ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠤᠬᠠᠭᠠᠷᠠᠵᠤ ᠠᠮᠢᠳᠤᠷᠠᠬᠤ ᠤᠴᠢᠷᠲᠠᠢ ᠣᠮᠣᠭᠯᠠᠩ ᠨᠠᠰᠤᠨ ᠤ᠋ ᠭᠢᠯᠪᠠᠭ᠎ᠠ> Элсэнд булагдсан сувдаа – П.Оюунгэрэл <Ухаарч амьдрах учиртай омголон насны гялбаа> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠤᠬᠠᠭᠠᠷᠠᠵᠤ ᠠᠮᠢᠳᠤᠷᠠᠬᠤ ᠤᠴᠢᠷᠲᠠᠢ ᠣᠮᠣᠭᠯᠠᠩ ᠨᠠᠰᠤᠨ ᠤ᠋ ᠭᠢᠯᠪᠠᠭ᠎ᠠ> Элсэнд булагдсан сувдаа – П.Оюунгэрэл <Ухаарч амьдрах учиртай омголон насны гялбаа>

ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠤᠬᠠᠭᠠᠷᠠᠵᠤ ᠠᠮᠢᠳᠤᠷᠠᠬᠤ ᠤᠴᠢᠷᠲᠠᠢ ᠣᠮᠣᠭᠯᠠᠩ ᠨᠠᠰᠤᠨ ᠤ᠋ ᠭᠢᠯᠪᠠᠭ᠎ᠠ> Элсэнд булагдсан сувдаа – П.Оюунгэрэл <Ухаарч амьдрах учиртай омголон насны гялбаа>

ᠠᠩᠭᠢᠯᠠᠯ:ᠲᠤᠭᠤᠵᠢ ᠷᠣᠮᠠᠨ
2026-10-31

3

ᠤᠬᠠᠭᠠᠷᠠᠵᠤ ᠠᠮᠢᠳᠤᠷᠠᠬᠤ ᠤᠴᠢᠷᠲᠠᠢ ᠣᠮᠣᠭᠯᠠᠩ ᠨᠠᠰᠤᠨ ᠤ᠋ ᠭᠢᠯᠪᠠᠭ᠎ᠠ


                            — ᠭᠤᠴᠢᠨ ᠬᠣᠶᠠᠷ ᠨᠠᠰᠤᠨ ᠳ᠋ᠠᠭᠠᠨ ᠢᠯᠡᠭᠡᠬᠦ ᠵᠠᠬᠢᠳᠠᠯ  

       ᠭᠤᠴᠢᠨ ᠬᠣᠶᠠᠷ ᠨᠠᠰᠤ ᠮᠢᠨᠢ ᠨᠠᠳᠠ ᠠ᠋ᠴᠠ ᠪᠠᠨ ᠠᠶᠠᠷᠯᠠᠭᠠᠳ ᠬᠣᠷᠢᠨ ᠵᠢᠷᠭᠤᠭᠠᠨ ᠵᠢᠯ ᠦ᠋ᠨ ᠨᠢᠭᠤᠷ ᠦᠵᠡᠵᠡᠢ᠃ ᠬᠣᠷᠸ᠎ᠠ ᠳ᠋ᠤ᠌ ᠨᠠᠷᠠ ᠰᠡᠭᠦᠳᠡᠷ ᠡᠭᠡᠯᠵᠢᠯᠡᠨ᠂ ᠭᠠᠩᠳᠠᠵᠤ ᠴᠡᠴᠡᠭᠯᠡᠬᠦ ᠣᠨ ᠵᠢᠯ ᠰᠣᠯᠢᠭᠳᠠᠨ ᠰᠣᠯᠢᠭᠳᠠᠭᠰᠠᠭᠠᠷ ᠰᠠᠨᠴᠢᠭ ᠤ᠋ᠨ ᠮᠢᠨᠢ ᠦᠰᠦᠨ ᠳ᠋ᠦ᠍ ᠬᠢᠷᠠᠭᠤ ᠪᠠᠭᠤᠬᠤ ᠶ᠋ᠢᠨ ᠲᠣᠭᠠᠯᠠᠩ ᠢ᠋ᠶ᠋ᠠᠷ ᠭᠠᠩᠭᠠᠩ ᠴᠤ᠌ ᠭᠠᠩᠳᠠᠭᠤᠨ ᠴᠤ᠌ ᠶᠠᠪᠤᠭᠰᠠᠨ ᠲᠠᠨ ᠢ᠋ᠶ᠋ᠠᠨ ᠳᠤᠷᠠᠰᠤᠨ ᠰᠠᠨᠠᠭᠠᠯᠵᠠᠯ᠎ᠠ᠃ 
