ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠲᠠᠪᠤ) Сэрүүхэн тал нутаг–<свис> Вальтер Босгард (Walter Bosshard)- Дөрөвдүгээр бөлөг 15 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠲᠠᠪᠤ) Сэрүүхэн тал нутаг–<свис> Вальтер Босгард (Walter Bosshard)- Дөрөвдүгээр бөлөг 15

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠲᠠᠪᠤ) Сэрүүхэн тал нутаг–<свис> Вальтер Босгард (Walter Bosshard)- Дөрөвдүгээр бөлөг 15

ᠠᠩᠭᠢᠯᠠᠯ:ᠲᠤᠭᠤᠵᠢ ᠷᠣᠮᠠᠨ
2024-09-21

310

ᠠᠷᠪᠠᠨ ᠲᠠᠪᠤ ᠂ ᠲᠠᠯ᠎ᠠ ᠨᠤᠲᠤᠭ ᠠ᠋ᠴᠠ ᠠᠶᠠᠷᠯᠠᠭᠰᠠᠨ ᠮᠠᠨᠢ


       ᠵᠤᠨ ᠳᠠᠭᠤᠰᠬᠤ ᠪᠣᠯᠤᠯ᠎ᠠ᠃ ᠰᠥᠨᠢ ᠳ᠋ᠡᠭᠡᠨ ᠶᠡᠬᠡ ᠬᠦᠢᠲᠡᠨ ᠪᠣᠯᠵᠤ ᠯᠠᠷᠰᠤᠨ ᠠᠪᠠᠭᠠᠢ ᠵᠤᠤᠬ᠎ᠠ ᠪᠠᠨ ᠴᠡᠪᠡᠷᠯᠡᠵᠦ ᠨᠣᠴᠣᠭᠠᠬᠤ ᠳ᠋ᠤ᠌ ᠪᠡᠯᠡᠬᠡᠨ ᠪᠣᠯᠭᠠᠪᠠ᠃  ᠵᠠᠩᠪᠸᠢ ᠳ᠋ᠤ᠌ ᠪᠠᠢᠭ᠎ᠠ ᠶᠠᠫᠣᠨ ᠤ᠋ ᠪᠠᠢᠭᠤᠯᠤᠮᠵᠢ ᠴᠠᠭᠠᠨ ᠬᠦᠷᠢᠶᠡᠨ ᠦ᠌ ᠰᠦᠮ᠎ᠡ ᠳ᠋ᠦ᠍ ᠬᠦᠷᠬᠦ ᠵᠠᠬᠢᠳᠠᠯ ᠴᠢᠮᠡᠭᠡ ᠬᠦᠷᠭᠡᠭᠴᠢᠳ ᠢ᠋ ᠭᠤᠷᠪᠠᠨ ᠭᠠᠷᠠᠭ ᠰᠢᠬᠠᠮ ᠬᠣᠷᠢᠨ ᠵᠣᠭᠰᠣᠭᠠᠪᠠ᠃ ᠡᠸᠷᠢᠺᠰᠣᠨ ᠤ᠋ ᠰᠡᠳᠬᠢᠯ ᠰᠠᠨᠠᠭ᠎ᠠ ᠴᠤ᠌ ᠪᠦᠷ ᠲᠣᠭᠲᠠᠭᠤᠨ ᠪᠤᠰᠤ ᠪᠣᠯᠤᠯ᠎ᠠ ᠃ ᠵᠠᠪᠰᠠᠷ ᠲᠤ᠌ ᠪᠠᠢᠭ᠎ᠠ ᠮᠣᠩᠭᠣᠯ ᠨᠠᠢᠵᠠ ᠨᠠᠷ ᠲᠡᠭᠦᠨ ᠳ᠋ᠦ᠍ ᠶᠠᠫᠣᠨ ᠤ᠋ ᠵᠥᠪᠯᠡᠭᠴᠢ ᠨᠠᠷ ᠯᠠᠷᠰᠤᠨ ᠬᠦᠩ ᠪᠣᠯᠤᠨ ᠰᠸᠸᠳ᠋ᠸᠨ ᠦ᠌ ᠪᠦᠬᠦ ᠱᠠᠰᠢᠨ ᠰᠤᠷᠲᠠᠯᠴᠢᠯᠠᠭᠴᠢ ᠨᠠᠷ ᠢ᠋ ᠦᠯᠳᠡᠨ ᠬᠥᠭᠡᠭᠡᠬᠦ ᠪᠡᠷ ᠪᠢᠰᠢᠯᠭᠠᠵᠤ ᠪᠠᠢᠭ᠎ᠠ ᠶ᠋ᠢ ᠨᠢ ᠬᠡᠯᠡᠵᠦ ᠥᠭᠪᠡ᠃ ᠮᠣᠩᠭᠣᠯᠴᠤᠳ ᠤ᠋ᠨ ᠡᠨᠡ ᠬᠦ᠌ ᠰᠸᠸᠳ᠋ᠸᠨ ᠦ᠌ ᠬᠠᠭᠤᠴᠢᠨ ᠨᠠᠢᠵᠠ ᠠ᠋ᠴᠠ ᠪᠠᠨ ᠦᠷᠭᠦᠯᠵᠢ ᠠᠷᠭ᠎ᠠ ᠲᠤᠰᠠ ᠡᠷᠢᠳᠡᠭ ᠢ᠋ ᠶᠠᠪᠤᠴᠤᠳ ᠮᠡᠳᠡᠳᠡᠭ ᠪᠥᠭᠡᠳ ᠶᠠᠫᠣᠨ ᠤ᠋ ᠮᠠᠨᠵᠤ ᠳ᠋ᠤ᠌ ᠪᠣᠯᠪᠠᠰᠤᠷᠠᠭᠤᠯᠵᠤ ᠪᠠᠢᠭ᠎ᠠ ᠲᠥᠯᠥᠪᠯᠡᠭᠡ ᠵᠣᠷᠢᠯᠬ᠎ᠠ ᠶ᠋ᠢ ᠨᠢ ᠲᠡᠭᠦᠨ ᠳ᠋ᠦ᠍ ᠵᠠᠳᠠᠷᠠᠭᠤᠯᠤᠨ᠎ᠠ ᠭᠡᠳᠡᠭ ᠢ᠋ ᠶᠠᠫᠣᠨᠴᠤᠳ ᠲᠣᠳᠣᠷᠬᠠᠢ ᠣᠢᠯᠠᠭᠠᠳᠠᠭ ᠠᠵᠢ᠃ 
