ᠳᠠᠯᠠᠨ ᠬᠤᠳᠠᠯᠴᠢ ᠶᠢᠨ ᠦᠯᠢᠭᠡᠷДалан худалчийн үлгэр
ᠳᠠᠯᠠᠨ ᠬᠤᠳᠠᠯᠴᠢ ᠶᠢᠨ ᠦᠯᠢᠭᠡᠷ
ᠡᠷᠲᠡ ᠤᠷᠢᠳᠤ ᠶ᠋ᠢᠨ ᠴᠠᠭ ᠲᠤ᠌ ᠬᠤᠳᠠᠯ ᠦᠭᠡ ᠬᠠᠭᠤᠷᠮᠠᠴᠢ ᠶᠠᠷᠢᠶ᠎ᠠ ᠪᠠᠷ ᠢ᠋ᠶ᠋ᠠᠨ ᠬᠥᠮᠦᠨ ᠢ᠋ ᠪᠢᠰᠢᠷᠡᠭᠦᠯᠵᠦ ᠤᠷᠠᠨ ᠬᠡᠯᠡ ᠮᠡᠷᠭᠡᠨ ᠤᠬᠠᠭᠠᠨ ᠢ᠋ᠶ᠋ᠠᠷ ᠢ᠋ᠶ᠋ᠠᠨ ᠣᠯᠠᠨ ᠠ᠋ᠴᠠ ᠬᠡᠲᠦᠷᠡᠭᠰᠡᠨ ᠳᠠᠯᠠᠨ ᠬᠤᠳᠠᠯᠴᠢ —— ᠪᠡᠯᠡᠨᠰᠡᠩᠭᠡ ᠭᠡᠭᠴᠢ ᠬᠥᠮᠦᠨ ᠪᠠᠢᠭᠰᠠᠨ ᠭᠡᠨ᠎ᠡ᠃
ᠨᠢᠭᠡᠨ ᠡᠳᠦᠷ ᠳᠠᠯᠠᠨ ᠬᠤᠳᠠᠯᠴᠢ ᠭᠡᠷ ᠦ᠋ᠨ ᠢ᠋ᠶ᠋ᠡᠨ ᠬᠣᠢᠮᠣᠷ ᠲᠤ᠌ ᠭᠡᠬᠢᠢᠨ ᠰᠠᠭᠤᠵᠤ ᠬᠠᠮᠠᠷ ᠲᠠᠮᠠᠬᠢ ᠪᠠᠨ ᠬᠠᠩᠬᠤᠯᠤᠭᠤᠯᠤᠨ ᠲᠠᠲᠠᠵᠤ᠂ ᠬᠠᠨᠳᠠ ᠴᠠᠢ ᠪᠠᠨ ᠬᠠᠯᠠᠭᠤᠨ ᠢ᠋ᠶ᠋ᠠᠷ ᠨᠢ ᠣᠭᠣᠴᠢᠯᠠᠭᠰᠠᠭᠠᠷ ᠰᠠᠭᠤᠵᠤ ᠪᠠᠢᠬᠤ ᠳ᠋ᠤ᠌᠂ ᠬᠣᠶᠠᠷ ᠪᠦᠳᠦᠭᠦᠨ ᠡᠷ᠎ᠡ ᠶᠠᠭᠠᠷᠠᠤ ᠰᠠᠨᠳᠤᠷᠤᠤ ᠬᠦᠷᠴᠦ ᠢᠷᠡᠭᠡᠳ᠄
《ᠪᠡᠯᠡᠨᠰᠡᠩᠭᠡ ᠭᠤᠸᠠᠢ᠂ ᠮᠠᠨ ᠤ᠋ ᠨᠣᠶᠠᠨ ᠪᠢᠳᠡ ᠬᠣᠶᠠᠷ ᠤ᠋ᠨ ᠮᠣᠷᠢ ᠶ᠋ᠢ ᠤᠷᠤᠯᠳᠤᠭᠤᠯᠵᠤ ᠲᠡᠷᠢᠭᠦᠯᠡᠵᠦ ᠢᠷᠡᠭᠰᠡᠨ ᠳ᠋ᠦ᠍ ᠨᠢ ᠪᠢᠰᠢ ᠬᠠᠷᠢᠨ ᠰᠡᠭᠦᠯᠳᠡᠵᠦ ᠢᠷᠡᠭᠰᠡᠨ ᠮᠣᠷᠢᠨ ᠤ᠋ ᠡᠵᠡᠨ ᠳ᠋ᠦ᠍ ᠲᠠᠪᠢᠨ ᠯᠠᠩ ᠮᠥᠩᠭᠥ ᠱᠠᠩᠨᠠᠵᠤ᠂ ᠪᠠᠰᠠ ᠵᠠᠩᠭᠢ ᠲᠠᠯᠪᠢᠵᠤ ᠥᠭᠭᠦᠨ᠎ᠡ ᠭᠡᠵᠦ ᠠᠮᠠᠯᠠᠪᠠ᠃ ᠪᠢᠳᠡ ᠬᠣᠶᠠᠷ ᠶᠠᠭᠠᠬᠢᠵᠤ ᠣᠷᠣᠯᠳᠣᠭᠰᠠᠨ ᠴᠤ᠌ ᠪᠦᠲᠦᠬᠦ ᠦᠭᠡᠢ ᠲᠤᠯᠠ ᠠᠬ᠎ᠠ ᠲᠠᠨ ᠢ᠋ ᠡᠷᠢᠵᠦ᠂ ᠠᠷᠭ᠎ᠠ ᠵᠢᠭᠠᠯᠭᠠᠬᠤ ᠪᠠᠷ ᠢᠷᠡᠯ᠎ᠡ ᠳᠠ! ᠬᠡ ᠬᠡ ——》 ᠭᠡᠵᠦ ᠭᠡᠨ᠎ᠡ᠃ ᠳᠠᠯᠠᠨ ᠬᠤᠳᠠᠯᠴᠢ ᠰᠠᠬᠠᠯ ᠢ᠋ᠶ᠋ᠠᠨ ᠢᠮᠡᠷᠦᠨ᠄
