ᠪᠠᠲᠤ ᠬᠠᠭᠠᠨ 2-16ᠠᠶᠤᠯᠲᠤ ᠰᠥᠨᠢ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ
ᠠᠷᠪᠠᠨ ᠵᠢᠷᠭᠤᠭ᠎ᠠ ᠠᠶᠤᠯᠲᠤ ᠰᠥᠨᠢ
ᠦᠳᠡᠰᠢ ᠪᠣᠯᠬᠤ ᠳ᠋ᠤ᠌ ᠲᠡᠭᠷᠢ ᠤᠯᠠᠮ ᠮᠠᠭᠤᠳᠠᠭᠰᠠᠭᠠᠷ ᠢᠵᠢᠯ ᠮᠥᠷᠡᠨ ᠣᠪᠣᠯᠵᠠᠵᠤ ᠳᠠᠪᠠᠯᠭᠠᠨ ᠨᠢ ᠡᠷᠭᠢ ᠪᠡᠨ ᠡᠪᠳᠡᠯᠡᠨ ᠴᠣᠬᠢᠬᠤ ᠳ᠋ᠤ᠌ ᠰᠠᠯᠬᠢ ᠠᠰᠠᠷ ᠤ᠋ᠳ ᠢ᠋ ᠰᠡᠭᠰᠡᠴᠢᠨ ᠤᠰᠤᠨ ᠳ᠋ᠤ᠌ ᠬᠠᠶᠠᠬᠤ ᠶ᠋ᠢ ᠣᠷᠣᠯᠳᠣᠬᠤ ᠰᠢᠭ᠋ ᠪᠠᠢᠯ᠎ᠠ᠃ ᠪᠣᠷᠣᠭᠠᠨ ᠤ᠋ ᠤᠰᠤ ᠲᠠᠲ᠋ᠠᠷ ᠤ᠋ᠨ ᠯᠠᠭ᠌ᠸᠷ ᠢ᠋ ᠠᠪᠴᠠᠢ᠃ ᠬᠥᠨᠥᠭᠡᠯᠲᠦ ᠣᠷᠣᠰ ᠤ᠋ᠨ ᠮᠠᠩᠭᠤᠰ ᠨᠠᠷ ᠢ᠋ ᠴᠡᠷᠢᠭ ᠦ᠋ᠳ ᠬᠠᠷᠢᠶᠠᠵᠤ ᠰᠢᠭᠤᠷᠭ᠎ᠠ ᠰᠢᠭᠤᠷᠭᠠᠯᠠᠵᠤ ᠪᠢᠳᠡᠨ ᠢ᠋ ᠤᠭᠲᠤᠪᠠ ᠭᠡᠵᠦ ᠵᠠᠨᠤᠵᠠᠭᠠᠵᠤ ᠪᠠᠢᠯ᠎ᠠ᠃ ᠠᠰᠠᠷ ᠤ᠋ᠨ ᠳᠣᠲᠣᠷ᠎ᠠ
ᠦᠰᠦᠭ ᠠᠮᠢᠯᠠᠭᠤᠯᠤᠭᠴᠢ᠄ ᠠᠯᠲᠠᠨᠴᠢᠮᠡᠭ
ᠬᠢᠨᠠᠭᠴᠢ᠄ ᠠᠷᠢᠭᠤᠨ᠂ ᠠᠯᠲᠠᠨᠴᠢᠮᠡᠭ
ᠬᠦᠢᠲᠡᠨ ᠨᠣᠢᠲᠠᠨ ᠪᠣᠯᠤᠭᠠᠳ ᠤᠢᠳᠬᠠᠷᠲᠠᠢ᠂ ᠳᠡᠭᠡᠷᠡᠬᠢ ᠣᠩᠭᠣᠷᠬᠠᠢ ᠶ᠋ᠢ ᠢᠰᠡᠭᠡᠢ ᠪᠡᠷ ᠪᠢᠲᠡᠭᠦᠯᠡᠪᠡᠴᠦ ᠭᠡᠷᠡᠯᠲᠦᠭᠦᠯᠬᠦ ᠵᠤᠯᠠ ᠶ᠋ᠢᠨ ᠲᠠᠯᠪᠢᠭᠤᠷ ᠤ᠋ᠳ ᠰᠠᠯᠬᠢᠨ ᠤ᠋ ᠦᠯᠢᠶᠡᠬᠦ ᠲᠣᠭ᠎ᠠ ᠪᠠᠷ ᠭᠠᠩᠬᠤᠯᠵᠠᠭᠠᠳ ᠴᠡᠴᠡᠷᠡᠭᠰᠡᠨ ᠤᠷᠲᠤ ᠰᠡᠭᠦᠳᠡᠷ ᠬᠠᠨ᠎ᠠ ᠳ᠋ᠤ᠌ ᠳᠤᠰᠤᠭᠰᠠᠭᠠᠷ ᠪᠠᠢᠯ᠎ᠠ᠃ ᠠᠷᠠᠫᠱᠠ ᠠᠰᠠᠷ ᠤ᠋ᠨ ᠳᠡᠷᠭᠡᠳᠡᠭᠦᠷ ᠮᠠᠨᠠᠭ᠎ᠠ ᠶ᠋ᠢ ᠰᠢᠯᠭᠠᠵᠤ ᠦᠵᠡᠬᠦ ᠪᠡᠷ ᠶᠠᠪᠤᠵᠠᠢ᠃ ᠶᠠᠪᠤᠬᠤ ᠳ᠋ᠤ᠌ ᠬᠡᠴᠡᠭᠦᠦ ᠪᠣᠯᠤᠨ ᠬᠠᠷᠠᠩᠭᠤᠢ᠂ ᠬᠣᠶᠠᠷ ᠠᠯᠬᠤᠮ ᠤ᠋ᠨ ᠴᠠᠭᠠᠨ᠎ᠠ ᠶᠠᠭᠤ ᠴᠦ᠍ ᠦᠵᠡᠭᠳᠡᠬᠦ ᠦᠭᠡᠢ ᠪᠣᠯᠤᠭᠠᠳ ᠰᠠᠯᠬᠢ ᠬᠥᠯ ᠢ᠋ ᠨᠢ ᠲᠤᠢᠪᠠᠭᠤᠯᠤᠨᠠ᠃
