ᠮᠢᠨᠦ ᠰᠠᠢᠬᠠᠨ ᠡᠵᠢ -ᠭ ᠠᠩᠬᠢᠯᠤᠭᠤᠨ G.Anhiluun_Minii saihan eejМиний сайхан ээж-Г Анхилуун
ᠮᠢᠨᠦ ᠰᠠᠢᠬᠠᠨ ᠡᠵᠢ
ᠦᠭᠡ᠄ ᠳ᠋ᠠ᠊᠂ ᠴᠣᠯᠮᠣᠨ
ᠠᠶ᠎ᠠ᠄ ᠳ᠋ᠠ᠊᠂ ᠲᠦᠪᠰᠢᠨᠴᠣᠭᠲᠤ
ᠳᠠᠭᠤᠴᠢᠨ᠄ ᠭ᠂ ᠠᠩᠬᠢᠯᠤᠭᠤᠨ
ᠴᠠᠭᠠᠨ ᠰᠦ᠋ ᠪᠡᠨ ᠲᠩᠷᠢ ᠳ᠋ᠦ᠍ ᠡᠷᠭᠦᠭᠰᠡᠨ
ᠴᠠᠢᠯᠭᠠᠨ ᠰᠡᠳᠬᠢᠯᠲᠦ ᠰᠠᠢᠬᠠᠨ ᠡᠵᠢ ᠮᠢᠨᠢ
ᠠᠩᠭᠢᠷ ᠤᠭᠤᠷᠠᠭ ᠢ᠋ᠶ᠋ᠠᠨ ᠦᠷ᠎ᠡ ᠳ᠋ᠦ᠍ ᠪᠡᠨ ᠠᠮᠠᠯᠠᠭᠤᠯᠤᠭᠰᠠᠨ
ᠠᠮᠢᠳᠤ ᠪᠤᠷᠬᠠᠨ ᠰᠢᠭ᠋ ᠰᠠᠢᠬᠠᠨ ᠡᠵᠢ ᠮᠢᠨᠢ
ᠴᠠᠭ ᠴᠠᠭ ᠤ᠋ᠨ ᠴᠠᠯᠭᠢᠶᠠᠨ ᠳ᠋ᠤ᠌ ᠨᠢ
ᠰᠢᠷᠭᠢᠭᠡ ᠨᠢ ᠦᠭᠡᠢ ᠪᠤᠯᠠᠭ ᠰᠢᠭ᠋
ᠬᠣᠨᠣᠭ ᠬᠣᠨᠣᠭ ᠤ᠋ᠨ ᠤᠷᠤᠰᠬᠠᠯ ᠳ᠋ᠤ᠌ ᠮᠢᠨᠢ
ᠬᠤᠪᠢᠷᠠᠭ᠎ᠠ ᠨᠢ ᠦᠭᠡᠢ ᠡᠵᠢ ᠮᠢᠨᠢ
ᠤᠷᠲᠤ ᠨᠠᠰᠤᠯᠠᠭᠠᠷᠠᠢ᠂ ᠤᠳᠠᠭᠠᠨ ᠵᠢᠷᠭᠠᠭᠠᠷᠠᠢ
ᠣᠳᠣᠨ ᠢ᠋ᠶ᠋ᠠᠨ ᠲᠣᠭᠣᠷᠢᠭᠤᠯᠤᠭᠰᠠᠨ ᠰᠠᠷᠠᠨ ᠰᠢᠭ᠋
ᠣᠷᠴᠢᠯᠠᠩ ᠳ᠋ᠤ᠌ ᠭᠠᠭᠴᠠᠬᠠᠨ ᠰᠠᠢᠬᠠᠨ ᠡᠵᠢ ᠮᠢᠨᠢ
ᠠᠴᠢᠲᠤ ᠰᠤᠷᠭᠠᠯ ᠢ᠋ᠶ᠋ᠠᠨ ᠨᠠᠳᠠ ᠳ᠋ᠤ᠌ ᠪᠠᠨ ᠬᠠᠢᠷᠠᠯᠠᠭᠰᠠᠨ
ᠠᠯᠲᠠᠨ ᠨᠠᠷᠠ ᠰᠢᠭ᠋ ᠰᠠᠢᠬᠠᠨ ᠡᠵᠢ ᠮᠢᠨᠢ
ᠴᠠᠭ ᠴᠠᠭ ᠤ᠋ᠨ ᠴᠠᠯᠭᠢᠶᠠᠨ ᠳ᠋ᠤ᠌ ᠨᠢ
