ᠪᠠᠲᠤ ᠬᠠᠭᠠᠨ 2-17ᠬᠠᠭᠠᠨ ᠢᠲ᠋ᠢᠯᠢ ᠶ᠋ᠢᠨ ᠲᠤᠬᠠᠢ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ
ᠠᠷᠪᠠᠨ ᠳᠣᠯᠣᠭ᠎ᠠ ᠬᠠᠭᠠᠨ ᠢᠲ᠋ᠢᠯᠢ ᠶ᠋ᠢᠨ ᠲᠤᠬᠠᠢ
᠁ ᠪᠠᠷᠠᠭᠤᠨ ᠭᠠᠵᠠᠷ ᠨᠡᠪᠲᠡᠷᠡᠨ ᠣᠷᠣᠭᠰᠠᠨ ᠾᠦᠩᠨᠦ ᠠᠢᠮᠠᠭ ᠤ᠋ᠨ ᠲᠡᠷᠢᠭᠦᠯᠡᠭᠴᠢ ᠴᠢ ᠴᠢ ᠶ᠋ᠢᠨ ᠬᠡᠯᠡᠭᠰᠡᠨ ᠨᠢ᠄《ᠪᠢᠳᠡ ᠬᠠᠯᠳᠠᠨ ᠣᠷᠣᠬᠤ ᠶᠠᠪᠤᠳᠠᠯ ᠢ᠋ ᠥᠪᠡᠷ ᠦ᠋ᠨ ᠠᠮᠢᠳᠤᠷᠠᠯ ᠪᠣᠯᠭᠠᠵᠤ ᠮᠠᠨ ᠤ᠋ ᠠᠷᠠᠳ ᠲᠦᠮᠡᠨ ᠦ᠌ ᠨᠡᠷ᠎ᠡ ᠶ᠋ᠢ ᠪᠤᠰᠤᠳ ᠬᠠᠷᠢ ᠦᠨᠳᠦᠰᠦᠲᠡᠨ ᠵᠢᠷᠦᠬᠡ ᠴᠡᠴᠡᠷᠡᠨ ᠰᠣᠨᠣᠰᠬᠤ ᠪᠣᠯᠭᠠᠨ᠎ᠠ᠁ ᠪᠢᠳᠡ ᠦᠬᠦᠬᠦ ᠪᠣᠯᠪᠠᠴᠤ ᠪᠢᠳᠡᠨ ᠦ᠌ ᠵᠣᠷᠢᠭᠲᠤ ᠶᠠᠪᠤᠳᠠᠯ ᠮᠥᠩᠬᠡ ᠦᠯᠡᠳᠡᠵᠦ᠂ ᠡᠭᠦᠨ ᠢ᠋ ᠮᠠᠨ ᠤ᠋ ᠠᠴᠢ ᠦᠷ᠎ᠡ ᠨᠠᠷ᠂ ᠠᠷᠠᠳ ᠲᠦᠮᠡᠨ ᠳᠠᠭᠠᠵᠤ ᠪᠠᠷᠢᠮᠲᠠᠯᠠᠨ᠎ᠠ 》᠃
(ᠳᠣᠷᠣᠨ᠎ᠠ ᠵᠦᠭ ᠦ᠋ᠨ ᠲᠡᠮᠳᠡᠭᠯᠡᠯ ᠡᠴᠡ)
ᠪᠠᠶᠠᠷ ᠲᠤ᠌ ᠢᠷᠡᠭᠰᠡᠨ ᠮᠣᠩᠭᠣᠯ ᠤ᠋ᠨ ᠬᠠᠭᠠᠳ ᠢ᠋ ᠰᠢᠭᠤᠷᠭ᠎ᠠ ᠲᠠᠷᠬᠠᠭᠠᠭᠰᠠᠨ ᠲᠤᠯᠠ ᠦᠳᠡᠰᠢ ᠶᠡᠬᠡ ᠨᠠᠢᠷ ᠬᠢᠬᠦ ᠪᠡᠨ ᠪᠣᠯᠢᠪᠠ᠃
ᠪᠠᠲᠤ ᠬᠠᠭᠠᠨ ᠴᠥᠭᠡᠨ ᠵᠥᠪᠯᠡᠭᠴᠢᠳ ᠦ᠋ᠨ ᠬᠠᠮᠲᠤ ᠦᠳᠡᠰᠢ ᠶ᠋ᠢ ᠥᠪᠡᠷ ᠦ᠋ᠨ ᠳᠣᠯᠣᠳᠤᠭᠠᠷ ᠬᠠᠲᠤᠨ ᠶᠦᠯᠳᠥ᠋ᠽ ᠬᠠᠲᠤᠨ ᠤ᠋ ᠠᠰᠠᠷ ᠲᠤ᠌ ᠥᠩᠭᠡᠷᠡᠭᠦᠯᠬᠦ ᠪᠡᠷ ᠲᠤᠰᠢᠶᠠᠭᠰᠠᠨ ᠲᠤᠯᠠ ᠠᠵᠤ ᠠᠬᠤᠢ ᠶ᠋ᠢᠨ ᠡᠷᠬᠢᠯᠡᠭᠴᠢ ᠪᠠᠭᠤᠷᠴᠢ ᠬᠣᠭᠣᠯᠠ ᠤᠮᠳᠠ ᠶ᠋ᠢ ᠴᠥᠮ ᠢ᠋ ᠲᠡᠨᠳᠡ ᠪᠡᠯᠡᠳᠭᠡ ᠭᠡᠬᠦ ᠳ᠋ᠦ᠍᠂
— ᠬᠡᠴᠢᠨᠡᠨ ᠵᠣᠴᠢᠳ ᠲᠤ᠌ ᠪᠡᠯᠡᠳᠬᠡᠬᠦ ᠪᠣᠢ? ᠭᠡᠵᠦ ᠪᠠᠭᠤᠷᠴᠢ ᠬᠦᠨᠳᠦᠳᠬᠡᠨ ᠰᠢᠪᠡᠨᠡᠬᠦ ᠳ᠋ᠦ᠍ᠨᠢ ᠪᠠᠲᠤ ᠬᠠᠭᠠᠨ ᠨᠢᠳᠦ ᠪᠡᠨ ᠠᠨᠢᠪᠬᠢᠨ ᠬᠢ ᠬᠢ ᠭᠡᠵᠦ ᠢᠨᠢᠶᠡᠭᠡᠳ ᠡᠷᠭᠢᠪᠡ᠃
ᠪᠠᠭᠤᠷᠴᠢ᠂ ᠲᠤᠰᠠᠯᠠᠭᠴᠢᠳ ᠳᠡᠭᠡᠷ᠎ᠡ ᠪᠡᠨ ᠣᠴᠢᠵᠤ ᠪᠡᠯᠡᠬᠡᠨ ᠪᠠᠢᠬᠤ ᠲᠤᠰᠢᠶᠠᠯ ᠢ᠋ ᠥᠭᠭᠦᠭᠡᠳ ᠠᠯᠲᠠᠨ ᠰᠠᠪᠠ᠂ ᠰᠠᠭᠤᠯᠠᠭ᠎ᠠ᠂ ᠤᠮᠳᠠᠭᠠᠨ ᠨᠤᠭᠤᠳ᠂ ᠰᠢᠷᠠᠭᠰᠠᠨ ᠮᠢᠬ᠎ᠠ᠂ ᠨᠠᠷᠢᠨ ᠪᠣᠣᠪᠣ᠂ ᠰᠢᠭ᠌ᠸᠷᠪ ᠡᠴᠡ ᠠᠪᠴᠤ ᠢᠷᠡᠭᠰᠡᠨ ᠤᠰᠤᠨ ᠦᠵᠦᠮ ᠲᠡᠷᠢᠭᠦᠲᠡᠨ ᠴᠥᠮ ᠬᠡᠴᠢᠨᠡᠨ ᠵᠣᠴᠢᠳ ᠢᠷᠡᠭᠰᠡᠨ ᠴᠦ᠍ ᠭᠠᠷ ᠤ᠋ᠨ ᠳᠣᠣᠷ᠎ᠠ ᠪᠠᠢᠬᠤ ᠬᠡᠷᠡᠭᠲᠡᠢ ᠭᠡᠵᠦ ᠵᠠᠬᠢᠷᠴᠠᠢ᠃ ᠭᠡᠷ ᠨᠢ ᠥᠨᠳᠥᠷᠯᠢᠭ ᠳᠡᠭᠡᠷ᠎ᠡ ᠣᠷᠣᠰᠢᠬᠤ ᠪᠥᠭᠡᠳ ᠪᠣᠷᠣᠭᠠᠨ ᠤ᠋ ᠳᠤᠰᠤᠯ ᠨᠡᠪᠲᠡᠷᠡᠭᠦᠯᠬᠦ ᠦᠭᠡᠢ ᠶ᠋ᠢᠨ ᠲᠤᠯᠠᠳᠠ ᠱᠣᠣᠳᠤᠭᠤ ᠮᠠᠯᠲᠠᠭᠰᠠᠨ ᠪᠠᠢᠵᠠᠢ᠃
ᠬᠢᠲᠠᠳ ᠥᠬᠢᠨ ᠢ ᠯᠡ ᠾᠧ ᠬᠡᠷᠬᠢᠨ ᠶᠠᠭᠠᠬᠢᠵᠤ ᠬᠤᠪᠴᠠᠰᠤᠯᠠᠬᠤ᠂ ᠶᠠᠭᠠᠬᠢᠵᠤ ᠤᠭᠲᠤᠬᠤ᠂ ᠶᠠᠭᠤ ᠬᠡᠯᠡᠬᠦ ᠲᠤᠬᠠᠢ ᠶᠦᠯᠳᠥ᠋ᠽ ᠲᠦ᠍ ᠡᠴᠦᠰ ᠦ᠋ᠨ ᠤᠳᠠᠭ᠎ᠠ ᠵᠠᠬᠢᠨ ᠵᠥᠪᠯᠡᠭᠰᠡᠨ ᠪᠠᠢᠵᠠᠢ᠃
— ᠪᠢ ᠴᠢᠨᠦ ᠳᠡᠷᠭᠡᠳᠡ ᠪᠠᠢᠵᠤ ᠬᠡᠷᠡᠭ ᠲᠣᠬᠢᠶᠠᠯᠳᠤᠪᠠᠯ ᠰᠢᠪᠡᠨᠡᠵᠦ ᠪᠠᠢᠨ᠎ᠠ᠂ ᠶᠠᠭᠤᠨ ᠠ᠋ᠴᠠ ᠴᠤ᠌ ᠪᠤᠤ ᠠᠶᠤ ᠭᠡᠵᠡᠢ᠃ ᠵᠠᠩᠵᠤᠨ ᠤ᠋ ᠲᠤᠰᠢᠶᠠᠯ ᠤ᠋ᠨ ᠶᠣᠰᠣᠭᠠᠷ ᠬᠠᠳ᠋ᠵᠢ ᠷᠠᠾᠢᠮ ᠡᠷᠬᠢᠮ ᠨᠢᠭᠡᠳᠦᠭᠡᠷ ᠲᠦ᠍ ᠢᠷᠡᠵᠡᠢ᠃ ᠶᠦᠯᠳᠥ᠋ᠽ ᠠᠩᠬᠠᠨ ᠳ᠋ᠠᠭᠠᠨ ᠭᠡᠯᠮᠡᠭᠳᠡᠭᠰᠡᠨ ᠪᠣᠯᠪᠠᠴᠤ ᠲᠡᠷᠡ ᠲᠡᠭᠦᠨ ᠦ᠌ ᠪᠡᠨ ᠪᠣᠳᠣᠭ ᠲᠦᠷᠬᠢᠵᠦ ᠵᠠᠰᠠᠭᠰᠠᠨ ᠨᠢᠭᠤᠷ ᠢ᠋ ᠠᠩᠵᠠᠭᠠᠷᠠᠭᠰᠠᠨ ᠦᠭᠡᠢ ᠲᠤᠯᠠ ᠲᠠᠢᠪᠤᠰᠢᠷᠠᠵᠤ ᠲᠡᠭᠦᠨ ᠢ᠋ ᠬᠦᠨᠳᠦᠳᠬᠡᠨ ᠮᠡᠨᠳᠦᠯᠡᠵᠡᠢ᠃ ᠢ ᠯᠡ ᠾᠧ ᠵᠣᠴᠢᠨ ᠳ᠋ᠤ᠌ ᠬᠢᠯᠢᠩ ᠣᠯᠪᠣᠭ ᠳᠡᠪᠢᠰᠦᠨ ᠥᠭᠴᠦ᠂ ᠪᠦᠷ ᠡᠷᠲᠡ ᠤᠷᠢᠳᠤ ᠮᠢᠩᠭᠠᠨ ᠵᠢᠯ ᠦ᠋ᠨ ᠴᠠᠭᠠᠨ᠎ᠠ ᠢᠵᠢᠯ ᠮᠥᠷᠡᠨ ᠳ᠋ᠦ᠍ ᠶᠠᠭᠤ ᠪᠠᠢᠭᠰᠠᠨ ᠢ᠋ ᠲᠡᠭᠦᠨ ᠡᠴᠡ ᠯᠠᠪᠯᠠᠨ ᠠᠰᠠᠭᠤᠭᠰᠠᠨ ᠳ᠋ᠤ᠌ ᠬᠠᠳ᠋ᠵᠢ ᠷᠠᠾᠢᠮ ᠡᠷᠬᠢᠮ ᠲᠣᠳᠣᠷᠬᠠᠢ ᠬᠠᠷᠢᠭᠤᠯᠵᠤ᠂ ᠢ ᠯᠡ ᠾᠧ ᠲᠡᠭᠦᠨ ᠢ᠋ ᠠᠩᠬᠠᠷᠤᠯᠲᠠᠢ ᠪᠥᠭᠡᠳ ᠬᠦᠨᠳᠦᠳᠬᠡᠨ ᠰᠣᠨᠣᠰᠴᠤ ᠪᠠᠢᠯ᠎ᠠ᠃
ᠭᠠᠳᠠᠨ᠎ᠠ ᠮᠣᠷᠢ ᠲᠠᠢ ᠬᠥᠮᠦᠨ ᠳᠠᠪᠬᠢᠯᠳᠤᠵᠤ ᠬᠦᠷᠴᠦ ᠢᠷᠡᠭᠰᠡᠨ ᠳ᠋ᠦ᠍᠂ ᠲᠦᠷᠦᠭᠦᠨ ᠳ᠋ᠦ᠍ᠨᠢ ᠪᠠᠲᠤ ᠬᠠᠭᠠᠨ ᠶᠣᠰᠣᠯᠠᠯ ᠤ᠋ᠨ ᠬᠤᠪᠴᠠᠰᠤ ᠪᠠ ᠬᠥᠯ ᠳ᠋ᠡᠭᠡᠨ ᠤᠯᠠᠭᠠᠨ ᠠᠷᠠᠰᠤᠨ ᠭᠤᠲᠤᠯ ᠡᠮᠦᠰᠦᠭᠰᠡᠨ ᠢᠷᠡᠵᠡᠢ᠃ ᠲᠡᠭᠦᠨ ᠦ᠌ ᠬᠠᠮᠲᠤ ᠰᠥᠪᠡᠭᠡᠳᠡᠢ ᠪᠠᠭᠠᠲᠤᠷ ᠬᠠᠭᠠᠨ ᠬᠥᠪᠡᠭᠦᠳ ᠲᠡᠭᠦᠨ ᠦ᠌ ᠳᠣᠲᠣᠨᠣ ᠨᠥᠬᠥᠳ ᠬᠦᠷᠴᠦ ᠢᠷᠡᠵᠡᠢ᠃ ᠶᠦᠯᠳᠦ᠋ᠽ ᠬᠢᠲᠠᠳ ᠲᠣᠷᠭᠠᠨ ᠳᠡᠪᠡᠯ ᠲᠡᠢ᠂ ᠥᠨᠳᠥᠷ ᠬᠢᠯᠢᠩ ᠮᠠᠯᠠᠭᠠᠢ ᠲᠠᠢ᠂ ᠠᠯᠲᠠᠨ ᠤᠭᠠᠯᠵᠠ ᠴᠢᠮᠡᠭᠯᠡᠯ ᠲᠡᠢ ᠪᠡᠷ ᠵᠣᠴᠢᠳ ᠢ᠋ ᠤᠭᠲᠤᠵᠤ ᠪᠠᠲᠤ ᠬᠠᠭᠠᠨ ᠤ᠋ ᠭᠡᠷ ᠲᠦ᠍ ᠣᠷᠣᠬᠤ ᠳ᠋ᠤ᠌ ᠬᠡᠪᠢᠰᠦᠨ ᠳ᠋ᠦ᠍ ᠬᠦᠷᠲᠡᠯ᠎ᠡ ᠮᠡᠬᠦᠰᠬᠢᠨ ᠶᠣᠰᠣᠯᠠᠪᠠ᠃
— ᠪᠢᠴᠢᠬᠠᠨ ᠶᠦᠯᠳᠦ᠋ᠽ ᠬᠠᠲᠤᠨ ᠠ᠋! ᠭᠡᠵᠦ ᠪᠠᠲᠤ ᠬᠠᠭᠠᠨ ᠬᠡᠯᠡᠭᠡᠳ ᠭᠠᠯ ᠤ᠋ᠨ ᠠᠷᠤ ᠳ᠋ᠤ᠌ ᠰᠢᠷ᠎ᠠ ᠣᠯᠪᠣᠭ ᠳᠡᠭᠡᠷ᠎ᠡ ᠲᠠᠪᠠᠲᠠᠢ ᠰᠠᠭᠤᠮᠠᠭᠴᠠ᠂
— ᠪᠢ ᠴᠢᠨᠦ ᠦᠯᠢᠭᠡᠷ ᠰᠠᠢᠨ ᠶᠠᠷᠢᠳᠠᠭ ᠢ᠋ ᠰᠠᠨᠠᠭᠠᠳ ᠭᠠᠭᠴᠠᠬᠠᠨ ᠦᠯᠢᠭᠡᠷ ᠦ᠋ᠨ ᠳᠣᠲᠣᠷ᠎ᠠ ᠪᠠᠢᠵᠤ ᠪᠣᠯᠬᠤ ᠭᠠᠢᠬᠠᠮᠰᠢᠭᠲᠤ ᠬᠥᠮᠦᠨ ᠢ᠋ ᠴᠢᠮᠠᠲᠤ ᠦᠵᠡᠭᠦᠯᠬᠦ ᠰᠠᠨ ᠭᠡᠰᠡᠨ ᠶᠤᠮ᠃ ᠡᠨᠡ ᠪᠣᠯ ᠭᠠᠽᠦ᠋ᠺ ᠭᠡᠭᠴᠢ ᠪᠥᠬᠡ ᠮᠢᠩᠭᠠᠨ ᠨᠠᠰᠤᠲᠠᠢ ᠪᠠᠢᠭ᠎ᠠ ᠶᠤᠮ᠃ ᠡᠨᠡ ᠡᠪᠦᠭᠡᠨ ᠪᠤᠰᠤᠳ ᠤ᠋ᠨ ᠠᠳᠠᠯᠢ ᠣᠯᠠᠨ ᠢ᠋ ᠮᠡᠬᠡᠯᠡᠬᠦ ᠳᠤᠷᠠᠲᠠᠢ ᠪᠠᠢᠨ᠎ᠠ ᠭᠡᠬᠦ ᠳ᠋ᠦ᠍ᠨᠢ ᠢ ᠯᠡ ᠾᠧ ᠥᠪᠡᠷ ᠦ᠋ᠨ ᠶᠦᠯᠳᠦ᠋ᠽ ᠲᠦ᠍ ᠨᠢᠭᠡ ᠶᠠᠭᠤᠮ᠎ᠠ ᠰᠢᠪᠡᠨᠡᠪᠡ᠃
ᠶᠦᠯᠳᠦ᠋ᠽ ᠥᠭᠦᠯᠡᠨ᠂
— ᠬᠡᠷᠪᠡ ᠡᠨᠡ ᠡᠪᠦᠭᠡᠨ ᠮᠢᠩᠭᠠᠨ ᠵᠢᠯ ᠠᠮᠢᠳᠤᠷᠠᠭᠰᠠᠨ ᠪᠣᠯ ᠡᠨᠡ ᠢᠵᠢᠯ ᠭᠣᠣᠯ ᠳ᠋ᠤ᠌ ᠨᠤᠲᠤᠭᠯᠠᠵᠤ ᠪᠠᠢᠭᠰᠠᠨ ᠾᠦᠩᠨᠦ ᠤᠯᠤᠰ ᠢ᠋ ᠮᠡᠳᠡᠬᠦ ᠪᠢᠵᠡ? ᠲᠡᠷᠡ ᠤᠯᠤᠰ ᠤ᠋ᠨ ᠠᠯᠳᠠᠷᠲᠤ ᠤᠳᠤᠷᠢᠳᠤᠭᠴᠢ ᠢᠲ᠋ᠢᠯᠢ ᠬᠠᠭᠠᠨ ᠢ᠋ ᠡᠨᠡ ᠦᠵᠡᠭᠰᠡᠨ ᠪᠠᠢᠬᠤ ᠮᠠᠭᠠᠳ ᠦᠭᠡᠢ ᠭᠡᠬᠦ ᠳ᠋ᠦ᠍ᠨᠢ᠄
—ᠴᠢ ᠰᠠᠢᠨ ᠵᠣᠬᠢᠶᠠᠵᠤ ᠪᠣᠳᠣᠵᠠᠢ᠃ ᠬᠥᠭᠰᠢᠨ ᠪᠥᠬᠡ ᠶᠠᠭᠤ ᠬᠡᠯᠡᠬᠦ ᠶ᠋ᠢ ᠨᠢ ᠦᠵᠡᠶ᠎ᠡ ᠭᠡᠪᠡ᠃ ᠲᠡᠳᠦᠢ ᠭᠠᠽᠦ᠋ᠺ ᠢ᠋ ᠠᠪᠴᠤ ᠢᠷᠡᠵᠡᠢ᠃ ᠪᠤᠭᠤᠷᠤᠯ ᠰᠠᠬᠠᠯ ᠲᠠᠢ ᠲᠤᠷᠠᠩᠬᠠᠢ ᠬᠠᠲᠠᠩᠭᠢᠷ ᠡᠪᠦᠭᠡᠨ᠂ ᠵᠠᠯᠠᠭᠤ ᠡᠬᠡᠨᠡᠷ ᠦ᠋ᠨ ᠬᠠᠮᠲᠤ᠂ ᠭᠡᠷ ᠲᠦ᠍ ᠭᠢᠨᠵᠢ ᠲᠡᠢ ᠪᠡᠨ ᠣᠷᠣᠵᠤ ᠢᠷᠡᠯ᠎ᠡ᠃ ᠪᠤᠭᠤᠷᠤᠯ ᠬᠥᠮᠥᠰᠬᠡ ᠶ᠋ᠢᠨ ᠳᠣᠣᠷ᠎ᠠ ᠠ᠋ᠴᠠ ᠭᠡᠯᠮᠡᠭᠳᠡᠭᠰᠡᠨ ᠪᠥᠭᠡᠳ ᠬᠣᠷᠣᠰᠤᠨ ᠵᠠᠨᠤᠭᠰᠠᠨ ᠨᠢᠳᠦ ᠨᠢ ᠨᠡᠪᠲᠡ ᠴᠣᠷᠭᠢᠬᠤ ᠮᠡᠲᠦ ᠦᠵᠡᠭᠳᠡᠯ᠎ᠡ᠃ ᠡᠨᠡ ᠬᠣᠶᠠᠷ ᠭᠡᠷ ᠦ᠋ᠨ ᠬᠠᠶᠠᠭᠠᠨ ᠳ᠋ᠤ᠌ ᠴᠣᠮᠴᠣᠢᠨ ᠰᠠᠭᠤᠭᠰᠠᠨ ᠳ᠋ᠤ᠌ ᠴᠥᠮ ᠢ᠋ᠶ᠋ᠡᠷ ᠪᠥᠬᠡ ᠶ᠋ᠢ ᠰᠣᠨᠢᠷᠬᠠᠨ ᠬᠠᠷᠠᠵᠠᠭᠠᠨ᠎ᠠ᠃ ᠲᠡᠭᠦᠨ ᠦ᠌ ᠴᠠᠭᠠᠨ ᠰᠣᠷᠮᠤᠤᠰᠤᠲᠠᠢ ᠨᠢᠳᠦ ᠵᠠᠷᠢᠮ ᠳ᠋ᠠᠭᠠᠨ ᠨᠡᠭᠡᠭᠡᠭᠳᠡᠵᠦ ᠪᠦᠭᠦᠳᠡ ᠶ᠋ᠢ ᠰᠢᠨᠵᠢᠯᠡᠨ ᠠᠵᠢᠭᠰᠠᠨ ᠲᠦᠷᠭᠡᠨ ᠬᠠᠷᠠᠴᠠ ᠪᠠᠷ ᠬᠠᠷᠠᠨ᠎ᠠ᠃
ᠬᠥᠭᠰᠢᠨ ᠦ᠌ ᠡᠮᠦᠰᠴᠦ ᠪᠠᠢᠭ᠎ᠠ ᠱᠣᠪᠬᠣ ᠣᠷᠣᠢ ᠲᠠᠢ ᠮᠠᠯᠠᠭᠠᠢ ᠳᠡᠭᠡᠷ᠎ᠡ ᠬᠠᠭᠤᠴᠢᠨ ᠤ᠋ ᠵᠣᠭᠣᠰ ᠤᠶᠠᠭᠰᠠᠨ ᠪᠠᠢᠵᠠᠢ᠃ ᠲᠡᠭᠦᠨ ᠦ᠌ ᠵᠤᠷᠪᠤᠰ ᠬᠡ ᠲᠡᠢ ᠳᠡᠪᠡᠯ ᠨᠢ ᠬᠤᠷᠠᠭᠠᠨ ᠤ᠋ ᠠᠷᠠᠰᠤ ᠪᠠᠷ ᠡᠮᠵᠢᠭᠳᠡᠵᠦ ᠥᠩᠭᠡ ᠪᠦᠷᠢ ᠶ᠋ᠢᠨ ᠤᠲᠠᠰᠤ ᠣᠷᠢᠶᠠᠭᠳᠠᠭᠰᠠᠨ ᠪᠠ ᠦᠯᠦ ᠣᠢᠯᠠᠭᠠᠭᠳᠠᠬᠤ ᠪᠢᠴᠢᠭ ᠦ᠋ᠳ ᠢ᠋ ᠠᠯᠠᠭᠯᠠᠨ ᠣᠶᠣᠭᠰᠠᠨ ᠪᠠᠢᠵᠠᠢ᠃ ᠬᠥᠯ ᠳ᠋ᠡᠭᠡᠨ ᠮᠠᠰᠢ ᠤᠷᠲᠤ ᠪᠥᠭᠡᠳ ᠳᠡᠭᠡᠭᠰᠢ ᠪᠡᠨ ᠡᠷᠭᠢᠭᠰᠡᠨ ᠬᠣᠰᠢᠭᠤ ᠲᠠᠢ ᠲᠣᠮᠣ ᠪᠤᠬᠠᠷᠢ ᠭᠤᠲᠤᠯ ᠡᠮᠦᠰᠦᠭᠰᠡᠨ ᠪᠠᠢᠪᠠ᠃ ᠲᠡᠭᠡᠭᠡᠳ ᠪᠥᠬᠡ ᠰᠦᠷᠡᠬᠡᠢ ᠭᠤᠲᠤᠯ ᠢ᠋ᠶ᠋ᠠᠨ ᠶᠡᠬᠡᠮᠰᠦᠭ ᠢ᠋ᠶ᠋ᠡᠷ ᠲᠠᠢᠯᠵᠤ ᠣᠷᠢᠶᠠᠯᠲᠠ ᠪᠠᠨ ᠵᠠᠳᠠᠯᠤᠭᠰᠠᠨ ᠳ᠋ᠤ᠌ ᠬᠥᠯ ᠦ᠋ᠨ ᠬᠢᠮᠤᠰᠤ ᠨᠢ ᠡᠭᠡᠯ ᠪᠤᠰᠤ ᠤᠷᠲᠤ ᠪᠥᠭᠡᠳ ᠮᠣᠰᠬᠢᠷᠤᠯᠳᠤᠬᠰᠠᠨ ᠲᠤᠯᠠ ᠬᠠᠲᠠᠭᠰᠠᠨ ᠦᠳᠡᠭᠡᠷᠢ ᠰᠢᠭ᠌ ᠰᠠᠨᠠᠭᠳᠠᠵᠤ ᠪᠠᠰᠠ ᠬᠥᠯ ᠦ᠋ᠨ ᠢ᠋ᠶ᠋ᠡᠨ ᠬᠤᠷᠤᠭᠤ ᠨᠤᠭᠤᠳ ᠤ᠋ᠨ ᠬᠣᠭᠣᠷᠣᠨᠳᠣ ᠬᠠᠲᠠᠭᠠᠭᠰᠠᠨ ᠮᠡᠯᠡᠬᠡᠢ ᠬᠠᠪᠴᠢᠭᠤᠯᠤᠭᠰᠠᠨ ᠪᠠᠢᠵᠠᠢ᠃ ᠮᠣᠩᠭᠣᠯᠴᠤᠳ ᠡᠢᠮᠦ ᠪᠥᠬᠡ ᠶ᠋ᠢ ᠤᠷᠢᠳᠤ ᠦᠵᠡᠭᠡ ᠦᠭᠡᠢ ᠲᠤᠯᠠ ᠠᠮᠠ ᠪᠠᠨ ᠠᠩᠭᠠᠢᠵᠤ ᠲᠡᠭᠦᠨ ᠢ᠋ ᠭᠠᠢᠬᠠᠨ ᠬᠠᠷᠠᠵᠠᠭᠠᠪᠠ᠃
— ᠬᠥᠭᠰᠢᠨ ᠴᠢ ᠬᠡᠳᠦᠨ ᠨᠠᠰᠤᠲᠠᠢ ᠪᠣᠢ? ᠪᠠᠲᠤ ᠬᠠᠭᠠᠨ ᠠᠰᠠᠭᠤᠯ᠎ᠠ᠃
