ᠪᠠᠲᠤ ᠬᠠᠭᠠᠨ 2-15 ᠸᠠᠸᠢᠯ ᠡᠪᠦᠭᠡᠨ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ
ᠠᠷᠪᠠᠨ ᠲᠠᠪᠤ ᠮᠣᠩᠭᠣᠯ ᠴᠡᠷᠢᠭ ᠦ᠋ᠨ ᠨᠠᠭᠠᠳᠤᠮ
ᠤᠰᠤ ᠶ᠋ᠢ ᠰᠠᠭᠠᠳ ᠦᠭᠡᠢ ᠭᠠᠲᠤᠯᠤᠭᠰᠠᠨ ᠲᠤᠬᠠᠢ ᠳ᠋ᠤ᠌ ᠪᠠᠲᠤ ᠬᠠᠭᠠᠨ ᠠ᠋ᠴᠠ ᠭᠤᠷᠪᠠᠨ ᠡᠳᠦᠷ ᠦ᠋ᠨ ᠠᠮᠠᠷᠠᠯᠲᠠ ᠵᠠᠷᠯᠠᠪᠠ᠃ ᠲᠡᠭᠡᠭᠡᠳ ᠦᠷᠠᠺ ᠠᠭᠤᠯᠠ ᠶ᠋ᠢᠨ ᠬᠠᠵᠠᠭᠤ ᠵᠦᠯᠭᠡᠨ ᠳᠡᠭᠡᠷ᠎ᠡ ᠪᠠᠢᠯᠳᠤᠭᠴᠢᠳ ᠤ᠋ᠨ ᠤᠭᠲᠤᠯᠭ᠎ᠠ ᠶ᠋ᠢᠨ ᠪᠠᠶᠠᠷ ᠬᠢᠬᠦ ᠪᠣᠯᠵᠠᠢ᠃ ᠵᠠᠷᠯᠠᠭᠰᠠᠨ ᠡᠳᠦᠷ ᠲᠦ᠍ ᠮᠣᠷᠢ ᠲᠠᠢ ᠬᠥᠮᠦᠨ ᠮᠢᠩᠭ᠎ᠠ ᠮᠢᠩᠭ᠎ᠠ ᠪᠠᠷ ᠴᠤᠭᠯᠠᠷᠠᠨ ᠢᠷᠡᠵᠡᠢ᠃ ᠪᠠᠢᠯᠳᠤᠭᠴᠢᠳ ᠶᠡᠬᠡ ᠲᠥᠭᠥᠷᠢᠭ ᠢ᠋ᠶ᠋ᠡᠷ ᠴᠣᠮᠴᠣᠢᠨ ᠰᠠᠭᠤᠵᠠᠭᠠᠵᠠᠢ᠃ ᠲᠦᠷᠦᠭᠦᠨ ᠦ᠌ ᠡᠩᠨᠡᠭᠡᠨ ᠳ᠋ᠦ᠍ ᠰᠠᠭᠤᠵᠤ ᠪᠠᠢᠭ᠎ᠠ ᠪᠣᠯᠣᠳ ᠵᠣᠭᠰᠣᠵᠤ ᠪᠠᠢᠭ᠎ᠠ ᠬᠥᠮᠦᠰ ᠦ᠋ᠨ ᠳᠤᠮᠳᠠᠭᠤᠷ ᠮᠣᠷᠢ ᠲᠠᠢ ᠬᠥᠮᠦᠰ ᠴᠤ᠌ ᠴᠢᠬᠢᠯᠳᠦᠬᠦ ᠨᠢ ᠦᠵᠡᠭᠳᠡᠨ᠎ᠡ᠃ ᠪᠠᠲᠤ ᠬᠠᠭᠠᠨ ᠪᠣᠯᠤᠨ ᠪᠤᠰᠤᠳ ᠬᠠᠭᠠᠳ ᠤ᠋ᠳ ᠦᠷᠠᠺ ᠠᠭᠤᠯᠠ ᠶ᠋ᠢᠨ ᠪᠠᠯ ᠳ᠋ᠤ᠌ ᠬᠡᠪᠢᠰ ᠪᠠ ᠮᠣᠷᠢᠨ ᠤ᠋ ᠲᠣᠬᠣᠮ ᠵᠡᠷᠭᠡ ᠶ᠋ᠢ ᠳᠡᠯᠭᠡᠵᠦ ᠰᠠᠭᠤᠵᠠᠭᠠᠪᠠ᠃
