ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠠᠳᠤᠭᠤᠰᠤᠨ ᠳ᠋ᠤ᠌ ᠰᠢᠩᠭᠡᠭᠰᠡᠨ ᠬᠥᠮᠦᠨ ᠴᠢᠨᠠᠷ> Элсэнд булагдсан сувдаа – П.Оюунгэрэл <Адгуусанд шингэсэн хүн чанар> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠠᠳᠤᠭᠤᠰᠤᠨ ᠳ᠋ᠤ᠌ ᠰᠢᠩᠭᠡᠭᠰᠡᠨ ᠬᠥᠮᠦᠨ ᠴᠢᠨᠠᠷ> Элсэнд булагдсан сувдаа – П.Оюунгэрэл <Адгуусанд шингэсэн хүн чанар>

ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠠᠳᠤᠭᠤᠰᠤᠨ ᠳ᠋ᠤ᠌ ᠰᠢᠩᠭᠡᠭᠰᠡᠨ ᠬᠥᠮᠦᠨ ᠴᠢᠨᠠᠷ> Элсэнд булагдсан сувдаа – П.Оюунгэрэл <Адгуусанд шингэсэн хүн чанар>

ᠠᠩᠭᠢᠯᠠᠯ:ᠲᠤᠭᠤᠵᠢ ᠷᠣᠮᠠᠨ
2026-10-29

1

ᠠᠳᠤᠭᠤᠰᠤᠨ ᠳ᠋ᠤ᠌ ᠰᠢᠩᠭᠡᠭᠰᠡᠨ ᠬᠥᠮᠦᠨ ᠴᠢᠨᠠᠷ


       ᠪᠢ ᠪᠠᠭ᠎ᠠ ᠠ᠋ᠴᠠ ᠪᠠᠨ ᠨᠣᠬᠠᠢ ᠳ᠋ᠤ᠌ ᠶᠡᠬᠡ ᠬᠠᠢᠷᠠᠲᠠᠢ᠂ ᠣᠯᠠᠨ ᠴᠤ᠌ ᠨᠣᠬᠠᠢ ᠲᠡᠵᠢᠭᠡᠵᠦ ᠳᠠᠰᠬᠠᠵᠤ ᠥᠩᠭᠡᠷᠡᠭᠰᠡᠨ ᠶᠦᠮ᠃ ᠲᠡᠭᠡᠭᠡᠳ ᠨᠣᠬᠠᠢ ᠭᠡᠳᠡᠭ ᠠᠮᠢᠲᠠᠨ ᠲᠤᠩ ᠰᠡᠷᠭᠦᠯᠡᠩ ᠮᠥᠷᠲᠡᠭᠡᠨ ᠬᠥᠮᠦᠨ ᠦ᠌ ᠤᠬᠠᠭᠠᠨ ᠲᠠᠢ ᠠᠮᠢᠲᠠᠨ ᠪᠣᠯᠬᠤ ᠶ᠋ᠢ ᠮᠡᠳᠡᠭᠰᠡᠨ ᠶᠦᠮ᠃  
       ᠣᠳᠣ ᠪᠢ ᠡᠨᠳᠡ ᠨᠣᠬᠠᠢ ᠶ᠋ᠢᠨ ᠲᠤᠬᠠᠢ ᠥᠪ ᠦᠨᠡᠨ ᠬᠣᠶᠠᠷ ᠵᠢᠵᠢᠭ ᠦᠯᠢᠭᠡᠷ ᠢ᠋ ᠶᠠᠷᠢᠵᠤ ᠳᠠᠷᠠᠭ᠎ᠠ ᠨᠢ ᠬᠥᠮᠦᠨ ᠪᠠ ᠠᠳᠤᠭᠤᠰᠤᠨ ᠤ᠋ ᠲᠤᠬᠠᠢ ᠶᠠᠭᠤ ᠨᠢᠭᠡ ᠶ᠋ᠢ ᠰᠢᠭᠦᠮᠵᠢᠯᠡᠨ ᠥᠭᠦᠯᠡᠬᠦ ᠯᠡ ᠰᠠᠨᠠᠭᠠᠲᠠᠢ᠃  ᠨᠡᠯᠢᠶᠡᠳ ᠬᠡᠳᠦᠨ ᠵᠢᠯ ᠦ᠋ᠨ ᠡᠮᠦᠨᠡᠬᠢ ᠤᠴᠢᠷ ᠶᠤᠮᠰᠠᠨ᠃ ᠮᠠᠨ ᠤ᠋ ᠳ᠋ᠤ᠌ ᠢᠯᠢ ᠭᠡᠳᠡᠭ ᠨᠡᠷ᠎ᠡ ᠲᠡᠢ ᠭᠢᠴᠢᠢ ᠨᠣᠬᠠᠢ ᠪᠠᠢᠭᠰᠠᠨ ᠶᠤᠮ᠃ ᠤᠷᠲᠤ ᠦᠰᠦ ᠲᠡᠢ ᠶᠡᠬᠡᠯ᠎ᠡ ᠬᠥᠭᠡᠷᠦᠬᠦᠨ ᠡᠷᠯᠢᠰᠡ ᠨᠣᠬᠠᠢ ᠪᠠᠢᠵᠤ ᠪᠢᠯᠡ᠃ 
       ᠮᠠᠨ ᠤ᠋ ᠬᠢ ᠲᠡᠢ ᠨᠢᠭᠡ ᠬᠡᠷᠡᠮ ᠠᠯᠤᠰᠯᠠᠨ ᠰᠠᠭᠤᠳᠠᠭ ᠬᠥᠷᠰᠢ ᠠᠢᠯ ᠳ᠋ᠤ᠌ ᠪᠠᠰᠠ ᠨᠢᠭᠡ ᠵᠢᠷᠦᠬᠡ ᠴᠠᠭᠠᠨ ᠬᠠᠷ᠎ᠠ ᠭᠢᠴᠢᠢ ᠲᠡᠢ ᠪᠠᠢᠭᠰᠠᠨ ᠶᠤᠮ᠃  
