ᠬᠥᠬᠡ ᠡᠪᠦᠭᠡᠳ-ᠪ᠊ · ᠲᠦᠪᠰᠢᠨХөх өвгөд-Б ·Төвшин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠡᠪᠦᠭᠡᠳ-ᠪ᠊ · ᠲᠦᠪᠰᠢᠨХөх өвгөд-Б ·Төвшин

ᠬᠥᠬᠡ ᠡᠪᠦᠭᠡᠳ-ᠪ᠊ · ᠲᠦᠪᠰᠢᠨХөх өвгөд-Б ·Төвшин

2026-07-28

1

ᠬᠥᠬᠡ ᠡᠪᠦᠭᠡᠳ


           ᠦᠭᠡ᠄ ᠪ᠊ · ᠲᠦᠪᠰᠢᠨ 
           ᠤᠶᠠᠩᠭᠠᠯᠠᠭᠴᠢ᠄ ᠤᠷᠠᠩᠬᠤᠸᠠᠷ 

ᠬᠥᠬᠡᠮᠳᠦᠭ ᠠᠭᠤᠯᠠᠰ ᠨᠢ ᠵᠠᠯᠭᠠᠯᠳᠤᠨ ᠥᠷᠭᠡᠨ ᠬᠠᠩᠭᠠᠢ ᠪᠠᠶᠠᠰᠬᠤ ᠳ᠋ᠤ᠌ 
ᠬᠥᠬᠡ ᠡᠪᠦᠭᠡᠳ ᠦ᠋ᠨ ᠵᠠᠬᠢᠶᠠᠰᠤ ᠠᠮᠠᠷᠠᠭ ᠨᠢᠳᠦ ᠶ᠋ᠢ ᠮᠢᠨᠢ ᠵᠠᠢᠷᠲᠤᠭᠤᠯᠳᠠᠭ 
ᠬᠠᠯᠠᠭᠤᠨ ᠵᠢᠷᠦᠬᠡᠨ ᠦ᠌ ᠰᠤᠳᠠᠰᠤ ᠮᠥᠷᠥᠭᠡᠳᠦᠯ ᠦ᠋ᠨ ᠠᠢᠵᠠᠮ ᠢ᠋ᠶ᠋ᠠᠷ ᠴᠣᠬᠢᠯᠠᠬᠤ ᠳ᠋ᠤ᠌ 
ᠬᠠᠢᠷᠠᠲᠠᠢ ᠨᠤᠲᠤᠭ ᠮᠢᠨᠢ ᠨᠠᠯᠠᠢᠨ ᠬᠥᠭᠰᠡᠬᠦ ᠰᠡᠳᠬᠢᠯ ᠢ᠋ ᠳᠣᠭᠳᠣᠯᠤᠭᠤᠯᠳᠠᠭ 

ᠤᠯᠠᠷᠢᠯ ᠤ᠋ᠨ ᠳᠥᠷᠪᠡᠨ ᠥᠩᠭᠡ ᠶ᠋ᠢ ᠡᠷᠬᠡᠯᠡᠭᠦᠯᠦᠨ ᠨᠠᠮᠲᠠᠷᠯᠠᠵᠤ 
ᠡᠭᠡᠯ ᠪᠣᠷᠣᠬᠠᠨ ᠠᠮᠢᠳᠤᠷᠠᠯ ᠢ᠋ᠶ᠋ᠠᠨ ᠲᠡᠩᠴᠡᠭᠦᠬᠡᠨ ᠡᠭᠦᠷᠴᠦ 
ᠦᠷ᠎ᠡ ᠬᠡᠦᠬᠡᠳ ᠢ᠋ᠶ᠋ᠡᠨ ᠥᠰᠬᠡᠭᠰᠡᠨ 
ᠦᠨᠡᠨ ᠦ᠌ ᠮᠥᠷ ᠲᠡᠢ ᠳᠣᠮᠣᠭᠲᠤ ᠬᠥᠬᠡ ᠪᠤᠭᠤᠷᠤᠯᠴᠤᠳ ᠮᠢᠨᠢ

