ᠳᠠᠯᠠᠨ ᠬᠤᠳᠠᠯᠴᠢ-ᠠᠯᠠᠱᠠ ᠡᠬᠡДалан худалч

ᠳᠠᠯᠠᠨ ᠬᠤᠳᠠᠯᠴᠢ-ᠠᠯᠠᠱᠠ ᠡᠬᠡ
ᠬᠥᠬᠡ᠄ ᠲᠠᠨ ᠤ᠋ ᠠᠯᠳᠠᠷ ᠨᠡᠷ᠎ᠡ ᠬᠡᠨ ᠭᠡᠭᠴᠢ ᠪᠣᠢ?
ᠬᠥᠬᠡᠭᠴᠢᠨ᠄ ᠮᠢᠨᠦ ᠨᠡᠷ᠎ᠡ ᠪᠣᠯ ᠯᠣᠪᠰᠠᠩᠴᠥ᠋ᠯᠳᠦᠮᠨᠠᠭᠪᠠᠷᠳᠠᠪᠠᠬᠠ ᠭᠡᠳᠡᠭ᠃
ᠬᠥᠬᠡ᠄ ᠲᠠᠨ ᠤ᠋ ᠥᠷᠭᠥᠭᠡ ᠨᠤᠲᠤᠭ ᠬᠠᠮᠢᠭᠠᠭᠤᠷ ᠪᠠᠢᠳᠠᠭ ᠪᠣᠢ?
ᠬᠥᠬᠡᠭᠴᠢᠨ᠄ ᠮᠢᠨᠦ ᠨᠤᠲᠤᠭ ᠪᠣᠯ ᠪᠤᠬ᠎ᠠ ᠪᠤᠢᠯᠠ᠂ ᠭᠤᠨᠵᠢᠨ ᠮᠡᠢᠷᠡᠨ᠂ ᠭᠤᠷᠪᠠᠨ ᠡᠷᠢᠶᠡᠨ᠂ ᠳᠥᠷᠪᠡᠨ ᠴᠠᠭᠠᠨ ᠡᠴᠡ ᠬᠣᠢᠰᠢ ᠪᠠᠢᠨ᠎ᠠ᠃
ᠬᠥᠬᠡ᠄ ᠲᠡᠷᠡ ᠴᠢᠨᠢ ᠬᠠᠮᠢᠭ᠎ᠠ ᠪᠠᠢᠬᠤ ᠭᠠᠵᠠᠷ ᠪᠣᠢ?
ᠬᠥᠬᠡᠭᠴᠢᠨ᠄ ᠲᠩᠷᠢ ᠡᠯᠡᠰᠦ᠂ ᠲᠡᠮᠡᠭᠡᠨ ᠬᠦᠵᠦᠭᠦᠦ᠂ ᠬᠣᠨᠢ ᠮᠠᠢᠯᠠ᠂ ᠬᠣᠪᠴᠢ ᠶ᠋ᠢᠨ ᠲᠠᠷᠢᠶᠠᠨ ᠡᠴᠡ ᠣᠷᠣᠭᠰᠢ ᠪᠠᠢᠳᠠᠭ᠃
ᠬᠥᠬᠡ᠄ ᠪᠢ ᠦᠵᠡᠬᠦ ᠳ᠋ᠦ᠍ ᠲᠠ ᠴᠢᠨᠢ ᠶᠣᠰᠣᠲᠠᠢ ᠯᠠ ᠬᠤᠳᠠᠯᠴᠢ ᠬᠥᠮᠦᠨ ᠪᠠᠢᠬ᠎ᠠ᠃
ᠬᠥᠬᠡᠭᠴᠢᠨ᠄ ᠣᠮ ᠮᠠ ᠨᠢ ᠪᠠᠳ ᠮᠠ ᠬᠣᠩ᠂ ᠯᠠᠮᠠ ᠬᠥᠮᠦᠨ ᠦ᠌ ᠰᠠᠬᠢᠯ ᠰᠠᠨᠸᠠᠷ ᠲᠤ᠌ ᠬᠤᠳᠠᠯ ᠬᠡᠯᠡᠬᠦ ᠪᠣᠯ ᠬᠠᠮᠤᠭ ᠤ᠋ᠨ ᠴᠡᠭᠡᠷ ᠲᠡᠢ ᠨᠢᠭᠡ ᠵᠦᠢᠯ ᠪᠣᠯᠤᠨ᠎ᠠ᠂ ᠪᠢ ᠬᠤᠳᠠᠯ ᠬᠡᠯᠡᠳᠡᠭ᠂ ᠬᠥᠮᠦᠨ ᠢ᠋ ᠮᠡᠬᠡᠯᠡᠳᠡᠭ ᠬᠥᠮᠦᠨ ᠳ᠋ᠦ᠍ ᠲᠤᠢᠯ ᠤ᠋ᠨ ᠳᠤᠷ᠎ᠠ ᠦᠭᠡᠢ ᠶᠦ᠍ᠮ᠃
ᠬᠥᠬᠡ᠄ ᠵᠠ! ᠲᠡᠭᠡᠪᠡᠯ ᠲᠠ ᠶᠠᠮᠠᠷ ᠠᠵᠢᠯ ᠦᠢᠯᠡᠰ ᠲᠡᠢ ᠬᠥᠮᠦᠨ ᠪᠣᠢ?
ᠬᠥᠬᠡᠭᠴᠢᠨ᠄ ᠪᠢ ᠠᠪᠤᠷᠠᠯᠲᠤ ᠪᠤᠷᠬᠠᠨ ᠢ᠋ ᠢᠮᠠᠭᠲᠠ ᠰᠢᠲᠦᠭᠡᠳ᠂ ᠠᠴᠢᠲᠤ ᠪᠯᠠᠮ᠎ᠠ ᠪᠠᠭᠰᠢ ᠪᠠᠨ ᠡᠷᠭᠦᠨ ᠬᠦᠨᠳᠦᠯᠡᠵᠦ᠂ ᠠᠪᠤᠭᠰᠠᠨ ᠰᠠᠬᠢᠯ ᠰᠠᠨᠸᠠᠷ ᠢ᠋ᠶ᠋ᠠᠨ ᠴᠢᠩᠭ᠎ᠠ ᠰᠠᠬᠢᠵᠤ᠂ ᠠᠯᠢᠪᠠ ᠡᠷᠳᠡᠮ ᠨᠣᠮ ᠢ᠋ ᠨᠡᠪᠲᠡᠷᠬᠡᠢ ᠰᠤᠷᠤᠭᠠᠳ᠂ ᠣᠯᠠᠨ ᠨᠠᠨᠳᠢᠨ ᠠᠳᠢᠰ ᠲᠠᠢ ᠣᠷᠣᠨ ᠳ᠋ᠤ᠌ ᠡᠷᠭᠢᠴᠡ ᠮᠥᠷᠭᠥᠯ ᠬᠢᠪᠡ᠃
ᠬᠥᠬᠡ᠄ ᠲᠠ ᠶᠠᠮᠠᠷ ᠶᠠᠮᠠᠷ ᠠᠳᠢᠰ ᠲᠠᠢ ᠣᠷᠣᠨ ᠳ᠋ᠤ᠌ ᠡᠷᠭᠢᠴᠡ ᠮᠥᠷᠭᠥᠯ ᠬᠢᠪᠡ?
