1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 5-03 Мөнх ТунхMunkh Tunkh

ᠮᠥᠩᠬᠡ ᠲᠤᠩᠬᠤ 5-03 Мөнх ТунхMunkh Tunkh

2023-10-22

719

ᠮᠥᠩᠬᠡ ᠲᠤᠩᠬᠤ ᠲᠠᠪᠤᠳᠤᠭᠠᠷ ᠤᠯᠠᠷᠢᠯ ᠭᠤᠷᠪᠠᠳᠤᠭᠠᠷ ᠠᠩᠭᠢ5-3


ᠮᠥᠩᠬᠡ᠄ ᠬᠥᠪᠴᠢ ᠨᠣᠭᠣᠭᠠᠨ ᠮᠣᠳᠣᠲᠤ ᠶ᠋ᠢᠨ ᠭᠦᠨ ᠳ᠋ᠦ᠍᠂ᠠᠷᠢᠶᠠᠲᠠᠨ ᠪᠠᠰᠠᠷ ᠤ᠋ᠨ ᠠᠶᠤᠮᠰᠢᠭᠲᠤ ᠠᠭᠤᠢ ᠳᠣᠲᠣᠷ᠎ᠠ ᠠ᠋ᠴᠠ ᠨᠢᠭᠡᠨ ᠦᠯᠦ ᠮᠡᠳᠡᠭᠳᠡᠬᠦ ᠨᠦᠷᠭᠢᠶᠡᠨ ᠰᠣᠨᠣᠰᠳᠠᠬᠤ ᠠᠵᠠᠢ᠃ ᠠᠭᠤᠢ ᠶ᠋ᠢᠨ ᠭᠦᠨ ᠡᠴᠡ ᠣᠢᠷᠠᠲᠤᠨ ᠢᠷᠡᠬᠦ ᠠᠷᠠᠭ᠎ᠠ ᠰᠢᠳᠦ ᠨᠢ ᠠᠷᠵᠠᠢᠭᠰᠠᠨ᠂ᠠᠪᠤᠷᠭᠤ ᠲᠣᠮᠣ ᠠᠷᠪᠠᠨ ᠲᠠᠪᠤᠨ ᠲᠣᠯᠣᠭᠠᠢ ᠲᠠᠢ᠂ ᠠᠲᠠᠭᠠᠯᠵᠢᠨ ᠬᠠᠷ᠎ᠠ ᠮᠠᠩᠭᠤᠰ ᠤ᠋ᠨ ᠴᠢᠮᠡᠭᠡ ᠤᠯᠠᠮ ᠯᠠ ᠣᠢᠷᠠᠲᠤᠭᠰᠠᠭᠠᠷ ᠪᠠᠢᠯ᠎ᠠ᠃ 
ᠡᠨᠡ ᠦᠶ᠎ᠡ ᠳ᠋ᠦ᠍ ᠬᠣᠣᠰ ᠦᠭᠡᠢ ᠪᠢᠷ᠎ᠠ ᠴᠢᠳᠠᠯ ᠲᠠᠢ᠂ ᠣᠯᠠᠨ ᠲᠦᠮᠡᠨ᠎ᠡ ᠮᠥᠩᠭᠥᠲᠡᠢ ᠮᠡᠷᠭᠡᠨ ᠭᠡᠮᠡᠨ ᠠᠯᠳᠠᠷᠰᠢᠭᠰᠠᠨ ᠡᠷᠡᠯᠬᠡᠭ ᠪᠠᠭᠠᠲᠤᠷ᠂ ᠠᠯᠪᠠᠲᠤ ᠢᠷᠭᠡᠳ ᠢ᠋ᠶ᠋ᠡᠨ ᠬᠠᠮᠠᠭᠠᠯᠠᠨ ᠲᠡᠮᠡᠴᠡᠬᠦ ᠳ᠋ᠦ᠍ ᠪᠡᠯᠡᠨ ᠪᠣᠯᠤᠭᠰᠠᠨ ᠪᠠᠢᠯ᠎ᠠ᠃ ᠠᠶᠤᠮᠰᠢᠭᠲᠤ ᠠᠷᠢᠶᠠᠲᠠᠨ ᠤ᠋ ᠴᠢᠮᠡᠭᠡ ᠡᠨᠡᠭᠦᠬᠡᠨ ᠳ᠋ᠦ᠍ ᠰᠣᠨᠣᠰᠳᠠᠵᠤ᠂ ᠶᠠᠭᠤ ᠶᠠᠭᠤ ᠦᠭᠡᠢ ᠭᠠᠷᠴᠤ ᠢᠷᠡᠬᠦ ᠲᠡᠢ ᠵᠡᠷᠭᠡᠴᠡᠨ᠂ ᠮᠥᠩᠭᠥᠲᠡᠢ ᠮᠡᠷᠭᠡᠨ ᠢᠯᠳᠦ ᠪᠠᠮᠪᠠᠢ ᠪᠠᠨ ᠠᠭᠰᠠᠨ᠂ᠤᠷᠲᠤ ᠪᠠᠷ ᠠᠮᠢᠰᠬᠤᠭ᠎ᠠ ᠠᠪᠤᠨ ᠵᠣᠭᠰᠣᠵᠤ ᠪᠠᠢᠯ᠎ᠠ᠃ 
ᠲᠤᠩᠬᠤ᠄ ᠲᠡᠭᠡᠭᠰᠡᠨ ᠴᠢᠨᠢ ᠠᠶᠤᠮᠰᠢᠭᠲᠤ ᠠᠷᠢᠶᠠᠲᠠᠨ ᠪᠢᠰᠢ᠂ ᠠᠶᠠᠭᠦᠢ ᠬᠥᠭᠡᠷᠦᠬᠦᠨ ᠪᠢᠴᠢᠬᠠᠨ ᠯᠤᠤ ᠭᠠᠷᠤᠭᠠᠳ ᠢᠷᠡᠵᠡᠢ ᠭᠡᠨ᠎ᠡ᠃ ᠬᠢ ᠬᠢ᠂ᠲᠡᠭᠡᠭᠰᠡᠨ ᠢ᠋ᠶ᠋ᠡᠨ ᠬᠥᠭᠡᠷᠦᠬᠦᠨ ᠡᠪᠰᠢᠶᠡᠭᠡᠳ ᠠᠷ ᠠᠷ ᠭᠡᠳ ᠡᠭᠳᠡᠭᠦᠦ ᠲᠡᠢ ᠭᠡᠭᠴᠢ ᠨᠢ ᠭᠠᠯ ᠢ᠋ᠶ᠋ᠠᠷ ᠲᠤᠷᠭᠢᠵᠠᠢ᠃
ᠪᠢᠴᠢᠬᠠᠨ ᠯᠤᠤ᠄ᠠ ᠠ᠁ ᠫᠦ ᠦ ᠢᠩᠭᠢᠭᠡᠳ ᠶᠠᠭᠤ ᠪᠣᠯᠤᠭᠠᠳ ᠪᠠᠢᠨ᠎ᠠ ᠡᠵᠢ ᠠ᠋
ᠮᠥᠩᠬᠡ᠄ ᠭᠡᠰᠡᠨ ᠴᠦ᠍ ᠪᠢᠴᠢᠬᠠᠨ ᠵᠤᠯᠵᠠᠭ᠎ᠠ ᠪᠠᠨ ᠠᠪᠤᠷᠠᠬᠤ ᠪᠠᠷ ᠡᠵᠢ ᠯᠤᠤ ᠠᠷᠤ ᠠ᠋ᠴᠠ ᠨᠢ ᠠᠭᠤᠷ ᠰᠠᠪᠰᠠᠭᠤᠯᠤᠨ ᠠᠭᠤᠷᠯᠠᠭᠰᠠᠭᠠᠷ ᠭᠠᠷᠴᠤ ᠢᠷᠡᠨ᠎ᠡ᠃ ᠡᠨᠡ ᠦᠶ᠎ᠡ ᠳ᠋ᠦ᠍ ᠮᠥᠩᠭᠥᠲᠡᠢ ᠮᠡᠷᠭᠡᠨ ᠤᠯᠠᠮ ᠶᠡᠬᠡ ᠲᠥᠪᠯᠡᠷᠡᠭᠦᠯᠦᠭᠰᠡᠭᠡᠷ ᠳᠠᠭᠠᠷᠢᠯᠲᠠ ᠬᠢᠬᠦ ᠮᠥᠴᠡ ᠶ᠋ᠢ ᠬᠦᠯᠢᠶᠡᠵᠦ ᠪᠠᠢᠯ᠎ᠠ᠃
