ᠮᠥᠩᠬᠡ ᠲᠤᠩᠬᠤ 5-02 Мөнх ТунхMunkh Tunkh
ᠠᠯᠤᠩᠭᠤᠸ᠎ᠠ ᠡᠬᠡ ᠶ᠋ᠢᠨ ᠰᠤᠷᠭᠠᠯ
ᠲᠠᠪᠤᠳᠤᠭᠠᠷ ᠤᠯᠠᠷᠢᠯ ᠤ᠋ᠨ ᠬᠣᠶᠠᠳᠤᠭᠠᠷ ᠠᠩᠭᠢ 5—2
ᠠᠷᠸ᠎ᠠ᠄ ᠶᠡᠬᠡ ᠬᠤᠷᠠᠯᠳᠤᠭᠠᠨ ᠪᠣᠯᠵᠤ᠂ ᠬᠤᠯᠤᠭᠠᠨ᠎ᠠ ᠵᠢᠯ ᠦ᠋ᠨ ᠬᠤᠷᠠᠨ ᠰᠠᠷ᠎ᠠ ᠳ᠋ᠤ᠌ ᠪᠤᠶᠤ ᠮᠢᠩᠭ᠎ᠠ ᠬᠣᠶᠠᠷ ᠵᠠᠭᠤ ᠳᠥᠴᠢᠨ ᠣᠨ ᠤ᠋ ᠳᠣᠯᠣᠳᠤᠭᠠᠷ ᠰᠠᠷ᠎ᠠ ᠳ᠋ᠤ᠌ ᠬᠡᠷᠦᠯᠦᠨ ᠦ᠌ ᠬᠥᠳᠡᠭᠡ ᠠᠷᠠᠯ ᠤ᠋ᠨ ᠳᠣᠯᠣᠭᠠᠨ ᠪᠣᠯᠳᠠᠭ ᠲᠤ᠌ ᠱᠢᠯᠭᠢᠨᠴᠡᠭ ᠬᠣᠶᠠᠷ ᠤ᠋ᠨ ᠵᠠᠪᠰᠠᠷ ᠬᠠᠭᠠᠨ ᠤᠷᠲᠤ ᠪᠠᠭᠤᠵᠤ ᠪᠠᠢᠬᠤ ᠳ᠋ᠤ᠌《ᠮᠣᠩᠭᠣᠯ ᠤ᠋ᠨ ᠨᠢᠭᠤᠴᠠ ᠲᠣᠪᠴᠢᠶ᠎ᠠ》 ᠶ᠋ᠢ ᠪᠢᠴᠢᠵᠦ ᠳᠠᠭᠤᠰᠬᠠᠵᠠᠢ᠃
ᠮᠥᠩᠬᠡ᠄ ᠬᠥᠥᠭ!《ᠮᠣᠩᠭᠣᠯ ᠤ᠋ᠨ ᠨᠢᠭᠤᠴᠠ ᠲᠣᠪᠴᠢᠶ᠎ᠠ》 ᠲᠡᠷᠡ ᠳᠤᠮᠳᠠ ᠪᠠᠨ ᠪᠢᠳᠡᠨ ᠦ᠌ ᠲᠡᠦᠬᠡ ᠰᠣᠶᠣᠯ ᠦᠨᠡᠬᠡᠷ ᠰᠣᠨᠢᠷᠬᠠᠯᠲᠠᠢ ᠶᠤᠮ ᠠ᠋!
ᠲᠤᠩᠬᠤ᠄ ᠦᠭᠡ ᠪᠡᠷ ᠢᠯᠡᠷᠬᠡᠢᠯᠡᠮᠡ ᠦᠭᠡᠢ ᠭᠠᠢᠬᠠᠯᠲᠠᠢ ᠶᠤᠮ ᠠ᠋!
ᠠᠷᠸ᠎ᠠ᠄ ᠬᠡ ᠬᠡ ᠁《ᠮᠣᠩᠭᠣᠯ ᠤ᠋ᠨ ᠨᠢᠭᠤᠴᠠ ᠲᠣᠪᠴᠢᠶ᠎ᠠ》ᠨᠢ ᠮᠣᠩᠭᠣᠯ ᠤ᠋ᠨ ᠲᠡᠦᠬᠡ ᠪᠣᠯᠤᠨ ᠤᠷᠠᠨ ᠵᠣᠬᠢᠶᠠᠯ ᠤ᠋ᠨ ᠬᠠᠮᠤᠭ ᠤ᠋ᠨ ᠦᠨᠡᠲᠦ ᠳᠤᠷᠠᠰᠬᠠᠯ ᠶᠤᠮ ᠰᠢᠦ ᠳᠡ᠃
ᠲᠤᠩᠬᠤ᠄《ᠮᠣᠩᠭᠣᠯ ᠤ᠋ᠨ ᠡᠷᠲᠡᠨ ᠦ᠌ ᠲᠡᠦᠬᠡ᠂ ᠦᠨᠡᠲᠦ ᠰᠤᠷᠭᠠᠯ ᠤ᠋ᠳ ᠢ᠋ ᠰᠤᠳᠤᠯᠵᠤ ᠮᠡᠳᠡᠵᠦ ᠪᠠᠢᠬᠤ ᠨᠢ ᠬᠠᠮᠤᠭ ᠤ᠋ᠨ ᠴᠢᠬᠤᠯᠠ ᠵᠦᠢᠯ》ᠭᠡᠵᠦ ᠪᠠᠭᠰᠢ ᠮᠠᠨᠢ ᠬᠡᠯᠡᠵᠦ ᠪᠠᠢᠭᠰᠠᠨ᠂ ᠲᠡᠢᠮᠦ ᠪᠣᠯᠬᠣᠷ ᠪᠢ ᠴᠦ᠍ ᠭᠡᠰᠡᠨ ᠬᠢᠴᠢᠶᠡᠩᠭᠦᠢᠯᠡᠨ ᠰᠤᠷᠴᠤ ᠪᠠᠢᠭ᠎ᠠ᠂ ᠬᠢ ᠬᠢ!
ᠮᠥᠩᠬᠡ᠄ ᠲᠡᠢᠮᠦ ᠰᠢᠦ! ᠪᠢ ᠶᠡᠷᠦ ᠨᠢ ᠲᠡᠷᠡ ᠦᠶ᠎ᠡ ᠳ᠋ᠦ᠍ ᠪᠠᠢᠭᠰᠠᠨ ᠪᠣᠯ ᠶᠠᠮᠠᠷ ᠪᠠᠭᠠᠲᠤᠷ ᠪᠠᠢᠬᠤ ᠪᠠᠢᠭᠰᠠᠨ ᠶᠤᠮ ᠪᠣᠯ ᠠ᠋ ᠮᠢᠩᠭᠠᠨ ᠨᠡᠭᠦᠳᠡᠯ ᠦ᠋ᠨ ᠴᠠᠭᠠᠳᠤᠬᠢ ᠶ᠋ᠢ ᠬᠠᠷᠠᠭᠴᠢ ᠢᠷᠠᠭᠤ ᠠᠯᠳᠠᠷᠲᠤ ᠮᠥᠩᠭᠥᠲᠡᠢ ᠮᠡᠷᠭᠡᠨ ᠭᠡᠳ ᠶᠠ ᠶᠠ ᠶᠠᠩᠵᠤ ᠶ᠋ᠢᠨ ᠪᠠᠭᠠᠲᠤᠷ ᠪᠠᠢᠬᠤ ᠪᠠᠢᠭᠰᠠᠨ ᠶᠤᠮ ᠪᠠᠢᠬᠤ ᠳᠠ᠂ ᠬᠢ ᠬᠢ!
ᠮᠥᠩᠭᠥᠲᠡᠢ᠂ ᠮᠥᠩᠭᠥᠲᠡᠢ᠂ ᠮᠥᠩᠭᠥᠲᠡᠢ ᠪᠠᠭᠠᠲᠤᠷ ᠪᠢ ᠰᠢᠦ ᠳᠡ᠃
ᠲᠤᠩᠬᠤ᠄ ᠮᠥᠩᠭᠥᠲᠡᠢ ᠮᠡᠷᠭᠡᠨ ᠨᠢ ᠣᠯᠠᠨ ᠣᠯᠠᠨ ᠨᠡᠭᠦᠳᠡᠯ ᠦ᠋ᠨ ᠭᠠᠵᠠᠷ ᠢ᠋ ᠬᠣᠷᠣᠮ ᠤ᠋ᠨ ᠲᠡᠳᠦᠢ ᠳ᠋ᠦ᠍ ᠳᠣᠭᠣᠯᠤᠭᠴᠢ ᠪᠠᠰᠠᠷᠴᠤᠨ᠂ ᠴᠠᠰᠤᠬᠠᠨ ᠲᠠᠢ᠂ ᠠ ᠪᠠᠰᠠ ᠣᠶᠤᠨ ᠤᠬᠠᠭᠠᠨ᠂ ᠰᠤᠤ ᠪᠢᠯᠢᠭ ᠲᠡᠭᠦᠰ ᠲᠤᠩᠬᠤᠴᠢᠨ᠂ ᠲᠡᠭᠡᠭᠡᠳ ᠲᠣᠭᠠᠴᠠᠭᠠᠯᠠᠯ ᠤ᠋ᠨ ᠮᠡᠷᠭᠡᠨ ᠳᠣᠷᠣᠷᠠᠨ ᠭᠡᠳᠡᠭ ᠳᠥᠷᠪᠡᠨ ᠦᠨᠡᠨᠴᠢ ᠰᠠᠢᠨ ᠲᠤᠰᠠᠯᠠᠭᠴᠢ ᠲᠠᠢ ᠶᠤᠮ ᠰᠠᠨᠵᠠᠢ ᠭᠡᠳ ᠤᠤ ?