ᠬᠥᠬᠡᠭᠴᠢᠨ᠄ ᠪᠢ ᠣᠷᠣᠭᠰᠢ ᠶᠠᠪᠤᠵᠤ ᠸᠧᠢ ᠵᠧᠦ ᠳ᠋ᠠᠢ ᠵᠧᠦ᠂ ᠦᠯᠢᠭᠡᠷ ᠮᠠᠬᠠᠢ᠂ ᠰᠡᠭᠡᠷ ᠦ᠋ᠨ ᠬᠣᠭᠣᠯᠠᠢ᠂ ᠰᠠᠷᠠᠪᠴᠢ ᠶ᠋ᠢᠨ ᠮᠠᠢᠳᠠᠷ ᠲᠤ᠌ ᠮᠥᠷᠭᠥᠭᠡᠳ ᠵᠡᠭᠦᠨᠰᠢ ᠶᠠᠪᠤᠵᠤ ᠵᠥᠭᠡᠢ ᠶ᠋ᠢᠨ ᠴᠠᠭᠠᠨ ᠴᠢᠯᠠᠭᠤ᠂ ᠵᠦᠨᠵᠠᠢ ᠶ᠋ᠢᠨ ᠴᠠᠭᠠᠨ ᠰᠤᠪᠤᠷᠭ᠎ᠠ᠂ ᠬᠢᠯᠪᠠᠷ ᠤ᠋ᠨ ᠴᠠᠭᠠᠨ ᠤᠲᠠᠢ ᠳ᠋ᠤ᠌ ᠮᠥᠷᠭᠥᠯ᠎ᠡ᠃ ᠲᠡᠨᠳᠡᠴᠡ ᠬᠣᠢᠰᠢ ᠶᠠᠪᠤᠵᠤ ᠳᠠ ᠬᠦᠷᠢᠶ᠎ᠡ᠂ ᠳᠠᠮᠪᠠᠳᠠᠷᠴᠢ᠂ ᠡᠷᠳᠡᠨᠢ ᠵᠣᠣ᠂ ᠪᠢᠯᠬᠠᠮ᠎ᠠ ᠶ᠋ᠢᠨ ᠭᠡᠭᠡᠨ ᠳ᠋ᠦ᠍ ᠮᠥᠷᠭᠥᠭᠡᠳ᠂ ᠪᠠᠷᠠᠭᠤᠨᠰᠢ ᠠᠯᠬᠤᠵᠤ ᠶᠠᠪᠤᠭᠠᠳ ᠠᠮᠳᠣ ᠶ᠋ᠢᠨ ᠠᠷᠪᠠᠨ ᠭᠤᠷᠪᠠᠨ ᠬᠡᠢᠳ ᠲᠦ᠍ ᠮᠥᠷᠭᠥᠵᠦ᠂ ᠭᠦᠶᠦᠵᠦ ᠶᠠᠪᠤᠭᠠᠳ ᠭᠦᠮᠪᠦᠮ ᠳ᠋ᠦ᠍ ᠬᠦᠷᠬᠦᠯ᠎ᠡ᠂ ᠬᠠᠷᠢᠨ ᠨᠠᠮᠠᠶ᠋ᠢ ᠶᠡᠬᠡ ᠪᠠᠭᠰᠢ ᠪᠣᠯᠭᠠᠵᠤ᠂ ᠰᠡᠮᠲᠡᠨ ᠴᠣᠷᠳᠣᠩ ᠢ᠋ᠶ᠋ᠠᠷ ᠵᠠᠯᠠᠭᠳᠠᠵᠤ᠂ ᠰᠢᠷ᠎ᠠ ᠬᠠᠷ᠎ᠠ ᠣᠯᠠᠨ ᠠᠮᠢᠲᠠᠨ ᠳ᠋ᠤ᠌ ᠸᠠᠩ ᠯᠦᠩ ᠲᠠᠯᠪᠢᠵᠤ᠂ ᠣᠷᠣᠢ ᠶ᠋ᠢᠨ ᠴᠢᠮᠡᠭ ᠯᠠᠮᠠ ᠪᠣᠯᠪᠠ᠃
ᠬᠥᠬᠡ᠄ ᠲᠠ ᠴᠢᠨᠢ ᠦᠨᠡᠬᠡᠷ ᠶᠡᠬᠡ ᠪᠠᠭᠰᠢ ᠪᠠᠢᠨ᠎ᠠ ᠳᠠ? ᠲᠡᠭᠡᠭᠡᠳ ᠶᠠᠭᠠᠬᠢᠬᠤᠪ?
ᠬᠥᠬᠡᠭᠴᠢᠨ᠄ᠵᠠᠭᠳᠠᠩ ᠡᠬᠢᠨ ᠳ᠋ᠦ᠍ ᠵᠠᠪ ᠤ᠋ᠨ ᠣᠯᠪᠣᠭ ᠳᠡᠭᠡᠷ᠎ᠡ ᠰᠠᠭᠤᠵᠤ᠂ ᠠᠷᠪᠠᠯᠠᠨ ᠰᠢᠭ᠋ ᠠᠷᠬᠢᠷᠠᠵᠤ ᠯᠤᠤ ᠰᠢᠭ᠋ ᠬᠦᠷᠴᠢᠭᠢᠨᠡᠵᠦ᠂ ᠬᠠᠷ᠎ᠠ ᠼᠠᠩ ᠢ᠋ ᠬᠠᠪᠢᠷᠤᠭᠤᠯᠤᠨ ᠬᠠᠷᠰᠢᠭᠤᠯᠵᠤ᠂ ᠤᠩᠰᠢᠯᠭ᠎ᠠ ᠨᠣᠮ ᠳ᠋ᠤ᠌ ᠨᠡᠪᠲᠡᠷᠡᠭᠰᠡᠨ ᠤᠮᠵᠠᠳ ᠪᠣᠯᠪᠠ᠃
ᠬᠥᠬᠡ᠄ ᠲᠠ ᠴᠢᠨᠢ ᠣᠷᠣᠢ ᠶ᠋ᠢᠨ ᠴᠢᠮᠡᠭ ᠯᠠᠮᠠ ᠪᠣᠯᠵᠤ ᠪᠠᠢᠭᠠᠳ᠂ ᠶᠠᠭᠠᠬᠢᠭᠠᠳ ᠪᠠᠰᠠ ᠪᠠᠭᠤᠷᠠᠵᠤ ᠤᠮᠵᠠᠳ ᠪᠣᠯᠴᠢᠬᠠᠪᠠ?
ᠬᠥᠬᠡᠭᠴᠢᠨ᠄ ᠱᠠᠰᠢᠨ ᠬᠤᠷᠠᠯ ᠤ᠋ᠨ ᠶᠣᠰᠣᠨ ᠳ᠋ᠤ᠌ ᠯᠠᠮᠠ ᠬᠤᠸᠠᠷᠠᠭ ᠬᠥᠮᠦᠨ ᠪᠣᠯ ᠰᠢᠷᠡᠭᠡᠨ ᠯᠠᠮᠠ ᠡᠴᠡ ᠠᠪᠤᠭᠠᠳ ᠰᠢᠷᠲᠡᠭ ᠦ᠋ᠨ ᠪᠠᠨᠳᠢ ᠬᠦᠷᠲᠡᠯ᠎ᠡ ᠱᠠᠰᠢᠨ ᠤ᠋ ᠦᠢᠯᠡᠰ ᠢ᠋ ᠬᠢᠬᠦ ᠶᠣᠰᠣᠲᠠᠢ ᠶᠤᠮ᠃
ᠬᠥᠬᠡ᠄ ᠲᠡᠢᠮᠦ ᠤᠤ? ᠵᠠ᠂ ᠲᠡᠭᠡᠭᠡᠳ ᠶᠠᠭᠠᠬᠢᠬᠤᠪ?
ᠬᠥᠬᠡᠭᠴᠢᠨ᠄ ᠵᠠᠯᠪᠤ ᠠᠪᠠ ᠶ᠋ᠢᠨ ᠵᠠᠶᠢᠭ᠋ ᠢ᠋ ᠰᠠᠢᠨ ᠮᠡᠳᠡᠳᠡᠭ ᠡᠴᠡ ᠬᠡᠪᠢᠬᠦ ᠪᠣᠯᠵᠤ᠂ ᠭᠦᠵᠡᠭᠡ ᠶᠡᠬᠡᠲᠡᠢ ᠪᠣᠯᠬᠤᠯ᠎ᠠ ᠨᠢᠷᠪᠠ ᠰᠠᠭᠤᠵᠤ᠂ ᠬᠤᠷᠠᠯ ᠤ᠋ᠨ ᠨᠣᠮ ᠤ᠋ᠨ ᠴᠠᠪ ᠮᠠᠩᠵᠠ ᠶ᠋ᠢ ᠪᠡᠯᠡᠳᠬᠡᠵᠦ᠂ ᠭᠦᠶᠦᠳᠡᠯ ᠰᠠᠢᠨ ᠪᠣᠯᠬᠣᠷ ᠭᠣᠨᠢᠷ ᠪᠣᠯᠵᠤ᠂ ᠵᠢᠱ᠌ᠢᠶ᠎ᠡ ᠬᠥᠷᠥᠮ ᠦ᠋ᠨ ᠤᠩᠰᠢᠯᠭ᠎ᠠ ᠶ᠋ᠢ ᠤᠩᠰᠢᠵᠤ ᠪᠠᠢᠭᠠᠳ᠂ ᠬᠠᠮᠤᠭ ᠤ᠋ᠨ ᠰᠡᠭᠦᠯ ᠳ᠋ᠦ᠍ ᠬᠣᠭᠣᠯᠠ ᠪᠤᠳᠠᠭ᠎ᠠ ᠶ᠋ᠢ ᠰᠠᠢᠨ ᠬᠢᠳᠡᠭ ᠪᠣᠯᠬᠣᠷ ᠣᠯᠠᠨ ᠬᠤᠷᠠᠯ ᠤ᠋ᠨ ᠴᠠᠪ ᠮᠠᠩᠵᠠ ᠶ᠋ᠢ ᠴᠢᠨᠠᠵᠤ ᠵᠠᠮ᠎ᠠ ᠪᠣᠯᠵᠤ ᠨᠠᠷᠭᠢᠪᠠ᠃
ᠬᠥᠬᠡ᠄ ᠲᠠ ᠬᠤᠷᠠᠯ ᠨᠣᠮ ᠤ᠋ᠨ ᠦᠢᠯᠡᠰ ᠢ᠋ ᠡᠬᠢᠨ ᠡᠴᠡ ᠡᠴᠦᠰᠯᠡᠲᠡᠯᠡ ᠪᠦᠬᠦᠨ ᠢ᠋ ᠬᠢᠵᠦ ᠥᠩᠭᠡᠷᠡᠭᠡᠯ᠎ᠡ? ᠣᠳᠣ ᠶᠠᠭᠤ ᠬᠢᠵᠦ ᠪᠠᠢᠨ᠎ᠠ ᠤᠤ??
