ᠢᠨ ᠳᠠᠭᠤᠤ
ᠰᠠᠶ᠋ᠢᠬᠠᠨ ᠴᠠᠭᠠᠯᠠᠪᠠᠤ ᠬᠣᠲᠠᠯᠠ ᠣᠯᠠᠨ ᠶ᠋ᠢᠠᠷ ᠶ᠋ᠢᠠᠨ ᠠᠰᠢᠲᠠ ᠶ᠋ᠢᠨ ᠠᠮᠤᠷ ᠠᠮᠤᠭᠤᠯᠠᠩ
ᠰᠠᠷ᠎ᠠ ᠰᠢᠨ᠎ᠡ ᠶ᠋ᠢᠨ ᠰᠦᠨ ᠮᠡᠨᠲᠦ ᠶ᠋ᠢ ᠳᠡᠪᠰᠢᠭᠦᠯᠵᠦ ᠵᠢᠷᠭᠠᠯᠠᠩ ᠳᠡᠯᠭᠡᠷ
ᠠᠮᠤᠷ ᠪᠠᠶ᠋ᠢᠨ᠎ᠠ ᠤᠤ ᠭᠡᠵᠦ ᠬᠦᠨᠲᠦ ᠶ᠋ᠢᠨ ᠶᠣᠰᠣ ᠪᠠᠷ ᠬᠦᠬᠦᠷ ᠰᠣᠯᠢᠨ ᠮᠡᠨᠳᠦᠴᠢᠯᠡᠭᠰᠡᠨ
ᠠᠮᠠᠨ ᠪᠡᠯᠭᠡ ᠲᠡᠢ ᠬᠡᠶ᠋ᠢᠮᠦᠷᠢᠯᠢᠭ᠋ ᠲᠦᠮᠡᠨ ᠪ ᠮᠢᠨᠢ ᠴᠣᠭ ᠵᠣᠯᠪᠣᠬ᠋ᠠ ᠨᠢ ᠰᠡᠷᠭᠦᠭᠰᠡᠨ
ᠠᠪᠤ ᠡᠵᠢ ᠲᠥᠷᠥᠯ ᠰᠠᠲᠤᠨ ᠪ ᠮᠢᠨᠢ ᠭᠡᠰᠢᠭ ᠪᠤᠶᠠᠨ ᠳᠡᠯᠭᠡᠷᠡᠭᠰᠡᠨ
ᠠᠵᠠ ᠵᠢᠷᠭᠠᠯ ᠪᠢᠯᠬᠠᠭᠰᠠᠨ ᠣᠷᠣᠨ ᠳᠦ ᠮᠢᠨᠢ ᠴᠠᠭᠠᠨ ᠰᠠᠷ᠎ᠠ ᠢᠷᠡᠯ᠎ᠡ
ᠰᠠᠶ᠋ᠢᠨ ᠰᠢᠨᠡᠯᠡᠪᠡ ᠤᠤ ᠡᠯᠢᠭᠡᠨ ᠲᠦᠮᠡᠨ ᠶ᠋ᠢᠡᠷ ᠶ᠋ᠢᠡᠨ
ᠰᠠᠶ᠋ᠢᠨ ᠪ ᠢᠷᠥᠭᠡᠯ ᠬᠤᠷᠤᠶ᠋ᠢᠯᠠᠭᠰᠠᠨ ᠰᠠᠴᠤᠯᠢ ᠶ᠋ᠢᠨ ᠳᠠᠭᠤᠤ
ᠰᠠᠶ᠋ᠢᠬᠠᠨ ᠴᠠᠭᠠᠯᠠᠪᠠᠤ ᠬᠣᠲᠠᠯᠠ ᠣᠯᠠᠨ ᠶ᠋ᠢᠠᠷ ᠶ᠋ᠢᠠᠨ ᠠᠰᠢᠲᠠ ᠶ᠋ᠢᠨ ᠠᠮᠤᠷ ᠠᠮᠤᠭᠤᠯᠠᠩ
ᠰᠠᠷ᠎ᠠ ᠰᠢᠨ᠎ᠡ ᠶ᠋ᠢᠨ ᠰᠦᠨ ᠮᠡᠨᠲᠦ ᠶ᠋ᠢ ᠳᠡᠪᠰᠢᠭᠦᠯᠵᠦ ᠵᠢᠷᠭᠠᠯᠠᠩ ᠳᠡᠯᠭᠡᠷ
ᠰᠠᠶ᠋ᠢᠨ ᠰᠢᠨᠡᠯᠡᠪᠡ ᠤᠤ
ᠡᠯᠢᠭᠡᠨ ᠲᠦᠮᠡᠨ ᠶ᠋ᠢᠡᠷ ᠶ᠋ᠢᠡᠨ
ᠰᠢᠯᠦᠭᠤᠨ ᠦᠰᠦᠭ ᠠᠮᠢᠯᠠᠭᠤᠯᠪᠠ
ᠬᠢᠨᠠᠭᠴᠢ ᠄ ᠪᠠᠶᠠᠷᠴᠡᠴᠡᠭ ᠪᠠᠭᠰᠢ