ᠮᠥᠩᠬᠡ᠄ ᠸᠠ ᠦ! ᠪᠦᠷ ᠶᠠᠩᠵᠤ ᠶ᠋ᠢᠨ ᠪᠠᠭᠠᠲᠤᠷᠯᠢᠭ ᠰᠣᠨᠣᠰᠳᠠᠵᠤ ᠪᠠᠢᠨ᠎ᠠ ᠲᠤᠩᠬᠤ ᠠ᠋᠃
ᠲᠤᠩᠬᠤ᠄ ᠬᠢ ᠬᠢ! ᠪᠦᠷ ᠢᠯᠡᠭᠦᠦ ᠶᠡᠬᠡ ᠶ᠋ᠢ ᠰᠤᠳᠤᠯᠵᠤ ᠮᠡᠳᠡᠭᠡᠳ ᠮᠤᠨᠳᠠᠭ ᠮᠡᠳᠡᠯᠭᠡ ᠲᠡᠢ ᠪᠣᠯᠤᠮᠠᠷ ᠰᠠᠨᠠᠭᠳᠠᠴᠢᠬᠠᠯ᠎ᠠ᠃
ᠠᠷᠸ᠎ᠠ᠄ ᠬᠢ ᠬᠢ᠂ ᠮᠤᠨᠳᠠᠭ ᠰᠢᠦ᠂ ᠮᠢᠨᠦ ᠳᠡᠭᠦᠦ ᠨᠠᠷ᠂ ᠢᠯᠡᠭᠦᠦ ᠬᠢᠴᠢᠶᠡᠩᠭᠦᠢᠯᠡᠨ ᠰᠤᠳᠤᠯᠵᠤ ᠮᠡᠳᠡᠵᠦ ᠪᠣᠯᠤᠨ᠎ᠠ ᠰᠢᠦ ᠳᠡ᠃ ᠡᠷᠲᠡᠨ ᠦ᠌ ᠲᠡᠦᠬᠡ ᠶ᠋ᠢᠨ ᠪᠣᠯᠤᠨ ᠤᠷᠠᠨ ᠵᠣᠬᠢᠶᠠᠯ ᠤ᠋ᠨ ᠡᠬᠢ ᠰᠤᠷᠪᠤᠯᠵᠢ᠂ ᠨᠣᠮ ᠲᠣᠪᠬᠢᠮᠠᠯ ᠭᠡᠳ ᠣᠯᠠᠨ ᠪᠠᠢᠳᠠᠭ ᠶᠤᠮ ᠰᠢᠦ ᠳᠡ᠃
ᠲᠣᠷᠤᠨ᠄ ᠳ᠋ᠢᠳ᠂ ᠳ᠋ᠢᠳ᠂ ᠳ᠋ᠢᠳ᠂ ᠰᠡᠷᠡᠭᠦᠯᠭᠡ᠂ ᠰᠡᠷᠡᠭᠦᠯᠭᠡ᠂ ᠰᠡᠷᠡᠭᠦᠯᠭᠡ!
ᠮᠥᠩᠬᠡ᠄ ᠳᠣᠷᠣᠷᠠᠨ ᠴᠢ ᠵᠦᠭᠡᠷ ᠤᠤ?
ᠲᠤᠩᠬᠤ᠄ ᠮᠥᠩᠬᠡ ᠠ᠋᠂ ᠴᠢ ᠥᠪᠡᠷ ᠢ᠋ᠶ᠋ᠡᠨ ᠰᠡᠷᠡᠭᠦᠯᠭᠡ ᠳᠠᠭᠠᠷᠠᠭᠤᠯᠤᠭᠠ ᠦᠭᠡᠢ ᠶᠦ᠍ᠮ ᠤᠤ?
ᠮᠥᠩᠬᠡ᠄ ᠤᠤᠯ ᠨᠢ ᠦᠭᠡᠢ ᠳᠡ᠂ ᠶᠠᠭᠠᠬᠢᠭᠠᠳ ᠭᠡᠨᠡᠳᠲᠡ ᠢᠩᠭᠢᠵᠦ ᠠᠭᠠᠰᠢᠯᠠᠭᠠᠳ ᠪᠠᠢᠭ᠎ᠠ ᠶᠤᠮ ᠪᠣᠯ ᠠ᠋᠃
ᠲᠣᠷᠤᠨ᠄ ᠰᠡᠷᠡᠭᠦᠯᠭᠡ ᠶ᠋ᠢ ᠤᠨᠲᠤᠷᠠᠭᠠᠭᠠ ᠦᠭᠡᠢ ᠪᠣᠯᠬᠣᠷ ᠥᠪᠡᠷ ᠢ᠋ ᠪᠡᠨ ᠤᠨᠲᠠᠷᠠᠭᠠᠬᠤ ᠭᠣᠷᠢᠮ ᠳ᠋ᠤ᠌ ᠰᠢᠯᠵᠢᠯ᠎ᠡ᠃
ᠭᠤᠷᠪᠠ᠂ ᠬᠣᠶᠠᠷ᠂ ᠨᠢᠭᠡ᠃
ᠮᠥᠩᠬᠡ᠄ ᠬᠥᠶᠢ ᠠ᠋! ᠶᠠᠭᠤ ᠪᠣᠯᠤᠭᠠᠳ ᠪᠠᠢᠨ᠎ᠠ? ᠳᠤᠷᠤᠷᠠᠨ ᠴᠢ ᠵᠦᠭᠡᠷ ᠤᠤ?
ᠲᠣᠷᠤᠨ᠄ ᠵᠠ᠂ ᠰᠠᠢᠨ ᠤᠤ? ᠨᠠᠢᠵᠠ ᠨᠤᠭᠤᠳ ᠠ᠋? ᠪᠢ ᠳᠠᠬᠢᠭᠠᠳ ᠯᠠ ᠲᠠ ᠨᠠᠷ ᠢ᠋ ᠳᠥᠩᠭᠡᠴᠢᠬᠡᠯᠡ᠃
ᠬᠢ ᠬᠢ!
ᠮᠥᠩᠬᠡ᠄ ᠬᠠ ᠬᠠ! ᠪᠦᠷ ᠭᠠᠢᠬᠠᠯ᠎ᠠ ᠰᠢᠲᠠ᠃
ᠲᠣᠷᠤᠨ᠄ ᠬᠢ ᠬᠢ! ᠬᠠᠷᠢᠨ ᠦᠯᠢᠭᠡᠷ ᠢ᠋ᠶ᠋ᠡᠷ ᠠᠶᠠᠯᠠᠬᠤ ᠴᠠᠭ ᠪᠣᠯᠴᠢᠬᠠᠯ᠎ᠠ ᠰᠢᠦ ᠳᠡ!᠂ᠨᠠᠢᠵᠠ ᠨᠤᠭᠤᠳ ᠠ᠋! ᠰᠠᠨᠠᠭᠤᠯᠬᠤ ᠭᠡᠳ ᠯᠡ ᠣᠷᠣᠭᠠᠳ ᠢᠷᠡᠯ᠎ᠡ᠃
ᠬᠢ ᠬᠢ!
ᠠᠷᠸ᠎ᠡ᠄ ᠦ᠂ ᠬᠢ ᠬᠢ! ᠨᠡᠭᠡᠷᠡᠨ ᠲᠡᠢᠮᠦ ᠪᠠᠢᠨ᠎ᠠ᠃ ᠵᠠ᠂ ᠦᠯᠢᠭᠡᠷ ᠢ᠋ᠶ᠋ᠡᠷ ᠢ᠋ᠶ᠋ᠡᠨ ᠠᠶᠠᠯᠠᠵᠠᠭᠠᠬᠤ ᠤᠤ ᠳᠠ?