— ᠲᠣᠭᠰᠢᠨ ᠰᠥᠨᠢ ᠪᠣᠯᠭᠣᠮᠵᠢᠯᠠᠬᠤ ᠬᠡᠷᠡᠭᠲᠡᠢ᠃ ᠡᠢᠮᠦ ᠰᠥᠨᠢ ᠳ᠋ᠦ᠍ ᠳᠠᠢᠰᠤᠨ ᠳᠤᠷᠠᠲᠠᠢ ᠭᠡᠲᠡᠬᠦ ᠶ᠋ᠢ ᠠᠷᠠᠫᠱᠠ ᠴᠡᠷᠢᠭ ᠦ᠋ᠳ ᠲᠦ᠍ ᠬᠡᠯᠡᠭᠡᠳ ᠪᠠᠲᠤ ᠬᠠᠭᠠᠨ ᠤ᠋ ᠭᠡᠷ ᠲᠦ᠍ ᠣᠷᠣᠪᠠ᠃
ᠪᠠᠲᠤ ᠬᠠᠭᠠᠨ ᠦᠰᠦᠯᠢᠭ ᠠᠷᠠᠰᠤᠨ ᠳᠡᠭᠡᠷ᠎ᠡ ᠰᠠᠭᠤᠵᠤ ᠥᠪᠡᠷ ᠦ᠋ᠨ ᠦᠨᠡᠨᠴᠢ ᠵᠥᠪᠯᠡᠬᠦ ᠰᠥᠪᠡᠭᠡᠳᠡᠢ ᠪᠠᠭᠠᠲᠤᠷ ᠲᠠᠢ ᠵᠥᠪᠯᠡᠬᠦ ᠲᠤᠯᠠ ᠠᠷᠠᠫᠱᠠ ᠬᠦᠨᠳᠦᠳᠬᠡᠯ ᠦ᠋ᠨ ᠵᠢᠷᠤᠮ ᠢ᠋ᠶ᠋ᠠᠷ ᠡᠭᠦᠳᠡᠨ ᠦ᠌ ᠳᠡᠷᠭᠡᠳᠡ ᠵᠣᠭᠰᠣᠵᠠᠢ᠃
— ᠣᠷᠣᠰ ᠤ᠋ᠨ ᠲᠣᠭᠰᠢᠨ ᠲᠩᠷᠢ ᠮᠠᠨ ᠤ᠋ ᠪᠠᠶᠠᠷ ᠢ᠋ ᠳᠣᠬᠢ ᠦᠭᠡᠢ ᠪᠣᠯᠭᠠᠪᠠ ᠭᠡᠬᠦ ᠵᠡᠷᠭᠡ ᠪᠡᠷ ᠪᠠᠲᠤ ᠬᠠᠭᠠᠨ ᠬᠦᠦᠷᠨᠢᠨ ᠶᠠᠷᠢᠵᠤ ᠪᠠᠢᠯ᠎ᠠ᠃
—ᠲᠡᠳᠡ ᠨᠠᠷ ᠰᠢᠭᠤᠷᠭ᠎ᠠ ᠰᠢᠮᠠᠷᠭ᠎ᠠ ᠬᠥᠳᠡᠯᠭᠡᠨ ᠮᠢᠨᠦ ᠵᠣᠷᠢᠭᠲᠤ ᠪᠠᠢᠯᠳᠤᠭᠴᠢᠳ ᠪᠣᠯᠤᠨ ᠪᠢᠳᠡ ᠨᠠᠷ ᠢ᠋ ᠠᠶᠤᠯᠭᠠᠬᠤ ᠭᠡᠰᠡᠨ ᠪᠣᠯᠤᠯᠲᠠᠢ᠃ ᠪᠢᠳᠡ ᠨᠠᠷ ᠢ᠋ ᠥᠪᠡᠷ ᠦ᠋ᠨ ᠢ᠋ᠶ᠋ᠡᠨ ᠭᠠᠵᠠᠷ ᠳᠡᠭᠡᠷ᠎ᠡ ᠪᠡᠨ ᠣᠷᠣᠭᠤᠯᠬᠤ ᠦᠭᠡᠢ ᠭᠡᠵᠦ ᠪᠣᠳᠣᠭᠰᠠᠨ ᠪᠣᠯᠤᠯᠲᠠᠢ᠃
ᠶᠠᠭ ᠡᠨᠡ ᠦᠶ᠎ᠡ ᠳ᠋ᠦ᠍ ᠬᠦᠴᠦᠲᠡᠢ ᠰᠠᠯᠬᠢ ᠠᠰᠠᠷ ᠤ᠋ᠨ ᠬᠠᠨ᠎ᠠ ᠶ᠋ᠢ ᠰᠡᠭᠰᠦᠷᠦᠭᠰᠡᠨ ᠳ᠋ᠦ᠍ ᠪᠠᠲᠤ ᠬᠠᠭᠠᠨ ᠲᠣᠯᠣᠭᠠᠢ ᠪᠠᠨ ᠡᠷᠭᠦᠵᠦ
