ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ <ᠠᠷᠪᠠᠨ ᠨᠢᠭᠡ> Хан мунын сүүрс < дээд > – Мөнх зохиоов ᠂ Дэд бодь – Хоёрдугаар бүлэг <11>
ᠠᠷᠪᠠᠨ ᠨᠢᠭᠡ
ᠤᠯᠠᠭᠴᠢᠨ ᠦᠬᠡᠷ ᠵᠢᠯ ᠦ᠋ᠨ ᠬᠠᠪᠤᠷ ᠤ᠋ᠨ ᠰᠡᠭᠦᠯᠴᠢ ᠰᠠᠷ᠎ᠠ ᠶ᠋ᠢᠨ ᠡᠭᠡᠯᠢᠲᠡᠢ ᠨᠢᠭᠡ ᠡᠳᠦᠷ᠃
ᠮᠠᠨᠤᠨᠪᠠᠳᠮ᠎ᠠ ᠬᠥᠭᠰᠢᠨ ᠥᠷᠯᠥᠭᠡ ᠡᠷᠲᠡᠯᠡᠨ ᠪᠣᠰᠴᠤ ᠪᠤᠷᠬᠠᠨ ᠳ᠋ᠤ᠌ ᠵᠤᠯᠠ ᠪᠠᠷᠢᠵᠤ ᠶᠡᠬᠡᠳᠡ ᠰᠦᠵᠢᠭᠯᠡᠨ ᠮᠥᠷᠭᠥᠴᠢᠬᠡᠭᠡᠳ ᠪᠠᠭ᠎ᠠ ᠬᠠᠲᠤᠨ ᠤ᠋ ᠡᠷᠭᠦᠮᠡᠯ ᠡᠬᠡ ᠶ᠋ᠢᠨ ᠴᠢᠬᠢᠨ ᠳ᠋ᠦ᠍《 ᠥᠨᠥᠳᠥᠷ ᠬᠥᠬᠡ ᠮᠣᠷᠢᠨ ᠡᠳᠦᠷ᠃ ᠥᠯᠵᠡᠢ ᠪᠡᠯᠭᠡ ᠲᠡᠢ ᠢᠪᠡᠭᠡᠯ ᠰᠠᠢᠨ ᠡᠳᠦᠷ ᠪᠣᠯᠬᠣᠷ ᠥᠨᠥ ᠰᠥᠨᠢ ᠶ᠋ᠢᠨ ᠬᠤᠯᠤᠭᠠᠨ᠎ᠠ ᠴᠠᠭ ᠲᠤ ᠪᠠᠭ᠎ᠠ ᠬᠠᠲᠤᠨ ᠢ᠋ ᠰᠠᠭᠤᠯᠭᠠᠬᠤ ᠠᠵᠢᠯ ᠢ᠋ ᠪᠦᠲᠦᠭᠡᠶ᠎ᠡ᠃<ᠠᠯᠲᠠᠨ ᠣᠷᠳᠣᠨ>① ᠤ᠋ ᠢᠪᠡᠭᠡᠯ ᠲᠡᠢ ᠴᠠᠭ ᠲᠤ ᠯᠠ ᠠᠮᠵᠢᠭᠤᠯᠤᠶᠠ! ᠴᠠᠭᠠᠳᠤ ᠲᠠᠯ᠎ᠠ ᠳ᠋ᠤ᠌ ᠪᠦᠬᠦ ᠶᠠᠭᠤᠮ᠎ᠠ ᠪᠡᠯᠡᠨ ᠪᠣᠯᠪᠠ᠁》 ᠭᠡᠵᠦ ᠰᠢᠪᠡᠨᠡᠪᠡ᠃
ᠮᠠᠨᠤᠨᠪᠠᠳᠮ᠎ᠠ ᠬᠥᠭᠰᠢᠨ ᠪᠣᠳᠣᠯ ᠰᠠᠨᠠᠭ᠎ᠠ ᠪᠠᠨ ᠲᠡᠭᠦᠨ ᠳ᠋ᠦ᠍ ᠪᠢᠲᠡᠭᠦᠬᠡᠨ ᠵᠠᠬᠢᠮᠵᠢᠯᠠᠴᠢᠬᠠᠭᠠᠳ ᠱᠠᠯᠠᠪᠬᠠᠨ ᠭᠠᠷᠴᠤ ᠶᠠᠪᠤᠪᠠ᠃
ᠪᠠᠭ᠎ᠠ ᠬᠠᠲᠤᠨ ᠤ᠋ ᠬᠡᠪᠡᠯᠢ ᠨᠢ ᠭᠡᠨᠡᠳᠲᠡ ᠡᠪᠡᠳᠴᠦ ᠳᠤᠷᠠᠳᠴᠤ ᠡᠬᠢᠯᠡᠪᠡ᠃ ᠨᠢᠭᠡ ᠬᠡᠰᠡᠭ ᠡᠪᠡᠳᠬᠦ ᠰᠢᠭ ᠪᠣᠯᠤᠭᠠᠳ ᠭᠠᠢᠭᠤᠢ ᠪᠣᠯᠵᠤ ᠳᠠᠬᠢᠭᠠᠳ ᠡᠪᠡᠳᠦᠨ᠎ᠡ᠂ ᠲᠠᠢᠪᠤᠰᠢᠷᠠᠨ᠎ᠠ᠁ ᠢᠩᠭᠢᠵᠦ ᠣᠷᠣᠨ ᠭᠠᠷᠤᠨ᠂ ᠪᠣᠰᠤᠨ ᠰᠠᠭᠤᠨ ᠰᠢᠨᠠᠯᠤᠭᠠᠳ ᠨᠢᠭᠡ ᠡᠳᠦᠷ ᠢ᠋ ᠡᠯᠡᠭᠡᠯᠡ᠃ ᠬᠣᠶᠠᠷ ᠢᠨᠵᠢ ᠥᠬᠢᠨ ᠴᠦ᠍ ᠪᠠᠭ᠎ᠠ ᠬᠠᠲᠤᠨ ᠤ᠋ ᠬᠦᠦ ᠲᠥᠷᠥᠬᠦ ᠶ᠋ᠢ ᠬᠦᠰᠡᠨ ᠪᠡᠯᠭᠡᠳᠡᠵᠦ᠂ ᠮᠠᠨᠤᠨᠪᠠᠳᠮ᠎ᠠ ᠬᠥᠭᠰᠢᠨ ᠦ᠌ ᠳᠣᠳᠣᠮᠳᠠᠯᠭ᠎ᠠ ᠪᠠᠷ ᠬᠤᠴᠢᠯᠭ᠎ᠠ ᠳᠡᠪᠢᠰᠬᠡᠷ ᠣᠶᠣᠵᠤ᠂ ᠬᠤᠪᠴᠠᠰᠤ ᠬᠤᠨᠠᠷ ᠪᠡᠯᠡᠳᠬᠡᠨ ᠭᠡᠷ ᠲᠡᠷᠭᠡ ᠴᠡᠪᠡᠷᠯᠡᠵᠦ ᠪᠣᠷᠪᠢ ᠪᠣᠬᠢᠰᠬᠢᠬᠦ ᠵᠠᠪ ᠦᠭᠡᠢ ᠶᠠᠭᠠᠷᠠᠨ᠎ᠠ᠃
ᠪᠠᠭ᠎ᠠ ᠬᠠᠲᠤᠨ ᠡᠷᠭᠦᠮᠡᠯ ᠡᠬᠡ ᠲᠡᠢ ᠪᠡᠨ ᠬᠣᠶᠠᠭᠤᠯᠠ ᠪᠦᠷᠦᠢ ᠪᠣᠯᠬᠤ ᠳ᠋ᠤ᠌ ᠪᠤᠷᠬᠠᠨ ᠤ᠋ ᠡᠮᠦᠨ᠎ᠡ ᠰᠥᠭᠥᠳᠴᠦ ᠮᠥᠷᠭᠥᠨ《 ᠵᠠᠰᠠᠭ ᠵᠠᠯᠭᠠᠮᠵᠢᠯᠠᠬᠤ ᠬᠦᠦ ᠲᠥᠷᠥᠬᠦ ᠪᠣᠯᠲᠤᠭᠠᠢ》 ᠭᠡᠵᠦ ᠳᠣᠲᠣᠷ᠎ᠠ ᠪᠠᠨ ᠬᠦᠰᠡᠨ ᠵᠠᠯᠪᠠᠷᠢᠨ᠎ᠠ᠃
ᠪᠠᠭ᠎ᠠ ᠬᠠᠲᠤᠨ ᠢ᠋ ᠪᠡᠶ᠎ᠡ ᠪᠡᠨ ᠳᠤᠷᠠᠳᠴᠤ ᠡᠬᠢᠯᠡᠯ᠎ᠡ ᠭᠡᠰᠡᠨ ᠴᠢᠮᠡᠭᠡ ᠪᠡᠷ ᠵᠡᠭᠦᠨ ᠲᠤᠰᠠᠯᠠᠭᠴᠢ ᠱᠠᠭᠳᠠᠷᠰᠦ᠋ᠷᠦᠩ᠂ ᠪᠠᠷᠠᠭᠤᠨ ᠲᠤᠰᠠᠯᠠᠭᠴᠢ ᠮᠢᠩᠭᠠᠨᠪᠤᠤ᠂ ᠬᠣᠰᠢᠭᠤ ᠵᠠᠬᠢᠷᠤᠭᠴᠢ ᠷᠠᠰᠢ᠂ ᠵᠣᠳᠪᠠ ᠮᠡᠢᠷᠡᠨ ᠨᠠᠷ ᠴᠤ᠌ ᠴᠤᠭᠯᠠᠷᠠᠵᠤ ᠢᠷᠡᠭᠰᠡᠨ ᠪᠠᠢᠯ᠎ᠠ᠃ ᠬᠦᠩ ᠨᠣᠶᠠᠨ ᠤ᠋ ᠪᠤᠭᠤᠲᠤ ᠳ᠋ᠠᠬᠢ ᠬᠥᠬᠡ ᠲᠣᠭᠣᠰᠬᠠᠨ ᠬᠦᠷᠢᠶ᠎ᠡ ᠲᠡᠢ ᠭᠦᠨ ᠣᠷᠳᠣᠨ ᠳ᠋ᠤ᠌ ᠬᠥᠯ ᠬᠥᠭᠡᠷᠴᠦᠭ ᠪᠣᠯᠤᠯ᠎ᠠ᠃ ᠴᠡᠷᠢᠭ ᠬᠠᠷᠠᠭᠤᠯ ᠴᠢᠩᠭᠠᠷᠠᠵᠤ᠂ ᠴᠠᠭᠠᠰᠢ ᠨᠠᠭᠠᠰᠢ ᠰᠦᠯᠵᠢᠬᠦ ᠬᠥᠮᠦᠰ ᠦ᠋ᠨ ᠬᠥᠯ ᠢ᠋ ᠴᠡᠭᠡᠷᠯᠡᠨ᠎ᠡ᠃
《ᠪᠠᠭ᠎ᠠ ᠬᠠᠲᠤᠨ ᠪᠠᠷᠠᠭᠤᠨ ᠬᠦᠩ ᠦ᠋ᠨ ᠵᠠᠰᠠᠭ ᠵᠠᠯᠭᠠᠮᠵᠢᠯᠠᠬᠤ ᠬᠦᠦ ᠲᠥᠷᠥᠬᠦ ᠨᠢ ᠠ᠋!》 ᠭᠡᠵᠦ ᠰᠢᠳᠤᠷᠭᠤ ᠨᠢᠭᠡ ᠨᠢ ᠰᠢᠯᠤᠭᠤᠬᠠᠨ ᠶᠠᠭᠤᠮ᠎ᠠ ᠪᠣᠳᠣᠵᠤ ᠪᠠᠢᠬᠤ ᠳ᠋ᠤ᠌《 ᠪᠠᠭ᠎ᠠ ᠬᠠᠲᠤᠨ ᠴᠣᠬᠣᠮ ᠶᠠᠭᠠᠬᠢᠵᠤ ᠬᠦᠦ ᠲᠥᠷᠥᠳᠡᠭ ᠦ᠋ᠨ ᠪᠠᠰᠢᠷ ᠢ᠋ ᠨᠢ ᠨᠢᠭᠡ ᠦᠵᠡᠨ᠎ᠡ ᠳᠡ!》 ᠭᠡᠵᠦ ᠰᠡᠵᠢᠭ ᠲᠡᠢ ᠨᠢᠭᠡ ᠨᠢ ᠰᠡᠮᠬᠡᠨ ᠠᠵᠢᠭᠯᠠᠨ᠎ᠠ᠃《 ᠵᠠ᠂ ᠲᠡᠭᠡᠭᠡᠳ ᠵᠠᠶᠠᠭ᠎ᠠ ᠨᠢ ᠬᠠᠵᠠᠢᠵᠤ ᠬᠦᠦ ᠪᠢᠰᠢ᠂ ᠬᠡᠦᠬᠡᠨ ᠲᠥᠷᠥᠪᠡᠯ ᠴᠦ᠍ ᠫᠠᠯᠠᠭ ᠢ᠋ᠶ᠋ᠠᠨ ᠬᠠᠶᠠᠨ᠎ᠠ ᠳᠠ!》 ᠭᠡᠰᠡᠨ ᠶᠠᠩᠵᠤ ᠶᠠᠩᠵᠤ ᠶ᠋ᠢᠨ ᠪᠣᠳᠣᠯ ᠲᠠᠢ ᠬᠥᠮᠦᠰ ᠪᠠᠭ᠎ᠠ ᠬᠠᠲᠤᠨ ᠤ᠋《 ᠬᠦᠦ ᠲᠥᠷᠥᠬᠦ》 ᠵᠠᠩᠭᠢᠯᠠᠭ᠎ᠠ ᠶ᠋ᠢᠨ ᠮᠥᠴᠡ ᠳ᠋ᠦ᠍ ᠵᠢᠷᠦᠬᠡ ᠪᠡᠨ ᠳᠠᠷᠤᠨ ᠠᠩᠬᠠᠷᠴᠤ ᠪᠠᠢᠯ᠎ᠠ᠃