ᠮᠥᠩᠬᠡ᠄ ᠬᠥᠶᠢ᠂ᠲᠠᠨ ᠢ᠋ ᠪᠦᠷ ᠠᠰᠠᠭᠤᠬᠤ ᠦᠭᠡᠢ ᠶᠦᠮ ᠪᠣᠯᠪᠠ ᠤᠤ ?ᠭᠡᠵᠦ ᠪᠣᠳᠣᠵᠤ ᠪᠠᠢᠯ᠎ᠠ᠃ᠬᠢ ᠬᠢ
ᠲᠤᠩᠬᠤ᠄yes( ᠵᠠ)
ᠠᠷᠸ᠎ᠠ᠄ ᠵᠠ᠂ ᠪᠦᠭᠦᠳᠡᠭᠡᠷ ᠢ᠋ᠶ᠋ᠡᠨ ᠥᠨᠥᠳᠥᠷ ᠮᠣᠩᠭᠣᠯ ᠤ᠋ᠨ ᠡᠷᠲᠡᠨ ᠦ᠌ ᠲᠡᠦᠬᠡ ᠰᠤᠷᠭᠠᠯ ᠢ᠋ᠶ᠋ᠠᠷ ᠢ᠋ᠶ᠋ᠠᠨ ᠠᠶᠠᠯᠠᠵᠠᠭᠠᠨᠠ᠃
ᠲᠤᠩᠬᠤ᠄ ᠸᠠ ᠧᠦ ᠲᠡᠢᠮᠦ ᠤᠤ? ᠶᠠᠮᠠᠷ ᠭᠣᠶᠣ ᠶᠤᠮ ᠪᠣᠢ?
ᠮᠥᠩᠬᠡ᠄yes᠂yes ᠲᠡᠭᠡᠪᠡᠯ ᠪᠦᠭᠦᠳᠡᠭᠡᠷ ᠢ᠋ᠶ᠋ᠡᠨ ᠲᠡᠦᠬᠡ ᠪᠡᠷ ᠢ᠋ᠶ᠋ᠡᠨ ᠬᠤᠷᠳᠤᠬᠠᠨ ᠠᠶᠠᠯᠠᠬᠤ ᠤᠤ ᠳᠠ?
ᠠᠷᠸ᠎ᠠ᠄ ᠵᠠ᠂ ᠲᠠ ᠨᠠᠷ ᠮᠠᠨᠢ ᠪᠡᠯᠡᠨ ᠤᠤ?
ᠮᠥᠩᠬᠡ᠄ ᠪᠢ ᠪᠡᠯᠡᠨ!
ᠲᠤᠩᠬᠤ᠄ ᠪᠢ ᠪᠡᠯᠡᠨ!
ᠪᠠᠰᠠᠷ᠄ ᠬᠥᠪ ᠬᠥᠪ
ᠠᠯᠤᠩᠭᠤᠸ᠎ᠠ ᠡᠬᠡ ᠶ᠋ᠢᠨ ᠰᠤᠷᠭᠠᠯ
ᠡᠷᠲᠡ ᠳᠡᠭᠡᠷ᠎ᠡ ᠦᠶ᠎ᠡ ᠳ᠋ᠦ᠍《ᠠᠯᠤᠩᠭᠤᠸ᠎ᠠ》ᠭᠡᠳᠡᠭ ᠨᠡᠷ᠎ᠡ ᠲᠡᠢ ᠴᠡᠴᠡᠨ ᠮᠡᠷᠭᠡᠨ ᠬᠠᠲᠤᠨ ᠪᠠᠢᠵᠠᠢ᠃
ᠲᠡᠷᠡ ᠲᠠᠪᠤᠨ ᠬᠦᠦ ᠲᠡᠢ ᠪᠥᠭᠡᠳ ᠬᠡᠦᠬᠡᠳ ᠦ᠋ᠳ ᠨᠢ ᠥᠪᠡᠷ ᠬᠣᠭᠣᠷᠣᠨᠳᠣ ᠪᠠᠨ ᠲᠠᠭᠠᠷᠠᠯᠴᠠᠬᠤ ᠦᠭᠡᠢ᠂ ᠪᠠᠢᠨ ᠪᠠᠢᠨ ᠬᠡᠷᠡᠭᠦᠯ ᠵᠠᠭᠤᠷᠠᠭᠠᠨ ᠪᠣᠯᠳᠠᠭ ᠪᠠᠢᠵᠠᠢ ᠭᠡᠨ᠎ᠡ᠃ ᠲᠡᠳᠡ ᠬᠠᠭᠠᠷᠠᠯᠳᠤᠨ ᠲᠡᠮᠡᠴᠡᠯᠳᠦᠵᠦ ᠨᠢᠭᠡᠨ ᠢ᠋ ᠪᠡᠨ ᠣᠭᠲᠣᠬᠠᠨ ᠴᠤ᠌ ᠦᠵᠡᠳᠡᠭ ᠦᠭᠡᠢ ᠪᠠᠢᠵᠠᠢ ᠭᠡᠨ᠎ᠡ᠃ ᠥᠰᠬᠡᠵᠦ ᠲᠥᠷᠥᠭᠦᠯᠦᠭᠰᠡᠨ ᠠᠯᠤᠩᠭᠤᠸ᠎ᠠ ᠡᠬᠡ ᠨᠢ ᠶᠡᠬᠡᠳᠡ ᠰᠠᠨᠠᠭ᠎ᠠ ᠵᠣᠪᠠᠨᠢᠨ ᠰᠠᠭᠤᠳᠠᠭ ᠪᠠᠢᠵᠠᠢ᠃
ᠲᠤᠩᠬᠤ᠄ ᠪᠢ ᠪᠦᠷ ᠳᠣᠭᠳᠣᠯᠤᠭᠠᠳ ᠪᠠᠢᠵᠤ ᠶᠠᠳᠠᠵᠤ ᠪᠠᠢᠨ᠎ᠠ᠃ ᠠᠩᠬ᠎ᠠ ᠤᠳᠠᠭ᠎ᠠ ᠲᠡᠦᠬᠡᠨ ᠰᠤᠷᠭᠠᠯ ᠢ᠋ᠶ᠋ᠠᠷ ᠠᠶᠠᠯᠠᠬᠤ ᠭᠡᠵᠦ ᠪᠠᠢᠨ᠎ᠠ ᠰᠢᠦ ᠳᠡ᠃
ᠲᠣᠷᠤᠨ᠄ ᠬᠠᠷᠢᠨ ᠲᠡᠢᠮᠦ ᠠ᠋᠂ ᠦᠨᠡᠬᠡᠷ ᠰᠣᠨᠢᠷᠬᠠᠯᠲᠠᠢ ᠰᠠᠨᠠᠭᠳᠠᠵᠤ ᠪᠠᠢᠨ᠎ᠠ᠃
ᠪᠠᠰᠠᠷ᠄ ᠪᠦᠭᠦᠳᠡᠭᠡᠷ ᠢ᠋ᠶ᠋ᠡᠨ ᠲᠡᠭᠡᠪᠡᠯ ᠶᠠᠭᠤ ᠴᠤ᠌ ᠭᠡᠰᠡᠨ ᠨᠥᠭᠦᠭᠡ ᠲᠠᠪᠤᠨ ᠬᠥᠪᠡᠭᠦᠳ ᠢ᠋ᠶ᠋ᠡᠨ ᠬᠠᠢᠵᠤ ᠣᠯᠬᠤ ᠤᠤ?
ᠮᠥᠩᠬᠡ᠄ ᠲᠡᠭᠡᠶ᠎ᠡ ᠯᠡ ᠳᠡ᠃ ᠪᠢ ᠣᠴᠢᠭᠠᠳ ᠲᠡᠳᠡ ᠨᠠᠷ ᠲᠤ᠌《ᠪᠢ ᠮᠥᠩᠭᠥᠲᠡᠢ ᠮᠡᠷᠭᠡᠨ ᠪᠠᠢᠨ᠎ᠠ》 ᠭᠡᠳ ᠯᠡ ᠬᠡᠯᠡᠴᠢᠬᠡᠶ᠎ᠡ᠃ ᠠᠷᠪᠠᠨ᠂ ᠠ ᠠᠷᠪᠠᠨ ᠪᠢᠰᠢ᠂ ᠠᠷᠪᠠᠨ ᠮᠢᠩᠭᠠᠨ ᠨᠡᠭᠦᠳᠡᠯ ᠢ᠋ ᠬᠠᠷᠠᠳᠠᠭ ᠭᠡᠳ ᠯᠡ᠂ᠶᠠᠩᠵᠤ ᠶ᠋ᠢᠨ ᠪᠠᠭᠠᠲᠤᠷ ᠪᠠᠢᠨ᠎ᠠ ᠭᠡᠳ ᠯᠡ ᠬᠡᠯᠡᠴᠢᠬᠡᠪᠡᠯ ᠶᠠᠭᠠᠬᠢᠳᠠᠭ ᠪᠣᠯ? ᠬᠢ ᠬᠢ᠂ ᠬᠠ ᠬᠠ!
