ᠡᠷᠡᠬᠡᠢ ᠮᠡᠷᠭᠡᠨ ᠦᠯᠢᠭᠡᠷЭрхий мэргэн үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠡᠬᠡᠢ ᠮᠡᠷᠭᠡᠨ ᠦᠯᠢᠭᠡᠷЭрхий мэргэн үлгэр

ᠡᠷᠡᠬᠡᠢ ᠮᠡᠷᠭᠡᠨ ᠦᠯᠢᠭᠡᠷЭрхий мэргэн үлгэр

ᠠᠩᠭᠢᠯᠠᠯ:ᠳᠣᠮᠣᠭ ᠦᠯᠢᠭᠡᠷ
2023-11-06

1324

ᠡᠷᠡᠬᠡᠢ ᠮᠡᠷᠭᠡᠨ ᠦ ᠦᠯᠢᠭᠡᠷ

    ᠡᠷᠲᠡ ᠤᠷᠢᠳᠤ ᠴᠠᠭ ᠲᠤ᠌ ᠡᠨᠡ ᠳᠡᠯᠡᠬᠡᠢ ᠳ᠋ᠦ᠍ ᠳᠣᠯᠣᠭᠠᠨ ᠨᠠᠷᠠ ᠭᠠᠷᠤᠭᠠᠳ ᠭᠠᠩ ᠭᠠᠴᠢᠭ ᠪᠣᠯᠤᠭᠠᠳ ᠭᠠᠵᠠᠷ ᠤ᠋ᠨ ᠬᠥᠷᠥᠰᠥ ᠤᠯᠠᠢᠭᠠᠳ ᠤᠰᠤ ᠮᠥᠷᠡᠨ ᠰᠢᠷᠭᠢᠭᠡᠳ ᠤᠷᠭᠤᠮᠠᠯ ᠮᠣᠳᠣ ᠬᠠᠲᠠᠭᠠᠳ ᠠᠮᠢᠲᠠᠨ ᠬᠥᠮᠦᠨ ᠬᠠᠯᠠᠭᠤᠴᠠᠭᠠᠳ ᠠᠳᠤᠭᠤ ᠮᠠᠯ ᠬᠠᠷᠠᠩᠭᠤᠳᠤᠭᠠᠳ ᠪᠠᠢᠬᠤ ᠰᠠᠭᠤᠬᠤ ᠶ᠋ᠢᠨ ᠠᠷᠭ᠎ᠠ ᠦᠭᠡᠢ ᠪᠣᠯᠵᠠᠢ ᠭᠡᠨ᠎ᠡ᠃ ᠲᠡᠭᠡᠲᠡᠯ᠎ᠡ ᠲᠡᠷᠡ ᠨᠤᠲᠤᠭ ᠲᠤ᠌ ᠡᠷᠡᠬᠡᠢ ᠮᠡᠷᠭᠡᠨ ᠭᠡᠳᠡᠭ ᠬᠠᠷᠠᠭᠰᠠᠨ ᠢ᠋ᠶ᠋ᠠᠨ ᠬᠠᠷᠪᠤᠳᠠᠭ ᠬᠠᠷᠪᠤᠭᠰᠠᠨ ᠢ᠋ᠶ᠋ᠠᠨ ᠤᠨᠤᠳᠠᠭ ᠬᠠᠪᠤᠲᠠᠢ ᠮᠡᠷᠭᠡᠨ ᠬᠠᠷᠪᠤᠭᠠᠴᠢ ᠪᠠᠢᠵᠠᠢ ᠭᠡᠨ᠎ᠡ᠃
