ᠮᠥᠩᠬᠡ ᠲᠤᠩᠬᠤ 5-04Мөнх ТунхMunkh Tunkh
ᠮᠥᠩᠬᠡ ᠲᠤᠩᠬᠤ ᠲᠠᠪᠤᠳᠤᠭᠠᠷ ᠤᠯᠠᠷᠢᠯ ᠳᠥᠷᠪᠡᠳᠦᠭᠡᠷ ᠠᠩᠭᠢ
ᠮᠣᠩᠭᠣᠯ ᠠᠷᠠᠳ ᠤ᠋ᠨ ᠦᠯᠢᠭᠡᠷ᠄ ᠪᠣᠭᠳᠠ ᠮᠡᠷᠭᠡᠨ( ᠭᠤᠷᠪᠠ ᠶ᠋ᠢᠨ ᠦᠷᠭᠦᠯᠵᠢᠯᠡᠯ)
ᠮᠥᠩᠬᠡ᠄ ᠣᠯᠠᠨ ᠲᠦᠮᠡᠨ ᠦ᠌ ᠮᠥᠩᠭᠥᠲᠡᠢ ᠮᠡᠷᠭᠡᠨ ᠭᠡᠮᠡᠨ ᠠᠯᠳᠠᠷᠰᠢᠭᠰᠠᠨ᠂ ᠡᠷᠡᠯᠬᠡᠭ ᠪᠠᠭᠠᠲᠤᠷ᠂ ᠠᠯᠪᠠᠲᠤ ᠢᠷᠭᠡᠳ ᠢ᠋ᠶ᠋ᠡᠨ ᠬᠠᠮᠠᠭᠠᠯᠠᠨ ᠲᠡᠮᠡᠴᠡᠬᠦ ᠳ᠋ᠦ᠍ ᠪᠡᠯᠡᠨ ᠪᠣᠯᠤᠭᠰᠠᠨ ᠪᠠᠢᠯ᠎ᠠ᠃
ᠲᠤᠩᠬᠤ᠄ ᠴᠢ ᠲᠤᠯᠤᠯᠳᠤᠭᠠᠳ᠂ ᠪᠢ ᠡᠮᠴᠢᠯᠡᠭᠡᠳ ᠯᠡ᠁ ᠬᠢ ᠬᠢ
ᠪᠠᠰᠠᠷ᠄ ᠶᠠᠭᠤ ᠬᠥᠮᠦᠨ ᠪᠣᠢ ᠶᠠᠭᠠᠬᠢᠭᠠᠳ ᠪᠢᠳᠡ ᠨᠠᠷ ᠢ᠋ ᠳᠠᠭᠠᠭᠠᠳ ᠪᠠᠢᠨ᠎ᠠ?
ᠵᠠᠯᠠᠭᠤ᠄ ᠠ ᠬᠠᠷᠢᠨ ᠪᠢ᠁ ᠠ
ᠴᠠᠰᠤᠬᠠᠨ᠄ ᠲᠠ ᠲᠠ ᠲᠠᠢᠪᠤᠩ ᠪᠠᠢᠭᠠᠷᠠᠢ᠃
ᠵᠠᠯᠠᠭᠤ᠄ ᠥ᠂ ᠵᠠ ᠵᠠ ᠶᠠᠷᠢᠳᠠᠭ ᠮᠤᠤᠷ᠁
ᠪᠣᠭᠳᠠ ᠮᠡᠷᠭᠡᠨ᠄ ᠶᠠᠷᠢᠳᠠᠭ ᠨᠣᠬᠠᠢ ᠪᠠᠰᠠ ᠮᠤᠤᠷ᠂ ᠬᠣᠶᠠᠷ ᠬᠡᠦᠬᠡᠳ ᠪᠠᠰᠠ ᠨᠢᠰᠳᠡᠭ ᠪᠥᠮᠪᠥᠭᠡ
ᠲᠤᠩᠬᠤ᠄ ᠦᠭᠡᠢ᠁ ᠶᠠᠭᠠᠬᠢᠨ᠎ᠠ?
ᠪᠦᠭᠦᠳᠡᠭᠡᠷ᠄ ᠠ᠁
ᠲᠤᠩᠬᠤ᠄ ᠬᠥᠶᠢ! ᠰᠡᠷᠡᠭᠡᠷᠡᠢ ᠮᠠᠨ ᠤ᠋ ᠬᠢ ᠠ᠋᠃
ᠪᠠᠰᠠᠷ᠄ ᠪᠢᠳᠡ ᠨᠠᠷ ᠬᠠᠮᠢᠭ᠎ᠠ ᠪᠠᠢᠨ᠎ᠠ?
ᠴᠠᠰᠤᠬᠠᠨ᠄ ᠵᠦᠭᠡᠷ ᠤᠤ ᠮᠠᠨ ᠤ᠋ ᠬᠢ ᠠ᠋᠂ ᠭᠡᠮᠲᠦᠭᠡ ᠦᠭᠡᠢ ᠪᠢᠵᠡ ᠳᠡ᠃
ᠮᠥᠩᠬᠡ᠄ ᠶᠣᠣ᠁ ᠶᠧ ᠳᠣᠷᠣᠷᠠᠨ ᠠ᠋ ᠵᠦᠭᠡᠷ ᠤᠤ ᠳᠣᠷᠣᠷᠠᠨ? ᠳᠣᠷᠣᠷᠠᠨ᠂ ᠴᠠᠰᠤᠬᠠᠨ ᠬᠠᠮᠢᠭ᠎ᠠ ᠨᠢ ᠭᠡᠮᠲᠦᠯ ᠡᠭᠦᠰᠦᠭᠰᠡᠨ ᠪᠠᠢᠨ᠎ᠠ᠂ ᠰᠢᠯᠭᠠᠭᠠᠷᠠᠢ!
ᠴᠠᠰᠤᠬᠠᠨ ᠄ ᠬᠦᠴᠦᠲᠡᠢ ᠰᠢᠭᠤᠷᠭᠠᠨ ᠠ᠋ᠴᠠ ᠪᠣᠯᠤᠭᠠᠳ ᠰᠢᠰᠲ᠋ᠧᠮ ᠨᠢ ᠭᠡᠮᠲᠦᠴᠢᠬᠡᠭᠰᠡᠨ ᠶᠦᠮ ᠰᠢᠭ ᠪᠠᠢᠨ᠎ᠠ ᠂ ᠶᠠᠭᠤ ᠴᠤ᠌ ᠭᠡᠰᠡᠨ ᠪᠢ ᠳᠠᠬᠢᠭᠠᠳ ᠠᠴᠢᠶᠠᠯᠠᠭᠤᠯᠬᠤ ᠭᠡᠳ ᠦᠵᠡᠶ᠎ᠡ᠃ᠵᠠ᠂ ᠶᠠᠭᠤ ᠴᠤ᠌ ᠭᠡᠰᠡᠨ ᠰᠢᠰᠲ᠋ᠧᠮ ᠢ᠋ ᠨᠢ ᠳᠠᠬᠢᠭᠠᠳ ᠠᠴᠢᠶᠠᠯᠠᠭᠤᠯᠴᠢᠬᠠᠯᠠ
ᠲᠣᠷᠤᠨ᠄ ᠰᠦᠨ ᠦ᠌ ᠦᠨᠦᠷ ᠰᠢᠩᠭᠡᠭᠰᠡᠨ᠁
ᠮᠥᠩᠬᠡ ᠄ ᠸᠠ ᠂ ᠠᠰᠢᠭᠦᠢ ᠳᠡ᠂ ᠠᠵᠢᠯᠯᠠᠵᠤ ᠪᠠᠢᠨ᠎ᠠ ᠰᠢᠳᠡ᠂ ᠶᠣᠬᠣ ᠠᠵᠢᠯᠯᠠᠬᠤ ᠪᠠᠨ ᠪᠣᠯᠢᠴᠢᠬᠠᠯ᠎ᠠ ᠭᠡᠵᠦ ᠪᠦᠷ ᠶᠠᠮᠠᠷ ᠶᠡᠬᠡ ᠠᠶᠤᠪᠠ ᠃
ᠪᠠᠰᠠᠷ ᠄ ᠶᠣᠬᠣ ᠂ᠪᠦᠷ ᠵᠢᠷᠦᠬᠡ ᠰᠠᠪᠠᠯᠠᠭᠤᠯᠤᠭᠠᠳ ᠬᠠᠶᠠᠴᠢᠬᠠᠬᠤ ᠶᠤᠮ ᠠ᠋ ᠳᠤᠷᠤᠷᠠᠨ ᠠ᠋ ᠃