ᠴᠠᠰᠤᠬᠠᠨ᠄ ᠬᠡᠦᠬᠡᠳ ᠦ᠋ᠳ ᠠ᠋! ᠨᠠᠳᠠ ᠨᠢᠭᠡ ᠰᠠᠨᠠᠭ᠎ᠠ ᠪᠠᠢᠨ᠎ᠠ᠃ ᠡᠨᠡ ᠦᠯᠢᠭᠡᠷ ᠲᠡᠦᠬᠡᠨ ᠦᠨᠡᠲᠦ ᠰᠤᠷᠭᠠᠯ ᠤ᠋ᠳ ᠤ᠋ᠨ ᠨᠢᠭᠡ ᠪᠣᠯᠬᠣᠷ ᠬᠡᠳᠦᠭᠦᠯᠡ ᠪᠡᠨ ᠡᠨᠡ ᠤᠳᠠᠭ᠎ᠠ ᠦᠯᠢᠭᠡᠷ ᠲᠦ᠍ ᠪᠡᠨ ᠣᠷᠤᠯᠴᠠᠯ ᠦᠭᠡᠢ ᠪᠡᠷ ᠬᠠᠵᠠᠭᠤ ᠠ᠋ᠴᠠ ᠨᠢ ᠠᠵᠢᠭᠯᠠᠨ ᠰᠤᠷᠤᠯᠴᠠᠪᠠᠯ ᠶᠠᠮᠠᠷ ᠪᠣᠢ ?
ᠲᠤᠩᠬᠤ ᠄ ᠨᠡᠭᠡᠷᠡᠨ ᠲᠡᠢᠮᠦ ᠰᠢᠦ! ᠪᠦᠭᠦᠳᠡᠭᠡᠷ ᠢ᠋ᠶ᠋ᠡᠨ ᠠᠯᠢ ᠪᠣᠯᠬᠤ ᠮᠡᠳᠡᠭᠳᠡᠯ ᠦᠭᠡᠢ ᠪᠡᠷ ᠦᠢᠯᠡ ᠶᠠᠪᠤᠳᠠᠯ ᠢ᠋ ᠨᠢ ᠬᠠᠷᠠᠵᠠᠭᠠᠬᠤ ᠤᠤ?
ᠮᠥᠩᠬᠡ᠄ ᠨᠠᠳᠠ ᠪᠣᠯ ᠬᠠᠮᠢᠶ᠎ᠠ ᠦᠭᠡᠢ᠂ ᠮᠥᠩᠭᠥᠲᠡᠢ ᠮᠡᠷᠭᠡᠨ ᠪᠣᠯᠤᠮᠠᠷ ᠪᠠᠢᠨ᠎ᠠ᠃ ᠠ ᠬᠠ ᠬᠠ! ᠪᠠᠰᠠᠷ ᠠ᠋᠂ ᠴᠢ ᠬᠡᠳᠦᠨ ᠴᠦ᠍ ᠨᠡᠭᠦᠳᠡᠯ ᠦ᠋ᠨ ᠭᠠᠵᠠᠷ ᠨᠢᠰᠴᠦ ᠴᠢᠳᠠᠬᠤ ᠶᠤᠮ ᠴᠢᠨᠢ ᠮᠢᠨᠦ ᠦᠨᠡᠨᠴᠢ ᠲᠤᠰᠠᠯᠠᠬᠤ ᠪᠣᠯᠤᠭᠠᠷᠠᠢ᠂ᠵᠠ !
ᠪᠠᠰᠠᠷ᠄ ᠪᠠᠰᠠᠷ ᠪᠢ ᠴᠢᠨᠢ ᠮᠥᠩᠭᠥᠲᠡᠢ ᠮᠡᠷᠭᠡᠨ ᠲᠠᠨ ᠤ᠋ ᠦᠨᠡᠨᠴᠢ ᠠᠯᠪᠠᠲᠤ ᠰᠢᠦ ᠳᠡ᠂ ᠪᠠᠰᠠᠷᠴᠤᠨ ᠪᠢ
ᠲᠤᠩᠬᠤ᠄ ᠬᠢ ᠬᠢ! ᠮᠥᠩᠬᠡ᠂ ᠪᠠᠰᠠᠷ ᠠ᠋! ᠡᠷᠲᠡᠨ ᠦ᠌ ᠲᠡᠦᠬᠡᠨ ᠰᠤᠷᠭᠠᠯ ᠤᠴᠢᠷ ᠠ᠋ᠴᠠ ᠪᠢᠳᠡ ᠦᠢᠯᠡ ᠶᠠᠪᠤᠳᠠᠯ ᠳ᠋ᠤ᠌ ᠨᠢ ᠬᠠᠮᠢᠶ᠎ᠠ ᠦᠭᠡᠢ ᠣᠷᠣᠯᠴᠠᠵᠤ ᠪᠣᠯᠬᠤ ᠦᠭᠡᠢ ᠪᠠᠢᠬ᠎ᠠ᠃
ᠮᠥᠩᠬᠡ᠄ ᠦ᠂ ᠨᠡᠭᠡᠷᠡᠨ ᠲᠡᠢᠮᠦ ᠰᠢᠳᠡ᠂ ᠵᠠ ᠵᠠ᠂ ᠲᠡᠭᠡᠪᠡᠯ ᠪᠢ ᠳᠠᠷᠠᠭᠠᠬᠢ ᠮᠥᠩᠭᠥᠲᠡᠢ ᠮᠡᠷᠭᠡᠨ ᠪᠣᠯᠤᠶ᠎ᠠ ᠳᠠ᠃
ᠪᠠᠰᠠᠷ᠄ ᠲᠦᠮᠡᠨ ᠨᠡᠭᠦᠳᠡᠯ ᠢ᠋ ᠳᠣᠪᠲᠣᠯᠭᠠᠨ ᠳᠣᠪᠲᠣᠯᠤᠭᠴᠢ᠂ ᠲᠦᠮᠡᠨ ᠵᠢᠳᠠᠲᠤ ᠮᠥᠩᠭᠥᠲᠡᠢ ᠮᠡᠷᠭᠡᠨ ᠳᠡ᠂ ᠠᠷᠢᠶᠠᠲᠠᠨ ᠪᠠᠰᠠᠷ ᠴᠢᠨᠢ ᠪᠢ ᠪᠠᠢᠨ᠎ᠠ᠂ ᠬᠡᠵᠢᠶᠡᠳᠡ ᠬᠦᠴᠦᠨ ᠵᠢᠳᠬᠦᠬᠦ ᠳ᠋ᠦ᠍ ᠪᠡᠯᠡᠨ ᠠᠵᠤᠭᠤ!
ᠮᠥᠩᠬᠡ᠄ ᠬᠠ ᠬᠠ ᠬᠠ᠂ ᠪᠠᠰᠠᠷ ᠠ᠋᠂ ᠪᠢ ᠪᠦᠷ ᠵᠢᠩᠬᠢᠨᠢ ᠡᠴᠡ ᠪᠡᠨ ᠬᠦᠯᠦᠭᠲᠦ ᠪᠠᠭᠠᠲᠤᠷ ᠪᠣᠯᠤᠯ᠎ᠠ ᠳᠠ᠃
ᠪᠠᠰᠠᠷ᠄ ᠬᠢ ᠬᠢ᠂ ᠬᠦᠯᠦᠭ ᠴᠦ᠍ ᠪᠠᠢᠬᠤ ᠦᠭᠡᠢ ᠯᠡ ᠪᠠᠢᠨ᠎ᠠ ᠳᠠ᠂ ᠨᠣᠬᠠᠢᠲᠤ ᠪᠠᠭᠠᠲᠤᠷ ᠶᠤᠮ ᠤᠤ ᠳᠠ᠂ ᠬᠢ ᠬᠢ᠃
ᠮᠥᠩᠬᠡ᠄ ᠠ ᠬᠠ ᠬᠠ᠁
ᠲᠤᠩᠬᠤ᠄ ᠠᠢ ᠳᠠ᠂ ᠠᠤᠭ᠎ᠠ ᠪᠠᠭᠠᠲᠤᠷ ᠡᠷᠡᠰ ᠮᠢᠨᠢ ᠳᠡ᠂ ᠠᠶᠠᠨ ᠵᠠᠮ ᠳ᠋ᠤ᠌ ᠪᠠᠨ ᠭᠠᠷᠴᠠᠭᠠᠬᠤ ᠤᠤ ᠳᠠ᠃
(ᠪᠦᠭᠦᠳᠡᠭᠡᠷ ᠢᠨᠢᠶᠡᠨ᠎ᠡ)
ᠴᠠᠰᠤᠬᠠᠨ᠄ ᠵᠠ᠂ ᠪᠦᠭᠦᠳᠡᠭᠡᠷ ᠢ᠋ᠶ᠋ᠡᠨ ᠶᠠᠭᠠᠷᠠᠬᠤ ᠦᠭᠡᠢ ᠪᠣᠯ ᠠᠯᠤᠩᠭᠤᠸ᠎ᠠ ᠡᠬᠡ ᠶ᠋ᠢᠨ ᠰᠤᠷᠭᠠᠯ ᠠ᠋ᠴᠠ ᠬᠣᠴᠣᠷᠴᠤ ᠮᠡᠳᠡᠬᠦ ᠨᠢ᠃ᠲᠦᠷᠭᠡᠨ ᠬᠥᠳᠡᠯᠵᠡᠭᠡᠶᠡ᠃
ᠠᠯᠤᠩᠭᠤᠸ᠎ᠠ ᠡᠬᠡ᠄ ᠲᠠ ᠲᠠᠪᠤᠨ ᠬᠥᠪᠡᠭᠦᠨ ᠮᠢᠨᠦ ᠨᠢᠭᠡᠨ ᠬᠡᠪᠡᠯᠢ ᠡᠴᠡ ᠲᠥᠷᠥᠭᠰᠡᠨ ᠠᠲᠠᠯ᠎ᠠ ᠶᠠᠭᠤᠨ ᠳ᠋ᠤ᠌ ᠢᠩᠭᠢᠵᠦ ᠬᠠᠭᠠᠷᠠᠯᠳᠤᠨ ᠲᠡᠮᠡᠴᠡᠯᠳᠦᠨᠡᠮ! ᠲᠠ ᠨᠠᠷ ᠲᠤ᠌ ᠨᠢᠭᠡᠨ ᠰᠤᠷᠭᠠᠯ ᠢ᠋ ᠠᠢᠯᠠᠳᠤᠶᠠ! ᠬᠢᠴᠢᠶᠡᠩᠭᠦᠢᠯᠡᠨ ᠰᠣᠨᠣᠰᠤᠭᠲᠤᠨ!
ᠬᠦᠦ ᠠ᠄ ᠵᠠ᠂ ᠡᠵᠢ ᠠ᠋!
ᠬᠦᠦ ᠠ᠋᠄ ᠣᠢᠯᠠᠭᠠᠯ᠎ᠠ ᠡᠵᠢ ᠠ᠋!
ᠬᠦᠦ ᠢ᠄ ᠣᠢᠯᠠᠭᠠᠯ᠎ᠠ᠃
ᠠᠯᠤᠩᠭᠤᠸ᠎ᠠ ᠡᠬᠡ᠄ ᠪᠢ ᠨᠢᠵᠡᠭᠡᠳ ᠮᠥᠰᠥ ᠶ᠋ᠢ ᠲᠠ ᠲᠠᠪᠤᠨ ᠬᠥᠪᠡᠭᠦᠨ ᠳ᠋ᠦ᠍ ᠥᠭᠭᠦᠶ᠎ᠡ᠂ ᠬᠦᠴᠦ ᠪᠡᠨ ᠭᠠᠷᠭᠠᠨ ᠬᠤᠭᠤᠯᠬᠤ ᠭᠡᠳ ᠦᠵᠡ ᠳᠡ!
ᠬᠦᠦ ᠠ᠄ ᠴᠥᠬᠥ
ᠬᠦᠦ ᠠ᠋᠄ ᠴᠥᠬᠥ᠂ ᠬᠤᠭᠤᠯᠴᠢᠬᠠᠯᠠ ᠡᠵᠢ ᠠ᠋
ᠬᠦᠦ ᠢ᠄ ᠠ᠂ ᠠᠮᠠᠷᠬᠠᠨ ᠬᠤᠭᠤᠯᠴᠢᠬᠠᠯᠠ᠃
ᠬᠦᠦ ᠦ᠄ᠭᠦᠦᠭ
ᠬᠦᠦ ᠣ᠄ ᠬᠥᠥᠭ᠂ ᠠᠮᠠᠷᠬᠠᠨ ᠶᠤᠮ ᠭᠡᠭᠴᠢ᠃
ᠮᠥᠩᠬᠡ᠄ 《ᠮᠥᠰᠥ》 ᠭᠡᠳᠡᠭ ᠨᠢ 《ᠰᠤᠮᠤ》 ᠭᠡᠰᠡᠨ ᠦᠭᠡ ᠶᠦ᠍ᠮ ᠪᠠᠢᠨ᠎ᠠ ᠰᠢᠲᠠ᠂ ᠲᠡᠢᠮᠦ?
ᠲᠤᠩᠬᠤ᠄ ᠬᠠᠷᠢᠨ ᠲᠡᠢᠮᠦ ᠶᠦ᠍ᠮ ᠪᠠᠢᠨ᠎ᠠ᠃
ᠮᠥᠩᠬᠡ᠄ ᠰᠤᠮᠤ ᠬᠤᠭᠤᠯᠤᠭᠤᠯᠵᠤ ᠪᠠᠢᠭ᠎ᠠ ᠨᠢ ᠶᠠᠭᠠᠬᠢᠵᠤ ᠪᠠᠢᠭ᠎ᠠ ᠶᠤᠮ ᠪᠣᠯ ?
ᠲᠣᠷᠤᠨ᠄ ᠬᠠᠷᠢᠨ ᠲᠡᠢᠮᠦ᠂ ᠰᠤᠷᠭᠠᠯ ᠭᠡᠰᠡᠨ ᠪᠢᠰᠢ ᠪᠢᠯᠡ ᠤᠤ?
ᠪᠠᠰᠠᠷ᠄ ᠡᠩ! ᠬᠤᠭᠤᠷᠠᠬᠤ ᠶᠣᠰᠣ ᠦᠭᠡᠢ ᠪᠠᠢᠭᠰᠠᠨ ᠶᠤᠮ ᠪᠣᠯ ᠤᠤ? ᠰᠤᠮᠤᠨ ᠳᠡᠭᠡᠷ᠎ᠡ ᠨᠢ ᠶᠠᠭᠤᠮ᠎ᠠ ᠪᠢᠴᠢᠴᠢᠬᠡᠭᠰᠡᠨ ᠪᠠᠢᠭᠰᠠᠨ ᠶᠤᠮ ᠪᠣᠯ ᠤᠤ? ᠰᠤᠮᠤ ᠶ᠋ᠢ ᠨᠢ 《ᠠᠪ》ᠭᠡᠵᠦ ᠬᠡᠯᠡᠬᠦ ᠭᠡᠵᠦ ᠪᠠᠢᠭᠠᠳ《ᠬᠤᠭᠤᠯ》ᠭᠡᠳ ᠠᠨᠳᠤᠭᠤᠷᠠᠭᠰᠠᠨ ᠶᠤᠮ ᠪᠣᠯ ᠤᠤ? 《ᠰᠤᠮᠤ》 ᠶ᠋ᠢ ᠬᠠᠭᠤᠴᠢᠨ ᠮᠣᠩᠭᠣᠯ ᠬᠡᠯᠡ ᠪᠡᠷ ᠶᠠᠭᠠᠬᠢᠭᠠᠳ《ᠮᠥᠰᠥ》 ᠭᠡᠳᠡᠭ ᠶᠦᠮ ᠪᠣᠯ?
ᠴᠠᠰᠤᠬᠠᠨ᠄ ᠰᠤᠷᠭᠠᠯ ᠨᠢ ᠠᠷᠠᠢ ᠳᠠᠭᠤᠰᠤᠭ᠎ᠠ ᠦᠭᠡᠢ ᠪᠠᠢᠬᠤ ᠰᠢᠭ᠋ ᠪᠠᠢᠨ᠎ᠠ᠃ ᠪᠦᠭᠦᠳᠡᠭᠡᠷ ᠢ᠋ᠶ᠋ᠡᠨ ᠶᠠᠭᠤ ᠴᠤ᠌ ᠭᠡᠰᠡᠨ ᠲᠠᠢᠪᠤᠩ ᠠᠵᠢᠭᠯᠠᠵᠠᠭᠠᠶᠠ
ᠲᠣᠷᠤᠨ᠄ ᠵᠠ ᠲᠡᠭᠡᠶ᠎ᠡ᠃
ᠠᠯᠤᠩᠭᠤᠸ᠎ᠠ ᠡᠬᠡ᠄ ᠵᠠ᠂ ᠬᠥᠪᠡᠭᠦᠳ ᠮᠢᠨᠢ ᠡᠨᠡ ᠨᠢᠵᠡᠭᠡᠳ ᠮᠥᠰᠥ ᠶ᠋ᠢ ᠬᠤᠭᠤᠯᠤᠭᠰᠠᠨ ᠪᠣᠯ ᠣᠳᠣ ᠡᠨᠡ ᠲᠠᠪᠤᠨ ᠮᠥᠰᠥ ᠶ᠋ᠢ ᠬᠤᠭᠤᠯᠬᠤ ᠭᠡᠳ ᠬᠦᠴᠦ ᠴᠢᠳᠠᠯ ᠦᠨ ᠢ᠋ᠶ᠋ᠠᠨ ᠰᠠᠢᠨ ᠢ᠋ᠶ᠋ᠠᠷ ᠬᠢᠴᠢᠶᠡᠭᠡᠳ ᠦᠵᠡ ᠳᠡ᠃
ᠬᠦᠦ ᠠ᠄ ᠠ!
