ᠨᠣᠶᠠᠨ ᠭᠤᠸᠠᠢ ᠳ᠋ᠤ᠌ ᠨᠣᠬᠠᠢ ᠶ᠋ᠢᠨ ᠪᠠᠭᠠᠰᠤ ᠢᠳᠡᠭᠦᠯᠪᠡНоён гуайд нохойн баас идүүлэв Noyon guaid nokhoin baas idüülev
ᠠᠩᠭᠢᠯᠠᠯ:ᠳᠣᠮᠣᠭ ᠦᠯᠢᠭᠡᠷДомог үлгэрᠠᠷᠠᠳ ᠤ᠋ᠨ ᠠᠮᠠᠨ ᠥᠯᠢᠭᠡᠷ 2025-03-14
355
ᠨᠣᠶᠠᠨ ᠭᠤᠸᠠᠢ ᠳ᠋ᠤ᠌ ᠨᠣᠬᠠᠢ ᠶ᠋ᠢᠨ ᠪᠠᠭᠠᠰᠤ ᠢᠳᠡᠭᠦᠯᠪᠡ ᠡᠷᠲᠡ ᠤᠷᠢᠳᠤ ᠴᠠᠭ ᠲᠤ᠌ ᠨᠢᠭᠡ ᠰᠦᠷᠡᠬᠡᠢ ᠠᠶᠤᠯᠲᠠᠢ ᠬᠠᠨ ᠨᠣᠶᠠᠨ ᠭᠡᠭᠴᠢ ᠪᠠᠢᠭᠰᠠᠨ ᠭᠡᠨ᠎ᠡ᠃ ᠡᠨᠡ ᠬᠠᠨ ᠨᠣᠶᠠᠨ ᠪᠣᠯ ᠪᠢ ᠮᠡᠷᠭᠡᠨ᠂ ᠪᠢ ᠤᠬᠠᠭᠠᠨᠲᠠᠢ᠂ ᠪᠢ ᠬᠡᠨ ᠬᠥᠮᠦᠨ ᠡᠴᠡ ᠴᠦ᠍ ᠢᠯᠡᠭᠦᠦ ᠭᠡᠵᠦ ᠪᠠᠷᠳᠠᠮᠨᠠᠨ ᠣᠮᠣᠷᠬᠠᠵᠤ ᠶᠠᠪᠤᠳᠠᠭ ᠭᠡᠨ᠎ᠡ᠃ ᠪᠠᠰᠠ ᠮᠢᠨᠦ ᠬᠠᠷᠢᠶᠠᠲᠤ ᠠᠷᠠᠳ ᠨᠠᠳᠠ ᠠ᠋ᠴᠠ ᠠᠶᠤᠬᠤ ᠦᠭᠡᠢ ᠬᠥᠮᠦᠨ ᠦᠭᠡᠢ ᠭᠡᠵᠦ ᠮᠠᠰᠢ ᠭᠡᠬᠢᠯᠵᠡᠨ ᠶᠠᠪᠤᠳᠠᠭ ᠠᠵᠢ᠃ ᠶᠡᠷᠦ ᠡᠨᠡ ᠬᠠᠨ ᠨᠣᠶᠠᠨ ᠪᠣᠯ ᠦ...