ᠬᠥᠬᠡᠭᠴᠢᠨ᠄ ᠭᠡᠷ ᠡᠴᠡ ᠭᠠᠷᠤᠭᠠᠳ ᠤᠳᠠᠭᠰᠠᠨ ᠪᠣᠯᠬᠣᠷ ᠭᠡᠷ ᠲᠡᠭᠡᠨ ᠬᠠᠷᠢᠬᠤ ᠪᠠᠷ ᠴᠢᠯᠥᠭᠡ ᠭᠣᠶᠣᠬᠤᠯᠠ᠂ ᠰᠦᠮ᠎ᠡ ᠬᠡᠢᠳ ᠦ᠋ᠨ ᠠᠵᠢᠯ ᠦᠢᠯᠡᠰ ᠢ᠋ ᠰᠠᠢᠨ ᠬᠢᠯ᠎ᠡ ᠭᠡᠵᠦ ᠨᠠᠳᠠ ᠮᠢᠩᠭᠠᠨ ᠯᠠᠩ ᠮᠥᠩᠭᠥ ᠪᠡᠷ ᠱᠠᠩᠨᠠᠯ᠎ᠠ᠃
ᠬᠥᠬᠡ᠄ ᠲᠠ ᠶᠡᠬᠡ ᠮᠥᠩᠭᠥ ᠲᠡᠢ ᠪᠠᠶᠠᠨ ᠬᠥᠮᠦᠨ ᠪᠣᠯᠤᠭᠠᠳ ᠶᠡᠬᠡ ᠪᠠᠶᠠᠷᠯᠠᠭᠰᠠᠨ ᠪᠢᠵᠡ?
ᠬᠥᠬᠡᠭᠴᠢᠨ᠄ ᠮᠢᠨᠦ ᠪᠠᠶᠠᠷᠯᠠᠭᠰᠠᠨ ᠢ᠋ ᠬᠡᠯᠡᠬᠦ ᠶ᠋ᠢᠨ ᠠᠷᠭ᠎ᠠ ᠠᠯᠠᠭ᠎ᠠ᠃ ᠲᠡᠷᠡ ᠳᠣᠣᠷ᠎ᠠ ᠪᠠᠨ ᠶᠠᠪᠤᠵᠤ ᠡᠮᠦᠨᠡᠲᠦ ᠣᠷᠣᠨ ᠳ᠋ᠤ᠌ ᠬᠦᠷᠦᠭᠡᠳ ᠥᠩᠭᠡ ᠪᠦᠷᠢ ᠶ᠋ᠢᠨ ᠲᠣᠷᠭ᠎ᠠ ᠳᠤᠷᠳᠤᠩ᠂ ᠵᠡᠭᠦᠦ ᠤᠲᠠᠰᠤ᠂ ᠬᠡᠪ ᠬᠠᠳᠠᠭ᠂ ᠵᠠᠭᠠᠷ ᠪᠠᠯᠪᠤ ᠶ᠋ᠢᠨ ᠣᠷᠣᠨ ᠡᠴᠡ ᠵᠠᠰᠠᠷᠠᠢ ᠵᠢᠩᠰᠡ᠂ ᠬᠣᠷᠬᠢ ᠮᠠᠩᠨᠤᠭ᠂ ᠵᠣᠣ ᠲᠥᠪᠡᠳ ᠣᠷᠣᠨ ᠤ᠋ ᠵᠠᠰᠠᠯ ᠴᠢᠮᠡᠭ᠂ ᠬᠣᠪᠣᠷ ᠦᠨᠡᠲᠡᠢ ᠡᠮ ᠳᠠᠩ᠂ ᠽᠠᠮᠪᠠ ᠲᠣᠰᠣ᠂ ᠨᠠᠩᠭᠢᠶᠠᠳ ᠣᠷᠣᠨ ᠤ᠋ ᠬᠣᠲᠠ ᠮᠠᠢᠮᠠᠢ ᠡᠴᠡ ᠦᠨᠦᠷᠲᠦ ᠠᠷᠢᠬᠢ᠂ ᠦᠵᠦᠮ ᠦ᠋ᠨ ᠠᠷᠢᠬᠢ᠂ ᠰᠠᠮ ᠰᠢᠬᠦᠷ᠂ ᠰᠠᠪᠤᠩ ᠡᠩᠰᠢᠭᠡ᠂ ᠶᠡᠬᠡ ᠰᠢᠬᠢᠷ(ᠡᠯᠡᠰᠦᠨ ᠰᠢᠬᠢᠷ)᠂ ᠭᠠᠩᠰᠠ ᠲᠠᠮᠠᠬᠢ ᠵᠡᠷᠭᠡ ᠶᠠᠭᠤ ᠪᠦᠬᠦᠨ ᠢ᠋ ᠬᠤᠳᠠᠯᠳᠤᠨ ᠠᠪᠤᠭᠠᠳ ᠬᠤᠳᠠᠯᠳᠤᠭᠠᠴᠢᠨ ᠪᠣᠯᠵᠤ᠂ ᠭᠠᠵᠠᠷ ᠪᠦᠷᠢ ᠶ᠋ᠢᠨ ᠣᠯᠠᠨ ᠠᠮᠢᠲᠠᠨ ᠴᠤᠭᠯᠠᠷᠠᠵᠤ ᠶᠡᠬᠡ ᠨᠠᠷᠭᠢᠶᠠᠨ ᠪᠣᠯᠤᠯ᠎ᠠ᠃
ᠬᠥᠬᠡ ᠄ ᠲᠠ ᠴᠢᠨᠢ ᠯᠠᠮᠠ ᠪᠠᠭᠰᠢ ᠪᠠᠢᠭᠰᠠᠨ ᠡᠴᠡ ᠶᠡᠬᠡ ᠬᠤᠳᠠᠯᠳᠤᠭᠠᠴᠢᠨ ᠪᠣᠯᠵᠤ᠂ ᠶᠡᠬᠡ ᠬᠣᠨᠵᠢᠪᠤᠷᠢ ᠣᠯᠵᠤ ᠪᠠᠶᠠᠵᠢᠵᠤ ᠳᠠ᠂ ᠲᠡᠭᠡᠭᠡᠳ ᠶᠠᠭᠠᠬᠢᠬᠤᠪ?
ᠬᠥᠬᠡᠭᠴᠢᠨ᠄ ᠬᠥᠮᠦᠨ ᠪᠣᠯᠵᠤ ᠬᠦᠵᠦᠭᠦᠦ ᠲᠣᠯᠣᠭᠠᠢ ᠵᠠᠯᠭᠠᠭᠰᠠᠨ ᠪᠣᠯᠬᠣᠷ ᠶᠠᠭᠤᠮ᠎ᠠ ᠪᠦᠬᠦᠨ ᠢ᠋ ᠬᠢᠵᠦ ᠰᠤᠷᠬᠤ ᠬᠡᠷᠡᠭᠲᠡᠢ ᠰᠢᠦ!
ᠬᠥᠬᠡ᠄ ᠵᠠ᠂ ᠶᠡᠬᠡ ᠮᠠᠢᠮᠠᠢ ᠬᠢᠭᠡᠳ᠂ᠬᠣᠨᠵᠢᠪᠤᠷᠢ ᠶᠠᠮᠠᠷ ᠪᠣᠯᠪᠠ ?