ᠲᠣᠷᠤᠨ ᠄ ᠵᠠ ᠂ ᠰᠠᠢᠨ ᠪᠠᠢᠵᠠᠭᠠᠨ᠎ᠠ ᠤᠤ ? ᠪᠢ ᠲᠣᠷᠤᠨ ᠪᠠᠢᠨ᠎ᠠ᠃
ᠪᠠᠰᠠᠷ ᠄ ᠥᠩ
ᠮᠥᠩᠬᠡ ᠄ ᠳᠤᠷᠤᠷᠠᠨ ᠂ᠴᠢ ᠨᠠᠮ᠎ᠠ ᠶ᠋ᠢ ᠲᠠᠨᠢᠵᠤ ᠪᠠᠢᠨ᠎ᠠ ᠤᠤ? ᠪᠢ ᠮᠥᠩᠬᠡ ᠪᠠᠢᠨ᠎ᠠ ᠰᠢᠦ ᠳᠡ ᠂᠂ᠴᠢᠮ᠎ᠠ ᠶ᠋ᠢ ᠵᠣᠬᠢᠶᠠᠨ ᠪᠦᠲᠦᠭᠡᠳᠡᠭ ᠃
ᠲᠣᠷᠤᠨ᠄ ᠳᠤᠷᠤᠷᠠᠨ᠂ ᠳᠤᠷᠤᠷᠠᠨ ᠭᠡᠵᠦ ᠶᠠᠭᠤ ᠪᠣᠢ
ᠮᠦᠩᠬᠠ ᠄ ᠡᠩ ᠴᠠᠰᠤᠬᠠᠨ ᠠ᠋ ᠳᠤᠷᠤᠷᠠᠨ ᠶᠠᠭᠠᠬᠢᠭᠠᠳ ᠪᠠᠢᠨ᠎ᠠ ᠃
ᠴᠠᠰᠤᠬᠠᠨ ᠄ ᠰᠠᠶᠢ ᠶ᠋ᠢᠨ ᠰᠢᠭᠤᠷᠭᠠᠨ ᠠ᠋ᠴᠠ ᠪᠣᠯᠤᠭᠠᠳ ᠂ ᠰᠠᠨᠠᠬᠤ ᠣᠢ ᠨᠢ ᠭᠡᠮᠲᠦᠴᠢᠬᠡᠭᠰᠡᠨ ᠶᠦᠮ ᠰᠢᠭ ᠪᠠᠢᠨ᠎ᠠ᠃ᠲᠡᠭᠡᠭᠡᠳ ᠪᠣᠯᠤᠭᠰᠠᠨ ᠦᠢᠯᠡ ᠶᠠᠪᠤᠳᠠᠯ ᠤ᠋ᠳ ᠢ᠋ᠶ᠋ᠠᠨ ᠰᠠᠨᠠᠬᠤ ᠦᠭᠡᠢ ᠪᠠᠢᠭ᠎ᠠ ᠶᠤᠮ ᠪᠠᠢᠬᠤ ᠳᠠ
ᠮᠥᠩᠬᠡ᠄ ᠥ᠂ ᠦᠭᠡᠢ ᠳᠣᠷᠣᠷᠠᠨ ᠨᠠᠢᠵᠠ ᠮᠢᠨᠢ! ᠬᠠᠮᠲᠤ ᠠᠶᠠᠯᠠᠭᠰᠠᠨ ᠠᠳᠠᠯ ᠶᠠᠪᠤᠳᠠᠯ ᠤ᠋ᠳ ᠢ᠋ᠶ᠋ᠠᠨ ᠰᠠᠨᠠᠬᠤ ᠦᠭᠡᠢ ᠪᠠᠢᠨ᠎ᠠ ᠭᠡᠵᠡᠢ ᠤᠤ?
ᠲᠣᠷᠤᠨ᠄ ᠨᠠᠢᠵᠠ ᠂ᠨᠠᠢᠵᠠ ᠭᠡᠵᠦ ᠶᠠᠭᠤ ᠪᠣᠢ?
ᠮᠥᠩᠬᠡ᠄ ᠪᠢᠳᠡ ᠰᠠᠢᠨ ᠨᠠᠢᠵᠠ ᠨᠤᠭᠤᠳ ᠰᠢᠦ ᠳᠡ᠂ ᠴᠢ ᠦᠨᠡᠬᠡᠷ ᠰᠠᠨᠠᠬᠤ ᠦᠭᠡᠢ ᠪᠠᠢᠨ᠎ᠠ ᠭᠡᠵᠡᠢ ᠤᠤ? ᠪᠢᠳᠡ ᠰᠡᠭᠦᠯᠴᠢ ᠶ᠋ᠢᠨ ᠡᠰᠡᠷᠭᠦᠴᠡᠭᠴᠢᠳ ᠰᠢᠦ ᠳᠡ᠃
ᠲᠣᠷᠤᠨ᠄ ᠰᠡᠭᠦᠯᠴᠢ ᠶ᠋ᠢᠨ ᠡᠰᠡᠷᠭᠦᠴᠡᠭᠴᠢᠳ ?
ᠮᠥᠩᠬᠡ᠄ᠠ ᠂ ᠳᠣᠷᠣᠷᠠᠨ ᠴᠢ ᠰᠠᠶᠢ ᠶᠠᠭᠤ ᠭᠡᠰᠡᠨ ᠪᠣᠢ?
ᠲᠣᠷᠤᠨ᠄ ᠰᠡᠭᠦᠯᠴᠢ ᠶ᠋ᠢᠨ ᠡᠰᠡᠷᠭᠦᠴᠡᠭᠴᠢᠳ ᠂ ᠡᠴᠦᠰ ᠢ᠋ᠶ᠋ᠡᠨ ᠬᠦᠷᠲᠡᠯ᠎ᠡ ᠲᠡᠮᠡᠴᠡᠭᠰᠡᠭᠡᠷ ᠪᠠᠢᠯ᠎ᠠ᠃ ᠲᠣᠷᠤᠨ ᠂ ᠳᠣᠷᠣᠷᠠᠨ᠂ ᠳ᠋ᠤ᠌᠁ ᠳᠣᠷᠣ᠁ ᠳᠣᠷᠣᠷᠠᠨ᠁
ᠲᠤᠩᠬᠤ᠄ ᠰᠠᠨᠠᠬᠤ ᠭᠡᠳ ᠪᠠᠢᠬᠤ ᠰᠢᠭ᠋ ᠪᠠᠢᠨ᠎ᠠ ᠳᠣᠷᠣᠷᠠᠨ?
ᠪᠠᠰᠠᠷ᠄ ᠠ ᠬᠠ᠂ ᠠ ᠬᠠ ᠰᠡᠭᠦᠯᠴᠢ ᠶ᠋ᠢᠨ ᠡᠰᠡᠷᠭᠦᠴᠡᠭᠴᠢᠳ᠂ ᠰᠡᠭᠦᠯᠴᠢ ᠶ᠋ᠢᠨ ᠡᠰᠡᠷᠭᠦᠴᠡᠭᠴᠢᠳ᠁
ᠲᠣᠷᠤᠨ᠄ ᠳᠣᠷᠣ᠁ ᠳᠣᠷᠣ᠁ ᠳᠣᠷᠣᠷᠠᠨ᠁ ᠬᠥᠶᠢ᠂ ᠲᠠ ᠨᠠᠷ ᠮᠠᠨᠢ ᠶᠠᠭᠠᠬᠢᠭᠠᠳ ᠪᠦᠭᠦᠳᠡᠭᠡᠷ ᠢ᠋ᠶ᠋ᠡᠨ ᠨᠠᠳᠠ ᠤᠷᠤᠭᠤ ᠢᠩᠭᠢᠵᠦ ᠬᠠᠷᠠᠵᠠᠭᠠᠭᠰᠠᠨ ᠵᠣᠭᠰᠣᠵᠤ ᠪᠠᠢᠭ᠎ᠠ ᠶᠤᠮ᠃
ᠮᠥᠩᠬᠡ᠄ ᠦ᠂ ᠳᠣᠷᠣᠷᠠᠨ ᠴᠢ ᠡᠷᠭᠢᠭᠡᠳ ᠢᠷᠡᠯ᠎ᠡ᠂ ᠴᠢ ᠮᠥᠨ ᠤᠤ?