    ᠣᠭᠲᠠᠷᠭᠤᠢ ᠳ᠋ᠤ᠌ ᠭᠠᠷᠤᠭᠰᠠᠨ ᠣᠯᠠᠨ ᠨᠠᠷᠠ ᠶ᠋ᠢ ᠴᠢ ᠤᠨᠤᠵᠤ ᠬᠠᠷᠪᠤᠭᠠᠳ ᠤᠰᠠᠳᠬᠠᠭᠠᠳ ᠥᠭᠭᠦᠭᠡᠴᠢ ᠭᠡᠵᠦ ᠣᠯᠠᠨ ᠠᠮᠢᠲᠠᠨ ᠲᠡᠭᠦᠨ ᠳ᠋ᠦ᠍ ᠣᠴᠢᠵᠤ ᠭᠤᠶᠤᠵᠠᠢ ᠭᠡᠨ᠎ᠡ᠃ ᠡᠷ᠎ᠡ ᠶ᠋ᠢᠨ ᠰᠠᠢᠨ ᠲᠥᠷᠥᠭᠰᠡᠨ ᠡᠷᠡᠬᠡᠢ ᠮᠡᠷᠭᠡᠨ ᠬᠠᠷᠪᠤᠭᠠᠴᠢ ᠡᠷᠡᠬᠡᠢ ᠳ᠋ᠦ᠍ ᠪᠡᠨ ᠡᠷᠴᠢ ᠲᠡᠢ ᠡᠯᠢᠭᠡᠨ ᠳ᠋ᠦ᠍ ᠪᠡᠨ ᠰᠥᠰᠥ ᠲᠡᠢ ᠵᠠᠯᠠᠭᠤ ᠨᠠᠰᠤ ᠲᠠᠢ ᠬᠠᠯᠭᠤᠨ ᠴᠢᠰᠤ ᠲᠠᠢ ᠬᠥᠮᠦᠨ ᠪᠣᠯᠬᠣᠷ ᠮᠡᠷᠭᠡᠨ ᠬᠠᠷᠪᠤᠳᠠᠭ ᠲᠤ᠌ ᠪᠠᠨ ᠡᠷᠳᠦᠵᠦ ᠪᠢ ᠳᠣᠯᠣᠭᠠᠨ ᠨᠠᠷᠠ ᠶ᠋ᠢ ᠳᠣᠯᠣᠭᠠᠨ ᠰᠤᠮᠤ ᠪᠠᠷ ᠨᠢᠭᠡ ᠨᠢᠭᠡ ᠬᠠᠷᠪᠤᠭᠠᠳ ᠣᠨᠣᠭᠠᠵᠤ ᠤᠰᠠᠳᠬᠠᠵᠤ ᠴᠢᠳᠠᠬᠤ ᠦᠭᠡᠢ ᠪᠣᠯ ᠡᠷᠡᠬᠡᠢ ᠬᠤᠷᠤᠭᠤ ᠪᠠᠨ ᠣᠭᠲᠣᠯᠤᠭᠠᠳ ᠡᠷ᠎ᠡ ᠬᠥᠮᠦᠨ ᠢ᠋ᠶ᠋ᠡᠨ ᠪᠠᠢᠭᠠᠳ ᠬᠠᠷ᠎ᠠ ᠤᠰᠤ ᠤᠤᠭᠤᠬᠤ ᠦᠭᠡᠢ ᠬᠠᠭᠳᠠ ᠡᠪᠡᠰᠦ ᠢᠳᠡᠬᠦ ᠦᠭᠡᠢ ᠠᠮᠢᠲᠠᠨ ᠪᠣᠯᠤᠭᠠᠳ ᠬᠠᠷᠠᠩᠭᠤᠢ ᠨᠦᠬᠡᠨ ᠳ᠋ᠦ᠍ ᠠᠮᠢᠳᠤᠷᠠᠨ᠎ᠠ ᠭᠡᠵᠦ ᠠᠮᠠ ᠠᠯᠳᠠᠵᠤ ᠲᠠᠩᠭᠠᠷᠢᠭ ᠬᠢᠵᠡᠢ ᠭᠡᠨ᠎ᠡ᠃ ᠲᠡᠭᠡᠭᠡᠳ ᠳᠣᠷᠣᠨᠠᠲᠤ ᠠ᠋ᠴᠠ ᠥᠷᠥᠨ᠎ᠡ ᠳ᠋ᠦ᠍ ᠬᠦᠷᠲᠡᠯ᠎ᠡ ᠣᠭᠲᠠᠷᠭᠤᠢ ᠳ᠋ᠤ᠌ ᠴᠤᠪᠤᠷᠠᠭᠰᠠᠨ ᠳᠣᠯᠣᠭᠠᠨ ᠨᠠᠷᠠ ᠶ᠋ᠢ ᠵᠡᠭᠦᠨ ᠡᠴᠡ ᠨᠢ ᠬᠠᠷᠪᠤᠭᠠᠳ ᠭᠠᠷᠴᠠᠢ ᠭᠡᠨ᠎ᠡ᠃ ᠵᠢᠷᠭᠤᠭᠠᠨ ᠰᠤᠮᠤ ᠪᠠᠷ ᠵᠢᠷᠭᠤᠭᠠᠨ ᠨᠠᠷᠠ ᠶ᠋ᠢ ᠤᠰᠠᠳᠬᠠᠭᠠᠳ ᠳᠣᠯᠣᠳᠠᠬᠢ ᠨᠠᠷᠠ ᠶ᠋ᠢ ᠬᠠᠷᠪᠤᠬᠤ ᠪᠠᠷ ᠱᠠᠭᠠᠢᠵᠤ ᠰᠢᠪᠰᠢᠵᠦ ᠪᠠᠢᠲᠠᠯ᠎ᠠ ᠨᠢ ᠬᠠᠷᠢᠶᠠᠴᠠᠢ ᠰᠢᠪᠠᠭᠤ ᠤᠷᠳᠤᠭᠤᠷ ᠨᠢ ᠣᠷᠣᠵᠤ ᠬᠠᠯᠬᠠᠯᠠᠭᠰᠠᠨ ᠳ᠋ᠤ᠌ ᠬᠠᠷᠪᠤᠭᠠᠳ ᠣᠷᠬᠢᠭᠰᠠᠨ ᠴᠢᠨᠢ ᠬᠠᠷᠢᠶᠠᠴᠠᠢ ᠶ᠋ᠢᠨ ᠰᠡᠭᠦᠯ ᠢ᠋ ᠰᠡᠳᠡ ᠤᠨᠤᠭᠰᠠᠨ ᠤᠴᠢᠷ ᠠᠯᠲᠠᠨ ᠬᠠᠷᠢᠶᠠᠴᠠᠢ ᠶ᠋ᠢᠨ ᠰᠡᠭᠦᠯ ᠬᠣᠶᠠᠷ ᠰᠠᠯᠠᠭ᠎ᠠ ᠪᠣᠯᠴᠢᠬᠠᠭᠰᠠᠨ ᠭᠡᠨ᠎ᠡ᠃ ᠬᠠᠷᠢᠨ ᠥᠨᠥᠬᠢ ᠰᠡᠭᠦᠯᠴᠢ ᠶ᠋ᠢᠨ ᠨᠠᠷᠠ ᠬᠠᠷᠪᠤᠭᠠᠴᠢ ᠠ᠋ᠴᠠ ᠠᠶᠤᠭᠠᠳ ᠪᠠᠷᠠᠭᠤᠨ ᠠᠭᠤᠯᠠ ᠶ᠋ᠢᠨ ᠴᠠᠭᠠᠭᠤᠷ ᠪᠠᠷᠤᠰᠬᠢᠭᠡᠳ ᠳᠠᠯᠳᠠ ᠣᠷᠣᠴᠢᠬᠠᠵᠠᠢ ᠭᠡᠨ᠎ᠡ᠃ ᠡᠷᠡᠬᠡᠢ ᠮᠡᠷᠭᠡᠨ ᠬᠠᠷᠪᠤᠭᠠᠴᠢ ᠬᠠᠷᠢᠶᠠᠴᠠᠢ ᠰᠢᠪᠠᠭᠤ ᠶ᠋ᠢ ᠰᠠᠳᠠᠭ᠎ᠠ ᠪᠣᠯᠤᠯ᠎ᠠ ᠭᠡᠵᠦ ᠬᠠᠷᠴᠠᠭ᠎ᠠ ᠠᠯᠠᠭ ᠮᠣᠷᠢ ᠪᠠᠷ ᠬᠥᠭᠡᠭᠡᠵᠦ ᠠᠯᠠᠬᠤ ᠭᠡᠰᠡᠨ ᠳ᠋ᠦ᠍ ᠮᠣᠷᠢ ᠨᠢ ᠬᠡᠯᠡᠵᠡᠢ ᠭᠡᠨ᠎ᠡ᠃ ᠦᠳᠡᠰᠢ ᠶ᠋ᠢᠨ ᠬᠠᠷᠤᠢ ᠪᠦᠷᠦᠢ ᠡᠴᠡ ᠦᠷ ᠦ᠋ᠨ ᠭᠡᠭᠡᠨ ᠣᠷᠣᠲᠠᠯ᠎ᠠ ᠬᠥᠭᠡᠭᠡᠭᠡᠳ ᠬᠠᠷᠢᠶᠠᠴᠠᠢ ᠰᠢᠪᠠᠭᠤ ᠶ᠋ᠢ ᠪᠢ ᠭᠦᠢᠴᠡᠬᠦ ᠦᠭᠡᠢ ᠪᠣᠯ ᠬᠥᠯ ᠮᠥᠴᠢ ᠶ᠋ᠢ ᠮᠢᠨᠢ ᠣᠭᠲᠣᠯᠤᠭᠠᠳ ᠬᠥᠳᠡᠭᠡ ᠭᠠᠵᠠᠷ ᠬᠠᠶᠠᠭᠠᠷᠠᠢ ᠭᠡᠮᠡᠨ ᠡᠮᠡᠭᠡᠯᠲᠦ ᠮᠣᠷᠢ ᠠᠮᠠᠨ ᠲᠠᠩᠭᠠᠷᠢᠭ ᠥᠭᠴᠡᠢ ᠭᠡᠨ᠎ᠡ᠃ ᠬᠠᠷᠢᠶᠠᠴᠠᠢ ᠰᠢᠪᠠᠭᠤ ᠶ᠋ᠢ ᠬᠥᠭᠡᠭᠡᠭᠡᠳ ᠬᠠᠷᠢᠭᠤ ᠦᠭᠡᠢ ᠭᠦᠢᠴᠡᠬᠦ ᠶ᠋ᠢᠨ ᠳᠠᠪᠠᠭᠠᠨ ᠳᠡᠭᠡᠷ᠎ᠡ ᠬᠠᠷᠢᠶᠠᠴᠠᠢ ᠰᠢᠪᠠᠭᠤ ᠬᠠᠮᠢᠭᠠᠰᠢ ᠪᠠᠨ ᠴᠤ᠌ ᠬᠠᠮᠢᠶ᠎ᠠ ᠦᠭᠡᠢ ᠬᠠᠯᠲᠤ ᠪᠤᠯᠲᠤ ᠦᠰᠦᠷᠦᠭᠡᠳ ᠠᠷᠠᠢ ᠬᠦᠢᠴᠡᠭ᠌ᠳᠡᠯ ᠦᠭᠡᠢ ᠵᠢᠭᠤᠲᠠᠭᠰᠠᠭᠠᠷ ᠦᠷ ᠦ᠋ᠨ ᠭᠡᠭᠡ ᠬᠦᠷᠴᠢᠬᠡᠵᠡᠢ ᠭᠡᠨ᠎ᠡ᠃