— ᠡᠨᠡ ᠢᠵᠢᠯ ᠮᠥᠷᠡᠨ ᠦ᠌ ᠱᠤᠤᠭᠢᠵᠤ ᠪᠠᠢᠬᠤ ᠶ᠋ᠢ ᠰᠣᠨᠣᠰᠴᠤ ᠪᠠᠢᠨ᠎ᠠ ᠤᠤ? ᠭᠡᠰᠡᠨ ᠴᠦ᠍ ᠪᠢᠳᠡ ᠲᠡᠭᠦᠨ ᠢ᠋ ᠭᠠᠲᠤᠯᠤᠭᠰᠠᠨ ᠶᠤᠮ ᠭᠠᠵᠠᠷ ᠳ᠋ᠠ᠃ ᠲᠡᠭᠡᠭᠡᠳ ᠳᠠᠭᠤ ᠪᠠᠨ ᠬᠤᠷᠢᠶᠠᠵᠤ ᠲᠣᠳᠣᠬᠠᠨ ᠰᠣᠨᠣᠰᠳᠠᠬᠤ ᠳᠠᠪᠠᠯᠭᠠᠨ ᠤ᠋ ᠱᠤᠤᠭᠢᠶᠠᠨ ᠢ᠋ ᠴᠢᠩᠨᠠᠪᠠ᠃ ᠱᠤᠤᠭᠢᠶᠠᠨ ᠴᠢᠮᠡᠭᠡᠨ ᠦ᠌ ᠳᠤᠮᠳᠠ ᠠ᠋ᠴᠠ ᠶᠠᠮᠠᠷ ᠨᠢᠭᠡᠨ ᠬᠥᠮᠦᠨ ᠦ᠌ ᠮᠠᠷᠭᠤᠬᠤ ᠳᠠᠭᠤᠨ ᠰᠣᠨᠣᠰᠤᠭᠳᠠᠭᠰᠠᠨ ᠳ᠋ᠤ᠌ ᠠᠷᠠᠫᠱᠠ ᠠᠰᠠᠷ ᠠ᠋ᠴᠠ ᠭᠠᠷᠤᠭᠠᠳ ᠲᠡᠷᠡ ᠳᠣᠣᠷ᠎ᠠ ᠪᠠᠨ ᠣᠷᠣᠵᠤ ᠢᠷᠡᠪᠡ᠃
— ᠶᠠᠮᠠᠷ ᠨᠢᠭᠡᠨ ᠦᠯᠦ ᠲᠠᠨᠢᠬᠤ ᠬᠥᠮᠦᠨ ᠲᠠᠨ ᠲᠠᠢ ᠠᠭᠤᠯᠵᠠᠶ᠎ᠠ ᠭᠡᠨ᠎ᠡ᠃ ᠭᠡᠷᠡᠯᠲᠦ ᠮᠢᠨᠢ᠂ ᠲᠡᠷᠡ ᠴᠢᠬᠤᠯᠠ ᠶᠠᠭᠤᠮ᠎ᠠ ᠮᠡᠳᠡᠨ᠎ᠡ ᠭᠡᠨ᠎ᠡ ᠭᠡᠪᠡ᠃
— ᠤᠷᠤᠭᠤᠯ ᠭᠡᠵᠦ ᠪᠠᠲᠤ ᠬᠠᠭᠠᠨ ᠬᠡᠯᠡᠭᠰᠡᠨ ᠳ᠋ᠦ᠍ ᠠᠷᠠᠫ᠊ᠱᠠ ᠡᠭᠦᠳᠡ ᠨᠡᠭᠡᠭᠡᠵᠦ ᠥᠭᠭᠦᠯ᠎ᠡ᠃ ᠰᠠᠯᠬᠢ ᠢᠰᠬᠡᠷᠴᠦ ᠨᠥᠭᠥᠭᠡᠬᠢ ᠬᠥᠮᠦᠨ ᠢ᠋ ᠭᠤᠶᠠᠳᠠᠨ ᠣᠷᠣᠭᠤᠯᠤᠭᠠᠳ ᠭᠡᠷ ᠦ᠋ᠨ ᠡᠭᠦᠳᠡᠨ ᠦ᠌ ᠬᠥᠰᠢᠭᠡᠨ ᠳ᠋ᠦ᠍ ᠣᠷᠢᠶᠠᠴᠠᠯᠳᠤᠭᠤᠯᠪᠠ᠃ ᠰᠢᠮᠠᠷᠭ᠎ᠠ ᠬᠦᠢᠲᠡᠨ ᠬᠣᠶᠠᠷ ᠬᠣᠣᠰᠯᠠᠨ ᠣᠷᠣᠵᠤ ᠢᠷᠡᠭᠰᠡᠨ ᠲᠤᠯᠠ ᠵᠤᠯᠠ ᠶ᠋ᠢᠨ ᠭᠡᠷᠡᠯ ᠢ᠋ ᠴᠣᠬᠢᠵᠤ ᠬᠠᠷᠠᠩᠭᠤᠢ ᠪᠣᠯᠭᠠᠯ᠎ᠠ᠃ ᠪᠦᠳᠡᠭᠢ ᠭᠠᠯ ᠭᠡᠷ ᠢ᠋ ᠳᠠᠬᠢᠨ ᠬᠡᠷᠡᠯᠳᠦᠭᠦᠯᠦᠭᠰᠡᠨ ᠳ᠋ᠦ᠍ ᠡᠭᠦᠳᠡᠨ ᠦ᠌ ᠳᠡᠷᠭᠡᠳᠡ ᠥᠨᠳᠥᠷ ᠲᠤᠷᠠᠩᠬᠠᠢ ᠬᠥᠮᠦᠨ ᠵᠣᠭᠰᠣᠵᠤ ᠪᠠᠢᠯ᠎ᠠ᠃
ᠦᠯᠦ ᠲᠠᠨᠢᠭᠳᠠᠬᠤ ᠬᠥᠮᠦᠨ ᠮᠢᠨᠵᠢ ᠶ᠋ᠢᠨ ᠦᠰᠦᠲᠡᠢ ᠬᠠᠷ᠎ᠠ ᠮᠠᠯᠠᠭᠠᠢ ᠪᠠᠨ ᠠᠪᠴᠤ ᠰᠡᠭᠰᠦᠷᠦᠭᠡᠳ ᠣᠷᠣᠭᠰᠢ ᠠᠯᠬᠤᠯᠠᠵᠤ ᠬᠡᠪᠢᠰ ᠦ᠋ᠨ ᠳᠡᠭᠡᠷ᠎ᠡ ᠰᠠᠭᠤᠭᠠᠳ ᠬᠡᠯᠡᠭᠰᠡᠨ ᠨᠢ᠄