— ᠮᠠᠷᠲᠠᠵᠠᠢ᠂ ᠥᠩᠭᠡᠷᠡᠭᠰᠡᠨ ᠵᠢᠯ ᠦ᠋ᠳ ᠢ᠋ ᠪᠤᠳᠠᠩ ᠪᠦᠷᠬᠦᠭᠰᠡᠨ ᠶᠤᠮ᠂ ᠪᠢ ᠮᠢᠩᠭᠠᠨ ᠨᠠᠰᠤᠲᠠᠢ ᠪᠤᠶᠤ ᠡᠰᠡᠪᠡᠯ ᠢᠯᠡᠭᠦᠦ ᠴᠦ᠍ ᠪᠠᠢᠵᠤ ᠪᠣᠯᠤᠨ᠎ᠠ ᠭᠡᠪᠡ᠃
— ᠲᠡᠢᠮᠦ ᠪᠣᠯ ᠴᠢ ᠡᠨᠡ ᠭᠣᠣᠯ ᠳᠡᠭᠡᠷ᠎ᠡ ᠾᠦᠩᠨᠦ ᠤᠯᠤᠰ ᠤ᠋ᠨ ᠨᠤᠲᠤᠭᠯᠠᠵᠤ ᠪᠠᠢᠭᠰᠠᠨ ᠴᠠᠭ ᠢ᠋ ᠮᠡᠳᠡᠨ᠎ᠡ ᠪᠢᠵᠡ ᠳ᠋ᠠ᠂ ᠾᠦᠩᠨᠦ ᠤᠯᠤᠰ ᠤ᠋ᠨ ᠬᠠᠭᠠᠨ ᠢᠲ᠋ᠢᠯᠢ ᠶ᠋ᠢᠨ ᠲᠤᠬᠠᠢ ᠶᠠᠷᠢᠵᠤ ᠴᠢ ᠮᠡᠳᠡᠬᠦ ᠤᠤ? ᠭᠡᠬᠦ ᠳ᠋ᠦ᠍ᠨᠢ ᠬᠥᠭᠰᠢᠨ ᠵᠥᠪᠰᠢᠶᠡᠷᠡᠵᠦ ᠲᠣᠯᠣᠭᠠᠢ ᠪᠠᠨ ᠳᠣᠬᠢᠭᠠᠳ ᠬᠥᠯ ᠦ᠋ᠨ ᠬᠤᠷᠤᠭᠤ ᠶ᠋ᠢ ᠬᠥᠳᠡᠯᠭᠡᠪᠡᠯ ᠮᠡᠯᠡᠬᠡᠢ ᠨᠦ᠍ᠭᠦᠳ ᠨᠢ ᠬᠠᠪᠢᠷᠤᠯᠳᠤᠨᠠ᠃
— ᠪᠢ ᠬᠠᠭᠠᠨ ᠢᠲ᠋ᠢᠯᠢ ᠶ᠋ᠢᠨ ᠲᠤᠬᠠᠢ ᠦᠯᠢᠭᠡᠷ ᠢ᠋ ᠰᠣᠨᠣᠰᠤᠭᠰᠠᠨ᠂ ᠲᠡᠭᠦᠨ ᠢ᠋ ᠤᠷᠢᠳᠤ ᠮᠠᠨ ᠤ᠋ ᠡᠨᠳᠡᠬᠢ ᠶ᠋ᠢᠨ ᠰᠣᠬᠣᠷ ᠦᠯᠢᠭᠡᠷᠴᠢ ᠨᠦ᠍ᠭᠦᠳ ᠶᠠᠷᠢᠳᠠᠭ ᠪᠠᠢᠭᠰᠠᠨ ᠭᠡᠬᠦ ᠳ᠋ᠦ᠍ᠨᠢ᠄
— ᠪᠢᠳᠡᠨ ᠳ᠋ᠦ᠍ ᠡᠨᠡ ᠦᠯᠢᠭᠡᠷ ᠢ᠋ᠶ᠋ᠡᠨ ᠶᠠᠷᠢᠵᠤ ᠦᠭᠭᠦᠭᠳᠦᠨ ᠭᠡᠪᠡ᠃ ᠭᠠᠽᠦᠢ᠍ᠺ ᠨᠢᠳᠦ ᠪᠡᠨ ᠠᠨᠢᠵᠤ ᠠᠭᠠᠵᠢᠮ ᠢ᠋ᠶ᠋ᠠᠷ ᠭᠠᠩᠬᠤᠵᠤ ᠠᠶᠠᠯᠤᠨ ᠡᠬᠢᠯᠡᠬᠦ ᠨᠢ᠄
— ᠡᠷᠲᠡ ᠪᠠᠯᠠᠷ ᠴᠠᠭ ᠤ᠋ᠨ ᠳᠠᠷᠠᠭ᠎ᠠ᠂ ᠲᠦᠮᠡᠨ ᠵᠢᠯ ᠦ᠋ᠨ ᠡᠴᠦᠰ ᠲᠦ᠍ ᠰᠢᠨ᠎ᠡ ᠮᠢᠩᠭᠠᠨ ᠤ᠋ ᠡᠬᠢ ᠪᠡᠷ ᠡᠩᠬᠡ ᠲᠠᠢᠪᠤᠩ ᠴᠠᠭ ᠤ᠋ᠨ ᠦᠶ᠎ᠡ ᠳ᠋ᠦ᠍ ᠡᠷᠡᠯᠬᠡᠭ ᠴᠣᠭᠲᠤ ᠢᠳᠡᠷ ᠵᠣᠷᠢᠭᠲᠤ ᠪᠠᠭᠠᠲᠤᠷ ᠪᠠᠢᠯᠳᠤᠭᠴᠢᠳ ᠲᠠᠢ ᠪᠠᠨ ᠬᠠᠭᠠᠨ ᠦᠷᠡᠺ ᠭᠡᠭᠴᠢ ᠡᠨᠡ ᠠᠭᠤᠯᠠᠨ ᠳ᠋ᠤ᠌ ᠨᠤᠲᠤᠭᠯᠠᠨ ᠪᠠᠢᠵᠠᠢ᠃ ᠡᠨᠡ ᠪᠣᠯ ᠰᠦᠷ ᠵᠢᠪᠬᠤᠯᠠᠩ ᠤ᠋ᠨ ᠵᠣᠷᠢᠭ ᠲᠡᠭᠦᠯᠳᠡᠷ ᠬᠠᠭᠠᠨ ᠪᠠᠢᠵᠠᠢ᠃ ᠣᠷᠳᠣᠨ ᠨᠢ ᠡᠨᠡ ᠠᠭᠤᠯᠠ ᠶ᠋ᠢᠨ ᠳᠡᠭᠡᠷ᠎ᠡ ᠥᠨᠳᠥᠷ ᠴᠠᠷᠠᠰᠤᠨ ᠮᠣᠳᠣ ᠨᠤᠭᠤᠳ ᠢ᠋ᠶ᠋ᠠᠷ ᠬᠦᠷᠢᠶᠡᠯᠡᠭᠳᠡᠭᠰᠡᠨ ᠪᠠᠢᠵᠠᠢ᠃ ᠳᠠᠢᠰᠤᠨ ᠲᠠᠢ ᠤᠴᠠᠷᠠᠬᠤ ᠶ᠋ᠢᠨ ᠴᠠᠭ ᠲᠸ᠋ ᠣᠭᠲᠣᠯᠤᠨ ᠠᠪᠤᠭᠰᠠᠨ ᠬᠥᠮᠦᠨ ᠦ᠌ ᠲᠣᠯᠣᠭᠠᠢ ᠨᠤᠭᠤᠳ ᠢ᠋ ᠮᠥᠴᠢᠷ ᠪᠦᠷᠢ ᠡᠴᠡ ᠳᠡᠭᠦᠵᠢᠯᠡᠭᠰᠡᠨ ᠪᠠᠢᠵᠠᠢ᠃ ᠬᠠᠭᠠᠨ ᠦᠷᠡᠺ ᠦ᠋ᠨ ᠠᠭᠲᠠᠨ ᠤ᠋ ᠬᠠᠰᠢᠶᠠᠨ ᠳ᠋ᠤ᠌ ᠠᠯᠲᠠ ᠳᠡᠯ ᠲᠡᠢ ᠠᠵᠢᠷᠭ᠎ᠠ ᠵᠠᠭᠤ ᠶ᠋ᠢ ᠲᠡᠵᠢᠭᠡᠨ᠎ᠡ᠃ ᠲᠠᠯ᠎ᠠ ᠳ᠋ᠤ᠌ ᠪᠡᠯᠴᠢᠭᠰᠡᠨ ᠠᠳᠤᠭᠤ ᠭᠡᠭᠦᠦ ᠨᠦ᠍ᠭᠦᠳ ᠨᠢᠳᠦᠨ ᠳ᠋ᠦ᠍ ᠪᠠᠭᠲᠠᠬᠤ ᠪᠠᠨ ᠪᠠᠢᠵᠤ ᠬᠠᠭᠠᠨ ᠥᠪᠡᠷ ᠢ᠋ᠶ᠋ᠡᠨ ᠲᠡᠭᠦᠨ ᠦ᠌ ᠲᠣᠭ᠎ᠠ ᠶ᠋ᠢ ᠠᠯᠳᠠᠵᠠᠢ᠃ ᠭᠣᠣᠯ ᠤ᠋ᠨ ᠳᠡᠭᠡᠷᠡᠬᠢ᠂ ᠳᠣᠣᠷᠠᠬᠢ ᠤᠯᠤᠰ ᠤ᠋ᠳ ᠴᠥᠮ ᠲᠡᠭᠦᠨ ᠳ᠋ᠦ᠍ ᠬᠠᠷᠢᠶᠠᠯᠠᠭᠳᠠᠨ᠎ᠠ᠃ ᠡᠷᠬᠡ ᠰᠠᠴᠠᠭᠤ ᠬᠠᠭᠠᠨ ᠨᠢᠭᠡ ᠴᠦ᠍ ᠪᠠᠢᠭᠰᠠᠨ ᠦᠭᠡᠢ᠂ ᠭᠣᠣᠯ ᠤ᠋ᠨ ᠳᠠᠭᠠᠤ ᠭᠠᠳᠠᠭᠠᠳᠤ ᠤᠯᠤᠰ ᠤ᠋ᠨ ᠣᠩᠭᠣᠴᠠ ᠨᠤᠭᠤᠳ ᠶᠠᠪᠤᠵᠤ ᠬᠣᠯᠠ ᠶ᠋ᠢᠨ ᠠᠷᠠᠪᠦ᠋ᠰᠲ᠋ᠠᠨ ᠠ᠋ᠴᠠ ᠪᠣᠯᠤᠨ ᠬᠠᠭᠠᠰ ᠵᠢᠯ ᠰᠥᠨᠢ ᠪᠠᠢᠳᠠᠭ ᠬᠦᠢᠲᠡᠨ ᠭᠠᠵᠠᠷ ᠸᠠᠷᠠᠨᠬᠢᠰᠲ᠋ᠠᠨ ᠠ᠋ᠴᠠ ᠲᠠᠸᠠᠷ ᠠᠪᠴᠢᠷᠠᠳᠠᠭ ᠪᠠᠢᠯ᠎ᠠ᠃ ᠣᠩᠭᠣᠴᠠ ᠪᠦᠬᠦᠨ ᠦᠷᠡᠺ ᠠᠭᠤᠯᠠ ᠶ᠋ᠢᠨ ᠳᠡᠷᠭᠡᠳᠡ ᠵᠣᠭᠰᠣᠬᠤ ᠲᠤᠯᠠ ᠬᠠᠭᠠᠨ ᠳ᠋ᠤ᠌ ᠪᠡᠯᠡᠭ ᠠᠪᠴᠢᠷᠠᠵᠤ ᠪᠠᠶᠠᠯᠢᠭ ᠢ᠋ ᠨᠢ ᠤᠯᠠᠮ ᠠᠷᠪᠢᠵᠢᠭᠤᠯᠤᠨᠠ᠃ ᠨᠢᠭᠡᠨ ᠤᠳᠠᠭ᠎ᠠ ᠭᠣᠣᠯ ᠳᠡᠭᠡᠷ᠎ᠡ ᠠᠶᠤᠮᠰᠢᠭᠲᠠᠢ ᠰᠢᠭᠤᠷᠭ᠎ᠠ ᠬᠥᠳᠡᠯᠵᠦ ᠪᠦᠬᠦ ᠪᠥᠬᠡᠴᠦᠳ ᠲᠩᠷᠢ ᠳ᠋ᠦ᠍ ᠵᠠᠯᠪᠠᠷᠢᠨ᠂《ᠬᠢᠯᠢᠩᠨᠡᠬᠦ ᠪᠡᠨ ᠵᠣᠭᠰᠣᠨ᠎ᠠ ᠤᠤ? 》ᠭᠡᠵᠦ ᠮᠥᠷᠭᠥᠯ ᠬᠢᠭᠰᠡᠨ ᠪᠣᠯᠪᠠᠴᠤ ᠰᠢᠭᠤᠷᠭ᠎ᠠ ᠤᠯᠠᠮ ᠨᠡᠮᠡᠭᠳᠡᠵᠦ ᠤᠰᠤᠨ ᠤ᠋ ᠳᠠᠪᠠᠯᠭᠠᠨ ᠣᠩᠭᠣᠴᠠ ᠤ᠋ᠳ ᠢ᠋ ᠡᠷᠭᠢ ᠳᠡᠭᠡᠷ᠎ᠡ ᠭᠠᠷᠭᠠᠨ ᠬᠠᠶᠠᠵᠤ ᠡᠪᠳᠡᠯᠡᠭᠰᠡᠭᠡᠷ ᠪᠠᠢᠯ᠎ᠠ᠃
ᠶᠡᠷᠦᠩᠬᠡᠢ ᠪᠥᠬᠡ ᠨᠢ ᠡᠳᠦᠷ ᠰᠥᠨᠢ ᠦᠭᠡᠢ ᠭᠣᠣᠯ ᠤ᠋ᠨ ᠡᠷᠭᠢ᠂ ᠬᠠᠳᠠᠨ ᠳᠡᠭᠡᠷ᠎ᠡ ᠰᠠᠭᠤᠵᠤ ᠮᠥᠷᠭᠥᠯ ᠬᠢᠭᠰᠡᠨ ᠦ᠌ ᠡᠴᠦᠰ ᠲᠦ᠍ ᠬᠠᠭᠠᠨ ᠦᠷᠡᠺ ᠲᠦ᠍ ᠣᠴᠢᠵᠤ ᠬᠡᠯᠡᠭᠰᠡᠨ ᠨᠢ᠄
—ᠡᠨᠡ ᠰᠥᠨᠢ ᠰᠢᠭᠤᠷᠭ᠎ᠠ ᠥᠴᠦᠬᠡᠨ ᠨᠠᠮᠳᠠᠵᠤ ᠣᠭᠲᠠᠷᠭᠤᠢ ᠳ᠋ᠤ᠌ ᠰᠠᠷᠠᠨ ᠦᠵᠡᠭᠳᠡᠬᠦ ᠶ᠋ᠢᠨ ᠦᠶ᠎ᠡ ᠪᠡᠷ ᠪᠢ ᠤᠰᠤᠨ ᠤ᠋ ᠬᠠᠭᠠᠨ ᠢ᠋ ᠦᠵᠡᠪᠡ᠃
