ᠳᠣᠯᠣᠭᠠᠨ ᠠᠩᠴᠢᠨДолоон анчин
ᠳᠣᠯᠣᠭᠠᠨ ᠠᠩᠴᠢᠨ
ᠪᠠᠭᠠᠷᠢᠨ ᠠᠷᠠᠳ ᠤᠨ ᠶᠠᠪᠠᠭᠠᠨ ᠦᠯᠢᠭᠡᠷ
ᠡᠷᠲᠡ ᠤᠷᠢᠳᠤ ᠶ᠋ᠢᠨ ᠴᠠᠭ ᠲᠤ᠂ ᠡᠪᠦᠭᠡᠨ ᠵᠠᠯᠠᠭᠤ ᠳᠣᠯᠣᠭᠠᠨ ᠠᠩᠴᠢᠨ ᠪᠠᠢᠵᠤ ᠡᠳᠦᠷ ᠡᠳᠦᠷ ᠴᠣᠭ ᠠᠪᠠᠯᠠᠳᠠᠭ ᠶᠤᠮ ᠭᠡᠨ᠎ᠡ᠃
ᠨᠢᠭᠡ ᠡᠳᠦᠷ ᠡᠪᠦᠭᠡᠨ ᠵᠠᠯᠠᠭᠤ ᠳᠣᠯᠣᠭᠠᠨ ᠠᠩᠴᠢᠨ ᠠᠪᠠᠯᠠᠬᠤ ᠪᠠᠷ ᠭᠠᠷᠤᠭᠠᠳ ᠡᠳᠦᠷᠵᠢᠨ ᠥᠨᠳᠥᠷ ᠠᠭᠤᠯᠠ ᠶ᠋ᠢ ᠳᠠᠪᠠᠵᠤ ᠥᠷᠭᠡᠨ ᠲᠠᠯ᠎ᠠ ᠶ᠋ᠢ ᠲᠤᠭᠤᠯᠤᠭᠰᠠᠨ ᠴᠤ᠌ ᠶᠠᠭᠤ ᠴᠤ᠌ ᠣᠯᠵᠤ ᠠᠯᠠᠭᠰᠠᠨ ᠦᠭᠡᠢ ᠳᠡᠭᠡᠷ᠎ᠡ ᠪᠡᠨ ᠥᠯᠥᠰᠴᠦ ᠤᠮᠳᠠᠭᠠᠰᠤᠭᠠᠳ ᠲᠤᠢᠯᠳᠠᠵᠤ ᠭᠡᠨ᠎ᠡ᠃ ᠲᠡᠭᠡᠭᠡᠳ ᠣᠯᠵᠠ ᠣᠮᠣᠭ ᠦᠭᠡᠢ ᠤᠩᠰᠠᠢᠵᠤ ᠶᠠᠪᠤᠵᠤ ᠪᠠᠢᠲᠠᠯ᠎ᠠ ᠨᠢ ᠡᠮᠦᠨᠡᠬᠢ ᠰᠥᠭᠡᠭ ᠡᠴᠡ ᠨᠢ ᠨᠢᠭᠡ ᠪᠤᠭᠤ ᠦᠰᠦᠷᠦᠨ ᠭᠠᠷᠲᠠᠯ᠎ᠠ ᠠᠬ᠎ᠠ ᠳᠡᠭᠦᠦ ᠳᠣᠯᠣᠭᠠᠨ ᠠᠩᠴᠢᠨ ᠬᠠᠷᠪᠤᠨ ᠠᠯᠠᠵᠤ ᠭᠡᠨ᠎ᠡ᠃ ᠲᠡᠭᠡᠭᠡᠳ ᠭᠤᠷᠪᠠᠨ ᠵᠠᠯᠠᠭᠤ ᠠᠩᠴᠢᠨ ᠨᠢ ᠳᠥᠷᠪᠡᠨ ᠡᠪᠦᠭᠡᠨ ᠠᠩᠴᠢᠨ ᠳ᠋ᠤ᠌ ᠪᠠᠨ᠄《ᠪᠢᠳᠡ ᠭᠤᠷᠪᠠ ᠪᠤᠭᠤ ᠪᠠᠨ ᠥᠪᠴᠢᠭᠡᠳ ᠮᠢᠬ᠎ᠠ ᠰᠢᠷᠠᠵᠤ ᠪᠠᠢᠶ᠎ᠠ! ᠲᠠ ᠳᠥᠷᠪᠡᠭᠦᠯᠡ ᠶᠠᠪᠤᠭᠠᠳ ᠤᠰᠤ ᠠᠪᠤᠭᠠᠳ ᠢᠷ᠎ᠡ!》 ᠭᠡᠳ ᠳᠥᠷᠪᠡᠨ ᠡᠪᠦᠭᠡᠨ ᠠᠩᠴᠢᠨ ᠢ᠋ᠶ᠋ᠠᠨ ᠤᠰᠤᠨ ᠳ᠋ᠤ᠌ ᠶᠠᠪᠤᠭᠤᠯᠵᠤ ᠭᠡᠨ᠎ᠡ᠃ ᠳᠥᠷᠪᠡᠨ ᠡᠪᠦᠭᠡᠨ ᠠᠩᠴᠢᠨ ᠢ᠋ᠶ᠋ᠠᠨ ᠤᠰᠤᠨ ᠳ᠋ᠤ᠌ ᠶᠠᠪᠤᠭᠤᠯᠤᠭᠠᠳ ᠭᠤᠷᠪᠠᠨ ᠵᠠᠯᠠᠭᠤ ᠠᠩᠴᠢᠨ ᠢᠩᠭᠢᠵᠦ ᠶᠠᠷᠢᠯᠴᠠᠵᠠᠢ᠄《ᠡᠨᠡ ᠨᠢᠭᠡ ᠪᠤᠭᠤ ᠶ᠋ᠢ ᠪᠢᠳᠡ ᠳᠣᠯᠣᠭᠤᠯᠠ ᠬᠤᠪᠢᠶᠠᠪᠠᠯ ᠬᠥᠮᠦᠨ ᠦ᠌ ᠨᠢᠭᠡ ᠮᠥᠴᠢ ᠣᠨᠣᠭᠳᠠᠨ᠎ᠠ᠂ ᠲᠡᠭᠡᠬᠦ ᠪᠡᠷ ᠢ᠋ᠶ᠋ᠡᠨ ᠡᠨᠡ ᠳᠥᠷᠪᠡᠨ ᠡᠪᠦᠭᠡᠨ ᠢ᠋ ᠬᠣᠷᠣᠭᠠᠴᠢᠬᠠᠪᠠᠯ ᠪᠢᠳᠡ ᠭᠤᠷᠪᠠ ᠳ᠋ᠤ᠌ ᠬᠥᠮᠦᠨ ᠦ᠌ ᠬᠣᠶᠠᠷ ᠮᠥᠴᠢ ᠣᠨᠣᠭᠳᠠᠨ᠎ᠠ》 ᠭᠡᠵᠡᠭᠡᠵᠦ ᠭᠡᠨ᠎ᠡ᠃ ᠲᠡᠭᠡᠭᠡᠳ ᠳᠥᠷᠪᠡᠨ ᠡᠪᠦᠭᠡᠨ ᠠᠩᠴᠢᠨ ᠢ᠋ ᠬᠣᠷᠣᠭᠠᠬᠤ ᠪᠠᠷ ᠪᠣᠭᠣᠨ ᠮᠢᠬᠠᠨ ᠳ᠋ᠤ᠌ ᠪᠠᠨ ᠬᠣᠣᠷ ᠬᠢᠵᠦ ᠬᠠᠭᠰᠠᠭᠠᠭᠠᠳ ᠬᠦᠯᠢᠶᠡᠵᠦ ᠰᠠᠭᠤᠪᠠ ᠭᠡᠨ᠎ᠡ᠃
ᠤᠰᠤᠨ ᠳ᠋ᠤ᠌ ᠶᠠᠪᠤᠭᠰᠠᠨ ᠳᠥᠷᠪᠡᠨ ᠡᠪᠦᠭᠡᠨ ᠭᠦᠵᠡᠭᠡ ᠳᠡᠭᠦᠵᠢᠯᠡᠨ ᠠᠭᠤᠯᠠᠨ ᠭᠣᠣ ᠳᠠᠭᠠᠵᠤ᠂ ᠪᠤᠯᠠᠭ ᠭᠣᠷᠣᠬ᠎ᠠ ᠡᠷᠢᠵᠦ ᠭᠦᠶᠦᠭᠰᠡᠭᠡᠷ ᠨᠢᠭᠡᠨ ᠲᠤᠩᠭᠠᠯᠠᠭ ᠤᠰᠤ ᠲᠠᠢ ᠪᠤᠯᠠᠭ ᠢ᠋ ᠣᠯᠵᠤ᠂ ᠳᠥᠷᠪᠡᠭᠦᠯᠡ ᠪᠡᠨ ᠬᠠᠨᠲᠠᠯ᠎ᠠ ᠤᠤᠭᠤᠭᠠᠳ ᠭᠦᠵᠡᠭᠡᠨ ᠳ᠋ᠦ᠍ ᠪᠡᠨ ᠤᠰᠤ ᠳᠦᠭᠦᠷᠭᠡᠭᠡᠳ ᠪᠤᠴᠠᠬᠤ ᠳ᠋ᠤ᠌ ᠪᠠᠨ ᠢᠩᠭᠢᠵᠦ ᠶᠠᠷᠢᠯᠴᠠᠵᠠᠢ᠄《ᠡᠨᠡ ᠭᠤᠷᠪᠠᠨ ᠵᠠᠯᠠᠭᠤ ᠬᠡᠵᠢᠶᠡᠳᠡ ᠪᠢᠳᠡ ᠳᠥᠷᠪᠡᠨ ᠡᠪᠦᠭᠡᠨ ᠢ᠋ ᠮᠠᠭᠤ ᠦᠵᠡᠨ᠎ᠡ᠂ ᠴᠣᠬᠣᠮ ᠳ᠋ᠤ᠌ ᠪᠠᠨ ᠵᠠᠯᠠᠭᠤ ᠪᠠᠷ ᠢ᠋ᠶ᠋ᠠᠨ ᠲᠡᠷᠡ ᠭᠤᠷᠪᠠ ᠤᠰᠤ ᠡᠷᠢᠬᠦ ᠪᠡᠷ ᠶᠠᠪᠤᠵᠤ᠂ ᠪᠢᠳᠡ ᠳᠥᠷᠪᠡ ᠮᠢᠬ᠎ᠠ ᠰᠢᠷᠠᠪᠠᠯ ᠲᠠᠭᠠᠷᠠᠨ᠎ᠠ᠃ ᠲᠡᠳᠡ ᠤᠳᠠᠭ᠎ᠠ ᠤᠳᠠᠭ᠎ᠠ ᠠᠩ ᠤ᠋ᠨ ᠤᠯᠠᠢ ᠶ᠋ᠢᠨ ᠶᠡᠬᠡ ᠶ᠋ᠢ ᠨᠢ ᠠᠪᠤᠨ᠎ᠠ᠂ ᠪᠢᠳᠡ ᠳᠥᠷᠪᠡ ᠳ᠋ᠦ᠍ ᠪᠠᠭ᠎ᠠ ᠶ᠋ᠢ ᠨᠢ ᠥᠭᠭᠦᠨ᠎ᠡ᠃ ᠪᠢᠳᠡ ᠳᠥᠷᠪᠡ ᠢᠩᠭᠢᠵᠦ ᠮᠠᠭᠤ ᠦᠵᠡᠭᠳᠡᠬᠦ ᠪᠡᠷ ᠢ᠋ᠶ᠋ᠡᠨ ᠡᠨᠡ ᠭᠤᠷᠪᠠᠨ ᠵᠠᠯᠠᠭᠤ ᠠᠩᠴᠢᠨ ᠢ᠋ ᠬᠣᠷᠣᠭᠠᠶᠠ!》 