ᠬᠥᠬᠡᠭᠴᠢᠨ᠄ᠬᠣᠨᠵᠢᠪᠤᠷᠢ ᠠᠯᠠᠭ᠎ᠠ᠂ ᠬᠠᠷᠢᠨ ᠠᠯᠳᠠᠭᠠᠳ ᠬᠠᠮᠤᠭ ᠬᠥᠷᠥᠩᠭᠡ ᠪᠡᠨ ᠪᠠᠷᠠᠴᠢᠬᠠᠯ᠎ᠠ᠃
ᠬᠥᠬᠡ᠄ ᠲᠠ ᠴᠢᠨᠢ ᠬᠡᠴᠡᠭᠦᠦ ᠰᠡᠷᠭᠡᠭ ᠬᠥᠮᠦᠨ ᠪᠠᠢᠲᠠᠯ᠎ᠠ ᠶᠠᠭᠠᠬᠢᠭᠠᠳ ᠠᠯᠳᠠᠴᠢᠬᠠᠪᠠ ᠳᠠ᠂ ᠪᠠᠷᠤᠭ ᠳᠠᠩᠰᠠ ᠪᠠᠨ ᠪᠤᠷᠤᠭᠤ ᠪᠣᠳᠣᠭᠰᠠᠨ ᠪᠠᠢᠯᠭᠦᠢ᠃
ᠬᠥᠬᠡᠭᠴᠢᠨ᠄ ᠪᠢ ᠳᠠᠩᠰᠠ ᠪᠠᠨ ᠣᠭᠲᠣ ᠪᠤᠷᠤᠭᠤ ᠪᠣᠳᠣᠭᠰᠠᠨ ᠦᠭᠡᠢ᠃ ᠬᠠᠷᠢᠨ ᠳᠡᠭᠡᠳᠦ ᠵᠡᠷᠭᠡ ᠶ᠋ᠢᠨ ᠬᠡᠦᠬᠡᠨ ᠳ᠋ᠦ᠍ ᠳᠡᠪᠡᠯ ᠦ᠋ᠨ ᠲᠣᠷᠭ᠎ᠠ᠂ ᠳ᠋ᠧᠩᠰᠸ ᠮᠥᠩᠭᠥ᠂ ᠳᠤᠮᠳᠠ ᠵᠡᠷᠭᠡ ᠶ᠋ᠢᠨ ᠬᠡᠦᠬᠡᠨ ᠳ᠋ᠦ᠍ ᠳᠤᠷᠳᠤᠩ ᠠᠯᠴᠢᠭᠤᠷ᠂ ᠳᠤᠭᠤᠢ ᠶᠧᠪᠢᠩ᠂ ᠠᠳᠠᠭ ᠤ᠋ᠨ ᠬᠡᠦᠬᠡᠨ ᠳ᠋ᠦ᠍ ᠠᠳᠬᠤ ᠰᠢᠬᠢᠷ᠂ ᠠᠮᠠ ᠶᠣᠷᠣᠭ ᠥᠭᠴᠦ ᠪᠠᠢᠭᠠᠳ ᠬᠠᠮᠤᠭ ᠮᠥᠩᠭᠥ ᠪᠡᠨ ᠳᠠᠭᠤᠰᠬᠠᠴᠢᠬᠠᠪᠠ᠃
ᠬᠥᠬᠡ᠄ ᠲᠠ ᠳᠠᠩᠰᠠ ᠠᠯᠳᠠᠭᠰᠠᠨ ᠤᠴᠢᠷ ᠪᠢᠰᠢ᠂ ᠬᠠᠷᠢᠨ ᠰᠠᠬᠢᠯ ᠰᠠᠨᠸᠠᠷ ᠢ᠋ᠶ᠋ᠠᠨ ᠰᠠᠬᠢᠨ ᠬᠢᠴᠢᠶᠡᠭᠰᠡᠨ ᠦᠭᠡᠢ ᠶ᠋ᠢᠨ ᠤᠴᠢᠷ ᠪᠣᠯᠪᠠ᠃ ᠵᠠ ᠲᠡᠭᠡᠭᠡᠳ ᠶᠠᠭᠠᠬᠢᠬᠤᠪ ?
ᠬᠥᠬᠡᠭᠴᠢᠨ᠄ ᠠᠯᠠᠭ᠎ᠠ ᠲᠠᠰᠢᠵᠤ ᠠᠮᠠᠨ ᠬᠥᠭᠡᠰᠦ ᠪᠡᠨ ᠪᠠᠷᠠᠲᠠᠯ᠎ᠠ ᠭᠦᠷᠢᠮᠳᠡᠵᠦ ᠠᠷᠪᠠᠨ ᠵᠣᠭᠣᠰ᠂ ᠬᠣᠩᠬᠣ ᠴᠣᠬᠢᠵᠤ᠂ ᠬᠣᠭᠣᠯᠠᠢ ᠪᠠᠨ ᠰᠥᠭᠡᠲᠡᠯᠡ ᠨᠣᠮ ᠤᠩᠰᠢᠵᠤ᠂ ᠭᠠᠢ ᠴᠢᠳᠬᠥᠷ ᠭᠠᠷᠭᠠᠵᠤ ᠬᠣᠷᠢᠨ ᠵᠣᠭᠣᠰ ᠣᠯᠵᠤ ᠶᠠᠪᠤᠭᠰᠠᠭᠠᠷ ᠬᠠᠷᠢᠵᠤ ᠢᠷᠡᠪᠡ᠃
ᠬᠥᠬᠡ᠄ ᠣᠳᠣ ᠭᠡᠷ ᠲᠡᠭᠡᠨ ᠬᠠᠷᠢᠭᠠᠳ ᠶᠠᠭᠤ ᠬᠢᠪᠡ?
ᠬᠥᠬᠡᠭᠴᠢᠨ᠄ ᠪᠢ ᠭᠡᠷ ᠲᠡᠭᠡᠨ ᠬᠠᠷᠢᠵᠤ ᠢᠷᠡᠭᠡᠳ᠂ ᠥᠪᠡᠷ ᠦ᠋ᠨ ᠠᠪᠤ ᠲᠦᠷᠦᠭᠡᠳᠦᠢ ᠪᠠᠢᠬᠤ ᠳ᠋ᠤ᠌ ᠡᠪᠦᠭᠡ ᠠᠪᠤ ᠶ᠋ᠢᠨ ᠢ᠋ᠶ᠋ᠡᠨ ᠲᠡᠮᠡᠭᠡ ᠶ᠋ᠢ ᠬᠠᠷᠢᠭᠤᠯᠵᠤ ᠶᠠᠪᠤᠯ᠎ᠠ᠃
ᠬᠥᠬᠡ᠄ ᠴᠢᠨᠦ ᠡᠨᠡ ᠦᠭᠡ ᠦᠨᠡᠬᠡᠷ ᠰᠣᠨᠢᠨ ᠵᠢᠭᠲᠡᠢ ᠲᠠ᠃ ᠬᠠᠭᠤᠴᠢᠨ ᠤ᠋ ᠦᠯᠢᠭᠡᠷ ᠲᠦ᠍ ᠪᠡᠴᠢᠨ ᠪᠠᠭᠰᠢ ᠪᠣᠯ ᠬᠠᠳᠠ ᠬᠠᠭᠠᠷᠠᠵᠤ ᠭᠠᠷᠤᠭᠰᠠᠨ ᠭᠡᠳᠡᠭ᠂ ᠴᠢ᠂ ᠬᠠᠷᠢᠨ ᠠᠪᠤ ᠡᠴᠡ ᠪᠠᠨ ᠤᠷᠢᠳ ᠲᠥᠷᠥᠵᠡᠢ᠃ ᠴᠣᠬᠣᠮ ᠠᠪᠤ ᠴᠢᠨᠢ ᠬᠠᠮᠢᠭ᠎ᠠ ᠪᠠᠢᠬᠤ ᠪᠣᠢ?
ᠬᠥᠬᠡᠭᠴᠢᠨ᠄ ᠡᠭᠦᠨ ᠢ᠋ ᠮᠠᠷᠭᠤᠭᠠᠳ ᠪᠠᠢᠬᠤ ᠬᠡᠷᠡᠭ ᠦᠭᠡᠢ᠂ ᠥᠭᠡᠷ᠎ᠡ ᠤᠴᠢᠷ ᠢ᠋ᠶ᠋ᠠᠨ ᠶᠠᠷᠢᠯᠴᠠᠪᠠᠯ ᠳᠡᠭᠡᠷ᠎ᠡ ᠦᠭᠡᠢ ᠦᠦ?