ᠲᠤᠩᠬᠤ᠄ ᠲᠡᠭᠡᠭᠡᠳ ᠬᠥᠭᠡᠷᠦᠬᠦᠨ ᠵᠤᠯᠵᠠᠭ᠎ᠠ ᠪᠠᠨ ᠬᠠᠮᠠᠭᠠᠯᠠᠬᠤ ᠪᠠᠷ ᠲᠡᠭᠦᠨ ᠦ᠌《ᠡᠵᠢ ᠯᠤᠤ》 ᠪᠠᠰᠠ ᠯᠠ ᠵᠢᠵᠢᠭᠬᠡᠨ ᠬᠥᠭᠡᠷᠦᠬᠦᠨ ᠡᠭᠳᠡᠭᠦᠦ ᠲᠡᠢ ᠯᠤᠤ ᠭᠠᠷᠤᠭᠠᠳ ᠢᠷᠡᠵᠡᠢ ᠭᠡᠨ᠎ᠡ᠃ ᠬᠢ ᠬᠢ
ᠮᠥᠩᠬᠡ᠄ ᠦ᠂ ᠬᠢ ᠬᠢ ᠲᠤᠩᠬᠤ ᠠ᠋᠂ ᠳᠠᠬᠢᠭᠠᠳ ᠯᠠ ᠮᠢᠨᠦ Comment(ᠰᠡᠳᠬᠢᠭᠰᠡᠨ ᠪᠢᠴᠢᠯᠭᠡ ) ᠶ᠋ᠢ ᠢᠳᠡ ᠣᠷᠭᠢᠯ ᠦᠶ᠎ᠡ ᠳᠡᠭᠡᠷ᠎ᠡ ᠪᠡᠨ ᠶᠠᠪᠤᠵᠤ ᠪᠠᠢᠬᠤ ᠳ᠋ᠤ᠌ ᠣᠷᠣᠭᠠᠳ ᠢᠷᠡᠬᠦ ᠶᠦ᠍ᠮ ᠠ᠋᠃
ᠲᠤᠩᠬᠤ᠄ ᠠᠭᠤᠴᠢᠯᠠᠭᠠᠷᠠᠢ ᠮᠥᠩᠬᠡ᠂ ᠭᠡᠬᠦ ᠳ᠋ᠦ᠍ ᠪᠡᠨ ᠪᠦᠬᠦ ᠵᠣᠬᠢᠶᠠᠯ ᠤ᠋ᠳ ᠡᠩᠬᠡ ᠲᠠᠢᠪᠤᠩ ᠪᠠᠢᠪᠠᠯ ᠭᠣᠶᠣ ᠪᠢᠰᠢ ᠭᠡᠵᠡᠢ ᠤᠤ? ᠲᠡᠭᠡᠬᠦ ᠳ᠋ᠦ᠍ ᠪᠡᠨ ᠮᠢᠨᠦ ᠵᠣᠬᠢᠶᠠᠭᠰᠠᠨ ᠵᠢᠵᠢᠭᠬᠡᠨ ᠯᠤᠤ ᠡᠭᠳᠡᠭᠦᠦ ᠲᠠᠢ ᠯᠠ ᠪᠠᠢᠭ᠎ᠠ ᠪᠢᠵᠡ ᠳᠡ᠂ ᠬᠢ ᠬᠢ᠃
ᠮᠥᠩᠬᠡ᠄ ᠬᠢ ᠬᠢ᠂ ᠲᠡᠢᠮᠦ ᠨᠢ ᠴᠦ᠍ ᠲᠡᠢᠮᠦ ᠯᠡ ᠪᠠᠢᠨ᠎ᠠ ᠳᠠ᠂ ᠭᠡᠬᠦ ᠳ᠋ᠦ᠍ ᠪᠡᠨ ᠠᠰᠠᠷᠤ ᠶᠡᠬᠡ ᠰᠦᠷ ᠬᠦᠴᠦ ᠲᠡᠢ ᠪᠠᠭᠠᠲᠤᠷ ᠴᠡᠷᠢᠭ᠂ ᠠᠪᠤᠷᠭᠤ ᠲᠣᠮᠣ ᠮᠠᠩᠭᠤᠰ ᠲᠠᠢ ᠲᠤᠯᠤᠯᠳᠤᠭᠠᠳ᠂ ᠨᠢᠰᠴᠦ ᠪᠠᠭᠤᠵᠤ ᠰᠡᠯᠡᠮ᠎ᠡ ᠪᠡᠷ ᠨᠢ ᠪᠠᠢᠯᠳᠤᠪᠠᠯ ᠢᠯᠡᠭᠦᠦ ᠰᠦᠷ ᠲᠡᠢ ᠪᠠᠰᠠ ᠭᠣᠶᠣ ᠰᠢᠳᠡ᠃
ᠲᠤᠩᠬᠤ᠄ ᠬᠢ ᠬᠢ᠂ ᠵᠠ ᠵᠠ᠂ ᠣᠢᠯᠠᠭᠠᠯ᠎ᠠ᠃ ᠮᠥᠩᠬᠡ ᠲᠡᠭᠡᠪᠡᠯ ᠳᠠᠷᠠᠭ᠎ᠠ ᠪᠠᠷ ᠬᠣᠶᠠᠭᠤᠯᠠ ᠪᠠᠨ ᠳᠠᠢᠰᠤᠨ ᠤ᠋ ᠡᠰᠡᠷᠭᠦ ᠬᠠᠮᠲᠤ ᠲᠤᠯᠤᠯᠳᠤᠵᠤ ᠪᠠᠢᠭ᠎ᠠ ᠪᠠᠷ ᠵᠣᠬᠢᠶᠠᠪᠠᠯ ᠶᠠᠮᠠᠷ ᠪᠣᠢ? ᠴᠢ ᠲᠤᠯᠤᠯᠳᠤᠭᠠᠳ ᠯᠠ᠂ ᠪᠢ ᠡᠮᠴᠢᠯᠡᠭᠡᠳ ᠯᠡ᠁ ᠠ᠂ ᠬᠢ ᠬᠢ
ᠮᠥᠩᠬᠡ᠄ ᠵᠠ ᠲᠡᠭᠡᠶ᠎ᠡ ᠲᠤᠩᠬᠤ ᠠ᠋᠂ ᠲᠡᠭᠡᠪᠡᠯ ᠴᠦ᠍ ᠰᠣᠨᠢᠷᠬᠠᠯᠲᠠᠢ ᠶᠠᠭᠤᠮ᠎ᠠ ᠪᠣᠯᠬᠤ ᠶᠤᠮ ᠪᠠᠢᠨ᠎ᠠ ᠳᠠ᠃
ᠠᠷᠸ᠎ᠠ᠄ ᠵᠠ᠂ ᠰᠡᠭᠦᠯᠴᠢ ᠶ᠋ᠢᠨ ᠡᠰᠡᠷᠭᠦᠴᠡᠭᠴᠢᠳ ᠮᠠᠨᠢ ᠢᠯᠠᠵᠤ ᠪᠠᠢᠨ᠎ᠠ ᠤᠤ? ᠬᠢ ᠬᠢ
ᠲᠤᠩᠬᠤ᠄ ᠬᠢ ᠬᠢ᠂ ᠰᠡᠭᠦᠯᠴᠢ ᠶ᠋ᠢᠨ ᠡᠰᠡᠷᠭᠦᠴᠡᠭᠴᠢᠳ ᠮᠠᠨᠢ ᠳᠣᠯᠣᠭᠠᠨ ᠳ᠋ᠤ᠌ ᠪᠠᠨ ᠴᠤ᠌ ᠣᠷᠣᠵᠤ ᠠᠮᠵᠢᠭ᠎ᠠ ᠦᠭᠡᠢ ᠪᠠᠢᠨ᠎ᠠ᠃ ᠬᠢ ᠬᠢ
ᠮᠥᠩᠬᠡ᠄ ᠠᠷᠪᠠᠨ ᠲᠠᠪᠤᠨ ᠲᠣᠯᠣᠭᠠᠢ ᠲᠠᠢ᠂ ᠠᠲᠠᠭᠠᠯᠵᠢᠨ ᠬᠠᠷ᠎ᠠ ᠮᠠᠩᠭᠤᠰ ᠤ᠋ᠨ ᠡᠰᠡᠷᠭᠦ᠂ ᠰᠦᠷ ᠬᠦᠴᠦᠲᠦ ᠮᠥᠩᠭᠥᠲᠡᠢ ᠮᠡᠷᠭᠡᠨ ᠭᠡᠳ ᠯᠡ ᠶᠠᠭ ᠲᠤᠯᠤᠭᠠᠳ ᠡᠬᠢᠯᠡᠬᠦ ᠭᠡᠵᠦ ᠪᠠᠢᠬᠤ ᠳ᠋ᠤ᠌ ᠲᠤᠩᠬᠤ ᠣᠷᠣᠭᠠᠳ ᠢᠷᠡᠭᠰᠡᠨ ᠠ᠋!