ᠭᠡᠳ ᠭᠦᠵᠡᠭᠡ ᠲᠡᠢ ᠤᠰᠤᠨ ᠳ᠋ᠤ᠌ ᠪᠠᠨ ᠬᠣᠣᠷ ᠬᠣᠯᠢᠭᠠᠳ ᠭᠤᠷᠪᠠᠨ ᠵᠠᠯᠠᠭᠤ ᠠᠩᠴᠢᠨ ᠤ᠋ ᠳᠡᠷᠭᠡᠳᠡ ᠢᠷᠡᠬᠦ ᠳ᠋ᠦ᠍ ᠭᠤᠷᠪᠠᠨ ᠵᠠᠯᠠᠭᠤ ᠠᠩᠴᠢᠨ᠄
《ᠥᠯᠦᠰᠦᠯᠡ ᠪᠢᠵᠡ? ᠮᠢᠬ᠎ᠠ ᠬᠠᠭᠰᠠᠭᠠᠭᠠᠳ ᠲᠠᠯᠪᠢᠴᠢᠬᠠᠭᠰᠠᠨ᠂ ᠪᠣᠰᠢᠭᠣ ᠢᠳᠡ!》 ᠭᠡᠵᠦ ᠬᠥᠩᠭᠡᠮᠰᠦᠭ ᠠᠭᠠᠰᠢᠯᠠᠨ ᠰᠢᠷᠠᠭᠰᠠᠨ ᠮᠢᠬ᠎ᠠ ᠠᠪᠴᠤ ᠥᠭᠴᠡᠢ᠃ ᠳᠥᠷᠪᠡᠨ ᠡᠪᠦᠭᠡᠨ ᠠᠩᠴᠢᠨ᠄《ᠤᠮᠳᠠᠭᠠᠰᠤᠯᠠ ᠪᠢᠵᠡ?ᠤᠰᠤ ᠤᠤᠭᠤ!》 ᠭᠡᠵᠦ ᠬᠠᠯᠠᠭᠤᠮᠰᠤᠭ ᠠᠭᠠᠰᠢᠯᠠᠨ ᠭᠦᠵᠡᠭᠡ ᠲᠡᠢ ᠤᠰᠤ ᠪᠠᠨ ᠭᠤᠷᠪᠠᠨ ᠵᠠᠯᠠᠭᠤ ᠳ᠋ᠤ᠌ ᠥᠭᠴᠡᠢ᠃
ᠥᠯᠥᠰᠴᠦ ᠪᠠᠢᠭᠰᠠᠨ ᠳᠥᠷᠪᠡᠨ ᠡᠪᠦᠭᠡᠨ ᠠᠩᠴᠢᠨ ᠬᠠᠭᠰᠠᠭᠠᠭᠰᠠᠨ ᠮᠢᠬ᠎ᠠ ᠶ᠋ᠢ ᠲᠣᠰᠣᠨ ᠠᠪᠤᠭᠠᠳ ᠠᠮᠠ ᠠᠮᠠ ᠪᠠᠷ ᠡᠮᠬᠦᠯᠡᠵᠡᠢ᠃ ᠬᠠᠭᠰᠠᠭᠠᠭᠰᠠᠨ ᠮᠢᠬ᠎ᠠ ᠢᠳᠡᠭᠡᠳ ᠠᠩᠭᠠᠵᠤ ᠪᠠᠢᠭᠰᠠᠨ ᠭᠤᠷᠪᠠᠨ ᠵᠠᠯᠠᠭᠤ ᠠᠩᠴᠢᠨ ᠭᠦᠵᠡᠭᠡ ᠲᠡᠢ ᠤᠰᠤ ᠶ᠋ᠢ ᠲᠣᠰᠴᠤ ᠠᠪᠤᠭᠠᠳ《ᠭᠦᠳ! ᠭᠦᠳ!》 ᠵᠠᠯᠭᠢᠯᠠᠵᠠᠢ᠃
ᠳᠥᠷᠪᠡᠨ ᠡᠪᠦᠭᠡᠨ ᠠᠩᠴᠢᠨ ᠭᠤᠷᠪᠠᠨ ᠵᠠᠯᠠᠭᠤ ᠠᠩᠴᠢᠨ ᠤ᠋ ᠭᠤᠯᠠᠰᠤᠨ ᠤᠨᠠᠵᠤ ᠦᠬᠦᠬᠦ ᠶ᠋ᠢ ᠨᠢᠳᠦᠨ ᠰᠡᠭᠦᠯ ᠢ᠋ᠶ᠋ᠡᠷ ᠰᠢᠷᠪᠢᠨ ᠠᠵᠢᠭᠯᠠᠬᠤ ᠳ᠋ᠤ᠌᠂ ᠭᠤᠷᠪᠠᠨ ᠵᠠᠯᠠᠭᠤ ᠠᠩᠴᠢᠨ ᠳᠥᠷᠪᠡᠨ ᠡᠪᠦᠭᠡᠨ ᠠᠩᠴᠢᠨ ᠤ᠋ ᠮᠢᠬ᠎ᠠ ᠪᠠᠨ ᠡᠮᠬᠦᠯᠡᠭᠰᠡᠨ ᠴᠢᠭ ᠢ᠋ᠶ᠋ᠡᠷ ᠢ᠋ᠶ᠋ᠡᠨ ᠥᠩᠬᠥᠷᠢᠨ ᠤᠨᠠᠵᠤ ᠦᠬᠦᠬᠦ ᠶ᠋ᠢ ᠰᠠᠮ ᠠᠵᠢᠭᠯᠠᠵᠤ ᠰᠠᠭᠤᠵᠠᠢ᠃