ᠰᠢᠷᠭᠢᠭᠡ ᠨᠢ ᠦᠭᠡᠢ ᠪᠤᠯᠠᠭ ᠰᠢᠭ᠋
ᠬᠣᠨᠣᠭ ᠬᠣᠨᠣᠭ ᠤ᠋ᠨ ᠤᠷᠤᠰᠬᠠᠯ ᠳ᠋ᠤ᠌ ᠨᠢ
ᠬᠤᠪᠢᠷᠠᠭ᠎ᠠ ᠨᠢ ᠦᠭᠡᠢ ᠡᠵᠢ ᠮᠢᠨᠢ
ᠤᠷᠲᠤ ᠨᠠᠰᠤᠯᠠᠭᠠᠷᠠᠢ᠂ ᠤᠳᠠᠭᠠᠨ ᠵᠢᠷᠭᠠᠭᠠᠷᠠᠢ
ᠴᠠᠭᠠᠨ ᠰᠦ᠋ ᠪᠡᠨ ᠲᠩᠷᠢ ᠳ᠋ᠦ᠍ ᠡᠷᠭᠦᠭᠰᠡᠨ
ᠴᠠᠢᠯᠭᠠᠨ ᠰᠡᠳᠬᠢᠯᠲᠦ ᠰᠠᠢᠬᠠᠨ ᠡᠵᠢ ᠮᠢᠨᠢ
ᠠᠩᠭᠢᠷ ᠤᠭᠤᠷᠠᠭ ᠢ᠋ᠶ᠋ᠠᠨ ᠦᠷ᠎ᠡ ᠳ᠋ᠦ᠍ ᠪᠡᠨ ᠠᠮᠠᠯᠠᠭᠤᠯᠤᠭᠰᠠᠨ
ᠠᠮᠢᠳᠤ ᠪᠤᠷᠬᠠᠨ ᠰᠢᠭ᠋ ᠰᠠᠢᠬᠠᠨ ᠡᠵᠢ ᠮᠢᠨᠢ
ᠴᠠᠭ ᠴᠠᠭ ᠤ᠋ᠨ ᠴᠠᠯᠭᠢᠶᠠᠨ ᠳ᠋ᠤ᠌ ᠨᠢ
ᠰᠢᠷᠭᠢᠭᠡ ᠨᠢ ᠦᠭᠡᠢ ᠪᠤᠯᠠᠭ ᠰᠢᠭ᠋
ᠬᠣᠨᠣᠭ ᠬᠣᠨᠣᠭ ᠤ᠋ᠨ ᠤᠷᠤᠰᠬᠠᠯ ᠳ᠋ᠤ᠌ ᠨᠢ
ᠬᠤᠪᠢᠷᠠᠭ᠎ᠠ ᠨᠢ ᠦᠭᠡᠢ ᠡᠵᠢ ᠮᠢᠨᠢ
ᠤᠷᠲᠤ ᠨᠠᠰᠤᠯᠠᠭᠠᠷᠠᠢ᠂ ᠤᠳᠠᠭᠠᠨ ᠵᠢᠷᠭᠠᠭᠠᠷᠠᠢ
ᠴᠠᠭ ᠴᠠᠭ ᠤ᠋ᠨ ᠴᠠᠯᠭᠢᠶᠠᠨ ᠳ᠋ᠤ᠌ ᠨᠢ
ᠰᠢᠷᠭᠢᠭᠡ ᠨᠢ ᠦᠭᠡᠢ ᠪᠤᠯᠠᠭ ᠰᠢᠭ᠋
ᠬᠣᠨᠣᠭ ᠬᠣᠨᠣᠭ ᠤ᠋ᠨ ᠤᠷᠤᠰᠬᠠᠯ ᠳ᠋ᠤ᠌ ᠨᠢ
ᠬᠤᠪᠢᠷᠠᠭ᠎ᠠ ᠨᠢ ᠦᠭᠡᠢ ᠡᠵᠢ ᠮᠢᠨᠢ
ᠤᠷᠲᠤ ᠨᠠᠰᠤᠯᠠᠭᠠᠷᠠᠢ᠂ ᠤᠳᠠᠭᠠᠨ ᠵᠢᠷᠭᠠᠭᠠᠷᠠᠢ
ᠤᠷᠲᠤ ᠨᠠᠰᠤᠯᠠᠭᠠᠷᠠᠢ᠂ ᠤᠳᠠᠭᠠᠨ ᠵᠢᠷᠭᠠᠭᠠᠷᠠᠢ
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