— ᠮᠣᠩᠭᠣᠯ ᠤ᠋ᠨ ᠶᠡᠬᠡ ᠬᠠᠭᠠᠨ ᠲᠠᠨ ᠤ᠋ ᠠᠯᠳᠠᠷ᠂ ᠲᠠᠨ ᠤ᠋ ᠴᠡᠷᠢᠭ ᠢ᠋ ᠢᠷᠡᠬᠦ ᠡᠴᠡ ᠡᠮᠦᠨ᠎ᠡ ᠳᠡᠯᠭᠡᠷᠡᠵᠦ ᠪᠠᠢᠨ᠎ᠠ ᠭᠡᠬᠦ ᠳ᠋ᠦ᠍ ᠪᠠᠲᠤ ᠬᠠᠭᠠᠨ᠄
— ᠮᠣᠷᠢᠯᠠᠵᠤ ᠰᠠᠭᠤᠭᠲᠤᠨ ᠭᠡᠵᠦ ᠤᠷᠢᠭᠠᠳ
— ᠡᠢᠮᠦ ᠲᠩᠷᠢ ᠮᠠᠭᠤᠬᠠᠢ ᠪᠠᠢᠬᠤ ᠳ᠋ᠤ᠌ ᠶᠠᠮᠠᠷ ᠬᠡᠷᠡᠭ ᠢ᠋ᠶ᠋ᠡᠷ ᠢᠷᠡᠪᠡ? ᠭᠡᠵᠦ ᠠᠰᠠᠭᠤᠭᠠᠳ ᠮᠣᠩᠭᠣᠯᠴᠤᠳ ᠰᠥᠨᠢ ᠶ᠋ᠢᠨ ᠠᠢᠯᠴᠢᠨ ᠢ᠋ ᠰᠣᠨᠢᠷᠬᠠᠨ ᠠᠵᠢᠭᠯᠠᠵᠤ ᠪᠠᠢᠯ᠎ᠠ᠃ ᠲᠡᠷᠡ ᠬᠥᠮᠦᠨ ᠲᠠᠲ᠋ᠠᠷ ᠬᠡᠯᠡ ᠪᠡᠷ ᠶᠠᠷᠢᠬᠤ ᠶ᠋ᠢᠨ ᠳᠡᠭᠡᠷ᠎ᠡ ᠬᠠᠴᠠᠷ ᠤ᠋ᠨ ᠶᠠᠰᠤ ᠨᠢ ᠣᠪᠣᠭᠣᠷ ᠦᠭᠡᠢ ᠶ᠋ᠢᠨ ᠲᠤᠯᠠ ᠺᠦᠮᠠᠨ ᠨᠠᠷ ᠲᠠᠢ ᠠᠳᠠᠯᠢ ᠦᠭᠡᠢ ᠥᠨᠳᠥᠷ ᠮᠣᠩᠬᠣᠷ ᠬᠠᠮᠠᠷ ᠨᠢ ᠲᠡᠭᠦᠨ ᠦ᠌ ᠲᠤᠷᠠᠩᠬᠠᠢ ᠴᠢᠷᠠᠢ ᠳ᠋ᠤ᠌ ᠮᠢᠬᠠᠴᠢᠨ ᠠᠮᠢᠲᠠᠨ ᠤ᠋ ᠰᠢᠨᠵᠢ ᠶ᠋ᠢ ᠲᠣᠳᠣᠷᠠᠭᠤᠯᠤᠨ᠎ᠠ᠃ ᠤᠨᠵᠢᠭᠤ ᠥᠳᠬᠡᠨ ᠬᠥᠮᠥᠰᠬᠡ ᠶ᠋ᠢᠨ ᠳᠣᠣᠷ᠎ᠠ ᠠ᠋ᠴᠠ ᠬᠦᠩᠬᠦᠬᠡᠷ ᠬᠠᠷ᠎ᠠ ᠨᠢᠳᠦ ᠨᠢ ᠭᠢᠯᠠᠯᠵᠠᠵᠤ ᠤᠷᠲᠤ ᠬᠠᠷ᠎ᠠ ᠰᠢᠷᠢᠯᠳᠦᠭᠰᠡᠨ ᠰᠠᠬᠠᠯ ᠢ᠋ᠶ᠋ᠠᠨ ᠮᠣᠢᠨᠣᠭ ᠭᠠᠷ ᠢ᠋ᠶ᠋ᠠᠷ ᠢ᠋ᠶ᠋ᠠᠨ ᠢᠯᠪᠢᠨ᠎ᠡ᠃
— ᠶᠡᠬᠡ ᠬᠠᠭᠠᠨᠲᠠᠨ ᠮᠢᠨᠢ᠂ ᠪᠢ ᠪᠣᠯ ᠡᠭᠡᠯ ᠨᠢᠭᠡᠨ ᠵᠠᠮᠴᠢᠨ ᠪᠤᠰᠤ᠂ ᠡᠩ ᠦ᠋ᠨ ᠬᠥᠮᠦᠨ ᠴᠤ᠌ ᠪᠤᠰᠤ᠂ ᠲᠥᠷᠥᠯᠬᠢ ᠶ᠋ᠢᠨ ᠪᠠᠶᠠᠨ ᠪᠥᠭᠡᠳ ᠬᠦᠴᠦᠷᠬᠡᠭ ᠸᠠᠩ ᠭ᠌ᠯᠸᠪ ᠸᠯᠠᠳᠢᠮᠢᠷᠦᠸᠢ᠍ᠴ ᠷᠠᠶᠠᠽᠨᠠᠰᠺᠢ ᠭᠡᠭᠴᠢ ᠪᠠᠢᠨ᠎ᠠ᠃
ᠪᠠᠲᠤ ᠬᠠᠭᠠᠨ ᠨᠢᠳᠦ ᠪᠡᠨ ᠠᠨᠢᠪᠬᠢᠵᠤ ᠬᠠᠢᠬᠤᠷᠤᠮᠵᠢ ᠦᠭᠡᠢ ᠮᠡᠲᠦ ᠪᠡᠷ᠂
