ᠠᠯᠲᠠᠨ ᠬᠦᠦ- ᠮᠣᠩᠭᠣᠯ ᠠᠷᠠᠳ ᠤᠨ ᠠᠮᠠᠨ ᠦᠯᠢᠭᠡᠷАлтан хүү-Монгол ардын үлгэр
ᠠᠯᠲᠠᠨ ᠬᠦᠦ
ᠮᠣᠩᠭᠣᠯ ᠠᠷᠠᠳ ᠤ᠋ᠨ ᠠᠮᠠᠨ ᠦᠯᠢᠭᠡᠷ
ᠡᠷᠲᠡ ᠤᠷᠢᠳᠤ ᠴᠠᠭ ᠲᠤ᠌ ᠨᠠᠮᠰᠠᠷᠠᠢ ᠪᠠᠶᠠᠨ ᠤ᠋ ᠬᠢ ᠭᠡᠵᠦ ᠂ ᠨᠢᠭᠡ ᠶᠡᠬᠡ ᠪᠠᠶᠠᠨ ᠠᠢᠯ ᠪᠠᠢᠵᠤ ᠭᠡᠨ᠎ᠡ᠃ ᠨᠠᠮᠰᠠᠷᠠᠢ ᠪᠠᠶᠠᠨ ᠮᠢᠩᠭᠠᠨ ᠠᠳᠤᠭᠤ ᠪᠠᠨ ᠬᠤᠷᠢᠶᠠᠭᠠᠳ ᠶᠠᠪᠤᠵᠤ ᠪᠠᠢᠲᠠᠯ᠎ᠠ᠂ ᠮᠣᠷᠢᠨ ᠤ᠋ ᠬᠢᠨᠢ ᠬᠥᠯ ᠳ᠋ᠦ᠍ ᠨᠢᠭᠡ ᠪᠥᠨᠲᠥᠭᠡᠷ ᠴᠠᠭᠠᠨ ᠶᠠᠭᠤᠮ᠎ᠠ ᠣᠷᠣᠴᠢᠬᠤ ᠭᠡᠳ ᠪᠠᠢᠬᠤ ᠪᠠᠷ ᠨᠢ ᠮᠣᠷᠢᠨ ᠤ᠋ ᠪᠠᠨ ᠠᠮᠠ ᠶ᠋ᠢ ᠲᠠᠲᠠᠭᠠᠳ ᠬᠠᠷᠠᠭᠰᠠᠨ ᠴᠢᠨᠢ ᠬᠢᠮᠤᠰᠤᠨ ᠤ᠋ ᠬᠢᠨᠢ ᠴᠢᠨᠡᠭᠡᠨ ᠬᠦᠦ ᠪᠠᠢᠵᠤ ᠭᠡᠨ᠎ᠡ᠃
ᠡᠵᠡᠨ ᠮᠢᠨᠢ ᠠ᠋!ᠲᠠ ᠨᠠᠮ᠎ᠠ ᠶ᠋ᠢ ᠶᠠᠭᠤᠨ ᠳ᠋ᠤ᠌ ᠳᠠᠢᠷᠢᠴᠢ ᠰᠢᠬᠠᠪᠠ ᠳᠠ ᠂ ᠭᠡᠰᠡᠨ ᠳ᠋ᠦ᠍᠂
ᠪᠠᠶᠠᠨ᠄ ᠭᠧᠩ ! ᠮᠠᠭᠤ᠂ ᠦᠭᠡᠢ᠂ ᠪᠢ ᠴᠢᠨᠦ ᠡᠵᠡᠨ! ᠴᠢ ᠮᠢᠨᠦ ᠪᠣᠭᠣᠯ ᠭᠡᠵᠦ ᠤᠤ?ᠡᠨᠡ ᠣᠷᠴᠢᠯᠠᠩ ᠤ᠋ᠨ ᠲᠦᠮᠡᠨ ᠠᠮᠢᠲᠠᠨ ᠠᠮᠢᠳᠤᠷᠠᠬᠤ ᠭᠡᠵᠦ ᠪᠠᠰᠠ ᠶᠠᠩᠵᠤ ᠶᠠᠩᠵᠤ ᠶ᠋ᠢᠨ ᠠᠷᠭ᠎ᠠ ᠬᠡᠷᠡᠭᠯᠡᠳᠡᠭ ᠪᠠᠢᠨ᠎ᠠ ᠰᠢᠦ!
ᠭᠧᠩ ! ᠴᠢ ᠲᠡᠭᠡᠭᠡᠳ ᠨᠠᠳᠠ ᠰᠢᠭ᠋ ᠪᠠᠶᠠᠨ ᠬᠥᠮᠦᠨ ᠦ᠌ ᠪᠣᠭᠣᠯ ᠪᠣᠯᠪᠠᠯ ᠴᠢ ᠵᠢᠷᠭᠠᠬᠤ ᠨᠢ ᠲᠡᠷᠡ ᠳᠠ ᠂ᠭᠡᠬᠦ ᠳ᠋ᠦ᠍᠂
ᠬᠤᠷᠤᠭᠤᠨ ᠴᠢᠨᠡᠭᠡᠨ ᠬᠦᠦ ᠂ᠨᠣᠣᠰᠣᠨ ᠳᠡᠪᠡᠯ ᠢ᠋ᠶ᠋ᠡᠨ ᠲᠠᠢᠯᠵᠤ ᠲᠠᠯᠪᠢᠭᠠᠳ᠂ᠡᠷᠬᠢᠮ ᠲᠠ ᠨᠠᠮ᠎ᠠ ᠶ᠋ᠢ ᠬᠠᠷᠠᠳᠠᠭ ᠦᠭᠡᠢ ᠪᠣᠯᠬᠤ ᠠ᠋ᠴᠠ ᠪᠢᠰᠢ᠂ ᠪᠢ ᠲᠠᠨ ᠤ᠋ ᠲᠤᠯᠭᠠᠨ ᠳ᠋ᠤ᠌ ᠴᠢᠨᠢ ᠪᠠᠢᠳᠠᠭ ᠭᠠᠯ ᠤ᠋ᠨ ᠴᠢᠨᠢ ᠬᠡᠦᠬᠡᠳ ᠰᠢᠦ ᠳᠡ᠂ ᠭᠡᠬᠦ ᠳ᠋ᠦ᠍᠂
ᠣᠤ ᠵᠠ᠂ ᠬᠦᠢ᠂ ᠴᠢ ᠪᠠᠰᠠ ᠭᠠᠯ ᠤ᠋ᠨ ᠪᠤᠷᠬᠠᠨ ᠪᠣᠯᠬᠤ ᠨᠢ ᠶᠣᠣ ᠬᠦᠢ᠂ᠲᠡᠭᠡᠭᠡᠳ ᠴᠢ ᠲᠡᠷᠡ ᠲᠤᠯᠭᠠᠨ ᠤ᠋ ᠬᠠᠮᠢᠭ᠎ᠠ ᠨᠢ ᠪᠠᠢᠳᠠᠭ ᠬᠡᠷᠡᠭ ᠤᠤ?
ᠲᠠ ᠦᠨᠡᠮᠰᠢᠬᠦ ᠦᠭᠡᠢ ᠪᠠᠢᠭ᠎ᠠ ᠶᠤᠮ ᠤᠤ? ᠥᠴᠥᠭᠡᠳᠦᠷ ᠰᠥᠨᠢ ᠬᠣᠨᠢᠨ ᠤ᠋ ᠭᠡᠳᠡᠰᠦ ᠭᠠᠷᠭᠠᠭᠠᠳ ᠨᠤᠭᠤᠯᠤᠭᠤᠷ ᠤ᠋ᠨ ᠦᠵᠦᠭᠦᠷ ᠢ᠋ ᠭᠠᠯ ᠳ᠋ᠤ᠌ ᠡᠷᠭᠦᠬᠦ ᠳ᠋ᠦ᠍᠂ ᠲᠠ᠂ ᠡᠵᠢ ᠶ᠋ᠢ ᠵᠠᠩᠨᠠᠭᠠᠳ᠂ᠬᠠᠢᠷᠠᠨ ᠶᠤᠮ ᠂ ᠬᠠᠢᠷᠠᠨ ᠶᠠᠭᠤᠮ᠎ᠠ ᠶᠤᠮ ᠭᠡᠵᠦ ᠁ᠠᠭᠠᠰᠢᠯᠠᠭᠠᠳ᠂ ᠮᠢᠩᠭᠠᠨ ᠬᠣᠨᠢ ᠲᠠᠢ ᠪᠠᠢᠵᠤ᠂ ᠬᠢᠮᠤᠰᠤᠨ ᠴᠢᠨᠡᠭᠡᠨ ᠨᠤᠭᠤᠯᠤᠭᠤᠷ ᠭᠠᠯ ᠳ᠋ᠠᠭᠠᠨ ᠡᠷᠭᠦᠵᠦ ᠪᠣᠯᠳᠠᠭ ᠦᠭᠡᠢ᠂ ᠶᠠᠭᠠᠬᠢᠭᠰᠠᠨ ᠶᠤᠮ ᠭᠡᠬᠦ ᠪᠡᠷ ᠨᠢ᠂ ᠲᠠ ᠤᠴᠢᠷ ᠦᠭᠡᠢ ᠠᠭᠤᠷᠯᠠᠵᠤ᠂ ᠲᠤᠯᠭ᠎ᠠ ᠲᠠᠢ ᠭᠠᠯ ᠤᠷᠤᠭᠤ ᠪᠠᠨ ᠤᠰᠤ ᠰᠠᠴᠤᠵᠤ ᠤᠨᠲᠠᠷᠠᠭᠠᠭᠰᠠᠨ ᠳᠠ ᠂ ᠭᠡᠬᠦ ᠳ᠋ᠦ᠍᠂
ᠭᠧᠩ ! ᠴᠢ ᠲᠡᠭᠡᠬᠦ ᠳ᠋ᠦ᠍ ᠬᠠᠮᠢᠭ᠎ᠠ ᠪᠠᠢᠵᠤ ᠪᠣᠯᠵᠤ ᠪᠠᠢᠨᠠᠤ᠂
ᠪᠢ ᠲᠤᠯᠭᠠᠨ ᠤ᠋ ᠴᠢᠨᠢ ᠪᠠᠷᠠᠭᠤᠨ ᠲᠠᠯ᠎ᠠ ᠢᠷᠣᠭᠠᠷ ᠲᠤ᠌ ᠡᠵᠡᠨ ᠡᠵᠡᠭᠲᠡᠢ ᠬᠣᠶᠠᠷ ᠠ᠋ᠴᠠ ᠬᠡᠰᠢᠭ ᠭᠣᠷᠢᠳᠠᠭᠠᠳ ᠯᠠ ᠰᠠᠭᠤᠵᠤ ᠪᠠᠢᠭᠰᠠᠨ᠂
ᠵᠠ᠂ ᠬᠦᠢ᠂ ᠴᠢ ᠲᠡᠭᠡᠭᠡᠳ ᠶᠠᠭᠤᠨ ᠳ᠋ᠤ᠌ ᠡᠨᠳᠡ ᠢᠷᠡᠭᠡᠳ ᠪᠠᠢᠭ᠎ᠠ ᠶᠤᠮ᠂
ᠠᠳᠤᠭᠤ ᠶ᠋ᠢ ᠴᠢᠨᠢ ᠬᠠᠷᠠᠵᠤ ᠪᠠᠢᠨ᠎ᠠ ᠪᠠᠢᠬᠤ ᠦᠭᠡᠢ ᠶᠣᠣ᠂
ᠤᠤᠬᠠᠢ᠂ ᠪᠠᠰᠠ ᠮᠢᠨᠦ ᠠᠳᠤᠭᠤ ᠬᠠᠷᠢᠭᠤᠯᠳᠠᠭ ᠪᠠᠢᠬᠤ ᠨᠢ ᠤᠤ? ᠦᠭᠡᠢ᠂ ᠡᠨᠡ ᠣᠷᠴᠢᠯᠠᠩ ᠤ᠋ᠨ ᠠᠮᠢᠲᠠᠳ ᠠᠮᠢᠳᠤᠷᠠᠬᠤ ᠭᠡᠵᠦ ᠪᠠᠰᠠ ᠂ ᠬᠦᠩ ᠶᠡᠬᠡ ᠠᠷᠭ᠎ᠠ ᠬᠡᠷᠡᠭᠯᠡᠬᠦ ᠶᠦᠮ ᠳᠡ᠂
ᠪᠢ ᠡᠵᠡᠨ ᠲᠠᠨ ᠳ᠋ᠤ᠌ ᠦᠷᠭᠦᠯᠵᠢ ᠲᠤᠰᠠ ᠬᠦᠷᠭᠡᠵᠦ ᠪᠠᠢᠳᠠᠭ ᠰᠢᠦ ᠳᠧ᠂
ᠤᠤᠬᠠᠢ᠂ ᠮᠥᠨ᠂ ᠲᠡᠭᠡᠭᠡᠳ ᠴᠠᠭᠠᠰᠢ ᠪᠠᠨ ᠶᠠᠭᠤ ᠬᠡᠯᠡᠮᠡᠷ ᠪᠠᠢᠨ᠎ᠠ᠃
ᠪᠢ ᠲᠤᠯᠭᠠᠨ ᠤ᠋ ᠭᠠᠯ ᠳᠣᠲᠣᠷ᠎ᠠ ᠰᠠᠭᠤᠭᠠᠳ ᠯᠠ ᠡᠵᠡᠨ ᠡᠵᠡᠭᠲᠡᠢ ᠲᠠ ᠬᠣᠶᠠᠷ ᠤ᠋ᠨ ᠬᠣᠭᠣᠯᠠ ᠢᠳᠡᠬᠦ ᠪᠡᠷ ᠨᠢ ᠬᠡᠰᠢᠭ ᠥᠭᠬᠦ ᠪᠠᠢᠬᠤ ᠳᠠ ᠭᠡᠳ ᠬᠠᠷᠠᠭᠠᠳ ᠰᠠᠭᠤᠳᠠᠭ᠂ ᠪᠢ ᠴᠢᠨᠢ ᠨᠢᠭᠡ ᠶᠣᠰᠣᠨ ᠳ᠋ᠠᠭᠠᠨ ᠲᠠᠨ ᠤ᠋ ᠬᠡᠦᠬᠡᠳ ᠰᠢᠦ ᠳᠧ!
ᠦᠭᠡᠢ ᠂ ᠬᠡᠯᠡᠬᠦ ᠦᠭᠡ ᠪᠡᠨ ᠣᠯᠵᠤ ᠬᠡᠯᠡ ᠠ᠋! ᠴᠢ᠂ ᠴᠢ ᠤᠬᠠᠭᠠᠨ ᠳ᠋ᠠᠭᠠᠨ ᠣᠳᠣ᠂ ᠮᠢᠨᠦ ᠬᠦᠦ ᠪᠣᠯᠵᠤ᠂ ᠮᠠᠯ ᠬᠥᠷᠥᠩᠭᠡ ᠶ᠋ᠢ ᠮᠢᠨᠢ ᠡᠵᠡᠮᠰᠢᠵᠦ ᠠᠪᠬᠤ ᠰᠠᠨᠠᠭᠠᠲᠠᠢ ᠶᠣᠣ᠂
ᠮᠠᠯ ᠬᠥᠷᠥᠩᠭᠡ ᠪᠠᠢᠲᠤᠭᠠᠢ ᠲᠠᠨ ᠤ᠋ ᠬᠠᠮᠤᠭ ᠡᠳ᠋ ᠪᠠᠶᠠᠯᠢᠭ ᠢ᠋ ᠴᠢᠨᠢ ᠪᠢ ᠬᠠᠷᠠᠵᠤ ᠬᠠᠮᠠᠭᠠᠯᠠᠵᠤ ᠪᠠᠢᠨ᠎ᠠ ᠰᠢᠲᠠ ᠠ᠋! ᠣᠣ᠂ ᠦᠭᠡᠢ ᠂ ᠲᠡᠢᠮᠦ ᠶ᠋ᠢᠨ ᠪᠣᠯ ᠴᠢ ᠮᠢᠨᠦ ᠬᠡᠦᠬᠡᠳ ᠪᠣᠯᠤᠯ ᠳᠠ!
ᠦᠭᠡᠢ᠂ ᠪᠢ ᠲᠡᠷᠡ ᠲᠡᠢ ᠲᠡᠷᠡ ᠦᠭᠡᠢ ᠲᠠᠨ ᠤ᠋ ᠬᠡᠦᠬᠡᠳ᠂
ᠭᠧᠩ᠂ ᠪᠢᠳᠡ ᠬᠣᠶᠠᠷ ᠲᠡᠭᠡᠪᠡᠯ ᠬᠦᠦ ᠲᠡᠢ ᠶᠠᠭᠤᠮ᠎ᠠ ᠪᠠᠢᠵᠠᠢ᠂
ᠲᠡᠢᠮᠦ ᠠ᠋᠂ ᠪᠢ ᠲᠠᠨ ᠤ᠋ ᠬᠡᠦᠬᠡᠳ ᠰᠢᠲᠠ᠂
ᠬᠦᠢ ᠂ᠲᠡᠭᠡᠪᠡᠯ ᠣᠳᠣ ᠲᠡᠭᠡᠭᠡᠳ ᠭᠡᠷ ᠲᠡᠭᠡᠨ ᠬᠠᠷᠢᠬᠤ ᠦᠭᠡᠢ ᠶᠣᠣ᠂
ᠬᠠᠷᠢᠨ᠎ᠠ ᠂ᠬᠠᠷᠢᠨ᠂ ᠲᠠ ᠨᠠᠳᠠ ᠳ᠋ᠤ᠌ ᠨᠢᠭᠡ ᠨᠣᠮᠣᠬᠠᠨ ᠮᠣᠷᠢ ᠪᠠᠷᠢᠭᠠᠳ ᠥᠭᠬᠦ ᠦᠭᠡᠢ ᠶᠣᠣ᠂
ᠬᠦᠢ᠂ ᠬᠦᠢ ᠂ ᠬᠤᠷᠤᠭᠤᠨ ᠴᠢᠨᠡᠭᠡᠨ ᠪᠠᠢᠵᠤ ᠪᠠᠰᠠ ᠮᠣᠷᠢ ᠤᠨᠤᠨ᠎ᠠ ᠭᠡᠨ᠎ᠡ ᠠ᠋! ᠵᠠ ᠮᠢᠨᠦ ᠬᠣᠢᠭᠤᠷ ᠰᠤᠨᠳᠠᠯᠠᠭᠠᠳ ᠶᠠᠪᠤ!
ᠬᠦᠢ᠂ ᠡᠮᠡᠭᠡᠨ ᠠ᠋! ᠬᠦᠢ ᠴᠢ ᠨᠠᠭᠠᠰᠢ ᠪᠠᠨ ᠭᠠᠷᠤᠭᠠᠳ ᠢᠷ᠎ᠡ ᠬᠦ ᠂ᠭᠡᠵᠦ ᠪᠠᠶᠠᠨ ᠤ᠋ ᠬᠠᠰᠬᠢᠷᠬᠤ ᠳ᠋ᠤ᠌ ᠂
ᠵᠠ᠂ ᠶᠠᠭᠤ ᠪᠣᠯᠪᠠ ᠂ ᠬᠦᠢ᠂ ᠴᠢ ᠡᠨᠡ ᠬᠦᠦ ᠪᠡᠨ ᠬᠠᠷᠠᠬᠤ ᠦᠭᠡᠢ ᠪᠠᠢᠨ᠎ᠠ ᠤᠤ᠂ ᠠᠯᠢ ᠡᠷᠭᠦᠭᠡᠳ ᠪᠠᠭᠤᠯᠭᠠᠴᠢ ᠭᠡᠰᠡᠨ ᠳ᠋ᠦ᠍ ᠂
ᠡᠮᠡᠭᠡᠨ᠂ ᠪᠦᠷ ᠭᠠᠢᠬᠠᠵᠤ᠂ ᠦᠭᠡᠢ᠂ ᠡᠨᠡ ᠴᠢᠨᠢ ᠳᠧ᠂ ᠵᠠ ᠶᠠᠭᠤᠨ ᠤ᠋ ᠬᠦᠦ ᠪᠢᠯᠡ ᠠ᠋᠂
ᠦᠭᠡᠢ᠂ ᠴᠢ ᠨᠠᠭᠠᠳᠤᠬᠢ ᠪᠠᠨ ᠱᠠᠯᠠᠪᠬᠠᠨ ᠬᠠᠷᠢᠯ ᠳᠠ ᠬᠦᠢ᠂
ᠢᠰᠢ ᠂ ᠬᠥᠭᠡᠷᠦᠬᠦᠢ ᠳᠡ᠂ ᠬᠤᠷᠤᠭᠤᠨ ᠴᠢᠨᠡᠭᠡᠨ ᠡᠢᠮᠦ ᠵᠢᠭᠠᠬᠠᠨ ᠠᠮᠢᠲᠠᠨ᠂ ᠭᠧᠩ᠂ ᠬᠣᠷᠸ᠎ᠠ ᠳᠡᠭᠡᠷ᠎ᠡ ᠨᠠᠰᠤ ᠶ᠋ᠢ ᠢᠯᠡᠭᠡᠬᠦ ᠭᠡᠵᠦ ᠪᠠᠢᠬᠤ ᠳ᠋ᠤ᠌ ᠬᠤᠷᠤᠭᠤᠨ ᠴᠢᠨᠡᠭᠡᠨ ᠴᠦ᠍ ᠪᠣᠯᠤᠭᠰᠠᠨ ᠦᠭᠡᠢ᠂ ᠶᠠᠭᠠᠬᠢᠬᠤᠪ ᠳᠠ᠂ ᠠᠯᠢ ᠂ᠨᠠᠰᠢ ᠪᠠᠨ ᠥᠭᠭᠦᠭᠡᠳ ᠣᠷᠭᠢ ᠂ᠭᠡᠰᠡᠨ ᠳ᠋ᠦ᠍ ᠂
ᠵᠠ᠂ ᠮᠠᠢ! ᠬᠦᠦ ᠪᠡᠨ ᠡᠷᠭᠦᠭᠡᠳ ᠠᠪᠤᠭᠠᠷᠠᠢ!
ᠦᠭᠡᠢ᠂ ᠴᠢ ᠶᠠᠮᠠᠷ ᠬᠥᠭᠡᠷᠦᠬᠦᠨ ᠭᠡᠵᠦ ᠰᠠᠨᠠᠨ᠎ᠠ᠂ ᠶᠠᠷᠢᠶ᠎ᠠ ᠬᠥᠬᠡᠷᠡ ᠭᠡᠵᠦ ᠴᠣᠬᠣᠮ ᠶᠠᠩ ᠦᠭᠡᠢ ᠰᠦᠷᠡᠬᠡᠢ ᠳᠡ ᠭᠡᠰᠡᠨ ᠳ᠋ᠦ᠍ ᠂
ᠡᠮᠡᠭᠡᠨ᠄ ᠢᠰᠢ! ᠵᠠᠢᠯᠠᠭᠤᠯ ᠳᠠ᠂ ᠬᠢᠮᠤᠰᠤᠨ ᠴᠢᠨᠡᠭᠡᠨ ᠬᠦᠦ ᠪᠡᠨ ᠪᠤᠷᠬᠠᠨ ᠤ᠋ ᠪᠠᠨ ᠠᠪᠳᠠᠷ᠎ᠠ ᠳᠡᠭᠡᠷ᠎ᠡ ᠮᠥᠩᠭᠥᠨ ᠴᠤᠮᠴᠢᠨ ᠳ᠋ᠤ᠌ ᠬᠢᠭᠡᠳ ᠵᠠᠯᠠᠴᠢᠳᠠᠭ ᠪᠠᠢᠭ᠎ᠠ ᠳᠠ!
ᠭᠧᠩ ᠂ᠦᠭᠡᠢ ᠴᠢ ᠨᠠᠭᠠᠳᠤᠬᠢ ᠪᠠᠨ ᠶᠠᠭᠤ ᠭᠡᠵᠦ ᠪᠣᠳᠣᠨ᠎ᠠ᠂ ᠪᠡᠶ᠎ᠡ ᠨᠢ ᠬᠡᠴᠢᠨᠡᠨ ᠪᠠᠭ᠎ᠠ ᠴᠤ᠌ ᠬᠡᠭᠰᠡᠨ᠂ ᠤᠬᠠᠭᠠᠨ ᠨᠢ ᠬᠡᠴᠢᠨᠡᠨ ᠶᠡᠬᠡ ᠭᠡᠵᠦ ᠪᠣᠳᠣᠨ᠎ᠠ᠂ᠮᠠᠨ ᠤ᠋ ᠮᠠᠯ ᠬᠥᠷᠥᠩᠭᠡ ᠶ᠋ᠢ ᠬᠠᠢᠷᠠᠯᠠᠵᠤ ᠬᠠᠮᠠᠭᠠᠯᠠᠵᠤ ᠪᠠᠢᠳᠠᠭ ᠬᠦᠦ ᠰᠢᠦ ᠳᠡ ᠠ᠋᠂ ᠭᠡᠰᠡᠨ ᠳ᠋ᠦ᠍
ᠡᠮᠡᠭᠡᠨ ᠨᠢ ᠂ ᠢ ᠪᠠᠢ ᠂ ᠬᠥᠭᠡᠷᠦᠬᠦᠢ ᠳᠡ᠂ ᠬᠢᠮᠤᠰᠤᠨ ᠴᠢᠨᠡᠭᠡᠨ ᠠᠮᠢᠲᠠᠨ ᠪᠢᠳᠡ ᠬᠣᠶᠠᠷ ᠲᠤ᠌ ᠲᠤᠰᠠ ᠬᠦᠷᠭᠡᠬᠦ ᠨᠢ ᠴᠢᠨᠢ᠂ᠭᠠᠢᠭᠤᠢ ᠭᠡᠨ᠎ᠡ ᠳᠡ᠂ ᠬᠠᠷᠢᠨ ᠦᠷ᠎ᠡ ᠬᠡᠦᠬᠡᠳ ᠦ᠋ᠨ ᠮᠥᠷᠥᠭᠡᠳᠦᠯ ᠪᠣᠯᠤᠭᠰᠠᠨ ᠪᠢᠳᠡ ᠬᠣᠶᠠᠷ᠂ ᠦᠷ᠎ᠡ ᠲᠡᠢ ᠪᠣᠯᠤᠨ᠎ᠠ ᠭᠡᠳᠡᠭ᠂ᠦᠭᠡᠢ᠂ ᠶᠠᠮᠠᠷ ᠰᠠᠢᠬᠠᠨ ᠪᠠᠢᠨ᠎ᠠ ᠰᠢᠦ᠂ᠬᠦᠦ ᠳ᠋ᠡᠭᠡᠨ ᠠᠷᠵᠢᠭᠠᠷ ᠬᠤᠷᠭᠠᠨ ᠤ᠋ ᠠᠷᠠᠰᠤ ᠪᠠᠷ ᠳᠣᠲᠣᠷᠯᠠᠭᠠᠳ ᠠᠷᠭ᠎ᠠ ᠦᠭᠡᠢ ᠲᠣᠷᠭ᠎ᠠ ᠪᠠᠷ ᠥᠩᠭᠡᠯᠡᠭᠡᠳ ᠠᠶᠠᠲᠠᠢᠬᠠᠨ ᠠᠷᠭ᠎ᠠ ᠦᠭᠡᠢ ᠳᠡᠪᠡᠯ ᠬᠢᠵᠦ ᠥᠭᠬᠦ ᠶᠤᠮᠰᠠᠨ᠂
ᠬᠢᠮᠤᠰᠤᠨ ᠴᠢᠨᠡᠭᠡᠬᠡᠨ ᠶᠠᠭᠤᠮᠠᠨ ᠳ᠋ᠤ᠌ ᠬᠠᠮᠤᠭ ᠡᠳ᠋ ᠶᠠᠭᠤᠮ᠎ᠠ ᠵᠠᠷᠤᠭᠠᠳ ᠴᠢ ᠶᠠᠭᠠᠬᠢᠬᠤᠪ ᠳᠠ ᠂ᠡᠮᠡᠭᠡᠨ ᠠ᠋᠂ ᠡᠨᠡ ᠬᠦᠦ ᠴᠢᠨᠢ ᠲᠤᠯᠭ᠎ᠠ ᠲᠠᠢ ᠭᠠᠯ ᠳ᠋ᠤ᠌ ᠪᠠᠢᠳᠠᠭ ᠭᠡᠰᠡᠨ ᠰᠢᠦ᠂ ᠭᠡᠵᠦ ᠬᠡᠯᠡᠭᠰᠡᠨ ᠳ᠋ᠦ᠍᠂
ᠡᠮᠡᠭᠡᠨ ᠄ ᠵᠠ᠂ ᠲᠡᠷᠡ᠂ ᠲᠡᠢᠮᠦ ᠪᠠᠢᠬ᠎ᠠ᠂ ᠲᠡᠷᠡ᠂ ᠭᠠᠯ ᠳ᠋ᠤ᠌ ᠨᠢᠭᠡ ᠶᠠᠭᠤᠮ᠎ᠠ ᠡᠷᠭᠦᠬᠦ ᠪᠡᠷ ᠨᠢ ᠯᠡ᠂ ᠢᠰᠡᠭᠡᠢ ᠪᠣᠢᠲᠣᠭ ᠲᠠᠢ ᠬᠥᠯ ᠳ᠋ᠦ᠍ ᠣᠷᠣᠵᠤ ᠪᠠᠢᠭ᠎ᠠ ᠵᠢᠭᠠᠬᠠᠨ ᠬᠦᠦ ᠂ᠠᠪᠤᠭᠠᠳ ᠯᠠ ᠡᠮᠬᠦᠴᠢᠬᠡᠬᠦ ᠰᠢᠭ ᠪᠣᠯᠳᠠᠭ ᠶᠤᠮ᠃
ᠠᠯᠢ᠂ ᠬᠦᠢ ᠂᠂ᠨᠠᠭᠠᠰᠢ ᠪᠠᠨ ᠬᠠᠷ᠎ᠠ ᠳᠠ᠂ ᠬᠦᠢ ᠲᠡᠢᠮᠦ ᠠ᠋ ᠂ ᠬᠦᠢ ᠶᠠᠭ ᠮᠥᠨ ᠳᠡ᠂ ᠡᠢᠮᠦ ᠯᠡ ᠬᠡᠦᠬᠡᠳ ᠳᠥᠯᠥ ᠳᠣᠲᠣᠷ᠎ᠠ ᠭᠦᠶᠦᠭᠡᠳ ᠴᠣᠭ ᠳᠡᠭᠡᠷ᠎ᠡ ᠰᠠᠭᠤᠭᠠᠳ ᠪᠠᠢᠵᠤ ᠬᠠᠷᠠᠭᠳᠠᠳᠠᠭ ᠶᠤᠮ᠂ ᠭᠡᠵᠦ ᠡᠮᠡᠭᠡᠨ ᠦ᠌ ᠬᠡᠯᠡᠬᠦ ᠳ᠋ᠦ᠍ ᠂
ᠬᠦᠦ᠄ ᠲᠡᠢᠮᠦ ᠠ᠋ ᠂ᠡᠵᠢ ᠠ᠋ ᠂ᠪᠢ ᠡᠳᠦᠷ ᠪᠣᠯᠭᠠᠨ ᠠᠪᠤ ᠲᠠ ᠬᠣᠶᠠᠭᠤᠯᠠ ᠠ᠋ᠴᠠ ᠬᠡᠰᠢᠭ ᠭᠣᠷᠢᠳᠠᠭᠠᠳ ᠯᠠ ᠪᠦᠷ ᠬᠣᠶᠠᠷ ᠨᠢᠳᠦ ᠨᠢ ᠴᠢᠯᠡᠲᠡᠯ᠎ᠡ ᠬᠠᠷᠠᠭᠠᠳ ᠯᠠ ᠰᠠᠭᠤᠵᠤ ᠪᠠᠢᠳᠠᠭ ᠰᠢᠦ ᠳᠡ᠂ ᠭᠡᠬᠦ ᠳ᠋ᠦ᠍ ᠂
ᠡᠮᠡᠭᠡᠨ᠄ ᠬᠦᠢ ᠡᠪᠦᠭᠡᠨ ᠠ᠋ ᠂ᠴᠢ ᠨᠠᠭᠠᠳᠤᠬᠢ ᠪᠠᠨ ᠬᠡᠯᠡᠵᠦ ᠪᠠᠢᠭ᠎ᠠ ᠶ᠋ᠢ ᠰᠣᠨᠣᠰᠪᠠ ᠤᠤ? ᠨᠠᠮ᠎ᠠ ᠶ᠋ᠢ ᠭᠠᠯ ᠳ᠋ᠠᠭᠠᠨ ᠶᠠᠮᠠᠷ ᠴᠤ᠌ ᠨᠢᠭᠡᠨ ᠶᠠᠭᠤᠮ᠎ᠠ ᠡᠷᠭᠦᠭᠰᠡᠨ ᠳ᠋ᠦ᠍ ᠴᠢ ᠵᠠᠩᠨᠠᠵᠤ ᠠᠭᠠᠰᠢᠯᠠᠭᠠᠳ ᠪᠠᠢᠳᠠᠭ ᠰᠢᠦ ᠳᠡ᠂ ᠦᠭᠡᠢ ᠂ᠪᠢ ᠮᠡᠳᠡᠭᠡᠳ ᠯᠡ ᠡᠷᠭᠦᠵᠦ ᠪᠠᠢᠳᠠᠭ ᠰᠢᠦ ᠶᠦᠮ ᠳᠡ ᠭᠡᠰᠡᠨ ᠳ᠋ᠦ᠍
ᠪᠠᠶᠠᠨ ᠂ ᠢᠰᠢ ᠂ ᠡᠮᠡᠭᠡᠨ ᠮᠢᠨᠢ ᠳᠡ᠂ ᠴᠢ ᠣᠷᠴᠢᠯᠠᠩ ᠤ᠋ᠨ ᠠᠮᠢᠲᠠᠳ ᠢ᠋ ᠳᠠᠭᠤᠷᠢᠶᠠᠵᠤ ᠪᠠᠰᠠ ᠯᠠ ᠨᠠᠳᠠ ᠠ᠋ᠴᠠ ᠭᠠᠭᠴᠠ ᠲᠣᠭᠣᠭᠠᠨ ᠤ᠋ ᠦᠷᠦᠮ ᠴᠦ᠍ ᠪᠣᠯᠤᠭᠰᠠᠨ ᠬᠠᠭᠤᠷᠴᠤ ᠠᠪᠴᠤ ᠢᠳᠡᠮᠡᠷ ᠪᠠᠢᠨ᠎ᠠ ᠤᠤ? ᠠ ᠂ᠡᠳᠦᠢ ᠪᠣᠯᠲᠠᠯ᠎ᠠ ᠨᠢᠭᠡ ᠳᠣᠣᠷ᠎ᠠ ᠨᠢᠭᠡ ᠨᠠᠰᠤ ᠪᠠᠨ ᠪᠠᠷᠠᠵᠤ ᠪᠠᠢᠭᠠᠳ ᠴᠢ ᠯᠡ ᠢᠩᠭᠢᠵᠦ ᠪᠠᠢᠬᠤ ᠳ᠋ᠤ᠌ ᠠᠢ ᠳᠠ᠂ ᠪᠤᠰᠤᠳ ᠬᠥᠮᠦᠨ ᠴᠦ᠍ ᠠᠷᠭ᠎ᠠ ᠦᠭᠡᠢ ᠶᠦ᠍ᠮ ᠳᠡ᠂ ᠥᠭᠡᠳᠡ ᠦᠭᠡᠢ ᠵᠠᠯᠢᠲᠤ ᠬᠥᠮᠦᠨ ᠢ᠋ ᠰᠠᠨᠠᠭ᠎ᠠ ᠶᠣᠣ ᠭᠡᠵᠦ ᠬᠡᠯᠡᠬᠦ ᠳ᠋ᠦ᠍ᠨᠢ ᠂