ᠤᠷᠲᠤ ᠪᠦᠷᠢᠶ᠎ᠡ ᠨᠦ᠍ᠭᠦᠳ ᠬᠠᠩᠭᠢᠨᠠᠨ ᠳᠤᠤᠭᠠᠷᠴᠤ ᠵᠠᠷᠯᠠᠭᠴᠢ ᠠ᠋ᠴᠠ ᠪᠠᠷᠬᠢᠷᠠᠬᠤ ᠨᠢ᠄
— ᠪᠥᠬᠡ ᠳᠡᠭᠡᠷ᠎ᠡ ᠢᠷᠡᠵᠡᠭᠡ᠃ ᠠᠶᠤᠮᠰᠢᠭ ᠦᠭᠡᠢ ᠠᠪᠤᠷᠭᠤ ᠨᠤᠭᠤᠳ ᠠ᠋᠂ ᠡᠷᠡᠭᠦᠯ ᠴᠢᠭᠢᠷᠠᠭ ᠤ᠋ᠨ ᠲᠥᠯᠥᠭᠡ ᠪᠠᠷᠢᠯᠳᠤᠬᠤ ᠪᠠᠷ ᠢᠷᠡᠵᠡᠭᠡ᠃ ᠵᠣᠷᠢᠭ ᠢ᠋ᠶ᠋ᠠᠨ ᠦᠵᠡᠭᠦᠯᠵᠦ ᠬᠦᠴᠦ ᠪᠡᠨ ᠰᠢᠯᠭᠠᠵᠠᠭᠠ ᠭᠡᠪᠡ᠃ ᠰᠢᠯᠢᠳᠡᠭ ᠬᠦᠴᠦᠲᠡᠨ ᠨᠦ᠍ᠭᠦᠳ ᠢᠲᠡᠭᠡᠭᠰᠡᠨ ᠨᠥᠬᠥᠳ ᠳᠡᠭᠡᠷ᠎ᠡ ᠪᠡᠨ ᠮᠣᠷᠢᠳ ᠢ᠋ᠶ᠋ᠠᠨ ᠣᠷᠬᠢᠵᠤ ᠶᠡᠬᠡ ᠬᠦᠷᠢᠶ᠎ᠡ ᠡᠴᠡ ᠭᠠᠷᠴᠤ ᠡᠨᠳᠡ ᠲᠡᠨᠳᠡ ᠬᠡᠰᠡᠭ ᠢ᠋ᠶ᠋ᠡᠷ ᠪᠥᠭᠡᠮᠨᠡᠷᠡᠪᠡ᠃ ᠪᠥᠬᠡ ᠪᠦᠷᠢ ᠳ᠋ᠦ᠍ ᠵᠠᠰᠠᠭᠤᠯᠴᠢ ᠢᠲᠡᠭᠡᠮᠵᠢᠲᠦ ᠨᠥᠬᠥᠳ ᠨᠢ ᠪᠠᠢᠪᠠ᠃
ᠵᠠᠰᠠᠭᠤᠯᠴᠢ ᠪᠣᠯ ᠪᠥᠬᠡᠴᠦᠳ ᠢ᠋ ᠵᠦᠢ ᠪᠤᠰᠤ ᠪᠠᠷᠢᠯᠳᠤᠬᠤ᠂ ᠪᠡᠶ᠎ᠡ ᠪᠡᠶ᠎ᠡ ᠪᠡᠨ ᠬᠠᠵᠠᠬᠤ ᠪᠤᠶᠤ ᠠᠯᠠᠯᠳᠤᠬᠤ ᠦᠭᠡᠢ ᠪᠠᠢᠯᠭᠠᠬᠤ ᠡᠭᠦᠷᠭᠡ ᠶ᠋ᠢ ᠬᠦᠯᠢᠶᠡᠵᠦ ᠰᠢᠯᠭᠠᠵᠤ ᠪᠠᠢᠬᠤ ᠶᠣᠰᠣᠲᠠᠢ ᠪᠠᠢᠯ᠎ᠠ᠃