《ᠡᠩ —— ᠡᠨᠡ ᠴᠢᠨᠢ ᠠᠮᠠᠷᠬᠠᠨ ᠰᠢᠲᠠ! ᠲᠠ ᠬᠣᠶᠠᠷ ᠮᠣᠷᠢ ᠪᠠᠨ ᠰᠣᠯᠢᠵᠤ ᠤᠨᠤᠭᠠᠳ ᠣᠷᠣᠯᠳᠣᠪᠠᠯ ᠪᠣᠯᠴᠢᠬᠠᠬᠤ ᠪᠢᠰᠢ ᠤᠤ!》ᠭᠡᠬᠦ ᠳ᠋ᠦ᠍
《ᠦ ᠦ᠂ ᠲᠠᠭᠠᠷᠠᠵᠤ ᠪᠠᠢᠨ᠎ᠠ᠂ ᠲᠠᠭᠠᠷᠠᠵᠤ ᠪᠠᠢᠨ᠎ᠠ! ᠡᠨᠡ ᠠᠷᠭ᠎ᠠ ᠶᠠᠭ ᠪᠣᠯᠬᠤ ᠶᠤᠮ ᠪᠠᠢᠨ᠎ᠠ》 ᠭᠡᠵᠦ ᠬᠣᠶᠠᠷ ᠡᠷ᠎ᠡ ᠬᠠᠷᠢᠯᠴᠠᠨ ᠭᠠᠷ ᠠᠯᠠᠭᠠᠳᠠᠨ ᠳᠠᠯᠠᠨ ᠬᠤᠳᠠᠯᠴᠢ ᠳ᠋ᠤ᠌ ᠮᠡᠬᠦᠢᠨ ᠶᠣᠰᠣᠯᠠᠭᠠᠳ ᠮᠣᠷᠢᠨ ᠳ᠋ᠤ᠌ ᠪᠠᠨ ᠮᠣᠷᠳᠠᠨ ᠪᠤᠴᠠᠵᠠᠭᠠᠪᠠ᠃
ᠥᠨᠥ ᠬᠣᠶᠠᠷ ᠬᠥᠮᠦᠨ ᠪᠤᠴᠠᠵᠤ ᠬᠠᠷᠢᠭᠠᠳ ᠳᠠᠯᠠᠨ ᠬᠤᠳᠠᠯᠴᠢ ᠶ᠋ᠢᠨ ᠤᠬᠠᠭᠠᠨ ᠢ᠋ᠶ᠋ᠠᠷ ᠣᠷᠣᠯᠳᠣᠭᠠᠳ ᠦᠨᠡᠬᠡᠷ ᠨᠢᠭᠡᠨ ᠦ᠌ ᠬᠢᠨᠢ ᠮᠣᠷᠢ ᠨᠢ ᠬᠣᠴᠣᠷᠴᠤ ᠨᠣᠶᠠᠨ ᠠ᠋ᠴᠠ ᠪᠠᠨ ᠱᠠᠩᠨᠠᠯ ᠢ᠋ᠶ᠋ᠠᠨ ᠠᠪᠬᠤ ᠪᠠᠷ ᠬᠦᠷᠬᠦ ᠳ᠋ᠦ᠍ ᠨᠣᠶᠠᠨ ᠨᠢ
《ᠡᠩ —— ᠡᠢᠮᠦ ᠮᠡᠷᠭᠡᠨ ᠤᠬᠠᠭᠠᠨ ᠲᠠ ᠬᠣᠶᠠᠷ ᠤ᠋ᠨ ᠬᠡᠨ ᠡᠴᠡ ᠨᠢ ᠴᠦ᠍ ᠭᠠᠷᠬᠤ ᠦᠭᠡᠢ ᠶᠦᠮ ᠳᠡ! ᠡᠨᠡ ᠯᠠᠪ ᠳᠠᠯᠠᠨ ᠬᠤᠳᠠᠯᠴᠢ ᠶ᠋ᠢᠨ ᠠᠷᠭ᠎ᠠ ᠪᠠᠢᠬ᠎ᠠ!》
ᠢᠩᠭᠢᠭᠡᠳ ᠱᠠᠩᠨᠠᠯ ᠢ᠋ ᠳᠠᠯᠠᠨ ᠬᠤᠳᠠᠯᠴᠢ —— ᠪᠡᠯᠡᠨᠰᠡᠩᠭᠡ ᠳ᠋ᠦ᠍ ᠬᠦᠷᠲᠡᠭᠡᠭᠰᠡᠨ ᠭᠡᠨ᠎ᠡ᠃
ᠦᠰᠦᠭ ᠬᠠᠲᠠᠭᠰᠠᠨ ᠨᠢ᠄ ᠮᠥᠩᠭᠦᠨᠴᠡᠴᠡᠭ
ᠦᠰᠦᠭ ᠠᠮᠢᠯᠠᠭᠤᠯᠤᠭᠰᠠᠨ ᠨᠢ᠄ ᠮᠥᠩᠭᠦᠨᠴᠡᠴᠡᠭ
ᠬᠢᠨᠠᠭᠴᠢ ᠪᠠᠭᠰᠢ ᠨᠢ᠄ ᠮᠥᠴᠢᠷ