ᠡᠮᠡᠭᠡᠨ ᠂ ᠥᠪᠡᠷ ᠦ᠋ᠨ ᠲᠣᠯᠣᠭᠠᠢ ᠳᠡᠭᠡᠷ᠎ᠡ ᠪᠠᠢᠭ᠎ᠠ ᠪᠠᠲᠠᠭᠠᠨ᠎ᠠ ᠶ᠋ᠢ ᠬᠠᠷᠠᠬᠤ ᠦᠭᠡᠢ ᠮᠥᠷᠲᠡᠭᠡᠨ ᠪᠠᠰᠠ ᠪᠤᠰᠤᠳ ᠤ᠋ᠨ ᠲᠣᠯᠣᠭᠠᠢ ᠳᠡᠭᠡᠷᠡᠬᠢ ᠰᠢᠯᠵᠢ ᠢ᠋ ᠬᠠᠷᠠᠨ᠎ᠠ ᠭᠡᠭᠴᠢ ᠪᠡᠷ ᠂ᠬᠠᠷᠢᠨ ᠴᠢ ᠯᠡ ᠭᠡᠵᠦ ᠂ᠪᠢᠷᠢᠳ ᠲᠦ᠍ ᠳᠠᠯᠠᠢ ᠶ᠋ᠢ ᠬᠠᠷᠠᠮᠯᠠᠨ᠎ᠠ ᠭᠡᠭᠴᠢ ᠪᠡᠷ ᠂ᠪᠠᠶᠠᠨ ᠲᠠᠩᠰᠤᠭ ᠮᠠᠯ ᠬᠥᠷᠥᠩᠭᠡ ᠪᠡᠨ ᠬᠥᠮᠦᠨ ᠳ᠋ᠦ᠍ ᠪᠠᠢᠲᠤᠭᠠᠢ ᠥᠪᠡᠷ ᠡᠴᠡ ᠪᠡᠨ ᠬᠠᠷᠠᠮᠨᠠᠵᠤ ᠡᠳᠦᠢ ᠪᠣᠯᠤᠯ᠎ᠠ ᠰᠢᠦ ᠳᠡ ᠬᠦᠢ ᠂ ᠭᠡᠰᠡᠨ ᠳ᠋ᠦ᠍᠂
ᠡᠪᠦᠭᠡᠨ᠂ ᠡᠮᠡᠭᠡᠨ ᠠ᠋᠂ ᠴᠢ ᠶᠠᠭᠤᠨ ᠳ᠋ᠠᠭᠠᠨ ᠢᠩᠭᠢᠵᠦ ᠳᠡᠮᠡᠢ ᠳᠣᠩᠭᠣᠰᠴᠤ ᠪᠠᠢᠳᠠᠭ ᠶᠤᠮ᠃ ᠨᠠᠳᠠ ᠳ᠋ᠤ᠌ ᠮᠠᠯ ᠬᠥᠷᠥᠩᠭᠡ ᠪᠠᠢᠭ᠎ᠠ ᠨᠢ ᠦᠨᠡᠨ᠂ ᠲᠡᠭᠡᠯ᠎ᠡ ᠴᠦ᠍ ᠭᠡᠰᠡᠨ ᠠᠯᠲᠠ ᠮᠥᠩᠭᠥ ᠪᠠᠢᠬᠤ ᠦᠭᠡᠢ ᠰᠢᠦ ᠳᠡ᠂ ᠣᠳᠣ ᠨᠠᠳᠠ ᠳ᠋ᠤ᠌ ᠠᠯᠲᠠ ᠮᠥᠩᠭᠥ ᠯᠡ ᠬᠡᠷᠡᠭᠲᠡᠢ ᠪᠠᠢᠨ᠎ᠠ ᠳᠠ ᠭᠡᠰᠡᠨ ᠳ᠋ᠦ᠍᠂
ᠬᠦᠦ ᠨᠢ ᠂ᠠᠪᠤ ᠠ᠋᠂ ᠲᠠ ᠬᠡᠴᠢᠨᠡᠨ ᠯᠡ ᠠᠯᠲᠠ ᠮᠥᠩᠭᠥ ᠬᠡᠷᠡᠭᠲᠡᠢ ᠪᠣᠯᠪᠠᠯ ᠨᠠᠳᠠ ᠳ᠋ᠤ᠌ ᠬᠡᠯᠡᠭᠡᠷᠡᠢ᠂ ᠪᠢ ᠲᠠᠨ ᠳ᠋ᠤ᠌ ᠠᠯᠲᠠ ᠮᠥᠩᠭᠥ ᠥᠭᠭᠦᠭᠡᠳ ᠪᠠᠢᠨ᠎ᠠ ᠰᠢᠦ᠃
ᠶᠠᠭᠤ ᠭᠡᠨ᠎ᠡ ᠂ ᠮᠢᠨᠦ ᠬᠦᠦ ᠂ ᠶᠠᠭᠤ ᠭᠡᠨ᠎ᠡ? ᠬᠢᠮᠤᠰᠤᠨ ᠴᠢᠨᠡᠭᠡᠬᠡᠨ ᠬᠠᠢᠷᠠᠲᠤ ᠬᠣᠩᠬᠣᠷ ᠦᠷ᠎ᠡ ᠮᠢᠨᠢ ᠂ᠴᠢ ᠠᠯᠲᠠ ᠮᠥᠩᠭᠥ ᠣᠯᠵᠤ ᠥᠭᠴᠦ ᠴᠢᠳᠠᠬᠤ ᠦᠭᠡᠢ ᠭᠡᠰᠡᠨ ᠴᠦ᠍ ᠢᠩᠭᠢᠵᠦ ᠬᠡᠯᠡᠬᠦ ᠪᠡᠷ ᠮᠢᠨᠦ ᠰᠡᠳᠬᠢᠯ ᠪᠡᠶᠡᠰᠴᠦ ᠳᠣᠲᠣᠷ᠎ᠠ ᠮᠢᠨᠢ ᠣᠩᠭᠣᠢᠭᠠᠳ ᠨᠢᠳᠦᠨ ᠳ᠋ᠦ᠍ ᠮᠢᠨᠢ ᠠᠯᠲᠠ ᠮᠥᠩᠭᠥ ᠦᠵᠡᠭᠳᠡᠭᠡᠳ ᠪᠠᠢᠬᠤ ᠶᠤᠮ᠃ᠣᠳᠣ ᠶᠠᠭᠠᠬᠢᠳᠠᠭ ᠪᠢᠯᠡ᠂ ᠦᠭᠡᠢ ᠲᠡᠷᠡ᠂ ᠲᠡᠷᠡ᠂ ᠠᠪᠳᠠᠷ᠎ᠠ ᠳᠦᠭᠦᠷᠡᠩ ᠠᠯᠲᠠ ᠂ᠰᠢᠷᠭᠠᠯᠳᠠᠭᠠᠳ᠂ᠨᠢᠳᠦ ᠬᠠᠯᠲᠤᠷᠢᠭᠠᠳ ᠬᠠᠷᠠᠵᠤ ᠪᠣᠯᠬᠤ ᠰᠢᠭ᠋᠃
ᠲᠠ ᠪᠡᠲᠡᠭᠢ ᠰᠠᠨᠳᠠᠷᠠ ᠠ᠋᠂ ᠲᠠ ᠬᠡᠵᠢᠶ᠎ᠡ ᠠᠯᠲᠠ ᠮᠥᠩᠭᠥ ᠲᠡᠢ ᠪᠣᠯᠬᠤ ᠭᠡᠰᠡᠨ ᠴᠠᠭ ᠲᠤᠨᠢ ᠪᠢ ᠣᠯᠤᠭᠠᠳ ᠯᠠ ᠥᠭᠴᠦ ᠪᠠᠢᠶ᠎ᠠ᠃
ᠬᠡᠵᠢᠶ᠎ᠡ ᠭᠡᠨ᠎ᠡ ᠰᠢᠦ᠂ ᠦᠭᠡᠢ ᠣᠳᠣ᠂ ᠣᠳᠣ ᠯᠠ ᠪᠠᠢᠬᠤ ᠦᠭᠡᠢ ᠶᠣᠣ ᠳᠠ? ᠪᠦᠷ ᠣᠳᠣ᠂ ᠦᠭᠡᠢ ᠢᠩᠭᠢᠬᠦ ᠳ᠋ᠦ᠍ ᠴᠢᠨᠢ ᠣᠳᠣ ᠂ᠴᠢ ᠶᠠᠭᠠᠬᠢᠵᠤ ᠠᠯᠲᠠ ᠮᠥᠩᠭᠥ ᠲᠡᠢ ᠪᠣᠯᠭᠠᠵᠤ ᠴᠢᠳᠠᠬᠤ ᠪᠣᠢ?ᠦᠭᠡᠢ ᠮᠢᠨᠦ ᠬᠦᠦ᠂ ᠲᠦᠷᠭᠡᠬᠡᠨ ᠰᠢᠭ ᠬᠡᠯᠡᠭᠡᠳ ᠥᠭᠭᠦᠭᠡᠴᠢ᠂ ᠮᠢᠨᠦ ᠬᠦᠦ ᠂ᠭᠡᠵᠦ ᠪᠠᠶᠠᠨ ᠢ᠋ ᠰᠠᠨᠳᠤᠷᠤᠭᠰᠠᠨ ᠳ᠋ᠤ᠌ ᠂
ᠬᠡᠯᠡᠭᠡᠳ ᠪᠠᠢᠬᠤ ᠶᠠᠭᠤᠮ᠎ᠠ ᠪᠠᠢᠬᠤ ᠦᠭᠡᠢ ᠭᠡᠵᠦ ᠬᠦᠦ ᠨᠢ ᠬᠡᠯᠡᠯ᠎ᠡ᠃