— ᠴᠢ ᠷᠶᠠᠽᠠᠨ ᠤ᠋ ᠸᠠᠩ ᠭ᠌ᠯᠸᠪ ᠡᠴᠡ ᠵᠠᠷᠤᠭᠳᠠᠭᠰᠠᠨ ᠡᠯᠴᠢ ᠤᠤ? ᠶᠠᠭᠠᠬᠢᠭᠠᠳ ᠴᠢ ᠭᠠᠭᠴᠠᠭᠠᠷ ᠢᠷᠡᠪᠡ? ᠭᠡᠵᠦ ᠠᠰᠠᠭᠤᠯ᠎ᠠ᠃
ᠲᠡᠳᠦᠢ ᠭ᠌ᠯᠸᠪ ᠸᠠᠩ ᠶᠠᠷᠪᠠᠢᠵᠤ᠂
— ᠦᠭᠡᠢ᠂ ᠶᠡᠬᠡ ᠬᠠᠭᠠᠨᠲᠠᠨ ᠪᠢ ᠲᠠᠨ ᠳ᠋ᠤ᠌ ᠡᠯᠴᠢ ᠪᠡᠷ ᠢᠷᠡᠭᠰᠡᠨ ᠦᠭᠡᠢ᠂ ᠪᠢ ᠲᠠᠨ ᠲᠠᠢ ᠨᠢᠭᠡᠳᠦᠯ ᠬᠣᠯᠪᠣᠭ᠎ᠠ ᠪᠠᠢᠭᠤᠯᠤᠶ᠎ᠠ ᠭᠡᠵᠦ ᠢᠷᠡᠭᠰᠡᠨ ᠭᠡᠬᠦ ᠳ᠋ᠦ᠍ᠨᠢ ᠪᠠᠲᠤ ᠬᠠᠭᠠᠨ᠂
— ᠡᠨᠡ ᠴᠢᠨᠢ ᠶᠠᠭᠤ ᠭᠡᠵᠦ ᠪᠠᠢᠭ᠎ᠠ ᠦᠭᠡ ᠪᠣᠢ? ᠭᠡᠵᠦ ᠠᠰᠠᠭᠤᠪᠠ᠃
— ᠪᠢ ᠠᠭᠤᠤ ᠶᠡᠬᠡ ᠣᠷᠣᠰ ᠤ᠋ᠨ ᠭᠠᠵᠠᠷ ᠣᠷᠣᠨ ᠤ᠋ ᠵᠠᠮ ᠤ᠋ᠳ ᠪᠣᠯᠤᠨ ᠬᠣᠲᠠᠳ ᠢ᠋ ᠮᠡᠳᠡᠨ᠎ᠡ᠃ ᠪᠢ ᠲᠠᠨ ᠳ᠋ᠤ᠌ ᠲᠤᠰᠠᠲᠠᠢ ᠬᠡᠷᠡᠭ ᠢ᠋ ᠬᠢᠵᠦ ᠴᠢᠳᠠᠨ᠎ᠠ ᠭᠡᠵᠦ ᠭᠯᠧᠪ ᠸᠠᠩ ᠬᠡᠯᠡᠪᠡ᠃
ᠪᠠᠲᠤ ᠬᠠᠭᠠᠨ ᠥᠭᠦᠯᠡᠷᠦᠨ᠂
— ᠰᠦᠪᠡᠭᠡᠳᠡᠢ ᠪᠠᠭᠠᠲᠤᠷ ᠣᠷᠣᠰ ᠤ᠋ᠨ ᠭᠠᠵᠠᠷ ᠤ᠋ᠨ ᠵᠢᠷᠤᠭ ᠢ᠋ ᠡᠨᠡ ᠸᠠᠩ ᠳ᠋ᠤ᠌ ᠦᠵᠡᠭᠦᠯ ᠭᠡᠪᠡ᠃
ᠰᠦᠪᠡᠭᠡᠳᠡᠢ ᠪᠠᠭᠠᠲᠤᠷ ᠡᠷᠭᠢᠬᠦ ᠳ᠋ᠦ᠍ ᠬᠡᠪᠢᠰᠦᠨ ᠳᠡᠭᠡᠷ᠎ᠡ ᠨᠢᠭᠡᠨ ᠬᠠᠭᠤᠳᠠᠰᠤ ᠬᠠᠲᠠᠭᠤ ᠴᠠᠭᠠᠰᠤ ᠪᠠᠢᠯ᠎ᠠ᠃
— ᠵᠠ᠂ ᠸᠠᠩ ᠡᠨᠡ ᠢᠵᠢᠯ ᠮᠥᠷᠡᠨ ᠴᠢᠨᠢ ᠷᠶᠠᠽᠠᠨ ᠨᠤᠲᠤᠭ᠂ ᠡᠨᠡ ᠦᠯᠢᠳᠧᠮᠢᠷ (ᠸᠯᠠᠳ᠋ᠢᠮᠢᠷ) ᠡᠨᠳᠡ ᠴᠥᠮ ᠣᠷᠣᠰ ᠤ᠋ᠨ ᠬᠣᠲᠠᠳ᠂ ᠭᠣᠣᠯ ᠤ᠋ᠳ᠂ ᠵᠠᠮ ᠤ᠋ᠳ ᠪᠠᠢᠨ᠎ᠠ ᠭᠡᠬᠦ ᠳ᠋ᠦ᠍ᠨᠢ᠄
— ᠣᠷᠣᠰ ᠤ᠋ᠨ ᠭᠠᠵᠠᠷ ᠵᠢᠷᠤᠭ ᠪᠠᠢᠳᠠᠭ ᠪᠠᠢᠨ᠎ᠠ ᠰᠢᠦ᠃ ᠡᠭᠦᠨ ᠢ᠋ ᠬᠠᠮᠢᠭ᠎ᠠ ᠠ᠋ᠴᠠ ᠣᠯᠬᠤ ᠨᠢ ᠲᠡᠷᠡ ᠪᠣᠢ? ᠡᠢᠮᠦ ᠶᠠᠭᠤᠮ᠎ᠠ ᠪᠣᠳᠣᠬᠤ ᠳ᠋ᠤ᠌ ᠬᠦᠷᠦᠭᠰᠡᠨ ᠨᠢ ᠭᠠᠢᠬᠠᠯᠲᠠᠢ ᠪᠠᠢᠨ᠎ᠠ᠃