ᠲᠡᠭᠦᠨ ᠦ᠌ ᠦᠰᠦ ᠰᠠᠬᠠᠯ ᠨᠢ ᠡᠪᠦᠳᠦᠭ ᠢ᠋ᠶ᠋ᠡᠨ ᠬᠦᠷᠲᠡᠯ᠎ᠡ ᠤᠨᠵᠢᠢᠵᠤ ᠬᠠᠢᠷᠰᠤ ᠪᠣᠯᠤᠭᠰᠠᠨ ᠵᠢᠭᠠᠰᠤᠨ ᠰᠡᠭᠦᠯ ᠲᠡᠢ ᠶ᠋ᠢᠨ ᠳᠡᠭᠡᠷ᠎ᠡ ᠮᠥᠨ ᠳᠣᠷᠵᠢᠫᠠᠯᠠᠮ ᠰᠢᠭᠢᠳᠬᠡᠭᠰᠡᠨ ᠨᠢ ᠣᠳᠣᠨ ᠠᠳᠠᠯᠢ ᠭᠢᠯᠠᠯᠵᠠᠨ᠎ᠠ᠃ ᠡᠨᠡ ᠬᠠᠭᠠᠨ ᠬᠢᠯᠢᠩᠨᠡᠵᠦ ᠵᠢᠭᠠᠰᠤᠨ ᠰᠡᠭᠦᠯ ᠢ᠋ᠶ᠋ᠡᠷ ᠢ᠋ᠶ᠋ᠡᠨ ᠤᠰᠤ ᠶ᠋ᠢ ᠳᠡᠯᠡᠰᠴᠦ ᠶᠠᠪᠤᠭᠰᠠᠨ ᠠ᠋ᠴᠠ ᠤᠰᠤᠨ ᠤ᠋ ᠳᠠᠪᠠᠯᠭᠠᠨ ᠡᠭᠦᠰᠦᠭᠰᠡᠨ ᠪᠠᠢᠨ᠎ᠠ᠃
— ᠲᠠᠨ ᠤ᠋ ᠬᠠᠭᠠᠨ ᠦᠷᠡᠺ ᠶᠠᠭᠠᠬᠢᠭᠠᠳ ᠬᠦᠴᠦᠷᠬᠡᠭ ᠪᠠᠢᠨ᠎ᠠ ᠭᠡᠪᠡᠯ ᠢᠵᠢᠯ ᠮᠥᠷᠡᠨ ᠢ᠋ᠶ᠋ᠡᠷ ᠲᠡᠵᠢᠭᠡᠭᠳᠡᠵᠦ ᠡᠰᠢ ᠲᠡᠰᠢ ᠵᠥᠷᠢᠴᠡᠬᠦ ᠣᠩᠭᠣᠴᠠ ᠨᠤᠭᠤᠳ ᠲᠡᠭᠦᠨ ᠳ᠋ᠦ᠍ ᠪᠡᠯᠡᠭ ᠵᠥᠭᠡᠭᠡᠭᠰᠡᠨ ᠡᠴᠡ ᠪᠠᠶᠠᠵᠢᠭᠰᠠᠨ᠂ ᠭᠡᠲᠡᠯ᠎ᠡ ᠤᠰᠤᠨ ᠤ᠋ ᠬᠠᠭᠠᠨ ᠨᠠᠳᠠᠳᠤ ᠬᠡᠨ ᠶᠠᠭᠤ ᠴᠥ᠍ ᠪᠡᠯᠡᠭᠯᠡᠬᠦ ᠦᠭᠡᠢ ᠪᠠᠢᠨ᠎ᠠ᠃ ᠪᠢ ᠴᠦ᠍ ᠴᠢᠨᠠᠭᠰᠢᠳᠠ ᠲᠡᠰᠪᠦᠷᠢᠯᠡᠵᠦ ᠴᠢᠳᠠᠬᠤ ᠦᠭᠡᠢ᠂ ᠦᠷᠡᠺ ᠵᠢᠯ ᠪᠦᠷᠢ ᠨᠠᠳᠠᠳᠤ ᠥᠬᠢᠨ ᠢ᠋ᠶ᠋ᠡᠨ ᠥᠭᠴᠦ ᠪᠠᠢᠬᠤ ᠬᠡᠷᠡᠭᠲᠡᠢ᠃ ᠲᠡᠭᠡᠬᠦ ᠦᠭᠡᠢ ᠪᠣᠯ ᠪᠢ ᠣᠩᠭᠣᠴᠠ ᠤ᠋ᠳ ᠢ᠋ ᠨᠢ ᠴᠥᠮ ᠢ᠋ ᠵᠢᠪᠪᠦᠭᠦᠯᠦᠨᠡ᠃ ᠲᠡᠭᠡᠪᠡᠯ ᠳᠠᠯᠠᠢ ᠶ᠋ᠢᠨ ᠴᠠᠭᠠᠳᠤᠬᠢ ᠨᠢᠭᠡ ᠴᠦ᠍ ᠬᠤᠳᠠᠯᠳᠤᠭᠠᠴᠢᠳ ᠲᠡᠭᠦᠨ ᠳᠡᠭᠡᠷ᠎ᠡ ᠢᠷᠡᠵᠦ ᠴᠢᠳᠠᠬᠤ ᠦᠭᠡᠢ ᠪᠣᠯᠤᠨ᠎ᠠ ᠭᠡᠵᠡᠢ᠃ ᠲᠡᠷᠡ ᠦᠶ᠎ᠡ ᠡᠴᠡ ᠡᠬᠢᠯᠡᠨ ᠬᠠᠭᠠᠨ ᠦᠷᠡᠺ ᠤᠰᠤᠨ ᠤ᠋ ᠬᠠᠭᠠᠨ ᠲᠠᠢ ᠨᠠᠢᠷᠠᠮᠳᠠᠯ ᠲᠠᠢ ᠪᠣᠯᠵᠤ ᠤᠰᠤᠨ ᠤ᠋ ᠬᠠᠭᠠᠨ ᠳ᠋ᠤ᠌ ᠥᠭᠬᠦ ᠦᠨᠡᠲᠦ ᠪᠡᠯᠡᠭ ᠢ᠋ ᠶᠡᠷᠦᠩᠬᠡᠢ ᠪᠥᠬᠡ ᠳ᠋ᠦ᠍ ᠥᠭᠴᠡᠢ᠃
ᠪᠥᠬᠡ ᠤᠰᠤᠨ ᠤ᠋ ᠬᠠᠭᠠᠨ ᠢ᠋ ᠮᠥᠷᠭᠥᠯ ᠤᠩᠰᠢᠯᠭ᠎ᠠ ᠪᠠᠷ ᠳᠠᠭᠤᠳᠠᠵᠤ ᠢᠵᠢᠯ ᠮᠥᠷᠡᠨ ᠳ᠋ᠦ᠍ ᠬᠠᠢᠷᠴᠠᠭ ᠲᠠᠢ ᠡᠷᠳᠡᠨᠢ ᠡᠴᠡ ᠬᠢᠵᠡᠢ᠃ ᠵᠢᠯ ᠪᠦᠷᠢ ᠬᠠᠪᠤᠷ ᠲᠠᠷᠢᠶᠠᠯᠠᠩ ᠤ᠋ᠨ ᠳᠠᠷᠠᠭ᠎ᠠ ᠬᠠᠭᠠᠨ ᠦᠷᠡᠺ ᠥᠪᠡᠷ ᠦ᠋ᠨ ᠲᠥᠷᠥᠭᠰᠡᠨ ᠥᠬᠢᠨ ᠢ᠋ ᠤᠰᠤᠨ ᠤ᠋ ᠬᠠᠭᠠᠨ ᠳ᠋ᠤ᠌ ᠡᠷᠭᠦᠳᠡᠭ ᠪᠣᠯᠵᠠᠢ᠃ ᠨᠢᠭᠡᠨ ᠤᠳᠠᠭ᠎ᠠ ᠬᠠᠭᠠᠨ ᠦᠷᠡᠺ ᠲᠦ᠍ ᠬᠥᠪᠡᠭᠦᠨ ᠲᠥᠷᠥᠭᠰᠡᠨ ᠤᠴᠢᠷ ᠲᠡᠷᠡ ᠨᠢ ᠲᠡᠭᠦᠨ ᠳ᠋ᠦ᠍ ᠶᠡᠬᠡ ᠭᠣᠣᠯ ᠤ᠋ᠨ ᠤᠰᠤᠨ ᠤ᠋ ᠬᠠᠭᠠᠨ ᠳ᠋ᠤ᠌ ᠰᠢᠳᠤᠷᠭᠤ ᠶ᠋ᠢ ᠭᠦᠢᠴᠡᠳᠬᠡᠬᠦ ᠶ᠋ᠢᠨ ᠲᠤᠯᠠᠳᠠ ᠬᠦᠦ ᠪᠡᠨ ᠢᠲ᠋ᠢᠯᠢ ᠭᠡᠵᠦ ᠨᠡᠷᠡᠯᠡᠵᠡᠢ᠃ ᠵᠠᠯᠠᠭᠤ ᠬᠠᠭᠠᠨ ᠢᠲ᠋ᠢᠯᠢ ᠶ᠋ᠢ ᠥᠰᠦᠭᠰᠡᠨ ᠦ᠌ ᠳᠠᠷᠠᠭ᠎ᠠ ᠨᠢᠭᠡ ᠤᠳᠠᠭ᠎ᠠ ᠤᠰᠤᠨ ᠤ᠋ ᠬᠠᠭᠠᠨ ᠣᠷᠳᠣᠨ ᠵᠦᠭ ᠬᠥᠪᠴᠦ ᠢᠷᠡᠭᠡᠳ ᠤᠰᠤᠨ ᠠ᠋ᠴᠠ ᠴᠤᠬᠤᠢᠵᠤ ᠥᠭᠦᠯᠡᠭᠰᠡᠨ ᠨᠢ᠄
— ᠠᠢ᠂ ᠬᠠᠭᠠᠨ ᠦᠷᠡᠺ! ᠴᠢᠨᠦ ᠬᠦᠦ ᠥᠰᠴᠦ ᠪᠠᠭᠠᠲᠤᠷ ᠪᠣᠯᠵᠠᠢ᠃ ᠲᠡᠭᠦᠨ ᠢ᠋ ᠨᠠᠳᠠᠳᠤ ᠶᠠᠪᠤᠭᠤᠯᠤᠭᠲᠤᠨ᠃ ᠮᠢᠨᠦ ᠥᠬᠢᠳ ᠡᠴᠡ ᠠᠯᠢ ᠳᠤᠷᠠᠲᠠᠢ ᠪᠠᠨ ᠰᠣᠩᠭᠣᠵᠤ ᠠᠪᠤᠭᠲᠤᠨ᠃ ᠲᠡᠭᠡᠭᠡᠳ ᠤᠰᠤᠨ ᠳᠣᠣᠷᠠᠬᠢ ᠮᠢᠨᠦ ᠤᠯᠤᠰ ᠲᠸ᠋ ᠦᠯᠡᠳᠡᠵᠦ ᠮᠢᠨᠦ ᠬᠣᠢᠴᠢ ᠶ᠋ᠢ ᠵᠠᠯᠭᠠᠮᠵᠢᠯᠠᠭ᠃ ᠬᠡᠷᠪᠡ ᠲᠡᠷᠡ
ᠡᠭᠦᠨ ᠢ᠋ ᠵᠥᠪᠰᠢᠶᠡᠷᠡᠬᠦ ᠦᠭᠡᠢ ᠶᠤᠮ ᠪᠣᠯ ᠪᠢ ᠣᠴᠢᠵᠤ ᠴᠢᠨᠦ ᠣᠷᠳᠣᠨ ᠪᠣᠯᠤᠨ ᠪᠦᠬᠦ ᠦᠷᠡᠺ ᠤᠯᠤᠰ ᠢ᠋ ᠪᠠᠯᠠᠯᠬᠤ ᠶᠡᠬᠡ ᠰᠢᠭᠤᠷᠭ᠎ᠠ ᠳᠡᠭᠳᠡᠭᠡᠨᠡ ᠭᠡᠵᠡᠢ᠃
ᠬᠠᠭᠠᠨ ᠦᠷᠡᠺ ᠂
— ᠰᠠᠢᠨ ᠪᠠᠢᠨ᠎ᠠ ᠲᠡᠭᠡᠶ᠎ᠡ᠂ ᠭᠤᠷᠪᠠ ᠬᠣᠨᠣᠭ ᠤ᠋ᠨ ᠳᠠᠷᠠᠭ᠎ᠠ ᠵᠣᠴᠢᠳ ᠢ᠋ᠶ᠋ᠠᠨ ᠬᠦᠯᠢᠶᠡᠵᠦ ᠠᠪ ᠭᠡᠵᠦ ᠬᠠᠷᠢᠭᠤᠯᠵᠠᠢ᠃ ᠡᠨᠡ ᠦᠶ᠎ᠡ ᠳ᠋ᠦ᠍ ᠬᠠᠭᠠᠨ ᠤ᠋ ᠬᠦᠦ ᠢᠲ᠋ᠢᠯᠢ ᠬᠠᠭᠠᠨ ᠬᠠᠷᠴᠠᠭᠠᠢ ᠰᠢᠪᠠᠭᠤᠨ ᠤ᠋ ᠪᠠᠨ ᠬᠠᠮᠲᠤ ᠭᠣᠣᠯ ᠤ᠋ᠨ ᠴᠢᠨᠠᠳᠤ ᠲᠠᠯ᠎ᠠ ᠳ᠋ᠤ᠌ ᠠᠪᠠ ᠳ᠋ᠤ᠌ ᠶᠠᠪᠤᠭᠰᠠᠨ ᠪᠠᠢᠵᠠᠢ᠃ ᠲᠡᠭᠦᠨ ᠢ᠋ ᠡᠭᠡᠵᠦ ᠢᠷᠡᠮᠡᠭᠴᠡ ᠡᠪᠦᠭᠡᠨ ᠬᠠᠭᠠᠨ ᠦᠷᠡᠺ ᠲᠡᠭᠦᠨ ᠳ᠋ᠦ᠍ ᠬᠡᠯᠡᠭᠰᠡᠨ ᠨᠢ᠂
— ᠤᠰᠤᠨ ᠤ᠋ ᠬᠠᠭᠠᠨ ᠴᠢᠮᠠᠶ᠋ᠢ ᠳᠠᠭᠤᠳᠠᠵᠤ ᠥᠬᠢᠨ ᠢ᠋ᠶ᠋ᠡᠨ ᠦᠭᠭᠦᠶ᠎ᠡ ᠭᠡᠪᠡ᠃ ᠬᠤᠷᠢᠮ ᠳ᠋ᠤ᠌ ᠪᠡᠯᠡᠳᠬᠡᠵᠦ ᠰᠦᠢ ᠪᠡᠯᠡᠭ ᠢ᠋ᠶ᠋ᠡᠨ ᠶᠠᠪᠤᠭᠤᠯ ᠭᠡᠰᠡᠨ ᠳ᠋ᠦ᠍ ᠵᠠᠯᠠᠭᠤ ᠬᠠᠭᠠᠨ ᠢᠲ᠋ᠢᠯᠢ ᠬᠡᠯᠡᠭᠰᠡᠨ ᠨᠢ᠂