ᠬᠦᠷᠢᠶᠡᠨ ᠦ᠌ ᠠᠮᠠ᠂ ᠬᠦᠷᠢᠶᠡᠨ ᠦ᠌ ᠳᠥᠷᠪᠡᠨ ᠥᠨᠴᠥᠭ᠂ ᠳᠤᠮᠳᠠ ᠡᠭᠦᠳᠡ᠂ ᠴᠢᠬᠢᠨ ᠭᠡᠷ ᠦ᠋ᠨ ᠡᠭᠦᠳᠡ᠂ ᠭᠣᠣᠯ ᠭᠡᠷ ᠦ᠋ᠨ ᠳᠣᠲᠣᠷ᠎ᠠ ᠭᠠᠳᠠᠨ᠎ᠠ ᠥᠷᠥᠭᠡᠨ ᠦ᠌ ᠡᠭᠦᠳᠡᠨ ᠳ᠋ᠦ᠍ ᠪᠦᠷ ᠬᠠᠷᠠᠭᠤᠯ ᠮᠠᠨᠠᠭ᠎ᠠ ᠲᠠᠯᠪᠢᠵᠤ᠂ ᠪᠠᠭ᠎ᠠ ᠬᠠᠲᠤᠨ ᠤ᠋ ᠬᠥᠩᠭᠡᠵᠢᠬᠦ ᠭᠡᠷ( ᠳᠣᠲᠣᠷ᠎ᠠ ᠥᠷᠥᠭᠡ) ᠶ᠋ᠢᠨ ᠬᠢᠨᠢ ᠡᠭᠦᠳᠡᠨ ᠦ᠌ ᠭᠠᠳᠠᠨ᠎ᠠ ᠬᠠᠷᠠᠭᠤᠯ ᠲᠠᠯᠪᠢᠬᠤ ᠯᠠ ᠳᠤᠲᠠᠵᠤ ᠪᠠᠢᠪᠠ᠃
ᠪᠠᠭ᠎ᠠ ᠬᠠᠲᠤᠨ ᠤ᠋ ᠬᠥᠩᠭᠡᠵᠢᠬᠦ ᠶᠠᠪᠤᠳᠠᠯ ᠳ᠋ᠤ᠌ ᠬᠥᠮᠦᠨ ᠪᠦᠭᠦᠳᠡ ᠵᠦᠭ ᠵᠦᠭ ᠲᠡᠭᠡᠨ ᠶᠠᠭᠠᠷᠠᠯᠳᠤᠵᠤ ᠪᠠᠢᠯ᠎ᠠ᠃ ᠡᠭᠦᠨ ᠳ᠋ᠦ᠍ ᠮᠠᠨᠤᠨᠪᠠᠳᠮ᠎ᠠ ᠬᠥᠭᠰᠢᠨ ᠬᠠᠮᠤᠭ ᠠ᠋ᠴᠠ ᠢᠯᠡᠭᠦᠦ ᠶᠠᠭᠠᠷᠠᠵᠤ ᠪᠠᠢᠯ᠎ᠠ᠃
ᠳᠣᠲᠣᠷ᠎ᠠ ᠥᠷᠥᠭᠡᠨ ᠡᠴᠡ ᠪᠠᠭ᠎ᠠ ᠬᠠᠲᠤᠨ ᠤ᠋ ᠡᠨᠡᠯᠦᠨ ᠰᠢᠨᠠᠯᠬᠤ ᠭᠠᠰᠠᠯᠠᠩᠲᠠᠢ ᠳᠠᠭᠤ ᠪᠠᠢᠨ ᠪᠠᠢᠨ ᠭᠠᠳᠠᠭᠰᠢ ᠳᠠᠭᠤᠷᠢᠰᠴᠤ ᠬᠦᠦ ᠲᠥᠷᠥᠬᠦ ᠳ᠋ᠦ᠍ ᠬᠦᠴᠢᠷᠳᠡᠵᠦ ᠪᠠᠢᠭ᠎ᠠ ᠨᠢ ᠢᠯᠡᠬᠡᠨ᠁
ᠦᠷᠦ ᠵᠥᠭᠡᠯᠡᠨ ᠨᠢᠭᠡ ᠨᠢ ᠡᠢᠨ ᠬᠦ᠌ ᠵᠣᠪᠠᠭᠤᠷᠢᠯᠠᠨ ᠰᠢᠨᠠᠯᠬᠤ ᠳᠠᠭᠤᠨ ᠳ᠋ᠤ᠌ ᠰᠡᠳᠬᠢᠯ ᠵᠣᠪᠠᠵᠤ ᠪᠣᠯᠳᠠᠭ ᠰᠠᠨ ᠪᠣᠯ ᠡᠪᠡᠳᠬᠦ ᠡᠪᠡᠷᠰᠢᠯ ᠢ᠋ ᠨᠢ ᠬᠤᠪᠢᠶᠠᠯᠴᠠᠮᠠᠷ ᠴᠦ᠍ ᠰᠠᠨᠠᠭᠳᠠᠨ᠎ᠠ᠃ ᠮᠠᠨᠤᠨᠪᠠᠳᠮ᠎ᠠ ᠬᠥᠭᠰᠢᠨ ᠪᠠᠢᠳᠠᠯ ᠢ᠋ ᠠᠵᠢᠭᠯᠠᠵᠤ ᠪᠠᠢᠭᠰᠠᠨ ᠢ᠋ᠶ᠋ᠠᠨ ᠵᠣᠷᠢᠭᠤᠳᠠ᠄
— ᠪᠠᠭ᠎ᠠ ᠬᠠᠲᠤᠨ ᠰᠦᠷᠡᠬᠡᠢ ᠵᠣᠪᠠᠵᠤ ᠪᠠᠢᠨ᠎ᠠ᠁ ᠭᠣᠷᠢ ᠦᠭᠡᠢ ᠪᠣᠯ ᠪᠢ ᠶᠠᠪᠤᠵᠤ ᠡᠬᠡ ᠪᠠᠷᠢᠶᠠᠴᠢ ᠣᠳᠬᠣᠨᠮᠠ ᠶ᠋ᠢ ᠵᠠᠯᠠᠶ᠎ᠠ! ᠭᠡᠳ ᠭᠠᠷᠪᠠ᠃ ᠮᠠᠨᠤᠨᠪᠠᠳᠮ᠎ᠠ ᠬᠥᠭᠰᠢᠨ ᠡᠭᠦᠳᠡᠨ ᠦ᠌ ᠬᠠᠷᠠᠭᠤᠯ ᠤ᠋ᠳ ᠲᠤ᠌《ᠲᠠ ᠨᠠᠷ ᠰᠠᠢᠨ ᠰᠡᠷᠡᠮᠵᠢᠯᠡᠵᠦ ᠪᠠᠢᠭᠠᠷᠠᠢ! ᠬᠡᠨ ᠬᠥᠮᠦᠨ ᠢ᠋ ᠴᠦ᠍ ᠳᠣᠲᠣᠷ᠎ᠠ ᠥᠷᠥᠭᠡᠨ ᠳ᠋ᠦ᠍ ᠣᠷᠣᠭᠤᠯᠵᠤ ᠪᠣᠯᠬᠤ ᠦᠭᠡᠢ! ᠪᠠᠭ᠎ᠠ ᠬᠠᠲᠤᠨ ᠤ᠋ ᠬᠦᠦ ᠲᠥᠷᠥᠬᠦ ᠳ᠋ᠦ᠍ ᠡᠢᠮᠦ ᠲᠡᠢᠮᠦ ᠶᠠᠷᠰᠢᠭ ᠲᠦᠪᠡᠭ ᠭᠠᠷᠪᠠᠯ ᠥᠪᠡᠷ ᠦ᠋ᠨ ᠬᠠᠷᠢᠭᠤᠴᠠᠯᠭ᠎ᠠ ᠶᠠᠭᠤ ᠪᠣᠯᠤᠨ᠎ᠠ ᠭᠡᠳᠡᠭ ᠢ᠋ ᠰᠠᠨᠠᠵᠤ ᠪᠠᠢᠭᠠᠷᠠᠢ!》 ᠭᠡᠵᠦ ᠬᠠᠲᠠᠭᠤᠬᠠᠨ ᠵᠠᠬᠢᠭᠠᠳ ᠡᠬᠡ ᠪᠠᠷᠢᠶᠠᠴᠢ ᠳ᠋ᠤ᠌ ᠭᠦᠶᠦᠪᠡ᠃
ᠥᠯᠵᠡᠢ ᠬᠤᠲᠤᠭᠲᠤ ᠭᠤᠳᠤᠮᠵᠢᠨ ᠤ᠋ ᠠᠢᠯ ᠤ᠋ᠳ ᠤ᠋ᠨ ᠴᠠᠭᠠᠰᠤᠨ ᠳ᠋ᠧᠩᠯᠦ ᠡᠯᠭᠦᠭᠰᠡᠨ ᠪᠦᠳᠡᠭᠢ ᠭᠡᠷᠡᠯ ᠳ᠋ᠦ᠍ ᠮᠠᠨᠤᠨᠪᠠᠳᠮ᠎ᠠ ᠬᠥᠭᠰᠢᠨ ᠬᠡᠷᠡᠮ ᠮᠤᠰᠬᠢᠨ ᠮᠤᠷᠤᠢᠵᠤ ᠪᠠᠷᠤᠭ ᠲᠦᠷᠦᠭᠦᠯᠡᠭᠡ ᠪᠡᠨ ᠦᠢᠴᠢᠮᠡ ᠭᠦᠶᠦᠨ ᠭᠦᠶᠦᠭᠰᠡᠭᠡᠷ ᠳ᠋ᠧᠦᠹᠦ᠋ ᠬᠤᠳᠠᠯᠳᠤᠳᠠᠭ ᠲᠢᠶᠠᠨ ᠣᠪᠣᠭᠲᠠᠨ ᠤ᠋ ᠳ᠋ᠤ᠌ ᠣᠷᠣᠵᠤ ᠣᠴᠢᠪᠠ᠃
ᠡᠬᠡ ᠪᠠᠷᠢᠶᠠᠴᠢ ᠣᠳᠬᠣᠨᠮᠠ ᠬᠥᠭᠰᠢᠨ ᠨᠢᠯᠬ᠎ᠠ ᠬᠡᠦᠬᠡᠳ ᠦ᠋ᠨ ᠢ᠋ᠶ᠋ᠡᠨ ᠬᠦᠢᠰᠦ ᠶ᠋ᠢ ᠨᠢ ᠢᠯᠢᠵᠦ ᠲᠠᠢᠪᠤᠰᠢᠷᠠᠭᠤᠯᠤᠨ ᠰᠡᠷᠢᠰᠦ ᠪᠣᠯᠤᠭᠰᠠᠨ ᠬᠠᠲᠠᠩᠬᠠᠢ ᠬᠥᠬᠥ ᠪᠡᠨ ᠠᠮᠠᠨ ᠳ᠋ᠤᠨᠢ ᠡᠮᠬᠦᠭᠦᠯᠵᠦ ᠰᠠᠭᠠᠳᠠᠭᠤᠯᠤᠨ ᠪᠠᠢᠯ᠎ᠠ᠃
— ᠪᠡᠯᠡᠨ ᠪᠣᠯᠴᠢᠬᠠᠪᠠ ᠤᠤ?
— ᠪᠡᠯᠡᠨ ᠠ᠋! ᠪᠡᠯᠡᠨ!
— ᠨᠢᠯᠬ᠎ᠠ ᠬᠦᠦ ᠤᠨᠲᠠᠴᠢᠬᠠᠪᠠ ᠤᠤ?
— ᠤᠨᠲᠠᠴᠢᠬᠠᠯ᠎ᠠ ᠪᠣᠢ! ᠬᠥᠬᠥᠨ ᠡᠴᠡ ᠰᠠᠯᠭᠠᠭᠰᠠᠭᠠᠷ ᠪᠠᠰᠠ ᠰᠡᠷᠡᠵᠦ ᠮᠡᠳᠡᠨ᠎ᠡ᠃
— ᠣᠳᠣ ᠶᠠᠭᠠᠬᠢᠳᠠᠭ ᠪᠢᠯᠡ?
— ᠵᠠ᠂ ᠪᠠᠢᠵᠠ! ᠮᠥᠨ ᠢᠩᠭᠢᠭᠡᠳ ᠨᠢᠯᠬ᠎ᠠ ᠬᠦᠦ ᠶ᠋ᠢᠨ ᠬᠣᠰᠢᠭᠤ ᠶ᠋ᠢ ᠬᠥᠬᠥᠨ ᠡᠴᠡ ᠰᠠᠯᠭᠠᠬᠤ ᠦᠭᠡᠢ ᠯᠡ ᠡᠪᠦᠷᠲᠦᠯᠡᠶᠡ!
— ᠪᠣᠯᠤᠨ᠎ᠠ ᠪᠣᠯᠤᠨ᠎ᠠ! ᠶᠠᠭ ᠪᠣᠯᠤᠨ᠎ᠠ!
— ᠦᠭᠡᠢ᠂ ᠪᠢ ᠨᠢᠭᠡ ᠳᠠᠪᠬᠤᠷ ᠪᠦᠰᠡᠭᠦᠢ ᠰᠢᠭ ᠴᠡᠭᠡᠵᠢ ᠬᠡᠪᠡᠯᠢ ᠲᠦᠩᠬᠦᠢᠭᠡᠳ᠁
— ᠪᠠᠢᠵᠠ᠂ ᠪᠠᠢᠵᠠ! ᠲᠠ ᠲᠡᠷᠡ ᠱᠤᠤᠮᠠᠰᠠ ᠳ᠋ᠠᠭᠠᠨ ᠡᠨᠡ ᠲᠡᠷᠡ ᠡᠳ᠋ᠯᠡᠬᠦᠨ ᠬᠡᠷᠡᠭᠰᠡᠯ ᠢ᠋ᠶ᠋ᠡᠨ ᠬᠢᠴᠢᠬᠡᠭᠡᠳ ᠮᠥᠷᠥᠪᠴᠢᠯᠡᠭᠡᠳ ᠡᠭᠦᠷᠴᠢᠬᠡ!
— ᠵᠠᠮ ᠳ᠋ᠤ᠌ ᠬᠥᠯ ᠦ᠋ᠨ ᠲᠣᠩᠰᠢᠭᠠ ᠪᠠᠷ ᠬᠦᠦ ᠰᠡᠷᠡᠭᠡᠳ ᠤᠬᠢᠯᠠᠭ ᠠᠯᠳᠠᠪᠠᠯ ᠴᠦ᠍ ᠪᠠᠯᠠᠭ ᠲᠠᠷᠢᠨ᠎ᠠ ᠰᠢᠦ!
— ᠬᠠᠮᠢᠶ᠎ᠠ ᠦᠭᠡᠢ᠂ ᠬᠡᠷᠰᠡᠦᠬᠡᠨ ᠪᠠᠢ᠂ ᠲᠡᠭᠡᠪᠡᠯ ᠬᠦᠦ ᠶ᠋ᠢᠨ ᠨᠢᠯᠬ᠎ᠠ ᠬᠣᠰᠢᠭᠤ ᠶ᠋ᠢ ᠬᠥᠬᠥ ᠪᠡᠷ ᠢ᠋ᠶ᠋ᠡᠨ ᠳᠠᠷᠤᠰᠬᠢᠨ ᠲᠠᠭᠯᠠᠭᠠᠳ᠁ ᠡᠪ ᠢ᠋ ᠨᠢ ᠦᠵᠡᠬᠦ ᠶ᠋ᠢ ᠪᠣᠳᠣ! ᠡᠯᠪᠡᠭᠬᠡᠨ ᠠᠭᠤᠵᠢᠮ ᠳᠡᠪᠡᠯ ᠡᠮᠦᠰᠴᠢᠬᠡᠪᠡᠯ ᠭᠠᠢᠭᠤᠢ ᠪᠣᠢ᠃
— ᠵᠠ! ᠭᠡᠳ ᠡᠬᠡ ᠪᠠᠷᠢᠶᠠᠴᠢ ᠣᠳᠬᠣᠨᠮᠠ ᠮᠠᠨᠤᠨᠪᠠᠳᠮ᠎ᠠ ᠬᠣᠶᠠᠷ ᠬᠥᠭᠰᠢᠨ ᠲᠢᠶᠠᠨ ᠣᠪᠣᠭᠲᠠᠨ ᠤ᠋ ᠳ᠋ᠧᠦᠹᠦ᠋ ᠶ᠋ᠢᠨ ᠭᠡᠷ ᠡᠴᠡ ᠭᠠᠷᠴᠤ ᠬᠥᠬᠡ ᠲᠣᠭᠣᠰᠬᠠᠨ ᠬᠦᠷᠢᠶ᠎ᠡ ᠶ᠋ᠢ ᠴᠢᠭᠯᠡᠵᠦ ᠶᠠᠭᠠᠷᠠᠪᠴᠢᠯᠠᠪᠠ᠃
ᠵᠠᠮ ᠲᠤᠷᠰᠢ ᠡᠬᠡ ᠪᠠᠷᠢᠶᠠᠴᠢ ᠣᠳᠬᠣᠨᠮᠠ ᠨᠠᠰᠤᠲᠠᠨ ᠥᠨᠥᠬᠢ ᠡᠪᠦᠷ ᠳᠣᠲᠣᠷᠠᠬᠢ ᠨᠢᠯᠬ᠎ᠠ ᠬᠦᠦ ᠶ᠋ᠢ ᠰᠡᠷᠡᠭᠦᠵᠡᠢ ᠭᠡᠵᠦ ᠪᠣᠳᠣᠬᠤ ᠳ᠋ᠠᠭᠠᠨ ᠳᠣᠲᠣᠷ᠎ᠠ ᠨᠢ ᠰᠠᠪᠠᠭᠠᠨᠠᠵᠤ ᠶᠣᠰᠣᠲᠠᠢ ᠯᠠ ᠵᠢᠷᠦᠬᠡ ᠪᠡᠨ ᠭᠠᠷ ᠲᠠᠭᠠᠨ ᠪᠠᠷᠢᠵᠤ ᠶᠠᠪᠤᠪᠠ᠃
ᠬᠦᠷᠢᠶᠡᠨ ᠦ᠌ ᠡᠭᠦᠳᠡᠨ ᠦ᠌ ᠬᠠᠷᠠᠭᠤᠯ ᠡᠬᠡ ᠪᠠᠷᠢᠶᠠᠴᠢ ᠣᠳᠬᠣᠨᠮᠠ ᠨᠠᠰᠤᠲᠠᠨ ᠢ᠋ ᠬᠣᠷᠢᠵᠤ᠄
— ᠲᠠ ᠶᠠᠭᠤᠨ ᠤ᠋ ᠬᠥᠮᠦᠨ ᠪᠣᠢ? ᠵᠣᠭᠰᠣ! ᠭᠡᠬᠦ ᠶ᠋ᠢ ᠰᠣᠨᠣᠰᠤᠭᠰᠠᠨ ᠮᠠᠨᠤᠨᠪᠠᠳᠮ᠎ᠠ᠄
— ᠪᠠᠢᠵᠠ᠂ ᠨᠠᠭᠠᠳᠤᠬᠢ ᠴᠢᠨᠢ ᠪᠠᠭ᠎ᠠ ᠬᠠᠲᠤᠨ ᠢ᠋ ᠰᠠᠭᠤᠯᠭᠠᠬᠤ ᠡᠬᠡ ᠪᠠᠷᠢᠶᠠᠴᠢ ᠪᠠᠢᠨ᠎ᠠ᠃ ᠲᠠ ᠨᠠᠷ ᠢᠩᠭᠢᠵᠦ ᠮᠠᠶᠢᠭᠯᠠᠭᠠᠳ ᠪᠠᠭ᠎ᠠ ᠬᠠᠲᠤᠨ ᠤ᠋ ᠬᠦᠦ ᠲᠥᠷᠥᠬᠦ ᠳ᠋ᠦ᠍ ᠰᠠᠭᠠᠳ ᠪᠣᠯᠵᠤ ᠡᠢᠮᠦ ᠲᠡᠢᠮᠦ ᠪᠣᠯᠪᠠᠯ᠁ ᠭᠡᠵᠦ ᠴᠢᠩᠭ᠎ᠠ ᠳᠤᠤᠭᠠᠷᠪᠠ᠃
ᠬᠠᠷᠠᠭᠤᠯ ᠤ᠋ᠨ ᠴᠡᠷᠢᠭ ᠴᠦ᠍ ᠦᠨᠡᠮᠰᠢᠵᠦ《 ᠨᠠᠰᠤᠲᠠᠢ ᠬᠥᠮᠦᠨ ᠪᠠᠢᠨ᠎ᠠ᠂ ᠡᠬᠡ ᠪᠠᠷᠢᠶᠠᠴᠢ ᠮᠥᠨ ᠪᠠᠢᠬ᠎ᠠ ᠳᠠ》 ᠭᠡᠵᠦ ᠶᠠᠮᠠᠷ ᠴᠦ᠍ ᠰᠡᠵᠢᠭ ᠳᠠᠭᠠᠪᠤᠷᠢ ᠦᠭᠡᠢ ᠥᠩᠭᠡᠷᠡᠭᠡᠪᠡ᠃
ᠮᠠᠨᠤᠨᠪᠠᠳᠮ᠎ᠠ ᠬᠥᠭᠰᠢᠨ ᠡᠬᠡ ᠪᠠᠷᠢᠶᠠᠴᠢ ᠶ᠋ᠢ ᠳᠠᠭᠠᠭᠤᠯᠤᠨ ᠬᠣᠶᠠᠷ ᠠᠯᠬᠤᠮ ᠢ᠋ ᠨᠢᠭᠡ ᠠᠯᠴᠠᠮ ᠳ᠋ᠤ᠌ ᠲᠣᠪᠴᠢᠯᠠᠨ《 ᠪᠣᠯᠳᠠᠭ ᠰᠠᠨ ᠪᠣᠯ ᠪᠣᠯᠵᠣᠮᠣᠷ ᠴᠦ᠍ ᠪᠣᠯᠤᠭᠠᠰᠠᠢ ᠫᠦᠷᠳ᠋ᠬᠢᠨ ᠨᠢᠰᠦᠭᠡᠳ ᠣᠷᠴᠢᠬᠤ ᠶᠤᠮ》 ᠭᠡᠵᠦ ᠮᠠᠢᠵᠢᠭᠢ ᠳᠠᠢᠵᠢᠬᠢ ᠭᠡᠭᠰᠡᠭᠡᠷ ᠡᠭᠦᠳᠡ ᠪᠣᠯᠭᠠᠨ ᠤ᠋ ᠬᠠᠷᠠᠭᠤᠯ ᠮᠠᠨᠠᠭ᠎ᠠ ᠶ᠋ᠢ ᠮᠥᠨ ᠳᠡᠭᠡᠷᠡᠬᠢ ᠠᠷᠭ᠎ᠠ ᠪᠠᠷ ᠬᠠᠭᠤᠷᠤᠨ ᠶᠠᠪᠤᠨ᠎ᠠ᠃ ᠶᠠᠭ ᠭᠣᠣᠯ ᠭᠡᠷ ᠦ᠋ᠨ ᠡᠭᠦᠳᠡᠨ ᠦ᠌ ᠨᠠᠢ᠍ᠮᠠᠨ ᠳᠡᠭᠲᠡᠷ ᠴᠢᠯᠠᠭᠤᠨ ᠶᠡᠨᠳᠡᠷ ᠢ᠋ ᠳᠠᠪᠠᠬᠤ ᠭᠡᠬᠦ ᠳ᠋ᠦ᠍ ᠣᠳᠬᠣᠨᠮᠠ ᠬᠥᠭᠰᠢᠨ ᠪᠦᠳᠦᠷᠢᠵᠦ ᠡᠯᠢᠭᠡ ᠲᠦᠷᠦᠭᠦᠯᠡᠨ ᠣᠢᠴᠢᠪᠠ᠃ ᠡᠪᠦᠷ ᠳᠣᠲᠣᠷᠠᠬᠢ ᠨᠢᠯᠬ᠎ᠠ ᠬᠦᠦ ᠡᠨᠡ ᠬᠦ᠌ ᠪᠦᠳᠦᠷᠢᠭᠰᠡᠨ ᠶᠡᠬᠡ ᠳᠣᠩᠰᠣᠯᠭᠠᠨ ᠳ᠋ᠤ᠌ ᠰᠣᠴᠢᠨ ᠰᠡᠷᠡᠵᠦ ᠴᠢᠰ ᠬᠢᠨ ᠤᠬᠢᠯᠠᠪᠠ᠃