ᠠᠷᠸ᠎ᠠ᠄ ᠬᠢ ᠬᠢ᠂ ᠮᠠᠨ ᠤ᠋ ᠮᠥᠩᠬᠡ ᠶ᠋ᠢᠨ ᠰᠡᠭᠦᠯᠴᠢ ᠶ᠋ᠢᠨ ᠡᠰᠡᠷᠭᠦᠴᠡᠭᠴᠢᠳComment(ᠰᠡᠳᠬᠢᠭᠰᠡᠨ ᠪᠢᠴᠢᠯᠭᠡ ) ᠶ᠋ᠢ ᠪᠦᠷ ᠯᠡ ᠰᠣᠨᠢᠷᠬᠠᠯᠲᠠᠢ ᠪᠣᠯᠤᠭᠠᠳ ᠪᠠᠢᠭ᠎ᠠ ᠰᠢᠦ᠃
ᠮᠥᠩᠬᠡ᠄ ᠤᠭ ᠨᠢ ᠲᠡᠢᠮᠦ ᠠ᠋᠂ ᠨᠠᠢᠵᠠ ᠨᠤᠭᠤᠳ ᠲᠠᠢ ᠪᠠᠨ ᠬᠦᠰᠡᠭᠰᠡᠨ ᠳᠦᠷᠢ ᠳ᠋ᠦ᠍ ᠪᠡᠨ ᠣᠷᠣᠭᠠᠳ ᠠᠳᠠᠯ ᠶᠠᠪᠤᠳᠠᠯ ᠵᠣᠬᠢᠶᠠᠭᠠᠳ ᠯᠠ ᠤᠷᠮ᠎ᠠ ᠲᠠᠢ ᠪᠠᠢᠨ᠎ᠠ ᠳᠠ᠃
ᠲᠣᠷᠤᠨ᠄ ᠪᠤᠷᠠᠮ ᠲᠠᠢ ᠪᠠᠢᠨ᠎ᠠ ᠳᠠ᠃
ᠮᠥᠩᠬᠡ᠄ ᠬᠢ ᠬᠠ᠁᠂᠂《ᠪᠤᠷᠠᠮ ᠲᠠᠢ ᠪᠠᠢᠨ᠎ᠠ》 ᠭᠡᠳᠡᠭ ᠴᠢᠨᠢ《ᠰᠢᠬᠢᠷ ᠲᠡᠢ ᠪᠠᠢᠨ᠎ᠠ》 ᠭᠡᠰᠡᠨ ᠦᠭᠡ ᠰᠢᠲᠠ᠃
ᠲᠤᠩᠬᠤ᠄ ᠬᠢ ᠬᠢ᠁
ᠲᠣᠷᠤᠨ᠄ ᠬᠢ ᠬᠢ᠂ ᠵᠠ ᠭᠡᠬᠦ ᠳ᠋ᠦ᠍ ᠪᠡᠨ ᠮᠥᠩᠬᠡ ᠰᠡᠮᠡ ᠨᠠᠢᠷᠠᠭᠤᠯᠤᠭᠴᠢ ᠠ᠋᠂ ᠨᠠᠮ᠎ᠠ ᠶ᠋ᠢ ᠳᠠᠷᠠᠭ᠎ᠠ ᠶ᠋ᠢᠨ Comment(ᠰᠡᠳᠬᠢᠭᠰᠡᠨ ᠪᠢᠴᠢᠯᠭᠡ ) ᠳ᠋ᠦ᠍ ᠪᠡᠨ ᠡᠰᠡᠷᠭᠦ ᠳᠦᠷᠢ ᠪᠣᠯᠭᠠᠭᠠᠷᠠᠢ᠃ ᠲᠡᠭᠡᠬᠦ ᠦᠭᠡᠢ ᠪᠣᠯ ᠷᠤᠪᠳᠤᠨ ᠲᠣᠷᠤᠨ ᠤ᠋ ᠪᠣᠰᠤᠯᠭ᠎ᠠ ᠭᠡᠳ ᠪᠠᠢᠬᠤ ᠦᠭᠡᠢ ᠪᠣᠯᠬᠤ ᠭᠡᠳ ᠪᠠᠢᠨ᠎ᠠ ᠰᠢᠦ ᠳᠡ᠃
ᠠᠷᠸ᠎ᠠ᠄ ᠬᠢ ᠬᠢ᠁ ᠵᠠ᠂ ᠦᠯᠢᠭᠡᠷ ᠢ᠋ᠶ᠋ᠡᠷ ᠠᠶᠠᠯᠠᠬᠤ ᠴᠠᠭ ᠪᠣᠯᠴᠢᠬᠠᠭᠰᠠᠨ ᠪᠠᠢᠨ᠎ᠠ ᠰᠢᠦ᠃
ᠮᠥᠩᠬᠡ᠄ ᠦ᠂ ᠬᠢ ᠬᠢ᠂ ᠨᠡᠭᠡᠷᠡᠨ ᠢ᠋ᠶ᠋ᠡᠨ ᠲᠡᠢᠮᠦ ᠪᠠᠢᠨ᠎ᠠ᠃
ᠠᠷᠸ᠎ᠠ᠄ ᠵᠠ ᠲᠡᠭᠡᠪᠡᠯ ᠠᠶᠠᠯᠠᠵᠠᠭᠠᠬᠤ ᠤᠤ?
ᠲᠤᠩᠬᠤ᠄ ᠲᠡᠭᠡᠶ᠎ᠡ ᠲᠡᠭᠡᠶ᠎ᠡ᠃
ᠮᠥᠩᠬᠡ᠄ok
ᠮᠣᠩᠭᠣᠯ ᠠᠷᠠᠳ ᠤ᠋ᠨ ᠦᠯᠢᠭᠡᠷ
ᠡᠷᠲᠡ ᠤᠷᠢᠳᠤ ᠴᠠᠭ ᠲᠤ᠌᠂《ᠪᠣᠭᠳᠠ ᠮᠡᠷᠭᠡᠨ》ᠭᠡᠭᠴᠢ ᠨᠢᠭᠡᠨ ᠶᠡᠬᠡ ᠠᠯᠳᠠᠷ ᠴᠤᠤ ᠲᠠᠢ ᠠᠩᠴᠢᠨ ᠪᠠᠢᠵᠠᠢ ᠭᠡᠨ᠎ᠡ᠃ ᠪᠣᠭᠳᠠ ᠮᠡᠷᠭᠡᠨ ᠲᠡᠢ ᠲᠡᠩᠴᠡᠬᠦ ᠲᠡᠢᠮᠦ ᠬᠦᠴᠦᠲᠡᠢ ᠬᠥᠮᠦᠨ ᠬᠠᠮᠢᠭ᠎ᠠ ᠴᠤ᠌ ᠪᠠᠢᠬᠤ ᠦᠭᠡᠢ ᠭᠡᠵᠦ ᠶᠠᠷᠢᠳᠠᠭ ᠶᠤᠮ ᠰᠠᠨᠵᠠᠢ᠃ 
ᠨᠢᠭᠡ ᠤᠳᠠᠭ᠎ᠠ ᠪᠣᠭᠳᠠ ᠮᠡᠷᠭᠡᠨ ᠠᠩ ᠳ᠋ᠤ᠌ ᠶᠠᠪᠤᠭᠠᠳ ᠲᠤᠢᠯ ᠤ᠋ᠨ ᠶᠡᠬᠡ ᠶᠠᠳᠠᠷᠠᠵᠤ᠂ ᠥᠨᠳᠥᠷ ᠠᠭᠤᠯᠠ ᠶ᠋ᠢᠨ ᠲᠠᠭᠲᠤ ᠳ᠋ᠤ᠌ ᠤᠷᠭᠤᠭᠰᠠᠨ ᠨᠢᠭᠡᠨ ᠰᠠᠢᠬᠠᠨ ᠮᠣᠳᠣᠨ ᠤ᠋ ᠰᠡᠭᠦᠳᠡᠷ ᠲᠦ᠍ ᠠᠮᠠᠷᠠᠬᠤ ᠪᠠᠷ ᠬᠡᠪᠲᠡᠵᠦ ᠪᠠᠢᠲᠠᠯ᠎ᠠ ᠳᠡᠷᠭᠡᠳᠡᠬᠢ ᠬᠠᠳᠠᠨ ᠬᠠᠪᠴᠢᠯ ᠤ᠋ᠨ ᠵᠠᠪᠰᠠᠷ ᠰᠡᠷᠴᠢᠭᠢᠨᠡᠨ ᠤᠷᠤᠰᠬᠤ ᠲᠤᠩᠭᠠᠯᠠᠭ ᠭᠣᠷᠣᠬᠠᠨ ᠤ᠋ ᠳᠡᠷᠭᠡᠳᠡ ᠨᠢᠳᠦ ᠭᠢᠯᠪᠠᠮ᠎ᠠ ᠠᠯᠲᠠᠨ ᠡᠪᠡᠷ ᠲᠡᠢ᠂ ᠵᠡᠭᠡᠷ᠎ᠡ ᠵᠡᠭᠡᠷ᠎ᠡ ᠡᠴᠡ ᠣᠨᠴᠠᠭᠠᠢ ᠬᠠᠴᠢᠨ ᠵᠡᠭᠡᠷ᠎ᠡ ᠬᠠᠷᠠᠭᠳᠠᠬᠤ ᠳ᠋ᠤ᠌ ᠪᠣᠭᠳᠠ ᠮᠡᠷᠭᠡᠨ ᠪᠦᠷ ᠭᠠᠢᠬᠠᠬᠤ ᠶ᠋ᠢᠨ ᠶᠡᠬᠡ ᠪᠡᠷ ᠭᠠᠢᠬᠠᠵᠠᠢ᠂ ᠪᠣᠭᠳᠠ ᠮᠡᠷᠭᠡᠨ ᠨᠤᠮᠤ ᠪᠠᠨ ᠪᠤᠰᠢᠭᠤᠬᠠᠨ ᠭᠡᠭᠴᠢ ᠨᠢ (ᠰᠢᠭᠦᠷᠴᠦ) ᠠᠪᠤᠭᠠᠳ ᠣᠨᠢᠯᠠᠲᠠᠯ᠎ᠠ ᠭᠡᠨᠡᠳᠲᠡ ᠨᠥᠭᠦᠭᠡ ᠠᠮᠢᠲᠠᠨ ᠴᠢᠨᠢ 《ᠬᠦᠦ ᠮᠢᠨᠢ ᠴᠢ ᠨᠠᠮ᠎ᠠ ᠶ᠋ᠢ ᠬᠠᠷᠪᠤᠬᠤ ᠭᠡᠳ ᠪᠤᠤ ᠶᠠᠭᠠᠷᠠ》 ᠭᠡᠵᠦ ᠬᠡᠯᠡᠬᠦ ᠶ᠋ᠢ ᠨᠢ ᠰᠣᠨᠣᠰᠤᠭᠠᠳ ᠭᠠᠢᠬᠠᠨ ᠵᠣᠭᠰᠣᠪᠠ᠃ ᠠᠮᠢᠳᠤᠷᠠᠯ ᠳ᠋ᠤ᠌ ᠪᠠᠨ ᠬᠥᠮᠦᠨ ᠦ᠌ ᠬᠡᠯᠡ ᠪᠡᠷ ᠶᠠᠷᠢᠳᠠᠭ ᠠᠮᠢᠲᠠᠨ ᠲᠠᠢ ᠲᠠᠭᠠᠷᠠᠯᠳᠤᠵᠤ ᠪᠠᠢᠭ᠎ᠠ ᠦᠭᠡᠢ ᠪᠣᠯᠬᠣᠷ ᠪᠦᠷ ᠮᠠᠯ ᠭᠠᠢᠬᠠᠵᠤ᠂ ᠶᠠᠭᠠᠬᠢᠬᠤ ᠤᠴᠢᠷ ᠢ᠋ᠶ᠋ᠠᠨ ᠣᠯᠬᠤ ᠦᠭᠡᠢ ᠵᠣᠭᠰᠣᠯ᠎ᠠ᠃ ᠲᠡᠭᠡᠭᠡᠳ ᠪᠣᠯᠭᠣᠮᠵᠢᠲᠠᠢ ᠪᠠᠷ ᠵᠡᠭᠡᠷ᠎ᠡ ᠯᠦ᠍ᠭᠡ ᠣᠢᠷᠠᠲᠤᠨ ᠣᠴᠢᠭᠠᠳ ᠠᠯᠲᠠᠨ ᠡᠪᠡᠷ ᠲᠦ᠍ ᠨᠢ ᠠᠶᠠᠲᠠᠢᠬᠠᠨ ᠭᠠᠷ ᠢ᠋ᠶ᠋ᠠᠨ ᠬᠦᠷᠭᠡᠲᠡᠯ᠎ᠡ ᠨᠢᠭᠡ ᠯᠡ ᠶᠡᠬᠡ ᠴᠡᠯ ᠪᠤᠭᠤᠷᠤᠯ ᠰᠠᠬᠠᠯ ᠲᠠᠢ ᠡᠪᠦᠭᠡᠨ ᠪᠣᠯᠤᠭᠠᠳ ᠬᠤᠪᠢᠷᠠᠵᠠᠢ ᠭᠡᠨ᠎ᠡ᠃
ᠲᠡᠷᠡ ᠡᠪᠦᠭᠡᠨ ᠪᠣᠭᠳᠠ ᠮᠡᠷᠭᠡᠨ ᠡᠴᠡ ᠡᠢᠨ ᠠᠰᠠᠭᠤᠪᠠ᠄ 《ᠪᠢ ᠡᠨᠡ ᠠᠭᠤᠯᠠ ᠶ᠋ᠢᠨ ᠪᠠᠯ ᠳ᠋ᠤ᠌ ᠪᠠᠢᠳᠠᠭ ᠪᠣᠭᠳᠠ ᠮᠡᠷᠭᠡᠨ ᠢ᠋ ᠬᠠᠢᠵᠤ ᠶᠠᠪᠤᠭ᠎ᠠ ᠶᠤᠮ ᠠ᠋! ᠰᠠᠢᠨ ᠰᠠᠨᠠᠭᠠᠲᠤ ᠬᠦᠦ ᠮᠢᠨᠢ ᠲᠠ ᠨᠠᠳᠠ ᠲᠤᠰᠠᠯᠠᠬᠤ ᠦᠭᠡᠢ ᠤᠤ?》 ᠭᠡᠬᠦ ᠳ᠋ᠦ᠍᠂ 《ᠠ ᠲᠡᠷᠡ ᠬᠥᠮᠦᠨ ᠤᠤ? ᠲᠡᠷᠡ ᠬᠥᠮᠦᠨ ᠴᠢᠨᠢ ᠪᠢ ᠥᠪᠡᠷ ᠢ᠋ᠶ᠋ᠡᠨ ᠪᠠᠢᠨ᠎ᠠ᠃ ᠲᠠ ᠶᠠᠭᠤ ᠭᠡᠰᠡᠨ ᠶᠦ᠍ᠮ ᠪᠣᠯ》᠃ ᠲᠡᠭᠡᠬᠦ ᠳ᠋ᠦ᠍ ᠡᠪᠦᠭᠡᠨ 《ᠲᠡᠷᠲᠡᠭᠡ ᠬᠣᠯᠠ ᠤᠯᠤᠰ ᠤ᠋ᠨ ᠡᠵᠡᠨ ᠨᠢ ᠪᠢ ᠪᠠᠢᠭ᠎ᠠ ᠶᠤᠮ ᠠ᠋᠂ ᠮᠠᠨ ᠤ᠋ ᠤᠯᠤᠰ ᠢ᠋ ᠳᠠᠭᠠᠨ ᠨᠢᠭᠡᠨ ᠶᠡᠬᠡ ᠲᠣᠮᠣ ᠭᠣᠣᠯ ᠤᠷᠤᠰᠳᠠᠭ ᠪᠠᠢᠯ᠎ᠠ᠃ ᠲᠡᠭᠦᠨ ᠦ᠌ ᠤᠰᠤ ᠶ᠋ᠢ ᠮᠠᠨ ᠤ᠋ ᠠᠷᠠᠳ ᠬᠠᠨᠲᠠᠯ᠎ᠠ ᠪᠠᠨ ᠤᠤᠭᠤᠵᠤ᠂ ᠵᠢᠷᠭᠠᠯ ᠤ᠋ᠨ ᠳᠡᠭᠡᠳᠦ ᠶ᠋ᠢ ᠡᠳ᠋ᠯᠡᠳᠡᠭ ᠪᠠᠢᠯ᠎ᠠ᠃ ᠭᠡᠲᠡᠯ᠎ᠡ ᠬᠣᠷᠢᠨ ᠵᠢᠯ ᠦ᠋ᠨ ᠡᠮᠦᠨ᠎ᠡ ᠲᠡᠨᠳᠡ ᠳᠣᠯᠣᠭᠠᠨ ᠲᠣᠯᠣᠭᠠᠢ ᠲᠠᠢ ᠯᠤᠤ ᠢᠷᠡᠵᠦ᠂ ᠠᠭᠤᠯᠠ ᠤᠰᠤ ᠶ᠋ᠢ ᠮᠠᠨᠢ ᠡᠵᠡᠯᠡᠬᠦ ᠪᠣᠯᠤᠭᠰᠠᠨ ᠠ᠋ᠴᠠ ᠬᠣᠢᠰᠢ᠂ ᠳᠤᠰᠤᠯ ᠤᠰᠤᠨ ᠤ᠋ ᠲᠥᠯᠥᠭᠡ ᠬᠣᠨᠢ ᠮᠠᠯ ᠡᠷᠭᠦᠯ ᠪᠠᠷᠢᠴᠠ ᠪᠠᠷᠢᠭᠰᠠᠭᠠᠷ ᠰᠣᠯᠢᠵᠤ ᠤᠰᠤ ᠪᠠᠨ ᠠᠪᠳᠠᠭ ᠪᠣᠯᠤᠯ᠎ᠠ ᠭᠡᠵᠡᠢ᠃ ᠪᠣᠭᠳᠠ ᠮᠡᠷᠭᠡᠨ ᠡᠭᠦᠨ ᠢ᠋ ᠰᠣᠨᠣᠰᠤᠭᠠᠳ 《ᠵᠠ᠂ ᠶᠠᠭᠠᠬᠢᠬᠤᠪ᠂ ᠮᠢᠨᠦ ᠥᠴᠦᠬᠡᠨ ᠲᠤᠰᠠ ᠲᠠᠨ ᠳ᠋ᠤ᠌ ᠬᠡᠷᠡᠭ ᠪᠣᠯᠤᠭᠰᠠᠨ ᠪᠣᠯ ᠴᠢᠳᠠᠯ ᠤ᠋ᠨ ᠬᠢᠷᠢ ᠪᠡᠷ ᠪᠢ ᠲᠤᠰᠠᠯᠠᠶ᠎ᠠ》 ᠭᠡᠵᠦ ᠬᠡᠯᠡᠵᠡᠢ᠃