— ᠣᠳᠣ ᠡᠬᠢᠯᠡᠭᠲᠦᠨ᠂ ᠪᠠᠲᠤ ᠬᠠᠭᠠᠨ ᠲᠠᠨᠠᠷ ᠢ᠋ ᠬᠠᠷᠠᠵᠤ ᠪᠠᠢᠨ᠎ᠠ᠃ ᠭᠠᠪᠰᠢᠭᠠᠢ ᠵᠠᠯᠠᠭᠤ ᠳ᠋ᠤ᠌ ᠱᠠᠩᠨᠠᠯ ᠥᠭᠭᠦᠨ᠎ᠡ᠃ ᠬᠥᠮᠦᠨ ᠪᠦᠷᠢ ᠭᠤᠷᠪᠠᠨ ᠪᠡᠷᠬᠡ ᠲᠡᠮᠡᠴᠡᠭᠡᠨ ᠳ᠋ᠦ᠍ ᠢᠯᠠᠵᠤ ᠭᠤᠷᠪᠠᠨ ᠪᠡᠷᠬᠡ ᠶ᠋ᠢ ᠳᠠᠪᠠᠵᠤ ᠭᠠᠷᠤᠭᠲᠤᠨ᠃ ᠨᠢᠭᠡ ᠴᠥ᠍ ᠤᠳᠠᠭ᠎ᠠ ᠮᠥᠷᠥ ᠪᠡᠨ ᠰᠢᠷᠣᠢᠳᠠᠭᠠ ᠦᠭᠡᠢ ᠬᠥᠮᠦᠨ ᠢ᠋ ᠪᠠᠭᠠᠲᠤᠷ ᠪᠣᠯᠭᠠᠵᠤ ᠵᠠᠷᠯᠠᠨ᠎ᠠ᠃ ᠮᠠᠨ ᠤ᠋ ᠣᠷᠣᠨ ᠤ᠋ ᠬᠠᠤᠯᠢ ᠡᠢᠮᠦ ᠪᠣᠯᠤᠭᠠᠳ ᠬᠥᠮᠦᠨ ᠨᠡᠢᠲᠡ ᠶ᠋ᠢᠨ ᠵᠠᠩᠰᠢᠯ ᠮᠥᠨ ᠡᠢᠮᠦ ᠶᠤᠮ᠃ ᠰᠠᠢᠨ ᠬᠡᠷᠡᠭ ᠲᠦ᠍ ᠰᠠᠭᠠᠳ ᠪᠠᠢᠳᠠᠭ ᠦᠭᠡᠢ᠂ ᠰᠠᠢᠨ ᠲᠩᠷᠢ ᠳ᠋ᠦ᠍ ᠪᠦᠷᠬᠦᠭ ᠪᠠᠢᠳᠠᠭ ᠦᠭᠡᠢ ᠭᠡᠪᠡ᠃
ᠠᠩᠬ᠎ᠠ ᠡᠬᠢᠯᠡᠵᠦ ᠥᠨᠳᠥᠷ ᠪᠥᠭᠡᠳ ᠥᠷᠭᠡᠨ ᠴᠡᠭᠡᠵᠢ ᠲᠡᠢ ᠵᠠᠯᠠᠭᠤ ᠠᠷᠪᠠᠨ ᠬᠣᠶᠠᠷ ᠪᠥᠬᠡᠴᠦᠳ ᠪᠠᠷᠢᠯᠳᠤᠵᠤ ᠡᠬᠢᠯᠡᠬᠦ ᠶᠣᠰᠣᠲᠠᠢ ᠪᠠᠢᠯ᠎ᠠ᠃ ᠣᠲ᠋ᠷᠢᠶᠠᠳ᠋ ᠤ᠋ᠳ ᠡᠷᠲᠡ ᠡᠴᠡ ᠥᠪᠡᠷᠰᠡᠳ ᠦ᠋ᠨ ᠰᠠᠢᠨ ᠵᠠᠰᠠᠭᠤᠯ ᠤ᠋ᠳ ᠢ᠋ ᠰᠣᠩᠭᠣᠨ ᠣᠯᠵᠠᠢ᠃ ᠤᠴᠠᠷᠠᠭ᠎ᠠ ᠨᠤᠭᠤᠳ ᠨᠢ ᠥᠪᠡᠷ ᠦ᠋ᠨ ᠡᠭᠡᠯᠵᠢ ᠶ᠋ᠢ ᠬᠦᠯᠢᠶᠡᠵᠦ ᠴᠣᠮᠴᠣᠢᠨ ᠰᠠᠭᠤᠭᠠᠳ ᠪᠥᠬᠡᠴᠦᠳ ᠪᠠᠢᠷᠢ ᠪᠠᠢᠷᠢᠨ ᠳ᠋ᠠᠭᠠᠨ ᠳᠡᠪᠢᠯᠴᠡᠨᠡ᠃ ᠲᠡᠳᠡ ᠨᠢᠭᠡ ᠬᠥᠯ ᠡᠴᠡ ᠨᠥᠭᠦᠭᠡ ᠬᠥᠯ ᠳᠡᠭᠡᠷ᠎ᠡ ᠦᠰᠦᠷᠴᠡᠭᠡᠨ ᠭᠠᠷ ᠢ᠋ᠶ᠋ᠠᠨ ᠶᠠᠭ ᠳᠠᠯᠠᠪᠴᠢ ᠠᠳᠠᠯᠢ ᠰᠤᠩᠭᠠᠵᠤ᠂ ᠡᠪᠦᠳᠦᠭ ᠢ᠋ᠶ᠋ᠡᠨ ᠨᠤᠭᠤᠯᠤᠨ ᠳᠡᠪᠢᠨᠡ᠃ ᠭᠠᠵᠠᠷ ᠠ᠋ᠴᠠ ᠰᠢᠷᠣᠢ ᠪᠤᠶᠤ ᠨᠣᠭᠣᠭ᠎ᠠ ᠰᠢᠭᠦᠷᠡᠨ ᠠᠪᠴᠤ ᠰᠢᠪᠠᠭᠤᠨ ᠤ᠋ ᠦᠰᠦᠷᠦᠯᠲᠡ ᠪᠡᠷ ᠨᠢᠭᠡ ᠨᠢᠭᠡᠨ ᠳ᠋ᠡᠭᠡᠨ ᠣᠢᠷᠠᠲᠤᠭᠰᠠᠭᠠᠷ ᠵᠢᠷᠭᠤᠭᠠᠨ ᠬᠣᠣᠰ ᠨᠢᠭᠡᠨ ᠵᠡᠷᠭᠡ ᠶᠡᠬᠡ ᠲᠠᠯᠠᠪᠠᠢ ᠳ᠋ᠤ᠌ ᠤᠴᠠᠷᠠᠵᠤ ᠮᠥᠷᠥ ᠮᠥᠷᠥ ᠡᠴᠡ ᠪᠡᠨ ᠰᠢᠭᠦᠷᠡᠨ ᠪᠠᠷᠢᠯᠴᠠᠯᠠ᠃ ᠭᠠᠷ ᠬᠥᠯ ᠬᠦᠵᠦᠭᠦᠦ ᠵᠡᠷᠭᠡ ᠡᠴᠡ ᠪᠡᠨ ᠪᠠᠷᠢᠯᠴᠠᠵᠤ ᠨᠢᠭᠡ ᠨᠢᠭᠡ ᠪᠡᠨ ᠭᠠᠵᠠᠷ ᠲᠸ᠋ ᠤᠨᠠᠭᠠᠬᠤ ᠶ᠋ᠢ ᠬᠢᠴᠢᠶᠡᠬᠦ ᠪᠥᠭᠡᠳ ᠬᠠᠶᠠᠭᠰᠠᠨ ᠨᠢ ᠬᠠᠶᠠᠭᠳᠠᠭᠰᠠᠨ ᠢ᠋ᠶ᠋ᠠᠨ ᠳᠡᠮᠵᠢᠵᠦ ᠪᠤᠰᠬᠠᠨ᠎ᠠ᠃ ᠬᠣᠣᠰ ᠪᠥᠬᠡᠨ ᠦ᠌ ᠳᠡᠷᠭᠡᠳᠡ ᠬᠣᠶᠠᠷ ᠵᠠᠰᠠᠭᠤᠯ ᠲᠣᠭᠣᠷᠢᠨ ᠭᠦᠶᠦᠵᠦ ᠦᠭᠡ ᠬᠠᠰᠬᠢᠷᠤᠨ ᠨᠥᠬᠥᠳ ᠢ᠋ᠶ᠋ᠡᠨ ᠵᠣᠷᠢᠭ ᠣᠷᠣᠭᠤᠯᠤᠨ᠎ᠠ ᠃ ᠨᠢᠭᠡ ᠨᠢ ᠤᠨᠠᠵᠤ ᠪᠡᠶ᠎ᠡ ᠨᠢ ᠭᠠᠵᠠᠷ ᠲᠤ᠌ ᠰᠢᠷᠣᠢᠳᠠᠭᠰᠠᠨ ᠪᠣᠯ ᠲᠡᠮᠡᠴᠡᠭᠡᠨ ᠡᠴᠡ ᠬᠠᠰᠤᠭᠳᠠᠵᠤ ᠵᠠᠰᠠᠭᠤᠯ ᠤ᠋ᠨ ᠬᠠᠮᠲᠤ ᠤᠢᠳᠬᠠᠷᠯᠠᠭᠰᠠᠨ ᠪᠠᠢᠳᠠᠯ ᠲᠠᠢ ᠪᠠᠷ ᠲᠠᠯᠠᠪᠤᠷ ᠠ᠋ᠴᠠ ᠭᠠᠷᠤᠨ᠎ᠠ᠃ ᠳᠡᠢᠯᠦᠭᠰᠡᠨ ᠨᠢ ᠮᠥᠨ ᠥᠨᠥᠬᠢ ᠦᠰᠦᠷᠦᠯᠲᠡ ᠪᠡᠷ ᠢ᠋ᠶ᠋ᠡᠨ ᠶᠠᠪᠤᠵᠤ ᠬᠦᠨᠳᠦᠲᠦ ᠰᠢᠯᠭᠠᠭᠴᠢᠳ ᠤ᠋ᠨ ᠰᠠᠭᠤᠬᠤ ᠭᠠᠵᠠᠷ ᠳᠠᠰᠢ ᠣᠴᠢᠨ᠎ᠠ᠃ ᠲᠡᠨᠳᠡ ᠰᠢᠭᠤᠳᠠᠢ ᠲᠠᠢ ᠪᠣᠭᠣᠷᠰᠣᠭ ᠪᠤᠶᠤ ᠠᠮᠲᠠᠲᠤ ᠢᠳᠡᠭᠡ ᠪᠠᠢᠨ᠎ᠠ᠃ ᠳᠠᠪᠠᠭᠰᠠᠨ ᠪᠥᠬᠡ ᠠᠳᠬᠤ ᠳᠦᠭᠦᠷᠡᠩ ᠠᠪᠴᠤ᠂ ᠤᠷᠤᠭᠤᠯ ᠳ᠋ᠠᠭᠠᠨ ᠠᠪᠠᠴᠢᠵᠤ ᠶᠠᠭ ᠬᠠᠵᠠᠬᠤ ᠰᠢᠭ᠋ ᠪᠣᠯᠤᠭᠠᠳ ᠲᠡᠭᠦᠨ ᠢ᠋ ᠪᠡᠨ ᠪᠣᠯᠢᠭᠠᠳ ᠢᠯᠠᠯᠲᠠ ᠶ᠋ᠢ ᠥᠭᠭᠦᠭᠰᠡᠨ ᠲᠩᠷᠢ ᠳ᠋ᠦ᠍ ᠡᠷᠭᠦᠨ ᠰᠠᠴᠤᠬᠤ ᠪᠤᠶᠤ ᠵᠠᠷᠢᠮ ᠨᠢ ᠨᠥᠬᠥᠳ ᠦ᠋ᠨ ᠢ᠋ᠶ᠋ᠡᠨ ᠳᠤᠮᠳᠠ ᠰᠠᠴᠤᠨ᠎ᠠ᠃ ᠪᠥᠬᠡᠴᠦᠳ ᠬᠡᠰᠡᠭ ᠬᠡᠰᠡᠭ ᠢ᠋ᠶ᠋ᠡᠷ ᠳᠠᠷᠠᠭᠠᠯᠠᠨ ᠭᠠᠷᠴᠤ ᠬᠠᠶᠠᠯᠴᠠᠨ᠎ᠠ᠃ ᠳᠡᠢᠯᠦᠭᠳᠡᠭᠰᠡᠨ ᠨᠢ ᠵᠠᠢᠯᠠᠵᠤ ᠳᠡᠢᠯᠦᠭᠰᠡᠨ ᠨᠢ ᠬᠣᠴᠣᠷᠴᠤ ᠬᠣᠭᠣᠷᠣᠨᠳᠣ ᠪᠠᠨ ᠪᠠᠷᠢᠯᠳᠤᠨ᠎ᠠ᠃ ᠰᠢᠯᠭᠠᠷᠠᠵᠤ ᠲᠡᠷᠢᠭᠦᠯᠡᠭᠰᠡᠨ ᠨᠢ ᠥᠨᠳᠥᠷ ᠪᠥᠭᠡᠳ ᠬᠦᠴᠦᠷᠬᠡᠭ᠂ ᠠᠶᠤᠮᠰᠢᠭᠲᠠᠢ ᠬᠠᠷᠠᠭᠳᠠᠭᠴᠢ᠂