ᠲᠣᠷᠤᠨ᠄ ᠬᠢ ᠬᠢ᠂ ᠪᠢ ᠬᠠᠮᠢᠭᠠᠰᠢ ᠪᠠᠨ ᠶᠠᠪᠤᠭᠰᠠᠨ ᠶᠤᠮ ᠪᠣᠢ?
ᠮᠥᠩᠬᠡ᠄ ᠰᠠᠶᠢ ᠪᠦᠷ ᠭᠡᠮᠲᠦᠭᠡᠳ ᠪᠢᠳᠡ ᠨᠠᠷ ᠢ᠋ ᠰᠠᠨᠠᠬᠤ ᠦᠭᠡᠢ ᠪᠠᠢᠯ᠎ᠠ᠃
ᠲᠣᠷᠤᠨ᠄ ᠬᠢ ᠬᠢ᠂ ᠲᠠ ᠨᠠᠷ ᠢ᠋ ᠪᠡᠨ ᠶᠠᠭᠤ ᠭᠡᠵᠦ ᠮᠠᠷᠲᠠᠬᠤᠪ ᠳᠠ᠂ ᠬᠠᠮᠤᠭ ᠤᠨ ᠰᠠᠢᠨ ᠨᠠᠢᠵᠠ ᠨᠤᠭᠤᠳ ᠮᠢᠨᠢ ᠰᠢᠦ ᠳᠡ᠃
ᠲᠤᠩᠬᠤ᠄ ᠬᠢ ᠬᠢ᠂ ᠲᠡᠢᠮᠦ ᠠ᠋᠂ ᠶᠠᠮᠠᠷ ᠭᠣᠶᠣ ᠪᠣᠢ?
ᠮᠥᠩᠬᠡ᠄ ᠵᠠ ᠪᠢᠳᠡ ᠪᠦᠭᠦᠳᠡ ᠪᠤᠯᠲᠤ ᠪᠠᠷ ᠢ᠋ᠶ᠋ᠠᠨ ᠰᠢᠭ᠋ ᠨᠢᠭᠡᠳᠦᠯ᠎ᠡ ᠳᠡ᠃
ᠪᠠᠰᠠᠷ᠄ ᠪᠢ ᠬᠥᠯ ᠨᠢ ᠪᠣᠯᠤᠶ᠎ᠠ᠂ ᠦ ᠂ ᠬᠢ ᠬᠢ
ᠪᠦᠭᠦᠳᠡᠭᠡᠷ ᠢᠨᠢᠶᠡᠨ᠎ᠡ᠃
ᠪᠠᠰᠠᠷ᠄ ᠥᠩ ᠂ ᠢᠩᠭᠢᠬᠦ ᠳ᠋ᠦ᠍ ᠪᠣᠭᠳᠠ ᠮᠡᠷᠭᠡᠨ ᠠᠬ᠎ᠠ ᠬᠠᠮᠢᠭ᠎ᠠ ᠣᠴᠢᠭᠰᠠᠨ ᠪᠣᠯ?
ᠴᠠᠰᠤᠬᠠᠨ᠄ ᠨᠡᠭᠡᠷᠡᠨ ᠲᠡᠢᠮᠦ ᠬᠠᠮᠢᠭ᠎ᠠ ᠣᠴᠢᠴᠢᠬᠠᠭᠰᠠᠨ ᠶᠤᠮ ᠪᠣᠯ ᠠ᠋
ᠪᠠᠰᠠᠷ᠄ ᠪᠣᠭᠳᠠ ᠮᠡᠷᠭᠡᠨ ᠠᠬ᠎ᠠ ᠠ᠋
ᠮᠥᠩᠬᠡ᠄ ᠪᠠᠭᠠᠲᠤᠷ ᠠᠬ᠎ᠠ ᠠ᠋
ᠲᠤᠩᠬᠤ᠄ ᠤᠭ ᠨᠢ ᠰᠢᠭᠤᠷᠭᠠᠨ ᠢ᠋ᠶ᠋ᠠᠷ ᠨᠠᠭᠠᠰᠢ ᠪᠠᠨ ᠬᠠᠮᠲᠤ ᠣᠷᠣᠵᠤ ᠢᠷᠡᠭᠰᠡᠨ ᠶᠦᠮ ᠰᠠᠨ᠃ ᠲᠦᠷᠦᠭᠦᠯᠡᠭᠡᠳ ᠶᠠᠪᠤᠴᠢᠬᠠᠭᠰᠠᠨ ᠶᠤᠮ ᠪᠠᠢᠬᠤ ᠳᠠ᠃
ᠮᠥᠩᠬᠡ᠄ ᠬᠡᠳᠦᠭᠦᠯᠡ ᠪᠡᠨ ᠶᠠᠪᠤᠵᠤ ᠬᠠᠢᠵᠠᠭᠠᠶᠠ᠃
ᠴᠠᠰᠤᠬᠠᠨ᠄ ᠲᠡᠨᠳᠡ ᠵᠠᠮ ᠪᠠᠢᠨ᠎ᠠ᠂ ᠲᠠᠢᠰᠢ ᠪᠠᠨ ᠶᠠᠪᠤᠵᠠᠭᠠᠶ᠎ᠠ᠃
ᠮᠥᠩᠬᠡ᠄ ᠭᠦᠦᠭ ᠂ ᠶᠠᠮᠠᠷ ᠤᠷᠲᠤ ᠬᠠᠳᠠ ᠪᠣᠢ᠃
ᠴᠠᠰᠤᠬᠠᠨ᠄ ᠬᠢ ᠬᠢ᠂ ᠭᠦᠨ ᠬᠠᠳᠠ ᠪᠣᠢ ᠭᠡᠵᠦ ᠬᠡᠯᠡᠳᠡᠭ ᠶᠦᠮ᠃
ᠮᠥᠩᠬᠡ᠄ ᠦ ᠬᠠ ᠬᠠ ᠂ ᠶᠠᠮᠠᠷ ᠭᠦᠨ ᠬᠠᠳᠠ ᠪᠣᠢ?
ᠪᠠᠰᠠᠷ᠄ ᠭᠦᠨ ᠠᠭᠤᠢ ᠭᠡᠬᠦ ᠳᠡ᠂ ᠬᠢ ᠬᠢ ᠬᠡᠳᠦᠭᠦᠯᠡ ᠪᠡᠨ ᠨᠡᠯᠢᠶᠡᠳ ᠠᠯᠬᠤᠯ᠎ᠠ ᠰᠢᠦ ᠳᠡ᠃ ᠲᠡᠢᠮᠦ
ᠲᠤᠩᠬᠤ᠄ ᠳᠣᠷᠣᠷᠠᠨ ᠠ᠋᠂ ᠤᠷᠲᠤ ᠶᠠᠭᠤᠮ᠎ᠠ ᠬᠠᠷᠠᠭᠳᠠᠨ᠎ᠠ ᠤᠤ?
ᠲᠣᠷᠤᠨ᠄ ᠣᠳᠣ ᠪᠠᠷ ᠬᠠᠷᠠᠭᠳᠠᠭᠰᠠᠨ ᠶᠠᠭᠤᠮ᠎ᠠ ᠪᠠᠢᠬᠤ ᠦᠭᠡᠢ ᠯᠡ ᠪᠠᠢᠨ᠎ᠠ᠂ ᠭᠡᠬᠦ ᠳ᠋ᠦ᠍ ᠪᠡᠨ ᠨᠢᠭᠡ ᠴᠢᠮᠡᠭᠡ ᠰᠣᠨᠣᠰᠤᠭᠳᠠᠭᠠᠳ ᠪᠠᠢᠬᠤ ᠶᠤᠮ᠃
ᠪᠠᠰᠠᠷ᠄ ᠪᠠᠢᠵᠤ ᠪᠠᠢᠭᠠᠭᠠᠷᠠᠢ᠂ ᠨᠡᠭᠡᠷᠡᠨ ᠨᠢᠭᠡ ᠠᠮᠢᠰᠬᠤᠯᠯᠠᠬᠤ ᠴᠢᠮᠡᠭᠡ ᠰᠣᠨᠣᠰᠤᠭᠳᠠᠭᠠᠳ ᠪᠠᠢᠬᠤ ᠶᠤᠮ᠃
ᠮᠥᠩᠬᠡ᠄ ᠠ ᠂ ᠨᠠᠳᠠ ᠶᠠᠭᠤᠮ᠎ᠠ ᠰᠣᠨᠣᠰᠤᠭᠳᠠᠬᠤ ᠦᠭᠡᠢ ᠪᠠᠢᠨ᠎ᠠ᠃
ᠪᠠᠰᠠᠷ᠄ ᠨᠣᠬᠠᠢ ᠴᠢᠨᠢ ᠬᠥᠮᠦᠨ ᠡᠴᠡ ᠢᠯᠡᠭᠦᠦ ᠬᠤᠷᠴᠠ ᠰᠣᠨᠣᠰᠬᠠᠯ ᠲᠠᠢ ᠶᠤᠮ ᠰᠢᠦ ᠳᠡ᠂ ᠮᠥᠩᠬᠡ ᠮᠢᠨᠦ ᠨᠠᠢᠵᠠ ᠪᠠᠷᠤᠭ ᠰᠣᠨᠣᠰᠴᠤ ᠴᠢᠳᠠᠬᠤ ᠦᠭᠡᠢ ᠪᠠᠢᠬᠤ ᠳᠠ!