       ᠭᠠᠯ ᠵᠠᠯᠠᠭᠤ ᠨᠠᠰᠤᠨ ᠤ᠋ ᠣᠮᠣᠷᠬᠠᠭ ᠳᠡᠭᠡᠷᠡᠩᠭᠦᠢ ᠵᠢᠯᠣᠭᠣ ᠵᠣᠳᠣᠭ ᠦᠭᠡᠢ ᠠᠷᠠᠨᠰᠢᠨ ᠢ᠋ᠶ᠋ᠠᠷ ᠢ᠋ᠶ᠋ᠠᠨ ᠬᠣᠷᠸ᠎ᠠ ᠶᠢᠷᠲᠢᠨᠴᠦ ᠶ᠋ᠢᠨ ᠶᠠᠭᠤ ᠪᠦᠬᠦᠨ ᠢ᠋ ᠮᠥᠩᠬᠡ ᠶ᠋ᠢᠨ ᠶᠦᠮ ᠰᠢᠭ ᠰᠠᠨᠠᠵᠤ ᠵᠢᠷᠭᠠᠯ ᠳ᠋ᠠᠭᠠᠨ ᠲᠠᠰᠢᠭᠤᠷᠠᠵᠤ ᠶᠠᠪᠤᠬᠤ ᠶ᠋ᠢᠨ ᠴᠠᠭ ᠲᠤ᠌ ᠵᠢᠷᠭᠠᠯ ᠤ᠋ᠨ ᠡᠰᠡᠷᠭᠦ ᠵᠣᠪᠠᠯᠠᠩ ᠭᠡᠵᠦ ᠶᠠᠮᠠᠷᠬᠠᠨ ᠬᠡᠴᠡᠭᠦᠦ ᠶᠠᠭᠤᠮ᠎ᠠ ᠪᠠᠢᠳᠠᠭ ᠢ᠋ ᠳᠠᠩᠴᠤ ᠨᠢᠭᠡ ᠪᠣᠳᠣᠭ᠎ᠠ ᠦᠭᠡᠢ ᠶᠠᠪᠤᠭᠰᠠᠨ ᠪᠠᠷᠳᠠᠮ ᠳᠡᠭᠵᠢᠨ ᠨᠠᠰᠤᠨ ᠤ᠋ ᠮᠢᠨᠢ ᠰᠢᠯᠭᠠᠭᠤᠷ ᠪᠣᠯᠬᠤ ᠭᠡᠵᠦ ᠭᠤᠴᠢᠨ ᠬᠣᠶᠠᠷ ᠨᠠᠰᠤ ᠮᠢᠨᠢ ᠲᠠ ᠢᠷᠡᠬᠦ ᠳ᠋ᠡᠭᠡᠨ ᠵᠢᠷᠭᠠᠯ ᠤ᠋ᠨ ᠳᠤᠮᠳᠠᠭᠤᠷ ᠵᠣᠪᠠᠯᠠᠩ ᠴᠤᠬᠤᠯᠵᠠᠵᠤ ᠪᠠᠢᠳᠠᠭ ᠢ᠋᠂ ᠢᠨᠢᠶᠡᠳᠦ ᠪᠠᠶᠠᠰᠤᠯ ᠤ᠋ᠨ ᠠᠷᠤ ᠳ᠋ᠤ᠌ ᠭᠤᠨᠢᠭ ᠭᠤᠲᠤᠷᠠᠯ ᠤ᠋ᠨ ᠨᠢᠯᠪᠤᠰᠤ ᠬᠤᠷᠠᠵᠤ ᠪᠠᠢᠳᠠᠭ ᠢ᠋ ᠲᠠᠨᠢᠭᠤᠯᠬᠤ ᠭᠡᠮᠡᠨ ᠨᠠᠮ᠎ᠠ ᠶ᠋ᠢ ᠪᠡᠨ ᠳᠠᠩᠴᠤ ᠬᠠᠲᠠᠭᠤᠬᠠᠨ ᠬᠤᠪᠢ ᠵᠠᠶᠠᠭᠠᠨ ᠤ᠋ ᠲᠡᠩᠨᠡᠭᠦᠷ ᠵᠢᠩ ᠳᠡᠭᠡᠷ᠎ᠡ ᠣᠷᠬᠢᠭᠰᠠᠨ ᠶᠤᠮ ᠳᠠ᠃ 
       ᠲᠡᠷᠡ ᠵᠢᠯ ᠪᠢ ᠠᠵᠢᠯ ᠳ᠋ᠤ᠌ ᠭᠠᠷᠤᠭᠠᠳ ᠠᠷᠪᠠᠨ ᠬᠣᠶᠠᠷ ᠵᠢᠯ ᠦ᠋ᠨ ᠨᠢᠭᠤᠷ ᠦᠵᠡᠵᠦ᠂ ᠠᠢᠯ ᠭᠡᠷ ᠪᠤᠰᠬᠠᠵᠤ ᠬᠠᠨᠢ ᠨᠥᠬᠥᠷ ᠲᠡᠢ ᠪᠡᠨ ᠠᠮᠠᠷᠠᠭ ᠬᠠᠯᠠᠭᠤᠬᠠᠨ ᠠᠮᠢᠳᠤᠷᠠᠯ ᠢ᠋ᠶ᠋ᠠᠨ ᠡᠬᠢᠯᠡᠭᠦᠯᠦᠭᠡᠳ ᠳᠥᠩᠭᠡᠵᠦ ᠠᠷᠪᠠᠳᠠᠬᠢ ᠵᠢᠯ ᠢ᠋ᠶ᠋ᠡᠨ ᠤᠭᠲᠤᠬᠤ ᠭᠡᠵᠦ ᠪᠠᠢᠯ᠎ᠠ᠃ ᠶᠠᠭᠠᠬᠢᠬᠤᠪ᠂ ᠨᠥᠬᠥᠷ ᠮᠢᠨᠢ ᠨᠠᠮ᠎ᠠ ᠶ᠋ᠢ ᠪᠡᠨ ᠡᠷᠲᠡ ᠣᠷᠬᠢᠵᠤ ᠶᠠᠪᠤᠬᠤ ᠪᠠᠨ ᠮᠡᠳᠡᠭᠰᠡᠨ ᠶᠦᠮ ᠰᠢᠭ ᠦᠷ᠎ᠡ ᠪᠡᠷ ᠥᠨᠢᠷ ᠦᠯᠡᠳᠡᠭᠡᠬᠦ ᠬᠡ ᠪᠢᠵᠡ᠃ ᠪᠢᠳᠡ ᠬᠣᠶᠠᠷ ᠳᠥᠷᠪᠡ ᠪᠡᠷ ᠴᠦ᠍ ᠬᠡᠦᠬᠡᠳ ᠲᠡᠢ ᠪᠣᠯᠴᠢᠬᠠᠭᠰᠠᠨ ᠪᠠᠢᠭᠰᠠᠨ᠃ ᠳᠥᠷᠪᠡᠨ ᠬᠡᠦᠬᠡᠳ ᠮᠢᠨᠢ ᠭᠠᠭᠴᠠ ᠭᠠᠭᠴᠠᠬᠠᠨ ᠨᠠᠰᠤᠨ ᠤ᠋ ᠵᠥᠷᠢᠶ᠎ᠡ ᠲᠡᠢ ᠠᠷᠤ ᠠᠷᠤ ᠠ᠋ᠴᠠ ᠪᠠᠨ ᠬᠦᠷᠦᠭᠡᠳ ᠢᠷᠡᠭᠰᠡᠨ ᠯᠡ ᠳᠡ᠃ ᠲᠡᠭᠡᠪᠡᠴᠦ ᠪᠢᠳᠡ ᠬᠣᠶᠠᠷ ᠤ᠋ᠨ ᠠᠮᠢᠳᠤᠷᠠᠯ ᠳ᠋ᠤ᠌ ᠬᠡᠦᠬᠡᠳ ᠦ᠋ᠳ ᠮᠢᠨᠢ ᠨᠢᠭᠡ ᠶᠡᠬᠡ ᠲᠡᠭᠡᠭᠡᠷ᠎ᠡ ᠳᠠᠷᠤᠭᠠᠰᠤ ᠪᠣᠯᠤᠭ᠎ᠠ ᠦᠭᠡᠢ ᠯᠡ ᠳᠡ᠃ ᠪᠢᠳᠡ ᠬᠣᠶᠠᠷ ᠤ᠋ᠨ ᠠᠵᠢᠯ ᠦᠢᠯᠡᠰ᠂ ᠠᠮᠢᠳᠤᠷᠠᠯ ᠠᠬᠤᠢ᠂ ᠠᠩᠭ᠎ᠠ ᠬᠡᠦᠬᠡᠳ ᠢ᠋ᠶ᠋ᠡᠨ ᠠᠯᠢ ᠶ᠋ᠢ ᠨᠢ ᠴᠦ᠍ ᠣᠰᠤᠯᠳᠠᠭᠤᠯᠤᠯ ᠦᠭᠡᠢ ᠶᠠᠭᠤᠮ᠎ᠠ ᠪᠦᠬᠦᠨ ᠢ᠋ᠶ᠋ᠡᠨ ᠭᠢᠯᠠᠰ ᠠᠮᠵᠢᠭᠤᠯᠵᠤ ᠴᠢᠳᠠᠳᠠᠭ ᠭᠠᠷ ᠲᠡᠩᠴᠡᠭᠰᠡᠨ ᠬᠣᠶᠠᠷ ᠪᠠᠢᠭᠰᠠᠨ ᠶᠤᠮ᠃ ᠲᠡᠭᠡᠭᠡᠳ ᠬᠣᠶᠠᠭᠤᠯᠠ ᠪᠠᠨ ᠬᠤᠷᠢᠮᠯᠠᠭ᠎ᠠ ᠦᠭᠡᠢ ᠵᠠᠯᠠᠭᠤᠰ ᠰᠢᠭ᠋ ᠭᠠᠷ ᠭᠠᠷ ᠢ᠋ᠶ᠋ᠠᠨ ᠬᠣᠯᠪᠣᠭᠠᠳ ᠠᠯᠪᠠᠨ ᠤ᠋ ᠪᠠᠨ ᠠᠵᠢᠯ ᠤᠷᠤᠭᠤ ᠪᠠᠷᠠᠭᠳᠠᠳᠠᠭ ᠦᠭᠡᠢ ᠵᠣᠭᠣᠭ ᠲᠠᠢ ᠲᠠᠰᠤᠷᠠᠳᠠᠭ ᠦᠭᠡᠢ ᠢᠨᠢᠶᠡᠳᠦ ᠪᠠᠶᠠᠷ ᠲᠠᠢ ᠠᠯᠬᠤᠳᠠᠭ ᠪᠠᠢᠵᠤ ᠪᠢᠯᠡ᠃ ᠲᠡᠷᠡᠬᠦ ᠠᠮᠠᠷᠠᠭ ᠬᠠᠯᠠᠭᠤᠨ ᠠᠮᠢᠰᠬᠤᠯ ᠪᠢᠯᠬᠠᠭᠰᠠᠨ ᠠᠮᠢᠳᠤᠷᠠᠯ ᠤ᠋ᠨ ᠮᠢᠨᠢ ᠠᠷᠤ ᠳ᠋ᠤ᠌ ᠭᠠᠢ ᠵᠣᠪᠠᠯᠠᠩ ᠤ᠋ᠨ ᠪᠠᠷᠠᠭᠠᠨ ᠰᠡᠭᠦᠳᠡᠷ ᠲᠠᠭᠠᠯᠴᠠᠨ ᠬᠣᠨᠣᠭ ᠲᠣᠭᠠᠯᠠᠨ ᠳᠥᠭᠥᠵᠦ ᠪᠠᠢᠭᠰᠠᠨ ᠢ᠋ ᠳ᠋ᠡᠭᠡᠨ ᠴᠠᠯᠭᠢᠵᠤ ᠶᠠᠪᠤᠭᠰᠠᠨ ᠪᠢᠳᠡ ᠬᠣᠶᠠᠷ ᠳᠠᠩᠴᠤ ᠨᠢᠭᠡ ᠠᠩᠵᠠᠭᠠᠷᠠᠭ᠎ᠠ ᠦᠭᠡᠢ ᠶᠠᠪᠤᠵᠠᠢ ᠳᠠ᠃ 