ᠮᠣᠩᠭᠣᠯ ᠨᠡᠷ᠎ᠡ ᠨᠢ ᠲᠣᠭᠣᠷᠢᠭᠤᠯ ᠭᠡᠭᠴᠢ᠃ ᠤᠴᠠᠷᠠᠭ᠎ᠠ ᠨᠤᠭᠤᠳ ᠢ᠋ᠶ᠋ᠠᠨ ᠬᠠᠶᠠᠭᠰᠠᠨ ᠲᠤᠯᠠ ᠰᠡᠭᠦᠯᠴᠢ ᠶ᠋ᠢᠨ ᠤᠴᠠᠷᠠᠭ᠎ᠠ ᠪᠠᠨ ᠲᠣᠯᠣᠭᠠᠢ ᠳᠡᠭᠡᠷ᠎ᠡ ᠪᠡᠨ ᠡᠷᠭᠦᠵᠦ ᠵᠡᠷᠯᠢᠭ ᠰᠢᠨᠵᠢᠲᠡᠢ ᠪᠡᠶᠡᠰᠴᠦ ᠭᠠᠵᠠᠷ ᠲᠤ᠌ ᠴᠢᠯᠠᠭᠤᠳᠠᠭᠰᠠᠨ ᠪᠢᠯᠡ᠃ ᠤᠨᠠᠭᠰᠠᠨ ᠨᠢ ᠬᠥᠳᠡᠯᠦᠯ ᠦᠭᠡᠢ ᠬᠡᠪᠲᠡᠵᠦ ᠤᠬᠢᠯᠠᠬᠤ ᠪᠥᠭᠡᠳ ᠡᠨᠡ ᠬᠥᠮᠦᠨ ᠤᠷᠢᠳᠤ ᠣᠯᠠᠨ ᠤᠳᠠᠭ᠎ᠠ ᠳᠠᠪᠠᠵᠤ ᠲᠡᠷᠢᠭᠦᠯᠡᠭᠰᠡᠨ ᠪᠥᠬᠡ ᠲᠤᠯᠠ ᠲᠡᠭᠡᠵᠦ ᠤᠬᠢᠯᠠᠵᠠᠢ᠃ ᠲᠣᠭᠣᠷᠢᠭᠤᠯ ᠲᠡᠭᠦᠨ ᠳ᠋ᠦ᠍ ᠣᠢᠷᠠᠲᠤᠨ ᠣᠴᠢᠭᠠᠳ ᠬᠥᠯ ᠢ᠋ᠶ᠋ᠡᠨ ᠳᠠᠢᠯᠠᠨ ᠵᠣᠭᠰᠣᠵᠤ᠂
— ᠴᠢ ᠶᠠᠭᠤᠨ ᠳ᠋ᠤ᠌ ᠤᠢᠳᠬᠠᠷᠯᠠᠪᠠ? ᠭᠡᠵᠦ ᠠᠰᠠᠭᠤᠵᠠᠢ᠃
— ᠬᠡᠷᠪᠡ ᠪᠢ ᠦᠬᠦᠭᠰᠡᠨ ᠪᠣᠯ ᠭᠣᠮᠣᠳᠠᠯ ᠦᠭᠡᠢ ᠶᠤᠮᠰᠠᠨ᠃ ᠠᠮᠢᠳᠤ ᠪᠠᠢᠭ᠎ᠠ ᠶᠤᠮ ᠪᠣᠯᠬᠣᠷ ᠪᠠᠶᠠᠰᠬᠤᠯᠠᠩ ᠪᠠᠭ᠎ᠠ ᠪᠠᠢᠨ᠎ᠠ ᠭᠡᠬᠦ ᠳ᠋ᠦ᠍ᠨᠢ ᠲᠣᠭᠣᠷᠢᠭᠤᠯ ᠲᠡᠭᠦᠨ ᠢ᠋ ᠪᠣᠯᠭᠣᠮᠵᠢᠲᠠᠢ ᠪᠠᠷ ᠡᠷᠭᠦᠨ ᠪᠣᠰᠬᠠᠵᠤ᠂