ᠪᠦᠭᠦᠳᠡᠭᠡᠷ᠄ ᠠ᠁
ᠪᠠᠰᠠᠷ᠄ ᠬᠥᠯ ᠬᠥᠳᠡᠯᠬᠦ ᠦᠭᠡᠢ ᠨᠢ
ᠮᠥᠩᠬᠡ᠄ ᠵᠢᠭᠤᠲᠠᠭᠠᠷᠠᠢ !
ᠪᠠᠰᠠᠷ᠄ ᠠ ᠢᠩᠭᠢᠭᠡᠳ ᠬᠡᠳᠦᠭᠦᠯᠡ ᠪᠡᠨ ᠠᠪᠤᠷᠭᠤ ᠯᠤᠤ ᠶ᠋ᠢᠨ ᠣᠷᠣᠢ ᠶᠢᠨ ᠵᠣᠭᠣᠭ ᠪᠣᠯᠳᠠᠭ ᠶᠤᠮ ᠪᠠᠢᠵᠠᠢ ᠰᠢᠲᠠ᠃
ᠲᠤᠩᠬᠤ᠄ ᠶᠠᠭᠠᠬᠢᠨ᠎ᠠ?
ᠮᠥᠩᠬᠡ᠄ ᠪᠠᠰᠠᠷ ᠠ᠋! ᠪᠢ ᠴᠢᠨᠦ ᠵᠠᠭᠤᠳᠠᠭ ᠲᠣᠭᠯᠠᠭᠠᠮ ᠢ᠋ ᠴᠢᠨᠢ ᠰᠢᠳᠡᠵᠦ ᠲᠣᠭᠯᠠᠵᠤ ᠪᠠᠢᠭᠠᠳ ᠭᠣᠣᠯ ᠳ᠋ᠤ᠌ ᠠᠯᠳᠠᠴᠢᠬᠠᠭᠰᠠᠨ ᠶᠤᠮ ᠰᠢᠦ᠂ ᠠᠯᠠᠭ᠎ᠠ ᠪᠣᠯᠤᠭᠰᠠᠨ ᠨᠢ ᠨᠠᠳᠠ ᠠ᠋ᠴᠠ ᠪᠣᠯᠤᠭᠰᠠᠨ ᠶᠤᠮ᠂ ᠠᠭᠤᠴᠢᠯᠠᠭᠠᠷᠠᠢ!
ᠪᠠᠰᠠᠷ᠄ ᠵᠠ᠂ ᠨᠢᠭᠡᠨᠲᠡ ᠪᠦᠭᠦᠳᠡ ᠶ᠋ᠢ ᠶᠠᠷᠢᠵᠤ ᠡᠬᠢᠯᠡᠵᠦ ᠪᠠᠢᠭ᠎ᠠ ᠪᠣᠯᠬᠣᠷ ᠮᠥᠩᠬᠡ ᠴᠢᠨᠦ ᠲᠦᠷᠦᠭᠦᠦ ᠬᠠᠢᠭᠠᠳ ᠪᠠᠢᠭᠰᠠᠨ ᠲᠣᠯᠢᠨ ᠤ᠋ ᠠᠷᠤ ᠳ᠋ᠤ᠌ ᠪᠠᠢᠭᠰᠠᠨ ᠰᠢᠬᠢᠷ ᠢ᠋ ᠪᠢ ᠢᠳᠡᠴᠢᠬᠡᠭᠰᠡᠨ ᠶᠦᠮ ᠰᠢᠦ ᠂ᠠᠭᠤᠴᠢᠯᠠᠭᠠᠷᠠᠢ!
ᠮᠥᠩᠬᠡ᠄ ᠪᠠᠰᠠᠷ ᠠ᠋᠂ ᠴᠢᠨᠦ ᠢᠳᠡᠭᠦᠷ ᠢ᠋ ᠲᠤᠭᠤᠯ ᠭᠢᠰᠬᠢᠵᠦ ᠡᠪᠳᠡᠯᠡᠭᠡ ᠦᠭᠡᠢ᠂ ᠪᠢ ᠬᠠᠭᠠᠯᠴᠢᠬᠠᠭᠰᠠᠨ ᠶᠤᠮ ᠰᠢᠦ᠂ ᠨᠠᠮ᠎ᠠ ᠶ᠋ᠢ ᠠᠭᠤᠴᠢᠯᠠᠭᠠᠷᠠᠢ᠃
ᠪᠠᠰᠠᠷ᠄ ᠦᠭᠡᠢ ᠴᠢ ᠫᠢᠯᠠ ᠪᠠᠨ ᠭᠠᠳᠠᠭ᠎ᠠ ᠣᠷᠬᠢᠵᠤ ᠪᠣᠷᠣᠭᠠᠨ ᠳ᠋ᠤ᠌ ᠨᠣᠷᠭᠠᠵᠤ ᠡᠪᠳᠡᠯᠡᠭᠡ ᠦᠭᠡᠢ ᠶᠦ᠍ᠮ ᠰᠢᠦ᠂ ᠪᠢ ᠡᠭᠦᠷ ᠲᠦ᠍ ᠪᠡᠨ ᠦᠵᠡᠵᠦ ᠬᠡᠪᠲᠡᠵᠦ ᠪᠠᠢᠭᠠᠳ ᠭᠠᠷᠬᠤ ᠳ᠋ᠤ᠌ ᠪᠠᠨ ᠳᠡᠭᠡᠷ᠎ᠡ ᠨᠢ ᠶᠠᠭᠤᠮ᠎ᠠ ᠠᠰᠬᠠᠵᠤ ᠡᠪᠳᠡᠯᠡᠭᠰᠡᠨ ᠶᠦᠮ ᠰᠢᠦ ᠠᠭᠤᠴᠢᠯᠠᠭᠠᠷᠠᠢ᠃
ᠲᠤᠩᠬᠤ᠄ ᠲᠠ ᠬᠣᠶᠠᠷ ᠶᠠᠭᠤ ᠶᠠᠷᠢᠭᠠᠳ ᠪᠠᠢᠭ᠎ᠠ ᠶᠤᠮ ᠪᠣᠢ?
ᠮᠥᠩᠬᠡ᠄ ᠲᠤᠩᠬᠤ ᠮᠢᠨᠢ ᠠ᠋᠂ ᠢᠳᠡᠭᠦᠯᠬᠦ ᠡᠴᠡ ᠪᠡᠨ ᠡᠮᠦᠨ᠎ᠡ ᠨᠢᠭᠤᠵᠤ ᠪᠠᠢᠭᠰᠠᠨ ᠪᠤᠷᠤᠭᠤ ᠵᠦᠢᠯ ᠦ᠋ᠳ ᠢ᠋ᠶ᠋ᠡᠨ ᠶᠠᠷᠢᠵᠠᠭᠠᠵᠤ ᠪᠠᠢᠨ᠎ᠠ᠃
ᠯᠤᠤ᠄ ᠵᠠ ᠶᠠ ᠂ ᠶᠠᠭᠤᠨ ᠬᠡᠦᠬᠡᠳ ᠦ᠋ᠳ ᠪᠢᠯᠡ?
ᠮᠥᠩᠬᠡ᠄ ᠠ ᠵᠠ ᠵᠠ ᠨᠠᠮ᠎ᠠ ᠶ᠋ᠢ ᠢᠳᠡᠪᠡᠯ ᠢᠳᠡ᠂ ᠮᠢᠨᠦ ᠨᠠᠢᠵᠠ ᠨᠤᠭᠤᠳ ᠢ᠋ ᠶᠠᠪᠤᠭᠤᠯᠴᠢᠬ᠎ᠠ᠃
ᠲᠣᠷᠤᠨ᠄ ᠦᠭᠡᠢ ᠨᠠᠮ᠎ᠠ ᠶ᠋ᠢ ᠢᠳᠡ᠃
ᠲᠤᠩᠬᠤ᠄ ᠦᠭᠡᠢ᠂ ᠡᠳᠡᠨ ᠢ᠋ ᠮᠢᠨᠢ ᠪᠢᠲᠡᠭᠡᠢ ᠭᠡᠮᠲᠦᠭᠡ!
