ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠵᠢᠷᠭᠤᠭ᠎ᠠ) Сэрүүхэн тал нутаг–<свис> Вальтер Босгард (Walter Bosshard)- Дөрөвдүгээр бөлөг 6
ᠠᠩᠭᠢᠯᠠᠯ:ᠲᠤᠭᠤᠵᠢ ᠷᠣᠮᠠᠨТоож роман 2024-08-17
251
ᠵᠢᠷᠭᠤᠭ᠎ᠠ ᠂ ᠴᠢᠨᠣ᠎ᠠ ᠠᠩᠨᠠᠭᠰᠠᠨ ᠨᠢ ᠨᠢᠭᠡ ᠥᠷᠯᠥᠭᠡ ᠦᠷᠡᠳᠡᠨᠲᠡᠷ ᠬᠣᠨᠢᠨ ᠤ᠋ ᠬᠠᠰᠢᠶ᠎ᠠ ᠪᠠᠨ ᠨᠡᠭᠡᠭᠡᠵᠦ ᠬᠣᠨᠢ ᠪᠠᠨ ᠪᠡᠯᠴᠢᠭᠡᠬᠦ ᠪᠡᠷ ᠬᠠᠰᠢᠶᠠᠨ ᠤ᠋ ᠬᠠᠭᠠᠯᠭ᠎ᠠ ᠪᠠᠨ ᠨᠡᠭᠡᠭᠡᠮᠡᠭᠴᠡ ᠥᠨᠳᠥᠷ ᠳᠠᠭᠤᠨ ᠢ᠋ᠶ᠋ᠠᠷ ᠬᠠᠰᠬᠢᠷᠴᠤ᠂ ᠠᠢᠮᠠᠭ ᠵᠡᠷᠭᠡᠯᠡᠳᠡᠭᠡ ᠶ᠋ᠢᠨ ᠬᠥᠮᠦᠰ ᠢ᠋ ᠨᠣᠢᠷᠮᠤᠭ ᠨᠢᠳᠦ ᠲᠡᠢ ᠪᠡᠷ ᠳᠠᠭᠤᠳᠠᠨ ᠢᠷᠡᠭᠦᠯᠦᠭᠰᠡᠨ ᠪᠢᠯᠡ᠃ — ᠴᠢᠨᠣ᠎ᠠ ! ᠴᠢᠨᠣ᠎ᠠ ! ᠭᠡᠵᠦ ᠲᠡᠷᠡ ᠪᠦᠰᠡᠭᠦᠢ ᠥᠨ...