ᠲᠡᠭᠡᠬᠦ ᠳ᠋ᠦ᠍ ᠪᠠᠶᠠᠨ ᠪᠦᠷ ᠲᠡᠰᠴᠦ ᠶᠠᠳᠠᠭᠠᠳ ᠂ᠦᠭᠡᠢ ᠲᠡᠭᠡᠭᠡᠳ ᠴᠢ ᠴᠣᠬᠣᠮ ᠶᠠᠭᠠᠬᠢᠵᠤ᠂ ᠬᠠᠮᠢᠭ᠎ᠠ ᠠ᠋ᠴᠠ ᠂ᠬᠡᠳᠦᠢ ᠳ᠋ᠡᠭᠡᠨ ᠠᠯᠲᠠ ᠮᠥᠩᠭᠥ ᠣᠯᠵᠤ ᠠᠪᠴᠢᠷᠠᠬᠤ ᠶᠤᠮ ᠪᠣᠢ? ᠪᠤᠰᠢᠭᠤᠬᠠᠨ ᠬᠡᠯᠡᠭᠡᠴᠢ ᠳᠡ ᠂ᠮᠢᠨᠦ ᠬᠦᠦ ᠂ᠪᠢ ᠭᠤᠶᠤᠶ᠎ᠠ ᠴᠢᠮᠠᠢ ᠡᠴᠡ ᠪᠡᠨ ᠭᠡᠵᠦ ᠬᠡᠯᠡᠭᠰᠡᠨ ᠳ᠋ᠦ᠍
ᠬᠦᠦ ᠨᠢ ᠂ᠠᠪᠤ ᠲᠠ ᠡᠭᠦᠨ ᠢ᠋ ᠠᠯᠲᠠ ᠭᠡᠬᠦ ᠪᠡᠷ ᠴᠢᠨᠢ᠂ ᠪᠢ ᠠᠯᠲᠠ ᠪᠣᠯᠭᠠᠭᠠᠳ ᠯᠠ ᠥᠭᠭᠦᠶ᠎ᠡ ᠭᠡᠬᠦ ᠳ᠋ᠦ᠍ ᠂
ᠠ ᠂ᠲᠡᠢᠮᠦ ᠪᠣᠢ᠂ ᠦᠭᠡᠢ ᠂ᠲᠡᠭᠡᠪᠡᠯ ᠴᠢ ᠡᠨᠡ ᠵᠤᠯᠠ ᠶ᠋ᠢᠨ ᠴᠥᠭᠥᠴᠡ ᠶ᠋ᠢ ᠠᠯᠲᠠ ᠪᠣᠯᠭᠠᠭᠠᠳ ᠣᠯᠭᠣᠬᠤ ᠦᠭᠡᠢ ᠶᠣᠣ ᠠ᠋ ᠭᠡᠵᠦ ᠬᠡᠯᠡᠭᠰᠡᠨ ᠳ᠋ᠦ᠍
ᠬᠦᠦ ᠂ ᠮᠢᠨᠦ ᠭᠠᠷ ᠯᠠ ᠭᠥᠷᠥᠪᠡᠯ ᠠᠯᠲᠠ ᠪᠣᠯᠤᠨ᠎ᠠ ᠭᠡᠵᠡᠢ᠃
ᠲᠡᠭᠡᠭᠰᠡᠨ ᠳ᠋ᠦ᠍ ᠪᠠᠶᠠᠨ ᠤᠴᠢᠷ ᠦᠭᠡᠢ ᠶᠡᠬᠡ ᠪᠠᠶᠠᠷᠯᠠᠵᠤ᠂ ᠵᠠ ᠪᠢ ᠬᠠᠷᠠᠵᠤ ᠪᠠᠢᠶ᠎ᠠ ᠮᠢᠨᠦ ᠬᠦᠦ᠂ ᠣᠳᠣ ᠴᠢ ᠭᠠᠷ ᠢ᠋ᠶ᠋ᠠᠨ ᠬᠦᠷᠭᠡᠭᠡᠳ ᠲᠣᠰᠤᠭᠠᠴᠢ ᠭᠡᠬᠦ ᠳ᠋ᠦ᠍ ᠂
ᠬᠦᠦ ᠠᠪᠤ ᠠ᠋ ᠂ᠲᠠ ᠣᠳᠣ ᠬᠠᠷ᠎ᠠ ᠳᠠ᠂ ᠡᠨᠡ ᠠᠯᠲᠠ ᠪᠣᠯᠤᠭᠰᠠᠨ ᠪᠠᠢᠭ᠎ᠠ ᠪᠢᠵᠡ ᠭᠡᠯᠡ᠃
ᠪᠠᠶᠠᠨ ᠡᠮᠡᠭᠡᠨ ᠢ᠋ᠶ᠋ᠡᠨ ᠳᠠᠭᠤᠳᠠᠵᠤ ᠂ᠦᠭᠡᠢ᠂ ᠬᠦᠢ ᠂ᠡᠮᠡᠭᠡᠨ ᠠ᠋᠂ ᠡᠮᠡᠭᠡᠨ ᠠ᠋ ᠂ᠦᠭᠡᠢ ᠂ᠴᠢ ᠡᠭᠦᠨ ᠢ᠋ ᠬᠠᠷᠠᠵᠤ ᠪᠠᠢᠨ᠎ᠠ ᠤᠤ? ᠨᠢᠭᠡ ᠠᠯᠲᠠᠨ ᠴᠥᠭᠥᠴᠡ ᠲᠡᠢ ᠪᠣᠯᠤᠯ᠎ᠠ᠂ ᠭᠡᠬᠦ ᠳ᠋ᠦ᠍ ᠂
ᠡᠮᠡᠭᠡᠨ ᠂ ᠢᠰᠢ ᠡᠪᠦᠭᠡᠨ ᠮᠢᠨᠢ ᠳᠡ ᠠ᠋ ᠂ᠣᠳᠣ ᠪᠣᠯᠤᠯ᠎ᠠ ᠳᠠ᠂ ᠪᠣᠯᠤᠯ᠎ᠠ᠃ ᠠᠯᠲᠠ ᠴᠢᠨᠢ ᠬᠣᠪᠣᠷ ᠡᠷᠳᠡᠨᠢ ᠭᠡᠳᠡᠭ ᠶᠠᠭᠤᠮ᠎ᠠ ᠰᠢᠦ ᠂ ᠢᠯᠡᠭᠦᠦ ᠬᠡᠷᠡᠭ ᠦᠭᠡᠢ ᠭᠡᠵᠡᠢ᠃
ᠪᠠᠶᠠᠨ᠂ ᠮᠢᠨᠦ ᠬᠦᠦ ᠦᠭᠡᠢ ᠴᠢ ᠰᠣᠨᠣᠰᠪᠠ ᠤᠤ᠂ ᠡᠨᠡ ᠡᠮᠡᠭᠡᠨ ᠦ᠌ ᠶᠠᠷᠢᠵᠤ ᠪᠠᠢᠭ᠎ᠠ ᠶ᠋ᠢ ᠰᠣᠨᠣᠰᠪᠠ ᠤᠤ? ᠠᠯᠲᠠ ᠬᠡᠷᠡᠭ ᠦᠭᠡᠢ ᠭᠡᠨ᠎ᠡ ᠰᠢᠦ᠂ ᠡᠢᠮᠦ ᠯᠡ ᠲᠡᠨᠡᠭ ᠠᠮᠢᠲᠠᠨ ᠳᠠ ᠡᠨᠡ᠂ ᠬᠥᠮᠦᠨ ᠳ᠋ᠦ᠍ ᠪᠠᠰᠠ ᠠᠯᠲᠠ ᠢᠯᠡᠭᠦᠳᠡᠬᠦ ᠭᠡᠵᠦ᠂ ᠪᠠᠢᠳᠠᠭ ᠭᠡᠵᠦ ᠬᠡᠵᠢᠶ᠎ᠡ ᠵᠡᠭᠦᠳᠦᠯᠡᠳᠡᠭ ᠶᠦᠮ ᠪᠣᠯᠤᠭ᠎ᠠ᠃ ᠮᠢᠨᠦ ᠬᠦᠦ᠂ ᠮᠢᠨᠦ ᠬᠦᠦ᠂ ᠠᠪᠤ ᠶ᠋ᠢᠨ ᠢ᠋ᠶ᠋ᠡᠨ ᠡᠨᠡ ᠬᠠᠷ᠎ᠠ ᠮᠣᠳᠣᠨ ᠠᠶᠠᠭ᠎ᠠ ᠶ᠋ᠢ ᠴᠣᠯᠠ ᠮᠥᠩᠭᠥ ᠪᠣᠯᠭᠠᠨ ᠥᠭᠬᠦ ᠦᠭᠡᠢ ᠶᠣᠣ᠂ ᠭᠡᠬᠦ ᠳ᠋ᠦ᠍ᠨᠢ᠂
ᠬᠦᠦ ᠂ᠵᠠ ᠲᠡᠭᠡᠶ᠎ᠡ ᠂ᠠᠪᠤ ᠠ᠋᠂ ᠪᠢ ᠭᠠᠷ ᠢ᠋ᠶ᠋ᠠᠨ ᠬᠦᠷᠭᠡᠴᠢᠬᠡᠶᠡ ᠭᠡᠯᠡ᠃