    ᠡᠷᠡᠬᠡᠢ ᠮᠡᠷᠭᠡᠨ ᠠᠭᠤᠷᠯᠠᠭᠠᠳ ᠬᠠᠷᠴᠠᠭ᠎ᠠ ᠠᠯᠠᠭ ᠮᠣᠷᠢᠨ ᠤ᠋ ᠪᠠᠨ ᠡᠮᠦᠨᠡᠲᠦ ᠬᠣᠶᠠᠷ ᠬᠥᠯ ᠢ᠋ ᠣᠭᠲᠣᠯᠤᠭᠠᠳ ᠬᠥᠳᠡᠭᠡ ᠭᠠᠵᠠᠷ ᠬᠠᠶᠠᠴᠢᠬᠠᠭᠰᠠᠨ ᠴᠢᠨᠢ ᠮᠣᠷᠢ ᠨᠢ ᠠᠯᠠᠭᠳᠠᠭ᠎ᠠ ᠪᠣᠯᠴᠢᠬᠠᠵᠠᠢ ᠭᠡᠨ᠎ᠡ᠃ ᠠᠯᠠᠭᠳᠠᠭᠠᠨ ᠤ᠋ ᠤᠷᠲᠤ ᠬᠣᠶᠠᠷ ᠬᠥᠯ ᠪᠣᠭᠣᠨᠢ ᠪᠠᠢᠳᠠᠭ ᠤ᠋ᠨ ᠤᠴᠢᠷ ᠲᠡᠷᠡ ᠭᠡᠨ᠎ᠡ᠃ ᠪᠠᠰᠠ ᠬᠠᠷᠢᠶᠠᠴᠠᠢ ᠰᠢᠪᠠᠭᠤ ᠦᠳᠡᠰᠢ ᠶ᠋ᠢᠨ ᠬᠠᠷᠤᠢ ᠪᠦᠷᠦᠢ ᠪᠡᠷ ᠮᠣᠷᠢᠲᠠᠢ ᠬᠥᠮᠦᠨ ᠦ᠌ ᠤᠷᠳᠤᠭᠤᠷ ᠬᠣᠢᠭᠤᠷ ᠡᠭᠡᠷᠡᠨ ᠲᠣᠭᠣᠷᠢᠨ ᠨᠢᠰᠳᠡᠭ ᠨᠢ ᠨᠠᠮ᠎ᠠ ᠶ᠋ᠢ ᠭᠦᠢᠴᠡᠬᠦ ᠤᠤ ᠭᠦᠢᠴᠡᠬᠦ ᠤᠤ ᠭᠡᠵᠦ ᠳᠣᠭᠣᠭᠢᠯᠠᠵᠤ ᠪᠠᠢᠭ᠎ᠠ ᠨᠢ ᠲᠡᠷᠡ ᠭᠡᠨ᠎ᠡ᠃ ᠡᠷᠡᠬᠡᠢ ᠮᠡᠷᠭᠡᠨ ᠥᠪᠡᠷ ᠢ᠋ᠶ᠋ᠡᠨ ᠡᠷ᠎ᠡ ᠬᠥᠮᠦᠨ ᠦ᠌ ᠠᠮᠠᠨ ᠲᠠᠩᠭᠠᠷᠢᠭ ᠶᠣᠰᠣᠭᠠᠷ ᠢ᠋ᠶ᠋ᠠᠨ ᠡᠷᠡᠬᠡᠢ ᠬᠤᠷᠤᠭᠤ ᠪᠠᠨ ᠣᠭᠲᠣᠯᠵᠤ ᠬᠠᠶᠠᠭᠠᠳ ᠡᠷ᠎ᠡ ᠬᠥᠮᠦᠨ ᠢ᠋ᠶ᠋ᠡᠨ ᠪᠠᠢᠭᠠᠳ ᠬᠠᠷ᠎ᠠ ᠤᠰᠤ ᠤᠤᠭᠤᠳᠠᠭ ᠦᠭᠡᠢ ᠬᠠᠭᠳᠠ ᠡᠪᠡᠰᠦ ᠢᠳᠡᠳᠡᠭ ᠦᠭᠡᠢ ᠲᠠᠷᠪᠠᠭ᠎ᠠ ᠪᠣᠯᠤᠭᠠᠳ ᠬᠠᠷᠠᠩᠭᠤᠢ ᠨᠦᠬᠡᠨ ᠳ᠋ᠦ᠍ ᠠᠮᠢᠳᠤᠷᠠᠳᠠᠭ ᠪᠣᠯᠤᠭᠰᠠᠨ ᠭᠡᠨ᠎ᠡ᠃ ᠲᠠᠷᠪᠠᠭᠠᠨ ᠤ᠋ ᠬᠥᠯ ᠦ᠋ᠨ ᠰᠠᠷᠪᠠᠭᠤ ᠳᠥᠷᠪᠡ ᠪᠠᠢᠳᠠᠭ ᠡᠭᠦᠨ ᠡᠴᠡ ᠪᠣᠯᠤᠭᠰᠠᠨ ᠭᠡᠨ᠎ᠡ᠃ ᠪᠠᠰᠠ ᠡᠷᠡᠬᠡᠢ ᠮᠡᠷᠭᠡᠨ ᠬᠠᠷᠪᠤᠭᠠᠴᠢ ᠲᠠᠷᠪᠠᠭ᠎ᠠ ᠪᠣᠯᠤᠭᠰᠠᠨ ᠢ᠋ᠶ᠋ᠠᠨ ᠮᠠᠷᠲᠠᠭᠠᠳ ᠣᠷᠣᠢ ᠥᠷᠯᠥᠭᠡᠨ ᠦ᠌ ᠨᠠᠷᠠ ᠪᠠᠷ ᠤᠲᠤᠵᠤ ᠪᠠᠢᠵᠤ ᠨᠠᠷᠠ ᠶ᠋ᠢ ᠬᠠᠷᠪᠤᠨ᠎ᠠ ᠭᠡᠵᠦ ᠥᠷᠯᠥᠭᠡ ᠣᠷᠣᠢ ᠶ᠋ᠢᠨ ᠨᠠᠷᠠᠨ ᠢ᠋ᠶ᠋ᠠᠷ ᠨᠦᠬᠡᠨ ᠡᠴᠡ ᠪᠡᠨ ᠭᠠᠷᠳᠠᠭ ᠤᠴᠢᠷ ᠲᠡᠷᠡ ᠭᠡᠨ᠎ᠡ᠃ ᠮᠥᠨ ᠡᠨᠡ ᠳᠡᠯᠡᠬᠡᠢ ᠳ᠋ᠦ᠍ ᠦᠯᠡᠳᠡᠭᠰᠡᠨ ᠭᠠᠭᠴᠠ ᠨᠠᠷᠠ ᠨᠢ ᠡᠷᠡᠬᠡᠢ ᠮᠡᠷᠭᠡᠨ ᠡᠴᠡ ᠠᠶᠤᠭᠠᠳ ᠠᠭᠤᠯᠠ ᠶ᠋ᠢᠨ ᠴᠠᠭᠠᠭᠤᠷ ᠣᠷᠣᠴᠢᠬᠠᠭᠰᠠᠨ ᠤᠴᠢᠷ ᠠ᠋ᠴᠠ ᠡᠳᠦᠷ ᠰᠥᠨᠢ ᠡᠭᠡᠯᠵᠢᠯᠡᠳᠡᠭ ᠪᠣᠯᠤᠭᠰᠠᠨ ᠭᠡᠨ᠎ᠡ᠃


   ᠦᠰᠦᠭ ᠠᠮᠢᠯᠠᠭᠤᠯᠤᠭᠰᠠᠨ ᠨᠢ᠄ ᠮᠥᠩᠭᠦᠨᠴᠡᠴᠡᠭ
   ᠦᠰᠦᠭ ᠬᠠᠲᠠᠭᠰᠠᠨ ᠨᠢ᠄ ᠮᠥᠩᠭᠦᠨᠴᠡᠴᠡᠭ
   ᠬᠢᠨᠠᠭᠴᠢ ᠪᠠᠭᠰᠢ ᠨᠢ᠄ ᠮᠥᠴᠢᠷ᠂ ᠢᠷᠡᠭᠡᠳᠦᠢ