       ᠢᠯᠢ ᠠᠩᠬᠠᠨ ᠤ᠋ ᠨᠢᠭᠡ ᠡᠭᠦᠷ ᠭᠥᠯᠥᠭᠡ ᠪᠡᠨ ᠭᠥᠯᠥᠭᠡᠯᠡᠭᠰᠡᠨ ᠦ᠌ ᠳᠠᠷᠠᠭ᠎ᠠ ᠶᠠᠭᠠᠬᠢᠭᠠᠳ ᠴᠤ᠌ ᠶᠤᠮ ᠪᠣᠯ ᠵᠡᠭᠦᠨ ᠠᠢᠯ ᠤ᠋ᠨ ᠬᠠᠷ᠎ᠠ ᠭᠢᠴᠢᠢ ᠲᠡᠢ ᠭᠠᠯ ᠤᠰᠤ ᠰᠢᠭ᠋ ᠪᠣᠯᠵᠤ ᠬᠡᠷᠡᠮ ᠦ᠋ᠨ ᠨᠠᠭᠠᠨ᠎ᠠ ᠴᠠᠭᠠᠨ᠎ᠠ ᠠ᠋ᠴᠠ ᠬᠣᠶᠠᠷ ᠪᠡᠶ᠎ᠡ ᠪᠡᠨ ᠠᠷᠬᠢᠷᠠᠨ ᠬᠣᠷᠭᠣᠭᠣᠵᠤ ᠭᠠᠳᠠᠨ᠎ᠠ ᠬᠠᠷᠭᠤᠪᠠᠯ ᠪᠠᠭᠠᠯᠵᠠᠭᠤᠷ ᠬᠣᠭᠣᠯᠠᠢ ᠪᠠᠨ ᠤᠷᠠᠯᠴᠠᠨ ᠨᠣᠴᠣᠯᠳᠤᠨ᠎ᠠ᠃ 
       ᠢᠯᠢ ᠪᠠᠷᠤᠭ ᠡᠳᠦᠷ ᠪᠦᠷᠢ ᠡᠭᠦᠷ ᠦ᠋ᠨ ᠢ᠋ᠶ᠋ᠡᠨ ᠣᠷᠣᠢ ᠳ᠋ᠤ᠌ ᠭᠠᠷᠴᠤ ᠱᠣᠩᠨᠣᠢᠨ ᠰᠠᠭᠤᠭᠠᠳ ᠵᠡᠭᠦᠨ ᠠᠢᠯ ᠤ᠋ᠨ ᠬᠡᠷᠡᠮ ᠢ᠋ ᠥᠩᠭᠡᠢᠨ ᠠᠷᠠᠭ᠎ᠠ ᠰᠢᠲᠦ ᠪᠡᠨ ᠢᠷᠵᠠᠢᠯᠭᠠᠨ ᠰᠡᠷᠪᠡᠭᠡᠨ ᠦ᠌ ᠦᠰᠦ ᠪᠡᠨ ᠪᠣᠰᠬᠠᠨ ᠬᠠᠷᠬᠢᠷᠠᠨ ᠳᠣᠭᠰᠢᠷᠠᠳᠠᠭ ᠪᠠᠢᠯ᠎ᠠ᠃ 
       ᠨᠢᠭᠡ ᠤᠳᠠᠭ᠎ᠠ ᠪᠢ ᠵᠡᠭᠦᠨ ᠠᠢᠯ ᠤ᠋ᠨ ᠢ᠋ᠶ᠋ᠠᠨ ᠠᠪᠠᠭᠠᠢ ᠠ᠋ᠴᠠ᠄《ᠦᠭᠡᠢ ᠶᠡᠷᠦᠨᠢ᠂ ᠡᠨᠡ ᠬᠣᠶᠠᠷ ᠨᠣᠬᠠᠢ ᠶᠠᠭᠠᠬᠢᠬᠤ ᠳ᠋ᠠᠭᠠᠨ ᠢᠩᠭᠢᠵᠦ ᠥᠰᠢᠶᠡᠷᠬᠡᠭᠡᠳ ᠪᠠᠢᠳᠠᠭ ᠶᠤᠮ ᠪᠣᠯ?》 ᠭᠡᠵᠦ ᠰᠣᠨᠢᠭᠤᠴᠢᠯᠠᠨ ᠠᠰᠠᠭᠤᠪᠠᠯ᠂《ᠠ᠂ ᠬᠡᠨ ᠮᠡᠳᠡᠬᠦ ᠶᠦᠮ! ᠡᠨᠡ ᠬᠣᠶᠠᠷ ᠭᠢᠴᠢᠢ ᠶ᠋ᠢᠨ ᠣᠷᠣᠭᠠᠨ ᠤ᠋ ᠴᠠᠭ ᠨᠢ ᠪᠣᠯᠪᠠᠯ ᠡᠪᠴᠡᠯᠳᠦᠳᠡᠭ ᠡᠷ᠎ᠡ ᠨᠣᠬᠠᠢ ᠨᠢ ᠨᠢᠭᠡ ᠯᠡ ᠨᠣᠬᠠᠢ ᠪᠠᠢᠳᠠᠭ ᠰᠢᠭ᠋ ᠶᠦᠮ ᠪᠢᠯᠡ᠃ ᠲᠡᠭᠡᠭᠡᠳ ᠮᠢᠨᠦ ᠴᠢᠨᠦ ᠭᠡᠵᠦ ᠪᠤᠯᠢᠶᠠᠯᠴᠠᠨ ᠡᠷ᠎ᠡ ᠪᠡᠨ ᠬᠠᠷᠠᠮᠨᠠᠭᠠᠳ ᠤᠷᠠᠯᠴᠠᠳᠠᠭ ᠪᠠᠢᠬ᠎ᠠ ᠳᠠ᠂ ᠥᠭᠡᠷ᠎ᠡ ᠶᠠᠭᠠᠬᠢᠯ᠎ᠠ ᠭᠡᠬᠦᠪ》 ᠭᠡᠵᠦ ᠱᠣᠭ ᠭᠠᠷᠭᠠᠨ ᠪᠢᠳᠡ ᠬᠣᠶᠠᠷ ᠬᠥᠬᠥᠷᠡᠨ ᠢᠨᠢᠶᠡᠯᠴᠡᠪᠡ᠃ 
       ᠳᠠᠷᠠᠭ᠎ᠠ ᠬᠠᠪᠤᠷ ᠨᠢ ᠮᠠᠨ ᠤ᠋ ᠢᠯᠢ ᠲᠠᠪᠤᠨ ᠬᠥᠭᠡᠷᠦᠬᠦᠨ ᠭᠥᠯᠥᠭᠡ ᠲᠥᠷᠥᠪᠡ᠂ ᠵᠡᠭᠦᠨ ᠠᠢᠯ ᠤ᠋ᠨ ᠬᠠᠷ᠎ᠠ ᠭᠢᠴᠢᠢ ᠪᠠᠰᠠ ᠵᠢᠷᠭᠤᠭ᠎ᠠ ᠭᠥᠯᠥᠭᠡᠯᠡᠵᠦ᠂ ᠲᠡᠳᠡ ᠪᠠᠷᠤᠭ ᠨᠢᠭᠡ ᠯᠡ ᠡᠳᠦᠷ ᠲᠦ᠍ ᠭᠥᠯᠥᠭᠡᠯᠡᠵᠡᠢ᠃ 