ᠦᠭᠡᠢ ᠂ ᠡᠭᠦᠨ ᠢ᠋ ᠬᠠᠷ᠎ᠠ᠂ ᠦᠨᠡᠬᠡᠷ ᠴᠠᠯᠠᠩ ᠴᠠᠭᠠᠨ ᠮᠥᠩᠭᠥ ᠪᠣᠯᠴᠢᠬᠠᠯ᠎ᠠ ᠰᠢᠦ᠃
ᠥᠰᠢ᠂ ᠡᠮᠡᠭᠡᠨ ᠠ᠋᠂ ᠦᠭᠡᠢ ᠴᠢ ᠡᠭᠦᠨ ᠢ᠋ ᠬᠠᠷᠠᠭᠠᠴᠢ ᠭᠡᠮᠡᠨ ᠂ᠨᠢᠭᠡ ᠮᠥᠩᠭᠥᠨ ᠠᠶᠠᠭ᠎ᠠ ᠲᠠᠢ ᠪᠣᠯᠤᠯ᠎ᠠ ᠭᠡᠬᠦ ᠳ᠋ᠦ᠍ ᠂
ᠡᠮᠡᠭᠡᠨ ᠨᠢ ᠂ ᠢᠰᠢ ᠂ᠡᠪᠦᠭᠡᠨ ᠮᠢᠨᠢ ᠳᠡ ᠂ᠣᠳᠣ ᠪᠣᠯᠵᠤ ᠦᠵᠡ ᠂᠂ ᠪᠣᠯᠵᠤ ᠦᠵᠡ᠂ ᠮᠠᠯ ᠬᠥᠷᠥᠩᠭᠡ ᠪᠡᠨ ᠡᠳ᠋ᠯᠡᠵᠦ ᠪᠠᠷᠠᠬᠤ ᠦᠭᠡᠢ ᠮᠥᠷᠲᠡᠭᠡᠨ᠂ ᠦᠭᠡᠢ ᠪᠠᠰᠠ ᠠᠯᠲᠠ ᠮᠥᠩᠭᠥ ᠠᠪᠳᠠᠷᠠᠯᠠᠬᠤ ᠭᠡᠵᠦ ᠪᠠᠢᠬᠤ ᠨᠢ᠂ ᠬᠡᠷᠡᠭ ᠦᠭᠡᠢ ᠰᠢᠦ ᠳᠡ᠂ ᠡᠳ᠋ ᠮᠥᠩᠭᠥ ᠭᠡᠳᠡᠭ ᠴᠢᠨᠢ ᠬᠣᠪᠣᠷ ᠴᠤᠬᠠᠭ ᠡᠷᠳᠡᠨᠢ ᠰᠢᠦ ᠭᠡᠳᠡᠭ ᠰᠢᠦ ᠳᠡ᠂ ᠡᠪᠦᠭᠡᠨ ᠮᠢᠨᠢ ᠣᠳᠣ ᠪᠣᠯᠵᠤ ᠦᠵᠡ ᠭᠡᠰᠡᠨ ᠳ᠋ᠦ᠍᠂
ᠪᠠᠶᠠᠨ᠂ ᠦᠭᠡᠢ ᠮᠢᠨᠦ ᠬᠦᠦ ᠡᠨᠡ ᠡᠮᠡᠭᠡᠨ ᠦ᠌ ᠬᠡᠯᠡᠵᠦ ᠪᠠᠢᠭ᠎ᠠ ᠶ᠋ᠢ ᠰᠣᠨᠣᠰᠪᠠ ᠤᠤ? ᠡᠢᠮᠦ ᠲᠡᠨᠡᠭ ᠬᠥᠮᠦᠨ ᠢ᠋ ᠴᠢ ᠶᠠᠭᠠᠬᠢᠬᠤ ᠪᠣᠢ᠂ ᠪᠠᠢᠵᠠ᠂ ᠪᠦᠬᠦ ᠠᠶᠠᠭ᠎ᠠ ᠪᠠᠨ᠂ ᠠᠯᠲᠠ ᠮᠥᠩᠭᠥ ᠪᠣᠯᠭᠠᠭᠠᠳ ᠠᠪᠤᠪᠠᠯ ᠠᠰᠢᠳᠠ ᠪᠠᠢᠬᠤ ᠤᠤ ᠂ᠵᠠ ᠠᠯᠢ᠂ ᠬᠦᠦ ᠮᠢᠨᠢ ᠭᠡᠷ ᠦ᠋ᠨ ᠢ᠋ᠶ᠋ᠡᠨ ᠳᠣᠲᠣᠷ᠎ᠠ ᠪᠠᠢᠭ᠎ᠠ ᠡᠨᠡ ᠂ ᠠᠶᠠᠭ᠎ᠠ ᠰᠢᠨᠠᠭ᠎ᠠ᠂ ᠬᠠᠪᠯᠠᠭᠠ᠂ ᠠᠯᠢ ᠂ᠬᠢᠲᠤᠭ᠎ᠠ᠂ ᠡᠨᠡ ᠂ᠲᠣᠭᠣᠭ᠎ᠠ ᠲᠤᠯᠭ᠎ᠠ ᠪᠠᠨ ᠴᠣᠭ ᠢ᠋ ᠨᠢ ᠪᠦᠷ ᠠᠯᠲᠠ ᠮᠥᠩᠭᠥ ᠪᠣᠯᠭᠠᠨ ᠪᠠᠢᠭᠠᠷᠠᠢ ᠭᠡᠬᠦ ᠳ᠋ᠦ᠍
ᠬᠦᠦ ᠨᠢ ᠂ᠪᠣᠯᠤᠨ᠎ᠠ᠂ ᠠᠪᠤ ᠠ᠋᠂ ᠪᠣᠯᠤᠯ ᠦᠭᠡᠢ ᠶᠠᠭᠠᠬᠢᠬᠤᠪ᠂ ᠲᠠ ᠂ᠬᠠᠷᠢᠨ ᠵᠢᠭᠠᠬᠠᠨ ᠶᠠᠭᠠᠷᠠᠭᠠᠳ ᠪᠠᠢᠬᠤ ᠶᠤᠮ ᠠ᠋᠃ ᠨᠠᠮ᠎ᠠ ᠶ᠋ᠢ ᠪᠠᠢᠵᠤ ᠪᠠᠢᠬᠤ ᠳ᠋ᠤ᠌ ᠲᠠ ᠰᠠᠨᠠᠭᠰᠠᠨ ᠶᠠᠭᠤᠮ᠎ᠠ ᠪᠣᠯᠭᠠᠨ ᠢ᠋ᠶ᠋ᠠᠨ ᠠᠯᠲᠠ ᠪᠣᠯᠭᠠᠵᠤ ᠴᠢᠳᠠᠨ᠎ᠠ ᠰᠢᠦ ᠳᠡ᠂ ᠪᠢ ᠴᠦ᠍ ᠠᠯᠲᠠ ᠮᠥᠩᠭᠥ ᠪᠣᠯᠭᠠᠵᠤ ᠥᠭᠴᠦ ᠪᠣᠯᠤᠨ᠎ᠠ ᠭᠡᠬᠦ ᠳ᠋ᠦ᠍ ᠂
ᠪᠠᠶᠠᠨ᠂ ᠠᠢ᠂ ᠴᠢ ᠶᠣᠰᠣᠲᠠᠢ ᠡᠮᠡᠭᠡᠨ ᠪᠢᠳᠡ ᠬᠣᠶᠠᠷ ᠤ᠋ᠨ ᠵᠠᠶᠠᠭᠠᠨ ᠤ᠋ ᠬᠦᠦ ᠮᠢᠨᠢ ᠮᠥᠨ ᠪᠠᠢᠨ᠎ᠠ ᠰᠢᠦ᠂ ᠠᠯᠢ ᠂ᠮᠢᠨᠦ ᠬᠦᠦ ᠨᠠᠭᠠᠰᠢ ᠪᠠᠨ ᠢᠷ᠎ᠠ ᠭᠡᠵᠦ ᠬᠡᠯᠡᠭᠡᠳ ᠂ᠠᠯᠲᠠ ᠪᠣᠯ ᠭᠡᠵᠦ ᠰᠠᠨᠠᠭᠠᠳ ᠭᠠᠷ ᠢ᠋ᠶ᠋ᠠᠨ ᠬᠦᠷᠭᠡᠭᠰᠡᠨ ᠴᠢᠨᠢ ᠂ᠬᠢᠮᠤᠰᠤᠨ ᠴᠢᠨᠡᠭᠡᠨ ᠬᠦᠦ ᠨᠢ ᠠᠯᠲᠠ ᠪᠣᠯᠴᠢᠬᠠᠵᠠᠢ ᠭᠡᠨ᠎ᠡ᠃
ᠡᠮᠡᠭᠡᠨ᠂ ᠬᠢᠮᠤᠰᠤᠨ ᠴᠢᠨᠡᠭᠡᠨ ᠬᠦᠦ ᠨᠢ ᠠᠯᠲᠠ ᠪᠣᠯᠴᠢᠬᠠᠭᠰᠠᠨ ᠳ᠋ᠤ᠌ ᠦᠢ ᠭᠠᠰᠢᠭᠤᠳᠠᠨ ᠪᠠᠢᠲᠠᠯ᠎ᠠ ᠂