ᠡᠪᠦᠷ ᠳᠣᠲᠣᠷᠠᠬᠢ ᠨᠢᠯᠬ᠎ᠠ ᠬᠦᠦ ᠶ᠋ᠢᠨ ᠪᠢᠲᠡᠭᠦᠬᠡᠨ ᠳᠠᠭᠤ ᠭᠠᠷᠤᠭᠰᠠᠨ ᠢ᠋ ᠰᠠᠷᠠᠯ ᠢ᠋ᠶ᠋ᠠᠷ ᠢ᠋ᠶ᠋ᠠᠨ ᠮᠡᠳᠡᠭᠰᠡᠨ ᠡᠬᠡ ᠪᠠᠷᠢᠶᠠᠴᠢ ᠰᠠᠨᠳᠤᠷᠬᠤ ᠳ᠋ᠠᠭᠠᠨ《ᠥᠴᠢᠷᠡᠢ ᠬᠠᠯᠠᠭ! ᠠᠯᠠᠬᠤ ᠶᠤᠮ ᠪᠠᠢᠨ᠎ᠠ᠁ ᠶᠣ ᠶᠣ᠁》 ᠭᠡᠵᠦ ᠥᠨᠳᠥᠷ ᠳᠠᠭᠤᠨ ᠢ᠋ᠶ᠋ᠠᠷ ᠬᠠᠰᠬᠢᠴᠢᠵᠤ ᠨᠢᠯᠬ᠎ᠠ ᠬᠦᠦ ᠶ᠋ᠢᠨ ᠤᠬᠢᠯᠠᠭᠰᠠᠨ ᠳᠠᠭᠤ ᠶ᠋ᠢ ᠳᠠᠷᠤᠪᠠ᠃ ᠲᠡᠭᠡᠭᠡᠳ ᠮᠥᠯᠬᠥᠵᠦ ᠪᠣᠰᠤᠨ ᠡᠩᠭᠡᠷ ᠡᠪᠴᠢᠭᠦᠦ ᠪᠡᠨ ᠳᠠᠷᠤᠵᠤ ᠮᠠᠶᠢᠭ ᠭᠠᠷᠭᠠᠨ ᠰᠠᠷᠢᠰᠤᠨ ᠬᠥᠬᠥ ᠪᠡᠷ ᠢ᠋ᠶ᠋ᠡᠨ ᠨᠢᠯᠬ᠎ᠠ ᠬᠦᠦ ᠶ᠋ᠢᠨ ᠬᠣᠰᠢᠭᠤ ᠶ᠋ᠢ ᠨᠢᠯᠠᠪ ᠳᠠᠷᠤᠵᠤ ᠪᠢᠯᠡ᠃ ᠠᠷᠤ ᠳ᠋ᠤᠨᠢ ᠶᠠᠪᠤᠭ᠎ᠠ ᠡᠬᠡ ᠪᠠᠷᠢᠶᠠᠴᠢ ᠶᠡᠨᠳᠡᠷ ᠳᠠᠪᠠᠬᠤ ᠳ᠋ᠠᠭᠠᠨ ᠣᠢᠴᠢᠭᠰᠠᠨ ᠳ᠋ᠤ᠌ ᠮᠠᠨᠤᠨᠪᠠᠳᠮ᠎ᠠ ᠰᠠᠨᠳᠤᠷᠴᠤ᠂ ᠪᠦᠬᠦ ᠪᠡᠶ᠎ᠡ ᠳ᠋ᠦ᠍ᠨᠢ ᠬᠦᠢᠲᠡᠨ ᠬᠥᠯᠥᠰᠥ ᠠᠰᠬᠠᠷᠠᠨ《 ᠴᠢᠭᠢᠶᠡᠲᠦᠷᠦᠦ᠂ ᠮᠠᠭᠤ ᠳᠠᠮᠰᠢᠭ! ᠶᠠᠪᠤᠵᠤ ᠶᠠᠪᠤᠵᠤ ᠢᠮᠠᠭᠠᠨ ᠲᠣᠯᠣᠭᠠᠢ ᠳᠡᠭᠡᠷ᠎ᠡ ᠶᠠᠭᠳᠠᠵᠤ᠂ ᠪᠣᠯᠬᠤ ᠪᠣᠯᠬᠤ ᠦᠭᠡᠢ ᠳ᠋ᠡᠭᠡᠨ ᠪᠤᠬᠠᠨ ᠤ᠋ ᠰᠡᠭᠦᠯ ᠳᠡᠭᠡᠷ᠎ᠡ ᠬᠢᠲᠤᠭ᠎ᠠ ᠬᠤᠭᠤᠯᠬᠤ ᠨᠢ ᠤᠤ》 ᠭᠡᠵᠦ ᠪᠣᠳᠣᠭᠰᠠᠨ ᠢ᠋ᠶ᠋ᠠᠨ ᠡᠬᠡ ᠪᠠᠷᠢᠶᠠᠴᠢ ᠶ᠋ᠢ ᠳᠥᠰᠢᠨ ᠡᠯᠢᠭᠡ ᠡᠪᠴᠢᠭᠦᠦ ᠶ᠋ᠢ ᠨᠢ ᠢᠯᠢᠬᠦ ᠶᠠᠩᠵᠤ ᠭᠠᠷᠭᠠᠨ《 ᠡᠪᠡᠳᠪᠡ ᠤᠤ? ᠭᠠᠢᠭᠤᠢ ᠤᠤ?》 ᠭᠡᠰᠡᠨ ᠢ᠋ᠶ᠋ᠡᠨ《 ᠨᠢᠯᠬ᠎ᠠ ᠬᠦᠦ ᠭᠠᠢᠭᠤᠢ ᠪᠢᠵᠡ?》 ᠭᠡᠰᠡᠨ ᠴᠣᠷᠭᠢᠭᠰᠠᠨ ᠠᠰᠠᠭᠤᠯᠲᠠ ᠨᠢᠳᠦ ᠪᠡᠷ ᠲᠡᠭᠦᠨ ᠢ᠋ ᠰᠢᠷᠳᠡᠵᠦ《 ᠬᠢᠴᠢᠶᠡᠳᠡᠭ ᠦᠭᠡᠢ ᠶᠠᠭᠠᠬᠢᠪᠠ? ᠬᠡᠷᠡᠭ ᠪᠢᠰᠢᠳᠡᠭᠰᠡᠭᠡᠷ ᠴᠦ᠍ ᠮᠠᠭᠤ ᠬᠥᠭᠰᠢᠨ ᠵᠣᠪᠠᠯᠭ᠎ᠠ ᠪᠠᠨ ᠬᠠᠶᠠᠬᠤ ᠭᠠᠵᠠᠷ ᠦᠭᠡᠢ ᠪᠣᠯᠤᠨ᠎ᠠ ᠳᠠ》 ᠭᠡᠵᠦ ᠵᠢᠮᠡᠯᠡᠩᠭᠦᠢ ᠬᠠᠷᠠᠵᠤ ᠪᠠᠢᠯ᠎ᠠ᠃
ᠡᠬᠡ ᠪᠠᠷᠢᠶᠠᠴᠢ ᠴᠦ᠍ ᠨᠢᠭᠡᠮᠦᠰᠦᠨ ᠰᠠᠨᠳᠤᠷᠴᠤ ᠪᠠᠯᠠᠳᠠᠬᠤ ᠳ᠋ᠠᠭᠠᠨ ᠡᠯᠢᠭᠡ ᠡᠪᠴᠢᠭᠦᠦ ᠪᠡᠨ ᠳᠠᠷᠤᠨ《 ᠶᠣ᠁ ᠶᠣ᠁》 ᠭᠡᠵᠦ ᠶᠣᠣᠯᠠᠨ ᠬᠠᠢᠯᠠᠨ ᠮᠠᠨᠤᠨᠪᠠᠳᠮ᠎ᠠ ᠶ᠋ᠢᠨ ᠠᠷᠤ ᠠ᠋ᠴᠠ ᠰᠠᠯᠤᠯ ᠦᠭᠡᠢ ᠪᠣᠷᠪᠢᠳᠠᠨᠠ᠁
ᠳᠣᠲᠣᠷ᠎ᠠ ᠥᠷᠥᠭᠡᠨ ᠦ᠌ ᠡᠭᠦᠳᠡᠨ ᠳ᠋ᠦ᠍ ᠬᠦᠷᠦᠭᠡᠳ ᠬᠣᠶᠠᠷ ᠬᠠᠷᠠᠭᠤᠯ ᠤ᠋ᠨ ᠴᠡᠷᠢᠭ ᠲᠡᠭᠦᠨ ᠢ᠋ ᠬᠠᠰᠢᠨ᠄
— ᠵᠣᠭᠰᠣ! ᠲᠡᠷᠡ ᠱᠤᠤᠮᠠᠰᠠ ᠳ᠋ᠤ᠌ ᠴᠢᠨᠢ ᠶᠠᠭᠤ ᠪᠣᠢ? ᠭᠡᠵᠦ ᠬᠣᠷᠢᠪᠠ᠃ ᠡᠬᠡ ᠪᠠᠷᠢᠶᠠᠴᠢ ᠱᠤᠤᠮᠠᠰᠠ ᠪᠠᠨ ᠬᠠᠷᠠᠭᠤᠯ ᠤ᠋ᠨ ᠴᠡᠷᠢᠭ ᠲᠦ᠍ ᠥᠭᠬᠦ ᠳ᠋ᠦ᠍ ᠮᠠᠨᠤᠨᠪᠠᠳᠮ᠎ᠠ ᠰᠠᠨᠳᠤᠷᠤᠨ᠄《 ᠵᠠ᠂ ᠬᠤᠷᠳᠤᠯᠠ᠂ ᠬᠤᠷᠳᠤᠯᠠ! ᠪᠠᠭ᠎ᠠ ᠬᠠᠲᠤᠨ ᠰᠦᠷᠡᠬᠡᠢ ᠰᠢᠨᠡᠯᠡᠵᠦ ᠪᠠᠢᠭ᠎ᠠ᠁》 ᠭᠡᠳ ᠡᠬᠡ ᠪᠠᠷᠢᠶᠠᠴᠢ ᠶ᠋ᠢᠨ ᠬᠠᠨᠴᠤᠢ ᠠ᠋ᠴᠠ ᠴᠢᠩᠭᠠᠭᠠᠵᠤ ᠳᠣᠲᠣᠷ᠎ᠠ ᠭᠡᠷ ᠤᠷᠤᠭᠤ ᠤᠨᠠᠨ ᠪᠦᠳᠦᠴᠢᠨ ᠣᠷᠣᠯ᠎ᠠ᠁
ᠮᠠᠨᠤᠨᠪᠠᠳᠮ᠎ᠠ ᠬᠥᠭᠰᠢᠨ《 ᠶᠣ᠂ ᠶᠣᠬᠣ ᠠ᠋!》 ᠭᠡᠵᠦ ᠰᠠᠨᠠᠭ᠎ᠠ ᠨᠢ ᠠᠭᠤᠵᠢᠷᠠᠭᠰᠠᠨ ᠴᠦ᠍ ᠶᠤᠮ ᠤᠤ? ᠳᠡᠩᠳᠡᠭᠦᠦ ᠰᠡᠳᠬᠢᠯ ᠵᠣᠪᠠᠭᠰᠠᠨ ᠤ᠋ ᠴᠦ᠍ ᠶᠤᠮ ᠤᠤ ᠤᠷᠲᠤᠬᠠᠨ ᠭᠡᠭᠴᠢ ᠰᠠᠨᠠᠭ᠎ᠠ ᠠᠯᠲᠠᠨ ᠪᠠᠭ᠎ᠠ ᠬᠠᠲᠤᠨ ᠤᠷᠤᠭᠤ ᠨᠢᠳᠦ ᠢᠷᠮᠡᠪᠡ᠃ ᠪᠠᠭ᠎ᠠ ᠬᠠᠲᠤᠨ ᠰᠠᠨᠠᠭ᠎ᠠ ᠶ᠋ᠢ ᠨᠢ ᠣᠢᠯᠠᠭᠠᠵᠤ ᠨᠢᠭᠡ ᠬᠡᠰᠡᠭ ᠰᠦᠷᠡᠬᠡᠢ ᠰᠢᠨᠠᠯᠤᠨ ᠶᠣᠣᠯᠠᠨᠠ᠃
ᠡᠬᠡ ᠪᠠᠷᠢᠶᠠᠴᠢ ᠥᠨᠥᠬᠢ ᠡᠪᠦᠷ ᠳᠣᠲᠣᠷᠠᠬᠢ ᠨᠢᠯᠬ᠎ᠠ ᠬᠦᠦ ᠶ᠋ᠢ ᠬᠠᠨᠵᠤᠨ ᠳᠡᠭᠡᠷ᠎ᠡ ᠲᠠᠯᠪᠢᠬᠤ ᠳ᠋ᠤ᠌ ᠠᠮᠢᠰᠬᠤᠭ᠎ᠠ ᠨᠢ ᠪᠥᠭᠯᠡᠷᠡᠨ ᠤᠷᠤᠭᠤᠯ ᠨᠢ ᠴᠢᠯᠳᠡᠩ ᠬᠥᠬᠡ ᠪᠣᠯᠤᠭᠰᠠᠨ ᠪᠠᠢᠪᠠ᠃
ᠮᠠᠨᠤᠨᠪᠠᠳᠮ᠎ᠠ᠂ ᠡᠬᠡ ᠪᠠᠷᠢᠶᠠᠴᠢ ᠣᠳᠬᠣᠨᠮᠠ᠂ ᠪᠠᠭ᠎ᠠ ᠬᠠᠲᠤᠨ ᠤ᠋ ᠡᠷᠭᠦᠮᠡᠯ ᠡᠬᠡ ᠭᠤᠷᠪᠠᠨ ᠬᠥᠭᠰᠢᠨ ᠨᠢᠭᠡᠨ ᠨᠢᠭᠡᠨ ᠢ᠋ᠶ᠋ᠡᠨ ᠬᠠᠷᠠᠭᠠᠳ ᠮᠡᠯᠡᠷᠡᠨ᠎ᠡ᠃
ᠮᠠᠨᠤᠨᠪᠠᠳᠮ᠎ᠠ ᠬᠥᠭᠰᠢᠨ ᠨᠢᠯᠬ᠎ᠠ ᠬᠦᠦ ᠶ᠋ᠢᠨ ᠬᠣᠰᠢᠭᠤ ᠳ᠋ᠤ᠌ ᠤᠷᠤᠭᠤᠯ ᠢ᠋ᠶ᠋ᠠᠨ ᠨᠠᠭᠠᠵᠤ ᠬᠦᠴᠦᠲᠡᠢ ᠰᠣᠷᠣᠨ ᠠᠮᠢᠰᠬᠤᠭ᠎ᠠ ᠳᠡᠮᠵᠢᠬᠦ ᠳ᠋ᠦ᠍ ᠡᠬᠡ ᠪᠠᠷᠢᠶᠠᠴᠢ ᠣᠳᠬᠣᠨᠮᠠ ᠨᠢᠯᠬ᠎ᠠ ᠬᠦᠦ ᠶ᠋ᠢᠨ ᠬᠥᠯ ᠭᠠᠷ ᠤ᠋ᠨ ᠬᠢᠨᠢ ᠠᠷᠪᠠᠨ ᠬᠤᠷᠤᠭᠤ ᠶ᠋ᠢ ᠴᠢᠩᠭᠠᠬᠠᠨ ᠠᠳᠬᠤᠵᠤ ᠠᠪᠤᠭᠠᠳ ᠬᠠᠳᠬᠤᠨ᠎ᠠ᠃ ᠲᠡᠭᠡᠭᠡᠳ ᠥᠰᠥᠭᠡᠢ ᠪᠣᠯᠤᠨ ᠨᠢᠯᠬ᠎ᠠ ᠶ᠋ᠢᠨ ᠬᠥᠮᠦᠨ( ᠬᠣᠩᠬᠣᠷ) ᠢ᠋ ᠬᠢᠮᠤᠰᠤᠯᠠᠨ ᠬᠠᠳᠬᠤᠪᠠᠯ ᠬᠥᠬᠡᠷᠡᠭᠰᠡᠨ ᠤᠷᠤᠭᠤᠯ ᠨᠢ ᠶᠠᠭᠠᠨ ᠥᠩᠭᠡ ᠣᠷᠣᠵᠤ ᠤᠬᠢᠯᠠᠬᠤ ᠭᠡᠳ ᠳᠠᠭᠤ ᠭᠠᠷᠬᠤ ᠦᠭᠡᠢ ᠠᠮᠠ ᠪᠠᠨ ᠠᠩᠭᠠᠯᠵᠠᠨ ᠡᠭᠡᠷᠡᠨᠡ᠃ ᠠᠮᠢᠳᠤᠷᠠᠯ ᠤ᠋ᠨ ᠪᠡᠷᠬᠡ ᠶ᠋ᠢ ᠲᠤᠭᠤᠯᠵᠤ ᠢᠷᠡᠭᠰᠡᠨ ᠬᠠᠰᠢᠷ ᠬᠥᠮᠦᠨ ᠦ᠌ ᠨᠢᠭᠡ ᠮᠠᠨᠤᠨᠪᠠᠳᠮ᠎ᠠ ᠬᠥᠭᠰᠢᠨ ᠥᠨᠥᠬᠢ ᠨᠢᠯᠬ᠎ᠠ ᠬᠦᠦ ᠶ᠋ᠢᠨ ᠬᠣᠶᠠᠷ ᠬᠥᠯ ᠡᠴᠡ ᠪᠠᠷᠢᠵᠤ ᠲᠣᠯᠣᠭᠠᠢ ᠶ᠋ᠢ ᠨᠢ ᠳᠣᠷᠣᠭᠰᠢ ᠬᠠᠨᠳᠤᠭᠤᠯᠤᠨ ᠪᠤᠬᠤᠷ ᠳᠡᠭᠡᠷ᠎ᠡ ᠨᠢ ᠨᠢᠭᠡ ᠠᠯᠠᠭᠠᠳᠠᠵᠤ᠂ ᠨᠢᠷᠤᠭᠤᠨ ᠭᠣᠣᠯ ᠤᠷᠤᠭᠤ ᠨᠢ ᠠᠷᠢᠬᠢ ᠦᠯᠢᠶᠡᠨ ᠵᠤᠵᠠᠭᠠᠨ ᠮᠢᠬ᠎ᠠ ᠶ᠋ᠢ ᠨᠢ ᠴᠢᠮᠬᠢᠭᠰᠡᠨ ᠳ᠋ᠦ᠍ ᠨᠢᠯᠬ᠎ᠠ ᠬᠦᠦ《 ᠸᠠ᠁》 ᠭᠡᠵᠦ ᠳᠠᠭᠤ ᠲᠠᠯᠪᠢᠨ ᠤᠬᠢᠯᠠᠪᠠ᠃
ᠮᠠᠨᠤᠨᠪᠠᠳᠮ᠎ᠠ ᠬᠥᠭᠰᠢᠨ《 ᠠᠯᠢ ᠨᠠᠳᠠ ᠨᠢᠭᠡ ᠣᠭᠣᠴᠢ ᠤᠰᠤ!》 ᠭᠡᠬᠦ ᠳ᠋ᠦ᠍ ᠴᠠᠭᠠᠨ᠎ᠠ ᠠ᠋ᠴᠠ ᠤᠰᠤ ᠳᠠᠮᠵᠢᠭᠤᠯᠵᠤ ᠥᠭᠪᠡ᠃ ᠨᠢᠭᠡ ᠣᠭᠣᠴᠢ ᠤᠰᠤ ᠣᠭᠣᠴᠢᠭᠠᠳ ᠪᠠᠭ᠎ᠠ ᠬᠠᠲᠤᠨ ᠢ᠋《 ᠨᠢᠳᠦ ᠪᠡᠨ ᠠᠨᠢ》 ᠭᠡᠵᠦ ᠰᠡᠮᠬᠡᠨ ᠳᠣᠬᠢᠶ᠎ᠠ ᠥᠭᠴᠦ ᠮᠠᠩᠨᠠᠢ ᠳᠡᠭᠡᠷ᠎ᠡ ᠨᠢ ᠬᠥᠨᠳᠡᠢᠬᠡᠨ ᠦᠯᠢᠶᠡᠵᠦ᠂ ᠪᠠᠭ᠎ᠠ ᠬᠠᠲᠤᠨ ᠰᠥᠨᠢᠵᠢᠨ ᠵᠣᠪᠠᠭᠰᠠᠨ ᠠ᠋ᠴᠠ ᠮᠠᠩᠨᠠᠢ ᠳ᠋ᠤᠨᠢ ᠬᠦᠢᠲᠡᠨ ᠬᠥᠯᠥᠰᠥ ᠳᠠᠭᠠᠭᠠᠪᠤᠷᠢᠯᠠᠭᠰᠠᠨ ᠬᠠᠭᠤᠷᠮᠠᠭ ᠪᠠᠢᠳᠠᠯ ᠢ᠋ ᠠᠷᠭ᠎ᠠ ᠦᠭᠡᠢ ᠢᠩᠭᠢᠵᠦ ᠬᠢᠵᠡᠢ᠃ ᠪᠠᠭ᠎ᠠ ᠬᠠᠲᠤᠨ᠄
— ᠬᠦᠦ ᠶᠦᠮ ᠤᠤ? ᠬᠡᠦᠬᠡᠨ ᠶᠦᠮ ᠤᠤ? ᠭᠡᠬᠦ ᠳᠣᠷᠣᠢ ᠳᠠᠭᠤ ᠪᠠᠷ ᠠᠰᠠᠭᠤᠬᠤ ᠳ᠋ᠤ᠌ ᠮᠠᠨᠤᠨᠪᠠᠳᠮ᠎ᠠ᠄
— ᠪᠠᠭ᠎ᠠ ᠬᠠᠲᠤᠨ ᠠ᠋! ᠮᠠᠨᠲᠤᠭᠤᠷ ᠴᠠᠭᠠᠨ ᠬᠦᠦ ᠲᠥᠷᠥᠴᠢᠬᠡᠯᠡ ᠭᠡᠳ ᠬᠠᠳ ᠬᠠᠳ ᠬᠢᠨ ᠢᠨᠢᠶᠡᠬᠦ ᠳ᠋ᠦ᠍ ᠨᠥᠭᠦᠭᠡ ᠬᠣᠶᠠᠷ ᠬᠥᠭᠰᠢᠨ ᠴᠦ᠍ ᠳᠠᠭᠠᠯᠳᠤᠨ ᠢᠨᠢᠶᠡᠯᠳᠦᠪᠡ᠃
— ᠪᠠᠭ᠎ᠠ ᠬᠠᠲᠤᠨ ᠬᠦᠦ ᠲᠡᠢ ᠪᠣᠯᠤᠯ᠎ᠠ ᠠ᠋! ᠭᠡᠰᠡᠨ ᠴᠢᠮᠡᠭᠡ ᠬᠡᠰᠡᠭᠬᠡᠨ ᠵᠠᠭᠤᠷ᠎ᠠ ᠳᠠᠮ ᠳᠠᠮ ᠢ᠋ᠶ᠋ᠠᠷ ᠴᠠᠭᠠᠰᠢ ᠤᠯᠠᠮᠵᠢᠯᠠᠨ ᠲᠠᠷᠬᠠᠪᠠ᠃
– – – –
① ᠠᠷᠪᠠᠨ ᠬᠣᠶᠠᠷ ᠵᠢᠯ ᠦ᠋ᠨ ᠵᠢᠰᠦᠮ ᠢ᠋ᠶ᠋ᠡᠷ ᠲᠣᠭᠠᠯᠠᠬᠤ ᠴᠠᠭ ᠤ᠋ᠨ ᠦᠵᠡᠯᠭᠡ ᠳ᠋ᠦ᠍《 ᠲᠩᠷᠢ ᠶ᠋ᠢᠨ ᠢᠪᠡᠭᠡᠯ᠂ ᠬᠥᠬᠡ ᠯᠤᠤ᠂ ᠡᠷᠳᠡᠨᠢ ᠶ᠋ᠢᠨ ᠣᠭ᠌ᠶᠤ᠂ ᠭᠡᠭᠡᠨ ᠣᠷᠳᠣᠨ᠂ ᠠᠯᠲᠠᠨ ᠣᠷᠳᠣᠨ᠂ ᠠᠮᠢᠨ ᠰᠠᠬᠢᠬᠤ》 ᠵᠡᠷᠭᠡ 6 ᠴᠠᠭ ᠨᠢ ᠰᠠᠢᠨ ᠭᠡᠳᠡᠭ᠃
ᠪᠠᠭ᠎ᠠ ᠬᠠᠲᠤᠨ ᠬᠦᠦ ᠲᠡᠢ ᠪᠣᠯᠤᠯ᠎ᠠ ᠭᠡᠰᠡᠨ ᠴᠢᠮᠡᠭᠡ ᠪᠡᠷ ᠪᠠᠶᠠᠷᠯᠠᠭᠰᠠᠨ ᠨᠢᠭᠡ ᠨᠢ ᠮᠠᠩᠨᠠᠢ ᠨᠢ ᠬᠠᠭᠠᠷᠠᠵᠤ᠂ ᠬᠠᠷᠠᠮᠰᠠᠭᠰᠠᠨ ᠨᠢᠭᠡ ᠨᠢ ᠬᠠᠮᠠᠷ ᠨᠢ ᠮᠤᠰᠢᠢᠪᠠ᠃ ᠢᠩᠭᠢᠭᠡᠳ ᠵᠣᠭᠰᠣᠭᠰᠠᠨ ᠦᠭᠡᠢ ᠰᠡᠵᠢᠭ ᠳᠠᠭᠠᠪᠤᠷᠢ ᠡᠪᠦᠷᠯᠡᠭᠰᠡᠨ ᠡᠯᠳᠡᠩᠭᠡ ᠨᠠᠷ ᠳᠣᠣᠷᠠᠬᠢ ᠬᠥᠮᠦᠰ ᠲᠡᠭᠡᠨ᠄《 ᠵᠠ᠂ ᠡᠳᠡᠨᠥᠰ ᠣᠳᠣ ᠪᠠᠭ᠎ᠠ ᠬᠠᠲᠤᠨ ᠤ᠋ ᠬᠣᠢᠲᠤᠬᠢ ᠶ᠋ᠢ ᠬᠠᠮᠢᠭ᠎ᠠ ᠬᠠᠶᠠᠳᠠᠭ ᠪᠣᠯ ᠠ᠋? ᠴᠢᠰᠤ ᠰᠠᠯᠢᠶᠠ ᠴᠦ᠍ ᠪᠠᠢᠳᠠᠭ ᠦᠭᠡᠢ ᠬᠣᠢᠲᠤᠬᠢ ᠨᠢ ᠤᠨᠠᠳᠠᠭ ᠦᠭᠡᠢ ᠬᠦᠦ ᠲᠥᠷᠥᠳᠡᠭ ᠪᠠᠢᠵᠤ ᠠ᠋!》 ᠭᠡᠵᠦ ᠰᠡᠵᠢᠭᠯᠡᠨ ᠬᠣᠭ ᠨᠣᠪᠰᠢ ᠶ᠋ᠢᠨ ᠣᠪᠣᠭ᠎ᠠ᠂ ᠵᠣᠷᠯᠣᠩ ᠤ᠋ᠨ ᠠᠮᠠ ᠶ᠋ᠢ ᠴᠦ᠍ ᠠᠯᠳᠠᠯ ᠦᠭᠡᠢ ᠠᠵᠢᠭᠯᠠᠵᠤ ᠪᠠᠢᠪᠠ᠃