— ᠴᠢ ᠠᠷᠪᠠᠨ ᠲᠠᠪᠤᠨ ᠵᠢᠯ ᠦ᠋ᠨ ᠲᠤᠷᠰᠢ ᠥᠪᠡᠷ ᠦ᠋ᠨ ᠢ᠋ᠶ᠋ᠡᠨ ᠥᠬᠢᠨ ᠢ᠋ ᠵᠢᠯ ᠳᠠᠷᠠᠭᠠᠯᠠᠨ ᠦᠭᠭᠦᠭᠰᠡᠭᠡᠷ ᠢᠷᠡᠵᠡᠢ᠃ ᠶᠠᠳᠠᠬᠤ ᠳ᠋ᠠᠭᠠᠨ ᠲᠡᠳᠡ ᠨᠠᠷ ᠤ᠋ᠨ ᠨᠢᠭᠡ ᠶ᠋ᠢ ᠨᠢ ᠴᠦ᠍ ᠭᠡᠰᠡᠨ ᠴᠢᠮᠠᠲᠤ ᠡᠷᠭᠦᠵᠦ ᠠᠴᠢ ᠬᠦᠦ ᠶ᠋ᠢ ᠴᠢᠨᠢ ᠦᠵᠡᠭᠦᠯᠬᠦ ᠪᠡᠷ ᠢᠷᠡᠭᠦᠯᠦᠭᠰᠡᠨ ᠤᠤ? ᠲᠡᠢᠮᠦ ᠵᠣᠯ ᠨᠠᠳᠠᠳᠤ ᠵᠠᠶᠠᠭᠠᠵᠤ ᠨᠢᠭᠡ ᠮᠡᠳᠡᠬᠦ ᠳ᠋ᠦ᠍ ᠤᠰᠤᠨ ᠤ᠋ ᠬᠠᠭᠠᠨ ᠤ᠋ ᠰᠢᠯ ᠦ᠋ᠨ ᠣᠷᠳᠣᠨ ᠳ᠋ᠤ᠌ ᠣᠴᠢᠬᠤ ᠶᠤᠮ ᠪᠣᠯ ᠥᠪᠡᠷ ᠦ᠋ᠨ ᠤᠷᠢᠳᠤ ᠶ᠋ᠢᠨ ᠪᠦᠬᠦ ᠠᠮᠢᠳᠤᠷᠠᠯ ᠪᠣᠯᠤᠨ ᠠᠪᠤ᠂ ᠡᠵᠢ᠂ ᠲᠥᠷᠥᠯ ᠲᠥᠷᠥᠭᠴᠢᠳ᠂ ᠬᠠᠨᠢ ᠨᠥᠬᠥᠳ ᠢ᠋ᠶ᠋ᠡᠨ ᠴᠥᠮ ᠢ᠋ ᠮᠠᠷᠲᠠᠬᠤ ᠪᠣᠯᠤᠨ᠎ᠠ᠃ ᠦᠭᠡᠢ᠂ ᠪᠢ ᠴᠢᠯᠥᠭᠡᠲᠦ ᠠᠭᠤᠳᠠᠮ ᠲᠠᠯ᠎ᠠ ᠭᠠᠵᠠᠷ ᠲᠠᠭᠠᠨ ᠳᠤᠷᠠᠲᠠᠢ᠂ ᠤᠨᠤᠳᠠᠭ ᠮᠣᠷᠢᠨ ᠳ᠋ᠠᠭᠠᠨ ᠳᠤᠷᠠᠲᠠᠢ᠃ ᠲᠡᠭᠷᠢ ᠳᠤᠤᠭᠠᠷᠴᠤ ᠴᠠᠬᠢᠯᠭᠠᠨ ᠴᠠᠬᠢᠯᠤᠭᠰᠠᠨ ᠰᠢᠭᠤᠷᠭᠠᠨᠲᠤ ᠪᠣᠷᠣᠭᠠᠨ ᠳ᠋ᠤ᠌ ᠳᠤᠷᠠᠲᠠᠢ᠂ ᠬᠠᠮᠤᠭ ᠤ᠋ᠨ ᠰᠠᠢᠨ ᠡᠷᠡᠰ ᠢ᠋ᠶ᠋ᠡᠨ ᠳᠠᠭᠠᠭᠤᠯᠵᠤ ᠥᠭᠡᠷ᠎ᠡ ᠭᠠᠵᠠᠷ ᠣᠷᠣᠨ ᠢ᠋ ᠡᠵᠡᠯᠡᠬᠦ ᠪᠡᠷ ᠶᠠᠪᠤᠭᠰᠠᠨ ᠮᠢᠨᠢ ᠳᠡᠭᠡᠷ᠎ᠡ ᠭᠡᠵᠡᠢ᠃
ᠦᠯᠢᠭᠡᠷ ᠢ᠋ ᠲᠠᠢᠪᠤᠩ ᠰᠣᠨᠣᠰᠴᠤ ᠪᠠᠢᠭᠰᠠᠨ ᠪᠠᠲᠤ ᠬᠠᠭᠠᠨ ᠭᠡᠨᠡᠳᠲᠡ ᠬᠥᠭᠰᠢᠨ ᠳᠠᠰᠢ ᠬᠠᠨᠳᠤᠵᠤ᠂
— ᠡᠨᠡ ᠪᠣᠯ ᠶᠣᠰᠣᠲᠠᠢ ᠪᠠᠭᠠᠲᠤᠷ ᠡᠷ᠎ᠡ᠂ ᠬᠡᠷᠪᠡ ᠲᠡᠷᠡ ᠥᠭᠡᠷ᠎ᠡ ᠤᠯᠤᠰ ᠢ᠋ ᠡᠵᠡᠯᠡᠬᠦ ᠶᠤᠮ ᠪᠣᠯ ᠲᠡᠷᠡ ᠶᠡᠬᠡ ᠦᠢᠯᠡᠰ ᠢ᠋ ᠪᠦᠲᠦᠭᠡᠬᠦ ᠪᠣᠯᠤᠨ᠎ᠠ ᠭᠡᠪᠡ᠃
— ᠴᠢᠨᠠᠭᠰᠢᠳᠠ ᠶᠠᠭᠤ ᠪᠣᠯᠤᠭᠰᠠᠨ ᠢ᠋ ᠰᠣᠨᠣᠰᠤᠭᠲᠤᠨ ᠭᠡᠳ ᠬᠥᠭᠰᠢᠨ ᠭᠠᠽᠥ᠋ᠺ ᠦᠷᠭᠦᠯᠵᠢᠯᠡᠭᠦᠯᠦᠨ ᠥᠭᠦᠯᠡᠭᠰᠡᠨ ᠨᠢ᠄ ᠢᠲ᠋ᠢᠯᠢ ᠶ᠋ᠢᠨ ᠡᠵᠡᠨ ᠬᠠᠭᠠᠨ ᠦᠷᠡᠺ ᠬᠦᠦ ᠳ᠋ᠡᠭᠡᠨ ᠢᠩᠭᠢᠵᠦ ᠬᠠᠷᠢᠭᠤᠯᠪᠠ᠂
— ᠶᠠᠪᠤᠵᠤ ᠪᠠᠢᠯᠳᠤᠬᠤ ᠭᠡᠳᠡᠭ ᠠᠶᠤᠯᠲᠠᠢ ᠶᠠᠪᠤᠳᠠᠯ ᠮᠥᠨ᠃ ᠪᠤᠰᠤᠳ ᠤ᠋ᠨ ᠣᠷᠣᠨ ᠢ᠋ ᠡᠵᠡᠯᠡᠵᠦ ᠴᠦ᠍ ᠮᠠᠭᠠᠳ᠂ ᠡᠰᠡᠪᠡᠯ ᠬᠣᠭᠣᠰᠣᠨ ᠲᠠᠯ᠎ᠠ ᠳ᠋ᠤ᠌ ᠥᠪᠡᠷ ᠦ᠋ᠨ ᠲᠣᠯᠣᠭᠠᠢ ᠶ᠋ᠢ ᠭᠡᠭᠡᠵᠦ ᠴᠦ᠍ ᠮᠠᠭᠠᠳ᠂ ᠲᠡᠭᠡᠬᠦ ᠶ᠋ᠢᠨ ᠣᠷᠣᠨ ᠳ᠋ᠤ᠌ ᠵᠦᠭᠡᠷ ᠭᠡᠷ ᠲᠡᠭᠡᠨ ᠦᠯᠡᠳᠡᠵᠦ ᠮᠢᠨᠦ ᠲᠥᠷᠥ ᠶ᠋ᠢ ᠪᠡᠬᠢᠵᠢᠭᠦᠯᠵᠦ ᠢᠲ᠋ᠢᠯᠢ ᠭᠣᠣᠯ ᠤ᠋ᠨ ᠵᠠᠭᠤᠭᠠᠳ ᠰᠠᠯᠪᠤᠷᠢᠯᠠᠭᠰᠠᠨ ᠲᠡᠷᠡ ᠭᠠᠵᠠᠷ ᠲᠸ᠋ ᠰᠢᠨ᠎ᠡ ᠣᠷᠳᠣᠨ ᠪᠠᠢᠭᠤᠯᠵᠤ ᠰᠠᠭᠤ᠃ ᠲᠡᠨᠳᠡ ᠴᠥ᠍ ᠮᠠᠭᠤ ᠴᠠᠮᠬᠠᠭ ᠪᠡᠬᠢᠯᠡᠯᠲᠡ ᠪᠠᠢᠭᠤᠯᠬᠤ ᠪᠢᠰᠢ᠂ ᠬᠠᠯᠳᠠᠰᠢ ᠦᠭᠡᠢ ᠴᠠᠢᠵᠠ ᠰᠢᠨ᠎ᠡ ᠰᠠᠢᠬᠠᠨ ᠬᠣᠲᠠ ᠪᠠᠢᠭᠤᠯᠬᠤ ᠪᠣᠯᠤᠨ᠎ᠠ᠃ ᠴᠢ ᠶᠠᠮᠠᠷ ᠣᠷᠳᠣᠨ ᠳᠣᠲᠣᠷ᠎ᠠ ᠪᠠᠨ ᠴᠡᠴᠡᠷᠯᠢᠭ ᠦ᠋ᠨ ᠬᠦᠷᠢᠶᠡᠯᠡᠩ ᠪᠠᠢᠭᠤᠯᠵᠤ ᠤᠰᠤ ᠶ᠋ᠢ ᠰᠢᠨ᠎ᠡ ᠡᠴᠡ ᠰᠣᠯᠢᠵᠤ ᠪᠠᠢᠬᠤ᠂ ᠨᠠᠭᠤᠷ ᠲᠣᠭᠲᠠᠭᠠᠵᠤ ᠶᠠᠳᠠᠬᠤ ᠶᠤᠮ ᠪᠢᠰᠢ᠃ ᠲᠡᠭᠡᠪᠡᠯ ᠴᠢ ᠲᠡᠭᠦᠨ ᠳᠣᠲᠣᠷ᠎ᠠ ᠡᠬᠡᠨᠡᠷ ᠢ᠋ᠶ᠋ᠡᠨ ᠤᠰᠤᠨ ᠤ᠋ ᠭᠦᠩᠵᠦ ᠶ᠋ᠢ ᠪᠠᠢᠯᠭᠠᠵᠤ ᠤᠰᠤᠨ ᠤ᠋ ᠬᠠᠭᠠᠨ ᠢ᠋ ᠴᠢᠮ᠎ᠠ ᠳᠡᠭᠡᠷ᠎ᠡ ᠠᠢᠯᠴᠢᠨ ᠢ᠋ᠶ᠋ᠠᠷ ᠢᠷᠡᠬᠦ ᠴᠠᠭ ᠲᠸ᠋ ᠤᠴᠠᠷᠠᠯᠲᠠ ᠶ᠋ᠢ ᠬᠢᠬᠦ ᠪᠣᠯᠤᠨ᠎ᠠ ᠭᠡᠬᠦ ᠳ᠋ᠦ᠍ᠨᠢ᠂ 《ᠶᠠᠭᠤ ᠬᠢᠬᠦ ᠪᠡᠨ ᠪᠢ ᠮᠡᠳᠡᠵᠦ ᠪᠠᠢᠨ᠎ᠠ 》ᠭᠡᠵᠦ ᠬᠠᠭᠠᠨ ᠬᠥᠪᠡᠭᠦᠨ ᠬᠠᠷᠢᠭᠤᠯᠤᠭᠠᠳ ᠤᠷᠲᠤ ᠤᠷᠲᠤ ᠲᠣᠣᠷ ᠦᠯᠡᠮᠵᠢᠬᠡᠨ ᠣᠯᠠᠨ ᠢ᠋ ᠪᠡᠯᠡᠳᠬᠡᠪᠡ᠃
—ᠬᠡᠷᠪᠡ ᠬᠤᠷᠢᠮ ᠬᠢᠬᠦ ᠪᠠᠶᠠᠷ ᠪᠣᠯᠵᠤ ᠭᠡᠮ᠂ ᠮᠢᠩᠭᠠᠨ ᠴᠡᠷᠢᠭ ᠪᠠ ᠮᠢᠩᠭᠠᠨ ᠵᠢᠭᠠᠰᠤᠴᠢᠨ ᠢ᠋ ᠳᠠᠭᠤᠳᠠᠬᠤ ᠬᠡᠷᠡᠭᠲᠡᠢ᠃ ᠡᠷᠭᠢ ᠳᠡᠭᠡᠷ᠎ᠡ ᠪᠥᠬᠡ ᠨᠠᠷ ᠳᠠᠭᠤᠳᠠᠯᠭ᠎ᠠ ᠪᠠᠨ ᠳᠠᠭᠤᠳᠠᠵᠤ ᠬᠡᠩᠭᠡᠷᠭᠡ ᠳᠠᠯᠠᠳ᠃ ᠵᠠᠳᠠᠭᠠᠢ ᠭᠠᠯ ᠲᠦᠯᠡ ᠭᠡᠵᠦ ᠲᠤᠰᠢᠶᠠᠭᠠᠳ ᠡᠳᠡᠭᠡᠷ ᠪᠥᠬᠡ ᠨᠠᠷ᠂
—ᠬᠠᠭᠠᠨ ᠬᠥᠪᠡᠭᠦᠨ ᠢᠲ᠋ᠢᠯᠢ ᠥᠪᠡᠷ ᠦ᠋ᠨ ᠨᠥᠬᠥᠳ ᠦ᠋ᠨ ᠬᠠᠮᠲᠤ ᠪᠠᠷ ᠤᠰᠤᠨ ᠤ᠋ ᠬᠠᠭᠠᠨ ᠢ᠋ ᠳᠠᠭᠤᠳᠠᠵᠤ ᠲᠡᠭᠦᠨ ᠦ᠌ ᠤᠰᠤᠨ ᠳᠣᠲᠣᠷᠠᠬᠢ ᠰᠢᠯ ᠦ᠋ᠨ ᠣᠷᠳᠣᠨ ᠳ᠋ᠤ᠌ ᠵᠣᠴᠢᠯᠠᠨ ᠢᠷᠡᠵᠦ ᠶᠠᠪᠤᠨ᠎ᠠ ᠭᠡᠵᠦ ᠪᠠᠷᠬᠢᠷᠠᠯᠳᠤᠵᠠᠢ᠃ ᠤᠰᠤ ᠦᠯᠦ ᠨᠡᠪᠲᠡᠷᠡᠬᠦ ᠬᠤᠪᠴᠠᠰᠤ ᠡᠮᠦᠰᠦᠭᠰᠡᠨ ᠬᠣᠷᠢᠨ ᠰᠡᠯᠢᠭᠦᠷᠴᠢᠨ ᠲᠡᠢ ᠲᠣᠮᠣ ᠵᠠᠪᠢᠨ ᠳ᠋ᠤ᠌ ᠬᠠᠭᠠᠨ ᠢᠲ᠋ᠢᠯᠢ ᠰᠠᠭᠤᠵᠠᠢ᠃ ᠥᠪᠡᠷ ᠢ᠋ᠶ᠋ᠡᠨ ᠤᠯᠠᠭᠠᠨ ᠲᠣᠷᠭᠠᠨ ᠴᠤᠪᠠ ᠶᠠᠭᠠᠨ ᠣᠷᠣᠢ ᠲᠠᠢ ᠪᠤᠯᠠᠭᠠᠨ ᠮᠠᠯᠠᠭᠠᠢ ᠡᠮᠦᠰᠴᠦ ᠰᠡᠭᠦᠯᠴᠢ ᠶ᠋ᠢᠨ ᠰᠠᠨᠳᠠᠯᠢ ᠳᠡᠭᠡᠷ᠎ᠡ ᠰᠠᠭᠤᠵᠠᠢ᠃ ᠲᠡᠭᠦᠨ ᠦ᠌ ᠳᠡᠷᠭᠡᠳᠡ ᠶᠡᠬᠡ ᠲᠥᠯᠭᠡᠴᠢ᠂ ᠤᠰᠤᠨ ᠤ᠋ ᠬᠠᠭᠠᠨ ᠳ᠋ᠤ᠌ ᠪᠡᠯᠡᠭᠯᠡᠬᠦ ᠴᠠᠷ᠎ᠠ ᠲᠠᠢ ᠦᠨᠡᠲᠦ ᠡᠷᠳᠡᠨᠢᠰ ᠢ᠋ ᠪᠠᠷᠢᠨ ᠵᠣᠭᠰᠣᠵᠠᠢ᠃ ᠵᠠᠪᠢ ᠶᠠᠪᠤᠭᠰᠠᠭᠠᠷ ᠤᠰᠤᠨ ᠤ᠋ ᠬᠠᠮᠤᠭ ᠤ᠋ᠨ ᠭᠦᠨᠵᠡᠭᠡᠢ ᠡᠷᠭᠢᠭᠦᠯᠭᠡᠲᠡᠢ ᠭᠠᠵᠠᠷ ᠬᠠᠭᠠᠨ ᠢᠲ᠋ᠢᠯᠢ ᠤᠰᠤᠨ ᠤ᠋ ᠬᠠᠭᠠᠨ ᠢ᠋ ᠳᠠᠭᠤᠳᠠᠨ᠎ᠠ᠃ ᠢᠲ᠋ᠢᠯᠢ ᠭᠤᠷᠪᠠᠨ ᠤᠳᠠᠭ᠎ᠠ ᠬᠠᠭᠠᠨ ᠢ᠋ ᠳᠠᠭᠤᠳᠠᠭᠰᠠᠨ᠂ ᠭᠤᠷᠪᠠᠳᠠᠬᠢ ᠤᠳᠠᠭ᠎ᠠ ᠶ᠋ᠢᠨ ᠳᠠᠭᠤᠳᠠᠯᠭ᠎ᠠ ᠳᠡᠭᠡᠷ᠎ᠡ ᠮᠥᠷᠡᠨ ᠦ᠌ ᠤᠰᠤ ᠳᠣᠯᠭᠢᠶᠠᠯᠠᠵᠤ ᠳᠠᠪᠠᠯᠭ᠎ᠠ ᠭᠠᠵᠠᠷ ᠠ᠋ᠴᠠ ᠰᠢᠭᠤᠷᠭ᠎ᠠ ᠬᠥᠳᠡᠯᠵᠦ ᠲᠩᠷᠢ ᠶ᠋ᠢᠨ ᠳᠠᠭᠤ ᠨᠢᠵᠢᠭᠢᠨᠡᠨ ᠴᠠᠬᠢᠯᠭᠠᠨ ᠴᠠᠬᠢᠯᠵᠠᠢ᠃ ᠬᠠᠭᠠᠨ ᠢᠲ᠋ᠢᠯᠢ ᠴᠠᠷ᠎ᠠ ᠲᠠᠢ ᠦᠨᠡᠲᠦ ᠡᠷᠳᠡᠨᠢᠰ ᠢ᠋ ᠠᠪᠴᠤ ᠤᠰᠤᠨ ᠳᠡᠭᠡᠷ᠎ᠡ ᠮᠡᠬᠦᠰᠬᠢᠵᠦ ᠤᠰᠤᠨ ᠤ᠋ ᠬᠠᠭᠠᠨ ᠢ᠋ ᠣᠢᠷᠠᠲᠤᠨ ᠬᠥᠪᠴᠦ ᠢᠷᠡᠨ᠎ᠡ ᠤᠤ ? ᠭᠡᠵᠦ ᠤᠷᠢᠵᠠᠢ᠃
ᠡᠨᠡ ᠦᠶ᠎ᠡ ᠳ᠋ᠦ᠍ ᠮᠢᠩᠭᠠᠨ ᠵᠢᠭᠠᠰᠤᠴᠢᠨ ᠤᠰᠤᠨ ᠳᠣᠲᠣᠷ᠎ᠠ ᠲᠣᠣᠷ ᠢ᠋ᠶ᠋ᠠᠨ ᠣᠷᠬᠢᠵᠤ ᠵᠠᠪᠢ ᠪᠠᠷ ᠢ᠋ᠶ᠋ᠠᠨ ᠢᠲ᠋ᠢᠯᠢ ᠶ᠋ᠢᠨ ᠵᠦᠭ ᠲᠦᠷᠭᠡᠯᠡᠵᠡᠢ᠃ ᠲᠡᠭᠷᠢ ᠶ᠋ᠢᠨ ᠳᠠᠭᠤᠨ ᠣᠨᠴᠠ ᠳᠣᠭᠰᠢᠷᠠᠬᠤ ᠶ᠋ᠢᠨ ᠴᠠᠭ ᠲᠤ᠌ ᠲᠡᠭᠷᠢ᠂ ᠭᠠᠵᠠᠷ ᠳᠡᠭᠡᠷ᠎ᠡ ᠤᠨᠠᠬᠤ ᠮᠡᠲᠦ ᠪᠣᠯᠤᠭᠰᠠᠨ ᠳ᠋ᠤ᠌ ᠶᠡᠬᠡ ᠲᠥᠯᠭᠡᠴᠢ᠂ ᠬᠠᠭᠠᠨ ᠢᠲ᠋ᠢᠯᠢ ᠶ᠋ᠢᠨ ᠨᠢᠷᠤᠭᠤᠨ ᠳ᠋ᠤ᠌ ᠬᠢᠲᠤᠭ᠎ᠠ ᠰᠢᠭᠠᠵᠤ ᠤᠰᠤᠨ ᠳ᠋ᠤ᠌ ᠲᠦᠯᠬᠢᠵᠡᠢ᠃ ᠰᠡᠯᠢᠭᠦᠷᠴᠢᠨ ᠡᠭᠦᠨ ᠊ᠢ ᠦᠵᠡᠭᠡᠳ ᠶᠡᠬᠡ ᠲᠥᠯᠭᠡᠴᠢ ᠶ᠋ᠢ ᠰᠡᠯᠢᠭᠦᠷ ᠢ᠋ᠶ᠋ᠡᠷ ᠴᠣᠬᠢᠵᠤ ᠤᠰᠤᠨ ᠳ᠋ᠤ᠌ ᠬᠠᠶᠠᠯ᠎ᠠ᠃ ᠵᠢᠭᠠᠰᠤᠴᠢᠨ ᠨᠤᠭᠤᠳ ᠵᠦᠭ ᠪᠦᠬᠦᠨ᠎ᠡ ᠰᠡᠯᠢᠵᠦ ᠬᠣᠶᠠᠭᠤᠯᠠ ᠶ᠋ᠢ ᠣᠯᠵᠤ ᠠᠪᠴᠠᠢ᠃ ᠢᠲ᠋ᠢᠯᠢ ᠠᠮᠢᠳᠤ ᠪᠥᠭᠡᠳ ᠭᠡᠮᠲᠦᠯ ᠦᠭᠡᠢ ᠪᠠᠢᠭᠰᠠᠨ ᠨᠢ ᠤᠷᠪᠠᠬᠤ ᠶᠠᠪᠤᠳᠠᠯ ᠊ᠢ ᠤᠷᠢᠳᠠᠪᠡᠷ ᠳᠠᠭᠠᠵᠤ ᠮᠡᠳᠡᠭᠡᠳ ᠴᠤᠪᠠ ᠶ᠋ᠢᠨ ᠢ᠋ᠶ᠋ᠡᠨ ᠳᠣᠲᠣᠷ᠎ᠠ ᠭᠠᠩ ᠬᠤᠶᠠᠭ ᠊ᠢ ᠡᠮᠦᠰᠦᠭᠰᠡᠨ ᠪᠠᠢᠵᠠᠢ᠃ ᠶᠡᠬᠡ ᠲᠥᠯᠭᠡᠴᠢ ᠶ᠋ᠢᠨ ᠶᠠᠰᠤ ᠨᠢ ᠬᠡᠮᠬᠡᠷᠡᠨ ᠦᠬᠦᠭᠰᠡᠨ ᠪᠠᠢᠯ᠎ᠠ ᠃
ᠬᠠᠷᠢᠨ ᠡᠪᠦᠷ ᠳᠣᠲᠣᠷ᠎ᠠ ᠨᠢ ᠪᠡᠷᠢ ᠭᠦᠩᠵᠦ ᠳ᠋ᠦ᠍ ᠪᠡᠯᠡᠭᠯᠡᠬᠦ ᠪᠡᠷ ᠪᠡᠯᠡᠳᠬᠡᠭᠰᠡᠨ ᠪᠦᠬᠦ ᠦᠨᠡᠲᠦ ᠡᠷᠳᠡᠨᠢᠰ ᠪᠠᠢᠵᠠᠢ᠃ ᠵᠢᠭᠠᠰᠤᠴᠢᠨ ᠨᠤᠭᠤᠳ ᠴᠠᠷ᠎ᠠ ᠶ᠋ᠢ ᠣᠯᠵᠤ ᠭᠠᠷᠭᠠᠪᠠᠯ ᠥᠩᠭᠡ ᠶ᠋ᠢᠨ ᠴᠢᠯᠠᠭᠤ ᠪᠠᠷ ᠲᠥᠭᠥᠷᠥᠭᠳᠡᠭᠰᠡᠨ ᠪᠠᠢᠵᠠᠢ᠃ ᠬᠠᠭᠠᠨ ᠢᠲ᠋ᠢᠯᠢ᠂ ᠵᠠᠪᠢ ᠳᠡᠭᠡᠷ᠎ᠡ ᠪᠡᠨ ᠡᠷᠭᠢᠵᠦ ᠢᠷᠡᠭᠡᠳ ᠵᠢᠭᠠᠰᠤᠴᠢᠨ ᠨᠤᠭᠤᠳ ᠲᠤ᠌ ᠪᠠᠷᠬᠢᠷᠠᠨ ᠬᠡᠯᠡᠭᠰᠡᠨ ᠨᠢ᠂
— ᠲᠣᠣᠷ ᠢ᠋ᠶ᠋ᠠᠨ ᠪᠦᠷ ᠳᠣᠷᠣᠭᠰᠢ ᠬᠠᠶᠠᠭᠲᠤᠨ᠂ ᠨᠠᠳᠠᠳᠤ ᠤᠰᠤᠨ ᠤ᠋ ᠬᠠᠭᠠᠨ ᠢ᠋ ᠪᠠᠷᠢᠵᠤ ᠦᠭᠭᠦᠭᠲᠦᠨ ᠭᠡᠪᠡ᠃
ᠠᠰᠤᠷᠤ ᠲᠣᠮᠣ ᠴᠠᠭᠠᠨ ᠵᠢᠭᠠᠰᠤ ᠶ᠋ᠢ ᠪᠠᠷᠢᠭᠰᠠᠨ ᠨᠢ ᠲᠡᠭᠦᠨ ᠦ᠌ ᠲᠣᠯᠣᠭᠠᠢ ᠳ᠋ᠤ᠌ ᠣᠷᠢᠶᠠᠭᠰᠠᠨ ᠲᠣᠮᠣ ᠬᠢᠯᠭᠠᠰᠤ ᠨᠢ ᠲᠢᠲᠢᠮ ᠲᠡᠢ ᠠᠳᠠᠯᠢᠪᠲᠤᠷ ᠪᠥᠭᠡᠳ ᠤᠷᠲᠤ ᠰᠠᠬᠠᠯ ᠨᠢ ᠪᠤᠭᠤᠷᠤᠯ ᠪᠠᠢᠯ᠎ᠠ᠃ ᠴᠠᠭᠠᠨ ᠵᠢᠭᠠᠰᠤ ᠲᠡᠢᠴᠢᠭᠢᠨᠡᠵᠦ ᠪᠠᠲᠤ ᠪᠡᠬᠢ ᠲᠣᠣᠷ ᠊ᠢ ᠤᠷᠠᠯᠠᠨ ᠪᠠᠢᠯ᠎ᠠ᠃
ᠬᠠᠭᠠᠨ ᠢᠲ᠋ᠢᠯᠢ ᠡᠨᠡ ᠯᠠᠪ ᠤᠰᠤᠨ ᠤ᠋ ᠬᠠᠭᠠᠨ ᠪᠠᠢᠵᠤ ᠮᠠᠭᠠᠳ ᠪᠠᠢᠨ᠎ᠠ᠃ ᠬᠡᠷᠪᠡ ᠮᠥᠨ ᠪᠣᠯ ᠤᠷᠤᠭ ᠪᠣᠯᠤᠭᠰᠠᠨ ᠬᠠᠭᠠᠨ ᠢ᠋ᠶ᠋ᠠᠨ ᠢᠷᠡᠬᠦ ᠳ᠋ᠦ᠍ ᠨᠠᠳᠠᠳᠤ ᠡᠪ ᠦᠭᠡᠢ ᠰᠠᠨᠠᠭᠳᠠᠵᠤ ᠪᠠᠢᠨ᠎ᠠ ᠭᠡᠳ ᠵᠢᠭᠠᠰᠤᠴᠢᠨ ᠨᠤᠭᠤᠳ ᠲᠤ᠌ ᠬᠠᠰᠬᠢᠷᠤᠨ ᠬᠡᠯᠡᠭᠰᠡᠨ ᠨᠢ᠂
— ᠵᠢᠭᠠᠰᠤ ᠶ᠋ᠢ ᠰᠤᠯᠠᠯᠠᠨ ᠲᠠᠯᠪᠢᠭᠲᠤᠨ᠃
ᠲᠡᠷᠡ ᠵᠤᠭᠠᠯᠠᠭ ᠴᠠᠭᠠᠨ ᠵᠢᠭᠠᠰᠤ ᠤᠰᠤᠨ ᠤ᠋ ᠭᠢᠯᠪᠡᠭᠢᠨ ( ᠳ᠋ᠦ᠍ ) ᠣᠷᠣᠮᠠᠭᠴᠠ ᠤᠯᠠᠮ ᠬᠢᠯᠢᠩᠨᠡᠵᠦ ᠤᠯᠠᠮ ᠰᠢᠭᠤᠷᠭ᠎ᠠ ᠰᠦᠷᠡᠬᠡᠢ ᠬᠥᠳᠡᠯᠵᠡᠢ᠃ ᠤᠰᠤᠨ ᠤ᠋ ᠳᠡᠭᠡᠭᠦᠷ ᠠᠭᠤᠯᠠ ᠠᠳᠠᠯᠢ ᠣᠪᠣᠯᠵᠠᠵᠤ ᠡᠷᠭᠢ ᠡᠴᠡ ᠳᠡᠭᠡᠭᠦᠷ ᠬᠠᠯᠢᠵᠤ ᠵᠠᠪᠢ ᠲᠠᠢ ᠬᠥᠮᠦᠨ᠂ ᠦᠬᠡᠷ ᠮᠠᠯ ᠪᠣᠯᠤᠨ ᠲᠡᠷᠭᠡ ᠲᠡᠢ ᠮᠣᠷᠢᠳ ᠊ᠢ ᠬᠥᠪᠦᠭᠦᠯᠪᠡ᠃ ᠲᠡᠭᠷᠢ ᠳᠤᠤᠭᠠᠷᠬᠤ ᠨᠢ ᠤᠴᠢᠷ ᠢ᠋ᠶ᠋ᠠᠨ ᠠᠯᠳᠠᠵᠤ᠂ ᠪᠣᠷᠣᠭ᠎ᠠ ᠠᠰᠬᠠᠷᠠᠬᠤ ᠨᠢ ᠭᠠᠵᠠᠷ ᠠ᠋ᠴᠠ ᠠᠮᠢᠳᠤ ᠶᠠᠭᠤᠮ᠎ᠠ ᠪᠦᠬᠦᠨ ᠊ᠢ ᠠᠷᠴᠢᠵᠤ ᠠᠷᠢᠯᠭᠠᠬᠤ ᠭᠡᠰᠡᠨ ᠶᠤᠮ ᠰᠢᠭ᠌ ᠪᠣᠯᠵᠠᠢ᠃
ᠡᠨᠡ ᠨᠢ ᠤᠰᠤᠨ ᠤ᠋ ᠬᠠᠭᠠᠨ ᠠ᠋ᠴᠠ ᠬᠤᠷᠮᠤᠰᠲᠠ ᠲᠩᠷᠢ ᠶ᠋ᠢ ᠭᠤᠶᠤᠵᠤ ᠦᠷᠡᠺ ᠬᠠᠭᠠᠨ ᠠ᠋ᠴᠠ ᠥᠰᠢᠶ᠎ᠡ ᠪᠡᠨ ᠠᠪᠴᠤ ᠪᠠᠢᠭ᠎ᠠ ᠨᠢ ᠶᠤᠮ ᠪᠠᠢᠵᠠᠢ᠃ ᠬᠡᠳᠦᠨ ᠤᠳᠠᠭ᠎ᠠ ᠠᠶᠤᠩᠭ᠎ᠠ ᠪᠠᠭᠤᠵᠤ ᠦᠷᠡᠺ ᠠᠭᠤᠯᠠ ᠶ᠋ᠢᠨ ᠥᠨᠳᠥᠷ ᠣᠷᠳᠣᠨ ᠢ᠋ ᠨᠢᠷᠭᠡᠨ᠎ᠡ᠃ ᠣᠷᠳᠣᠨ ᠨᠤᠷᠠᠵᠤ ᠦᠨᠡᠰᠦ ᠪᠣᠯᠲᠠᠯ᠎ᠠ ᠰᠢᠲᠠᠭᠠᠳ ᠠᠰᠤᠷᠤ ᠶᠡᠬᠡ ᠤᠰᠤᠨ ᠦᠶᠡᠷ ᠦᠷᠡᠺ ᠠᠭᠤᠯᠠ ᠶ᠋ᠢ ᠳᠠᠭᠠᠷᠢᠵᠤ ᠬᠠᠮᠤᠭ ᠤ᠋ᠨ ᠰᠡᠭᠦᠯᠴᠢ ᠶ᠋ᠢᠨ ᠬᠥᠮᠦᠨ ᠢ᠋ ᠤᠷᠤᠰᠬᠠᠵᠤ ᠳᠠᠭᠤᠰᠤᠭᠠᠳ ᠰᠢᠭᠤᠷᠭ᠎ᠠ ᠰᠠᠶᠢ ᠵᠣᠭᠰᠣᠵᠠᠢ᠃
ᠬᠠᠭᠠᠨ ᠦᠷᠡᠺ ᠰᠠᠨᠳᠤᠷᠬᠤ ᠳ᠋ᠠᠭᠠᠨ ᠬᠠᠳᠠᠨ ᠬᠠᠯᠢᠯ ᠪᠣᠯᠵᠤ ᠬᠤᠪᠢᠷᠠᠭᠠᠳ ᠦᠶᠡᠷ ᠦ᠋ᠨ ᠤᠰᠤᠨ ᠳᠠᠪᠠᠯᠭᠠᠨ ᠳ᠋ᠤ᠌ ᠤᠬᠢᠶᠠᠭᠳᠠᠵᠤ ᠨᠢᠳᠦ ᠪᠡᠨ ᠠᠨᠢᠨ ᠦᠷᠡᠺ ᠭᠦᠷᠦᠨ ᠦ᠌ ᠰᠥᠨᠥᠬᠦ ᠶ᠋ᠢ ᠦᠵᠡᠯ᠎ᠡ᠃
ᠬᠠᠭᠠᠨ ᠢᠲ᠋ᠢᠯᠢ ᠶ᠋ᠢᠨ ᠵᠠᠪᠢ ᠡᠷᠭᠢ ᠡᠴᠡ ᠬᠣᠯᠠ ᠨᠢᠭᠡᠨ ᠬᠥᠭᠰᠢᠨ ᠬᠤᠰᠤ ᠮᠣᠳᠣᠨ ᠳ᠋ᠤ᠌ ᠡᠯᠭᠦᠭᠳᠡᠵᠦ ᠢᠲ᠋ᠢᠯᠢ ᠪᠣᠯᠣᠳ ᠲᠡᠭᠦᠨ ᠦ᠌ ᠦᠨᠡᠨᠴᠢ ᠨᠥᠬᠥᠳ ᠠᠪᠤᠷᠠᠭᠳᠠᠵᠠᠢ᠃ ᠰᠢᠭᠤᠷᠭ᠎ᠠ ᠨᠠᠮᠳᠠᠭᠰᠠᠨ ᠤ᠋ ᠳᠠᠷᠠᠭ᠎ᠠ ᠵᠠᠯᠠᠭᠤ ᠬᠠᠭᠠᠨ᠂ ᠨᠠᠰᠤ ᠪᠠᠷᠠᠭᠰᠠᠨ ᠡᠴᠢᠭᠡ ᠳ᠋ᠡᠭᠡᠨ ᠵᠣᠷᠢᠭᠤᠯᠤᠨ ᠬᠤᠷᠢᠮ ᠬᠢᠭᠡᠳ ᠦᠷᠡᠺ ᠠᠭᠤᠯᠠ ᠶ᠋ᠢᠨ ᠣᠷᠣᠢ ᠳᠡᠭᠡᠷ᠎ᠡ ᠦᠷᠡᠺ ᠬᠠᠭᠠᠨ ᠤ᠋ ᠴᠢᠯᠠᠭᠤᠨ ᠳᠦᠷᠢ ᠳᠡᠭᠡᠷ᠎ᠡ ᠪᠠᠢᠯᠳᠤᠭᠴᠢ ᠪᠦᠷᠢ ᠮᠠᠯᠠᠭᠠᠢ ᠳᠦᠭᠦᠷᠡᠩ ᠰᠢᠷᠣᠢ ᠠᠪᠴᠢᠷᠠᠵᠤ ᠠᠰᠬᠠᠭᠰᠠᠨ ᠢ᠋ᠶ᠋ᠠᠷ ᠠᠭᠤᠯᠠ ᠶ᠋ᠢᠨ ᠣᠷᠭᠢᠯ ᠳᠡᠭᠡᠷ᠎ᠡ ᠥᠨᠳᠥᠷ ᠣᠪᠣᠭ᠎ᠠ ᠪᠣᠰᠴᠠᠢ᠃ ᠡᠨᠳᠡ ᠵᠢᠯ ᠪᠦᠷᠢ ᠤᠰᠤᠨ ᠤ᠋ ᠬᠠᠭᠠᠨ ᠪᠣᠯᠣᠳ ᠬᠤᠷᠮᠤᠰᠲᠠ ᠲᠩᠷᠢ ᠳ᠋ᠦ᠍《ᠦᠷᠡᠺ ᠬᠠᠪᠢ ᠶ᠋ᠢᠨ ᠨᠤᠲᠤᠭᠯᠠᠭᠴᠢᠳ ᠲᠤ᠌ ᠵᠣᠪᠠᠯᠠᠩ ᠪᠤᠤ ᠤᠴᠠᠷᠠᠭᠤᠯ 》ᠭᠡᠵᠦ ᠮᠥᠷᠭᠥᠯ ᠬᠢᠳᠡᠭ ᠪᠣᠯᠤᠯ᠎ᠠ ᠭᠡᠳ ᠬᠥᠭᠰᠢᠨ ᠪᠥᠬᠡ ᠭᠠᠽᠦ᠋ᠺ ᠳᠠᠭᠤ ᠦᠭᠡᠢ ᠪᠣᠯᠤᠭᠰᠠᠨ ᠳ᠋ᠤ᠌ ᠴᠥᠮ ᠴᠢᠮᠡᠭᠡ ᠦᠭᠡᠢ ᠪᠠᠢᠵᠠᠭᠠᠨ᠎ᠠ᠃ ᠭᠠᠭᠴᠠᠬᠠᠨ ᠬᠥᠭᠰᠢᠨ ᠦᠯᠢᠭᠡᠷᠴᠢᠨ ᠬᠥᠳᠡᠯᠬᠦ ᠳ᠋ᠦ᠍ ᠬᠥᠯ ᠳ᠋ᠦ᠍ᠨᠢ ᠬᠠᠲᠠᠭᠰᠠᠨ ᠮᠡᠯᠡᠬᠡᠢ ᠨᠦ᠍ᠭᠦᠳ ᠬᠠᠪᠢᠷᠤᠯᠳᠤᠵᠤ ᠰᠣᠨᠣᠰᠳᠠᠨ᠎ᠠ᠃
— ᠲᠡᠭᠡᠭᠡᠳ ᠵᠠᠯᠠᠭᠤ ᠬᠠᠭᠠᠨ ᠢᠲ᠋ᠢᠯᠢ ᠶᠠᠭᠤ ᠪᠣᠯᠤᠭᠰᠠᠨ ᠪᠣᠢ? ᠲᠡᠷᠡ ᠰᠢᠨ᠎ᠡ ᠬᠣᠲᠠ ᠪᠠᠢᠭᠤᠯᠪᠠ ᠤᠤ? ᠡᠰᠡᠬᠦᠯ᠎ᠡ ᠥᠭᠡᠷ᠎ᠡ ᠭᠦᠷᠦᠨ ᠢ᠋ ᠪᠠᠢᠯᠳᠤᠬᠤ ᠪᠠᠷ ᠶᠠᠪᠤᠪᠠ ᠤᠤ ? ᠭᠡᠵᠦ ᠪᠠᠲᠤ ᠬᠠᠭᠠᠨ ᠠᠰᠠᠭᠤᠯ᠎ᠠ᠃
— ᠲᠡᠷᠡ ᠰᠢᠨ᠎ᠡ ᠬᠣᠲᠠ ᠶ᠋ᠢ ᠪᠠᠢᠭᠤᠯᠤᠭᠰᠠᠨ ᠦᠭᠡᠢ᠂ ᠲᠡᠭᠦᠨ ᠢ᠋ ᠪᠠᠢᠭᠤᠯᠵᠤ ᠬᠡᠵᠢᠶ᠎ᠡ ᠴᠦ᠍ ᠠᠮᠵᠢᠨ᠎ᠠ ᠭᠡᠳ ᠶᠡᠬᠡ ᠴᠡᠷᠢᠭ ᠬᠤᠷᠠᠯᠳᠤᠭᠤᠯᠵᠤ ᠪᠠᠷᠠᠭᠤᠨ ᠵᠦᠭ ᠦ᠋ᠨ ᠤᠯᠤᠰ ᠢ᠋ ᠪᠠᠢᠯᠳᠤᠬᠤ ᠪᠠᠷ ᠮᠣᠷᠳᠠᠪᠠ᠃
ᠴᠡᠷᠢᠭ ᠦ᠋ᠨ ᠬᠣᠢᠨ᠎ᠠ ᠠ᠋ᠴᠠ ᠰᠠᠷᠯᠤᠭ ᠲᠡᠮᠡᠭᠡ ᠬᠥᠯᠦᠭᠰᠡᠨ ᠲᠡᠷᠭᠡ ᠨᠦ᠍ᠭᠦᠳ ᠴᠤᠪᠤᠵᠤ ᠲᠡᠷᠭᠡ ᠳ᠋ᠦ᠍ᠨᠢ ᠡᠬᠡᠨᠡᠷ ᠬᠡᠦᠬᠡᠳ ᠬᠥᠭᠰᠢᠳ ᠶᠠᠪᠤᠨ᠎ᠠ᠃ ᠴᠡᠷᠢᠭ ᠦ᠋ᠳ ᠠᠷᠪᠠᠨ ᠵᠢᠯ ᠦ᠋ᠨ ᠬᠣᠯᠠ ᠵᠠᠮ ᠢ᠋ ᠲᠤᠭᠤᠯᠤᠨ ᠶᠠᠪᠤᠵᠤ ᠬᠠᠭᠠᠨ ᠢᠲ᠋ᠢᠯᠢ ᠤᠴᠠᠷᠠᠭᠰᠠᠨ ᠤᠯᠤᠰ ᠪᠦᠬᠦᠨ ᠢ᠋ ᠪᠤᠲᠠ ᠴᠣᠬᠢᠨ ᠳᠡᠢᠯᠦᠭᠰᠡᠭᠡᠷ ᠶᠡᠷᠡᠨ( ᠶᠡᠷᠡ) ᠶᠢᠰᠦᠨ ᠭᠦᠷᠦᠨ ᠢ᠋ ᠪᠠᠢᠯᠳᠤᠵᠤ ᠠᠪᠤᠭᠠᠳ ᠭᠣᠮᠣᠳᠠᠯᠲᠠᠢ ᠦᠬᠦᠯ ᠢ᠋ᠶ᠋ᠡᠷ ᠨᠠᠰᠤ ᠪᠠᠷᠠᠭᠰᠠᠨ ᠪᠢᠯᠡ᠃ ᠢᠲ᠋ᠢᠯᠢ ᠭᠤᠷᠪᠠᠨ ᠵᠠᠭᠤᠨ ᠬᠠᠲᠤᠨ ᠲᠠᠢ ᠪᠠᠢᠭᠰᠠᠨ ᠠᠲᠠᠯ᠎ᠠ ᠰᠡᠭᠦᠯ ᠦ᠋ᠨ ᠡᠵᠡᠯᠡᠨ ᠠᠪᠤᠭᠰᠠᠨ ᠬᠠᠭᠠᠨ ᠤ᠋ ᠥᠬᠢᠨ ᠢ᠋ ᠠᠪᠤᠭᠰᠠᠨ ᠤᠴᠢᠷ ᠠ᠋ᠴᠠ ᠰᠥᠨᠢ ᠬᠤᠷᠢᠮ ᠤ᠋ᠨ ᠳᠠᠷᠠᠭ᠎ᠠ ᠰᠢᠨ᠎ᠡ ᠵᠠᠯᠠᠭᠤ ᠬᠠᠲᠤᠨ ᠨᠢ ᠢᠲ᠋ᠢᠯᠢ ᠬᠠᠭᠠᠨ ᠢ᠋ ᠬᠢᠲᠤᠭᠠᠯᠠᠨ ᠠᠯᠠᠵᠠᠢ᠃
ᠪᠠᠢᠯᠳᠤᠭᠴᠢᠳ ᠨᠢ ᠲᠡᠭᠦᠨ ᠦ᠌ ᠬᠡᠭᠦᠷ ᠢ᠋ ᠳ᠋ᠥ᠋ᠨᠡᠢ ᠮᠥᠷᠡᠨ ᠦ᠌ ᠡᠷᠭᠢ ᠳᠡᠭᠡᠷ᠎ᠡ ᠰᠢᠲᠠᠭᠠᠵᠤ ᠣᠷᠣᠰᠢᠭᠤᠯᠬᠤ ᠭᠡᠲᠡᠯ᠎ᠡ ᠰᠥᠨᠢ ᠰᠠᠷᠠᠨ ᠤ᠋ ᠭᠡᠷᠡᠯ ᠳ᠋ᠦ᠍ ᠤᠰᠤᠨ ᠠ᠋ᠴᠠ ᠨᠢᠭᠡᠨ ᠥᠬᠢᠨ ᠭᠦᠩᠵᠦ ᠭᠠᠷᠴᠤ ᠢᠷᠡᠭᠡᠳ ᠢᠲ᠋ᠢᠯᠢ ᠶ᠋ᠢᠨ ᠪᠡᠶ᠎ᠡ ᠶ᠋ᠢ ᠮᠠᠨᠠᠵᠤ ᠪᠠᠢᠭᠰᠠᠨ ᠴᠡᠷᠢᠭ ᠲᠦ᠍᠄