ᠬᠦᠦ ᠠ᠋᠄ ᠬᠥᠭ᠂ ᠶᠠᠭᠠᠬᠢᠭᠠᠳ ᠪᠣᠯᠬᠤ ᠦᠭᠡᠢ ᠪᠠᠢᠨ᠎ᠠ?
ᠬᠦᠦ ᠢ᠄ ᠬᠠᠩ᠂ ᠬᠤᠭᠤᠷᠠᠬᠤ ᠦᠭᠡᠢ ᠶᠦ᠍ᠮ
ᠬᠦᠦ ᠣ᠄ ᠬᠡᠩ᠂ ᠬᠡᠩ᠂ ᠴᠢᠳᠠᠬᠤ ᠦᠭᠡᠢ ᠪᠠᠢᠨ᠎ᠠ᠃
ᠬᠦᠦ ᠣ᠄ ᠬᠡᠩ᠂ ᠬᠡᠩ᠂ ᠠ
ᠮᠥᠩᠬᠡ᠄ ᠬᠡᠨ ᠨᠢ ᠴᠦ᠍ ᠬᠤᠭᠤᠯᠵᠤ ᠴᠢᠳᠠᠭᠰᠠᠨ ᠦᠭᠡᠢ ᠰᠢᠲᠠ᠂ ᠲᠡᠢᠮᠦ ᠬᠠᠲᠠᠭᠤ ᠪᠠᠢᠭ᠎ᠠ ᠶᠤᠮ ᠪᠠᠢᠬᠤ ᠳᠠ᠃
ᠪᠠᠰᠠᠷ᠄ᠬᠠᠷᠢᠨ ᠲᠡᠢᠮᠦ᠂ ᠲᠠᠪᠤᠨ ᠰᠤᠮᠤ ᠨᠡᠢᠯᠡᠭᠦᠯᠦᠭᠡᠳ ᠪᠠᠭᠴᠠᠯᠠᠴᠢᠬᠠᠭᠰᠠᠨ ᠴᠢᠨᠢ ᠬᠤᠭᠤᠯᠵᠤ ᠴᠢᠳᠠᠭᠰᠠᠨ ᠦᠭᠡᠢ ᠰᠢᠦ ᠳᠡ᠂ ᠬᠢ ᠬᠢ
ᠲᠤᠩᠬᠤ᠄ ᠮᠥᠩᠬᠡ᠂ ᠪᠠᠰᠠᠷ ᠠ᠋! ᠰᠤᠷᠭᠠᠯ ᠨᠢ ᠳᠠᠭᠤᠰᠤᠭ᠎ᠠ ᠦᠭᠡᠢ ᠪᠠᠢᠨ᠎ᠠ᠂ ᠪᠦᠭᠦᠳᠡᠭᠡᠷ ᠢ᠋ᠶ᠋ᠡᠨ ᠦᠷᠭᠦᠯᠵᠢᠯᠡᠭᠦᠯᠦᠭᠡᠳ ᠰᠣᠨᠣᠰᠤᠶ᠎ᠠ᠃
ᠴᠠᠰᠤᠬᠠᠨ᠄ ᠬᠠᠷᠢᠨ ᠲᠡᠢᠮᠦ ᠠ᠋᠂ ᠪᠦᠭᠦᠳᠡᠭᠡᠷ ᠢ᠋ᠶ᠋ᠡᠨ ᠠᠩᠬᠠᠷᠤᠯ ᠲᠠᠢ ᠬᠠᠷᠠᠵᠠᠭᠠᠶ᠎ᠠ᠃
ᠠᠯᠤᠩᠭᠤᠸ᠎ᠠ ᠡᠬᠡ᠄ ᠲᠠ ᠨᠠᠷ ᠬᠡᠷᠪᠡ ᠬᠠᠷᠢᠯᠴᠠᠨ ᠳᠠᠢᠰᠤᠩᠨᠠᠵᠤ᠂ ᠭᠠᠭᠴᠠ ᠭᠠᠭᠴᠠ ᠪᠠᠷ ᠰᠠᠯᠪᠠᠯ ᠶᠠᠭ ᠰᠠᠶᠢ ᠶ᠋ᠢᠨ ᠨᠢᠵᠡᠭᠡᠳ ᠮᠥᠰᠥ ᠰᠢᠭ ᠬᠡᠨ ᠳ᠋ᠦ᠍ ᠴᠦ᠍ ᠬᠢᠯᠪᠠᠷᠬᠠᠨ ᠳᠡᠢᠯᠦᠭᠳᠡᠬᠦ ᠪᠣᠯᠤᠨ᠎ᠠ᠃ ᠬᠡᠷᠪᠡ ᠬᠠᠷᠢᠯᠴᠠᠨ ᠲᠤᠰᠠᠯᠠᠯᠴᠠᠵᠤ ᠡᠪ ᠨᠢᠭᠡᠲᠡᠢ ᠶᠠᠪᠤᠪᠠᠯ ᠡᠨᠡ ᠲᠠᠪᠤᠨ ᠮᠥᠰᠥ ᠮᠡᠲᠦ ᠬᠡᠨ ᠳ᠋ᠦ᠍ ᠴᠦ᠍ ᠢᠯᠠᠭᠳᠠᠬᠤ ᠦᠭᠡᠢ ᠪᠠᠲᠤ ᠪᠡᠬᠢ ᠪᠣᠯᠵᠤ ᠴᠢᠳᠠᠨ᠎ᠠ᠃
ᠬᠦᠦ ᠠ᠄ ᠣᠢᠯᠠᠭᠠᠯ᠎ᠠ ᠡᠵᠢ ᠠ᠋
ᠬᠦᠦ ᠠ᠋᠄ ᠮᠡᠳᠡᠯ᠎ᠡ ᠡᠵᠢ ᠠ᠋
ᠬᠦᠦ ᠢ᠄ ᠤᠬᠠᠭᠠᠷᠠᠯ᠎ᠠ ᠡᠵᠢ ᠠ᠋! ᠪᠢᠳᠡ ᠡᠨᠡ ᠮᠥᠴᠡ ᠡᠴᠡ ᠬᠣᠢᠰᠢ ᠪᠦᠭᠦᠳᠡ ᠡᠪ ᠡᠶ᠎ᠡ ᠶ᠋ᠢ ᠡᠷᠬᠢᠮᠯᠡᠨ᠂ ᠠᠳᠬᠤᠭᠰᠠᠨ ᠡᠨᠡ ᠰᠤᠮᠤ ᠰᠢᠭ᠋ ᠬᠠᠮᠲᠤ ᠳ᠋ᠤ᠌ ᠪᠠᠨ ᠨᠢᠭᠡᠨ ᠴᠤᠯᠤ ᠮᠡᠲᠦ ᠡᠪᠲᠡᠢ ᠨᠠᠢᠷᠲᠠᠢ᠂ ᠬᠠᠭᠠᠷᠠᠯᠳᠤᠨ ᠲᠡᠮᠡᠴᠡᠯᠳᠦᠬᠦ ᠡᠴᠡ ᠬᠣᠯᠠ ᠪᠠᠢᠬᠤ ᠪᠠᠨ ᠠᠨᠳᠠᠭᠠᠢᠯᠠᠵᠤ ᠪᠠᠢᠨ᠎ᠠ᠃
ᠬᠦᠦ ᠣ᠄ ᠠᠨᠳᠠᠭᠠᠢᠯᠠᠵᠤ ᠪᠠᠢᠨ᠎ᠠ ᠡᠵᠢ ᠠ᠋!
ᠬᠦᠦ ᠣ᠄ ᠠᠨᠳᠠᠭᠠᠢᠯᠠᠵᠤ ᠪᠠᠢᠨ᠎ᠠ᠃
ᠠᠯᠤᠩᠭᠤᠸ᠎ᠠ ᠡᠬᠡ᠄ ᠡᠯᠢᠭᠡ ᠲᠥᠷᠥᠯ ᠢ᠋ᠶ᠋ᠡᠨ ᠡᠪᠳᠡᠯᠳᠦᠵᠦ ᠪᠤᠤ ᠳᠠᠢᠰᠤᠩᠨᠠ ᠬᠥᠪᠡᠭᠦᠳ ᠮᠢᠨᠢ᠂
ᠡᠬᠢ ᠵᠠᠬ᠎ᠠ ᠪᠠᠨ ᠠᠯᠳᠠᠵᠤ ᠪᠤᠤ ᠬᠤᠢᠰᠠᠭᠠᠨᠠ᠂ ᠬᠡᠦᠬᠡᠳ ᠦ᠋ᠳ ᠮᠢᠨᠢ᠂
ᠡᠩ ᠦ᠋ᠨ ᠭᠠᠭᠴᠠ ᠰᠤᠮᠤ ᠰᠢᠭ᠋ ᠡᠪᠳᠡᠷᠡᠵᠦ ᠪᠤᠤ ᠢᠯᠠᠭᠳᠠ᠂
ᠡᠷᠴᠢᠲᠦ ᠲᠠᠪᠤᠨ ᠰᠤᠮᠤ ᠰᠢᠭ᠋ ᠡᠪᠯᠡᠵᠦ ᠨᠢᠭᠲᠠᠷᠠᠵᠤ ᠢᠯᠡ᠂
ᠥᠰᠢᠯ ᠦ᠋ᠨ ᠮᠥᠷ ᠡᠴᠡ ᠭᠢᠰᠬᠢᠯᠡᠵᠦ᠂ ᠥᠷᠭᠥᠭᠡ ᠭᠡᠷ ᠢ᠋ᠶ᠋ᠡᠨ ᠪᠤᠤ ᠰᠦᠢᠳᠭᠡ
ᠥᠨᠳᠥᠷ ᠵᠠᠶᠠᠭ᠎ᠠ ᠪᠠᠨ ᠡᠷᠭᠦᠵᠦ ᠥᠯᠮᠡᠢ ᠳᠡᠭᠡᠷ᠎ᠡ ᠪᠡᠨ ᠪᠠᠲᠤ ᠵᠣᠭᠰᠣ᠂
ᠭᠠᠭᠴᠠ ᠭᠠᠭᠴᠠ ᠪᠠᠷ ᠶᠠᠪᠤᠪᠠᠯ
ᠭᠠᠷ ᠤ᠋ᠨ ᠠᠶᠠᠰ ᠢ᠋ᠶ᠋ᠠᠷ ᠬᠤᠭᠤᠷᠠᠨ᠎ᠠ᠃
ᠣᠯᠠᠨ ᠣᠯᠠᠨ ᠢ᠋ᠶ᠋ᠠᠷ ᠢ᠋ᠶ᠋ᠠᠨ ᠵᠢᠳᠬᠦᠪᠡᠯ
ᠣᠷᠴᠢᠯᠠᠩ ᠤ᠋ᠨ ᠣᠷᠣᠢ ᠳ᠋ᠤ᠌ ᠬᠦᠷᠦᠨ᠎ᠡ ᠬᠡᠦᠬᠡᠳ ᠦ᠋ᠳ ᠮᠢᠨᠢ!
ᠮᠥᠩᠬᠡ᠄ ᠠ᠂ ᠡᠢᠮᠦ ᠤᠴᠢᠷ ᠲᠠᠢ ᠰᠤᠷᠭᠠᠯ ᠪᠠᠢᠭᠰᠠ ᠶᠤᠮ ᠪᠠᠢᠨ᠎ᠠ ᠰᠢᠦ ᠳᠡ᠂ ᠲᠡᠢᠮᠦ?
ᠲᠤᠩᠬᠤ᠄ ᠠ ᠬᠠ᠂ ᠡᠪ ᠳᠦᠨᠵᠢᠨ ᠲᠡᠢ ᠪᠠᠢᠬᠤ ᠶ᠋ᠢ ᠰᠤᠷᠭᠠᠭᠰᠠᠨ ᠶᠤᠮ ᠪᠠᠢᠨ᠎ᠠ ᠰᠢᠦ ᠳᠡ᠃
ᠲᠣᠷᠤᠨ᠄ ᠸᠠ ᠧᠦ᠂ ᠡᠷᠲᠡᠨ ᠦ᠌ ᠲᠡᠦᠬᠡᠨ ᠰᠤᠷᠭᠠᠯ ᠦᠨᠡᠬᠡᠷ ᠰᠤᠷᠭᠠᠮᠵᠢ ᠲᠠᠢ ᠪᠠᠰᠠ ᠭᠠᠢᠬᠠᠯᠲᠠᠢ ᠶᠤᠮ᠃
ᠬᠦᠦ᠄ ᠡᠩ᠁ ᠡᠩ᠁
ᠮᠥᠩᠬᠡ᠄ ᠶᠣᠣ! ᠠᠰᠢᠭᠦᠢ ᠳᠡ! ᠮᠡᠳᠡᠭᠰᠡᠨ ᠦᠭᠡᠢ᠃
ᠴᠠᠰᠤᠬᠠᠨ᠄ ᠬᠡᠳᠦᠢ ᠪᠡᠷ ᠰᠤᠷᠭᠠᠯ ᠳᠣᠲᠣᠷ᠎ᠠ ᠪᠠᠢᠭ᠎ᠠ ᠴᠤ᠌ ᠭᠡᠰᠡᠨ ᠮᠣᠩᠭᠣᠯ ᠪᠠᠭᠠᠲᠤᠷ ᠬᠡᠦᠬᠡᠳ ᠦ᠋ᠳ ᠰᠢᠦ ᠳᠡ᠃
ᠪᠠᠰᠠᠷ᠄ ᠠᠢ ᠲᠡᠢᠮᠦ᠂ ᠬᠠᠷᠪᠤᠭᠠᠳ ᠡᠬᠢᠯᠡᠪᠡᠯ ᠶᠠᠭᠠᠬᠢᠨ᠎ᠠ ᠪᠣᠢ?
ᠲᠣᠷᠤᠨ᠄ wo yes(ᠵᠠ ᠲᠡᠭᠡ ) sorry sorry( ᠠᠭᠤᠴᠢᠯᠠᠭᠠᠷᠠᠢ᠂ ᠠᠭᠤᠴᠢᠯᠠᠭᠠᠷᠠᠢ)
ᠴᠠᠰᠤᠬᠠᠨ᠄ ᠵᠠ! ᠬᠡᠳᠦᠭᠦᠯᠡ ᠪᠡᠨ ᠬᠥᠳᠡᠯᠵᠡᠭᠡᠶᠡ᠃
ᠲᠤᠩᠬᠤ᠄ ᠪᠢ ᠪᠦᠷ ᠡᠬᠢᠯᠡᠭᠡᠳ ᠨᠢᠭᠡ ᠰᠤᠮᠤ ᠥᠭᠭᠦᠭᠡᠳ ᠬᠥᠪᠡᠭᠦᠳ ᠨᠢ ᠬᠤᠭᠤᠯᠴᠢᠬᠠᠬᠤ ᠪᠠᠷ ᠨᠢ ᠰᠤᠷᠭᠠᠯ ᠢᠩᠭᠢᠭᠡᠳ ᠪᠤᠷᠤᠭᠤ ᠪᠠᠷ ᠡᠷᠭᠢᠴᠢᠬᠡᠯᠡ ᠭᠡᠵᠦ ᠪᠣᠳᠣᠭᠰᠠᠨ ᠰᠢᠦ᠃ ᠬᠢ ᠬᠢ !