ᠴᠠᠰᠤᠬᠠᠨ᠄ ᠲᠠ ᠪᠢᠳᠡᠨ ᠢ᠋ ᠵᠦᠭᠡᠷ ᠶᠠᠪᠤᠭᠤᠯᠤᠭᠠᠴᠢ᠂ ᠭᠤᠶᠤᠵᠤ ᠪᠠᠢᠨ᠎ᠠ᠃
ᠪᠠᠰᠠᠷ᠄ ᠮᠠᠨ ᠤ᠋ ᠬᠡᠳᠦ ᠶ᠋ᠢ ᠢᠳᠡ ᠭᠡᠵᠦ ᠭᠤᠶᠤᠵᠤ ᠪᠠᠢᠨ᠎ᠠ᠂ ᠪᠢᠰᠢ ᠨᠠᠮ᠎ᠠ ᠶ᠋ᠢ ᠢᠳᠡ᠃
ᠯᠤᠤ᠄ ᠬᠥᠶᠢ ᠬᠥᠶᠢ᠂ ᠪᠢ ᠲᠠ ᠨᠠᠷ ᠢ᠋ ᠢᠳᠡᠬᠦ ᠦᠭᠡᠢ᠂ ᠶᠠᠭᠤᠨ ᠬᠡᠦᠬᠡᠳ ᠦ᠋ᠳ ᠪᠢᠯᠡ ᠯᠠ ᠭᠡᠵᠦ ᠠᠰᠠᠭᠤᠭᠰᠠᠨ ᠰᠢᠦ ᠳᠡ ᠬᠡ ᠬᠡ ᠬᠡ!
ᠮᠥᠩᠬᠡ᠄ ᠥᠩ ᠂ ᠢᠩᠭᠢᠬᠦ ᠳ᠋ᠦ᠍ ᠲᠠ᠁ ᠡᠩ᠂ ᠲᠠ ᠨᠥᠭᠦᠭᠡ ᠠᠶᠤᠮᠰᠢᠭᠲᠤ ᠳᠣᠯᠣᠭᠠᠨ ᠲᠣᠯᠣᠭᠠᠢ ᠲᠠᠢ ᠯᠤᠤ ᠪᠢᠰᠢ ᠪᠠᠢᠨ᠎ᠠ ᠂ ᠲᠡᠢᠮᠦ ᠠ᠋ ?
ᠲᠤᠩᠬᠤ᠄ ᠥᠭᠡᠷ᠎ᠡ ᠯᠤᠤ ᠶᠤᠮ ᠪᠠᠢᠬᠤ ᠳᠠ᠃
ᠪᠠᠰᠠᠷ᠄ ᠬᠠᠷᠢᠨ ᠲᠡᠢᠮᠦ᠂ ᠳᠣᠯᠣᠭᠠᠨ ᠲᠣᠯᠣᠭᠠᠢ ᠲᠠᠢ ᠯᠤᠤ ᠴᠢᠨᠢ ᠪᠦᠷ ᠮᠠᠭᠤᠬᠠᠢ ᠠᠭᠠᠰᠢ ᠲᠠᠢ᠂ ᠠᠷᠠᠳ ᠲᠦᠮᠡᠨ ᠢ᠋ ᠵᠣᠪᠠᠭᠠᠳᠠᠭ ᠮᠠᠩᠭᠤᠰ ᠰᠢᠲᠠ᠃
ᠯᠤᠤ᠄ ᠭᠦᠦᠭ ᠂ ᠮᠢᠨᠦ ᠲᠠᠯ᠎ᠠ ᠪᠠᠷ ᠪᠦᠷ ᠲᠡᠢᠮᠦ ᠶᠠᠷᠢᠶ᠎ᠠ ᠨᠤᠭᠤᠳ ᠭᠠᠷᠴᠠᠢ ᠤᠤ ᠬᠠ ᠬᠠ ᠬᠠ
ᠲᠣᠷᠤᠨ᠄ ᠲᠠ ᠲᠡᠷᠡ ᠳᠣᠯᠣᠭᠠᠨ ᠲᠣᠯᠣᠭᠠᠢ ᠲᠠᠢ ᠯᠤᠤ ᠨᠢ ᠶᠦᠮ ᠤᠤ? ᠨᠢᠭᠡ ᠯᠡ ᠲᠣᠯᠣᠭᠠᠢ ᠲᠠᠢ ᠯᠤᠤ ᠪᠠᠢᠨ᠎ᠠ ᠰᠢᠳᠡ᠃
ᠯᠤᠤ᠄ ᠬᠥᠮᠦᠰ ᠮᠡᠳᠡᠬᠦ ᠦᠭᠡᠢ ᠵᠦᠢᠯ ᠡᠴᠡ ᠪᠡᠨ ᠶᠡᠬᠡ ᠠᠶᠤᠳᠠᠭ ᠶᠤᠮ ᠪᠠᠢᠬᠤ ᠦᠭᠡᠢ ᠤᠤ᠂ ᠮᠡᠳᠡᠬᠦ ᠦᠭᠡᠢ ᠡᠴᠡ ᠨᠢ ᠪᠣᠯᠤᠭᠠᠳ ᠤᠷᠭᠤᠭᠤᠯᠤᠨ ᠪᠣᠳᠣᠵᠤ᠂ ᠠᠭᠤᠯᠵᠠᠭ᠎ᠠ ᠦᠭᠡᠢ ᠡᠴᠡ ᠪᠡᠨ ᠪᠣᠯᠤᠭᠠᠳ ᠲᠥᠰᠦᠭᠡᠯᠡᠨ ᠪᠣᠳᠣᠵᠤ᠂ ᠲᠡᠭᠦᠨ ᠳ᠋ᠦ᠍ ᠪᠡᠨ ᠢᠲᠡᠭᠡᠳᠡᠭ ᠶᠦᠮ᠃ ᠬᠠ ᠬᠠ ᠬᠠ ᠨᠠᠳᠠ ᠲᠡᠢᠮᠦ ᠳᠣᠯᠣᠭᠠᠨ ᠲᠣᠯᠣᠭᠠᠢ᠂ ᠲᠡᠷᠡ ᠴᠦ᠍ ᠪᠠᠢᠲᠤᠭᠠᠢ ᠠᠷᠠᠳ ᠢ᠋ ᠵᠣᠪᠠᠭᠠᠶ᠎ᠠ ᠭᠡᠰᠡᠨ ᠬᠣᠷᠣᠨ ᠰᠠᠨᠠᠭ᠎ᠠ ᠪᠠᠢᠬᠤ ᠦᠭᠡᠢ ᠰᠢᠦ᠃
ᠲᠤᠩᠬᠤ᠄ ᠲᠠ ᠲᠡᠭᠡᠪᠡᠯ ᠶᠠᠭᠠᠬᠢᠭᠠᠳ ᠡᠨᠡ ᠬᠠᠳᠠᠨ ᠳ᠋ᠤ᠌ ᠪᠦᠭᠭᠦᠭᠡᠳ᠂ ᠠᠷᠠᠳ ᠤ᠋ᠳ ᠤ᠋ᠨ ᠤᠮᠳᠠᠨ ᠤ᠋ ᠡᠬᠢ ᠶ᠋ᠢ ᠬᠠᠭᠠᠭᠠᠳ ᠪᠠᠢᠳᠠᠭ ᠶᠤᠮ ᠪᠣᠢ?