— ᠪᠢ ᠤᠰᠤᠨ ᠤ᠋ ᠬᠠᠭᠠᠨ ᠤ᠋ ᠥᠬᠢᠨ ᠪᠠᠢᠨ᠎ᠠ᠃ ᠮᠢᠨᠦ ᠪᠠᠷᠢᠯᠳᠤᠯᠭ᠎ᠠ ᠲᠠᠢ ᠬᠠᠭᠠᠨ ᠢᠲ᠋ᠢᠯᠢ ᠨᠠᠳᠠᠲᠠᠢ ᠭᠡᠷᠯᠡᠨ᠎ᠡ ᠭᠡᠵᠦ ᠬᠡᠯᠡᠭᠰᠡᠨ ᠶᠤᠮ᠃ ᠲᠡᠭᠦᠨ ᠦ᠌ ᠪᠡᠶ᠎ᠡ ᠶ᠋ᠢ ᠰᠢᠯ ᠦ᠋ᠨ ᠠᠪᠰᠠ ᠳ᠋ᠤ᠌ ᠬᠢᠵᠦ ᠬᠡᠭᠦᠷ ᠢ᠋ ᠤᠰᠤᠨ ᠳᠣᠲᠣᠷ᠎ᠠ ᠣᠷᠣᠰᠢᠭᠤᠯᠤᠨ᠎ᠠ ᠤᠤ? ᠪᠢ ᠲᠡᠭᠦᠨ ᠢ᠋ ᠰᠠᠬᠢᠨ ᠬᠠᠷᠠᠵᠤ ᠨᠥᠬᠥᠷ᠂ ᠭᠦᠩᠵᠦ ᠨᠠᠷ ᠤ᠋ᠨ ᠬᠠᠮᠲᠤ ᠲᠡᠭᠦᠨ ᠳ᠋ᠦ᠍ ᠳᠠᠭᠤᠤ ᠳᠠᠭᠤᠯᠠᠵᠤ ᠥᠭᠴᠦ ᠪᠠᠢᠨ᠎ᠠ ( ᠪᠠᠶ᠋ᠢᠶ᠎ᠠ ) ᠭᠡᠵᠡᠢ᠃
ᠪᠠᠢᠯᠳᠤᠭᠴᠢᠳ ᠲᠡᠷᠡ ᠶᠣᠰᠣᠭᠠᠷ ᠬᠠᠭᠠᠨ ᠢᠲ᠋ᠢᠯᠢ ᠶ᠋ᠢᠨ ᠪᠡᠶ᠎ᠡ ᠶ᠋ᠢ ᠰᠢᠯ ᠦ᠋ᠨ ᠠᠪᠰᠠᠨ ᠳ᠋ᠤ᠌ ᠬᠢᠵᠦ ᠬᠡᠭᠦᠷ ᠢ᠋ ᠨᠢ ᠳ᠋ᠥ᠋ᠨᠡᠢ ᠮᠥᠷᠡᠨ ᠳ᠋ᠦ᠍ ᠣᠷᠣᠰᠢᠭᠤᠯᠵᠠᠢ᠃ ᠰᠢᠯ ᠦ᠋ᠨ ᠠᠪᠰᠠᠨ ᠳ᠋ᠤ᠌ ᠬᠢᠬᠦ ᠦᠶ᠎ᠡ ᠳ᠋ᠦ᠍ ᠤᠰᠤᠨ ᠤ᠋ ᠬᠠᠭᠠᠨ ᠤ᠋ ᠥᠬᠢᠨ ᠳᠠᠬᠢᠨ ᠦᠵᠡᠭᠳᠡᠵᠦ᠂ ᠲᠡᠭᠡᠭᠡᠳ ᠦᠶ᠎ᠡ ᠤᠯᠠᠷᠢᠲᠠᠯᠠ ᠤᠰᠤᠨ ᠳᠣᠣᠷ᠎ᠠ ᠨᠢᠭᠤᠭᠳᠠᠭᠰᠠᠨ ᠶᠤᠮ ᠭᠡᠳᠡᠭ ᠭᠡᠬᠦ ᠳ᠋ᠦ᠍ᠨᠢ᠂
— ᠲᠡᠭᠡᠵᠦ ᠬᠣᠯᠠ ᠪᠠᠷᠠᠭᠤᠨ ᠵᠦᠭ ᠣᠳᠤᠭᠰᠠᠨ ᠾᠦᠩᠨᠦ ᠶ᠋ᠢᠨ ᠤᠯᠤᠰ ᠶᠠᠭᠠᠬᠢᠭᠰᠠᠨ ᠪᠣᠢ? ᠲᠡᠳᠡᠨᠡᠷ ᠡᠷᠭᠢᠵᠦ ᠢᠷᠡᠭᠰᠡᠨ ᠶᠤᠮ ᠤᠤ? ᠭᠡᠵᠦ ᠪᠠᠲᠤ ᠬᠠᠭᠠᠨ ᠠᠰᠠᠭᠤᠪᠠ᠃
— ᠬᠠᠭᠠᠨ ᠢᠲ᠋ᠢᠯᠢ ᠦᠭᠡᠢ ᠪᠣᠯᠤᠭᠰᠠᠨ ᠲᠤᠯᠠ ᠤᠯᠤᠰ ᠨᠢ ᠵᠢᠵᠢᠭ ᠤᠯᠤᠰ ᠪᠣᠯᠤᠨ ᠪᠤᠲᠠᠷᠠᠵᠤ ᠪᠤᠰᠤᠳ ᠤᠯᠤᠰ ᠲᠠᠢ ᠪᠠᠢᠯᠳᠤᠬᠤ ᠵᠡᠷᠭᠡ ᠪᠡᠷ ᠤᠯᠠᠮ ᠴᠥᠭᠡᠷᠡᠭᠰᠡᠭᠡᠷ ᠦᠭᠡᠢ ᠪᠣᠯᠤᠨ ᠵᠠᠮᠬᠠᠷᠠᠭᠠᠳ ᠭᠠᠭᠴᠠᠬᠠᠨ ᠵᠣᠷᠢᠭᠲᠤ ᠬᠠᠭᠠᠨ ᠢᠲ᠋ᠢᠯᠢ ᠪᠣᠯᠤᠨ ᠴᠢᠯᠠᠭᠤ ᠪᠣᠯᠵᠤ ᠬᠤᠪᠢᠷᠠᠭᠰᠠᠨ ᠡᠴᠢᠭᠡ ᠬᠠᠭᠠᠨ ᠦᠷᠡᠺ ᠦ᠋ᠨ ᠲᠤᠬᠠᠢ ᠦᠯᠢᠭᠡᠷ ᠳᠣᠮᠣᠭ ᠦᠯᠡᠳᠡᠵᠡᠢ᠃
ᠪᠠᠲᠤ ᠬᠠᠭᠠᠨ᠂ ᠬᠢᠲᠠᠳ ᠥᠬᠢᠨ ᠢ ᠯᠡ ᠾᠧ ᠶ᠋ᠢ ᠨᠠᠯᠠᠵᠤ ᠪᠣᠳᠣᠯᠭ᠎ᠠ ᠪᠣᠯᠵᠤ ᠰᠠᠭᠤᠭᠰᠠᠨ ᠶᠦᠯᠳᠥ᠋ᠽ ᠳᠠᠰᠢ ᠡᠷᠭᠢᠵᠦ᠂
— ᠪᠢᠴᠢᠬᠠᠨ ᠬᠠᠲᠤᠨ ᠮᠢᠨᠢ᠂ᠴᠢᠮᠠᠲᠤ ᠡᠨᠡ ᠦᠯᠢᠭᠡᠷ ᠰᠠᠢᠬᠠᠨ ᠰᠠᠨᠠᠭᠳᠠᠪᠠ ᠤᠤ? ᠭᠡᠬᠦ ᠳ᠋ᠦ᠍ᠨᠢ
—ᠦᠭᠡᠢ ᠡᠵᠡᠨ ᠮᠢᠨᠢ᠂ ᠡᠨᠡ ᠶᠡᠬᠡ ᠤᠢᠳᠬᠠᠷ ᠲᠠᠢ ᠦᠯᠢᠭᠡᠷ ᠪᠠᠢᠨ᠎ᠠ᠂ ᠥᠭᠡᠷ᠎ᠡ ᠦᠯᠢᠭᠡᠷ ᠪᠣᠯ ᠳᠡᠭᠡᠷ᠎ᠡ ᠰᠠᠨ᠂ ᠪᠢᠳᠡ ᠲᠡᠭᠦᠨ ᠦ᠌ ᠡᠬᠢ ᠶ᠋ᠢ ᠮᠡᠳᠡᠨ᠎ᠡ᠃ ᠪᠢᠳᠡ᠂ ᠬᠠᠭᠠᠨ ᠢᠲ᠋ᠢᠯᠢ ᠡᠴᠡ ᠬᠦᠴᠦᠲᠡᠢ ᠪᠠᠭᠠᠲᠤᠷ ᠤ᠋ᠳ ᠢ᠋ ᠦᠵᠡᠵᠦ ᠪᠠᠢᠨ᠎ᠠ᠃ ᠡᠨᠡ ᠪᠣᠯ ᠠᠭᠤᠤ ᠶᠡᠬᠡ ᠪᠠᠲᠤ ᠬᠠᠭᠠᠨ ᠴᠢ ᠶᠤᠮ᠃ ᠮᠣᠩᠭᠣᠯᠴᠤᠳ ᠤ᠋ᠨ ᠢᠯᠠᠯᠲᠠ ᠶ᠋ᠢᠨ ᠵᠠᠮ ᠢ᠋ ᠬᠡᠷᠡᠯᠳᠦᠬᠦ( ᠭᠡᠷᠡᠯᠲᠦᠭᠦᠯᠬᠦ) ᠬᠤᠷᠴᠠ ᠣᠳᠣᠨ ᠨᠢ ᠴᠢ ᠪᠣᠯᠤᠨ᠎ᠠ ᠭᠡᠪᠡ᠃
ᠪᠠᠲᠤ ᠬᠠᠭᠠᠨ ᠨᠢᠳᠤᠷᠭ᠎ᠠ ᠪᠠᠨ ᠵᠠᠩᠭᠢᠳᠤᠨ ᠡᠪᠦᠳᠦᠭ ᠢ᠋ᠶ᠋ᠡᠨ ᠴᠣᠬᠢᠵᠤ᠂
— ᠲᠡᠢᠮᠦ ᠠ᠋᠂ ᠪᠢ ᠡᠭᠦᠨ ᠢ᠋ ᠦᠢᠯᠡᠳᠦᠨ᠎ᠡ᠃ ᠪᠦᠭᠦᠳᠡ ᠶ᠋ᠢ ᠡᠵᠡᠯᠡᠨ ᠳᠠᠭᠠᠭᠤᠯᠵᠤ ᠮᠣᠩᠭᠣᠯ ᠤ᠋ᠨ ᠠᠯᠳᠠᠷ ᠢ᠋ ᠮᠠᠨᠳᠤᠭᠤᠯᠤᠨ᠎ᠠ ᠭᠡᠵᠦ ᠬᠥᠬᠡ ᠲᠩᠷᠢ ᠪᠠᠷᠢᠨ ᠲᠠᠩᠭᠠᠷᠢᠭᠯᠠᠶ᠎ᠠ ᠭᠡᠪᠡ᠃
ᠢᠩᠭᠢᠬᠦ ᠳ᠋ᠦ᠍ᠨᠢ ᠪᠦᠬᠦ ᠬᠠᠭᠠᠳ ᠴᠥᠮ ᠪᠠᠷᠬᠢᠷᠠᠯᠳᠤᠵᠤ᠂《ᠴᠢ ᠪᠣᠯ ᠭᠠᠢᠬᠠᠮᠰᠢᠭᠲᠤ ᠡᠷ᠎ᠡ᠂ ᠴᠢ ᠪᠣᠯ ᠶᠡᠷᠦ ᠪᠤᠰᠤ ᠶ᠋ᠢᠨ ᠬᠥᠮᠦᠨ᠂ ᠴᠢ ᠪᠣᠯ ᠮᠣᠩᠭᠣᠯ ᠤ᠋ᠨ ᠵᠢᠷᠦᠬᠡ᠁ 》ᠭᠡᠵᠡᠭᠡᠪᠡ᠃
ᠪᠠᠲᠤ ᠬᠠᠭᠠᠨ ᠬᠠᠭᠠᠯᠭ᠎ᠠ ᠶ᠋ᠢᠨ ᠬᠠᠵᠠᠭᠤ ᠳ᠋ᠤ᠌ ᠵᠣᠭᠰᠣᠵᠤ ᠪᠠᠢᠭᠰᠠᠨ ᠠᠷᠠᠫᠱᠠ ᠲᠠᠰᠢ ᠬᠠᠷᠠᠵᠤ ᠲᠡᠷᠡ ᠬᠥᠭᠰᠢᠨ ᠪᠥᠬᠡ ᠶ᠋ᠢ ᠭᠡᠷ ᠡᠴᠡ ᠭᠠᠷᠭᠠᠬᠤ ᠳᠣᠬᠢᠶ᠎ᠠ ᠶ᠋ᠢ ᠬᠤᠷᠤᠭᠤ ᠪᠠᠷ ᠢ᠋ᠶ᠋ᠠᠨ ᠥᠭᠭᠦᠭᠡᠳ᠂ ᠪᠠᠷᠠᠭᠤᠨ ᠳᠠᠰᠢ ᠬᠠᠨᠳᠤᠵᠤ ᠵᠣᠴᠢᠯᠠᠭ᠎ᠠ ᠡᠬᠢᠯᠡᠬᠦ ᠪᠣᠯᠤᠭᠰᠠᠨ ᠭᠡᠳᠡᠭ ᠢ᠋ ᠬᠥᠮᠥᠰᠬᠡ ᠪᠡᠨ ᠬᠥᠳᠡᠯᠭᠡᠨ ᠮᠡᠳᠡᠭᠳᠡᠵᠡᠢ᠃
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠯᠲᠠᠨᠴᠢᠮᠡᠭ᠂ ᠭᠡᠷᠡᠯ ᠂ᠬᠡᠷᠡᠢᠳ· ᠮᠥᠩᠬᠡᠨᠠᠰᠤᠨ
ᠬᠢᠨᠠᠭᠴᠢ᠄ ᠠᠷᠢᠭᠤᠨ᠂ ᠪᠠᠯ᠂ ᠠᠯᠲᠠᠨᠴᠢᠮᠡᠭ᠂ ᠪᠠᠶᠠᠨᠴᠡᠴᠡᠭ᠂ ᠲ· ᠬᠦᠮᠦᠵᠢᠯᠲᠦ