— ᠮᠣᠩᠭᠣᠯ ᠤ᠋ᠨ ᠶᠡᠬᠡ ᠲᠥᠷᠥ ᠶ᠋ᠢ ᠮᠠᠨᠳᠤᠭᠤᠯᠬᠤ ᠶ᠋ᠢᠨ ᠲᠥᠯᠥᠭᠡ ᠰᠢᠳᠤᠷᠭᠤ ᠡᠭᠦᠷᠭᠡ ᠶ᠋ᠢ ᠭᠦᠢᠴᠡᠳᠬᠡᠵᠦ ᠪᠠᠢᠨ᠎ᠠ ᠭᠡᠵᠦ ᠥᠭᠦᠯᠡᠭᠡᠳ ᠬᠣᠶᠠᠭᠤᠯᠠ ᠬᠢᠲᠤᠭ᠎ᠠ ᠪᠠᠨ ᠰᠤᠭᠤᠯᠵᠤ ᠬᠠᠷᠢᠯᠴᠠᠨ ᠰᠣᠯᠢᠯᠴᠠᠭᠠᠳ ᠬᠠᠴᠠᠷ ᠢ᠋ᠶ᠋ᠠᠨ ᠦᠨᠦᠰᠦᠯᠴᠡᠨ ᠲᠡᠪᠡᠷᠢᠯᠳᠦᠵᠦ ᠨᠠᠭᠠᠳᠤᠮ ᠤ᠋ᠨ ᠲᠠᠯᠠᠪᠤᠷ ᠠ᠋ᠴᠠ ᠠᠬ᠎ᠠ ᠳᠡᠭᠦᠦ ᠰᠢᠭ ᠨᠠᠢᠷᠠᠯᠳᠤᠵᠤ
ᠰᠠᠯᠵᠠᠢ᠃ ᠡᠳᠡᠨᠡᠷ ᠦ᠋ᠨ ᠬᠣᠢᠨ᠎ᠠ ᠠ᠋ᠴᠠ ᠮᠣᠷᠢ ᠲᠠᠢ ᠴᠡᠷᠢᠭ ᠦ᠋ᠳ ᠢᠷᠡᠵᠦ ᠥᠭᠦᠯᠡᠬᠦ ᠨᠢ᠄
— ᠠᠪᠤᠷᠠᠯᠲᠤ ᠪᠠᠲᠤ ᠬᠠᠭᠠᠨ ᠪᠢᠳᠡ ᠨᠠᠷ ᠢ᠋ ᠢᠯᠡᠭᠡᠵᠦ ᠲᠠᠨᠠᠷ ᠤ᠋ᠨ ᠡᠷᠡᠯᠬᠡᠭ ᠢ᠋ ᠮᠠᠭᠲᠠᠭᠠᠳ ᠬᠣᠶᠠᠭᠤᠯᠠ ᠶ᠋ᠢ ᠴᠢᠨᠢ ᠥᠪᠡᠷ ᠦ᠋ᠨ ᠪᠡᠶ᠎ᠡ ᠬᠠᠮᠠᠭᠠᠯᠠᠭᠴᠢ ᠮᠣᠩᠭᠣᠯ ᠲᠣᠷᠭᠤᠳ ᠲᠤ᠌ ᠪᠠᠭᠲᠠᠭᠠᠨ ᠠᠪᠤᠨ᠎ᠠ ᠭᠡᠵᠦ ᠵᠠᠷᠯᠠᠭᠲᠤᠨ ᠭᠡᠪᠡ ᠭᠡᠵᠡᠢ᠃
ᠪᠥᠬᠡ ᠪᠠᠷᠢᠯᠳᠤᠭᠰᠠᠨ( ᠤ᠋) ᠳᠠᠷᠠᠭ᠎ᠠ ᠮᠣᠷᠢ ᠤᠷᠤᠯᠳᠤᠵᠤ᠂ ᠰᠤᠷ ᠬᠠᠷᠪᠤᠪᠠ᠃ ᠭᠡᠪᠡᠴᠦ ᠳᠠᠷᠤᠢ ᠲᠠᠷᠬᠠᠬᠤ ᠪᠣᠯᠵᠠᠢ᠃ ᠬᠦᠴᠦᠲᠦ ᠰᠠᠯᠬᠢᠨ ᠪᠣᠯᠵᠤ ᠰᠢᠭᠤᠷᠭ᠎ᠠ ᠤᠯᠠᠮ ᠡᠬᠢᠯᠡᠵᠡᠢ( ᠶᠡᠬᠡᠰᠴᠡᠢ)᠃ ᠶᠡᠬᠡ ᠮᠥᠷᠡᠨ( ᠤ᠋ )ᠳᠠᠪᠠᠯᠭᠠᠨ ᠱᠤᠤᠭᠢᠵᠤ ᠡᠷᠭᠢ ᠤᠷᠤᠭᠤ ᠪᠠᠨ ᠬᠠᠯᠢᠭᠠᠳ ᠶᠠᠭᠤ ᠲᠣᠬᠢᠶᠠᠯᠳᠤᠭᠰᠠᠨ ᠢ᠋ᠶ᠋ᠠᠨ ᠰᠦᠢᠳᠬᠡᠵᠦ ᠡᠬᠢᠯᠡᠪᠡ᠃ ᠵᠠᠪᠢᠴᠢ ᠨᠤᠭᠤᠳ ᠭᠣᠣᠯ ᠢ᠋ ᠳᠠᠬᠢᠨ ᠭᠠᠲᠤᠯᠬᠤ ᠶ᠋ᠢ ᠵᠢᠷᠦᠬᠡᠯᠡᠬᠦ ᠦᠭᠡᠢ ᠪᠠᠢᠯ᠎ᠠ᠃ ᠪᠠᠶᠠᠷ ᠨᠠᠭᠠᠳᠤᠮ ᠳ᠋ᠤ᠌ ᠢᠷᠡᠭᠰᠡᠨ ᠬᠥᠮᠦᠰ ᠮᠣᠷᠢᠳ ᠢ᠋ᠶ᠋ᠠᠨ ᠤᠨᠤᠵᠤ ᠥᠪᠡᠷᠰᠡᠳ ᠦ᠋ᠨ ᠯᠠᠭ᠌ᠸᠷ ᠲᠤ᠌ ᠣᠴᠢᠬᠤ ᠪᠠᠷ ᠳᠠᠪᠬᠢᠯᠳᠤᠪᠠ᠃
— ᠡᠨᠳᠡᠬᠢ ᠪᠥᠬᠡ ᠨᠠᠷ ᠢᠩᠭᠢᠵᠦ ᠰᠢᠭᠤᠷᠭ᠎ᠠ ᠪᠠᠷ ᠬᠠᠷᠢᠶᠠᠯ ᠬᠢᠯ᠎ᠡ ᠭᠡᠵᠦ ᠮᠣᠩᠭᠣᠯᠴᠤᠳ ᠦᠭᠦᠯᠡᠯᠳᠦᠨᠡ᠃
— ᠡᠨᠡ ᠰᠥᠨᠢ ᠪᠠᠰᠠ ᠶᠠᠭᠤ ᠪᠣᠯᠬᠤ ᠪᠣᠯ ᠳ᠋ᠠ᠂ ᠴᠢᠨᠠᠭᠰᠢᠳᠠ ᠣᠷᠣᠰ ᠨᠤᠲᠤᠭ ᠲᠤ᠌ ᠪᠢᠳᠡ ᠨᠠᠷ ᠶᠠᠭᠤ ᠦᠵᠡᠬᠦ ᠪᠣᠯ ᠳ᠋ᠠ? ᠭᠡᠵᠦ ᠶᠠᠷᠢᠯᠴᠠᠨ᠎ᠠ᠃
ᠦᠰᠦᠭ ᠠᠮᠢᠯᠠᠭᠤᠯᠤᠭᠴᠢ᠄ ᠬᠡᠷᠡᠢᠳ· ᠮᠥᠩᠬᠡᠨᠠᠰᠤᠨ᠂ ᠪᠠᠶᠠᠨᠴᠡᠴᠡᠭ ᠂ ᠠᠷᠢᠭᠤᠨ
ᠬᠢᠨᠠᠭᠴᠢ᠄ ᠲ· ᠬᠦᠮᠦᠵᠢᠯᠲᠦ᠂ ᠪᠠᠶᠠᠨᠴᠡᠴᠡᠭ᠂ ᠠᠷᠢᠭᠤᠨ᠂ ᠠᠯᠲᠠᠨᠴᠢᠮᠡᠭ