ᠮᠥᠩᠬᠡ᠄ ᠬᠢ ᠬᠢ᠂ ᠬᠠᠷᠢᠨ ᠲᠡᠢᠮᠦ ᠠ᠋᠂ ᠲᠡᠭᠡᠭᠡᠳ ᠪᠦᠷ ᠬᠣᠭᠣᠷᠣᠨᠳᠣ ᠪᠠᠨ ᠮᠠᠭᠤᠳᠠᠯᠴᠠᠭᠠᠳ ᠡᠬᠢᠯᠡᠯ᠎ᠡ ᠭᠡᠵᠦ ᠪᠣᠳᠣᠵᠤ ᠪᠠᠢᠯ᠎ᠠ᠃
ᠪᠠᠰᠠᠷ᠄ ᠮᠠᠨ ᠤ᠋ ᠬᠢ ᠠ᠋᠂ ᠪᠠᠰᠠᠷᠴᠤᠨ ᠪᠠᠭᠠᠲᠤᠷ ᠪᠢ ᠣᠳᠣ ᠰᠤᠷᠭᠠᠯ ᠠᠢᠯᠠᠳᠤᠶᠠ᠃ ᠵᠠ᠂ ᠡᠨᠡ ᠲᠠᠪᠤᠨ ᠮᠥᠰᠥ᠂ ᠮᠥᠩᠬᠡ ᠡᠭᠦᠨ ᠢ᠋ ᠬᠤᠭᠤᠯᠬᠤ ᠭᠡᠳ ᠦᠵᠡ ᠳᠡ᠃
ᠮᠥᠩᠬᠡ᠄ ᠵᠠ᠂ ᠪᠠᠰᠠᠷᠴᠤᠨ ᠮᠡᠷᠭᠡᠨ ᠠ᠋᠂ ᠪᠢ ᠬᠢᠴᠢᠶᠡᠶ᠎ᠡ᠃
᠁ ᠪᠠᠰᠠᠷᠴᠤᠨ ᠮᠡᠷᠭᠡᠨ ᠮᠢᠨᠢ ᠳᠡ᠂ ᠪᠢ ᠴᠢᠳᠠᠭᠰᠠᠨ ᠦᠭᠡᠢ᠃
ᠪᠠᠰᠠᠷ᠄ ᠣᠶᠤᠨ ᠤᠬᠠᠭᠠᠨᠲᠤ᠂ ᠦᠵᠡᠰᠬᠦᠯᠡᠩ ᠲᠡᠭᠦᠰ ᠲᠤᠩᠬᠤᠴᠢᠨ ᠮᠢᠨᠢ ᠬᠤᠭᠤᠯᠬᠤ ᠭᠡᠳ ᠦᠵᠡ ᠳᠡ᠃
ᠲᠤᠩᠬᠤ᠄ ᠵᠠ! ᠪᠠᠰᠠᠷᠴᠤᠨ ᠮᠡᠷᠭᠡᠨ ᠮᠢᠨᠢ ᠠ᠋᠂ ᠪᠢ ᠮᠥᠨ ᠠᠳᠠᠯᠢ ᠴᠢᠳᠠᠬᠤ ᠦᠭᠡᠢ ᠨᠢ ᠠ᠋᠃
ᠪᠠᠰᠠᠷ᠄ ᠵᠠ! ᠲᠡᠭᠡᠬᠦ ᠪᠡᠷ ᠬᠤᠭᠤᠷᠠᠬᠤ ᠦᠭᠡᠢ ᠪᠠᠢᠨ᠎ᠠ ᠭᠡᠳᠡᠭ ᠴᠢᠨᠢ ᠪᠢᠳᠡ ᠦᠨᠡᠬᠡᠷ ᠢ᠋ᠶ᠋ᠡᠨ ᠪᠠᠲᠤ ᠪᠡᠬᠢ ᠬᠦᠴᠦᠲᠡᠢ ᠡᠪᠲᠡᠢ ᠨᠠᠢᠷ ᠲᠠᠢ ᠪᠠᠢᠨ᠎ᠠ ᠭᠡᠰᠡᠨ ᠦᠭᠡ ᠶᠦ᠍ᠮ ᠤᠤ ᠳᠠ᠃
ᠲᠤᠩᠬᠤ᠄ ᠲᠡᠭᠡᠵᠦ ᠬᠡᠯᠡᠳᠡᠭ ᠦᠭᠡᠢ ᠰᠢᠲᠠ᠂ ᠪᠠᠰᠠᠷ ᠠ᠋! ᠬᠢ ᠬᠢ!
ᠮᠥᠩᠬᠡ᠄ ᠬᠢ ᠬᠢ᠃
ᠴᠠᠰᠤᠬᠠᠨ᠄ ᠬᠢ ᠬᠢ᠂ ᠵᠠ ᠵᠠ᠂ ᠪᠦᠭᠦᠳᠡᠭᠡᠷ ᠢ᠋ᠶ᠋ᠡᠨ ᠰᠤᠷᠭᠠᠯ ᠢ᠋ᠶ᠋ᠠᠷ ᠢ᠋ᠶ᠋ᠠᠨ ᠠᠶᠠᠯᠠᠭᠠᠳ ᠳᠠᠭᠤᠰᠴᠢᠬᠠᠭᠰᠠᠨ ᠶᠤᠮ ᠴᠢᠨᠢ ᠪᠤᠴᠠᠬᠤ ᠤᠤ ᠳᠠ᠃
ᠮᠥᠩᠬᠡ᠄ ᠲᠡᠭᠡᠶ᠎ᠡ ᠳᠡ!
ᠠᠷᠸ᠎ᠠ᠄ ᠵᠠ᠂ ᠮᠢᠨᠦ ᠬᠥᠭᠡᠷᠦᠬᠦᠨ ᠳᠡᠭᠦᠦ ᠨᠠᠷ ᠰᠤᠷᠭᠠᠮᠵᠢ ᠲᠠᠢ ᠰᠠᠢᠬᠠᠨ ᠰᠤᠷᠭᠠᠯ ᠢ᠋ᠶ᠋ᠠᠷ ᠠᠶᠠᠯᠠᠭᠠᠳ ᠢᠷᠡᠪᠡ ᠤᠤ?
ᠲᠤᠩᠬᠤ᠄ ᠠᠢ ᠳᠠ᠂ ᠠᠷᠸ᠎ᠠ ᠠᠬ᠎ᠠ ᠮᠢᠨᠢ᠂ ᠡᠷ᠎ᠡ ᠶ᠋ᠢᠨ ᠬᠦᠴᠦ ᠭᠡᠵᠦ ᠶᠠᠭᠤ ᠪᠣᠯᠬᠤ᠂ ᠡᠶ᠎ᠡ ᠡᠪ ᠲᠡᠢ ᠪᠠᠢᠨ᠎ᠠ ᠭᠡᠳᠡᠭ᠂ ᠠᠩᠬᠡ ᠴᠠᠭ ᠤ᠋ᠨ ᠲᠡᠭᠦᠴᠡᠭᠡ ᠭᠡᠳᠡᠭ ᠢ᠋ ᠡᠨᠡ ᠯᠡ ᠵᠢᠷᠦᠬᠡᠨ ᠳ᠋ᠦ᠍ ᠪᠡᠨ ᠪᠢ ᠤᠬᠠᠭᠠᠷᠠᠭᠠᠳ ᠢᠷᠡᠯ᠎ᠡ ᠳᠠ!
ᠠᠷᠸ᠎ᠠ᠄ ᠬᠢ ᠬᠢ᠂ ᠬᠥᠥᠭ᠂ ᠮᠠᠨ ᠤ᠋ ᠲᠤᠩᠬᠤ ᠦᠨᠡᠬᠡᠷ ᠢ᠋ᠶ᠋ᠡᠨ ᠴᠡᠴᠡᠨ ᠢᠷᠠᠭᠤ ᠶᠠᠷᠢᠵᠤ ᠪᠠᠢᠨ᠎ᠠ ᠰᠢᠦ!
ᠮᠥᠩᠬᠡ᠄ ᠠᠷᠸ᠎ᠠ ᠠᠬ᠎ᠠ ᠮᠢᠨᠢ ᠠ᠋᠂ ᠡᠨᠡ ᠪᠠᠭᠴᠠᠯᠠᠭᠰᠠᠨ ᠰᠤᠮᠤ ᠶ᠋ᠢ ᠲᠠ ᠬᠢᠴᠢᠶᠡᠩᠭᠦᠢᠯᠡᠨ ᠨᠢᠭᠡ ᠬᠤᠭᠤᠯᠬᠤ ᠭᠡᠳ ᠦᠵᠡᠭᠡᠴᠢ᠃
ᠠᠷᠸ᠎ᠠ᠄ ᠬᠤᠭᠤ᠃
ᠮᠥᠩᠬᠡ᠄ ᠥ ᠵᠠ᠂ ᠰᠤᠮᠤ ᠨᠢ ᠪᠠᠭᠠᠳᠠᠴᠢᠬᠠᠯᠠ ᠰᠢᠦ! ᠪᠠᠰᠠᠷ ᠠ᠋᠂ ᠭᠠᠳᠠᠨ᠎ᠠ ᠠ᠋ᠴᠠ ᠲᠦᠯᠡᠭᠡᠨ ᠦ᠌ ᠮᠣᠳᠣ ᠨᠤᠭᠤᠳ ᠣᠷᠣᠭᠤᠯᠤᠭᠠᠳ ᠢᠷᠡᠭᠡᠷᠡᠢ᠃
ᠪᠠᠰᠠᠷ᠄ᠬᠥᠪ ᠬᠥᠪ ᠁
ᠪᠦᠭᠦᠳᠡᠭᠡᠷ ᠢᠨᠢᠶᠡᠨ᠎ᠡ
ᠦᠰᠦᠭ ᠠᠮᠢᠯᠠᠭᠤᠯᠤᠭᠴᠢ᠄ ᠬᠤᠸᠠᠷ
ᠦᠰᠦᠭ ᠬᠠᠲᠠᠭᠴᠢ᠄ ᠾᠦᠩ ᠸᠧᠢ
ᠬᠢᠨᠠᠯᠲᠠ᠄ ᠰᠡᠴᠡᠩᠭᠤᠸᠡ᠂ ᠮᠥᠴᠢᠷ