ᠯᠤᠤ᠄ ᠥᠩ ᠂ ᠲᠡᠷᠡ ᠴᠦ᠍ ᠡᠢᠮᠦ ᠶᠠᠭᠤᠮ᠎ᠠ ᠪᠣᠯᠤᠭᠰᠠᠨ ᠶᠤᠮ ᠠ᠋᠃
ᠪᠠᠭ᠎ᠠ ᠪᠠᠢᠬᠤ ᠠ᠋ᠴᠠ ᠮᠢᠨᠢ ᠠᠩᠴᠢᠳ ᠨᠠᠮ᠎ᠠ ᠶ᠋ᠢ ᠠᠩᠨᠠᠬᠤ ᠭᠡᠵᠦ ᠶᠡᠬᠡ ᠬᠥᠭᠡᠭᠡᠳᠡᠭ ᠪᠠᠢᠯ᠎ᠠ᠃ ᠪᠢ ᠲᠡᠳᠡᠨ ᠡᠴᠡ ᠵᠢᠭᠤᠲᠠᠵᠤ ᠣᠯᠠᠨ ᠬᠠᠪᠤᠷ ᠢ᠋ ᠪᠠᠷᠠᠭᠰᠠᠨ ᠶᠤᠮ᠃ ᠨᠢᠭᠡᠨ ᠤᠳᠠᠭ᠎ᠠ ᠪᠢ ᠵᠢᠭᠤᠲᠠᠵᠤ ᠶᠠᠪᠤᠭᠠᠳ ᠡᠨᠡ ᠬᠠᠳᠠ ᠶ᠋ᠢ ᠣᠯᠵᠤ ᠪᠢᠯᠡ᠃ ᠠᠩᠴᠢᠳ ᠠ᠋ᠴᠠ ᠯᠠ ᠨᠢᠭᠤᠭᠳᠠᠬᠤ ᠭᠡᠵᠦ ᠲᠡᠷᠡ ᠰᠢᠦ ᠳᠡ᠃ ᠤᠭ ᠬᠠᠳᠠᠨ ᠳᠣᠲᠣᠷ᠎ᠠ ᠭᠣᠣᠯ ᠤ᠋ᠨ ᠡᠬᠢ ᠤᠨᠳᠤᠷᠤᠭ᠎ᠠ ᠪᠠᠢᠳᠠᠭ ᠤᠴᠢᠷ ᠠ᠋ᠴᠠ ᠠᠩᠴᠢᠳ ᠰᠦᠰᠦᠭᠯᠡᠭᠡᠳ ᠣᠷᠣᠵᠤ ᠢᠷᠡᠳᠡᠭ ᠦᠭᠡᠢ ᠪᠣᠯᠬᠣᠷ ᠡᠨᠳᠡ ᠪᠡᠨ ᠥᠨᠵᠢᠭᠰᠡᠨ ᠶᠦᠮ᠃ ᠬᠠᠳᠠᠨ ᠳᠣᠲᠣᠷ᠎ᠠ ᠪᠠᠨ ᠣᠯᠠᠨ ᠴᠤ᠌ ᠵᠢᠯ ᠢ᠋ ᠥᠩᠭᠡᠷᠡᠭᠡᠭᠰᠡᠨ ᠳᠡ᠃ ᠵᠢᠯ ᠢᠷᠡᠬᠦ ᠲᠣᠰᠤᠮ ᠪᠡᠶ᠎ᠡ ᠮᠢᠨᠢ ᠲᠣᠮᠣᠷᠠᠵᠤ ᠬᠠᠭᠠᠯᠭ᠎ᠠ ᠪᠠᠷ ᠣᠷᠣᠵᠤ ᠭᠠᠷᠬᠤ ᠳᠦ ᠬᠡᠴᠡᠭᠦᠦ ᠪᠣᠯᠵᠤ ᠪᠠᠢᠯ᠎ᠠ᠃ ᠰᠡᠭᠦᠯ ᠦ᠋ᠨ ᠡᠪᠦᠯ ᠢ᠋ᠶ᠋ᠡᠷ ᠢᠴᠡᠭᠡᠨ ᠳ᠋ᠦ᠍ ᠪᠡᠨ ᠤᠨᠲᠠᠭᠠᠳ ᠰᠡᠷᠡᠬᠦ ᠳ᠋ᠦ᠍ ᠠᠭᠤᠢ ᠶ᠋ᠢᠨ ᠬᠠᠭᠠᠯᠭ᠎ᠠ ᠪᠠᠷ ᠴᠤ᠌ ᠪᠠᠭᠲᠠᠬᠤ ᠦᠭᠡᠢ ᠲᠣᠮᠣ ᠪᠡᠶ᠎ᠡ ᠲᠡᠢ ᠪᠣᠯᠤᠭᠰᠠᠨ ᠪᠠᠢᠭᠰᠠᠨ ᠶᠤᠮ ᠳᠠ᠃ ᠲᠡᠭᠡᠭᠡᠳ ᠯᠡ ᠭᠣᠣᠯ ᠤ᠋ᠨ ᠡᠬᠢ ᠶ᠋ᠢ ᠲᠠᠭᠯᠠᠨ ᠠᠭᠤᠢ ᠠ᠋ᠴᠠ ᠪᠠᠨ ᠴᠤ᠌ ᠭᠠᠷᠴᠤ ᠴᠢᠳᠠᠬᠤ ᠦᠭᠡᠢ ᠢᠩᠭᠢᠭᠡᠳ ᠭᠠᠴᠠᠴᠢᠬᠠᠭᠰᠠᠨ ᠮᠢᠨᠢ ᠡᠨᠡ ᠰᠢᠦ ᠳᠡ᠃
ᠲᠤᠩᠬᠤ᠄ ᠦ᠂ ᠬᠥᠭᠡᠷᠦᠬᠦᠢ ᠳᠡ ᠂ ᠪᠤᠷᠤᠭᠤ ᠪᠠᠷ ᠤᠢᠯᠠᠭᠠᠴᠢᠬᠠᠭᠰᠠᠨ ᠶᠤᠮ ᠪᠠᠢᠨ᠎ᠠ ᠰᠢᠦ ᠳᠡ᠃
ᠮᠥᠩᠬᠡ᠄ ᠡᠩ᠂ ᠪᠢᠳᠡ ᠶᠠᠮᠠᠷ ᠲᠠᠢ ᠴᠤ᠌ ᠲᠠᠨ ᠢ᠋ ᠡᠨᠳᠡ ᠡᠴᠡ ᠭᠠᠷᠭᠠᠬᠤ ᠳ᠋ᠤ᠌ ᠵᠠᠪᠠᠯ ᠲᠤᠰᠠᠯᠠᠨ᠎ᠠ᠃
ᠵᠠᠯᠠᠭᠤ᠄ ᠠ ᠯᠤᠤ᠂ ᠢᠩᠭᠢᠭᠡᠳ ᠥᠩᠭᠡᠷᠡᠬᠦ ᠴᠢᠨᠢ ᠡᠨᠡ ᠳᠡ᠃
ᠪᠦᠭᠦᠳᠡᠭᠡᠷ᠄ ᠠ
ᠵᠠᠯᠠᠭᠤ᠄ ᠠ᠁ ᠡᠩ ᠦ ᠦ
ᠯᠤᠤ᠄ ᠬᠡᠨ ᠪᠢᠯᠡ?
ᠪᠠᠰᠠᠷ᠄ ᠪᠣᠭᠳᠠ ᠮᠡᠷᠭᠡᠨ ᠪᠠᠭᠠᠲᠤᠷ ᠤᠤ ᠃
ᠯᠤᠤ᠄ ᠠᠯᠳᠠᠷᠲᠤ ᠪᠣᠭᠳᠠ ᠮᠡᠷᠭᠡᠨ ᠪᠠᠭᠠᠲᠤᠷ ᠮᠥᠨ ᠤᠤ?
ᠵᠠᠯᠠᠭᠤ᠄ ᠠ᠂ ᠪᠢ ᠪᠢᠰᠢ᠂ ᠪᠢ ᠲᠡᠳᠡ ᠨᠠᠷ ᠲᠠᠢ ᠬᠠᠮᠲᠤ ᠶᠠᠪᠤᠭ᠎ᠠ᠃
ᠵᠠᠯᠠᠭᠤ᠄ ᠮᠠᠨ ᠤ᠋ ᠬᠢ ᠠ᠋ ᠶᠠᠭᠤ ᠪᠣᠯᠤᠭᠠᠳ ᠪᠠᠢᠨ᠎ᠠ᠂ ᠳᠣᠯᠣᠭᠠᠨ ᠲᠣᠯᠣᠭᠠᠢ ᠲᠠᠢ ᠯᠤᠤ ᠪᠠᠢᠭ᠎ᠠ ᠭᠡᠰᠡᠨ ᠪᠢᠰᠢ ᠪᠢᠯᠡ ᠤᠤ ?