ᠬᠥᠬᠡ᠄ ᠵᠠ ᠲᠡᠭᠡᠪᠡᠯ ᠶᠠᠷᠢ ᠳᠠ᠂
ᠬᠥᠬᠡᠭᠴᠢᠨ᠄ ᠪᠢ ᠬᠥᠳᠡᠭᠡ ᠬᠣᠨᠣᠵᠤ ᠬᠥᠰᠡᠷ ᠳᠡᠷᠡᠯᠡᠵᠦ ᠲᠡᠮᠡᠭᠡ ᠪᠡᠨ ᠬᠠᠷᠢᠭᠤᠯᠵᠤ ᠪᠠᠢᠲᠠᠯ᠎ᠠ ᠬᠠᠷᠢᠨ ᠰᠡᠷᠡᠭᠡ ᠴᠠᠭᠠᠨ ᠬᠠᠢᠮᠠᠯ ᠮᠣᠷᠢ ᠨᠢ ᠰᠢᠯᠢᠷᠡᠭᠡᠳ ᠶᠠᠪᠤᠴᠢᠬᠠᠪᠠ᠃
ᠬᠥᠬᠡ᠄ ᠴᠢᠨᠦ ᠡᠨᠡ ᠦᠭᠡ ᠴᠢᠨᠢ ᠶᠡᠬᠡ ᠢᠨᠢᠶᠡᠳᠦᠮ ᠲᠠᠢ ᠳᠠ᠃ ᠬᠠᠢᠮᠠᠯ ᠢᠩᠭᠡ ᠭᠡᠵᠦ ᠬᠡᠯᠡᠳᠡᠭ ᠡᠴᠡ ᠪᠢᠰᠢ᠂ ᠬᠠᠷᠢᠨ ᠬᠠᠢᠮᠠᠯ ᠮᠣᠷᠢ ᠭᠡᠵᠦ ᠬᠡᠯᠡᠳᠡᠭ ᠢ᠋ ᠪᠢ ᠣᠳᠣ ᠰᠠᠶᠢ ᠰᠣᠨᠣᠰᠤᠯ᠎ᠠ᠃
ᠬᠥᠬᠡᠭᠴᠢᠨ᠄ ᠳᠥᠷᠪᠡᠨ ᠬᠥᠯ ᠲᠡᠢ ᠬᠡᠭᠡᠯ ᠲᠡᠢ ᠶᠤᠮ ᠴᠢᠨᠢ ᠶᠠᠭᠤᠨ ᠤ᠋ ᠮᠣᠷᠢ ᠲᠡᠮᠡᠭᠡ ᠭᠡᠵᠦ ᠨᠠᠷᠢᠨ ᠢᠯᠭᠠᠭᠠᠳ ᠪᠠᠢᠬᠤ ᠪᠣᠢ!
ᠬᠥᠬᠡ᠄ ᠴᠢ ᠭᠡᠭᠴᠢ ᠲᠡᠮᠡᠭᠡ ᠮᠣᠷᠢ ᠶ᠋ᠢ ᠢᠯᠭᠠᠳᠠᠭ ᠦᠭᠡᠢ᠂ ᠮᠠᠯ ᠮᠡᠳᠡᠳᠡᠭ ᠦᠭᠡᠢ ᠮᠠᠨᠴᠤ ᠶ᠋ᠢᠨ ᠲᠣᠯᠣᠭᠠᠢ ᠪᠠᠢᠨ᠎ᠠ ᠳᠠ᠂ ᠵᠠ ᠪᠠᠰᠠ ᠲᠡᠭᠡᠭᠡᠳ?
ᠬᠥᠬᠡᠭᠴᠢᠨ᠄ ᠪᠢ ᠠᠯᠳᠠᠭᠰᠠᠨ ᠲᠡᠮᠡᠭᠡ ᠪᠡᠨ ᠡᠷᠢᠬᠦ ᠪᠡᠷ ᠶᠠᠪᠤᠬᠤ ᠳ᠋ᠠᠭᠠᠨ ᠶᠠᠳᠠᠷᠠᠬᠤ ᠡᠴᠡ ᠠᠶᠤᠨ ᠬᠠᠷ᠎ᠠ ᠪᠠᠢᠰᠢᠩ ᠤ᠋ᠨ ᠢ᠋ᠶ᠋ᠠᠨ ᠬᠠᠲᠠᠪᠴᠢ ᠡᠴᠡ ᠨᠢᠭᠡ ᠵᠢᠷᠣᠭ᠎ᠠ ᠰᠢᠷᠭ᠎ᠠ ᠮᠣᠷᠢ ᠶ᠋ᠢ ᠮᠢᠩᠭᠠᠨ ᠯᠠᠩ ᠮᠥᠩᠭᠥ ᠪᠡᠷ ᠬᠤᠳᠠᠯᠳᠤᠨ ᠠᠪᠴᠤ ᠤᠨᠤᠭᠠᠳ ᠶᠠᠪᠤᠯ᠎ᠠ᠃
ᠬᠥᠬᠡ᠄ ᠰᠠᠢᠨ ᠤᠨᠤᠭ᠎ᠠ ᠲᠠᠢ ᠪᠣᠯᠵᠠᠢ᠃ ᠬᠤᠷᠳᠤᠨ ᠡᠷᠢᠯ ᠳ᠋ᠦ᠍ ᠭᠠᠷᠤᠯ᠎ᠠ ᠪᠢᠵᠡ?
ᠬᠥᠬᠡᠭᠴᠢᠨ᠄ ᠠᠯᠳᠠᠭᠰᠠᠨ ᠲᠡᠮᠡᠭᠡ ᠪᠡᠨ ᠲᠥᠯᠭᠡ ᠦᠵᠡᠳᠡᠭ ᠲᠦᠮᠡᠨ ᠬᠤᠳᠠᠯᠴᠢ᠂ ᠳᠠᠯᠤ ᠰᠢᠨᠵᠢᠳᠡᠭ ᠳᠠᠯᠠᠨ ᠬᠤᠳᠠᠯᠴᠢ᠂ ᠵᠠᠶᠠᠭ᠎ᠠ ᠪᠣᠳᠣᠳᠠᠭ ᠵᠢᠷᠠᠨ ᠬᠤᠳᠠᠯᠴᠢ ᠨᠠᠷ ᠢ᠋ᠶ᠋ᠠᠷ ᠲᠥᠯᠭᠡ ᠦᠵᠡᠭᠦᠯᠪᠡ᠃
ᠬᠥᠬᠡ᠄ ᠣᠯᠠᠨ ᠲᠥᠯᠭᠡᠴᠢ ᠶᠠᠭᠤ ᠭᠡᠵᠦ ᠬᠡᠯᠡᠪᠡ ᠲᠠ?
ᠬᠥᠬᠡᠭᠴᠢᠨ᠄ ᠡᠷᠢᠭᠡᠳ ᠶᠠᠪᠤᠪᠠᠯ ᠣᠯᠬᠤ ᠦᠭᠡᠢ ᠶᠤᠮ ᠪᠠᠢᠨ᠎ᠠ᠂ ᠡᠷᠢᠬᠦ ᠦᠭᠡᠢ ᠪᠣᠯ ᠣᠯᠬᠤ ᠶᠤᠮ ᠪᠠᠢᠨ᠎ᠠ ᠭᠡᠵᠦ ᠬᠡᠯᠡᠪᠡ᠃
ᠬᠥᠬᠡ᠄ ᠲᠡᠭᠡᠪᠡᠯ ᠲᠡᠮᠡᠭᠡ ᠴᠢᠨᠢ ᠥᠪᠡᠷ ᠢ᠋ᠶ᠋ᠡᠨ ᠢᠷᠡᠬᠦ ᠶᠤᠮ ᠪᠠᠢᠯᠭᠦᠢ ᠳᠠ!