ᠬᠠᠯᠠᠭᠤᠨ ᠴᠢᠯᠠᠭᠤ ᠳᠣᠯᠢᠶᠠᠬᠤ ᠳ᠋ᠤ᠌ ᠬᠡᠯᠡ ᠪᠡᠨ ᠬᠠᠭᠠᠷᠢᠭᠤᠯᠳᠠᠭ ᠦᠭᠡᠢ ᠮᠡᠷᠭᠡᠨ ᠬᠥᠭᠰᠢᠨ ᠮᠠᠨᠤᠨᠪᠠᠳᠮ᠎ᠠ ᠡᠨᠡᠭᠦᠬᠡᠨ ᠵᠢᠭᠠᠬᠠᠨ ᠤᠬᠠᠭᠠᠨ ᠳ᠋ᠤ᠌ ᠥ ᠰᠡᠪ ᠦᠯᠡᠳᠡᠭᠡᠵᠦ ᠤᠷᠠᠬᠠᠨ ᠳ᠋ᠤ᠌ ᠣᠷᠣᠬᠤ ᠨᠣᠮᠣᠬᠠᠨ ᠭᠥᠷᠥᠭᠡᠰᠦ ᠪᠢᠰᠢ ᠪᠠᠢᠵᠠᠢ᠃
ᠪᠠᠭ᠎ᠠ ᠬᠠᠲᠤᠨ ᠰᠠᠭᠤᠭᠰᠠᠨ ᠦᠶ᠎ᠡ ᠨᠢ ᠶᠠᠭ ᠰᠠᠢᠬᠠᠨ ᠬᠠᠪᠤᠷ ᠴᠠᠭ ᠪᠣᠯᠬᠣᠷ ᠢᠮᠠᠭ᠎ᠠ ᠢᠰᠢᠭᠡᠯᠡᠵᠦ ᠪᠠᠢᠭᠰᠠᠨ ᠰᠠᠨᠵᠠᠢ᠃ ᠠᠩᠬᠠᠨ ᠠ᠋ᠴᠠ ᠪᠠᠨ ᠪᠡᠯᠡᠳᠬᠡᠯ ᠲᠡᠢ ᠪᠠᠢᠭᠰᠠᠨ ᠳ᠋ᠠᠭᠠᠨ ᠬᠥᠳᠡᠭᠡ ᠡᠴᠡ ᠮᠠᠯ ᠤ᠋ᠨ ᠭᠡᠭᠡᠰᠢ ᠣᠯᠵᠤ ᠠᠪᠴᠢᠷᠠᠨ ᠬᠥᠮᠦᠨ ᠦ᠌ ᠨᠢᠳᠦ ᠶ᠋ᠢ ᠬᠠᠯᠬᠠᠯᠠᠬᠤ ᠤᠬᠠᠭᠠᠨ ᠮᠠᠨᠤᠨᠪᠠᠳᠮ᠎ᠠ ᠬᠥᠭᠰᠢᠨ ᠳ᠋ᠦ᠍ ᠮᠤᠩᠳᠠᠭᠰᠠᠨ ᠦᠭᠡᠢ ᠠ᠋!
ᠡᠪᠦᠷᠲᠦᠯᠡᠵᠦ ᠠᠪᠴᠢᠷᠠᠭᠰᠠᠨ ᠮᠠᠯ ᠤ᠋ᠨ ᠭᠡᠭᠡᠰᠢ ᠪᠠ ᠴᠢᠰᠤ ᠨᠥᠵᠢ ᠶ᠋ᠢ ᠤᠰᠤᠨ ᠳ᠋ᠤ᠌ ᠳᠡᠪᠲᠦᠭᠡᠵᠦ ᠲᠦᠮᠫᠡᠨ ᠳ᠋ᠦ᠍ ᠬᠢᠭᠡᠳ ᠳᠡᠭᠡᠷ᠎ᠡ ᠡᠴᠡ ᠨᠢ ᠭᠦᠨ ᠤᠯᠠᠭᠠᠨ ᠪᠣᠳᠣᠭ ᠲᠤ ᠪᠤᠵᠠᠷᠲᠤᠭᠰᠠᠨ ᠮᠣᠣᠲᠤᠤ ᠴᠠᠭᠠᠰᠤ ᠪᠠ ᠵᠤᠵᠠᠭᠠᠯᠢᠭ ᠬᠦᠵᠢ ᠰᠢᠷ᠎ᠠ ᠴᠠᠭᠠᠰᠤ ᠵᠡᠷᠭᠡ ᠬᠢᠭᠰᠡᠨ ᠯᠠᠭ ᠨᠣᠪᠰᠢ ᠶ᠋ᠢ ᠮᠠᠨᠤᠨᠪᠠᠳᠮ᠎ᠠ ᠬᠥᠭᠰᠢᠨ ᠠᠪᠴᠤ ᠭᠠᠷᠤᠨ ᠡᠭᠦᠳᠡᠨ ᠦ᠌ ᠬᠠᠷᠠᠭᠤᠯ ᠤ᠋ᠨ ᠨᠢᠭᠡ ᠴᠡᠷᠢᠭ ᠲᠦ᠍ ᠥᠭᠴᠦ᠄
— ᠡᠭᠦᠨ ᠢ᠋ ᠠᠪᠠᠴᠢᠵᠤ ᠠᠰᠬ᠎ᠠ! ᠣᠳᠣ ᠲᠠ ᠨᠠᠷ ᠮᠠᠨᠠᠭᠤᠯ ᠵᠣᠭᠰᠣᠬᠤ ᠬᠡᠷᠡᠭ ᠦᠭᠡᠢ ᠠ᠋! ᠬᠠᠲᠤᠨ ᠬᠦᠦ ᠲᠡᠢ ᠪᠣᠯᠴᠢᠬᠠᠭᠰᠠᠨ ᠶᠤᠮ ᠴᠢᠨᠢ ᠭᠡᠪᠡ᠃
ᠥᠨᠥᠬᠢ ᠬᠠᠷᠠᠭᠤᠯ ᠤ᠋ᠨ ᠴᠡᠷᠢᠭ《 ᠲᠥᠷᠥᠭᠰᠡᠨ ᠡᠮ᠎ᠡ ᠶ᠋ᠢᠨ ᠴᠢᠰᠤ ᠨᠥᠵᠢ ᠶ᠋ᠢ ᠨᠠᠳᠠ ᠪᠠᠷ ᠠᠰᠬᠠᠭᠤᠯᠤᠯᠠ》 ᠭᠡᠵᠦ ᠳᠤᠷ᠎ᠠ ᠦᠭᠡᠢᠴᠡᠬᠦ ᠪᠣᠯᠪᠠᠴᠤ ᠪᠠᠷᠠᠭᠤᠨ ᠲᠤᠰᠠᠯᠠᠭᠴᠢ ᠮᠢᠩᠭᠠᠨᠪᠤᠤ ᠶ᠋ᠢᠨ ᠬᠥᠭᠰᠢᠨ ᠢᠩᠭᠢᠵᠦ ᠬᠡᠯᠡᠬᠦ ᠳ᠋ᠦ᠍ ᠬᠡᠨ ᠬᠥᠮᠦᠨ ᠤᠷᠲᠤ ᠠ᠋ᠴᠠ ᠨᠢ ᠠᠶᠤᠮᠰᠢᠭ ᠦᠭᠡᠢ《ᠦᠭᠡᠢ ᠠ᠋》 ᠭᠡᠵᠦ ᠬᠠᠷᠢᠭᠤᠴᠠᠵᠤ ᠴᠢᠳᠠᠬᠤ ᠪᠢᠯᠡ? ᠲᠡᠷᠡ ᠮᠥᠷᠲᠡᠭᠡᠨ ᠵᠢᠯᠢᠢᠭᠴᠢ ᠬᠦᠩ ᠨᠣᠶᠠᠨ ᠤ᠋ ᠪᠠᠭ᠎ᠠ ᠬᠠᠲᠤᠨ ᠤ᠋ ᠵᠠᠰᠠᠭ ᠵᠠᠯᠭᠠᠮᠵᠢᠯᠠᠬᠤ ᠬᠦᠦ ᠲᠥᠷᠥᠭᠰᠡᠨ ᠬᠣᠢᠲᠤᠬᠢ ᠶ᠋ᠢ ᠨᠢ ᠠᠪᠠᠴᠢᠵᠤ ᠠᠰᠬᠠᠬᠤ ᠨᠢ ᠪᠠᠰᠠ ᠨᠢᠭᠡ ᠠᠵᠠ ᠵᠣᠯ ᠴᠦ᠍ ᠶᠤᠮ ᠤᠤ ᠭᠡᠵᠦ ᠰᠡᠳᠬᠢᠨ᠄
— ᠵᠠ! ᠮᠡᠳᠡᠯ᠎ᠡ ᠭᠡᠳ ᠭᠠᠳᠠᠭᠰᠢ ᠠᠪᠴᠤ ᠶᠠᠪᠤᠵᠢ᠃
ᠵᠠᠮ ᠲᠤᠷᠰᠢ ᠰᠣᠨᠢᠭᠤᠴᠢ ᠬᠥᠮᠦᠰ《 ᠬᠥᠶᠢ᠂ ᠬᠠᠷᠠᠩᠭᠤᠢ ᠰᠥᠨᠢ ᠪᠡᠷ ᠴᠢ ᠶᠠᠭᠤ ᠠᠪᠤᠭᠠᠳ ᠭᠦᠶᠦᠵᠦ ᠪᠠᠢᠭ᠎ᠠ ᠶᠤᠮ?》 ᠭᠡᠵᠦ ᠠᠰᠠᠭᠤᠬᠤ ᠳ᠋ᠤᠨᠢ《 ᠪᠠᠭ᠎ᠠ ᠬᠠᠲᠤᠨ ᠤ᠋ ᠬᠣᠢᠲᠤᠬᠢ》 ᠭᠡᠪᠡᠯ ᠵᠠᠷᠢᠮ ᠨᠢ ᠠᠮᠠ ᠬᠠᠮᠠᠷ ᠢ᠋ᠶ᠋ᠠᠨ ᠪᠥᠭᠯᠡᠵᠦ ᠢᠷᠪᠠᠢᠨᠠ᠃ ᠵᠠᠷᠢᠮ ᠨᠢ ᠤᠷᠪᠠᠭᠤᠯᠵᠤ ᠦᠵᠡᠮᠡᠷ ᠥᠩᠭᠡᠢᠵᠦ ᠪᠠᠢᠪᠠ᠃