— ᠪᠢ ᠪᠦᠬᠦᠨ ᠢ᠋ ᠴᠢᠳᠠᠳᠠᠭ ᠶᠤᠮ ᠭᠠᠵᠠᠷ ᠳ᠋ᠠ ᠭᠡᠳ ᠪᠠᠲᠤ ᠬᠠᠭᠠᠨ ᠴᠠᠭᠠᠰᠤᠨ ᠳᠡᠭᠡᠷ᠎ᠡ ᠭᠠᠷ ᠢ᠋ᠶ᠋ᠠᠨ ᠲᠠᠯᠪᠢᠬᠤ ᠳ᠋ᠠᠭᠠᠨ
—ᠵᠠ᠂ ᠢᠩᠭᠢᠭᠡᠳ ᠣᠷᠣᠰ ᠤ᠋ᠨ ᠭᠠᠵᠠᠷ ᠮᠢᠨᠦ ᠭᠠᠷ ᠳᠣᠣᠷ᠎ᠠ ᠣᠷᠣᠨ᠎ᠠ᠃ ᠪᠢ ᠪᠦᠭᠦᠳᠡ ᠶ᠋ᠢ ᠨᠠᠳᠠᠳᠤ ᠵᠠᠬᠢᠷᠤᠭᠳᠠᠬᠤ ᠪᠣᠯᠭᠠᠨ᠎ᠠ᠃ ᠣᠷᠣᠰ ᠤ᠋ᠨ ᠸᠠᠩ ᠴᠢ ᠡᠭᠦᠨ ᠦ᠌ ᠲᠥᠯᠥᠭᠡᠨ᠎ᠡ ᠢᠷᠡᠭᠰᠡᠨ ᠪᠢᠰᠢ ᠤᠤ? ᠭᠡᠬᠦ ᠳ᠋ᠦ᠍ ᠭᠯᠧᠪ ᠭᠡᠯᠮᠡᠭᠳᠡᠭᠰᠡᠨ ᠳ᠋ᠡᠭᠡᠨ ᠳᠠᠭᠤ ᠦᠭᠡᠢ ᠪᠠᠢᠯ᠎ᠠ᠃
ᠪᠠᠲᠤ ᠴᠢᠨᠠᠭᠰᠢ ᠨᠢ ᠤᠯᠠᠮ ᠳᠣᠭᠣᠭᠢᠯᠠᠵᠤ ᠶᠠᠪᠤᠭᠤᠯᠤᠨ ᠬᠡᠯᠡᠭᠰᠡᠨ ᠨᠢ᠄
— ᠴᠢᠨᠦ ᠳᠤᠭᠤᠯᠭᠠᠪᠤᠷᠢᠲᠠᠢ ᠨᠥᠬᠥᠳ ᠴᠢᠨᠢ ᠬᠠᠮᠢᠭ᠎ᠠ ᠪᠠᠢᠨ᠎ᠠ᠂ ᠴᠢᠨᠦ ᠤᠯᠤᠰ ᠴᠢᠨᠢ ᠬᠠᠮᠢᠭ᠎ᠠ ᠪᠠᠢᠨ᠎ᠠ᠂ ᠴᠢᠨᠦ ᠠᠪᠴᠢᠷᠠᠭᠰᠠᠨ ᠪᠡᠯᠡᠭ ᠴᠢᠨᠢ ᠬᠠᠮᠢᠭ᠎ᠠ ᠪᠠᠢᠨ᠎ᠠ? ᠶᠡᠬᠡ ᠸᠠᠩ ᠭᠤᠸᠠᠢ ᠭᠡᠬᠦ ᠳ᠋ᠦ᠍ᠨᠢ ᠭ᠌ᠯᠸᠪ ᠲᠣᠯᠣᠭᠠᠢ ᠪᠠᠨ ᠰᠡᠭᠰᠦᠷᠴᠦ᠂
—ᠨᠠᠳᠠᠳᠤ ᠤᠯᠤᠰ ᠢᠷᠭᠡᠨ ᠨᠠᠢᠷᠠᠮᠳᠠᠯᠲᠤ ᠨᠥᠬᠥᠳ ᠬᠥᠷᠥᠩᠭᠡ ᠠᠯᠢ ᠨᠢ ᠴᠦ᠍ ᠪᠠᠢᠬᠤ ᠦᠭᠡᠢ᠂ ᠳᠠᠢᠰᠤᠨ ᠨᠠᠳᠠ ᠠ᠋ᠴᠠ ᠴᠥᠮ ᠢ᠋ ᠪᠤᠯᠢᠶᠠᠵᠤ ᠠᠪᠤᠭᠰᠠᠨ᠂ ᠲᠡᠭᠡᠭᠡᠳ ᠪᠢ ᠵᠢᠭᠤᠲᠠᠵᠤ ᠣᠯᠠᠨ ᠵᠢᠯ ᠦ᠋ᠨ ᠲᠤᠷᠰᠢ ᠫᠤᠯᠤᠸᠸᠼ ᠲᠤ᠌ ᠬᠣᠷᠭᠣᠳᠠᠵᠤ ᠠᠮᠢᠳᠤᠷᠠᠵᠤ ᠢᠷᠡᠭᠰᠡᠨ ᠭᠡᠬᠦ ᠳ᠋ᠦ᠍ᠨᠢ ᠪᠠᠲᠤ ᠬᠠᠭᠠᠨ ᠠᠭᠤᠷᠰᠠᠵᠤ᠂
— ᠲᠡᠭᠡᠭᠡᠳ ᠴᠢ ᠨᠠᠳᠠ ᠠ᠋ᠴᠠ ᠶᠠᠭᠤ ᠬᠦᠰᠡᠭᠰᠡᠨ ᠶᠤᠮ ᠪᠣᠢ? ᠭᠡᠪᠡ᠃
