ᠲᠡᠮᠦᠵᠢᠨ02-ᠲᠡᠮᠦᠵᠢᠨ ᠢᠳᠡᠷ ᠨᠠᠰᠤТэмүүжин идэр нас 2- дугаар анги
ᠠᠩᠭᠢᠯᠠᠯ:ᠳᠣᠮᠣᠭ ᠦᠯᠢᠭᠡᠷДомог үлгэрᠠᠷᠠᠳ ᠤ᠋ᠨ ᠠᠮᠠᠨ ᠥᠯᠢᠭᠡᠷ 2023-10-14
782
ᠲᠡᠮᠦᠵᠢᠨ ᠢᠳᠡᠷ ᠨᠠᠰᠤ (ᠬᠣᠶᠠᠳᠤᠭᠠᠷ ᠪᠦᠯᠦᠭ)ᠲᠡᠮᠦᠵᠢᠨ ᠶᠠᠪᠤᠨ ᠶᠠᠪᠤᠭᠰᠠᠭᠠᠷ ᠪᠠᠳᠠᠷ ᠬᠤᠰᠢᠭᠤᠨ ᠤ᠋ ᠬᠣᠷᠴᠤᠬᠤᠢ ᠪᠣᠯᠳᠣᠭ ᠭᠡᠳᠡᠭ ᠭᠠᠵᠠᠷ ᠲᠤ᠌ ᠬᠦᠷᠴᠦ ᠪᠡᠯᠪᠡᠰᠦᠨ ᠡᠬᠡ ᠥᠨᠥᠴᠢᠨ ᠳᠡᠭᠦᠦ ᠨᠠᠷ ᠲᠠᠢ ᠪᠠᠨ ᠠᠭᠤᠯᠵᠠᠪᠠ᠃ ᠲᠡᠳᠡ ᠲᠡᠨᠳᠡ ᠡᠴᠡ ᠰᠡᠩᠭᠦᠷ ᠭᠣᠷᠣᠬᠠᠨ ᠤ᠋ ᠬᠠᠷ᠎ᠠ ᠵᠢᠷᠦᠬᠡᠨ ᠦ᠌ ᠬᠥᠬᠡ ᠨᠠᠭᠤᠷ ᠭᠡᠳᠡᠭ ᠭᠠᠵᠠᠷ ᠣᠴᠢᠵᠤ ᠨᠤᠲᠤᠭᠯᠠᠭᠠᠳ ᠲᠠᠷᠪᠠᠭ᠎ᠠ ᠵᠤᠷᠠᠮ᠎ᠠ ᠠᠯᠠᠵᠤ ᠢᠳᠡᠨ ᠠᠵᠠ ᠵᠢᠷᠭᠠᠯ ᠲᠠᠢ ᠠᠮᠢᠳᠤᠷᠠᠨ ᠰᠠᠭᠤᠵᠤ ᠪᠠᠢᠪᠠ᠃ᠨᠢᠭᠡᠨ ᠡᠳᠦᠷ ᠭᠡᠷ ᠦ᠋ᠨ ᠬᠠᠵᠠᠭᠤ ᠳ᠋ᠤ᠌ ᠡ...