       ᠬᠣᠶᠠᠷ ᠡᠭᠦᠷ ᠦ᠋ᠨ ᠭᠥᠯᠥᠭᠡ ᠨᠦ᠍ᠭᠦᠳ ᠨᠢᠳᠦ ᠪᠡᠨ ᠴᠦ᠍ ᠨᠡᠭᠡᠭᠡᠭᠡᠳᠦᠢ ᠪᠠᠢᠬᠤ ᠳ᠋ᠤ᠌᠂ ᠵᠡᠭᠦᠨ ᠠᠢᠯ ᠤ᠋ᠨ ᠭᠢᠴᠢᠢ ᠨᠢᠭᠡ ᠡᠳᠦᠷ ᠭᠠᠳᠠᠨ᠎ᠠ ᠭᠦᠶᠦᠵᠦ ᠪᠠᠢᠭᠰᠠᠭᠠᠷ ᠬᠤᠯᠤᠭᠠᠨ᠎ᠠ ᠶ᠋ᠢᠨ ᠬᠣᠣᠷ ᠢᠳᠡᠭᠡᠳ ᠦᠬᠦᠴᠢᠬᠡᠵᠡᠢ᠃ 
       ᠡᠬᠡ ᠪᠡᠨ ᠠᠯᠳᠠᠭᠰᠠᠨ ᠥᠨᠥᠴᠢᠨ ᠭᠥᠯᠥᠭᠡ ᠨᠦ᠍ᠭᠦᠳ ᠰᠢᠨᠠᠯᠭᠠᠲᠠᠢ ᠭᠡᠭᠴᠢ ᠭᠠᠰᠠᠯᠤᠨ ᠭᠠᠩᠭᠠᠨᠠᠯᠳᠤᠨ᠎ᠠ᠃ 
       ᠲᠡᠷᠡ ᠡᠳᠦᠷ ᠢᠯᠢ ᠮᠥᠨ ᠯᠡ ᠡᠭᠦᠷ ᠦ᠋ᠨ ᠢ᠋ᠶ᠋ᠡᠨ ᠣᠷᠣᠢ ᠳ᠋ᠤ᠌ ᠱᠣᠩᠨᠣᠢᠨ ᠰᠠᠭᠤᠭᠠᠳ ᠵᠡᠭᠦᠨ ᠠᠢᠯ ᠤ᠋ᠨ ᠬᠡᠷᠡᠮ ᠢ᠋ ᠥᠩᠭᠡᠢᠨ ᠬᠠᠷᠠᠨ᠎ᠠ᠃ ᠰᠣᠨᠢᠷᠬᠠᠯᠲᠠᠢ ᠨᠢ ᠭᠡᠪᠡᠯ ᠲᠡᠷᠡ ᠡᠨᠡ ᠤᠳᠠᠭ᠎ᠠ ᠲᠡᠭᠡᠵᠦ ᠰᠡᠷᠪᠡᠭᠡᠨ ᠦ᠌ ᠦᠰᠦ ᠪᠡᠨ ᠪᠤᠰᠬᠠᠨ ᠳᠣᠭᠰᠢᠷᠠᠭᠰᠠᠨ ᠦᠭᠡᠢ ᠬᠠᠷᠢᠨ ᠰᠡᠭᠦᠯ ᠢ᠋ᠶ᠋ᠡᠨ ᠰᠢᠷᠪᠠᠯᠵᠠᠭᠤᠯᠤᠨ᠂ ᠵᠣᠪᠠᠨᠢᠬᠤ ᠮᠡᠲᠦ ᠬᠢᠩᠭᠢᠨᠡᠨ ᠭᠠᠰᠠᠯᠤᠨ᠎ᠠ᠃  
       ᠣᠷᠣᠢ ᠲᠡᠢᠰᠢ ᠪᠣᠯᠬᠤ ᠳ᠋ᠤ᠌ ᠢᠯᠢ ᠵᠡᠭᠦᠨ ᠠᠢᠯ ᠤ᠋ᠨ ᠬᠡᠷᠡᠮ ᠤᠷᠤᠭᠤ ᠦᠰᠦᠷᠦᠨ ᠣᠷᠣᠵᠤ ᠥᠨᠥᠴᠢᠨ ᠭᠥᠯᠥᠭᠡ ᠨᠦ᠍ᠭᠦᠳ ᠢ᠋ ᠥᠪᠡᠷ ᠦ᠋ᠨ ᠡᠭᠦᠷ ᠲᠡᠭᠡᠨ ᠵᠥᠭᠡᠭᠡᠵᠦ ᠪᠠᠢᠯ᠎ᠠ᠂ ᠨᠢᠭᠡ ᠭᠥᠯᠥᠭᠡ ᠨᠢ ᠦᠬᠦᠴᠢᠬᠡᠭᠰᠡᠨ ᠪᠠᠢᠬᠤ ᠳ᠋ᠤ᠌ ᠮᠥᠨ ᠵᠠᠭᠤᠭᠠᠳ ᠠᠪᠴᠢᠷᠠᠭᠰᠠᠨ ᠪᠠᠢᠯ᠎ᠠ᠃ 
       ᠢᠯᠢ ᠶ᠋ᠢᠨ ᠡᠯᠢᠭᠡᠨ ᠳ᠋ᠦ᠍ ᠠᠷᠪᠠᠨ ᠭᠥᠯᠥᠭᠡ ᠠᠪᠠᠭᠠᠨᠠᠯᠳᠤᠨ ᠬᠥᠬᠥᠨ ᠲᠣᠪᠴᠢ ᠶ᠋ᠢ ᠨᠢ ᠤᠷᠠᠵᠤ ᠲᠠᠰᠤᠳᠠᠮ᠎ᠠ ᠵᠤᠯᠭᠠᠭᠠᠨ᠎ᠠ᠃ ᠠᠷᠪᠠᠨ ᠭᠥᠯᠦᠭᠡᠨ ᠦ᠌ ᠪᠠᠭᠠᠰᠤ ᠰᠢᠭᠡᠰᠦ ᠶ᠋ᠢ ᠠᠮᠢᠰᠬᠤᠬᠤ ᠴᠢᠯᠥᠭᠡ ᠦᠭᠡᠢ ᠱᠠᠯᠴᠢᠭᠢᠨᠠᠭᠤᠯᠤᠨ ᠳᠣᠯᠢᠶᠠᠬᠤ ᠨᠢ ᠦᠷᠦ ᠡᠪᠡᠳᠦᠯᠲᠡᠢ ᠮᠥᠷᠲᠡᠭᠡᠨ ᠬᠥᠭᠡᠷᠦᠬᠦᠢᠯᠡᠯᠲᠡᠢ ᠬᠠᠷᠠᠭᠳᠠᠨ᠎ᠠ᠃ 
       ᠵᠡᠭᠦᠨ ᠠᠢᠯ ᠤ᠋ᠨ ᠠᠪᠠᠭᠠᠢ ᠡᠨᠡᠬᠦ ᠪᠠᠢᠳᠠᠯ ᠢ᠋ ᠬᠠᠷᠠᠭᠠᠳ ᠨᠢᠳᠦᠨ ᠳ᠋ᠡᠭᠡᠨ ᠨᠢᠯᠪᠤᠰᠤ ᠵᠠᠢᠷᠯᠠᠭᠤᠯᠤᠨ᠄《ᠶᠠᠮᠠᠷ ᠪᠤᠷᠬᠠᠨ ᠰᠡᠳᠬᠢᠯ ᠲᠡᠢ ᠠᠳᠤᠭᠤᠰᠤ ᠪᠣᠢ ᠡᠨᠡ ᠴᠢᠨᠢ! ᠠᠷᠪᠠᠨ ᠭᠥᠯᠥᠭᠡ ᠭᠥᠭᠦᠭᠦᠯᠦᠨ᠎ᠡ ᠰᠢᠦ ᠳᠡ᠂ ᠬᠣᠶᠠᠷ ᠠᠢᠯ ᠢ᠋ᠶ᠋ᠠᠷ ᠢ᠋ᠶ᠋ᠠᠨ ᠭᠠᠢᠭᠤᠢ ᠰᠠᠢᠨ ᠢᠳᠡᠭᠦᠯᠵᠦ ᠪᠠᠢᠶ᠎ᠠ》 ᠭᠡᠨ᠎ᠡ᠃  ᠲᠡᠭᠡᠭᠡᠳ ᠢᠯᠢ ᠮᠢᠨᠢ ᠥᠷᠥᠴᠡᠨ ᠳ᠋ᠡᠭᠡᠨ ᠠᠷᠪᠠᠨ ᠭᠥᠯᠥᠭᠡ ᠠᠪᠠᠭᠠᠨᠠᠭᠤᠯᠤᠨ ᠶᠠᠰᠤᠨ ᠬᠡᠯᠬᠢᠶ᠎ᠡ ᠪᠣᠯᠲᠠᠯ᠎ᠠ ᠡᠴᠡᠵᠦ ᠲᠤᠷᠠᠭᠰᠠᠨ ᠪᠣᠯᠪᠠᠴᠤ ᠥᠰᠢᠶᠡᠲᠡᠨ ᠦ᠌ ᠪᠡᠨ ᠦᠷ᠎ᠡ  ᠶ᠋ᠢ ᠥᠪᠡᠷ ᠦ᠋ᠨ ᠢ᠋ᠶ᠋ᠡᠨ ᠦᠷ᠎ᠡ ᠲᠡᠢ ᠬᠠᠮᠲᠤ ᠡᠩᠬᠦᠷᠡᠢᠯᠡᠨ ᠲᠡᠵᠢᠭᠡᠨ ᠠᠷᠪᠠᠨ ᠭᠥᠯᠥᠭᠡ ᠪᠡᠨ ᠮᠡᠨᠳᠦ ᠰᠠᠢᠬᠠᠨ ᠲᠣᠷᠨᠢᠭᠤᠯᠵᠤ ᠠᠰ ᠠᠰ ᠤ᠋ᠨ ᠬᠢᠨᠢ ᠡᠵᠡᠨ ᠳ᠋ᠦ᠍ ᠬᠦᠷᠭᠡᠨ ᠠᠷᠤ ᠠ᠋ᠴᠠ ᠨᠢ ᠭᠢᠩᠭᠢᠨᠡᠨ ᠭᠠᠰᠠᠯᠤᠭᠰᠠᠭᠠᠷ ᠬᠣᠴᠣᠷᠴᠤ ᠪᠠᠢᠭᠰᠠᠨ ᠪᠢᠯᠡ᠃ 
       ᠲᠡᠭᠡᠭᠡᠳ ᠢᠯᠢ ᠮᠢᠨᠢ ᠶᠣᠰᠣᠲᠠᠢ ᠬᠥᠮᠦᠨ ᠢ᠋ ᠭᠠᠢᠬᠠᠰᠢ ᠠᠯᠳᠠᠭᠤᠯᠵᠤ ᠦᠨᠡᠬᠡᠷ ᠴᠦ᠍ ᠨᠣᠬᠠᠳ ᠤ᠋ᠨ ᠳᠣᠲᠣᠷᠠᠬᠢ《ᠭᠠᠪᠢᠶᠠᠲᠤ ᠡᠬᠡ》᠂ ᠠᠳᠤᠭᠤᠰᠤᠨ ᠤ᠋ ᠳᠣᠲᠣᠷᠠᠬᠢ 《ᠨᠢᠩᠵᠢᠨ ᠰᠡᠳᠬᠢᠯᠲᠦ ᠠᠭᠤᠤ ᠶᠡᠬᠡ ᠡᠬᠡ》 ᠭᠡᠵᠦ ᠠᠯᠳᠠᠷ ᠮᠠᠨᠳᠤᠭᠰᠠᠨ ᠭᠠᠢᠬᠠᠯᠲᠠᠢ ᠨᠣᠬᠠᠢ ᠪᠣᠯᠵᠤ ᠳᠤᠷᠠᠰᠤᠭᠳᠠᠨ ᠦᠯᠡᠳᠡᠪᠡ᠃ 
       ᠬᠣᠶᠠᠳᠠᠬᠢ ᠦᠯᠢᠭᠡᠷ ᠭᠡᠪᠡᠯ᠄ 
       ᠲᠡᠷᠡ ᠵᠢᠯ ᠦ᠋ᠨ ᠵᠤᠨ ᠤ᠋ ᠠᠮᠠᠷᠠᠯᠲᠠ ᠶ᠋ᠢᠨ ᠦᠶ᠎ᠡ ᠳ᠋ᠦ᠍ ᠪᠢᠯᠡ᠃ 
       ᠮᠠᠨ ᠤ᠋ ᠪᠠᠢᠭᠤᠯᠭ᠎ᠠ ᠳ᠋ᠤ᠌ ᠰᠣᠨᠢᠨ ᠰᠡᠳᠬᠦᠯ ᠵᠠᠬᠢᠳᠠᠯ ᠴᠢᠮᠡᠭᠡ ᠶ᠋ᠢ ᠲᠤᠰᠬᠠᠢ ᠬᠠᠮᠢᠶᠠᠷᠳᠠᠭ ᠭᠣ᠊ ᠣᠪᠣᠭ ᠲᠠᠢ ᠡᠮᠡᠭᠲᠡᠢ ᠪᠠᠢᠭᠰᠠᠨ ᠶᠤᠮ᠃ 
       ᠲᠡᠳᠡᠨ ᠦ᠌ ᠳ᠋ᠦ᠍ ᠰᠠᠭᠰᠠᠭᠠᠷ ᠦᠰᠦ ᠲᠡᠢ ᠰᠢᠷ᠎ᠠ ᠭᠠᠷᠵᠢ ᠪᠣᠯᠤᠨ ᠪᠣᠷᠣ ᠠᠯᠠᠭ ᠭᠢᠴᠢᠢ ᠲᠡᠢ ᠬᠣᠶᠠᠷ ᠨᠣᠬᠠᠢ ᠪᠠᠢᠭᠰᠠᠨ ᠶᠤᠮ᠃ ᠶᠡᠷᠦ ᠡᠴᠡ ᠬᠥᠮᠦᠨ ᠊ ᠢ᠋ ᠬᠠᠵᠠᠵᠤ ᠬᠣᠷᠭᠣᠭᠣᠳᠠᠭ ᠦᠭᠡᠢ ᠶᠡᠬᠡᠯ᠎ᠡ ᠨᠣᠮᠣᠬᠠᠨ ᠨᠣᠬᠠᠳ ᠳᠠ᠃ 
       ᠨᠢᠭᠡ ᠡᠳᠦᠷ ᠪᠢ ᠵᠠᠬᠢᠶᠠᠯᠠᠭᠰᠠᠨ ᠨᠣᠮ ᠰᠡᠳᠬᠦᠯ ᠵᠠᠬᠢᠳᠠᠯ ᠴᠢᠮᠡᠭᠡ ᠶᠠᠭᠤ ᠪᠠᠢᠳᠠᠭ ᠪᠣᠯ ᠭᠡᠮᠡᠨ ᠲᠡᠳᠡᠨ ᠦ᠌ ᠳ᠋ᠦ᠍ ᠣᠴᠢᠯ᠎ᠠ᠃ ᠭᠡᠷ ᠲᠦ᠍ ᠨᠢ ᠣᠷᠣᠪᠠᠯ᠂ ᠭᠤ ᠪᠠᠭᠰᠢ ᠶ᠋ᠢᠨ ᠡᠪᠦᠭᠡᠨ ᠨᠢ ᠬᠠᠨᠵᠤᠨ ᠳᠡᠭᠡᠷ᠎ᠡ ᠪᠡᠨ ᠵᠢᠵᠢᠭ ᠳᠥᠷᠪᠡᠯᠵᠢᠨ ᠠᠶᠠᠭᠠᠨ ᠰᠢᠷᠡᠭᠡ ᠲᠠᠯᠪᠢᠵᠤ ᠯᠣᠬᠠᠱᠧᠩ ᠦ᠋ᠨ ᠦᠷ᠎ᠡ᠂ ᠳᠠᠪᠤᠰᠤᠯᠠᠭᠰᠠᠨ ᠮᠠᠨᠵᠢᠨ ᠲᠠᠯᠪᠢᠴᠢᠬᠠᠭᠠᠳ ᠬᠠᠷ᠎ᠠ ᠠᠷᠢᠬᠢ ᠰᠢᠮᠡᠵᠦ ᠰᠠᠭᠤᠨ᠎ᠠ᠃ 