ᠳᠡᠮᠡᠢ ᠤᠳᠠᠭᠰᠠᠨ ᠦᠭᠡᠢ《ᠮᠣᠭᠠᠢ ᠬᠣᠣᠷ ᠲᠤ ᠪᠠᠨ ᠰᠢᠷᠠᠯᠠᠵᠤ》 ᠳᠣᠯᠣᠭᠠᠨ ᠠᠩᠴᠢᠨ ᠬᠣᠣᠷᠳᠠᠭᠳᠠᠨ ᠲᠡᠯᠴᠢᠯᠡᠬᠦ ᠳ᠋ᠦ᠍ ᠪᠡᠨ ᠥᠭᠡᠳᠡ ᠥᠭᠡᠳᠡ ᠡᠴᠡ ᠪᠡᠨ ᠰᠣᠨᠣᠰᠤᠰᠢ ᠦᠭᠡᠢ ᠮᠠᠭᠤᠬᠠᠢ ᠪᠠᠷ ᠬᠠᠷᠢᠶᠠᠵᠤ ᠲᠡᠯᠴᠢᠯᠡᠭᠰᠡᠭᠡᠷ ᠳᠣᠯᠣᠭᠤᠯᠠ ᠪᠠᠨ ᠦᠬᠦᠵᠦ ᠭᠡᠨ᠎ᠡ᠃
ᠡᠪᠦᠭᠡᠨ ᠵᠠᠯᠠᠭᠤ ᠳᠣᠯᠣᠭᠠᠨ ᠠᠩᠴᠢᠨ ᠤ᠋ ᠦᠬᠦᠭᠰᠡᠨ ᠡᠨᠡ ᠠᠭᠤᠯᠠᠨ ᠳ᠋ᠤ᠌ ᠨᠢᠭᠡ ᠬᠤᠢᠬᠤᠷ ᠦᠨᠡᠭᠡ ᠪᠠᠢᠵᠤ ᠭᠡᠨ᠎ᠡ᠃ ᠲᠡᠷᠡ ᠦᠨᠡᠭᠡ ᠢᠳᠡᠰᠢ ᠡᠷᠢᠨ ᠰᠢᠩᠰᠢᠯᠡᠵᠦ ᠶᠠᠪᠤᠲᠠᠯ᠎ᠠ ᠭᠡᠨᠡᠳᠲᠡ ᠬᠥᠮᠦᠨ ᠦ᠌ ᠮᠢᠬᠠᠨ ᠤ᠋ ᠦᠨᠦᠷ᠂ ᠪᠣᠭᠣᠨ ᠮᠢᠬᠠᠨ ᠤ᠋ ᠦᠨᠦᠷ᠂ ᠬᠠᠭᠰᠠᠭᠠᠭᠰᠠᠨ ᠮᠢᠬᠠᠨ ᠤ᠋ ᠦᠨᠦᠷ ᠦᠨᠦᠷᠲᠦᠬᠦ ᠳ᠋ᠦ᠍ ᠮᠢᠬᠠᠨ ᠦᠨᠦᠷ ᠢ᠋ ᠳ᠋ᠡᠭᠡᠨ ᠵᠢᠪᠠᠷ ᠪᠠᠷᠢᠨ ᠰᠢᠩᠰᠢᠵᠦ ᠡᠷᠢᠭᠰᠡᠭᠡᠷ ᠬᠠᠪᠲᠠᠭᠠᠢ ᠴᠢᠯᠠᠭᠤ ᠳᠡᠭᠡᠷ᠎ᠡ ᠬᠠᠭᠰᠠᠭᠠᠵᠤ ᠲᠠᠯᠪᠢᠭᠰᠠᠨ ᠪᠤᠭᠤᠨ ᠮᠢᠬ᠎ᠠ᠂ ᠬᠠᠵᠠᠭᠤ ᠳ᠋ᠤ᠌ ᠨᠢ ᠦᠬᠦᠭᠰᠡᠨ ᠳᠣᠯᠣᠭᠠᠨ ᠬᠥᠮᠦᠨ᠂ ᠬᠠᠲᠠᠵᠤ ᠬᠣᠷᠪᠣᠢᠭᠰᠠᠨ ᠭᠦᠵᠡᠭᠡ᠂ ᠬᠠᠭᠠᠰ ᠥᠪᠴᠢᠭᠰᠡᠨ ᠪᠤᠭᠤ᠂ ᠳᠣᠯᠣᠭᠠᠨ ᠨᠤᠮᠤ ᠰᠤᠮᠤ ᠪᠠᠢᠬᠤ ᠶ᠋ᠢ ᠦᠵᠡᠭᠡᠳ ᠣᠨ ᠤ᠋ ᠬᠦᠨᠡᠰᠦ ᠪᠡᠨ ᠣᠯᠤᠯ᠎ᠠ ᠭᠡᠵᠦ ᠬᠠᠭᠠᠷᠠᠲᠠᠯ᠎ᠠ ᠪᠠᠨ ᠪᠠᠶᠠᠷᠯᠠᠵᠤ ᠠᠷᠪᠢᠯᠠᠬᠤ ᠶ᠋ᠢ ᠠᠮᠠᠰᠠᠷ ᠠ᠋ᠴᠠ ᠨᠢ ᠭᠡᠳ ᠪᠣᠭᠣᠨ ᠮᠢᠬ᠎ᠠ᠂ ᠬᠠᠭᠰᠠᠭᠠᠭᠰᠠᠨ ᠮᠢᠬ᠎ᠠ᠂ ᠬᠠᠲᠠᠭᠰᠠᠨ ᠭᠦᠵᠡᠭᠡ᠂ ᠬᠥᠮᠦᠨ ᠦ᠌ ᠮᠢᠬ᠎ᠠ ᠶ᠋ᠢᠨ ᠠᠯᠢᠨ ᠢ᠋ ᠨᠢ ᠴᠤ᠌ ᠢᠳᠡᠵᠦ ᠲᠥᠪᠳᠡᠭᠰᠡᠨ ᠦᠭᠡᠢ᠂ ᠰᠢᠷᠪᠦᠰᠦᠨ ᠬᠥᠪᠴᠢ ᠲᠡᠢ ᠨᠣᠮᠣᠨ ᠤ᠋ ᠬᠢᠨᠢ ᠬᠥᠪᠴᠢ ᠶ᠋ᠢ ᠤᠷᠢᠳ ᠢ᠋ᠶ᠋ᠠᠷ ᠢᠳᠡᠬᠦ ᠪᠡᠷ ᠪᠣᠯᠵᠤ᠂ ᠨᠣᠮᠣᠨ ᠤ᠋ ᠬᠢᠨᠢ ᠬᠥᠪᠴᠢ ᠶ᠋ᠢ ᠨᠢ ᠬᠡᠮᠡᠯᠢᠵᠦ ᠪᠠᠢᠲᠠᠯ᠎ᠠ ᠨᠢ ᠰᠢᠷᠪᠦᠰᠦᠨ ᠬᠥᠪᠴᠢ ᠭᠡᠨᠡᠳᠲᠡ ᠲᠠᠰᠤᠷᠠᠵᠤ᠂ ᠨᠤᠮᠤ ᠨᠢ《ᠲᠠᠱ!》 ᠭᠡᠵᠦ ᠳᠡᠯᠢᠭᠡᠳ ᠰᠢᠷᠪᠦᠰᠦᠨ ᠬᠥᠪᠴᠢ ᠶ᠋ᠢᠨ ᠲᠣᠷᠣᠭᠠᠰᠤ ᠶ᠋ᠢ ᠬᠡᠮᠡᠯᠢᠵᠦ ᠪᠠᠢᠭᠰᠠᠨ ᠬᠠᠷ᠎ᠠ ᠦᠨᠡᠭᠡᠨ ᠦ᠌ ᠬᠠᠷ᠎ᠠ ᠬᠠᠮᠠᠷ ᠢ᠋ ᠬᠡᠮᠬᠡ ᠲᠡᠢᠷᠦᠭᠡᠳ ᠠᠯᠠᠴᠢᠬᠠᠵᠤ ᠭᠡᠨ᠎ᠡ᠃ ᠡᠨᠡ ᠣᠷᠴᠢᠮ ᠳ᠋ᠤ᠌ ᠨᠢ ᠡᠷ᠎ᠡ ᠡᠮ᠎ᠡ ᠬᠣᠶᠠᠷ ᠥᠬᠢᠨ ᠴᠠᠭᠠᠨ ᠬᠤᠯᠤᠭᠠᠨ᠎ᠠ ᠠᠮᠢᠳᠤᠷᠠᠵᠤ ᠪᠠᠢᠵᠠᠢ᠃ ᠡᠷ᠎ᠡ ᠬᠤᠯᠤᠭᠠᠨ᠎ᠠ ᠨᠢ᠄《ᠪᠢ ᠥᠨᠥ ᠭᠠᠷᠴᠤ ᠵᠢᠭᠠᠬᠠᠨ ᠢᠳᠡᠬᠦ ᠶᠠᠭᠤᠮ᠎ᠠ ᠣᠯᠵᠤ ᠢᠷᠡᠶ᠎ᠡ》 ᠭᠡᠰᠡᠨ ᠳ᠋ᠦ᠍᠂ ᠡᠮ᠎ᠡ ᠬᠤᠯᠤᠭᠠᠨ᠎ᠠ ᠨᠢ᠄《ᠢᠳᠡᠰᠢ ᠡᠷᠢᠬᠦ ᠪᠡᠷ ᠭᠠᠷᠤᠭᠰᠠᠨ ᠤ᠋ ᠬᠡᠷᠡᠭ ᠦᠭᠡᠢ᠂ ᠰᠦᠷᠡᠬᠡᠢ ᠡᠭᠦᠯᠡᠲᠦᠵᠦ ᠪᠠᠢᠨ᠎ᠠ᠂ ᠬᠦᠢᠲᠡᠨ ᠪᠣᠷᠣᠭᠠᠨ ᠣᠷᠣᠬᠤ ᠮᠠᠭᠠᠳ ᠦᠭᠡᠢ》 ᠭᠡᠵᠦ ᠡᠷ᠎ᠡ ᠬᠤᠯᠤᠭᠠᠨ᠎ᠠ ᠪᠠᠨ ᠬᠠᠰᠢᠪᠠ ᠭᠡᠨ᠎ᠡ᠃ ᠡᠷ᠎ᠡ ᠬᠤᠯᠤᠭᠠᠨ᠎ᠠ ᠨᠢ ᠡᠮ᠎ᠡ ᠬᠤᠯᠤᠭᠠᠨ᠎ᠠ ᠶ᠋ᠢᠨ ᠢ᠋ᠶ᠋ᠡᠨ ᠦᠭᠡ ᠶ᠋ᠢ ᠰᠣᠨᠣᠰᠤᠯ ᠦᠭᠡᠢ ᠡᠭᠦᠷ ᠡᠴᠡ ᠪᠡᠨ ᠭᠠᠷᠴᠤ ᠢᠳᠡᠰᠢ ᠡᠷᠢᠬᠦ ᠪᠡᠷ ᠶᠠᠪᠤᠬᠤ ᠳ᠋ᠤ᠌ ᠡᠮ᠎ᠡ ᠬᠤᠯᠤᠭᠠᠨ᠎ᠠ ᠨᠢ ᠪᠠᠰᠠ ᠠᠷᠭ᠎ᠠ ᠦᠭᠡᠢ ᠳᠠᠭᠠᠵᠤ ᠭᠠᠷᠴᠤ ᠢᠷᠡᠪᠡ ᠭᠡᠨ᠎ᠡ᠃ ᠲᠡᠷᠡ ᠬᠣᠶᠠᠷ ᠥᠬᠢᠨ ᠴᠠᠭᠠᠨ ᠬᠤᠯᠤᠭᠠᠨ᠎ᠠ ᠢᠳᠡᠰᠢ ᠡᠷᠢᠵᠦ ᠶᠠᠪᠤᠭᠰᠠᠭᠠᠷ ᠪᠠᠢᠭᠠᠳ ᠦᠬᠦᠭᠰᠡᠨ ᠪᠤᠭᠤ᠂ ᠰᠢᠷᠠᠭᠰᠠᠨ ᠪᠤᠭᠤᠨ ᠮᠢᠬ᠎ᠠ᠂ ᠦᠬᠦᠭᠰᠡᠨ ᠬᠥᠮᠦᠨ᠂ ᠦᠬᠦᠭᠰᠡᠨ ᠦᠨᠡᠭᠡ ᠪᠠᠢᠬᠤ ᠶ᠋ᠢ ᠣᠯᠵᠤ ᠦᠵᠡᠵᠡᠢ᠃ ᠡᠷ᠎ᠡ ᠬᠤᠯᠤᠭᠠᠨ᠎ᠠ ᠨᠢ᠄《ᠪᠢ ᠬᠡᠯᠡᠯ᠎ᠡ ᠪᠢᠵᠡ᠂ ᠥᠨᠥᠳᠥᠷ ᠠᠮᠲᠠᠲᠤ ᠢᠳᠡᠭᠡᠨ ᠳ᠋ᠦ᠍ ᠴᠠᠳᠬᠤ ᠪᠠᠢᠭᠰᠠᠨ ᠶᠤᠮ ᠪᠠᠢᠨ᠎ᠠ》 ᠭᠡᠪᠡ᠃ ᠲᠡᠭᠡᠬᠦ ᠳ᠋ᠦ᠍ ᠡᠮ᠎ᠡ ᠬᠤᠯᠤᠭᠠᠨ᠎ᠠ ᠨᠢ᠄《ᠡᠨᠡ ᠪᠤᠭᠤ᠂ ᠡᠳᠡᠭᠡᠷ ᠠᠩᠴᠢᠨ᠂ ᠡᠨᠡ ᠦᠨᠡᠭᠡ ᠨᠢᠭᠡ ᠯᠡ ᠳᠣᠣᠷ᠎ᠠ ᠦᠬᠦᠭᠰᠡᠨ ᠨᠢ ᠶᠡᠬᠡ ᠰᠡᠵᠢᠭᠯᠡᠯ ᠲᠡᠢ᠂ ᠬᠢᠴᠢᠶᠡᠬᠦ ᠨᠢ ᠴᠢᠬᠤᠯᠠ᠂ ᠢᠳᠡᠬᠦ ᠶ᠋ᠢ ᠪᠠᠢᠭ!》 ᠭᠡᠬᠦ ᠳ᠋ᠦ᠍ ᠡᠷ᠎ᠡ ᠬᠤᠯᠤᠭᠠᠨ᠎ᠠ ᠨᠢ ᠡᠮ᠎ᠡ ᠬᠤᠯᠤᠭᠠᠨ᠎ᠠ ᠳ᠋ᠤ᠌ ᠪᠠᠨ ᠮᠠᠭᠤ ᠰᠠᠨᠠᠵᠤ᠂ ᠡᠨᠡ ᠯᠠᠪ ᠰᠡᠭᠦᠯᠡᠷ ᠢᠷᠡᠵᠦ ᠠᠮᠲᠠᠲᠠᠢ ᠮᠢᠬ᠎ᠠ ᠶ᠋ᠢ ᠭᠠᠭᠴᠠ ᠪᠠᠷ ᠢ᠋ᠶ᠋ᠠᠨ ᠢᠳᠡᠬᠦ ᠭᠡᠵᠦ ᠪᠠᠢᠨ᠎ᠠ ᠭᠡᠵᠦ ᠮᠠᠭᠤ ᠰᠠᠨᠠᠵᠠᠢ᠃ ᠲᠡᠭᠡᠭᠡᠳ ᠡᠷ᠎ᠡ ᠬᠤᠯᠤᠭᠠᠨ᠎ᠠ ᠨᠢ ᠪᠣᠭᠣᠨ ᠮᠢᠬ᠎ᠠ᠂ ᠬᠥᠮᠦᠨ ᠦ᠌ ᠮᠢᠬ᠎ᠠ᠂ ᠦᠨᠡᠭᠡᠨ ᠮᠢᠬ᠎ᠠ ᠶ᠋ᠢ ᠨᠢᠭᠡ ᠶ᠋ᠢ ᠨᠢ ᠨᠢᠭᠡ ᠬᠠᠵᠠᠵᠤ ᠭᠦᠶᠦᠬᠦ ᠳ᠋ᠦ᠍ ᠡᠮ᠎ᠡ ᠬᠤᠯᠤᠭᠠᠨ᠎ᠠ ᠨᠢ ᠪᠠᠰᠠ ᠳᠣᠲᠣᠷ᠎ᠠ ᠪᠠᠨ ᠡᠷ᠎ᠡ ᠬᠤᠯᠤᠭᠠᠨ᠎ᠠ ᠪᠠᠨ ᠠᠮᠲᠠᠲᠠᠢ ᠮᠢᠬ᠎ᠠ ᠶ᠋ᠢ ᠨᠢ ᠪᠦᠷ ᠰᠣᠩᠭᠣᠭᠠᠳ ᠢᠳᠡᠴᠢᠬᠡᠬᠦ ᠮᠠᠭᠠᠳ᠂ ᠪᠣᠰᠢᠭᠣ ᠵᠠᠪᠳᠤᠵᠤ ᠢᠳᠡᠶ᠎ᠡ ᠭᠡᠵᠦ ᠪᠣᠭᠣᠨ ᠮᠢᠬ᠎ᠠ᠂ ᠬᠥᠮᠦᠨ ᠦ᠌ ᠮᠢᠬ᠎ᠠ᠂ ᠦᠨᠡᠭᠡᠨ ᠮᠢᠬᠠᠨ ᠤ᠋ ᠠᠯᠢᠨ ᠠ᠋ᠴᠠ ᠨᠢ ᠴᠦ᠍ ᠪᠦᠷ ᠮᠡᠷᠡᠵᠦ ᠦᠵᠡᠵᠡᠢ᠃ ᠢᠩᠭᠢᠭᠡᠳ ᠬᠥᠭᠡᠷᠦᠬᠦᠢ ᠬᠣᠶᠠᠷ ᠥᠬᠢᠨ ᠴᠠᠭᠠᠨ ᠬᠤᠯᠤᠭᠠᠨ᠎ᠠ ᠠᠯᠢ ᠮᠢᠬ᠎ᠠ ᠨᠢ ᠠᠮᠲᠠᠲᠠᠢ ᠶ᠋ᠢ ᠮᠡᠳᠡᠵᠦ ᠵᠠᠪᠳᠤᠯ ᠦᠭᠡᠢ ᠬᠣᠣᠷᠳᠠᠭᠳᠠᠨ ᠦᠬᠦᠪᠡ ᠭᠡᠨ᠎ᠡ᠃ ᠲᠡᠭᠦᠨ ᠡᠴᠡ ᠠᠪᠤᠭᠠᠳ ᠡᠨᠡ ᠠᠭᠤᠯᠠᠨ ᠭᠣᠣ ᠳ᠋ᠤ᠌ ᠦᠬᠦᠭᠰᠡᠨ ᠬᠥᠮᠦᠨ᠂ ᠪᠤᠭᠤ᠂ ᠦᠨᠡᠭᠡ᠂ ᠥᠬᠢᠨ ᠴᠠᠭᠠᠨ ᠬᠤᠯᠤᠭᠠᠨ᠎ᠠ ᠶ᠋ᠢᠨ ᠮᠢᠬ᠎ᠠ ᠦᠮᠡᠬᠡᠢᠷᠡᠭᠡᠳ ᠠᠭᠤᠯᠠ ᠳᠦᠭᠦᠷᠡᠩ ᠰᠠᠩᠬᠤᠯᠵᠤ ᠭᠡᠨ᠎ᠡ᠃
ᠡᠨᠡ ᠠᠭᠤᠯᠠᠨ ᠭᠣᠣ ᠶ᠋ᠢᠨ ᠡᠬᠢᠨ ᠦ᠌ ᠬᠥᠭᠰᠢᠨ ᠬᠠᠢᠯᠠᠰᠤᠨ ᠳᠡᠭᠡᠷ᠎ᠡ ᠨᠢᠭᠡ ᠬᠥᠬᠥᠭᠡ ᠰᠢᠪᠠᠭᠤ ᠡᠭᠦᠷᠯᠡᠳᠡᠭ ᠪᠠᠢᠵᠠᠢ᠃ ᠲᠡᠷᠡ ᠬᠥᠬᠥᠭᠡ ᠰᠢᠪᠠᠭᠤ ᠥᠨᠳᠡᠭᠡ ᠪᠡᠨ ᠳᠠᠷᠤᠵᠤ ᠬᠡᠪᠲᠡᠬᠦ ᠳ᠋ᠦ᠍ ᠪᠡᠨ ᠡᠨᠡ ᠪᠦᠬᠦᠨ ᠢ᠋ ᠨᠢᠳᠦ ᠪᠡᠷ ᠢ᠋ᠶ᠋ᠡᠨ ᠦᠵᠡᠭᠰᠡᠨ ᠪᠠᠢᠵᠠᠢ᠃ ᠲᠡᠭᠡᠭᠡᠳ ᠬᠠᠷᠠᠮᠰᠠᠯᠲᠠᠢ ᠪᠠᠷ᠂ ᠳᠣᠣᠷ᠎ᠠ ᠳᠣᠣᠷ᠎ᠠ ᠪᠠᠨ ᠰᠡᠳᠬᠢᠯ ᠨᠢᠭᠡᠳᠬᠦ ᠦᠭᠡᠢ ᠪᠣᠯ ᠡᠪᠦᠭᠡᠨ ᠵᠠᠯᠠᠭᠤ ᠠᠩᠴᠢᠨ ᠰᠢᠭ᠋ ᠲᠡᠭᠦᠰᠬᠡᠯ ᠢ᠋ ᠣᠯᠵᠤ᠂ ᠬᠠᠰᠢᠭ ᠮᠠᠭᠤ ᠪᠠᠷ ᠶᠠᠭᠤᠮ᠎ᠠ ᠶ᠋ᠢ ᠬᠠᠢᠷᠠᠯᠠᠪᠠᠯ ᠲᠡᠷᠡ ᠬᠤᠯᠵᠢᠨ ᠦᠨᠡᠭᠡ ᠰᠢᠭ ᠳᠠᠭᠤᠰᠴᠤ᠂ ᠡᠷ᠎ᠡ ᠡᠮ᠎ᠡ ᠬᠣᠶᠠᠷ ᠨᠢᠭᠡ ᠨᠢᠭᠡᠨ ᠢ᠋ᠶ᠋ᠡᠨ ᠬᠠᠷᠠᠳᠠᠪᠠᠯ ᠲᠡᠷᠡ ᠡᠷ᠎ᠡ ᠡᠮ᠎ᠡ ᠥᠬᠢᠨ ᠴᠠᠭᠠᠨ ᠬᠤᠯᠤᠭᠠᠨ᠎ᠠ ᠰᠢᠭ᠋ ᠲᠡᠭᠦᠰᠬᠡᠯ ᠢ᠋ ᠣᠯᠤᠨ᠎ᠠ ᠭᠡᠵᠦ ᠬᠥᠮᠦᠨ ᠪᠦᠬᠦᠨ ᠠᠮᠢᠲᠠᠨ ᠪᠦᠬᠦᠨ ᠳ᠋ᠦ᠍ ᠡᠨᠡ ᠬᠡᠷᠡᠭ ᠢ᠋ ᠮᠡᠳᠡᠭᠦᠯᠬᠦ ᠭᠡᠵᠦ ᠬᠥᠪᠴᠢ ᠶ᠋ᠢᠨ ᠰᠠᠭᠯᠠᠭᠠᠷ ᠢ᠋ ᠳᠠᠮᠵᠢᠨ ᠬᠥᠨᠳᠡᠢ ᠳᠦᠭᠦᠷᠡᠩ ᠬᠦᠩᠭᠢᠨᠡᠮ᠎ᠡ ᠬᠣᠭᠣᠯᠠᠢ ᠪᠠᠷ ᠳᠠᠭᠤᠯᠠᠬᠤ ᠪᠣᠯᠵᠤ ᠭᠡᠨ᠎ᠡ᠃
ᠢᠷᠡᠯᠲᠡ᠄ ᠪᠠᠭᠠᠷᠢᠨ ᠠᠷᠠᠳ ᠤ᠋ᠨ ᠦᠯᠢᠭᠡᠷ ᠳᠣᠮᠣᠭ
ᠨᠠ᠊· ᠪᠣᠶᠠᠨᠬᠡᠰᠢᠭ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠦᠨ ᠲᠠᠷᠬᠠᠭᠠᠪᠠ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠪᠣᠷᠣᠯᠠᠭᠤᠯᠤᠨ᠎ᠠ
ᠥᠪᠥᠷ ᠮᠣᠩᠭᠣᠯ ᠤ᠋ᠨ ᠠᠰᠢᠳᠠ ᠨᠡᠷᠡᠮᠵᠢᠲᠦ ᠰᠤᠷᠭᠠᠨ ᠬᠥᠮᠦᠵᠢᠯ ᠦ᠋ᠨ ᠬᠡᠪᠯᠡᠬᠦ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠬᠡᠪᠯᠡᠪᠡ
2007 ᠣᠨ ᠤ᠋11 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
2010 ᠣᠨ ᠤ᠋ 3 ᠰᠠᠷ᠎ᠠ ᠳ᠋ᠤ᠌ ᠬᠣᠶᠠᠳᠤᠭᠠᠷ ᠤᠳᠠᠭ᠎ᠠ ᠬᠡᠪᠯᠡᠪᠡ
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠵ᠂ ᠪᠤᠶᠠᠨᠲᠣᠭᠲᠠᠬᠤ ᠰᠡᠬᠡᠭᠡᠷᠡᠯ᠂ ᠳᠡᠭᠵᠢᠨ