— ᠪᠢ ᠲᠠᠨ ᠳ᠋ᠤ᠌ ᠲᠤᠰᠠᠯᠠᠵᠤ ᠥᠪᠡᠷ ᠦ᠋ᠨ ᠳᠠᠢᠰᠤᠨ ᠨᠤᠭᠤᠳ ᠢ᠋ᠶ᠋ᠠᠨ ᠱᠦᠭᠦᠷᠳᠡᠨ ᠠᠷᠢᠯᠭᠠᠶ᠎ᠠ ᠭᠡᠰᠡᠨ ᠶᠤᠮ ᠭᠡᠬᠦ ᠳ᠋ᠦ᠍ᠨᠢ
—ᠴᠢᠨᠦ ᠳᠠᠢᠰᠤᠨ ᠬᠡᠨ ᠶᠤᠮ ᠪᠣᠢ? ᠭᠡᠵᠦ ᠠᠰᠠᠭᠤᠪᠠ᠃
— ᠣᠳᠣ ᠷᠶᠠᠽᠠᠨ ᠢ᠋ ᠵᠠᠬᠢᠷᠴᠤ ᠪᠠᠢᠭ᠎ᠠ ᠸᠠᠩ ᠮᠥᠨ ᠭᠡᠬᠦ ᠳ᠋ᠦ᠍ᠨᠢ᠂
— ᠪᠢ ᠥᠪᠡᠷ ᠢ᠋ᠶ᠋ᠡᠨ ᠳᠠᠢᠰᠤᠨ ᠢ᠋ᠶ᠋ᠠᠨ ᠴᠡᠭᠡᠷᠯᠡᠭᠦᠯᠳᠡᠭ ᠶᠤᠮ᠂ ᠪᠢᠳᠡᠨ ᠦ᠌ ᠢᠷᠡᠭᠰᠡᠨ ᠴᠠᠭ ᠲᠤ᠌ ᠵᠥᠪᠬᠡᠨ ᠸᠠᠩ ᠲᠡᠳᠦᠢ ᠪᠤᠰᠤ ᠴᠥᠮ ᠢ᠋ᠶ᠋ᠡᠷ ᠢ᠋ᠶ᠋ᠡᠨ ᠰᠥᠨᠥᠬᠦ ᠪᠣᠯᠤᠨ᠎ᠠ ᠭᠡᠪᠡ᠃
— ᠷᠶᠡᠽᠡᠨ ᠦ᠌ ᠤᠯᠤᠰ ᠢ᠋ ᠪᠢ ᠴᠥᠮ ᠵᠢᠭᠰᠢᠵᠦ ᠦᠵᠡᠨ᠎ᠡ᠃ ᠷᠶᠡᠽᠡᠨ ᠦ᠌ ᠶᠡᠬᠡ ᠬᠤᠷᠠᠯ ᠨᠠᠮᠠᠶ᠋ᠢ ᠬᠥᠭᠡᠭᠡᠵᠦ ᠭᠠᠷᠭᠠᠭᠰᠠᠨ ᠭᠡᠬᠦ ᠳ᠋ᠦ᠍ᠨᠢ ᠪᠠᠲᠤ ᠬᠠᠭᠠᠨ ᠴᠢᠷᠠᠢ ᠪᠠᠨ ᠪᠠᠷᠤᠢᠯᠭᠠᠨ ᠳᠠᠭᠤ ᠦᠭᠡᠢ ᠰᠠᠭᠤᠭ᠎ᠠ ᠰᠦᠪᠡᠭᠡᠳᠡᠢ ᠪᠠᠭᠠᠲᠤᠷ ᠢ᠋ ᠬᠠᠷᠠᠵᠤ᠂
—ᠮᠢᠨᠦ ᠰᠡᠴᠡᠨ ᠵᠥᠪᠯᠡᠬᠦ ᠴᠢ ᠬᠡᠯᠡᠨ᠎ᠡ ᠪᠣᠢ ᠭᠡᠵᠦ ᠠᠰᠠᠭᠤᠪᠠ᠃
— ᠮᠥᠩᠬᠡ ᠶ᠋ᠢᠨ ᠳᠠᠢᠨᠴᠢ ᠴᠢᠨᠦ ᠠᠭᠤᠤ ᠶᠡᠬᠡ ᠡᠪᠦᠭᠡ᠂ ᠦᠷ᠎ᠡ ᠠᠴᠢ ᠨᠠᠷ ᠲᠠᠭᠠᠨ ᠳᠠᠭᠠᠵᠤ ᠰᠢᠢ᠍ᠳᠬᠡᠭᠦᠯᠬᠦ ᠶ᠋ᠢᠨ ᠲᠤᠯᠠᠳᠠ ᠵᠠᠰᠠᠭ ᠭᠡᠳᠡᠭ ᠮᠡᠷᠭᠡᠨ ᠬᠠᠤᠯᠢ ᠪᠠᠨ ᠦᠯᠡᠳᠡᠭᠡᠭᠰᠡᠨ ᠰᠢᠦ ᠳ᠋ᠠ᠃ ᠲᠡᠷᠡ ᠬᠠᠤᠯᠢ ᠳ᠋ᠤ᠌ ᠳᠤᠷᠠᠳᠤᠭᠰᠠᠨ ᠶᠣᠰᠣᠭᠠᠷ ᠢᠴᠢᠭᠦᠷᠢᠲᠦ ᠶᠠᠪᠤᠳᠠᠯᠲᠠᠨ᠂ ᠲᠠᠩᠨᠠᠭᠤᠯᠴᠢᠨ᠂ ᠤᠷᠪᠠᠭᠴᠢᠳ᠂ ᠪᠥᠬᠡ ᠨᠠᠷ ᠢ᠋ ᠴᠠᠭᠠᠵᠠ ᠪᠠᠷ ᠠᠪᠠᠴᠢᠬᠤ ᠶᠠᠯ᠎ᠠ ᠶ᠋ᠢ ᠵᠢᠭᠠᠭᠰᠠᠨ ᠪᠤᠰᠤ ᠤᠤ? ᠭᠡᠬᠦ ᠳ᠋ᠦ᠍ᠨᠢ ᠸᠠᠩ ᠭᠯᠧᠪ ᠴᠣᠴᠢᠭᠰᠠᠨ ᠳ᠋ᠠᠭᠠᠨ ᠪᠣᠯᠵᠤ ᠲᠣᠯᠣᠭᠠᠢ ᠪᠠᠷ ᠢ᠋ᠶ᠋ᠠᠨ ᠠᠷᠠᠢᠬᠠᠨ ᠭᠡᠳᠡᠷᠭᠦ ᠣᠴᠢᠭᠰᠠᠨ ᠦᠭᠡᠢ᠃ ᠪᠠᠲᠤ ᠬᠠᠭᠠᠨ ᠲᠡᠭᠦᠨ ᠢ᠋ ᠠᠨᠢᠪᠬᠢᠨ ᠬᠠᠷᠠᠵᠤ