ᠮᠥᠩᠬᠡ᠄ ᠠ᠂ᠠᠷᠸ᠎ᠠ ᠠᠬ᠎ᠠ ᠮᠢᠨᠦ ᠮᠠᠩᠭᠤᠰ ᠤ᠋ᠨ Comment(ᠰᠡᠳᠬᠢᠭᠰᠡᠨ ᠪᠢᠴᠢᠯᠭᠡ ) ᠶ᠋ᠢ ᠤᠩᠰᠢᠴᠢᠬᠠᠭᠰᠠᠨ ᠶᠤᠮ ᠪᠠᠢᠬᠤ ᠳᠠ᠂ ᠪᠦᠷ ᠵᠢᠩᠬᠢᠨᠢ ᠡᠴᠡ ᠪᠡᠨ ᠯᠤᠤ ᠲᠠᠢ ᠲᠤᠯᠤᠯᠳᠤᠬᠤ ᠨᠢ ᠪᠠᠢᠨ᠎ᠠ ᠰᠢᠲᠠ᠃
ᠲᠤᠩᠬᠤ᠄ ᠲᠡᠭᠡᠭᠰᠡᠨ ᠴᠢᠨᠢ ᠮᠢᠨᠦ ᠵᠣᠬᠢᠶᠠᠯ ᠰᠢᠭ᠋ ᠵᠢᠵᠢᠭᠬᠡᠨ ᠯᠤᠤ ᠪᠠᠢᠪᠠᠯ ᠶᠠᠭᠠᠬᠢᠬᠤ ᠪᠣᠢ? ᠬᠢ ᠬᠢ
ᠮᠥᠩᠬᠡ᠄ ᠣ᠂ ᠦᠭᠡᠢ ᠲᠤᠩᠬᠤ ᠠᠶᠠᠭᠦᠢ ᠰᠦᠷ ᠲᠡᠢ᠂ ᠠᠪᠤᠷᠭᠤ ᠲᠣᠮᠣ᠂ ᠪᠦᠷ ᠳᠣᠯᠣᠭ᠎ᠠ ᠠ᠋ᠴᠠ  ᠴᠤ᠌  ᠢᠯᠡᠭᠦᠦ ᠲᠣᠯᠣᠭᠠᠢ ᠲᠠᠢ ᠠᠶᠤᠯ ᠲᠠᠢ ᠮᠠᠩᠭᠤᠰ ᠪᠠᠢᠭ᠎ᠠ᠃
ᠠᠷ ᠭᠡᠳ ᠯᠡ᠁ ᠠᠷ᠂ ᠠᠷ᠂ ᠠᠷ᠁
ᠲᠤᠩᠬᠤ᠄ ᠸᠠ᠂ ᠮᠥᠩᠬᠡ ᠶᠠᠮᠠᠷ ᠠᠶᠤᠮᠠᠷ ᠶᠤᠮ ᠪᠣᠢ? ᠦᠭᠡᠢ᠁
ᠪᠦᠭᠦᠳᠡᠭᠡᠷ ᠢᠨᠢᠶᠡᠨ᠎ᠡ᠃
ᠴᠠᠰᠤᠬᠠᠨ᠄ ᠵᠠ᠂ ᠪᠦᠭᠦᠳᠡᠭᠡᠷ ᠢ᠋ᠶ᠋ᠡᠨ ᠰᠡᠷᠡᠮᠵᠢ ᠲᠡᠢ ᠪᠠᠢᠬᠤ ᠦᠭᠡᠢ ᠪᠣᠯ ᠪᠣᠯᠬᠤ ᠦᠭᠡᠢ ᠰᠢᠦ᠂ ᠡᠨᠳᠡ ᠨᠢᠭᠡ ᠯᠡ ᠠᠶᠤᠯᠲᠠᠢ ᠠᠭᠤᠷ ᠠᠮᠢᠰᠬᠤᠯ ᠲᠠᠢ ᠪᠠᠢᠨ᠎ᠠ ᠳᠠ
ᠪᠠᠰᠠᠷ᠄ ᠬᠠᠷᠢᠨ ᠲᠡᠢᠮᠦ᠂ ᠶᠠᠮᠠᠷ ᠠᠶᠤᠮᠠᠷ ᠠᠨᠢᠷ ᠴᠢᠮᠡᠭᠡ ᠦᠭᠡᠢ ᠪᠠᠢᠨ᠎ᠠ᠂ ᠲᠡᠷᠡ ᠰᠣᠨᠣᠰ ᠳᠠ᠂ ᠴᠢᠮᠡᠭᠡ ᠶ᠋ᠢ ᠨᠢ᠃ 
ᠮᠥᠩᠬᠡ᠄ ᠨᠡᠭᠡᠷᠡᠨ ᠲᠡᠢᠮᠦ ᠪᠠᠢᠨ᠎ᠠ ᠰᠢᠦ᠃ 
ᠲᠤᠩᠬᠤ᠄ ᠢᠩᠭᠢᠬᠦ ᠳ᠋ᠦ᠍᠂ ᠬᠡᠳᠦᠭᠦᠯᠡ ᠪᠡᠨ ᠯᠤᠤ ᠶ᠋ᠢᠨ ᠠᠭᠤᠢ ᠣᠢᠷᠠᠯᠴᠠᠭ᠎ᠠ ᠪᠠᠢᠭ᠎ᠠ ᠪᠢᠰᠢ ᠪᠢᠵᠡ ᠳᠡ᠃ 
ᠲᠣᠷᠤᠨ᠄ ᠠᠷᠠᠢ ᠭᠡᠨᠡᠳᠲᠡ ᠬᠠᠷᠠᠩᠭᠤᠢ ᠠ᠋ᠴᠠ ᠨᠥᠭᠦᠭᠡ ᠠᠶᠤᠮᠠᠷ ᠯᠤᠤ ᠨᠢ ᠭᠠᠷᠤᠭᠠᠳ ᠢᠷᠡᠪᠡᠯ ᠶᠠᠭᠠᠬᠢᠨ᠎ᠠ?
ᠪᠠᠰᠠᠷ᠄ ᠶᠠᠭᠤ ᠪᠣᠢ?
ᠲᠤᠩᠬᠤ᠄ ᠠ⁉
ᠪᠠᠰᠠᠷ᠄ ᠶᠠᠭᠤ ᠪᠠᠢᠭᠰᠠᠨ ᠪᠣᠢ? ᠠᠯᠢᠪ ᠨᠠᠭᠠᠨ᠎ᠠ ᠠ᠋ᠴᠠ ᠪᠠᠨ ᠭᠠᠷᠤᠭᠠᠳ ᠢᠷ᠎ᠡ ᠬᠥᠶᠢ᠂ ᠪᠢ ᠠᠭᠤᠷᠯᠠᠬᠤ ᠪᠠᠷ ᠢ᠋ᠶ᠋ᠠᠨ ᠥᠪᠡᠷ ᠢ᠋ ᠴᠢᠨᠢ ᠵᠠᠨᠴᠢᠨ᠎ᠠ ᠰᠢᠦ! ᠠᠷᠤ ᠶ᠋ᠢᠨ ᠠᠭᠤᠯᠠ ᠶ᠋ᠢᠨ ᠠᠷᠢᠶᠠᠲᠠᠨ ᠪᠠᠰᠠᠷ ᠭᠡᠵᠦ ᠰᠣᠨᠣᠰᠤᠭᠰᠠᠨ ᠤᠤ?
ᠴᠠᠰᠤᠬᠠᠨ᠄ ᠠ ! ᠶᠠᠭᠤ ᠪᠣᠢ? ᠪᠠᠰᠠᠷ ᠠ᠋ ᠪᠣᠯᠭᠣᠮᠵᠢᠲᠠᠢ ᠪᠠᠢᠭᠠᠷᠠᠢ᠂ ᠲᠡᠨᠳᠡ ᠶᠠᠭᠤ  ᠴᠤ᠌  ᠪᠠᠢᠵᠤ ᠮᠠᠭᠠᠳ ᠦᠭᠡᠢ ᠰᠢᠦ᠂ ᠮᠠᠨ ᠤ᠋ ᠬᠢ ᠠᠷᠤᠭᠰᠢ ᠪᠠᠨ ᠤᠬᠤᠷᠢᠭᠠᠷᠠᠢ!
ᠵᠠᠯᠠᠭᠤ᠄ ᠵᠠ᠁ ᠠᠶᠤᠯ ᠲᠠᠢ ᠭᠠᠵᠠᠷ ᠶᠠᠭᠤ ᠬᠢᠵᠦ ᠶᠠᠪᠤᠭ᠎ᠠ ᠬᠡᠦᠬᠡᠳ ᠦ᠋ᠳ ᠪᠣᠢ?
ᠪᠠᠰᠠᠷ᠄ ᠶᠠᠭᠤ ᠶᠤᠮ ᠪᠣᠢ᠂ ᠶᠠᠭᠠᠬᠢᠭᠠᠳ ᠪᠢᠳᠡ ᠨᠠᠷ ᠢ᠋ ᠳᠠᠭᠠᠭᠠᠳ ᠪᠠᠢᠨ᠎ᠠ᠂ ᠠ ?
ᠵᠠᠯᠠᠭᠤ᠄ ᠠ᠂ ᠬᠠᠷᠢᠨ ᠪᠢ᠁ ᠠ ᠶᠠᠭᠤ ᠶᠠᠷᠢᠳᠠᠭ ᠨᠣᠬᠠᠢ ᠤᠤ ᠳᠠ?
ᠲᠣᠷᠤᠨ᠄ ᠲᠠ᠂ ᠲᠠᠢᠪᠤᠰᠢᠷᠠᠭᠠᠷᠠᠢ!
ᠵᠠᠯᠠᠭᠤ᠄ ᠠ᠂ ᠶᠠᠭᠤ ᠶᠤᠮ ? ᠨᠢᠰᠳᠡᠭ ᠪᠥᠮᠪᠥᠭᠡ ᠪᠣᠢ?
ᠴᠠᠰᠤᠬᠠᠨ᠄ ᠲᠠ᠂ ᠲᠠ ᠲᠠᠢᠪᠤᠩ ᠪᠠᠢᠭᠠᠷᠠᠢ᠂ ᠪᠢᠳᠡ᠂ ᠪᠢᠳᠡᠨ ᠦᠯᠢᠭᠡᠷ ᠢ᠋ᠶ᠋ᠡᠷ ᠠᠶᠠᠯᠠᠳᠠᠭ ᠬᠡᠦᠬᠡᠳ ᠦ᠋ᠳ ᠪᠠᠢᠭ᠎ᠠ ᠶᠤᠮ᠃
ᠵᠠᠯᠠᠭᠤ᠄ ᠣ ᠂ ᠵᠠ ᠵᠠ ᠶᠠᠷᠢᠳᠠᠭ ᠮᠤᠤᠷ᠁
ᠪᠠᠰᠠᠷ᠄ ᠶᠠᠭᠠᠬᠢᠨ᠎ᠠ? ᠵᠠ ᠪᠠᠷᠤᠭ ᠱᠤᠤᠺ ᠲᠤ᠌ ᠣᠷᠣᠴᠢᠬᠠᠬᠤ ᠰᠢᠭ᠋ ᠪᠣᠯᠤᠯ᠎ᠠ᠃ ᠪᠠᠢᠨ᠎ᠠ ᠤᠤ? ᠪᠠᠢᠨ᠎ᠠ ᠤᠤ? ᠨᠢᠭᠡ ᠠ᠋᠂ ᠨᠢᠭᠡ ᠠ᠋! ᠰᠣᠨᠣᠰᠴᠤ ᠪᠠᠢᠨ᠎ᠠ ᠤᠤ? ᠨᠢᠭᠡ ᠠ᠋! ᠰᠣᠨᠣᠰᠴᠤ ᠪᠠᠢᠨ᠎ᠠ ᠤᠤ?
ᠴᠠᠰᠤᠬᠠᠨ᠄ ᠪᠠᠰᠠᠷ ᠠ᠋᠂ ᠲᠣᠭᠯᠠᠬᠤ ᠪᠠᠨ ᠪᠣᠯᠢᠯ ᠳᠠ᠂ ᠠᠩᠬ᠎ᠠ ᠤᠳᠠᠭ᠎ᠠ ᠶᠠᠷᠢᠳᠠᠭ ᠠᠮᠢᠲᠠᠨ ᠲᠠᠭᠠᠷᠠᠵᠤ ᠪᠠᠢᠭ᠎ᠠ ᠪᠣᠯᠤᠯᠲᠠᠢ᠃
ᠮᠥᠩᠬᠡ᠄ ᠡᠨᠡ ᠬᠥᠮᠦᠨ ᠲᠡᠭᠡᠬᠦ ᠳ᠋ᠦ᠍ ᠪᠡᠨ ᠨᠥᠭᠦᠭᠡ ᠡᠷᠡᠯᠬᠡᠭ ᠵᠣᠷᠢᠭᠲᠠᠢ ᠪᠣᠭᠳᠠ ᠮᠡᠷᠭᠡᠨ ᠮᠥᠨ ᠶᠦᠮ ᠪᠣᠯᠪᠠ ᠤᠤ?᠃ 
ᠲᠤᠩᠬᠤ᠄ ᠮᠥᠩᠬᠡ ᠠ᠋᠂ ᠬᠥᠮᠦᠨ ᠢ᠋ ᠭᠠᠳᠠᠭᠠᠳᠤ ᠦᠵᠡᠮᠵᠢ ᠪᠠᠢᠳᠠᠯ ᠢ᠋ᠶ᠋ᠠᠷ ᠨᠢ ᠳ᠋ᠦᠩᠨᠡᠵᠦ ᠪᠣᠯᠬᠤ ᠦᠭᠡᠢ ᠰᠢᠳᠡ᠂ ᠬᠡᠳᠦᠭᠦᠯᠡ ᠪᠡᠨ ᠶᠠᠭᠤ ᠴᠤ᠌ ᠭᠡᠰᠡᠨ ᠬᠡᠷᠡᠭ ᠶᠠᠪᠤᠳᠠᠯ ᠢ᠋ ᠨᠢ ᠠᠰᠠᠭᠤᠭᠠᠳ ᠦᠵᠡᠶ᠎ᠡ᠃
ᠴᠠᠰᠤᠬᠠᠨ᠄ ᠠᠭᠤᠴᠢᠯᠠᠭᠠᠷᠠᠢ! ᠲᠠ ᠬᠠᠵᠠᠭᠤ ᠬᠠᠨᠢᠳᠦ ᠤᠯᠤᠰ ᠲᠤ᠌ ᠠᠶᠤᠯ ᠤᠴᠠᠷᠠᠭᠤᠯᠤᠭᠠᠳ ᠪᠠᠢᠭ᠎ᠠ ᠳᠣᠯᠣᠭᠠᠨ ᠲᠣᠯᠣᠭᠠᠢ ᠲᠠᠢ ᠯᠤᠤ ᠲᠠᠢ ᠣᠴᠢᠵᠤ ᠲᠤᠯᠤᠯᠳᠤᠬᠤ ᠪᠠᠷ ᠶᠠᠪᠤᠵᠤ ᠪᠠᠢᠭ᠎ᠠ ᠪᠣᠭᠳᠠ ᠮᠡᠷᠭᠡᠨ ᠪᠠᠭᠠᠲᠤᠷ ᠮᠥᠨ ᠤᠤ?
ᠵᠠᠯᠠᠭᠤ᠄ ᠠ ᠶᠠᠭᠤ? ᠲᠡᠢᠮᠦ᠂ ᠲᠡᠢᠮᠦ ᠠ᠋᠂ ᠲᠡᠢᠮᠦ ᠶᠠᠷᠢᠳᠠᠭ ᠮᠤᠤᠷ ᠮᠢᠨᠢ᠂ ᠪᠠᠭᠠᠲᠤᠷ ᠡᠷ᠎ᠡ ᠪᠢ ᠳᠣᠯᠣᠭᠠᠨ ᠲᠣᠯᠣᠭᠠᠢᠲᠤ ᠯᠤᠤ ᠶ᠋ᠢ ᠳᠠᠷᠤᠨ᠂ ᠠᠷᠠᠳ ᠲᠦᠮᠡᠨ ᠳ᠋ᠦ᠍ ᠪᠡᠨ ᠠᠴᠢᠯᠠᠯ ᠢ᠋ ᠠᠪᠴᠢᠷᠠᠬᠤ ᠪᠠᠷ ᠶᠠᠪᠤᠭ᠎ᠠ ᠪᠢᠯᠡ᠃
ᠪᠢ᠁ ᠦ ᠡᠨᠡ ᠶᠠᠭᠠᠬᠢᠭᠠᠳ ᠰᠠᠯᠤᠭᠠᠳ ᠤᠨᠠᠴᠢᠬᠠᠪᠠ? ᠬᠢ ᠬᠢ᠂
ᠠ᠂ ᠵᠠ᠂ ᠴᠥᠬᠥ᠂ ᠣᠳᠣᠬᠠᠨ᠁
ᠮᠥᠩᠬᠡ᠄ᠠ᠂ᠬᠠ ᠬᠠ᠂ ᠪᠠᠭᠠᠲᠤᠷ ᠡᠷ᠎ᠡ ᠶ᠋ᠢᠨ ᠮᠠᠨᠢ ᠢᠷᠲᠦ ᠰᠡᠯᠡᠮ᠎ᠡ ᠶᠠᠭᠠᠬᠢᠭᠠᠳ ᠬᠤᠭᠤᠷᠤᠭᠠᠳ ᠤᠨᠠᠴᠢᠬᠠᠪᠠ?
ᠪᠠᠰᠠᠷ᠄ ᠲᠡᠢᠮᠦ᠂ ᠭᠠᠢᠭᠤᠢ ᠯᠠ ᠪᠠᠢᠳᠠᠭ ᠪᠠᠢᠭ᠎ᠠ ᠳᠠ? ᠦ᠂ ᠬᠥᠭᠡᠷᠦᠬᠦᠢ᠂ ᠪᠤᠴᠠᠭᠠᠭᠠᠳ ᠨᠠᠭᠠᠴᠢᠬᠠᠬᠤ ᠰᠢᠭ᠋ ᠪᠣᠯᠤᠯ᠎ᠠ᠃
ᠵᠠᠯᠠᠭᠤ᠄ ᠠᠳᠬᠠᠭ ᠰᠠᠨᠠᠭᠠᠲᠤ ᠲᠡᠷᠡ ᠯᠤᠤ ᠨᠢ ᠠᠷᠵᠠᠢᠭᠰᠠᠨ ᠣᠯᠠᠨ ᠰᠢᠳᠦ ᠲᠡᠢ ᠶᠦᠮ ᠭᠡᠨ᠎ᠡ᠃ ᠠᠭᠤᠤ ᠬᠦᠴᠦᠲᠦ ᠪᠠᠭᠠᠲᠤᠷ ᠮᠢᠨᠦ ᠪᠡᠶ᠎ᠡ ᠬᠠᠷ᠎ᠠ ᠬᠦᠴᠦ ᠪᠡᠷ ᠳᠠᠷᠤᠴᠢᠬᠠᠬᠤ ᠶᠤᠮ ᠰᠠᠨ ᠳᠠ᠂ ᠦ᠂ ᠪᠢᠰᠢ ᠳᠠᠷᠤᠨ᠎ᠠ᠃
ᠪᠠᠰᠠᠷ᠄ ᠬᠢ ᠬᠢ
ᠮᠥᠩᠬᠡ᠄ ᠵᠠ ᠲᠡᠭᠡᠪᠡᠯ᠂ ᠪᠠᠭᠠᠲᠤᠷ ᠡᠷ᠎ᠡ ᠲᠠ ᠪᠢᠳᠡᠨ ᠢ᠋ ᠪᠠᠷ᠎ᠠ ᠪᠣᠯᠭᠠᠨ ᠳᠠᠭᠠᠭᠤᠯᠵᠤ ᠶᠠᠪᠤᠨ᠎ᠠ ᠤᠤ? ᠪᠢᠳᠡ ᠬᠦᠴᠦ ᠨᠡᠮᠡᠶ᠎ᠡ᠃
ᠵᠠᠯᠠᠭᠤ᠄ ᠵᠠ ᠵᠠ᠂ ᠶᠡᠬᠡ ᠯᠡ ᠠᠶᠤᠯ ᠲᠠᠢ ᠳᠣᠯᠣᠭᠠᠨ ᠪᠣᠯᠬᠤ ᠪᠠᠢᠬᠤ ᠰᠢᠳᠡ᠃
ᠮᠥᠩᠬᠡ᠄ ᠵᠦᠭᠡᠷ ᠳᠡ
ᠵᠠᠯᠠᠭᠤ᠄ ᠭᠠᠯ ᠢ᠋ᠶ᠋ᠠᠷ ᠲᠤᠷᠭᠢᠭᠠᠳ ᠯᠠ ᠭᠠᠵᠠᠷ ᠰᠢᠷᠣᠢ ᠬᠦᠷᠲᠡᠯ᠎ᠡ ᠬᠠᠢᠯᠵᠤ ᠤᠷᠤᠰᠤᠭᠠᠳ ᠯᠠ᠁
ᠪᠠᠰᠠᠷ᠄ ᠦ᠂ ᠦᠱ᠌ᠢᠶ᠎ᠡ ᠠᠶᠤᠮᠠᠷ ᠵᠢᠱ᠌ᠢᠶ᠎ᠡ ᠪᠠᠢᠨ᠎ᠠ ᠤᠤ?
ᠵᠠᠯᠠᠭᠤ᠄ ᠦ᠂ ᠲᠡᠭᠡᠪᠡᠯ ᠪᠦᠷ ᠳᠣᠯᠣᠭᠠᠨ ᠲᠣᠯᠣᠭᠠᠢ ᠲᠠᠢ᠂ ᠲᠣᠯᠣᠭᠠᠢ ᠪᠣᠯᠭᠠᠨ ᠨᠢ ᠭᠠᠯ ᠢ᠋ᠶ᠋ᠠᠷ ᠳᠣᠷᠭᠢᠳᠠᠭ ᠪᠠᠢᠭ᠎ᠠ ᠳᠠ᠃ 
ᠮᠥᠩᠬᠡ᠄ ᠵᠠ ᠲᠡᠭᠡᠪᠡᠯ ᠬᠠᠮᠲᠤ ᠶᠠᠪᠤᠳᠠᠭ ᠬᠡᠷᠡᠭ ᠠ᠋᠂ᠲᠠᠨ ᠲᠠᠢ᠃
ᠵᠠᠯᠠᠭᠤ᠄ ᠲᠠ ᠬᠡᠳᠦ ᠴᠢᠨᠢ ᠠᠶᠤᠬᠤ ᠦᠭᠡᠢ ᠪᠠᠢᠨ᠎ᠠ ᠤᠤ?
ᠲᠤᠩᠬᠤ᠄ ᠠᠶᠤᠵᠤ ᠪᠠᠢᠨ᠎ᠠ ᠯᠠ ᠳᠠ᠂ ᠭᠡᠬᠦ ᠳ᠋ᠦ᠍ ᠪᠡᠨ ᠲᠠᠨ ᠳ᠋ᠤ᠌ ᠲᠤᠰᠠ ᠬᠡᠷᠡᠭ ᠲᠡᠢ ᠰᠢᠦ ᠳᠡ!
ᠵᠠᠯᠠᠭᠤ᠄ ᠶᠠᠭᠠᠬᠢᠭᠰᠠᠨ ᠰᠠᠢᠬᠠᠨ ᠰᠡᠳᠬᠢᠯ ᠲᠡᠢ ᠬᠡᠦᠬᠡᠳ ᠪᠣᠢ᠂ ᠭᠡᠬᠦ ᠳ᠋ᠦ᠍ ᠪᠡᠨ ᠪᠢᠲᠡᠭᠡᠢ ᠶᠠᠪᠤ!
ᠮᠥᠩᠬᠡ᠄ ᠰᠡᠭᠦᠯᠴᠢ ᠶ᠋ᠢᠨ ᠡᠰᠡᠷᠭᠦᠴᠡᠭᠴᠢᠳ ᠠ᠋᠂ ᠪᠡᠯᠡᠨ ᠤᠤ?
ᠪᠠᠰᠠᠷ᠄ ᠪᠡᠯᠡᠨ
ᠵᠠᠯᠠᠭᠤ᠄ ᠬᠥᠶᠢ᠁ᠬᠥᠶᠢ
ᠲᠣᠷᠤᠨ᠄ oh yes( ᠥ ᠲᠡᠢᠮᠦ)᠂ᠠᠳᠠᠯ ᠶᠠᠪᠤᠳᠠᠯ ᠭᠡᠳᠡᠭ ᠴᠢᠨᠢ ᠪᠠᠷᠤᠭ ᠮᠢᠨᠦ ᠥᠷᠯᠥᠭᠡᠨ ᠦ᠌ ᠴᠡᠨᠡᠭ ᠳᠦᠭᠦᠷᠡᠩ ᠵᠠᠢ ᠬᠤᠷᠢᠶᠠᠭᠤᠷ ᠶᠤᠮ ᠤᠤ ᠳᠠ᠃ 
ᠪᠦᠭᠦᠳᠡᠭᠡᠷ ᠢᠨᠢᠶᠡᠨ᠎ᠡ᠃
ᠴᠠᠰᠤᠬᠠᠨ᠄ ᠵᠠ᠂ ᠲᠡᠭᠡᠪᠡᠯ ᠪᠢᠳᠡ ᠨᠠᠷ ᠲᠠᠨ ᠲᠠᠢ ᠬᠠᠮᠲᠤ ᠶᠠᠪᠤᠵᠤ ᠪᠣᠯᠤᠨ᠎ᠠ ᠪᠢᠵᠡ ᠳᠡ?
