ᠳᠣᠪᠣᠴᠠᠭ ᠊ᠤᠨ ᠳᠣᠯᠣᠭᠠᠨ ᠬᠡᠦᠬᠡᠳ- ᠭᠡᠭᠡᠨᠲᠠᠨ᠎ᠠДовцгийн долоон хүүхэд-Гээнтэнэ
ᠳᠣᠪᠣᠴᠠᠭ ᠊ᠤᠨ ᠳᠣᠯᠣᠭᠠᠨ ᠬᠡᠦᠬᠡᠳ
ᠭᠡᠭᠡᠨᠲᠠᠨ᠎ᠠ ᠡᠮᠬᠢᠳᠬᠡᠨ ᠨᠠᠢᠷᠠᠭᠤᠯᠪᠠ
ᠪᠢᠴᠢᠬᠠᠨ ᠡᠨᠧᠷᠭᠢ ᠶᠠᠷᠢᠪᠠ
ᠨᠢᠭᠡ ᠡᠪᠦᠭᠡᠨ ᠳ᠋ᠦ᠍ ᠮᠣᠯᠣᠷ ᠡᠷᠳᠡᠨᠢ ᠲᠡᠢ ᠭᠡᠨ᠎ᠡ᠃ ᠲᠡᠷᠡ ᠡᠪᠦᠭᠡᠨ ᠮᠣᠯᠣᠷ ᠡᠷᠳᠡᠨᠢ ᠪᠡᠨ ᠡᠷᠬᠢᠮᠯᠡᠨ ᠬᠠᠳᠠᠭᠠᠯᠠᠳᠠᠭ ᠭᠡᠨ᠎ᠡ᠃ ᠬᠠᠵᠠᠭᠤ ᠠᠢᠯ ᠤ᠋ᠨ ᠡᠮᠡᠭᠡᠨ᠂ ᠲᠡᠷᠡ ᠡᠪᠦᠭᠡᠨ ᠳ᠋ᠦ᠍ ᠮᠣᠯᠣᠷ ᠡᠷᠳᠡᠨᠢ ᠪᠠᠢᠬᠤ ᠶ᠋ᠢ ᠮᠡᠳᠡᠭᠡᠳ ᠥᠪᠡᠷ ᠦ᠋ᠨ ᠬᠢ ᠪᠡᠨ ᠪᠣᠯᠭᠠᠵᠤ ᠠᠪᠬᠤ ᠰᠠᠨᠠᠭ᠎ᠠ ᠲᠥᠷᠥᠵᠡᠢ᠃
ᠨᠢᠭᠡ ᠡᠳᠦᠷ ᠡᠮᠡᠭᠡᠨ ᠮᠠᠭᠤ ᠤᠬᠠᠭᠠᠨ ᠭᠠᠷᠭᠠᠵᠤ ᠡᠪᠦᠭᠡᠨ ᠢ᠋ ᠶᠠᠮᠤᠨ ᠳ᠋ᠤ᠌ ᠵᠠᠭᠠᠯᠳᠤᠵᠠᠢ᠃ ᠮᠠᠨ ᠤ᠋ ᠭᠡᠷ ᠲᠦ᠍ ᠮᠣᠯᠣᠷ ᠡᠷᠳᠡᠨᠢ ᠪᠠᠢᠭᠰᠠᠨ᠂ ᠲᠡᠭᠦᠨ ᠢ᠋ ᠬᠠᠵᠠᠭᠤ ᠠᠢᠯ ᠤ᠋ᠨ ᠡᠪᠦᠭᠡᠨ ᠬᠤᠯᠠᠭᠠᠢᠯᠠᠵᠠᠢ ᠭᠡᠵᠦ ᠮᠤᠰᠬᠢᠪᠡ᠃
ᠶᠠᠮᠤᠨ ᠤ᠋ ᠨᠣᠶᠠᠨ ᠬᠡᠴᠢᠨᠡᠨ ᠰᠢᠭᠦᠭᠰᠡᠨ ᠪᠣᠯᠪᠠᠴᠤ ᠦᠨᠡᠨ ᠬᠤᠳᠠᠯ ᠢ᠋ ᠲᠣᠳᠣᠯᠠᠵᠤ ᠴᠢᠳᠠᠭᠰᠠᠨ ᠦᠭᠡᠢ ᠭᠡᠷ ᠭᠡᠷ ᠲᠦ᠍ ᠨᠢ ᠬᠠᠷᠢᠭᠤᠯᠵᠠᠢ᠃ ᠡᠮᠡᠭᠡᠨ᠄《ᠮᠣᠯᠣᠷ ᠡᠷᠳᠡᠨᠢ ᠶ᠋ᠢ ᠴᠢᠨᠢ ᠶᠠᠭᠠᠬᠢᠭᠰᠠᠨ ᠴᠤ᠌ ᠪᠢ ᠵᠠᠪᠠᠯ ᠠᠪᠤᠨ᠎ᠠ》 ᠭᠡᠬᠦ ᠳ᠋ᠦ᠍ ᠡᠪᠦᠭᠡᠨ᠄《ᠪᠢ ᠶᠠᠭᠠᠬᠢᠭᠰᠠᠨ ᠴᠤ᠌ ᠮᠣᠯᠣᠷ ᠡᠷᠳᠡᠨᠢ ᠪᠡᠨ ᠴᠢᠮ᠎ᠠ ᠳ᠋ᠤ᠌ ᠥᠭᠬᠦ ᠦᠭᠡᠢ》 ᠭᠡᠮᠡᠨ ᠬᠣᠶᠠᠭᠤᠯᠠ ᠵᠠᠮ ᠵᠠᠭᠤᠷ᠎ᠠ ᠪᠠᠨ ᠬᠡᠷᠡᠯᠳᠦᠵᠦ ᠶᠠᠪᠤᠵᠠᠢ᠃
ᠡᠨᠡ ᠦᠶ᠎ᠡ ᠳ᠋ᠦ᠍ ᠳᠣᠪᠣᠴᠠᠭ ᠳᠡᠭᠡᠷ᠎ᠡ ᠲᠣᠭᠯᠠᠵᠤ ᠪᠠᠢᠭᠰᠠᠨ ᠳᠣᠯᠣᠭᠠᠨ ᠬᠡᠦᠬᠡᠳ ᠡᠪᠦᠭᠡᠨ ᠡᠮᠡᠭᠡᠨ ᠢ᠋ ᠲᠣᠰᠴᠤ ᠣᠴᠢᠭᠠᠳ᠄《ᠲᠠ ᠬᠣᠶᠠᠷ ᠬᠡᠷᠡᠭᠦᠯ ᠬᠢᠬᠦ ᠬᠡᠷᠡᠭ ᠦᠭᠡᠢ᠂ ᠪᠤᠯᠢᠶᠠᠯᠳᠤᠬᠤ ᠴᠤ᠌ ᠬᠡᠷᠡᠭ ᠦᠭᠡᠢ᠂ ᠨᠢᠭᠡ ᠨᠢ ᠵᠡᠭᠦᠨ ᠳᠣᠪᠣ ᠳᠡᠭᠡᠷ᠎ᠡ ᠣᠴᠢ᠂ ᠨᠢᠭᠡ ᠨᠢ ᠪᠠᠷᠠᠭᠤᠨ ᠳᠣᠪᠣ ᠳᠡᠭᠡᠷ᠎ᠡ ᠣᠴᠢ᠂ ᠮᠣᠯᠣᠷ ᠡᠷᠳᠡᠨᠢ ᠪᠡᠨ ᠰᠢᠪᠡᠷ ᠢ᠋ᠶ᠋ᠡᠷ ᠵᠠᠰᠠᠵᠤ ᠠᠪᠤᠭᠠᠳ ᠢᠷ᠎ᠡ》 ᠭᠡᠵᠡᠢ᠃
ᠡᠪᠦᠭᠡᠨ ᠮᠣᠯᠣᠷ ᠡᠷᠳᠡᠨᠢ ᠶᠠᠮᠠᠷ ᠶᠠᠩᠵᠤ ᠬᠡᠯᠪᠡᠷᠢ ᠲᠡᠢ ᠶ᠋ᠢ ᠰᠠᠢᠨ ᠮᠡᠳᠡᠬᠦ ᠲᠤᠯᠠ ᠠᠪ ᠠᠳᠠᠯᠢᠬᠠᠨ ᠵᠠᠰᠠᠵᠤ ᠠᠪᠤᠭᠠᠳ ᠢᠷᠡᠪᠡ᠃ ᠡᠮᠡᠭᠡᠨ ᠮᠣᠯᠣᠷ ᠡᠷᠳᠡᠨᠢ ᠶ᠋ᠢ ᠬᠠᠷᠠᠵᠤ ᠴᠤ᠌ ᠦᠵᠡᠭᠡ ᠦᠭᠡᠢ ᠲᠤᠯᠠ ᠱᠠᠯ ᠥᠭᠡᠷ᠎ᠡ ᠬᠡᠯᠪᠡᠷᠢ ᠲᠡᠢ ᠶᠠᠭᠤᠮ᠎ᠠ ᠵᠠᠰᠠᠵᠤ ᠠᠪᠤᠭᠠᠳ ᠢᠷᠡᠵᠡᠢ᠃
ᠳᠣᠪᠣᠴᠠᠭ ᠤ᠋ᠨ ᠳᠣᠯᠣᠭᠠᠨ ᠬᠡᠦᠬᠡᠳ ᠦᠨᠡᠨ ᠬᠤᠳᠠᠯ ᠢ᠋ ᠢᠩᠭᠢᠵᠦ ᠲᠣᠳᠣᠯᠠᠵᠠᠢ᠃
ᠦᠰᠦᠭ ᠠᠮᠢᠯᠠᠭᠤᠯᠤᠭᠴᠢ᠄ ᠭᠡᠷᠡᠯ