ᠲᠤᠩᠬᠤ᠄ ᠦ᠂ ᠪᠢᠳᠡ ᠨᠠᠷ ᠪᠤᠷᠤᠭᠤ ᠪᠠᠷ ᠣᠢᠯᠠᠭᠠᠭᠰᠠᠨ ᠶᠤᠮ ᠪᠠᠢᠨ᠎ᠠ ᠯᠠᠢ᠂ ᠰᠠᠢᠬᠠᠨ ᠰᠡᠳᠬᠢᠯ ᠲᠡᠢ ᠯᠤᠤ ᠪᠠᠢᠨ᠎ᠠ ᠯᠠᠢ᠂ ᠬᠢ ᠬᠢ
ᠵᠠᠯᠠᠭᠤ᠄ ᠡᠢᠮᠦ ᠲᠣᠮᠣ ᠭᠡᠵᠦ ᠬᠡᠨ ᠮᠡᠳᠡᠬᠦᠪ ᠳᠡ᠃
ᠮᠥᠩᠬᠡ᠄ ᠬᠢ ᠬᠢ᠂ ᠲᠠ ᠢᠩᠭᠢᠬᠦ ᠳ᠋ᠦ᠍ ᠪᠣᠭᠳᠠ ᠮᠡᠷᠭᠡᠨ ᠪᠢᠰᠢ ᠶᠦᠮ ᠤᠤ?
ᠵᠠᠯᠠᠭᠤ᠄ ᠦᠭᠡᠢ᠂ ᠪᠣᠭᠳᠠ ᠮᠡᠷᠭᠡᠨ ᠢ᠋ ᠰᠢᠲᠦᠳᠡᠭ ᠬᠥᠮᠦᠨ ᠪᠠᠢᠭ᠎ᠠ ᠶᠤᠮ ᠠ᠋᠃ ᠪᠣᠭᠳᠠ ᠮᠡᠷᠭᠡᠨ ᠰᠢᠭ ᠬᠦᠴᠦᠲᠡᠢ᠂ ᠵᠣᠷᠢᠭᠲᠠᠢ ᠬᠥᠮᠦᠨ ᠪᠣᠯᠬᠤ ᠶᠤᠮ ᠰᠠᠨ ᠭᠡᠵᠦ ᠪᠣᠳᠣᠳᠠᠭ ᠳᠠ᠃
ᠪᠠᠰᠠᠷ᠄ ᠦ᠂ ᠲᠠᠨ ᠢ᠋ ᠴᠢᠨᠢ ᠪᠣᠭᠳᠠ ᠮᠡᠷᠭᠡᠨ ᠶᠦᠮ ᠪᠠᠢᠬᠤ ᠭᠡᠵᠦ ᠪᠣᠳᠣᠭᠠᠳ ᠯᠠ ᠶᠠᠪᠤᠭᠠᠳ ᠪᠠᠢᠭᠰᠠᠨ ᠰᠢᠳᠡ᠃
ᠴᠠᠰᠤᠬᠠᠨ᠄ ᠲᠠ ᠪᠣᠭᠳᠠ ᠮᠡᠷᠭᠡᠨ ᠪᠢᠰᠢ ᠶᠦ᠍ᠮ ᠪᠣᠯ ᠶᠠᠭ ᠪᠣᠭᠳᠠ ᠮᠡᠷᠭᠡᠨ ᠨᠢ ᠬᠠᠮᠢᠭ᠎ᠠ ᠪᠠᠢᠭ᠎ᠠ ᠶᠤᠮ ᠪᠣᠯ?
ᠪᠣᠭᠳᠠ ᠮᠡᠷᠭᠡᠨ᠄ ᠳᠣᠯᠣᠭᠠᠨ ᠲᠣᠯᠣᠭᠠᠢ ᠲᠠᠢ ᠠᠪᠤᠷᠭᠤ ᠯᠤᠤ ᠶ᠋ᠢ ᠢᠩᠭᠢᠵᠦ ᠨᠢᠭᠡ ᠣᠯᠳᠠᠭ ᠶᠤᠮ ᠪᠠᠢᠵᠠᠢ᠃
ᠮᠥᠩᠬᠡ᠄ ᠮᠥᠩᠭᠥᠲᠡᠢ ᠮᠡᠷᠭᠡᠨ᠂ ᠦ ᠪᠢᠰᠢ᠂ ᠪᠣᠭᠳᠠ ᠮᠡᠷᠭᠡᠨ ᠸᠠ ᠦ᠃
ᠪᠠᠰᠠᠷ᠄ ᠶᠠᠮᠠᠷ ᠰᠣᠨᠢᠨ ᠶᠠᠭᠤᠮ᠎ᠠ ᠣᠷᠣᠵᠤ ᠢᠷᠡᠳᠡᠭ ᠶᠦᠮ ᠪᠣᠢ ᠂ᠸᠠ ᠧᠦ ᠃
ᠪᠣᠭᠳᠠ ᠮᠡᠷᠭᠡᠨ᠄ ᠣᠯᠠᠨ ᠠᠷᠠᠳ ᠢ᠋ ᠵᠣᠪᠠᠭᠠᠭᠰᠠᠨ ᠯᠤᠤ ᠴᠢ ᠢᠩᠭᠢᠭᠡᠳ ᠳᠠᠭᠤᠰᠬᠤ ᠴᠢᠨᠢ ᠡᠨᠡ ᠳᠡ᠃
ᠲᠤᠩᠬᠤ᠄ ᠪᠣᠭᠳᠠ ᠮᠡᠷᠭᠡᠨ ᠠᠬ᠎ᠠ ᠠ᠋᠂ ᠲᠠ ᠪᠤᠷᠤᠭᠤ ᠪᠠᠷ ᠣᠢᠯᠠᠭᠠᠭᠠᠳ ᠪᠠᠢᠨ᠎ᠠ᠃
ᠪᠣᠭᠳᠠ ᠮᠡᠷᠭᠡᠨ᠄ ᠠᠯᠢᠪ ᠬᠡᠦᠬᠡᠳ ᠦ᠋ᠳ ᠠ᠋᠂ ᠲᠡᠭᠦᠨ ᠡᠴᠡ ᠬᠣᠯᠠᠳᠤᠭᠠᠷᠠᠢ ᠠᠶᠤᠯ ᠲᠠᠢ ᠰᠢᠦ᠃
ᠮᠥᠩᠬᠡ᠄ ᠪᠣᠭᠳᠠ ᠮᠡᠷᠭᠡᠨ ᠠᠬ᠎ᠠ ᠠ᠋᠂ ᠲᠠ ᠪᠢᠳᠡᠨ ᠦ᠌ ᠬᠡᠯᠡᠬᠦ ᠶ᠋ᠢ ᠰᠣᠨᠣᠰᠤᠭᠠᠴᠢ ᠳᠠ᠂ ᠥ ᠦᠭᠡᠢ᠁
ᠲᠤᠩᠬᠤ᠄ ᠪᠣᠯᠬᠤ ᠦᠭᠡᠢ᠁
ᠯᠤᠤ᠄ ᠡᠩ?
ᠪᠣᠭᠳᠠ ᠮᠡᠷᠭᠡᠨ᠄ ᠡᠩ ᠂ ᠶᠠᠭᠠᠬᠢᠵᠤ ᠮᠢᠨᠦ ᠰᠤᠮᠤ ᠶ᠋ᠢ ᠵᠣᠭᠰᠣᠭᠠᠪᠠ?
ᠪᠠᠰᠠᠷ᠄ ᠠ ᠲᠡᠷᠡ ᠤᠤ?
ᠮᠥᠩᠬᠡ᠄ ᠪᠣᠭᠳᠠ ᠮᠡᠷᠭᠡᠨ ᠠᠬ᠎ᠠ ᠮᠢᠨᠢ᠂ ᠲᠠ ᠪᠢᠳᠡᠨ ᠦ᠌ ᠬᠡᠯᠡᠬᠦ ᠶᠢ ᠰᠣᠨᠣᠰᠤᠭᠠᠴᠢ ᠳᠠ᠃
ᠪᠣᠭᠳᠠ ᠮᠡᠷᠭᠡᠨ᠄ ᠯᠤᠤ ᠲᠠ ᠨᠠᠷ ᠤᠷᠤᠭᠤ ᠲᠠᠭᠠᠷᠢᠭᠠ ᠦᠭᠡᠢ ᠤᠤ᠂ ᠵᠦᠭᠡᠷ ᠤᠤ?