ᠣᠲᠣᠷ ᠤ᠋ᠨ ᠳᠡᠨᠵᠢ ᠶ᠋ᠢ ᠬᠥᠭᠰᠡᠲᠡᠯ᠎ᠡ ᠢᠰᠬᠡᠷᠴᠦ
ᠣᠭᠲᠠᠷᠭᠤᠢ ᠶ᠋ᠢᠨ ᠣᠳᠣᠳ ᠢ᠋ ᠬᠡᠬᠡᠷᠡᠲᠡᠯ᠎ᠡ ᠲᠣᠭᠠᠯᠠᠵᠤ
ᠤᠷᠭᠠᠨ ᠤ᠋ ᠲᠠᠩᠨᠠᠢ ᠶ᠋ᠢ  ᠰᠢᠯᠪᠤᠯᠵᠤ ᠦᠵᠡᠭᠡ ᠦᠭᠡᠢ
ᠠᠭᠤᠳᠠᠮ ᠲᠠᠯ᠎ᠠ ᠶ᠋ᠢᠨ ᠠᠳᠤᠭᠤᠴᠢᠨ ᠰᠠᠯᠬᠢ ᠮᠢᠨᠢ

ᠳᠣᠪᠣ ᠶ᠋ᠢᠨ ᠡᠩᠭᠡᠷ ᠲᠦ᠍ ᠡᠮᠡᠭᠡᠯ ᠳᠡᠭᠡᠷ᠎ᠡ ᠪᠡᠨ ᠬᠠᠵᠠᠭᠤᠯᠳᠠᠵᠤ
ᠲᠣᠬᠣᠮ ᠴᠠᠭᠠᠨ ᠡᠭᠦᠯᠡᠰ ᠢ᠋ᠶ᠋ᠡᠨ ᠰᠡᠮᠡᠷᠡᠲᠡᠯ᠎ᠡ ᠰᠢᠷᠳᠡᠵᠦ
ᠬᠣᠲᠠᠨ ᠤ᠋ ᠪᠠᠨ ᠠᠢᠯ ᠠ᠋ᠴᠠ ᠬᠣᠯᠠᠳᠠᠵᠤ ᠶᠠᠪᠤᠭ᠎ᠠ ᠦᠭᠡᠢ
ᠬᠥᠨᠳᠡᠢ ᠭᠣᠪᠢ ᠶ᠋ᠢᠨ ᠬᠣᠨᠢᠴᠢᠨ ᠠᠪᠤ ᠮᠢᠨᠢ

ᠦᠯᠢᠭᠡᠷ ᠦ᠋ᠨ ᠴᠤᠪᠤᠭ᠎ᠠ ᠪᠠᠷ ᠬᠥᠲᠥᠯᠦᠭᠳᠡᠨ
ᠮᠣᠢᠯ ᠤ᠋ᠨ ᠰᠢᠯᠪᠢᠭᠦᠷ ᠢ᠋ᠶ᠋ᠡᠨ ᠴᠢᠯᠡᠲᠡᠯ᠎ᠡ ᠴᠢᠷᠴᠦ
ᠠᠷᠭᠠᠯ ᠤ᠋ᠨ ᠦᠨᠦᠷ ᠡᠴᠡ ᠵᠠᠢᠳᠠᠵᠤ ᠴᠢᠳᠠᠭ᠎ᠠ ᠦᠭᠡᠢ
ᠠᠭᠯᠠᠭ ᠬᠡᠭᠡᠷ᠎ᠡ ᠶ᠋ᠢᠨ ᠦᠬᠡᠷᠴᠢᠨ ᠲᠡᠦᠬᠡ ᠮᠢᠨᠢ

ᠬᠠᠯᠠᠭᠤᠨ ᠲᠥᠭᠡᠨᠡᠭᠰᠡᠨ ᠡᠳᠦᠷ ᠦ᠋ᠨ ᠤᠷᠲᠤ ᠳ᠋ᠤ᠌
ᠭᠣᠯᠢᠶᠠᠨ ᠳᠠᠭᠤ ᠶ᠋ᠢ ᠰᠢᠩᠭᠡᠷᠡᠲᠡᠯ᠎ᠡ ᠴᠢᠩᠨᠠᠵᠤ
ᠡᠷᠢᠯ ᠰᠤᠷᠠᠭ ᠠ᠋ᠴᠠ ᠤᠬᠤᠷᠢᠵᠤ ᠰᠠᠭᠤᠭ᠎ᠠ ᠦᠭᠡᠢ
ᠡᠯᠡᠰᠦ ᠮᠠᠩᠬᠠᠨ ᠤ᠋ ᠲᠡᠮᠡᠭᠡᠴᠢᠨ ᠰᠤᠳᠤᠷ ᠮᠢᠨᠢ