ᠵᠠᠯᠠᠭᠤ᠄ ᠥ᠁ᠠ᠂ ᠵᠠ ᠵᠠ᠂ ᠶᠠᠭᠠᠬᠢᠳᠠᠭ ᠴᠤ᠌  ᠲᠩᠷᠢ ᠳᠤᠤᠭᠠᠷᠴᠤ ᠪᠠᠢᠨ᠎ᠠ᠂ ᠪᠣᠷᠣᠭᠠᠨ ᠣᠷᠣᠵᠤ ᠰᠢᠭᠤᠷᠭ᠎ᠠ ᠳᠡᠭᠳᠡᠵᠦ ᠮᠡᠳᠡᠨ᠎ᠡ᠃ ᠬᠣᠷᠭᠣᠳᠠᠬᠤ ᠭᠠᠵᠠᠷ ᠣᠯᠵᠠᠭᠠᠶ᠎ᠠ᠃ 
ᠴᠠᠰᠤᠬᠠᠨ᠄ ᠬᠠᠷᠢᠨ ᠲᠡᠢᠮᠦ ᠪᠠᠢᠨ᠎ᠠ ᠰᠢᠦ᠂ ᠰᠢᠷᠦᠭᠦᠨ ᠰᠢᠭᠤᠷᠭ᠎ᠠ ᠪᠣᠯᠵᠤ ᠮᠠᠭᠠᠳ ᠦᠭᠡᠢ ᠶᠦᠮ ᠰᠢᠭ ᠪᠠᠢᠨ᠎ᠠ᠃ ᠪᠦᠭᠦᠳᠡᠭᠡᠷ ᠢ᠋ᠶ᠋ᠡᠨ ᠪᠣᠷᠣᠭᠠᠨ ᠰᠢᠷᠦᠭᠦᠰᠬᠦ ᠡᠴᠡ ᠡᠮᠦᠨ᠎ᠡ ᠬᠣᠷᠭᠣᠳᠠᠬᠤ ᠭᠠᠵᠠᠷ ᠬᠠᠢᠶ᠎ᠠ᠃
ᠪᠣᠭᠳᠠ ᠮᠡᠷᠭᠡᠨ᠄ ᠥᠩ᠂ ᠶᠠᠷᠢᠳᠠᠭ ᠨᠣᠬᠠᠢ ᠪᠠᠰᠠ ᠮᠤᠤᠷ᠂ ᠬᠣᠶᠠᠷ ᠬᠡᠦᠬᠡᠳ ᠪᠠᠰᠠ ᠨᠢᠰᠳᠡᠭ ᠪᠥᠮᠪᠥᠭᠡ᠂ ᠶᠠᠭᠤ ᠯᠠ ᠪᠣᠯᠤᠭᠠᠳ ᠪᠠᠢᠨ᠎ᠠ ᠳᠠ᠃
ᠴᠠᠰᠤᠬᠠᠨ᠄ ᠮᠠᠨ ᠤ᠋ ᠬᠢ ᠠ᠋᠂ ᠰᠠᠢᠨ ᠪᠠᠷᠢᠭᠠᠷᠠᠢ!
ᠮᠥᠩᠬᠡ᠄ ᠶᠠᠮᠠᠷ ᠠᠶᠤᠮᠠᠷ ᠬᠦᠴᠦᠲᠡᠢ ᠰᠢᠭᠤᠷᠭ᠎ᠠ ᠪᠣᠢ?
ᠵᠠᠯᠠᠭᠤ᠄ ᠨᠢᠭᠤᠷ ᠨᠢᠳᠦ ᠦᠭᠡᠢ ᠰᠢᠭᠤᠷᠴᠤ ᠪᠠᠢᠨ᠎ᠠ᠂ᠠᠢ ᠬᠠᠢᠷᠬᠠᠨ᠂ ᠶᠠᠭᠠᠬᠢᠭᠰᠠᠨ ᠴᠤ᠌ ᠰᠢᠷᠦᠭᠦᠨ ᠶᠦᠮ ᠳᠡ᠃
ᠲᠤᠩᠬᠤ᠄ ᠠ ᠲᠠ ᠬᠡᠳᠦ ᠵᠦᠭᠡᠷ ᠤᠤ? ᠡᠨᠡ ᠬᠡᠵᠢᠶ᠎ᠡ ᠵᠣᠭᠰᠣᠬᠤ ᠶᠤᠮ ᠪᠣᠯ ᠠ᠋ ? ᠪᠦᠷ ᠶᠠᠭᠤ ᠴᠤ᠌ ᠬᠠᠷᠠᠭᠳᠠᠬᠤ ᠦᠭᠡᠢ ᠪᠠᠢᠨ᠎ᠠ᠃
ᠪᠠᠰᠠᠷ᠄ ᠰᠢᠭᠤᠷᠭ᠎ᠠ ᠰᠢᠷᠦᠭᠦᠰᠴᠦ ᠪᠠᠢᠨ᠎ᠠ ᠰᠢᠦ᠂ ᠲᠡᠰᠦᠭᠡᠷᠡᠢ᠂ ᠮᠠᠨ ᠤ᠋ ᠬᠢ ᠠ᠋!
ᠲᠣᠷᠤᠨ᠄ ᠮᠠᠨ ᠤ᠋ ᠬᠢ ᠠ᠋᠂ ᠲᠡᠨᠳᠡ ᠨᠢᠭᠡ ᠠᠭᠤᠢ ᠪᠠᠢᠨ᠎ᠠ᠂ ᠲᠠᠢᠰᠢ ᠪᠠᠨ ᠣᠷᠣᠵᠤ ᠰᠢᠭᠤᠷᠭᠠᠨ ᠠ᠋ᠴᠠ ᠬᠤᠷᠭᠤᠳᠠᠵᠠᠭᠠᠶ᠎ᠠ
ᠪᠠᠰᠠᠷ᠄ ᠵᠠ ᠲᠡᠭᠡᠶ᠎ᠡ᠂ ᠨᠠᠳᠠ ᠠ᠋ᠴᠠ ᠰᠠᠢᠨ ᠪᠠᠷᠢᠭᠠᠷᠠᠢ᠃
ᠲᠤᠩᠬᠤ᠄ ᠲᠡᠰᠦᠭᠡᠷᠡᠢ
ᠮᠥᠩᠬᠡ᠄ ᠶᠠᠭᠠᠬᠢᠨ᠎ᠠ? ᠪᠢᠳᠡ ᠨᠠᠷ ᠢ᠋ ᠪᠦᠷ ᠠᠪᠴᠤ ᠰᠢᠳᠡᠬᠦ ᠨᠢ ᠠ᠋᠃ 
ᠲᠤᠩᠬᠤ᠄ ᠦᠭᠡᠢ᠁
ᠴᠠᠰᠤᠬᠠᠨ᠄ ᠶᠠᠭᠠᠬᠢᠨ᠎ᠠ᠁
(ᠪᠦᠭᠦᠳᠡᠭᠡᠷ ᠠ᠁)

   ᠦᠰᠦᠭ ᠢ᠋ ᠨᠢ ᠠᠮᠢᠯᠠᠭᠤᠯᠤᠭᠴᠢ᠄ ᠬᠤᠸᠠᠷ
   ᠦᠰᠦᠭ ᠢ᠋ ᠨᠢ ᠬᠠᠳᠠᠭᠴᠢ᠄ ᠾᠦᠩ ᠸᠧᠢ
   ᠬᠢᠨᠠᠯᠲᠠ ᠬᠢᠭᠴᠢ᠄ ᠱᠤᠳᠤᠷᠭᠤ᠂
ᠲᠠᠢᠯᠪᠤᠷᠢ᠄
ᠵᠠᠢ ᠬᠤᠷᠢᠶᠠᠭᠤᠷ — ᠴᠠᠬᠢᠯᠭᠠᠨ ᠬᠤᠷᠢᠶᠠᠭᠤᠷ
ᠱᠤᠤᠺ ᠲᠤ᠌ ᠣᠷᠣᠴᠢᠬᠠᠬᠤ ᠊᠊᠊᠊᠊᠊ ᠴᠤᠴᠠᠷᠠᠯ ᠲᠠᠢ ᠪᠠᠢᠳᠠᠯ ᠳ᠋ᠤ᠌ ᠣᠷᠣᠬᠤ ᠶ᠋ᠢ ᠬᠡᠯᠡᠵᠦ ᠪᠠᠢᠨ᠎ᠠ
Comment ᠊᠊᠊᠊᠊᠊᠊ ᠥᠪᠡᠷᠲᠡᠭᠡᠨ ᠰᠡᠳᠬᠢᠵᠦ ᠪᠣᠳᠣᠵᠤ ᠵᠣᠬᠢᠶᠠᠨ ᠪᠦᠲᠦᠭᠡᠭᠰᠡᠨ ᠪᠦᠲᠦᠭᠡᠯ ᠢ᠋ ᠬᠡᠯᠡᠵᠦ ᠪᠠᠢᠭ᠎ᠠ ᠬᠠᠷᠢ ᠦᠭᠡ᠃