ᠡᠷᠡᠬᠡᠢ ᠮᠡᠷᠭᠡᠨ ᠦᠯᠢᠭᠡᠷЭрхий мэргэн үлгэр
ᠠᠩᠭᠢᠯᠠᠯ:ᠳᠣᠮᠣᠭ ᠦᠯᠢᠭᠡᠷДомог үлгэрᠠᠷᠠᠳ ᠤ᠋ᠨ ᠠᠮᠠᠨ ᠥᠯᠢᠭᠡᠷ 2023-11-06
1324
ᠡᠷᠡᠬᠡᠢ ᠮᠡᠷᠭᠡᠨ ᠦ ᠦᠯᠢᠭᠡᠷ ᠡᠷᠲᠡ ᠤᠷᠢᠳᠤ ᠴᠠᠭ ᠲᠤ᠌ ᠡᠨᠡ ᠳᠡᠯᠡᠬᠡᠢ ᠳ᠋ᠦ᠍ ᠳᠣᠯᠣᠭᠠᠨ ᠨᠠᠷᠠ ᠭᠠᠷᠤᠭᠠᠳ ᠭᠠᠩ ᠭᠠᠴᠢᠭ ᠪᠣᠯᠤᠭᠠᠳ ᠭᠠᠵᠠᠷ ᠤ᠋ᠨ ᠬᠥᠷᠥᠰᠥ ᠤᠯᠠᠢᠭᠠᠳ ᠤᠰᠤ ᠮᠥᠷᠡᠨ ᠰᠢᠷᠭᠢᠭᠡᠳ ᠤᠷᠭᠤᠮᠠᠯ ᠮᠣᠳᠣ ᠬᠠᠲᠠᠭᠠᠳ ᠠᠮᠢᠲᠠᠨ ᠬᠥᠮᠦᠨ ᠬᠠᠯᠠᠭᠤᠴᠠᠭᠠᠳ ᠠᠳᠤᠭᠤ ᠮᠠᠯ ᠬᠠᠷᠠᠩᠭᠤᠳᠤᠭᠠᠳ ᠪᠠᠢᠬᠤ ᠰᠠᠭᠤᠬᠤ ᠶ᠋ᠢᠨ ᠠᠷᠭ᠎ᠠ ᠦᠭᠡᠢ ᠪᠣᠯᠵᠠᠢ ᠭᠡᠨ᠎ᠡ᠃ ᠲᠡᠭᠡᠲᠡᠯ᠎ᠡ ᠲᠡᠷᠡ ᠨᠤᠲᠤᠭ ᠲᠤ᠌ ᠡᠷᠡᠬᠡᠢ ᠮᠡᠷᠭᠡᠨ ᠭᠡᠳᠡᠭ ᠬᠠᠷᠠᠭᠰᠠᠨ ᠢ᠋ᠶ᠋ᠠᠨ ᠬᠠᠷᠪᠤᠳᠠᠭ ᠬᠠᠷᠪᠤᠭᠰᠠᠨ ᠢ᠋...