       ᠭᠣ᠊ ᠪᠠᠭᠰᠢ ᠬᠠᠨᠵᠤᠨ ᠢᠷᠮᠡᠭ ᠲᠦ᠍ ᠰᠠᠨᠳᠠᠢᠯᠠᠵᠤ ᠰᠠᠭᠤᠭᠠᠳ ᠬᠣᠶᠠᠷ ᠨᠢᠳᠦ ᠨᠢ ᠤᠯᠠᠢᠴᠢᠬᠠᠭᠰᠠᠨ ᠨᠢᠯᠪᠤᠰᠤ ᠪᠠᠨ ᠵᠦᠯᠭᠦᠵᠦ ᠪᠠᠢᠯ᠎ᠠ᠃ 
       ᠡᠪᠦᠭᠡᠨ ᠬᠥᠭᠰᠢᠨ ᠬᠣᠶᠠᠷ ᠬᠡᠷᠡᠭᠦᠯ ᠬᠢᠵᠦ ᠮᠠᠭᠤᠳᠠᠯᠴᠠᠭᠰᠠᠨ ᠪᠣᠯᠤᠯᠲᠠᠢ ᠭᠡᠵᠦ ᠪᠣᠳᠣᠭᠠᠳ ᠴᠦᠯᠢᠰ ᠣᠷᠣᠵᠤ ᠣᠴᠢᠭᠰᠠᠨ ᠳ᠋ᠠᠭᠠᠨ ᠪᠠᠬᠠᠨ ᠡᠪᠭᠦᠢᠷᠡᠪᠡ᠃ ᠡᠪᠦᠭᠡᠨ ᠬᠥᠭᠰᠢᠨ ᠬᠣᠶᠠᠭᠤᠯᠠ ᠨᠠᠮ᠎ᠠ ᠶ᠋ᠢ ᠬᠠᠷᠠᠮᠠᠭᠴᠠ ᠪᠠᠨ᠄ 《ᠬᠥᠶᠢ᠂ ᠦ ᠪᠠᠭᠰᠢ ᠬᠦᠷᠦᠭᠡᠳ ᠢᠷᠡᠴᠢᠬᠡᠪᠡ ᠤᠤ ?ᠨᠠᠰᠢ ᠪᠠᠨ ᠰᠠᠭᠤ》 ᠭᠡᠵᠦ ᠬᠠᠨᠵᠤ ᠵᠦᠭ ᠲᠠᠲᠠᠵᠤ ᠰᠠᠭᠤᠯᠭᠠᠭᠠᠳ ᠭᠣ᠊ ᠡᠭᠡᠴᠢ᠄ 《ᠥᠨᠥᠳᠥᠷ ᠮᠠᠨ ᠤ᠋ ᠳ᠋ᠤ᠌ ᠵᠢᠭᠠᠬᠠᠨ ᠪᠠᠵᠠᠭᠠᠬᠤ ᠦᠭᠡᠢ ᠤᠴᠢᠷ ᠪᠣᠯᠤᠯ᠎ᠠ》 ᠭᠡᠳ ᠨᠠᠮ᠎ᠠ ᠶ᠋ᠢ ᠳᠤᠤᠭᠠᠷᠬᠤ ᠠ᠋ᠴᠠ ᠡᠮᠦᠨ᠎ᠡ ᠶᠠᠭᠠᠷᠠᠨ ᠬᠡᠯᠡᠭᠡᠳ᠄《ᠲᠠ ᠬᠠᠷᠠᠭᠠᠴᠢ!》 ᠭᠡᠳ ᠬᠦᠷᠢᠶᠡᠨ ᠵᠦᠭ ᠵᠢᠭᠠᠪᠠ᠃ ᠪᠢ ᠨᠡᠭᠡᠭᠡᠯᠲᠡᠲᠡᠢ ᠴᠣᠩᠬᠣ ᠪᠠᠷ ᠬᠦᠷᠢᠶᠡᠨ ᠳᠣᠲᠣᠷᠠᠬᠢ ᠶ᠋ᠢ ᠠᠵᠢᠭᠯᠠᠪᠠᠯ᠂ ᠬᠦᠷᠢᠶᠡᠨ ᠳ᠋ᠦ᠍ᠨᠢ ᠪᠠᠢᠭ᠎ᠠ ᠲᠣᠮᠣ ᠮᠣᠳᠣᠨ ᠤ᠋ ᠲᠠᠭᠠᠷᠢᠮᠠᠯ ᠦᠨᠳᠦᠰᠦᠨ ᠳ᠋ᠦ᠍ ᠨᠠᠭᠠᠯᠳᠤᠭᠰᠠᠨ ᠰᠢᠨᠡᠬᠡᠨ ᠴᠢᠰᠤ ᠨᠡᠯᠦᠢᠨ ᠬᠠᠷᠠᠯᠠᠵᠤ ᠢᠯᠠᠭ᠎ᠠ ᠴᠤᠭᠯᠠᠷᠠᠨ᠎ᠠ᠃ ᠪᠠᠷᠠᠭᠤᠨ ᠬᠡᠷᠡᠮ ᠦ᠋ᠨ ᠤᠭ ᠲᠤ᠌ ᠰᠢᠷ᠎ᠠ ᠭᠠᠷᠵᠢ ᠨᠢ ᠬᠠᠮᠠᠷ ᠠᠮᠠᠨ ᠠ᠋ᠴᠠ ᠨᠢ ᠴᠢᠰᠤ ᠭᠠᠷᠤᠭᠠᠳ ᠦᠬᠦᠴᠢᠬᠡᠭᠰᠡᠨ ᠬᠡᠪᠲᠡᠨ᠎ᠡ᠃ ᠬᠤᠪᠴᠠᠰᠤᠨ ᠤ᠋ ᠬᠢᠨᠢ ᠲᠡᠮᠦᠷ ᠡᠯᠭᠦᠭᠡ ᠳᠡᠭᠡᠷ᠎ᠡ ᠪᠣᠷᠣ ᠠᠯᠠᠭ ᠭᠢᠴᠢᠢ ᠶ᠋ᠢᠨ ᠬᠢᠨᠢ ᠨᠣᠢᠲᠠᠨ ᠠᠷᠠᠰᠤ ᠳᠡᠯᠭᠡᠭᠡᠲᠡᠢ ᠪᠠᠢᠭ᠎ᠠ ᠬᠠᠷᠠᠭᠳᠠᠨ᠎ᠠ᠃ 
      《ᠡᠨᠡ ᠴᠢᠨᠢ ᠶᠠᠭᠤ ᠪᠣᠯᠤᠭ᠎ᠠ ᠪᠣᠢ?》 ᠭᠡᠵᠦ ᠪᠢ ᠭᠠᠢᠬᠠᠨ ᠠᠰᠠᠭᠤᠪᠠ᠃ 
      《ᠨᠢᠭᠡ ᠨᠣᠬᠠᠢ ᠮᠢᠨᠢ ᠬᠣᠣᠷ ᠢᠳᠡᠵᠦ ᠦᠬᠦᠭᠡᠳ ᠨᠥᠭᠦᠭᠡ ᠨᠣᠬᠠᠢ ᠮᠢᠨᠢ ᠪᠡᠶ᠎ᠡ ᠪᠡᠨ ᠬᠣᠣᠷᠯᠠᠴᠢᠬᠠᠯ᠎ᠠ》 ᠭᠡᠵᠦ ᠭᠣ᠊ ᠡᠭᠡᠴᠢ ᠥᠭᠦᠯᠡᠪᠡ᠃ 
      《ᠠᠳᠤᠭᠤᠰᠤ ᠪᠠᠰᠠ ᠠᠮᠢ ᠪᠠᠨ ᠬᠣᠣᠷᠯᠠᠨ᠎ᠠ ᠭᠡᠨ᠎ᠡ᠂ ᠪᠠᠰᠠ ᠴᠤ᠌ ᠰᠣᠨᠢᠨ ᠤᠴᠢᠷ ᠪᠠᠢᠨ᠎ᠠ᠂ ᠶᠠᠭᠠᠬᠢᠭᠠᠳ ᠪᠢᠯᠡ?》 ᠭᠡᠵᠦ ᠪᠢ ᠪᠠᠬᠠᠨ ᠢᠲᠡᠭᠡᠵᠦ ᠶᠠᠳᠠᠨ ᠠᠰᠠᠭᠤᠪᠠ᠃ ᠭᠣ᠊ ᠡᠭᠡᠴᠢ ᠶ᠋ᠢᠨ ᠡᠪᠦᠭᠡᠨ᠄
      《ᠦᠨᠡᠨ ᠰᠢᠦ》 ᠭᠡᠳ ᠬᠤᠨᠳᠠᠭ᠎ᠠ ᠲᠠᠢ ᠠᠷᠢᠬᠢ ᠪᠠᠨ ᠬᠥᠨᠲᠥᠷᠦᠭᠰᠡᠨ ᠢ᠋ᠶ᠋ᠡᠨ᠄
      《ᠡᠨᠡ ᠬᠣᠶᠠᠷ ᠨᠣᠬᠠᠢ ᠶ᠋ᠢ ᠨᠢᠯᠬ᠎ᠠ ᠳ᠋ᠤᠨᠢ ᠬᠠᠮᠲᠤ ᠲᠡᠵᠢᠭᠡᠭᠰᠡᠨ ᠶᠦᠮ᠃ ᠡᠨᠡ ᠬᠣᠶᠠᠷ ᠨᠣᠬᠠᠢ ᠳᠤᠮᠳᠠ ᠠ᠋ᠴᠠ ᠪᠠᠨ ᠲᠠᠪᠤᠨ ᠡᠭᠦᠷ ᠭᠥᠯᠥᠭᠡ ᠭᠠᠷᠭᠠᠵᠤ ᠥᠩᠭᠡᠷᠡᠭᠰᠡᠨ᠃ ᠠᠵᠢᠷᠭᠠᠨ ᠤ᠋ ᠦᠶ᠎ᠡ ᠪᠣᠯᠪᠠᠯ ᠡᠨᠡ ᠬᠣᠶᠠᠷ ᠨᠣᠬᠠᠢ ᠠᠯᠢ ᠨᠢ ᠴᠦ᠍ ᠭᠡᠳ ᠪᠤᠰᠤᠳ ᠨᠣᠬᠠᠢ ᠲᠠᠢ ᠶᠡᠷᠦ ᠣᠢᠷᠠᠳᠳᠠᠭ ᠦᠭᠡᠢ᠂ ᠬᠣᠶᠠᠭᠤᠯᠠᠬᠠᠨ ᠢ᠋ᠶ᠋ᠠᠨ ᠬᠦᠷᠢᠶᠡᠨ ᠡᠴᠡ ᠴᠦ᠍ ᠭᠠᠷᠳᠠᠭ ᠦᠭᠡᠢ ᠶᠦᠮ᠂ ᠥᠨᠥ ᠥᠷᠯᠥᠭᠡ ᠠᠯᠠᠭ ᠭᠢᠴᠢᠢ ᠭᠠᠳᠠᠨ᠎ᠠ ᠬᠣᠣᠷ ᠢᠳᠡᠴᠢᠬᠡᠭᠰᠡᠨ ᠪᠣᠯᠤᠯᠲᠠᠢ᠂ ᠬᠦᠷᠢᠶᠡᠨ ᠳ᠋ᠡᠭᠡᠨ ᠭᠦᠶᠦᠵᠦ ᠣᠷᠣᠵᠤ ᠢᠷᠡᠭᠡᠳ ᠠᠢᠬᠤᠪᠲᠤᠷ ᠵᠣᠪᠠᠵᠤ ᠲᠠᠷᠴᠢᠯᠠᠵᠤ ᠪᠠᠢᠭᠰᠠᠭᠠᠷ ᠠᠮᠢᠰᠬᠤᠯ ᠲᠠᠰᠤᠷᠠᠪᠠ᠃ ᠡᠨᠡ ᠦᠶ᠎ᠡ ᠳ᠋ᠦ᠍ ᠰᠢᠷ᠎ᠠ ᠭᠠᠷᠵᠢ ᠬᠠᠮᠢᠭ᠎ᠠ ᠶᠠᠪᠤᠭᠰᠠᠨ ᠢ᠋ ᠪᠤᠤ ᠮᠡᠳᠡ᠂ ᠪᠠᠢᠬᠤ ᠦᠭᠡᠢ ᠪᠠᠢᠭᠰᠠᠨ ᠶᠤᠮ᠂ ᠮᠢᠨᠦ ᠬᠥᠯ ᠨᠢᠷᠤᠭᠤ ᠡᠪᠡᠳᠬᠦ ᠬᠠᠭᠤᠴᠢᠨ ᠲᠠᠢ ᠪᠣᠯᠬᠣᠷ ᠠᠯᠠᠭ ᠭᠢᠴᠢᠢ ᠶ᠋ᠢᠨ ᠠᠷᠠᠰᠤ ᠪᠠᠷ ᠡᠪᠦᠳᠦᠭᠴᠢ ᠬᠢᠵᠦ ᠵᠡᠭᠦᠬᠦ ᠴᠦ᠍ ᠶᠦᠮ ᠤᠤ ᠭᠡᠵᠦ ᠪᠣᠳᠣᠭᠠᠳ ᠠᠷᠠᠰᠤ ᠶ᠋ᠢ ᠨᠢ ᠬᠠᠭᠤᠯᠵᠤ ᠪᠠᠢᠲᠠᠯ᠎ᠠ ᠰᠢᠷ᠎ᠠ ᠭᠠᠷᠵᠢ ᠭᠠᠳᠠᠨ᠎ᠠ ᠠ᠋ᠴᠠ ᠣᠷᠣᠵᠤ ᠢᠷᠡᠭᠡᠳ ᠬᠠᠷᠠᠮᠠᠭᠴᠠ ᠪᠠᠨ ᠵᠢᠷᠦᠬᠡ ᠬᠠᠲᠠᠲᠠᠯ᠎ᠠ ᠵᠢᠬᠡᠭᠦᠨ ᠮᠠᠭᠤᠬᠠᠢ ᠭᠠᠰᠠᠯᠤᠨ ᠤᠷᠢᠯᠠᠭᠠᠳ ᠬᠦᠷᠢᠶᠡᠨ ᠳᠣᠲᠣᠭᠤᠷ ᠡᠷᠭᠢᠴᠡᠨ ᠭᠦᠶᠦᠵᠦ ᠪᠠᠢᠭᠰᠠᠭᠠᠷ ᠭᠡᠨᠡᠳᠲᠡ ᠡᠭᠦᠳᠡᠨ ᠭᠡᠷ ᠦ᠋ᠨ ᠲᠡᠮᠦᠷ ᠬᠠᠭᠠᠯᠭᠠᠨ ᠳ᠋ᠤ᠌ ᠲᠦᠰ ᠬᠢᠲᠡᠯ᠎ᠡ ᠮᠥᠷᠭᠥᠵᠦ ᠠᠪᠤᠭᠠᠳ ᠪᠣᠯᠤᠭᠰᠠᠨ ᠦᠭᠡᠢ ᠪᠣᠯᠬᠣᠷ ᠮᠣᠳᠣᠨ ᠤ᠋ ᠦᠨᠳᠦᠰᠦᠨ ᠵᠦᠭ ᠪᠡᠶ᠎ᠡ ᠪᠡᠨ ᠨᠤᠮᠤᠳᠠᠨ ᠠᠲᠤᠷᠢᠵᠤ ᠪᠠᠢᠭᠠᠳ ᠰᠠᠷᠢᠰᠤᠨ ᠬᠠᠮᠠᠷ ᠢ᠋ᠶ᠋ᠠᠷ ᠢ᠋ᠶ᠋ᠠᠨ ᠭᠠᠭᠴᠠᠬᠠᠨ ᠮᠥᠷᠭᠥᠵᠦ ᠣᠷᠬᠢᠯ᠎ᠠ᠃ ᠲᠡᠭᠡᠭᠡᠳ ᠯᠡ ᠳᠣᠣᠷ᠎ᠠ ᠪᠠᠨ ᠦᠬᠦᠴᠢᠬᠡᠭᠰᠡᠨ》 ᠭᠡᠵᠦ ᠶᠠᠷᠢᠯ᠎ᠠ᠃ 
       ᠭᠣ᠊ ᠡᠭᠡᠴᠢ᠄ 《ᠪᠢᠳᠡᠨ ᠢ᠋ ᠠᠯᠠᠭ ᠭᠢᠴᠢᠢ ᠶ᠋ᠢ ᠠᠯᠠᠴᠢᠬᠠᠭᠠᠳ ᠠᠷᠠᠰᠤ ᠶ᠋ᠢ ᠨᠢ ᠥᠪᠴᠢᠵᠦ ᠪᠠᠢᠨ᠎ᠠ ᠭᠡᠵᠦ ᠪᠣᠳᠣᠭᠰᠠᠨ ᠪᠠᠢᠬ᠎ᠠ ᠳᠠ᠃ ᠬᠥᠭᠡᠷᠦᠬᠦᠢ ᠠᠮᠢᠲᠠᠨ᠃ ᠢᠷᠡᠬᠦ ᠡᠴᠡ ᠨᠢ ᠤᠷᠢᠳ ᠠᠯᠠᠭ ᠭᠢᠴᠢᠢ ᠶ᠋ᠢᠨ ᠬᠡᠭᠦᠷ ᠢ᠋ ᠳᠠᠯᠳᠠ ᠣᠷᠣᠭᠤᠯᠴᠢᠬᠠᠬᠤ ᠦᠭᠡᠢ᠂ ᠠᠷᠠᠰᠤ ᠶ᠋ᠢ ᠨᠢ ᠠᠪᠬᠤ ᠭᠡᠳᠡᠭ ᠶᠣᠰᠣᠲᠠᠢ ᠪᠤᠷᠤᠭᠤ ᠶᠠᠪᠤᠳᠠᠯ ᠪᠣᠯᠤᠭᠰᠠᠨ》 ᠭᠡᠨ᠎ᠡ  ᠬᠠᠨᠢ ᠶ᠋ᠢᠨ ᠢ᠋ᠶ᠋ᠡᠨ ᠲᠥᠯᠥᠭᠡ ᠬᠠᠯᠠᠭᠤᠨ ᠠᠮᠢ ᠪᠠᠨ ᠬᠠᠷᠠᠮ ᠦᠭᠡᠢ ᠦᠷᠡᠭᠳᠡᠭᠦᠯᠦᠭᠰᠡᠨ《ᠰᠢᠳᠤᠷᠭᠤ ᠵᠢᠷᠤᠮᠲᠤ》 ᠨᠣᠬᠠᠢ ᠶ᠋ᠢᠨ ᠦᠯᠢᠭᠡᠷ ᠦᠨᠡᠨᠬᠦ ᠢᠩᠭᠢᠵᠦ ᠡᠭᠦᠰᠦᠭᠰᠡᠨ ᠪᠠᠢᠯ᠎ᠠ᠃ 
       ᠣᠳᠣ ᠨᠣᠬᠠᠢ ᠶ᠋ᠢᠨ ᠦᠯᠢᠭᠡᠷ ᠢ᠋ ᠡᠨᠳᠡ ᠬᠦᠷᠦᠭᠡᠳ ᠲᠡᠭᠦᠰᠬᠡᠵᠦ᠂ ᠬᠥᠮᠦᠨ ᠦ᠌ ᠦᠯᠢᠭᠡᠷ ᠡᠴᠡ ᠬᠡᠳᠦ ᠶ᠋ᠢ ᠵᠢᠱ᠌ᠢᠶ᠎ᠡ ᠲᠠᠲᠠᠶ᠎ᠠ᠃ 
       ᠭᠤᠷᠪᠠᠨ ᠬᠦᠦ ᠬᠣᠶᠠᠷ ᠥᠬᠢᠨ ᠲᠡᠢ ᠨᠢᠭᠡ ᠳᠠᠯᠠᠨ ᠨᠠᠢ᠍ᠮᠠᠲᠠᠢ ᠪᠤᠭᠤᠷᠤᠯ ᠨᠠᠰᠤᠲᠠᠨ ᠢ᠋ ᠲᠠᠪᠤᠨ ᠬᠡᠦᠬᠡᠳ ᠦ᠋ᠨ ᠬᠢᠨᠢ ᠬᠡᠨ ᠨᠢ ᠴᠦ᠍ ᠠᠰᠠᠷᠠᠨ ᠲᠡᠵᠢᠭᠡᠬᠦ ᠳᠤᠷ᠎ᠠ ᠦᠭᠡᠢ ᠤᠴᠢᠷ ᠠ᠋ᠴᠠ ᠠᠭᠤᠯᠠᠨ ᠭᠣᠣ ᠳ᠋ᠤ᠌ ᠨᠢᠭᠡᠨ ᠡᠪᠡᠰᠦᠨ ᠣᠪᠣᠬᠠᠢ ᠪᠠᠷᠢᠵᠤ ᠥᠭᠭᠦᠭᠡᠳ ᠭᠠᠭᠴᠠᠭᠠᠷ ᠢ᠋ ᠨᠢ ᠣᠷᠬᠢᠵᠤ᠂ ᠥᠯᠪᠡᠷᠦᠭᠦᠯᠵᠦ᠂ ᠲᠠᠭᠠᠷᠠᠭᠤᠯᠵᠤ᠂ ᠥᠨᠦᠴᠢᠷᠡᠭᠦᠯᠵᠦ ᠵᠣᠪᠠᠭᠠᠵᠤ ᠪᠠᠢᠭᠠᠳ ᠦᠨᠡᠨ ᠦ᠌ ᠭᠠᠵᠠᠷ ᠲᠤᠨᠢ ᠮᠣᠷᠳᠠᠭᠤᠯᠵᠠᠢ᠃ 
       ᠮᠥᠩᠭᠥᠨ ᠳ᠋ᠦ᠍ ᠰᠢᠨᠤᠯᠲᠠᠢ ᠨᠢᠭᠡᠨ ᠵᠠᠯᠠᠭᠤ ᠡᠬᠡ ᠲᠥᠷᠥᠭᠰᠡᠨ ᠬᠡᠦᠬᠡᠳ ᠢ᠋ᠶ᠋ᠡᠨ ᠰᠠᠷᠢᠭᠠᠴᠢᠨ ᠳ᠋ᠤ᠌ ᠬᠤᠳᠠᠯᠳᠤᠵᠤ ᠥᠭᠭᠦᠭᠡᠳ᠂ ᠠᠪᠠᠯᠢ ᠡᠷ᠎ᠡ ᠡᠴᠡ ᠪᠡᠨ ᠤᠷᠪᠠᠨ ᠵᠣᠭᠣᠰ ᠲᠠᠢ ᠡᠵᠡᠨᠲᠡᠨ ᠢ᠋ ᠳᠠᠭᠠᠭᠠᠳ ᠭᠠᠵᠠᠷ ᠤ᠋ᠨ ᠬᠣᠯᠠ ᠳ᠋ᠤ᠌ ᠵᠢᠯᠢᠢᠵᠡᠢ᠃ ᠶᠡᠬᠡ ᠮᠥᠩᠭᠥ ᠬᠣᠨᠵᠢᠬᠤ ᠶ᠋ᠢᠨ ᠲᠥᠯᠥᠭᠡ ᠬᠥᠮᠦᠨ ᠦ᠌ ᠨᠢᠯᠬ᠎ᠠ ᠦᠷᠡᠰ ᠢ᠋ ᠤᠤᠯᠭᠠᠯᠠᠨ ᠬᠤᠳᠠᠯᠳᠤᠵᠤ ᠦᠢ ᠣᠯᠠᠨ ᠡᠬᠡ ᠦᠷᠡᠰ ᠢ᠋ ᠬᠠᠭᠠᠴᠠᠯ ᠭᠤᠨᠢᠭ ᠤ᠋ᠨ ᠪᠠᠷᠠᠭᠠᠨ ᠮᠠᠨᠠᠨ ᠳ᠋ᠤ᠌ ᠵᠢᠪᠦᠭᠦᠯᠦᠭᠰᠡᠨ ᠬᠠᠷᠠᠰᠠᠯᠲᠤ ᠦᠯᠢᠭᠡᠷ ᠢ᠋ ᠥᠴᠥᠭᠡᠳᠦᠷᠬᠡᠨ ᠲᠧᠯᠸᠢᠰ ᠳᠡᠭᠡᠷ᠎ᠡ ᠲᠠᠯᠪᠢᠵᠤ ᠪᠠᠢᠬᠤ ᠶ᠋ᠢ ᠬᠠᠷᠠᠯ᠎ᠠ᠃ ᠡᠢᠮᠦᠷᠬᠦᠦ ᠦᠯᠢᠭᠡᠷ ᠦ᠋ᠳ ᠶᠡᠬᠡ ᠦᠨᠳᠦᠰᠦᠲᠡᠨ ᠦ᠌ ᠮᠢᠨᠢ ᠳᠣᠲᠣᠷ᠎ᠠ ᠠ᠋ᠴᠠ ᠲᠣᠭ᠎ᠠ ᠦᠭᠡᠢ ᠣᠯᠠᠨ ᠭᠠᠷᠴᠤ ᠪᠠᠢᠭ᠎ᠠ᠃ ᠠᠬᠤᠢ ᠨᠡᠢᠭᠡᠮ ᠦ᠋ᠨ ᠢ᠋ᠶ᠋ᠡᠨ ᠨᠥᠯᠥᠭᠡ ᠲᠤᠰᠬᠠᠯ ᠳ᠋ᠤ᠌ ᠳᠠᠩᠴᠤ ᠠᠮᠠᠷᠬᠠᠨ ᠨᠥᠯᠥᠭᠡᠯᠡᠭᠳᠡᠵᠦ ᠪᠠᠢᠳᠠᠭ ᠮᠣᠩᠭᠣᠯᠴᠤᠳ ᠤ᠋ᠨ ᠮᠢᠨᠢ ᠳᠣᠲᠣᠷ᠎ᠠ ᠠ᠋ᠴᠠ ᠮᠥᠨ ᠡᠢᠮᠦᠷᠬᠦᠦ ᠦᠯᠢᠭᠡᠷ ᠭᠠᠷᠬᠤ ᠪᠣᠢ ᠭᠡᠵᠦ ᠪᠣᠳᠣᠬᠤ ᠠ᠋ᠴᠠ ᠬᠤᠢᠬ᠎ᠠ ᠶ᠋ᠢᠨ ᠦᠰᠦ ᠪᠣᠰᠤᠮᠠᠷ ᠪᠣᠯᠬᠤ ᠶᠤᠮ᠃ 
       ᠬᠥᠮᠦᠨ ᠶᠠᠭᠠᠬᠢᠬᠤ ᠳ᠋ᠠᠭᠠᠨ ᠵᠠᠷᠢᠮ ᠦᠶ᠎ᠡ ᠳ᠋ᠦ᠍ ᠠᠳᠤᠭᠤᠰᠤ ᠶ᠋ᠢ ᠴᠦ᠍ ᠬᠦᠷᠬᠦ ᠥᠬᠡᠢ ᠪᠣᠯᠴᠢᠬᠠᠳᠠᠭ ᠪᠣᠢ? 
       ᠠᠵᠤ ᠠᠬᠤᠢ ᠶ᠋ᠢᠨ ᠨᠡᠢᠭᠡᠮ ᠦ᠋ᠨ ᠬᠥᠭᠵᠢᠯᠲᠡ ᠶ᠋ᠢᠨ ᠬᠠᠨᠳᠤᠰᠢ ᠭᠡᠳᠡᠭ ᠪᠣᠯ ᠬᠥᠮᠦᠨ ᠪᠠᠢᠭᠠᠯᠢ ᠲᠠᠢ ᠪᠠᠨ ᠡᠶ᠎ᠡ ᠵᠣᠬᠢᠴᠠᠩᠭᠤᠢ ᠣᠷᠣᠰᠢᠨ ᠲᠣᠭᠲᠠᠨᠢᠵᠤ᠂ ᠤᠯᠤᠰ ᠠᠷᠠᠳ ᠢ᠋ᠶ᠋ᠠᠨ ᠪᠠᠶᠠᠵᠢᠨ ᠴᠢᠨᠡᠭᠡᠯᠢᠭᠵᠢᠭᠦᠯᠵᠦ ᠬᠥᠭᠵᠢᠯ ᠪᠠᠳᠠᠷᠠᠯ ᠤ᠋ᠨ ᠳᠡᠭᠡᠳᠦ ᠳ᠋ᠦ᠍ ᠬᠦᠷᠬᠦ ᠭᠡᠰᠡᠨ ᠡᠴᠡ ᠪᠢᠰᠢ ᠬᠠᠷᠢᠨ ᠬᠥᠮᠦᠨ ᠲᠥᠷᠥᠯᠬᠢᠲᠡᠨ ᠢ᠋ ᠣᠶᠤᠨ ᠰᠦᠨᠡᠰᠦ ᠪᠡᠨ ᠠᠯᠲᠠ ᠮᠥᠩᠭᠥ ᠪᠡᠷ ᠵᠣᠯᠢᠶᠠᠰᠤᠯᠠᠨ᠎ᠠ ᠭᠡᠰᠡᠨ ᠤᠴᠢᠷ ᠣᠭᠲᠣ ᠪᠢᠰᠢ ᠪᠠᠢᠬᠤ ᠶᠣᠰᠣᠲᠠᠢ᠃ ᠠᠳᠤᠭᠤᠰᠤᠨ ᠳ᠋ᠤ᠌ ᠬᠥᠮᠦᠨ ᠦ᠌ ᠴᠢᠨᠠᠷ ᠰᠢᠩᠭᠡᠭᠰᠡᠨ ᠪᠠᠢᠬᠤ ᠳ᠋ᠤ᠌ ᠬᠥᠮᠦᠨ ᠳ᠋ᠦ᠍ ᠬᠠᠷᠢᠨ ᠠᠳᠤᠭᠤᠰᠤᠨ ᠤ᠋ ᠴᠢᠨᠠᠷ ᠬᠦᠪᠦᠷᠡᠵᠦ ᠪᠠᠢᠳᠠᠭ ᠢ᠋ ᠴᠣᠬᠣᠮ ᠳ᠋ᠠᠭᠠᠨ ᠬᠥᠮᠦᠨ ᠲᠥᠷᠥᠯᠬᠢᠲᠡᠨ ᠦ᠌ ᠬᠥᠭᠵᠢᠯᠲᠡ ᠭᠡᠯᠲᠡᠢ ᠤᠤ᠂ ᠤᠷᠤᠭᠤᠳᠠᠯ ᠭᠡᠯᠲᠡᠢ ᠤᠤ?  ᠵᠠᠢᠯᠠᠭᠤᠯ ᠴᠠᠰᠢ ᠪᠠᠨ᠁  

                         2010 ᠣᠨ ᠳ᠋ᠤ᠌ ᠬᠥᠬᠡᠬᠣᠲᠠᠨ᠎ᠠ