ᠬᠥᠬᠡᠭᠴᠢᠨ᠄ ᠪᠢ ᠪᠣᠯ ᠬᠤᠳᠠᠯᠴᠢ ᠬᠥᠮᠦᠨ ᠢ᠋ ᠶᠡᠷᠦ ᠡᠴᠡ ᠢᠳᠡᠭᠳᠡᠭ ᠦᠭᠡᠢ ᠪᠣᠯᠬᠣᠷ ᠲᠡᠮᠡᠭᠡ ᠪᠡᠨ ᠡᠷᠢᠵᠦ᠂ ᠣᠭᠴᠢᠨ ᠪᠠᠢᠪᠠᠯ ᠦᠵᠡᠵᠦ᠂ ᠣᠷᠣᠢ ᠪᠠᠢᠪᠠᠯ ᠭᠠᠷᠴᠤ᠂ ᠰᠢᠯᠢ ᠪᠠᠢᠪᠠᠯ ᠬᠡᠰᠦᠵᠦ᠂ ᠰᠢᠷᠡᠭᠡ ᠲᠡᠮᠡᠭᠡ ᠪᠠᠢᠪᠠᠯ ᠦᠵᠡᠵᠦ ᠶᠠᠪᠤᠲᠠᠯ᠎ᠠ᠂ ᠨᠢᠭᠡ ᠬᠤᠳᠳᠤᠭ ᠲᠠᠭᠠᠷᠠᠯᠳᠤᠭᠠᠳ ᠮᠣᠷᠢ ᠪᠠᠨ ᠤᠰᠤᠯᠠᠬᠤ ᠭᠡᠰᠡᠨ ᠴᠢᠨᠢ ᠤᠳᠬᠤᠭᠤᠷ ᠦᠭᠡᠢ ᠪᠣᠯᠬᠤᠯ᠎ᠠ ᠲᠣᠯᠣᠭᠠᠢ ᠪᠠᠨ ᠠᠪᠴᠤ ᠤᠳᠬᠤᠭᠤᠷ ᠪᠣᠯᠭᠠᠨ ᠮᠣᠷᠢ ᠪᠠᠨ ᠤᠰᠤᠯᠠᠭᠠᠳ ᠶᠠᠪᠤᠬᠤ ᠳ᠋ᠠᠭᠠᠨ ᠲᠣᠯᠣᠭᠠᠢ ᠪᠠᠨ ᠠᠪᠬᠤ ᠪᠠᠨ ᠲᠠᠭ ᠮᠠᠷᠲᠠᠭᠠᠳ ᠶᠠᠪᠤᠵᠤ ᠪᠠᠢᠲᠠᠯ᠎ᠠ᠂ ᠬᠡᠳᠦᠨ ᠬᠥᠮᠦᠨ ᠲᠡᠢ ᠠᠭᠤᠯᠵᠠᠭᠰᠠᠨ ᠳ᠋ᠤ᠌ ᠲᠡᠳᠡ ᠨᠠᠮᠠᠢ ᠶ᠋ᠢ ᠲᠣᠯᠣᠭᠠᠢ ᠦᠭᠡᠢ ᠴᠢᠳᠬᠥᠷ ᠶᠠᠪᠤᠵᠤ ᠪᠠᠢᠨ᠎ᠠ ᠭᠡᠳ ᠨᠠᠮᠠᠶ᠋ᠢ ᠪᠠᠷᠢᠬᠤ ᠪᠠᠷ ᠬᠥᠭᠡᠭᠡᠭᠰᠡᠨ ᠳ᠋ᠦ᠍᠂ ᠪᠢ ᠭᠡᠳᠡᠷᠭᠦ ᠳᠤᠲᠠᠭᠠᠵᠤ ᠬᠤᠳᠳᠤᠭ ᠳᠡᠭᠡᠷ᠎ᠡ ᠪᠡᠨ ᠢᠷᠡᠭᠰᠡᠨ ᠳ᠋ᠦ᠍᠂ᠬᠠᠷᠢᠨ ᠮᠢᠨᠦ ᠲᠣᠯᠣᠭᠠᠢ ᠶ᠋ᠢᠨ ᠨᠠᠷᠠᠨ ᠲᠠᠯ᠎ᠠ ᠶ᠋ᠢ ᠨᠠᠭᠠᠯᠳᠤᠭᠰᠠᠨ ᠨᠢ ᠬᠥᠯᠳᠡᠵᠦ᠂ ᠰᠡᠭᠦᠳᠡᠷ ᠲᠠᠯ᠎ᠠ ᠨᠢ ᠬᠠᠢᠯᠤᠭᠠᠳ ᠢᠯᠵᠢᠷᠡᠵᠦ᠂ ᠨᠠᠮᠠᠶ᠋ᠢ ᠦᠵᠡᠭᠡᠳ ᠮᠠᠭᠰᠢᠨ ᠢᠨᠢᠶᠡᠵᠦ ᠪᠠᠢᠯ᠎ᠠ᠃ ᠪᠢ ᠲᠣᠯᠣᠭᠠᠢ ᠪᠠᠨ ᠠᠪᠴᠤ ᠴᠡᠭᠡᠵᠢᠨ ᠳᠡᠭᠡᠷ᠎ᠡ ᠪᠡᠨ ᠲᠠᠯᠪᠢᠭᠠᠳ ᠴᠢᠨᠠᠭᠰᠢ ᠶᠠᠪᠤᠵᠤ ᠪᠠᠢᠲᠠᠯ᠎ᠠ ᠨᠣᠢᠷ ᠬᠦᠷᠬᠦᠯ᠎ᠡ ᠮᠣᠷᠢᠨ ᠡᠴᠡ ᠪᠠᠨ ᠪᠠᠭᠤᠵᠤ ᠤᠨᠲᠠᠪᠠ᠃ ᠨᠣᠢᠷ ᠤ᠋ᠨ ᠳᠤᠮᠳᠠ ᠬᠠᠷᠢᠨ ᠲᠦᠰ ᠲᠦᠰ ᠭᠡᠰᠡᠨ ᠳᠠᠭᠤᠨ ᠭᠠᠷᠴᠤ᠂ ᠪᠢ ᠨᠣᠢᠷ ᠡᠴᠡ ᠪᠠᠨ ᠰᠡᠷᠡᠪᠡ᠃
ᠬᠥᠬᠡ᠄ ᠲᠦᠰ ᠲᠦᠰ ᠭᠡᠵᠦ ᠶᠠᠭᠤ ᠳᠤᠤᠭᠠᠷᠴᠤ ᠪᠠᠢᠬᠤ ᠪᠣᠢ?
ᠬᠥᠬᠡᠭᠴᠢᠨ᠄ ᠪᠢ ᠪᠣᠰᠤᠭᠠᠳ ᠦᠵᠡᠬᠦᠯ᠎ᠡ ᠬᠠᠷᠢᠨ ᠶᠠᠯᠮᠠᠨ ᠠᠪᠠᠭᠠᠢ ᠰᠡᠭᠦᠯ ᠢ᠋ᠶ᠋ᠡᠷ ᠢ᠋ᠶ᠋ᠡᠨ ᠯᠢᠶᠠᠩᠬᠢ ᠪᠣᠯᠭᠠᠵᠤ ᠴᠢᠬᠢ ᠪᠡᠷ ᠢ᠋ᠶ᠋ᠡᠨ ᠳᠡᠪᠢᠭᠦᠷ ᠪᠣᠯᠭᠠᠵᠤ᠂ ᠰᠥᠯᠢᠭᠡᠷ ᠴᠣᠬᠢᠵᠤ ᠪᠠᠢᠵᠠᠢ᠃ ᠪᠢ ᠶᠠᠯᠮᠠᠨ ᠠᠪᠠᠭᠠᠢ ᠡᠴᠡ ᠲᠡᠮᠡᠭᠡ ᠪᠡᠨ ᠠᠰᠠᠭᠤᠭᠰᠠᠨ ᠳ᠋ᠤ᠌ ᠭᠤᠷᠪᠠᠨ ᠵᠢᠯ ᠦ᠋ᠨ ᠡᠮᠦᠨ᠎ᠡ ᠰᠢᠷᠡᠭᠡ ᠴᠠᠭᠠᠨ ᠲᠡᠮᠡᠭᠡ ᠢᠷᠡᠵᠦ᠂ ᠮᠢᠨᠦ ᠲᠠᠯᠬ᠎ᠠ ᠶ᠋ᠢ ᠴᠠᠳᠲᠠᠯ᠎ᠠ ᠢᠳᠡᠭᠡᠳ ᠦᠨᠡᠬᠡᠷ ᠰᠠᠢᠬᠠᠨ ᠲᠠᠯᠬ᠎ᠠ ᠪᠠᠢᠨ᠎ᠠ ᠳᠠ ᠭᠡᠵᠦ ᠬᠡᠯᠡᠭᠡᠳ ᠶᠠᠪᠤᠭᠰᠠᠨ ᠪᠢᠯᠡ ᠭᠡᠪᠡ᠃ ᠪᠢ ᠰᠤᠷᠠᠭ ᠢ᠋ ᠨᠢ ᠰᠣᠨᠣᠰᠤᠯ᠎ᠠ᠃
ᠬᠥᠬᠡ᠄ ᠰᠤᠷᠠᠭ ᠢ᠋ ᠨᠢ ᠰᠣᠨᠣᠰᠤᠭᠰᠠᠨ ᠪᠣᠯ ᠬᠤᠷᠳᠤᠨ ᠡᠷᠢᠨ᠎ᠡ ᠪᠢᠵᠡ?
ᠬᠥᠬᠡᠭᠴᠢᠨ᠄ᠲᠡᠭᠡᠯᠭᠦᠢ᠂ ᠰᠤᠷᠠᠭ ᠢ᠋ ᠨᠢ ᠰᠣᠨᠣᠰᠤᠭᠰᠠᠨ ᠨᠢ ᠣᠯᠤᠭᠰᠠᠨ ᠲᠠᠢ ᠠᠳᠠᠯᠢ᠂ ᠲᠡᠨᠳᠡ ᠡᠴᠡ ᠴᠢᠨᠠᠭᠰᠢ ᠰᠢᠷᠬᠡ ᠴᠠᠢᠳᠠᠮ ᠢ᠋ ᠵᠦᠰᠦᠵᠦ᠂ ᠬᠥᠲᠥᠯ ᠬᠥᠨᠳᠡᠢ ᠶ᠋ᠢ ᠭᠡᠲᠦᠯᠵᠦ᠂ ᠬᠡᠳᠦᠨ ᠵᠠᠭᠤᠨ ᠤ᠋ ᠭᠠᠵᠠᠷ ᠢ᠋ ᠬᠣᠢᠨ᠎ᠠ ᠪᠠᠨ ᠣᠷᠬᠢᠵᠤ ᠶᠠᠪᠤᠲᠠᠯ᠎ᠠ ᠶᠠᠭ ᠲᠠᠵᠢᠣᠠᠮᠡ ᠶ᠋ᠢᠨ ᠭᠡᠷ ᠲᠦ᠍ ᠬᠦᠷᠦᠯ᠎ᠡ᠃
ᠬᠥᠬᠡ᠄ ᠲᠡᠭᠡᠭᠡᠳ ᠶᠠᠭᠠᠬᠢᠬᠤᠪ?
ᠬᠥᠬᠡᠭᠴᠢᠨ᠄ ᠳᠡᠵᠢᠳᠮᠠ ᠶ᠋ᠢᠨ ᠬᠡᠦᠬᠡᠨ ᠲᠡᠢ ᠪᠦᠲᠦᠨ᠎ᠡ ᠰᠢᠪᠠᠭᠤ ᠰᠢᠭ᠋ ᠬᠡᠷᠡᠯᠳᠦᠵᠦ ᠪᠥᠭᠡᠰᠦ ᠰᠢᠭ ᠴᠢᠬᠢᠯᠳᠦᠵᠦ ᠰᠠᠭᠤᠭᠠᠳ ᠭᠤᠷᠪᠠᠨ ᠵᠢᠯ ᠪᠣᠯᠵᠤ᠂ ᠲᠡᠮᠡᠭᠡ ᠲᠡᠮᠡᠭᠡ ᠪᠡᠷ ᠱᠥᠯᠥ ᠤᠤᠭᠤᠵᠤ᠂ ᠲᠡᠷᠭᠡ ᠲᠡᠷᠭᠡ ᠪᠡᠷ ᠡᠮ ᠤᠤᠭᠤᠵᠤ᠂ ᠲᠡᠮᠪᠦᠦ ᠶᠠᠷ᠎ᠠ ᠭᠠᠷᠴᠤ ᠨᠠᠷᠭᠢᠪᠠ᠃
ᠬᠥᠬᠡ᠄ ᠠᠯᠳᠠᠭᠤᠯ ᠢ᠋ᠶ᠋ᠠᠨ ᠡᠷᠢᠬᠦ ᠪᠡᠨ ᠪᠠᠢᠴᠢᠬᠠᠭᠰᠠᠨ ᠶᠤᠮ ᠤᠤ?
ᠬᠥᠬᠡᠭᠴᠢᠨ᠄ ᠲᠡᠨᠳᠡ ᠡᠴᠡ ᠴᠠᠭᠠᠰᠢ ᠶᠠᠪᠤᠵᠤ ᠱᠠᠭᠳᠠᠷ ᠮᠡᠢᠷᠡᠨ ᠦ᠌ ᠳ᠋ᠦ᠍ ᠬᠦᠷᠬᠦᠯ᠎ᠡ ᠭᠤᠷᠪᠠᠨ ᠵᠢᠯ ᠰᠤᠪᠠᠢᠷᠠᠭᠰᠠᠨ ᠬᠠᠯᠵᠠᠨ ᠬᠠᠷ᠎ᠠ ᠪᠠᠲᠠᠭᠠᠨ᠎ᠠ ᠶ᠋ᠢ ᠠᠯᠠᠵᠤ᠂ ᠨᠠᠳᠠ ᠳᠥᠷᠪᠡᠨ ᠥᠨᠳᠥᠷ ᠬᠠᠪᠢᠰᠤ ᠶ᠋ᠢ ᠨᠢ ᠴᠢᠨᠠᠵᠤ ᠦᠭᠭᠦᠭᠰᠡᠨ ᠳ᠋ᠦ᠍ ᠪᠢ ᠠᠷᠠᠢ ᠴᠢᠷᠠᠢ ᠢᠳᠡᠵᠦ ᠪᠠᠷᠠᠭᠠᠳ ᠴᠢᠨᠠᠭᠰᠢ ᠶᠠᠪᠤᠯ᠎ᠠ᠃ ᠨᠠᠷᠠᠨ ᠣᠷᠣᠢᠲᠠᠬᠤᠯᠠ ᠪᠢ ᠬᠥᠳᠡᠭᠡ ᠤᠨᠲᠠᠵᠤ ᠪᠠᠢᠲᠠᠯ᠎ᠠ ᠨᠣᠢᠷ ᠳᠣᠲᠣᠷ᠎ᠠ ᠬᠡᠷᠡᠭᠦᠯ ᠵᠣᠳᠣᠭᠠᠨ ᠪᠣᠯᠪᠠ᠃ ᠪᠢ ᠰᠡᠷᠡᠭᠡᠳ ᠦᠵᠡᠬᠦᠯ᠎ᠡ ᠬᠠᠷᠢᠨ ᠮᠢᠨᠦ ᠬᠣᠶᠠᠷ ᠭᠤᠲᠤᠯ ᠬᠣᠭᠣᠷᠣᠨᠳᠣ ᠪᠠᠨ ᠴᠢ ᠶᠡᠬᠡ ᠲᠣᠰᠣ ᠢᠳᠡᠯ᠎ᠡ᠂ ᠪᠢ ᠪᠠᠭ᠎ᠠ ᠲᠣᠰᠣ ᠢᠳᠡᠯ᠎ᠡ ᠭᠡᠵᠦ ᠬᠡᠷᠡᠭᠦᠯᠳᠡᠵᠦ ᠪᠠᠢᠵᠠᠢ᠃ ᠪᠢ ᠵᠥᠪ ᠪᠤᠷᠤᠭᠤ ᠭᠡᠰᠡᠨ ᠦᠭᠡᠢ ᠪᠡᠷ ᠬᠣᠶᠠᠷ ᠭᠤᠲᠤᠯ ᠢ᠋ᠶ᠋ᠠᠨ ᠨᠢᠭᠡ ᠨᠢᠭᠡ ᠠᠯᠠᠭᠠᠲᠠᠯᠠ᠂ ᠤᠴᠢᠷ ᠨᠢ ᠤᠷᠢᠲᠠᠢ ᠢᠳᠡᠭᠰᠡᠨ ᠪᠠᠲᠠᠭᠠᠨ᠎ᠠ ᠶ᠋ᠢᠨ ᠬᠠᠪᠢᠰᠤᠨ ᠤ᠋ ᠲᠣᠰᠣ ᠶ᠋ᠢ ᠭᠤᠲᠤᠯ ᠳ᠋ᠠᠭᠠᠨ ᠠᠷᠴᠢᠭᠰᠠᠨ ᠡᠴᠡ ᠬᠡᠷᠡᠭᠦᠯ ᠵᠣᠳᠣᠭᠠᠨ ᠪᠣᠯᠤᠭᠰᠠᠨ ᠪᠠᠢᠵᠠᠢ᠃
ᠬᠥᠬᠡ᠄ ᠲᠡᠭᠡᠭᠡᠳ ᠶᠠᠭᠠᠬᠢᠬᠤᠪ?
ᠬᠥᠬᠡᠭᠴᠢᠨ᠄ ᠲᠡᠨᠳᠡ ᠡᠴᠡ ᠮᠣᠷᠢᠨ ᠳ᠋ᠠᠭᠠᠨ ᠮᠣᠷᠳᠠᠭᠠᠳ ᠶᠠᠪᠤᠲᠠᠯ᠎ᠠ ᠬᠠᠷᠢᠨ ᠮᠢᠨᠦ ᠡᠷᠢᠭᠰᠡᠨ ᠰᠡᠷᠡᠭᠡ ᠴᠠᠭᠠᠨ ᠢᠩᠭᠡ ᠶ᠋ᠢᠨ ᠰᠡᠷᠡᠭᠡ ᠪᠦᠬᠦ ᠨᠢ ᠰᠢᠷᠢ ᠪᠣᠯᠤᠭᠠᠳ ᠰᠠᠢᠷᠠᠨ ᠲᠠᠪᠠᠭ ᠨᠢ ᠢᠯᠭᠢ ᠪᠣᠯᠤᠭᠠᠳ ᠰᠠᠶᠢ ᠪᠣᠲᠣᠭᠣᠯᠠᠵᠤ ᠪᠠᠢᠵᠠᠢ᠃ ᠪᠢ ᠪᠠᠶᠠᠷᠯᠠᠭᠠᠳ ᠡᠬᠡ ᠶ᠋ᠢ ᠨᠢ ᠤᠨᠤᠭᠠᠳ ᠪᠣᠲᠣᠭᠣ ᠶ᠋ᠢ ᠨᠢ ᠳᠡᠭᠦᠷᠡᠭᠡᠳ ᠶᠠᠪᠤᠬᠤ ᠭᠡᠰᠡᠨ ᠴᠢᠨᠢ ᠪᠣᠰᠴᠤ ᠴᠢᠳᠠᠭᠰᠠᠨ ᠦᠭᠡᠢ᠂ ᠬᠠᠷᠢᠨ ᠪᠣᠲᠣᠭᠣ ᠶ᠋ᠢ ᠨᠢ ᠤᠨᠤᠭᠠᠳ ᠡᠬᠡ ᠶ᠋ᠢ ᠨᠢ ᠳᠡᠭᠦᠷᠡᠭᠡᠳ ᠶᠠᠪᠤᠭᠰᠠᠨ ᠴᠢᠨᠢ ᠣᠷᠣᠢ ᠤᠬᠴᠢᠨ ᠦᠭᠡᠢ ᠲᠠᠪᠠᠷᠠᠭᠠᠵᠤ ᠲᠡᠰᠢᠭᠦᠯᠦᠨ ᠶᠠᠪᠤᠭᠠᠳ ᠬᠠᠷᠢᠵᠤ ᠢᠷᠡᠯ᠎ᠡ ᠃
ᠬᠥᠬᠡ᠄ ᠣᠳᠣ ᠲᠡᠮᠡᠭᠡ ᠪᠡᠨ ᠣᠯᠤᠭᠠᠳ ᠬᠠᠷᠢᠵᠤ ᠢᠷᠡᠭᠰᠡᠨ ᠶᠤᠮ ᠴᠢᠨᠢ ᠠᠮᠠᠷᠠᠵᠤ ᠰᠠᠭᠤᠨ᠎ᠠ ᠪᠢᠵᠡ?
ᠬᠥᠬᠡᠭᠴᠢᠨ᠄ ᠶᠠᠭᠤᠨ ᠤ᠋ ᠠᠮᠠᠷᠠᠬᠤ ᠶᠤᠮ ᠪᠠᠢᠬᠤᠪ᠂ ᠬᠠᠷᠢᠨ ᠸᠠᠩᠵᠢᠯ ᠸᠠᠩ ᠵᠠᠬᠢᠶ᠎ᠠ ᠪᠠᠭᠤᠵᠤ᠂ ᠬᠤᠳᠠᠯᠴᠢ ᠨᠠᠮᠠᠶ᠋ᠢ ᠪᠡᠷᠢ ᠭᠡᠳ ᠮᠢᠩᠭᠠᠨ ᠴᠡᠷᠢᠭ ᠭᠠᠷᠭᠠᠵᠤ ᠡᠷᠢᠵᠦ ᠪᠠᠢᠭᠰᠠᠨ ᠲᠠᠢ ᠲᠠᠭᠠᠷᠠᠯᠳᠤᠭᠠᠳ ᠪᠢ ᠪᠠᠷᠢᠭᠳᠠᠪᠠ᠃
ᠬᠥᠬᠡ᠄ ᠬᠠᠷᠠᠯ᠎ᠠ᠂ ᠣᠳᠣ ᠶᠠᠭᠠᠬᠢᠳᠠᠭ ᠪᠢᠯᠡ?
ᠬᠥᠬᠡᠭᠴᠢᠨ᠄ ᠨᠠᠮᠠᠶ᠋ᠢ ᠣᠯᠠᠨ ᠴᠡᠷᠢᠭ ᠪᠦᠰᠡᠯᠡᠨ ᠵᠣᠭᠰᠣᠵᠤ᠂ ᠰᠢᠢᠳᠬᠡᠭᠴᠢ ᠨᠣᠶᠠᠨ ᠰᠢᠷᠡᠭᠡ ᠵᠠᠰᠠᠵᠤ ᠨᠠᠮᠠᠶ᠋ᠢ ᠰᠢᠭᠦᠬᠦ ᠪᠡᠷ ᠪᠡᠯᠡᠳᠬᠡᠯ᠎ᠡ᠃
ᠬᠥᠬᠡ᠄ ᠣᠳᠣ ᠲᠦᠪᠡᠭ ᠲᠡᠢ ᠪᠣᠯᠤᠯ᠎ᠠ᠃ ᠶᠠᠭᠠᠬᠢᠪᠠᠯ ᠰᠠᠢᠨ ᠪᠣᠯ ᠳᠠ?
ᠬᠥᠬᠡᠭᠴᠢᠨ᠄ ᠰᠢᠭᠦᠭᠴᠢ ᠨᠣᠶᠠᠨ ᠳ᠋ᠤ᠌ ᠮᠡᠳᠡᠭᠦᠯᠵᠦ ᠬᠡᠯᠡᠭᠰᠡᠨ ᠪᠣᠯ᠂ ᠵᠠ! ᠮᠢᠨᠦ ᠬᠤᠳᠠᠯ ᠬᠡᠯᠡᠵᠦ ᠣᠯᠠᠨ ᠢ᠋ ᠮᠡᠬᠡᠯᠡᠵᠦ ᠶᠠᠪᠤᠭᠰᠠᠨ ᠪᠣᠯ ᠪᠤᠷᠤᠭᠤ᠂ ᠭᠡᠪᠡᠴᠦ ᠨᠠᠮᠠᠶ᠋ᠢ ᠬᠤᠳᠠᠯ ᠬᠡᠯᠡᠬᠦ ᠡᠴᠡ ᠡᠮᠦᠨ᠎ᠡ᠂ ᠨᠠᠮᠠᠶ᠋ᠢ ᠰᠢᠢᠳᠬᠡᠭᠰᠡᠨ ᠦᠭᠡᠢ ᠪᠣᠯ ᠲᠠᠨ ᠤ᠋ ᠪᠤᠷᠤᠭᠤ᠂ ᠮᠢᠨᠦ ᠡᠨᠡ ᠮᠣᠷᠢ ᠪᠣᠯ ᠲᠤᠤᠬ᠎ᠠ ᠨᠢᠷᠤᠭᠤ ᠶ᠋ᠢ ᠨᠢ ᠪᠢ ᠪᠠᠷᠠᠭᠰᠠᠨ ᠶᠤᠮ᠂ ᠲᠤᠭ ᠰᠡᠭᠦᠯ
ᠦᠰᠦᠭ ᠠᠮᠢᠯᠠᠭᠤᠯᠤᠭᠴᠢ᠄ ᠮᠢᠬᠤᠸᠠᠷ᠂ ᠤᠶᠤᠨᠴᠢᠮᠡᠭ᠂ ᠨᠠ᠊᠂ ᠴᠠᠭᠠᠨ᠂ ᠣᠳᠬᠠᠨᠴᠡᠴᠡᠭ᠂ ᠪᠥᠷᠢᠠᠴᠠᠴᠡᠭ
ᠬᠢᠨᠠᠭᠴᠢ᠄ ᠣᠳᠬᠠᠨᠰᠣ᠎ᠠ᠂ ᠲᠣᠳᠤᠭᠡᠷᠡᠯ ᠂ᠲᠣᠭᠲᠠᠭᠤᠨ