       ᠭᠡᠨᠡᠳᠲᠡ ᠨᠢᠭᠡ ᠮᠡᠳᠡᠬᠦ ᠳ᠋ᠦ᠍ ᠨᠥᠬᠥᠷ ᠮᠢᠨᠢ ᠥᠮᠡᠨ ᠡᠪᠡᠳᠴᠢᠨ ᠳ᠋ᠦ᠍ ᠨᠡᠷᠪᠡᠭᠳᠡᠵᠦ ᠡᠮᠴᠢᠯᠡᠭᠡ ᠣᠷᠣᠢᠲᠠᠭᠰᠠᠨ ᠠ᠋ᠴᠠ ᠪᠣᠯᠵᠤ ᠵᠠᠯᠠᠭᠤ ᠬᠠᠯᠠᠭᠤᠨ ᠠᠮᠢ ᠪᠠᠨ ᠠᠯᠳᠠᠴᠢᠬᠠᠭᠰᠠᠨ ᠶᠤᠮ᠃  
       ᠳᠡᠭᠳᠡᠭᠡᠬᠡᠢ ᠪᠡᠨ ᠳᠠᠭᠠᠭᠤᠯᠤᠭᠰᠠᠨ ᠳᠡᠨᠵᠢ ᠶ᠋ᠢᠨ ᠬᠥᠬᠡ ᠲᠣᠭᠣᠷᠤᠤ ᠰᠢᠭ᠋ ᠬᠠᠢᠷᠠᠲᠠᠢ ᠳᠥᠷᠪᠡᠨ ᠦᠷ᠎ᠡ ᠪᠡᠨ ᠡᠴᠢᠭᠡ ᠡᠬᠡ ᠶ᠋ᠢᠨ ᠡᠯᠢᠭᠡ ᠪᠦᠲᠦᠨ ᠬᠠᠢᠷ᠎ᠠ ᠪᠠᠷ ᠴᠠᠯᠭᠢᠯᠠᠭᠤᠯᠵᠤ᠂ ᠬᠣᠶᠠᠷ ᠪᠡᠶ᠎ᠡ ᠡᠴᠡ ᠪᠡᠨ ᠬᠣᠷᠣᠮᠬᠠᠨ ᠴᠤ᠌ ᠬᠣᠯᠠᠳᠤᠮ᠎ᠠ ᠦᠭᠡᠢ ᠬᠠᠢᠷ᠎ᠠ ᠪᠠᠷ ᠴᠠᠯᠭᠢᠭᠤᠯᠤᠭᠰᠠᠨ ᠪᠦᠲᠦᠨ ᠪᠥᠮᠪᠥᠷᠭᠡᠨ ᠠᠮᠢᠳᠤᠷᠠᠯ ᠮᠢᠨᠢ ᠭᠡᠨᠡᠳᠲᠡ ᠪᠡᠷ ᠢᠩᠭᠢᠵᠦ ᠥᠨᠥᠴᠢᠷᠡᠯ ᠬᠠᠭᠠᠴᠠᠯ ᠤ᠋ᠨ ᠬᠠᠷᠠᠩᠭᠤᠢ ᠪᠤᠳᠠᠩ ᠳ᠋ᠤ᠌ ᠪᠦᠷᠬᠦᠭᠳᠡᠪᠡ᠃ 
       ᠲᠡᠭᠡᠬᠦ ᠳ᠋ᠦ᠍ ᠬᠡᠦᠬᠡᠳ ᠦ᠋ᠨ ᠮᠢᠨᠢ ᠶᠡᠬᠡ ᠨᠢ ᠳᠣᠯᠣᠭᠠᠲᠠᠢ᠂ ᠪᠠᠭ᠎ᠠ ᠨᠢ ᠭᠤᠷᠪᠠᠨ ᠣᠢ ᠬᠦᠷᠴᠦ ᠪᠠᠢᠭᠰᠠᠨ᠃ ᠨᠠᠳᠠᠳᠤ ᠠᠮᠢᠳᠤᠷᠠᠯ ᠲᠡᠷᠡ ᠴᠢᠭ ᠲᠡᠭᠡᠨ ᠴᠠᠷᠴᠠᠵᠤ ᠬᠥᠯᠳᠡᠴᠢᠬᠡᠭᠰᠡᠨ ᠶᠦᠮ ᠰᠢᠭ ᠰᠠᠨᠠᠭᠳᠠᠵᠤ᠂ ᠣᠢ ᠤᠬᠠᠭᠠᠨ ᠳ᠋ᠤ᠌ ᠶᠠᠭᠤ ᠴᠤ᠌ ᠣᠷᠣᠵᠤ ᠢᠷᠡᠬᠦ ᠦᠭᠡᠢ ᠬᠣᠭᠣᠰᠣᠨ ᠬᠥᠨᠳᠡᠢ ᠪᠣᠯᠴᠢᠬᠠᠭᠰᠠᠨ᠃ ᠶᠡᠷᠦᠨᠢ  ᠲᠤᠬᠠᠢ ᠶ᠋ᠢᠨ ᠦᠶ᠎ᠡ ᠶ᠋ᠢᠨ ᠪᠠᠢᠳᠠᠯ ᠢ᠋ ᠣᠯᠳᠣᠢ ᠮᠢᠨᠦ ᠦᠭᠡ ᠪᠡᠷ ᠳᠦᠷᠰᠦᠯᠡᠬᠦᠶ᠎ᠡ ᠪᠡᠷᠬᠡ᠃ ᠳᠠᠩᠴᠤ ᠬᠠᠲᠠᠭᠤᠬᠠᠨ ᠲᠣᠭᠯᠠᠮ ᠲᠠᠢ ᠬᠣᠷᠸ᠎ᠠ ᠶ᠋ᠢᠨ ᠬᠠᠢᠷ᠎ᠠ ᠨᠠᠢᠷ ᠦᠭᠡᠢ ᠬᠠᠤᠯᠢ ᠪᠣᠯᠬᠤ᠂ ᠲᠥᠷᠥᠬᠦ᠂ ᠡᠪᠡᠳᠬᠦ᠂ ᠥᠲᠡᠯᠬᠦ᠂ ᠦᠬᠦᠬᠦ ᠶ᠋ᠢᠨ ᠰᠢᠯᠲᠠᠭᠠᠨ ᠢ᠋ ᠬᠡᠨ ᠴᠦ᠍ ᠡᠷᠬᠡᠰᠢᠶᠡᠵᠦ ᠦᠯᠦ ᠴᠢᠳᠠᠨ᠎ᠠ᠃ ᠵᠥᠪᠬᠡᠨ ᠴᠠᠭ ᠬᠤᠭᠤᠴᠠᠭᠠᠨ ᠤ᠋ ᠢᠯᠭᠠᠯ ᠲᠠᠢ ᠪᠣᠯᠬᠤ ᠠ᠋ᠴᠠ ᠳᠠ᠃ ᠮᠢᠨᠦ ᠭᠤᠨᠢᠭ ᠵᠣᠪᠠᠯ ᠠ᠋ᠴᠠ ᠪᠣᠯᠤᠭᠠᠳ ᠪᠥᠮᠪᠥᠷᠴᠡᠭ ᠡᠷᠭᠢᠬᠦ ᠪᠡᠨ ᠪᠣᠯᠢᠬᠤ ᠪᠠᠷ ᠦᠭᠡᠢ᠃ ᠵᠢᠱ᠌ᠢᠶᠡᠯᠡᠪᠡᠯ ᠠᠮᠢᠳᠤᠷᠠᠯ ᠮᠥᠨ ᠬᠦ᠌ ᠦᠷᠭᠦᠯᠵᠢᠯᠡᠨ᠎ᠡ᠃ ᠲᠡᠭᠡᠬᠦ ᠳ᠋ᠦ᠍ ᠬᠠᠷᠢᠨ ᠬᠣᠷᠸ᠎ᠠ ᠦᠵᠡᠭᠦᠯᠳᠡᠭ ᠢ᠋ᠶ᠋ᠡᠨ ᠦᠵᠡᠭᠦᠯᠴᠢᠬᠡᠭᠡᠳ᠂《ᠵᠣᠷᠢᠭ ᠵᠣᠯᠪᠣᠭ᠎ᠠ ᠬᠣᠶᠠᠷ ᠢ᠋ ᠴᠢᠨᠢ ᠰᠢᠯᠭᠠᠬᠤ ᠴᠠᠭ ᠪᠣᠯᠤᠭᠰᠠᠨ ᠠ᠋᠃ ᠥᠯᠮᠡᠢ ᠪᠡᠨ ᠡᠷᠭᠦᠭᠡᠳ ᠭᠡᠳᠡᠢᠵᠦ ᠪᠣᠰᠤᠨ᠎ᠠ ᠤᠤ? ᠡᠪᠦᠳᠦᠭ ᠢ᠋ᠶ᠋ᠡᠷ ᠢ᠋ᠶ᠋ᠡᠨ ᠨᠤᠭᠤᠷᠠᠵᠤ ᠣᠢᠴᠢᠨ᠎ᠠ ᠤᠤ? ᠥᠪᠡᠷ ᠢ᠋ᠶ᠋ᠡᠨ ᠯᠡ ᠮᠡᠳᠡᠵᠦ ᠰᠣᠩᠭᠣ》 ᠭᠡᠰᠡᠨ ᠰᠢᠭ ᠨᠠᠮ᠎ᠠ ᠶ᠋ᠢ ᠪᠠᠰᠤᠮᠵᠢᠯᠠᠨ ᠬᠦᠢᠲᠡᠨ ᠴᠠᠪᠳᠠᠭ ᠨᠢᠳᠦ ᠪᠡᠷ ᠢ᠋ᠶ᠋ᠡᠨ ᠣᠭᠲᠣ ᠲᠣᠭᠣᠮᠰᠠᠷ ᠦᠭᠡᠢ ᠰᠢᠷᠳᠡᠬᠦ ᠶᠦᠮ ᠪᠢᠯᠡ᠃ 
       ᠲᠡᠭᠡᠬᠦ ᠳ᠋ᠦ᠍ ᠭᠤᠴᠢᠨ ᠬᠣᠶᠠᠷ ᠨᠠᠰᠤ ᠮᠢᠨᠢ ᠴᠢ ᠨᠠᠮᠠᠢ ᠪᠠᠨ ᠶᠠᠭᠤ ᠭᠡᠵᠦ ᠵᠠᠷᠯᠢᠭᠳᠠᠭᠰᠠᠨ ᠪᠢᠯᠡ? ᠥᠨᠥᠳᠥᠷ ᠡᠴᠡ ᠡᠬᠢᠯᠡᠭᠡᠳ ᠴᠢ ᠵᠣᠪᠬᠢᠨ ᠳ᠋ᠠᠬᠢ ᠨᠢᠯᠪᠤᠰᠤ ᠪᠠᠨ ᠬᠡᠨ ᠳ᠋ᠦ᠍ ᠴᠦ᠍ ᠬᠠᠷᠠᠭᠤᠯᠤᠯ ᠦᠭᠡᠢ ᠵᠢᠷᠦᠬᠡ ᠤᠷᠤᠭᠤ ᠪᠠᠨ ᠤᠷᠤᠰᠬ᠎ᠠ᠂ ᠦᠷ᠎ᠡ ᠬᠡᠦᠬᠡᠳ ᠢ᠋ᠶ᠋ᠡᠨ ᠬᠠᠯᠢᠯ ᠬᠠᠳᠠᠨ ᠳ᠋ᠤ᠌ ᠨᠡᠪᠴᠢᠭᠦᠯᠦᠭᠰᠡᠨ ᠪᠦᠷᠭᠦᠳ ᠦ᠋ᠨ ᠵᠤᠯᠵᠠᠭ᠎ᠠ ᠰᠢᠭ᠋ ᠬᠠᠲᠠᠭᠤᠵᠢᠭᠤᠯ᠃ ᠲᠡᠳᠡᠨ ᠢ᠋ᠶ᠋ᠡᠨ ᠥᠨᠳᠡᠭᠡ ᠳᠠᠷᠤᠭᠰᠠᠨ ᠲᠠᠬᠢᠶ᠎ᠠ ᠰᠢᠭ᠋ ᠪᠡᠶ᠎ᠡ ᠡᠴᠡ ᠪᠡᠨ ᠪᠢᠲᠡᠭᠡᠢ ᠬᠣᠯᠠᠳᠤᠭᠤᠯ᠃ ᠪᠢᠴᠢᠭ ᠨᠣᠮ ᠤ᠋ᠨ ᠠᠵᠢᠯ ᠢ᠋ᠶ᠋ᠠᠨ ᠴᠥᠬᠥᠷᠡᠰᠢ ᠦᠭᠡᠢ ᠣᠷᠣᠯᠳᠣ᠃ ᠨᠣᠮ ᠤ᠋ᠨ ᠬᠦᠴᠦᠨ ᠳ᠋ᠦ᠍ ᠪᠢᠯᠢᠭ ᠴᠢᠨᠢ ᠬᠤᠷᠴᠠᠳᠤᠨ᠎ᠠ᠃ ᠲᠡᠷᠡ ᠯᠠ ᠴᠢᠮ᠎ᠠ ᠳ᠋ᠤ᠌ ᠬᠣᠭᠣᠰᠣᠳᠠᠭᠰᠠᠨ ᠢ᠋ ᠴᠢᠨᠢ ᠨᠥᠬᠥᠪᠥᠷᠢᠯᠡᠵᠦ ᠬᠣᠵᠢᠭᠳᠠᠭᠰᠠᠨ ᠢ᠋ ᠴᠢᠨᠢ ᠤᠬᠠᠭᠠᠷᠠᠭᠤᠯᠵᠤ ᠴᠢᠳᠠᠨ᠎ᠠ᠃ ᠡᠷ᠎ᠡ ᠦᠭᠡᠢ ᠪᠡᠯᠪᠡᠰᠦᠨ ᠪᠡᠶ᠎ᠡ ᠴᠢᠨᠢ ᠥᠩᠭᠡᠲᠡᠢ ᠭᠤᠸᠠᠯᠢᠭ ᠬᠡᠪ ᠢ᠋ᠶ᠋ᠡᠷ ᠢ᠋ᠶ᠋ᠡᠨ ᠰᠢᠦ᠃ ᠥᠩᠭᠡᠨ ᠦ᠌ ᠰᠢᠨᠤᠯᠲᠠᠳ ᠠ᠋ᠴᠠ ᠥᠪᠡᠷ ᠢ᠋ ᠪᠡᠨ ᠬᠠᠮᠠᠭᠠᠯᠠᠵᠤ ᠰᠤᠷ᠃ ᠤᠬᠠᠭᠠᠨ ᠪᠢᠯᠢᠭ ᠣᠢᠭ᠎ᠠ ᠦᠭᠡᠢ ᠵᠢᠳᠬᠦᠯ ᠬᠣᠶᠠᠷ ᠯᠠ ᠴᠢᠨᠦ ᠭᠤᠨᠢᠭ ᠤᠢᠳᠬᠠᠷ ᠢ᠋ ᠣᠷᠣᠯᠠᠵᠤ᠂ ᠳᠠᠷᠤᠭᠳᠠᠰᠢ ᠦᠭᠡᠢ《ᠳᠠᠢᠰᠤᠨ》 ᠢ᠋ ᠴᠢᠨᠢ ᠥᠯᠮᠡᠢ ᠳᠣᠣᠷ᠎ᠠ ᠴᠢᠨᠢ ᠰᠥᠭᠥᠳᠬᠡᠵᠦ ᠴᠢᠳᠠᠨ᠎ᠠ᠃ ᠬᠤᠭᠤᠷᠠᠬᠤ᠎ᠠ᠋ᠴᠠ ᠪᠢᠰᠢ ᠨᠤᠭᠤᠷᠠᠬᠤ ᠦᠭᠡᠢ ᠪᠠᠢᠵᠤ ᠬᠤᠪᠢ ᠵᠠᠶᠠᠭᠠᠨ ᠤ᠋ ᠪᠠᠨ ᠡᠰᠡᠷᠭᠦ ᠪᠣᠰᠴᠤ ᠵᠣᠭᠰᠣᠬᠤ ᠬᠡᠷᠡᠭᠲᠡᠢ ᠭᠡᠵᠦ ᠪᠠᠢᠭᠰᠠᠨ᠃ 
       ᠲᠡᠷᠡ ᠯᠠ ᠡᠳᠦᠷ ᠡᠴᠡ ᠬᠣᠢᠰᠢ ᠪᠢ ᠬᠥᠮᠦᠨ ᠳ᠋ᠦ᠍ ᠨᠢᠯᠪᠤᠰᠤ ᠪᠠᠨ ᠦᠵᠡᠭᠦᠯᠬᠦ ᠦᠭᠡᠢ ᠯᠤᠲᠤ ᠶᠡᠬᠡ ᠵᠣᠷᠢᠭ ᠲᠡᠪᠴᠢᠶᠡᠷᠢ ᠲᠡᠢ ᠪᠡᠷ ᠬᠣᠶᠠᠷ ᠨᠠᠷᠠᠨ ᠢ᠋ ᠰᠤᠨᠳᠠᠯᠠᠭᠰᠠᠨ ᠪᠣᠷᠣ ᠬᠣᠨᠣᠭ ᠤ᠋ᠳ ᠢ᠋ ᠲᠤᠭᠤᠯᠵᠤ᠂ ᠦᠳᠡᠰᠢ ᠰᠥᠨᠢ ᠶ᠋ᠢᠨ ᠭᠦᠨ ᠢ᠋ᠶ᠋ᠡᠷ ᠬᠠᠨᠵᠤ ᠳᠦᠭᠦᠷᠡᠩ ᠬᠥᠯᠪᠡᠷᠢᠵᠦ ᠤᠨᠲᠠᠬᠤ ᠨᠢᠯᠬ᠎ᠠ ᠦᠷᠡᠰ ᠢ᠋ᠶ᠋ᠡᠨ ᠥᠨᠳᠡᠢᠵᠦ ᠬᠤᠴᠢᠯᠭ᠎ᠠ ᠶ᠋ᠢ ᠨᠢ ᠵᠠᠰᠠᠵᠤ ᠰᠠᠭᠤᠳᠠᠭ᠃ ᠢᠩᠭᠢᠬᠦ ᠪᠦᠷᠢ《ᠬᠥᠮᠦᠨ ᠦ᠌ ᠥᠭᠡᠳᠡᠰᠦ ᠰᠢᠭ ᠨᠢᠯᠬ᠎ᠠ ᠪᠠᠯᠴᠢᠷ ᠬᠡᠦᠬᠡᠳ ᠦ᠋ᠳ ᠮᠢᠨᠢ ᠬᠡᠵᠢᠶ᠎ᠡ ᠴᠦ᠍ ᠥᠰᠴᠦ ᠲᠣᠮᠣ ᠪᠣᠯᠬᠤ ᠪᠣᠯ? ᠦᠵᠦᠭᠦᠷ ᠲᠡᠭᠦᠰᠬᠡᠯ ᠦᠭᠡᠢ ᠬᠠᠲᠠᠭᠤᠬᠠᠨ ᠠᠮᠢᠳᠤᠷᠠᠯ ᠮᠢᠨᠢ ᠶᠠᠭᠠᠬᠢᠵᠤ ᠴᠤ᠌ ᠥᠩᠭᠡᠷᠡᠵᠦ ᠥᠭᠡᠷᠡᠴᠢᠯᠡᠭᠳᠡᠬᠦ ᠪᠢᠯᠡ?》 ᠭᠡᠮᠡᠨ ᠪᠣᠳᠣᠯᠭᠠᠰᠢᠷᠠᠯ ᠳ᠋ᠤ᠌ ᠠᠪᠲᠠᠨ ᠠᠭᠤᠰᠬᠢ ᠵᠢᠷᠦᠬᠡ ᠮᠢᠨᠢ ᠤᠷᠠᠭᠳᠠᠵᠤ ᠲᠠᠰᠤᠷᠠᠬᠤ ᠰᠢᠭ᠋ ᠥᠮᠥᠷᠡᠳᠡᠭ ᠴᠦ᠍ ᠨᠢᠯᠪᠤᠰᠤ ᠮᠢᠨᠢ ᠬᠠᠷᠢᠨ ᠬᠠᠲᠠᠴᠢᠬᠠᠭᠰᠠᠨ ᠯᠠ ᠳᠠ᠃ ᠦᠷ ᠦ᠋ᠨ ᠭᠡᠭᠡ ᠡᠴᠡ ᠦᠳᠡᠰᠢ ᠰᠥᠨᠢ ᠶ᠋ᠢ ᠬᠠᠭᠠᠰᠯᠠᠲᠠᠯ᠎ᠠ ᠤᠬᠢᠶᠠᠵᠤ ᠴᠡᠪᠡᠷᠯᠡᠨ᠎ᠡ᠂ ᠣᠶᠣᠵᠤ ᠨᠥᠬᠥᠨ᠎ᠡ᠂ ᠨᠡᠬᠡᠵᠦ ᠰᠦᠯᠵᠢᠨ᠎ᠡ᠂ ᠨᠣᠮ ᠤᠩᠰᠢᠨ᠎ᠠ᠃ ᠡᠳᠦᠷ ᠦ᠋ᠨ ᠬᠢᠴᠢᠶᠡᠯ ᠢ᠋ᠶ᠋ᠡᠨ ᠪᠡᠯᠡᠳᠬᠡᠵᠦ ᠂ ᠤᠷᠠᠨ ᠵᠣᠬᠢᠶᠠᠯ ᠢ᠋ᠶ᠋ᠠᠨ ᠴᠤ᠌ ᠪᠢᠴᠢᠨ᠎ᠡ᠂ ᠵᠣᠭᠰᠣᠭ᠎ᠠ ᠵᠢᠯᠣᠭᠣ ᠦᠭᠡᠢ ᠠᠵᠢᠯᠯᠠᠬᠤ ᠪᠠᠷ ᠥᠨᠥᠴᠢᠷᠡᠯ ᠭᠠᠭᠴᠠᠭᠠᠷᠳᠠᠯ ᠭᠤᠨᠢᠭ ᠤᠢᠳᠬᠠᠷ ᠊ ᠢ᠋ ᠮᠠᠷᠲᠠᠭᠳᠠᠭᠤᠯᠳᠠᠭ ᠰᠠᠨ᠃ ᠣᠯᠠᠨ ᠵᠢᠯ ᠥᠩᠭᠡᠷᠡᠭᠡᠵᠦ᠂ ᠥᠪᠡᠷ ᠢ᠋ᠶ᠋ᠡᠨ ᠪᠦᠬᠦ ᠶᠠᠭᠤᠮᠠᠨ ᠳ᠋ᠤ᠌ ᠳᠠᠳᠴᠤ ᠨᠢᠭᠡ ᠮᠡᠳᠡᠬᠦᠯ᠎ᠡ ᠡᠷ᠎ᠡ ᠬᠥᠮᠦᠨ ᠰᠢᠭ ᠳᠣᠷᠪᠢᠯᠢᠭ᠂ ᠡᠮᠡᠭᠡᠯᠲᠦ ᠮᠣᠷᠢ ᠰᠢᠭ᠋ ᠬᠡᠢᠮᠣᠷᠢᠯᠢᠭ᠂ ᠬᠡᠨ ᠳ᠋ᠦ᠍ ᠴᠦ᠍ ᠳᠠᠷᠤᠭᠳᠠᠮ᠎ᠠ ᠦᠭᠡᠢ ᠣᠮᠣᠭᠯᠠᠭᠠᠳ᠂ ᠠᠵᠢᠯ ᠦᠢᠯᠡᠰ ᠢ᠋ᠶ᠋ᠡᠨ ᠴᠦ᠍᠂ ᠠᠢᠯ ᠭᠡᠷ ᠢ᠋ᠶ᠋ᠡᠨ ᠴᠦ᠍᠂ ᠠᠴᠢᠷ ᠦᠷ᠎ᠡ ᠪᠡᠨ ᠴᠦ᠍ ᠠᠳᠠᠯᠢ ᠲᠡᠭᠰᠢ ᠠᠪᠤᠭᠠᠳ ᠭᠠᠷᠴᠢᠬᠠᠭᠰᠠᠨ ᠪᠠᠢᠬᠤ ᠶᠤᠮ ᠪᠢᠯᠡ᠃ ᠰᠠᠢᠨ ᠮᠠᠭᠤ ᠲᠠᠢ ᠪᠠᠨ ᠬᠣᠯᠢᠯᠳᠤᠭᠰᠠᠨ ᠬᠣᠷᠸ᠎ᠠ ᠬᠣᠢᠨ᠎ᠠ ᠳᠠ᠃ ᠳᠣᠷᠣᠢᠲᠠᠭᠰᠠᠨ ᠳᠡᠭᠡᠷ᠎ᠡ ᠨᠢ ᠳᠠᠷᠤᠵᠤ᠂ ᠬᠠᠵᠠᠢᠭᠰᠠᠨ ᠳᠡᠭᠡᠷ᠎ᠡ ᠨᠢ ᠨᠢᠳᠤᠷᠬᠤ ᠶ᠋ᠢ ᠬᠦᠰᠡᠳᠡᠭ ᠬᠦᠢᠲᠡᠨ ᠳᠣᠲᠣᠷ᠎ᠠ ᠲᠠᠢ ᠬᠥᠮᠦᠰ ᠊ ᠢ᠋ ᠪᠦᠷ ᠴᠦ᠍ ᠠᠲᠠᠭ᠎ᠠ ᠬᠣᠷᠣᠰᠤᠯ ᠤ᠋ᠨ ᠬᠢᠨᠢ ᠭᠠᠯ ᠊ ᠢ᠋ ᠳᠦᠷᠡᠯᠵᠡᠭᠦᠯᠵᠦ ᠶᠠᠪᠤᠭᠰᠠᠨ ᠴᠤ᠌ ᠭᠡᠯ᠎ᠡ᠃ ᠪᠠᠭ᠎ᠠ ᠴᠤ᠌ ᠭᠡᠰᠡᠨ ᠲᠤᠰᠠ ᠳᠡᠮᠵᠢᠯᠭᠡ ᠪᠣᠯᠬᠤ ᠰᠠᠨ ᠭᠡᠵᠦ᠂ ᠬᠡᠯᠡᠭᠰᠡᠨ ᠊ ᠢ᠋ ᠮᠢᠨᠢ ᠢᠲᠡᠭᠡᠵᠦ᠂ ᠬᠢᠭᠰᠡᠨ ᠢ᠋ ᠮᠢᠨᠢ ᠦᠨᠡᠯᠡᠵᠦ᠂ ᠣᠩᠭᠣᠳ ᠊ ᠢ᠋ ᠮᠢᠨᠢ ᠬᠤᠷᠴᠠᠯᠠᠳᠠᠭ ᠪᠢᠴᠢᠭᠲᠡᠨ ᠮᠡᠷᠭᠡᠳ᠂ ᠣᠶᠤᠨ ᠊ ᠢ᠋ ᠮᠢᠨᠢ ᠲᠡᠳᠬᠦᠵᠦ ᠤᠷᠮ᠎ᠠ ᠬᠠᠢᠷᠠᠯᠠᠵᠤ ᠪᠠᠶᠠᠰᠬᠠᠳᠠᠭ ᠣᠯᠠᠨ ᠰᠠᠢᠬᠠᠨ ᠬᠥᠮᠦᠰ ᠦ᠋ᠨ ᠢ᠋ᠶ᠋ᠡᠨ ᠳᠤᠮᠳᠠ ᠬᠦᠨᠳᠦᠯᠡᠯ ᠬᠦᠷᠢᠶᠡᠯᠡᠯ ᠊ ᠢ᠋ ᠨᠢ ᠬᠦᠷᠲᠡᠵᠦ ᠬᠡᠳᠦᠨ ᠠᠷᠪᠠᠨ ᠵᠢᠯ ᠊ ᠢ᠋ ᠥᠩᠭᠡᠷᠡᠭᠦᠯᠬᠦ ᠳ᠋ᠡᠭᠡᠨ ᠪᠢ ᠪᠡᠶ᠎ᠡ ᠶᠠᠳᠠᠭᠤ ᠴᠤ᠌ ᠪᠢᠯᠢᠭ ᠪᠠᠶᠠᠨ ᠶᠠᠪᠤᠭᠰᠠᠨ ᠶᠤᠮ ᠠ᠋᠃ 
       ᠬᠠᠨᠢ ᠶ᠋ᠢᠨ ᠮᠢᠨᠢ ᠦᠯᠡᠳᠡᠭᠡᠭᠰᠡᠨ ᠥᠨᠢᠷ ᠥᠪ ᠳᠥᠷᠪᠡᠨ ᠰᠠᠢᠬᠠᠨ ᠦᠷ᠎ᠡ ᠪᠡᠨ ᠡᠪᠦᠷ ᠡᠴᠡ ᠪᠡᠨ ᠬᠣᠯᠠᠳᠤᠭᠤᠯᠤᠯ ᠦᠭᠡᠢ ᠡᠩᠬᠡ ᠮᠡᠨᠳᠦ ᠥᠰᠬᠡᠵᠦ᠂ ᠥᠪᠡᠷ ᠥᠪᠡᠷ ᠦ᠋ᠨ ᠬᠢᠨᠢ ᠦᠢᠯᠡᠰ ᠠᠮᠢᠳᠤᠷᠠᠯ ᠲᠠᠢ ᠪᠣᠯᠭᠠᠵᠤ᠂ ᠦᠷ᠎ᠡ ᠶ᠋ᠢᠨ ᠢ᠋ᠶ᠋ᠡᠨ ᠦᠷ᠎ᠡ ᠶ᠋ᠢ ᠴᠦ᠍ ᠲᠡᠪᠡᠷᠢᠵᠦ ᠥᠪᠡᠷ ᠢ᠋ᠶ᠋ᠡᠨ ᠪᠢ ᠴᠦ᠍ ᠲᠠᠪᠢ ᠶ᠋ᠢᠨ ᠳᠠᠪᠠᠭ᠎ᠠ ᠶ᠋ᠢ ᠳᠠᠪᠠᠴᠢᠬᠠᠭᠰᠠᠨ ᠯᠠᠭᠱᠠᠨ ᠰᠢᠷ᠎ᠠ ᠠᠪᠠᠭᠠᠢ ᠪᠣᠯᠴᠢᠬᠠᠭᠠᠳ ᠵᠢᠷᠭᠠᠵᠤ ᠶᠠᠪᠤᠭ᠎ᠠ ᠳᠠ᠃ 
       ᠪᠡᠶ᠎ᠡ ᠥᠲᠡᠯᠬᠦ ᠡᠴᠡ ᠪᠢᠰᠢ ᠪᠢᠯᠢᠭ ᠬᠡᠵᠢᠶ᠎ᠡ ᠴᠦ᠍ ᠥᠲᠡᠯᠳᠡᠭ ᠦᠭᠡᠢ ᠭᠡᠳᠡᠭ᠃ ᠥᠪᠡᠷ ᠲᠦ᠍ ᠮᠢᠨᠢ ᠴᠠᠭ ᠵᠠᠢ ᠪᠠᠢᠭ᠎ᠠ ᠯᠠ ᠬᠣᠢᠨ᠎ᠠ ᠳᠠ᠃ ᠨᠣᠮ ᠤ᠋ᠨ ᠪᠤᠶᠠᠨ ᠢ᠋ᠶ᠋ᠠᠷ ᠪᠢᠯᠢᠭ ᠤᠬᠠᠭᠠᠨ ᠢ᠋ᠶ᠋ᠠᠨ ᠬᠤᠷᠴᠠᠯᠠᠵᠤ ᠪᠢᠷ ᠴᠠᠭᠠᠰᠤ ᠲᠠᠢ ᠪᠠᠨ ᠤᠷᠤᠯᠳᠤᠵᠤ ᠯᠠ ᠰᠠᠭᠤᠶ᠎ᠠ᠃ 
       ᠭᠤᠴᠢᠨ ᠬᠣᠶᠠᠷ ᠨᠠᠰᠤ ᠴᠢᠮ᠎ᠠ ᠶ᠋ᠢ ᠪᠡᠨ ᠮᠥᠩᠬᠡᠯᠡᠵᠦ ᠠᠷᠭᠠᠮᠵᠢᠶ᠎ᠠ᠃ ᠠᠮᠢᠳᠤᠷᠠᠯ ᠳ᠋ᠤ᠌ ᠮᠢᠨᠢ ᠲᠠᠩᠳᠠ ᠪᠠᠨ ᠲᠡᠪᠴᠢᠶᠡᠷᠢ ᠬᠠᠲᠠᠭᠤᠵᠢᠯ ᠤ᠋ᠨ ᠰᠢᠯᠭᠠᠭᠤᠷ ᠪᠣᠯᠬᠤ ᠪᠣᠯᠲᠤᠭᠠᠢ! 

             2014 ᠣᠨ ᠳ᠋ᠤ᠌《ᠥᠪᠥᠷ ᠮᠣᠩᠭᠣᠯ ᠤ᠋ᠨ ᠵᠠᠯᠠᠭᠤᠴᠤᠳ》 ᠰᠡᠳᠬᠦᠯ ᠦ᠋ᠨ 《Ⅹ Ⅹ ᠨᠠᠰᠤᠨ ᠳ᠋ᠠᠭᠠᠨ ᠪᠢᠴᠢᠭᠰᠡᠨ ᠵᠠᠬᠢᠳᠠᠯ》 ᠱᠠᠩᠨᠠᠯᠲᠤ ᠤᠷᠤᠯᠳᠤᠭᠠᠨ ᠤ᠋ ᠭᠤᠷᠪᠠᠳᠤᠭᠠᠷ ᠳᠡᠰ ᠦ᠋ᠨ ᠱᠠᠩᠨᠠᠯ ᠬᠦᠷᠲᠡᠪᠡ᠃