ᠬᠠᠳᠠᠨ ᠤ᠋ ᠴᠣᠬᠢᠶ᠎ᠠ ᠪᠠᠷ ᠮᠠᠴᠤᠯᠬᠢᠯᠠᠨ
ᠭᠤᠲᠤᠯ ᠤ᠋ᠨ ᠤᠯᠠ ᠪᠠᠨ ᠡᠯᠡᠭᠡᠲᠡᠯ᠎ᠡ ᠭᠦᠶᠦᠵᠦ
ᠭᠠᠯ ᠤ᠋ᠨ ᠣᠩᠭᠣᠨ ᠢ᠋ᠶ᠋ᠠᠨ ᠣᠷᠬᠢᠵᠤ ᠮᠠᠷᠲᠠᠭ᠎ᠠ ᠦᠭᠡᠢ
ᠬᠠᠰᠢᠷ ᠰᠠᠭᠤᠭᠰᠠᠨ ᠢᠮᠠᠭᠠᠴᠢᠨ ᠡᠪᠦᠭᠡ ᠮᠢᠨᠢ

ᠮᠥᠩᠬᠡ ᠶ᠋ᠢᠨ ᠴᠠᠳᠢᠭ ᠲᠠᠢ ᠬᠠᠵᠠᠭᠠᠷ ᠨᠣᠭᠲᠣ ᠪᠠᠨ
ᠬᠠᠨ᠎ᠠ ᠶ᠋ᠢᠨ ᠲᠣᠯᠣᠭᠠᠢ ᠳ᠋ᠤ᠌ ᠡᠯᠭᠦᠵᠦ ᠬᠠᠳᠠᠭᠠᠯᠠᠭᠰᠠᠨ
ᠮᠥᠩᠭᠥᠨ ᠪᠠᠭᠠᠪᠤᠷ ᠲᠠᠢ ᠽᠠᠨᠳᠠᠨ ᠡᠮᠡᠭᠡᠯ ᠢ᠋ᠶ᠋ᠡᠨ
ᠪᠠᠷᠠᠭᠤᠨ ᠭᠠᠷ ᠲᠠᠭᠠᠨ ᠲᠣᠬᠣᠢᠯᠠᠵᠤ ᠠᠯᠬᠤᠭᠰᠠᠨ

ᠬᠥᠪᠴᠢᠨ ᠳᠡᠯᠡᠬᠡᠢ ᠶ᠋ᠢᠨ ᠨᠣᠶᠠᠨ ᠨᠢᠷᠤᠭᠤᠨ ᠳ᠋ᠤ᠌
ᠬᠦᠯᠦᠭ ᠮᠣᠷᠢ ᠲᠠᠢ ᠪᠠᠨ ᠡᠵᠡᠨ ᠶᠠᠪᠤᠭᠰᠠᠨ
ᠬᠦᠷᠡᠩ ᠠᠭᠤᠯᠠ ᠰᠢᠭ᠋ ᠨᠤᠲᠤᠭ ᠤ᠋ᠨ ᠬᠡᠢᠮᠣᠷᠢ 
ᠬᠥᠳᠥᠰᠥᠨ ᠳᠡᠪᠡᠯ ᠲᠡᠢ ᠬᠥᠬᠡ ᠡᠪᠦᠭᠡᠳ ᠮᠢᠨᠢ ᠠ᠋         
ᠬᠥᠬᠡ ᠡᠪᠦᠭᠡᠳ ᠮᠢᠨᠢ ᠠ᠋᠃

       ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
       ᠦᠰᠦᠭ ᠬᠠᠳᠠᠭᠴᠢ᠄ ᠪᠠᠢ᠂ ᠰᠠᠷᠠᠨ᠎ᠠ
       ᠬᠢᠨᠠᠭᠴᠢ᠄ ᠰᠣᠨᠢᠨᠪᠠᠶᠠᠷ