ᠲᠤᠩᠬᠤ᠄ ᠪᠢᠳᠡ ᠵᠦᠭᠡᠷ ᠠ᠋᠂ ᠬᠠᠷᠢᠨ ᠲᠠ ᠪᠢᠳᠡᠨ ᠦ᠌ ᠬᠡᠯᠡᠬᠦ ᠶ᠋ᠢ ᠰᠣᠨᠣᠰᠤᠭᠠᠴᠢ ᠳᠠ᠃
ᠵᠠᠯᠠᠭᠤ᠄ ᠸᠠ ᠂ ᠶᠠᠮᠠᠷ ᠰᠦᠷᠯᠢᠭ ᠪᠠᠭᠠᠲᠤᠷ ᠠᠬ᠎ᠠ ᠪᠣᠢ᠂ ᠳᠡᠮᠵᠢᠵᠦ ᠶᠠᠪᠤᠳᠠᠭ ᠰᠢᠦ᠂ ᠳᠡᠮᠵᠢᠵᠦ ᠶᠠᠪᠤᠳᠠᠭ ᠰᠢᠦ᠂ ᠳᠡᠮᠵᠢᠵᠦ ᠶᠠᠪᠤᠳᠠᠭ ᠰᠢᠦ!
ᠪᠣᠭᠳᠠ ᠮᠡᠷᠭᠡᠨ᠄ ᠵᠠ ᠳᠡᠭᠦᠦ ᠨᠠᠷ ᠮᠢᠨᠢ ᠨᠠᠳᠠ ᠳ᠋ᠤ᠌ ᠶᠠᠭᠤ ᠪᠣᠯᠤᠭᠠᠳ ᠪᠠᠢᠭ᠎ᠠ ᠶ᠋ᠢ ᠲᠠᠢᠯᠪᠤᠷᠢᠯᠠᠭᠠᠳ ᠥᠭ᠃
ᠢᠩᠭᠢᠭᠡᠳ ᠯᠤᠤ ᠪᠣᠯᠤᠭᠰᠠᠨ ᠶᠠᠪᠤᠳᠠᠯ ᠤ᠋ᠳ ᠢ᠋ ᠨᠢᠭᠡ ᠨᠢᠭᠡ ᠦᠭᠡᠢ ᠶᠠᠷᠢᠵᠤ ᠥᠭᠭᠦᠭᠰᠡᠨ ᠶᠦᠮ ᠳᠡ᠃ ᠪᠣᠭᠳᠠ ᠮᠡᠷᠭᠡᠨ ᠡᠬᠢᠯᠡᠭᠡᠳ ᠭᠠᠢᠬᠠᠵᠤ ᠪᠠᠢᠭᠰᠠᠨ ᠢ᠋ᠶ᠋ᠠᠨ ᠪᠣᠯᠤᠭᠰᠠᠨ ᠤᠴᠢᠷ ᠢ᠋ ᠣᠢᠯᠠᠭᠠᠨ᠂ ᠤᠯᠤᠰ ᠤ᠋ᠨ ᠡᠵᠡᠨ ᠳ᠋ᠦ᠍ ᠮᠡᠳᠡᠭᠡ ᠬᠦᠷᠭᠡᠭᠦᠯᠦᠭᠰᠡᠨ ᠶᠦᠮ᠃ ᠲᠡᠭᠡᠭᠡᠳ ᠠᠷᠠᠳ ᠤ᠋ᠳ ᠪᠦᠭᠦᠳᠡᠭᠡᠷ ᠢ᠋ᠶ᠋ᠡᠨ ᠢᠷᠡᠵᠦ᠂ ᠠᠭᠤᠢ ᠶ᠋ᠢᠨ ᠠᠮᠠ ᠶ᠋ᠢ ᠲᠣᠮᠣ ᠪᠣᠯᠭᠠᠨ ᠪᠤᠲᠠᠯᠵᠤ ᠂ ᠤᠬᠠᠭᠠᠨᠲᠤ ᠯᠤᠤ ᠬᠠᠳᠠᠨ ᠠ᠋ᠴᠠ ᠴᠢᠯᠥᠭᠡᠯᠡᠭᠳᠡᠭᠰᠡᠨ ᠶᠦᠮ ᠳᠡ᠃ ᠣᠳᠣ ᠲᠡᠷᠡ ᠠᠪᠤᠷᠭᠤ ᠯᠤᠤ ᠬᠠᠭᠠᠨᠲᠤ ᠤᠯᠤᠰ ᠤ᠋ᠨ ᠬᠠᠮᠠᠭᠠᠯᠠᠭᠴᠢ ᠰᠦᠷᠯᠢᠭ ᠲᠣᠮᠣ ᠯᠤᠤ ᠪᠣᠯᠤᠭᠰᠠᠨ ᠪᠢᠯᠡ᠃
ᠪᠠᠷᠤᠭ ᠯᠤᠤ ᠶ᠋ᠢ ᠬᠡᠷᠬᠢᠨ ᠰᠤᠯᠠᠯᠠᠬᠤ ᠪᠣᠢ ᠭᠡᠰᠡᠨ ᠬᠡᠦᠬᠡᠯᠳᠡᠢ ᠺᠢᠨᠣ᠋ ᠰᠢᠭ᠋ ᠶᠠᠭᠤᠮ᠎ᠠ ᠪᠣᠯᠤᠭᠰᠠᠨ ᠪᠠᠢᠭ᠎ᠠ ᠪᠢᠵᠡ᠃ ᠰᠢᠲᠦ ᠦᠭᠡᠢ ᠯᠤᠤ ᠪᠠᠢᠭᠰᠠᠨ ᠪᠣᠢ ᠪᠦᠷ ᠶᠠᠭ ᠪᠣᠯᠤᠯ᠎ᠠ ᠰᠢᠦ ᠃ ᠠ᠂ ᠪᠠᠰᠠ ᠴᠣᠭᠲᠤ ᠠᠬ᠎ᠠ ᠪᠣᠭᠳᠠ ᠮᠡᠷᠭᠡᠨ ᠦ᠌ ᠱᠠᠪᠢ ᠪᠣᠯᠤᠨ ᠮᠥᠷᠥᠭᠡᠳᠦᠯ ᠢ᠋ᠶ᠋ᠡᠨ ᠪᠡᠶᠡᠯᠡᠭᠦᠯᠦᠭᠰᠡᠨ ᠶᠦᠮ ᠳᠡ᠃ ᠨᠢᠭᠡ ᠡᠳᠦᠷ ᠴᠣᠭᠲᠤ ᠮᠡᠷᠭᠡᠨ ᠭᠡᠵᠦ ᠨᠡᠷ᠎ᠡ ᠪᠡᠨ ᠳᠠᠭᠤᠷᠢᠰᠬᠠᠬᠤ ᠶᠤᠮ ᠰᠠᠨᠵᠠᠢ ᠃
ᠮᠥᠩᠬᠡ᠄ ᠳᠣᠷᠣᠷᠠᠨ ᠠ᠋᠂ ᠶᠠᠭᠤ ᠬᠢᠭᠡᠳ ᠪᠠᠢᠭ᠎ᠠ ᠶᠤᠮ ᠪᠣᠢ? ᠶᠠᠪᠤᠵᠤ ᠲᠣᠭᠯᠠᠶ᠎ᠠ᠃
ᠲᠣᠷᠤᠨ᠄ ᠠ ᠵᠠ᠂ ᠣᠳᠣ ᠣᠴᠢᠯ᠎ᠠ᠂ ᠵᠠ᠂ ᠲᠠ ᠨᠠᠷ ᠲᠤ᠌ ᠮᠠᠨᠢ ᠲᠠᠭᠠᠯᠠᠭᠳᠠᠭᠰᠠᠨ ᠭᠡᠵᠦ ᠨᠠᠢᠳᠠᠵᠤ ᠪᠠᠢᠨ᠎ᠠ᠂ ᠨᠠᠢᠵᠠ ᠨᠢ ᠶᠠᠪᠤᠯ᠎ᠠ᠂ ᠳᠠᠷᠠᠭ᠎ᠠ ᠶ᠋ᠢᠨ ᠠᠩᠭᠢ ᠬᠦᠷᠲᠡᠯ᠎ᠡ ᠪᠠᠶᠠᠷᠲᠠᠢ᠃
ᠦᠰᠦᠭ ᠠᠮᠢᠯᠠᠭᠤᠯᠤᠭᠴᠢ᠄ ᠬᠤᠸᠠᠷ
ᠦᠰᠦᠭ ᠬᠠᠳᠠᠭᠴᠢ᠄ ᠾᠦᠩ ᠸᠧᠢ
ᠬᠢᠨᠠᠯᠲᠠ᠄ ᠱᠤᠳᠤᠷᠭᠤ᠂ ᠢᠷᠡᠭᠡᠳᠦᠢ᠂· ᠳ· ᠪᠥᠬᠡᠴᠢᠯᠠᠭᠤ᠂ ᠮᠥᠴᠢᠷ