ᠮᠠᠷᠭᠠᠲᠤᠷ ᠠ᠋ᠴᠠ ᠨᠢ ᠬᠥᠬᠡ ᠲᠣᠭᠣᠰᠬᠠᠨ ᠬᠦᠷᠢᠶ᠎ᠡ ᠲᠡᠢ ᠭᠦᠨ ᠣᠷᠳᠣᠨ ᠳ᠋ᠤ᠌ ᠴᠤᠭᠯᠠᠷᠠᠭᠰᠠᠨ ᠬᠥᠮᠦᠰ ᠦ᠋ᠨ ᠰᠠᠨᠠᠭ᠎ᠠ ᠨᠢ ᠠᠮᠠᠷᠠᠨ ᠵᠦᠭ ᠵᠦᠭ ᠲᠡᠭᠡᠨ ᠲᠠᠷᠬᠠᠵᠠᠭᠠᠪᠠ᠃ ᠥᠩᠭᠡᠷᠡᠬᠦ ᠰᠥᠨᠢ ᠶ᠋ᠢᠨ ᠬᠠᠷᠠᠭᠤᠯ ᠮᠠᠨᠠᠭ᠎ᠠ ᠴᠦ᠍ ᠲᠠᠲᠠᠷᠠᠵᠤ᠂ ᠪᠠᠭ᠎ᠠ ᠬᠠᠲᠤᠨ ᠤ᠋ ᠤᠷᠲᠤ ᠶ᠋ᠢ ᠰᠠᠬᠢᠵᠤ ᠮᠠᠨᠠᠭᠰᠠᠨ ᠬᠠᠷᠠᠭᠤᠯ ᠤ᠋ᠨ ᠴᠡᠷᠢᠭ ᠳᠡᠭᠡᠷ᠎ᠡ ᠡᠬᠡ ᠨᠢᠯᠬ᠎ᠠ ᠶ᠋ᠢᠨ ᠡᠷᠡᠭᠦᠯ ᠮᠡᠨᠳᠦ ᠶ᠋ᠢ ᠪᠠᠲᠤᠯᠠᠬᠤ ᠭᠡᠵᠦ ᠠᠷᠪᠠᠨ ᠴᠡᠷᠢᠭ ᠦ᠋ᠨ ᠡᠭᠡᠯᠵᠢ ᠵᠠᠰᠢᠶᠠᠨ ᠤ᠋ ᠴᠡᠷᠢᠭ ᠨᠡᠮᠡᠭᠰᠡᠨ ᠡᠴᠡ ᠪᠤᠰᠤᠳ ᠢ᠋ ᠨᠢ ᠴᠥᠮ ᠪᠤᠴᠠᠭᠠᠪᠠ᠃
ᠪᠠᠭ᠎ᠠ ᠬᠠᠲᠤᠨ ᠵᠠᠰᠠᠭ ᠵᠠᠯᠭᠠᠮᠵᠢᠯᠠᠬᠤ ᠬᠦᠦ ᠲᠡᠢ ᠪᠣᠯᠤᠯ᠎ᠠ ᠭᠡᠳᠡᠭ ᠰᠤᠷᠠᠭ ᠴᠢᠮᠡᠭᠡ ᠨᠢᠭᠡ ᠡᠴᠡ ᠠᠷᠪᠠ᠂ ᠠᠷᠪᠠ ᠠ᠋ᠴᠠ ᠵᠠᠭᠤ ᠳ᠋ᠤ᠌ ᠳᠠᠮ ᠳᠠᠮ ᠳᠠᠮᠵᠢᠨ ᠬᠣᠰᠢᠭᠤ ᠳᠠᠶᠠᠭᠠᠷ ᠮᠡᠳᠡᠬᠦ ᠦᠭᠡᠢ ᠬᠥᠮᠦᠨ ᠦᠭᠡᠢ ᠪᠣᠯᠪᠠ᠃ ᠬᠠᠶᠠ ᠵᠠᠷᠢᠮ ᠨᠢ ᠪᠠᠰᠠ《 ᠨᠢᠭᠡ ᠨᠠᠰᠤᠨ ᠳ᠋ᠠᠭᠠᠨ ᠦᠷ᠎ᠡ ᠬᠡᠦᠬᠡᠳ ᠦᠭᠡᠢ ᠰᠢᠷᠠᠪᠳᠣᠷᠵᠢ ᠨᠣᠶᠠᠨ ᠦᠬᠦᠬᠦ ᠶ᠋ᠢᠨ ᠡᠮᠦᠨ᠎ᠡ ᠡᠪᠡᠳᠴᠢᠨ ᠵᠣᠪᠠᠯᠠᠩ ᠳ᠋ᠤ᠌ ᠪᠠᠷᠢᠭᠳᠠᠭᠰᠠᠨ ᠪᠠᠢᠲᠠᠯ᠎ᠠ ᠪᠠᠨ ᠬᠦᠦ ᠳᠦᠷᠦᠭᠦᠯᠴᠢᠬᠡᠯᠡ ᠭᠡᠵᠦ ᠤᠤ ᠲᠥᠷᠥᠬᠦ ᠪᠡᠷ ᠪᠣᠳᠣᠬᠤ ᠳ᠋ᠤ᠌ ᠠᠯᠳᠠᠭᠤᠯ ᠬᠦᠦ! ᠨᠢᠭᠡ ᠪᠣᠯ ᠥᠨᠥᠬᠢ ᠪᠠᠭ᠎ᠠ ᠬᠠᠲᠤᠨ ᠤ᠋ ᠠᠩᠬᠠᠨ ᠤ᠋ ᠠᠮᠠᠷᠠᠭ ᠨᠢ ᠨᠢᠭᠤᠴᠠ ᠪᠠᠷ ᠬᠢᠵᠦ ᠣᠷᠬᠢᠭᠰᠠᠨ ᠪᠢᠵᠡ⁈》 ᠭᠡᠰᠡᠨ ᠴᠤᠤᠷᠬᠠᠯ ᠶᠠᠷᠢᠶ᠎ᠠ ᠴᠦ᠍ ᠦᠨᠡᠨ ᠶᠦᠮ ᠰᠢᠭ ᠬᠥᠮᠦᠰ ᠦ᠋ᠨ ᠳᠤᠮᠳᠠ ᠶᠠᠷᠢᠭᠳᠠᠵᠤ ᠪᠠᠢᠯ᠎ᠠ᠃
ᠮᠠᠨᠤᠨᠪᠠᠳᠮ᠎ᠠ ᠬᠥᠭᠰᠢᠨ ᠶᠠᠭᠤ ᠴᠦ᠍ ᠭᠡᠰᠡᠨ ᠪᠠᠭ᠎ᠠ ᠬᠠᠲᠤᠨ ᠢ᠋ ᠠᠮᠤᠷ ᠮᠡᠨᠳᠦ《ᠰᠠᠭᠤᠯᠭᠠᠵᠤ》 ᠡᠬᠡ ᠨᠢᠯᠬ᠎ᠠ ᠶ᠋ᠢ ᠡᠷᠡᠭᠦᠯ ᠮᠡᠨᠳᠦ ᠪᠠᠲᠤᠯᠠᠭᠰᠠᠨ ᠳ᠋ᠠᠭᠠᠨ ᠳᠣᠲᠣᠷ᠎ᠠ ᠨᠢ ᠣᠩᠭᠣᠢᠵᠤ ᠰᠡᠳᠬᠢᠯ ᠬᠠᠩᠭᠠᠯᠤᠭᠤᠨ ᠪᠠᠢᠪᠠ᠃ ᠳᠡᠷᠭᠡᠳᠡᠬᠢ ᠬᠥᠮᠦᠰ ᠨᠢ ᠴᠦ᠍ ᠮᠠᠨᠤᠨᠪᠠᠳᠮ᠎ᠠ ᠬᠥᠭᠰᠢᠨ ᠢ᠋ ᠪᠢᠰᠢᠷᠡᠨ ᠬᠦᠨᠳᠦᠯᠡᠵᠦ《 ᠪᠠᠷᠠᠭᠤᠨ ᠬᠦᠩ ᠦ᠋ᠨ ᠵᠠᠰᠠᠭ ᠤ᠋ᠨ ᠡᠷᠬᠡ ᠶ᠋ᠢ ᠵᠠᠯᠭᠠᠮᠵᠢᠯᠠᠬᠤ ᠬᠦᠦ ᠲᠥᠷᠥᠭᠦᠯᠦᠭᠰᠡᠨ》 ᠶᠠᠪᠤᠳᠠᠯ ᠳ᠋ᠤ᠌ ᠠᠴᠢ ᠭᠠᠪᠢᠶ᠎ᠠ ᠲᠠᠢ ᠭᠡᠵᠦ ᠢᠯᠡ ᠳᠠᠯᠳᠠ ᠮᠠᠭᠲᠠᠵᠤ ᠪᠠᠢᠯ᠎ᠠ᠃ ᠭᠡᠬᠦ ᠳ᠋ᠦ᠍ ᠡᠭᠦᠨ ᠦ᠌ ᠳᠣᠲᠣᠷ᠎ᠠ ᠤᠴᠢᠷ ᠪᠣᠢ᠃《 ᠦᠯᠢᠭᠡᠷ ᠦ᠋ᠨ ᠳᠣᠲᠣᠷ᠎ᠠ ᠦᠯᠢᠭᠡᠷ ᠲᠡᠢ᠂ ᠦᠨᠢᠶᠡᠨ ᠳᠣᠲᠣᠷ᠎ᠠ ᠲᠤᠭᠤᠯ ᠲᠠᠢ》 ᠭᠡᠳᠡᠭ ᠢ᠋ᠶ᠋ᠡᠷ ᠪᠠᠭ᠎ᠠ ᠬᠠᠲᠤᠨ ᠢ᠋ ᠳᠠᠪᠬᠤᠷ ᠪᠣᠯᠤᠭᠰᠠᠨ ᠠ᠋ᠴᠠ ᠠᠪᠤᠭᠠᠳ ᠬᠥᠩᠭᠡᠵᠢᠬᠦ ᠬᠦᠷᠲᠡᠯ᠎ᠡ ᠨᠠᠷᠢᠨ ᠤᠬᠠᠭᠠᠨ ᠬᠡᠷᠬᠢᠨ ᠭᠠᠷᠭᠠᠭᠰᠠᠨ ᠢ᠋ ᠴᠥᠭᠡᠪᠦᠷ ᠡᠷᠬᠢᠮ ᠬᠥᠮᠦᠰ ᠡᠴᠡ ᠥᠭᠡᠷ᠎ᠡ ᠬᠡᠨ ᠴᠦ᠍ ᠮᠡᠳᠡᠬᠦ ᠦᠭᠡᠢ ᠪᠠᠢᠪᠠ᠃ ᠢᠯᠠᠩᠭᠤᠶ᠎ᠠ ᠲᠢᠶᠠᠨ ᠣᠪᠣᠭᠲᠤ ᠳ᠋ᠧᠦᠹᠦ᠋ ᠬᠢᠳᠡᠭ ᠬᠢᠲᠠᠳ ᠠ᠋ᠴᠠ ᠡᠷᠭᠦᠭᠰᠡᠨ ᠬᠦᠦ ᠶ᠋ᠢᠨ ᠲᠤᠬᠠᠢ ᠨᠠᠷᠢᠨ ᠨᠢᠭᠤᠴᠠ ᠤᠴᠢᠷ ᠢ᠋ ᠨᠡᠩ ᠴᠦ᠍ ᠮᠡᠳᠡᠬᠦ ᠬᠥᠮᠦᠨ ᠠᠯᠠᠭ᠎ᠠ᠃
ᠮᠠᠨᠤᠨᠪᠠᠳᠮ᠎ᠠ ᠶ᠋ᠢᠨ ᠬᠦᠦ ᠴᠣᠭᠪᠠᠭᠠᠲᠤᠷ ᠪᠤᠭᠤᠲᠤ ᠶ᠋ᠢᠨ ᠴᠡᠷᠢᠭ ᠦ᠋ᠨ ᠰᠤᠷᠭᠠᠭᠤᠯᠢ ᠳ᠋ᠤ᠌ ᠰᠤᠷᠤᠯᠴᠠᠵᠤ ᠪᠠᠢᠬᠤ ᠳ᠋ᠠᠭᠠᠨ ᠸᠠᠩ ᠲᠣᠪᠴᠢᠶᠠᠨ ᠳᠠᠷᠤᠭ᠎ᠠ ᠶ᠋ᠢᠨ ᠬᠠᠭᠤᠷᠠᠢ ᠬᠡᠦᠬᠡᠨ ᠲᠡᠢ ᠰᠠᠮᠠᠭᠤᠷᠠᠵᠤ ᠪᠠᠢᠭᠰᠠᠭᠠᠷ ᠥᠨᠥᠬᠢ ᠬᠡᠦᠬᠡᠨ ᠢ᠋ ᠳᠠᠪᠬᠤᠷ ᠪᠣᠯᠭᠠᠪᠠ᠃ ᠢᠩᠭᠢᠬᠦᠯᠡᠷ ᠥᠨᠥᠬᠢ ᠬᠡᠦᠬᠡᠨ ᠵᠠᠪᠠᠯ ᠴᠣᠭᠪᠠᠭᠠᠲᠤᠷ ᠲᠠᠢ ᠰᠠᠭᠤᠨ᠎ᠠ ᠭᠡᠳ ᠵᠢᠭᠤᠷᠠᠯᠳᠤᠭᠠᠳ ᠲᠠᠯᠪᠢᠬᠤ ᠦᠭᠡᠢ᠃ ᠰᠠᠨᠠᠭ᠎ᠠ ᠪᠠᠷ ᠨᠢ ᠶᠠᠪᠤᠬᠤ ᠦᠭᠡᠢ ᠪᠣᠯ ᠸᠠᠩ ᠲᠣᠪᠴᠢᠶᠠᠨ ᠳᠠᠷᠤᠭ᠎ᠠ ᠳ᠋ᠤ᠌ ᠵᠠᠭᠠᠯᠳᠤᠵᠤ ᠴᠢᠮᠠᠶ᠋ᠢ ᠰᠤᠷᠭᠠᠭᠤᠯᠢ ᠠ᠋ᠴᠠ ᠬᠥᠭᠡᠭᠡᠵᠦ ᠱᠣᠷᠣᠩ ᠳ᠋ᠤ᠌ ᠬᠣᠷᠢᠵᠤ ᠮᠥᠩᠭᠥ ᠲᠥᠯᠥᠭᠦᠯᠦᠨ᠎ᠡ᠁ ᠭᠡᠵᠦ ᠪᠠᠢᠨ ᠰᠠᠭᠤᠨ ᠠᠶᠤᠯᠭᠠᠳᠠᠭ ᠪᠠᠢᠯ᠎ᠠ᠃ ᠡᠭᠦᠨ ᠢ᠋ ᠮᠠᠨᠤᠨᠪᠠᠳᠮ᠎ᠠ ᠬᠥᠭᠰᠢᠨ ᠰᠣᠨᠣᠰᠤᠭᠠᠳ ᠠᠭᠤᠷᠯᠠᠭᠰᠠᠨ ᠪᠣᠯᠪᠠᠴᠤ ᠦᠷ᠎ᠡ ᠶ᠋ᠢᠨ ᠭᠠᠭᠴᠠ ᠡᠷᠬᠡ ᠳᠤᠷ᠎ᠠ ᠪᠠᠷ ᠰᠤᠷᠤᠭᠰᠠᠨ ᠬᠦᠦ ᠪᠡᠨ ᠪᠤᠷᠤᠭᠤᠳᠬᠠᠭᠰᠠᠨ ᠦᠭᠡᠢ᠃ ᠨᠥᠭᠦᠭᠡ ᠬᠡᠦᠬᠡᠨ ᠳ᠋ᠦ᠍ ᠭᠤᠷᠪᠠᠨ ᠠᠭᠲᠠ᠂ ᠲᠠᠪᠤᠨ ᠦᠬᠡᠷ᠂ ᠬᠣᠶᠠᠷ ᠵᠠᠭᠤᠨ ᠯᠠᠩ ᠮᠥᠩᠭᠥ ᠲᠥᠯᠥᠵᠦ ᠲᠥᠷᠥᠭᠰᠡᠨ ᠬᠦᠦ ᠶ᠋ᠢ ᠨᠢ ᠡᠷᠭᠦᠵᠦ ᠠᠪᠤᠭᠠᠳ ᠠᠷᠠᠴᠢᠯᠠᠨ ᠥᠰᠬᠡᠨ᠎ᠡ ᠭᠡᠵᠦ ᠠᠮᠠᠯᠳᠠᠪᠠ᠃ ᠢᠩᠭᠢᠭᠡᠳ ᠡᠢᠮᠦ ᠶᠡᠬᠡ ᠭᠠᠷᠤᠵᠠ ᠭᠠᠷᠭᠠᠨ ᠬᠡᠦᠬᠡᠳ ᠦᠷᠡᠴᠢᠯᠡᠬᠦ ᠭᠡᠳᠡᠭ ᠨᠢ ᠭᠡᠳ ᠲᠣᠯᠣᠭᠠᠢ ᠡᠪᠡᠳᠴᠦ ᠪᠠᠢᠵᠠᠢ᠃ ᠶᠠᠭᠤ ᠪᠠᠷ ᠶᠠᠳᠠᠭᠤᠷᠠᠭᠰᠠᠨ ᠴᠦ᠍ ᠤᠬᠠᠭᠠᠨ ᠰᠠᠮᠪᠠᠭ᠎ᠠ ᠪᠠᠷ ᠶᠠᠳᠠᠭᠤᠷᠠᠵᠤ ᠦᠵᠡᠭᠡ ᠦᠭᠡᠢ ᠮᠠᠨᠤᠨᠪᠠᠳᠮ᠎ᠠ ᠬᠥᠭᠰᠢᠨ ᠬᠦᠩ ᠨᠣᠶᠠᠨ ᠡᠪᠡᠳᠴᠢᠯᠡᠵᠦ᠂ ᠪᠠᠭ᠎ᠠ ᠬᠠᠲᠤᠨ ᠤᠷᠤᠭᠤ ᠴᠢᠷᠠᠢᠯᠠᠭᠰᠠᠨ ᠪᠠᠢᠳᠠᠯ ᠢ᠋ ᠰᠠᠨᠠᠵᠤ ᠣᠯᠤᠨ ᠪᠠᠭ᠎ᠠ ᠬᠠᠲᠤᠨ ᠤ᠋ ᠬᠡᠪᠡᠯᠢ ᠶ᠋ᠢ ᠬᠥᠪᠥᠩ ᠢ᠋ᠶ᠋ᠡᠷ ᠪᠣᠭᠣᠵᠤ《 ᠬᠦᠦ ᠲᠥᠷᠥᠭᠦᠯᠬᠦ ᠤᠬᠠᠭᠠᠨ》 ᠢ᠋ ᠰᠤᠪᠢᠵᠤ ᠪᠢᠯᠡ᠃ ᠡᠢᠨ ᠬᠦ᠌ ᠸᠠᠩ ᠲᠣᠪᠴᠢᠶᠠᠨ ᠳᠠᠷᠤᠭ᠎ᠠ ᠶ᠋ᠢᠨ ᠬᠠᠭᠤᠷᠠᠢ ᠬᠡᠦᠬᠡᠨ ᠦ᠌ ᠬᠥᠯ ᠬᠦᠨᠳᠦ ᠪᠣᠯᠤᠭᠰᠠᠨ ᠰᠠᠷ᠎ᠠ ᠬᠣᠨᠣᠭ ᠢ᠋ ᠲᠣᠭᠠᠯᠠᠨ ᠮᠡᠳᠡᠵᠦ᠂ ᠬᠦᠩ ᠨᠣᠶᠠᠨ ᠤ᠋ ᠪᠠᠭ᠎ᠠ ᠬᠠᠲᠤᠨ ᠳ᠋ᠤ᠌ ᠤᠬᠠᠭᠠᠯᠠᠭᠰᠠᠨ ᠨᠢ ᠡᠨᠡ ᠠᠵᠤᠭᠤ᠃ ᠪᠠᠭ᠎ᠠ ᠬᠠᠲᠤᠨ ᠢ᠋ ᠬᠦᠦ ᠲᠥᠷᠥᠭᠦᠯᠬᠦ ᠶ᠋ᠢᠨ ᠴᠠᠭᠠᠨᠠᠬᠢ ᠤᠪᠠᠳᠢᠰ ᠨᠢ ᠪᠣᠯ ᠨᠡᠷ᠎ᠡ ᠶ᠋ᠢ ᠨᠢ ᠬᠦᠩ ᠨᠣᠶᠠᠨ ᠰᠢᠷᠠᠪᠳᠣᠷᠵᠢ ᠶ᠋ᠢᠨ ᠪᠡᠶ᠎ᠡ ᠳᠡᠭᠡᠷ᠎ᠡ ᠲᠣᠬᠣᠵᠤ ᠨᠢᠳᠡᠷ ᠢ᠋ ᠥᠪᠡᠷ ᠦ᠋ᠨ ᠤᠳᠤᠮ ᠢ᠋ᠶ᠋ᠠᠷ ᠭᠦᠢᠴᠡᠳᠬᠡᠨ ᠪᠠᠷᠠᠭᠤᠨ ᠬᠦᠩ ᠦ᠋ᠨ ᠵᠢᠩᠬᠢᠨᠢ ᠵᠠᠰᠠᠭ ᠵᠠᠯᠭᠠᠮᠵᠢᠯᠠᠬᠤ ᠶ᠋ᠢ ᠰᠠᠨᠠᠭᠰᠠᠨ ᠬᠣᠯᠠ ᠶ᠋ᠢᠨ ᠪᠣᠳᠣᠯ ᠳ᠋ᠤ᠌ ᠪᠠᠢᠵᠠᠢ᠃ ᠢᠩᠭᠢᠬᠦ ᠨᠢ ᠶᠣᠰᠣᠲᠠᠢ ᠯᠠ ᠨᠢᠭᠡ ᠬᠤᠷᠤᠭᠤ ᠪᠠᠷ ᠭᠤᠷᠪᠠᠨ ᠨᠣᠬᠠᠢ ᠶ᠋ᠢᠨ ᠪᠥᠭᠡᠰᠦ ᠳᠠᠷᠤᠭᠰᠠᠨ ᠭᠣᠢᠳᠠ ᠤᠬᠠᠭᠠᠨ ᠪᠠᠢᠪᠠ᠃ ᠲᠡᠭᠡᠭᠡᠳ ᠨᠠᠭᠠᠲᠠᠢ ᠴᠠᠭᠠᠲᠠᠢ ᠨᠠᠷᠢᠨ ᠶᠠᠪᠤᠳᠠᠯ ᠢ᠋ ᠬᠢᠯᠭᠠᠰᠤᠨ ᠲᠡᠳᠦᠢ ᠥ ᠰᠡᠪ ᠦᠭᠡᠢ ᠵᠣᠬᠢᠴᠠᠭᠤᠯᠵᠤ ᠰᠡᠳᠦᠭᠡᠳ᠂ ᠸᠠᠩ ᠲᠣᠪᠴᠢᠶᠠᠨ ᠳᠠᠷᠤᠭ᠎ᠠ ᠶ᠋ᠢᠨ ᠬᠠᠭᠤᠷᠠᠢ ᠬᠡᠦᠬᠡᠨ ᠡᠴᠡ ᠲᠥᠷᠥᠭᠰᠡᠨ ᠬᠦᠦ ᠶ᠋ᠢ ᠲᠢᠶᠠᠨ ᠣᠪᠣᠭᠲᠠᠢ ᠳ᠋ᠧᠦᠹᠦ᠋ ᠬᠢᠳᠡᠭ ᠬᠢᠲᠠᠳ ᠤ᠋ᠨ ᠳ᠋ᠤ᠌ ᠲᠦᠷ ᠲᠡᠵᠢᠭᠡᠯᠭᠡᠵᠡᠢ᠃ ᠲᠤᠬᠠᠢ ᠶ᠋ᠢᠨ ᠦᠶ᠎ᠡ ᠳ᠋ᠦ᠍ ᠮᠠᠨᠤᠨᠪᠠᠳᠮ᠎ᠠ ᠬᠥᠭᠰᠢᠨ ᠴᠦ᠍ ᠡᠨᠡ ᠬᠡᠦᠬᠡᠨ ᠢ᠋ ᠬᠦᠦ ᠲᠦᠷᠦᠲᠦᠭᠡᠢ ᠭᠡᠵᠦ ᠵᠠᠯᠪᠠᠷᠢᠨ ᠪᠤᠷᠬᠠᠨ ᠭᠦᠩᠭᠠᠷᠠᠪᠠ ᠳ᠋ᠠᠭᠠᠨ ᠨᠢᠭᠡ ᠪᠢᠰᠢ ᠤᠳᠠᠭ᠎ᠠ ᠮᠥᠷᠭᠥᠨ ᠭᠤᠶᠤᠪᠠ᠃ ᠠᠵᠠ ᠪᠤᠰᠤᠳᠠᠵᠤ ᠬᠡᠦᠬᠡᠨ ᠳᠦᠷᠦᠴᠢᠬᠡᠪᠡᠯ ᠥᠭᠡᠷ᠎ᠡ ᠲᠣᠬᠢᠲᠠᠢ ᠠᠷᠭ᠎ᠠ ᠪᠣᠳᠣᠬᠤ ᠬᠡᠷᠡᠭᠲᠡᠢ ᠪᠠᠢᠵᠠᠢ᠃
ᠲᠡᠭᠦᠨ ᠦ᠌ ᠰᠠᠨᠠᠭᠰᠠᠨ ᠨᠢ ᠰᠠᠭᠠᠷ ᠦᠭᠡᠢ ᠪᠦᠲᠦᠭᠰᠡᠨ ᠳ᠋ᠦ᠍ ᠰᠠᠮᠠᠭᠠᠨ ᠤ᠋ ᠮᠠᠩᠨᠠᠢ ᠳ᠋ᠤ᠌ ᠪᠠᠶᠠᠷ ᠪᠠᠶᠠᠰᠤᠯ ᠪᠢᠯᠬᠠᠵᠤ《 ᠡᠯᠳᠡᠩᠭᠡ ᠲᠤᠰᠠᠯᠠᠭᠴᠢ ᠶ᠋ᠢᠨ ᠪᠦᠲᠦᠭᠡᠬᠦ ᠭᠡᠳ ᠴᠢᠳᠠᠭᠰᠠᠨ ᠦᠭᠡᠢ ᠲᠣᠮᠣ ᠶᠠᠪᠤᠳᠠᠯ ᠢ᠋ ᠵᠠᠪᠳᠤᠵᠤ ᠪᠦᠲᠦᠭᠡᠭᠰᠡᠨ᠁》 ᠭᠡᠵᠦ ᠰᠠᠨᠠᠨ ᠠᠯᠤᠰ ᠢ᠋ ᠰᠢᠷᠲᠡᠭᠰᠡᠨ ᠪᠣᠷᠣ ᠨᠢᠳᠦ ᠨᠢ ᠶᠡᠷᠦ ᠪᠤᠰᠤ ᠪᠠᠷ ᠭᠢᠯᠠᠯᠵᠠᠵᠤ ᠪᠠᠢᠪᠠ᠃