— ᠸᠠᠩ ᠭᠯᠧᠪ ᠴᠢ ᠮᠢᠨᠦ ᠬᠣᠯᠪᠣᠭᠠᠲᠠᠨ ᠪᠣᠯᠵᠤ ᠴᠢᠳᠠᠬᠤ ᠦᠭᠡᠢ᠂ ᠬᠠᠷᠢᠨ ᠳᠤᠭᠤᠯᠭᠠᠪᠤᠷᠢᠲᠠᠢ ᠨᠥᠬᠥᠷ ᠪᠣᠯᠬᠤ ᠬᠡᠷᠡᠭᠲᠡᠢ᠃ ᠴᠢ ᠨᠠᠮᠠᠶ᠋ᠢ ᠮᠡᠬᠡᠯᠡᠬᠦ ᠭᠡᠵᠦ ᠣᠷᠣᠯᠳᠣᠪᠠᠯ ᠲᠣᠯᠣᠭᠠᠢ ᠪᠠᠨ ᠠᠯᠳᠠᠬᠤ ᠪᠣᠯᠤᠨ᠎ᠠ᠂ ᠶᠠᠪᠤᠵᠤ ᠪᠣᠯᠤᠨ᠎ᠠ᠃ ᠠᠷᠠᠫᠱᠠ ᠴᠢ ᠡᠭᠦᠨ ᠦ᠌ ᠲᠥᠯᠥᠭᠡ ᠰᠠᠨᠠᠭ᠎ᠠ ᠲᠠᠯᠪᠢᠬᠤ ᠬᠡᠷᠡᠭᠲᠡᠢ᠃
ᠸᠠᠩ ᠭᠯᠧᠪ ᠭᠠᠵᠠᠷ ᠬᠦᠷᠲᠡᠯ᠎ᠡ ᠪᠥᠬᠥᠢᠰᠬᠢᠨ ᠡᠪᠲᠡᠢᠬᠡᠨ ᠦᠭᠡ ᠬᠡᠯᠡᠬᠦ ᠪᠣᠯ ᠤᠤ ᠭᠡᠵᠦ ᠭᠣᠷᠢᠯᠠᠭᠰᠠᠨ ᠪᠣᠯᠪᠠᠴᠤ ᠪᠠᠲᠤ ᠬᠠᠭᠠᠨ ᠥᠭᠡᠷ᠎ᠡ ᠳᠠᠰᠢ ᠪᠠᠨ ᠬᠠᠷᠠᠵᠤ᠂ ᠰᠦᠪᠡᠭᠡᠳᠡᠢ ᠪᠠᠭᠠᠲᠤᠷ ᠨᠢᠳᠦ ᠴᠠᠪᠴᠢᠯ ᠦᠭᠡᠢ ᠴᠢᠩᠭ᠎ᠠ ᠡᠮᠦᠨ᠎ᠡ ᠪᠡᠨ ᠬᠠᠷᠠᠨ ᠭᠥᠯᠢᠷᠡᠵᠡᠢ᠃ ᠴᠢᠯᠠᠭᠤ ᠮᠡᠲᠦ ᠬᠥᠳᠡᠯᠭᠡᠭᠡᠨ ᠦᠭᠡᠢ ᠴᠢᠷᠠᠢ ᠲᠠᠢ ᠪᠣᠯᠤᠭᠰᠠᠨ ᠠᠷᠠᠫᠱᠠ ᠭᠡᠷ ᠦ᠋ᠨ ᠡᠭᠦᠳᠡ ᠶ᠋ᠢ ᠨᠡᠭᠡᠭᠡᠵᠦ ᠥᠭᠭᠦᠭᠰᠡᠨ ᠳ᠋ᠦ᠍ ᠸᠠᠩ ᠤ᠋ᠨ ᠬᠠᠷ᠎ᠠ ᠨᠢᠳᠦ ᠠᠭᠤᠷᠲᠠᠢ ᠪᠠᠷ ᠭᠢᠯᠠᠯᠵᠠᠭᠠᠳ ᠲᠡᠭᠦᠪᠡᠷ ᠬᠠᠨᠤᠰᠢ ᠦᠭᠡᠢ ᠬᠠᠷᠠᠩᠭᠤᠢ ᠶ᠋ᠢᠨ ᠳᠤᠮᠳᠠ ᠠᠯᠬᠤᠯᠠᠨ ᠣᠷᠣᠯ᠎ᠠ᠃
ᠦᠰᠦᠭ ᠠᠮᠢᠯᠠᠭᠤᠯᠤᠭᠴᠢ᠄ ᠭᠡᠷᠡᠯ᠂ ᠬᠡᠷᠡᠢᠳ· ᠮᠥᠩᠬᠡᠨᠠᠰᠤᠨ᠂ ᠪᠠᠶᠠᠨᠴᠡᠴᠡᠭ᠂ ᠠᠯᠲᠠᠨᠴᠢᠮᠡᠭ
ᠬᠢᠨᠠᠭᠴᠢ᠄ ᠪᠠᠯ᠂ ᠠᠷᠢᠭᠤᠨ᠂ ᠠᠯᠲᠠᠨᠴᠢᠮᠡᠭ᠂ ᠲ· ᠬᠦᠮᠦᠵᠢᠯᠲᠦ᠂ ᠪᠠᠶᠠᠨᠴᠡᠴᠡᠭ