ᠡᠪᠦᠭᠡᠨ ᠨᠢᠭᠡ ᠤᠳᠠᠭ᠎ᠠ ᠴᠠᠢ ᠤᠤᠭᠤᠵᠤ ᠰᠠᠭᠤᠭᠠᠳ ᠂ᠨᠢᠭᠡ ᠠᠭᠠᠷᠤᠤᠯ ᠠᠪᠤᠭᠠᠳ ᠠᠮᠠᠨ ᠳ᠋ᠠᠭᠠᠨ ᠬᠢᠬᠦ ᠳ᠋ᠡᠭᠡᠨ ᠂ ᠠᠯᠲᠠ ᠪᠣᠯ ᠭᠡᠵᠦ ᠰᠠᠨᠠᠭᠰᠠᠨ ᠳ᠋ᠤ᠌ ᠠᠮᠠ ᠨᠢ ᠠᠯᠲᠠ ᠪᠣᠯᠴᠢᠬᠠᠵᠠᠢ ᠭᠡᠨ᠎ᠡ᠃
ᠢᠩᠭᠢᠭᠡᠳ ᠠᠯᠲᠠᠨ ᠠᠮᠠ ᠲᠠᠢ ᠡᠪᠦᠭᠡᠨ ᠶᠠᠭᠠᠬᠢᠬᠤ ᠴᠤ᠌ ᠠᠷᠭ᠎ᠠ ᠪᠠᠨ ᠣᠯᠬᠤ ᠦᠭᠡᠢ ᠲᠠᠷᠴᠢᠯᠠᠨ ᠵᠣᠪᠠᠵᠤ ᠵᠦᠳᠡᠷᠡᠬᠦ ᠳ᠋ᠡᠭᠡᠨ ᠂ᠬᠢᠮᠤᠰᠤᠨ ᠴᠢᠨᠡᠭᠡᠨ ᠬᠦᠦ ᠮᠢᠨᠢ ᠠ᠋᠂ ᠨᠠᠳᠠ ᠳ᠋ᠤ᠌ ᠠᠯᠲᠠ ᠮᠥᠩᠭᠥᠨ ᠦ᠌ ᠠᠯᠢ ᠨᠢ ᠴᠦ᠍ ᠬᠡᠷᠡᠭ ᠦᠭᠡᠢ ᠰᠢᠦ᠂ ᠠᠯᠲᠠᠨ ᠠᠮᠠ ᠲᠠᠢ ᠪᠣᠯᠤᠭᠠᠳ ᠬᠣᠭᠣᠯᠠ ᠤᠮᠳᠠ ᠢᠳᠡᠵᠦ ᠴᠢᠳᠠᠬᠤ ᠦᠭᠡᠢ ᠬᠡᠴᠡᠭᠦᠳᠡᠵᠦ ᠪᠠᠢᠨ᠎ᠠ ᠭᠡᠵᠦ ᠂ᠬᠠᠰᠬᠢᠷᠤᠨ ᠤᠬᠢᠯᠠᠭᠰᠠᠭᠠᠷ ᠪᠠᠢᠵᠤ ᠭᠡᠨ᠎ᠡ᠃ ᠬᠢᠮᠤᠰᠤᠨ ᠴᠢᠨᠡᠭᠡᠨ ᠬᠦᠦ ᠨᠢ ᠲᠤᠯᠭ᠎ᠠ ᠲᠠᠢ ᠭᠠᠯ ᠳᠣᠲᠣᠷ᠎ᠠ ᠨᠢ ᠰᠠᠭᠤᠵᠤ᠂ ᠰᠠᠢᠨ ᠠᠪᠤ ᠶ᠋ᠢ ᠪᠡᠨ ᠠᠪᠤᠷᠠᠬᠤ ᠭᠡᠵᠦ ᠬᠡᠴᠢᠨᠡᠨ ᠪᠣᠳᠣᠪᠠᠴᠤ ᠥᠪᠡᠷ ᠢ᠋ᠶ᠋ᠡᠨ ᠠᠯᠲᠠ ᠪᠣᠯᠴᠢᠬᠠᠭᠰᠠᠨ ᠪᠣᠯᠬᠣᠷ ᠂ᠶᠠᠭᠠᠬᠢᠵᠤ ᠴᠤ᠌ ᠴᠢᠳᠠᠬᠤ ᠦᠭᠡᠢ ᠪᠠᠢᠵᠤ ᠭᠡᠨ᠎ᠡ᠃ ᠡᠭᠦᠨ ᠡᠴᠡ ᠡᠬᠢᠯᠡᠨ ᠭᠠᠯ ᠳ᠋ᠠᠭᠠᠨ ᠢᠳᠡᠭᠡᠨ ᠦ᠌ ᠪᠡᠨ ᠳᠡᠭᠡᠵᠢ ᠶ᠋ᠢ ᠡᠷᠭᠦᠳᠡᠭ ᠪᠣᠯᠤᠭᠰᠠᠨ ᠶᠤᠮ ᠭᠡᠯᠡ ᠠ᠋᠃
ᠡᠮᠡᠭᠡᠨ ᠂ᠠᠯᠲᠠᠨ ᠬᠦᠦ ᠳ᠋ᠡᠭᠡᠨ ᠨᠡᠬᠡᠢ ᠳᠡᠪᠡᠯ ᠢ᠋ ᠨᠢ ᠡᠮᠦᠰᠬᠡᠵᠦ᠂ ᠠᠯᠲᠠᠨ ᠳᠡᠯᠡᠬᠡᠢ ᠪᠦᠪᠡᠢ ᠪᠦᠪᠡᠢ᠂ ᠠᠯᠲᠠᠨ ᠬᠦᠦ ᠮᠢᠨᠢ ᠪᠦᠪᠡᠢ ᠪᠦᠪᠡᠢ᠂ ᠨᠠᠷᠠᠨ ᠳᠡᠯᠡᠬᠡᠢ ᠪᠦᠪᠡᠢ ᠪᠦᠪᠡᠢ᠂ ᠨᠢᠯᠬ᠎ᠠ ᠦᠷ᠎ᠡ ᠮᠢᠨᠢ ᠪᠦᠪᠡᠢ ᠪᠦᠪᠡᠢ ᠭᠡᠵᠦ ᠨᠢᠯᠪᠤᠰᠤ ᠪᠠᠨ ᠤᠨᠠᠭᠠᠨ ᠨᠠᠭᠤᠷ ᠤ᠋ᠨ ᠵᠠᠬ᠎ᠠ ᠳᠡᠭᠡᠷ᠎ᠡ ᠰᠠᠭᠤᠵᠤ ᠪᠠᠢᠵᠤ ᠭᠡᠨ᠎ᠡ᠃
ᠬᠠᠵᠠᠭᠤᠬᠠᠨ ᠳ᠋ᠤ᠌ ᠨᠢᠭᠡ ᠶᠠᠭᠤᠮ᠎ᠠ᠂ ᠨᠠᠭᠤᠷ ᠤᠷᠤᠭᠤ ᠴᠦᠯ ᠭᠡᠳ ᠤᠨᠠᠬᠤ ᠳ᠋ᠤ᠌ ᠂ᠡᠮᠡᠭᠡᠨ ᠰᠣᠴᠢᠭᠠᠳ ᠬᠠᠷᠠᠭᠰᠠᠨ ᠴᠢᠨᠢ ᠡᠪᠦᠭᠡᠨ ᠦ᠌ ᠲᠣᠯᠣᠭᠠᠢ ᠴᠤᠬᠤᠢᠵᠤ ᠠᠯᠲᠠᠨ ᠬᠡᠯᠡ ᠨᠢ ᠨᠠᠷᠠᠨ ᠳ᠋ᠤ᠌ ᠭᠢᠯᠠᠯᠵᠠᠭᠠᠳ ᠤᠰᠤᠨ ᠳ᠋ᠤ᠌ ᠵᠢᠪᠴᠢᠬᠡᠵᠡᠢ ᠭᠡᠨ᠎ᠡ᠃
ᠡᠮᠡᠭᠡᠨ᠂ ᠢᠰᠢ ᠂ ᠠᠯᠢ ᠣᠤ᠂ ᠠᠯᠲᠠ ᠬᠥᠮᠦᠨ ᠳ᠋ᠦ᠍ ᠡᠳ᠋ ᠰᠢᠦ ᠂ᠭᠡᠳ ᠬᠡᠯᠡᠭᠡᠳ ᠪᠠᠢᠬᠤ ᠳ᠋ᠤ᠌ ᠂ᠭᠡᠳ ᠤᠷᠲᠤ ᠰᠠᠨᠠᠭ᠎ᠠ ᠠᠯᠳᠠᠵᠤ᠂ ᠠᠯᠲᠠᠨ ᠬᠦᠦ ᠪᠡᠨ ᠲᠡᠪᠡᠷᠢᠭᠡᠳ ᠭᠡᠷ ᠦ᠋ᠨ ᠢ᠋ᠶ᠋ᠡᠨ ᠵᠦᠭ ᠶᠠᠪᠤᠵᠤ ᠭᠡᠨ᠎ᠡ᠃
ᠦᠰᠦᠭ ᠠᠮᠢᠯᠠᠭᠤᠯᠤᠭᠴᠢ᠄ᠤᠤᠭᠠᠨᠵᠢᠳ᠂ ᠳᠠᠯᠠᠨᠲᠠᠢ
ᠬᠢᠨᠠᠭᠴᠢ᠄ ᠤᠤᠭᠠᠨᠵᠢᠳ᠂ᠮᠡᠷᠭᠡᠨᠪᠢᠯᠢᠭ