       ᠡᠨᠡ ᠬᠣᠭᠣᠷᠣᠨᠳᠣ ᠪᠢ ᠴᠦ᠍ ᠠᠯᠭᠤᠷᠬᠠᠨ ᠢ᠋ᠶ᠋ᠠᠷ ᠶᠠᠪᠤᠬᠤ ᠪᠡᠯᠡᠳᠬᠡᠯ ᠢ᠋ᠶ᠋ᠡᠨ ᠬᠢᠵᠦ ᠡᠬᠢᠯᠡᠯ᠎ᠡ᠃ ᠭᠡᠬᠦ ᠳ᠋ᠦ᠍ ᠣᠳᠣ ᠪᠣᠯᠲᠠᠯ᠎ᠠ ᠴᠣᠬᠣᠮ ᠠᠯᠢ ᠵᠠᠮ ᠢ᠋ᠶ᠋ᠠᠷ ᠪᠤᠴᠠᠬᠤ ᠪᠠᠨ ᠮᠡᠳᠡᠬᠦ ᠦᠭᠡᠢ ᠪᠠᠢᠭᠰᠠᠭᠠᠷ᠃ ᠵᠠᠪᠰᠠᠷ ᠲᠤ᠌ ᠪᠠᠢᠭ᠎ᠠ ᠶᠠᠫᠣᠨ ᠤ᠋ ᠪᠠᠢᠭᠤᠯᠤᠮᠵᠢ ᠨᠢ ᠮᠢᠨᠦ ᠠᠴᠢᠶ᠎ᠠ ᠶ᠋ᠢ ᠰᠢᠯᠭᠠᠨ ᠪᠠᠢᠴᠠᠭᠠᠵᠤ᠂ ᠮᠢᠨᠦ ᠪᠦᠬᠦ ᠹᠢᠯᠢᠮ ᠢ᠋ ᠬᠣᠷᠢᠶᠠᠨ ᠠᠪᠬᠤ ᠪᠣᠯᠬᠣᠷ ᠲᠡᠭᠦᠨ ᠢ᠋ᠶ᠋ᠡᠷ ᠶᠠᠭᠠᠬᠢᠭᠰᠠᠨ ᠴᠤ᠌ ᠳᠠᠭᠠᠷᠢᠨ ᠭᠠᠷᠴᠤ ᠪᠣᠯᠬᠤ ᠦᠭᠡᠢ ᠶᠦᠮ᠃ ᠶᠠᠭ ᠦᠨᠡᠨ ᠢ᠋ ᠬᠡᠯᠡᠬᠦ ᠳ᠋ᠦ᠍ ᠬᠥᠳᠡᠭᠡ ᠲᠠᠯ᠎ᠠ ᠪᠠᠷ ᠶᠠᠪᠤᠬᠤ ᠵᠠᠮ ᠱᠤᠭᠤᠮ ᠵᠥᠩᠳᠡᠭᠡᠨ ᠣᠯᠠᠨ ᠪᠠᠢᠭ᠎ᠠ ᠯᠠ ᠳᠠ᠃ ᠨᠢᠭᠡᠨ ᠰᠥᠨᠢ ᠭᠡᠨᠡᠳᠲᠡ ᠮᠠᠰᠢᠨ ᠤ᠋ ᠬᠦᠩᠭᠢᠨᠡᠬᠦ ᠳᠠᠭᠤᠨ ᠳ᠋ᠤ᠌ ᠰᠣᠴᠢᠨ ᠰᠡᠷᠡᠵᠦ ᠪᠣᠰᠤᠭᠠᠳ ᠬᠠᠷᠠᠬᠤ ᠳ᠋ᠤ᠌ ᠲᠠᠯ᠎ᠠ ᠳᠡᠭᠡᠷ᠎ᠡ ᠮᠠᠰᠢᠨ ᠤ᠋ ᠭᠡᠷᠡᠯ ᠭᠢᠯᠠᠯᠵᠠᠨ ᠣᠢᠷᠠᠳᠴᠤ ᠶᠠᠪᠤᠨ᠎ᠠ᠃ ᠣᠯᠠᠨ ᠤᠳᠠᠭ᠎ᠠ ᠯᠠᠷᠰᠤᠨ ᠬᠦᠩ ᠲᠡᠢ ᠭᠡᠨᠡᠳᠲᠡ ᠶ᠋ᠢᠨ ᠳᠠᠭᠠᠷᠢᠯᠲᠠ ᠶ᠋ᠢᠨ ᠲᠤᠬᠠᠢ ᠶᠠᠷᠢᠵᠤ ᠪᠠᠢᠭᠰᠠᠨ ᠲᠤᠯᠠ ᠬᠠᠮᠤᠭ ᠤ᠋ᠨ ᠲᠦᠷᠦᠭᠦᠨ ᠳ᠋ᠦ᠍ ᠥᠪᠡᠷ ᠦ᠋ᠨ ᠢ᠋ᠶ᠋ᠡᠨ ᠲᠡᠮᠳᠡᠭᠯᠡᠯ ᠳᠡᠪᠲᠡᠷ ᠪᠣᠯᠤᠨ ᠹᠢᠯᠢᠮ ᠢ᠋ᠶ᠋ᠡᠨ ᠬᠥᠮᠦᠨ ᠦ᠌ ᠨᠢᠳᠦ ᠲᠤᠰᠬᠤ ᠦᠭᠡᠢ ᠠᠶᠤᠯ ᠦᠭᠡᠢ ᠭᠠᠵᠠᠷ ᠲᠤ᠌ ᠰᠢᠯᠵᠢᠭᠦᠯᠬᠦ ᠶᠠᠪᠤᠳᠠᠯ ᠮᠢᠨᠦ ᠲᠠᠷᠢᠬᠢᠨ ᠳ᠋ᠤ᠌ ᠭᠢᠯᠠᠰᠬᠢᠨ ᠪᠠᠭᠤᠪᠠ᠃ ᠬᠤᠷᠳᠤᠬᠠᠨ ᠭᠡᠭᠴᠢ ᠥᠪᠡᠷ ᠦ᠋ᠨ ᠦᠨᠡᠲᠡᠢ ᠭᠡᠷᠡᠯ ᠵᠢᠷᠤᠭ ᠤ᠋ᠨ ᠮᠠᠰᠢᠨ ᠠᠭᠤᠯᠤᠭᠰᠠᠨ ᠠᠶᠠᠨ ᠤ᠋ ᠠᠪᠳᠠᠷ᠎ᠠ ᠪᠣᠯᠤᠨ ᠪᠤᠰᠤᠳ ᠴᠢᠬᠤᠯᠠ ᠭᠡᠵᠦ ᠰᠠᠨᠠᠭᠳᠠᠭᠰᠠᠨ ᠵᠦᠢᠯᠡᠰ ᠢ᠋ᠶ᠋ᠡᠨ ᠠᠪᠴᠤ ᠭᠠᠷᠤᠭᠠᠳ ᠡᠭᠴᠡ ᠱᠠᠲᠤ ᠪᠠᠷ ᠥᠭᠰᠥᠨ ᠪᠠᠢᠰᠢᠩ ᠤ᠋ᠨ ᠲᠡᠭᠰᠢᠬᠡᠨ ᠣᠷᠣᠢ ᠳ᠋ᠤ᠌ ᠭᠠᠷᠤᠯ᠎ᠠ᠃ ᠡᠢᠮᠦ ᠭᠠᠵᠠᠷ ᠨᠢᠭᠤᠨ᠎ᠠ ᠭᠡᠳᠡᠭ ᠢ᠋ ᠳᠡᠭᠡᠷᠡᠮᠴᠢᠳ ᠪᠣᠳᠣᠵᠤ ᠴᠤ᠌ ᠣᠯᠬᠤ ᠦᠭᠡᠢ ᠪᠠᠢᠭᠠᠰᠠᠢ ᠭᠡᠮᠡᠨ ᠬᠦᠰᠡᠨ ᠳᠠᠭᠠᠳᠬᠠᠵᠤ᠂ ᠪᠠᠢᠰᠢᠩ ᠤ᠋ᠨ ᠡᠮᠦᠨᠡᠬᠢ ᠲᠠᠢᠰᠠᠨ ᠳᠡᠭᠡᠷ᠎ᠡ ᠵᠣᠭᠰᠣᠵᠤ ᠤᠯᠠᠮ ᠠ᠋ᠴᠠ ᠤᠯᠠᠮ ᠣᠢᠷ᠎ᠠ ᠪᠣᠯᠵᠤ ᠪᠠᠢᠭ᠎ᠠ ᠮᠠᠰᠢᠨ ᠢ᠋ ᠪᠠᠴᠢᠮᠳᠠᠨ ᠬᠦᠯᠢᠶᠡᠪᠡ᠃ ᠮᠠᠰᠢᠨ ᠡᠭᠦᠳᠡᠨ ᠡᠮᠦᠨ᠎ᠡ ᠢᠷᠡᠵᠦ ᠵᠣᠭᠰᠣᠪᠠ᠃ ᠳᠡᠭᠡᠷᠡᠮᠴᠢᠳ ᠦ᠋ᠨ ᠪᠦᠳᠦᠭᠦᠯᠢᠭ ᠳᠠᠭᠤᠨ ᠤ᠋ ᠣᠷᠣᠨ ᠳ᠋ᠤ᠌ ᠠᠮᠤᠷ ᠮᠡᠨᠳᠦ ᠮᠡᠳᠡᠯᠴᠡᠭᠰᠡᠨ ᠳᠠᠭᠤᠨ ᠮᠢᠨᠦ ᠴᠢᠬᠢᠨ ᠳ᠋ᠦ᠍ ᠰᠣᠨᠣᠰᠳᠠᠪᠠ᠃ ᠯᠠᠷᠰᠤᠨ ᠬᠦᠩ ᠦ᠋ᠨ ᠠᠴᠢᠶᠠᠨ ᠤ᠋ ᠮᠠᠰᠢᠨ ᠬᠠᠷᠢᠵᠤ ᠢᠷᠡᠭᠰᠡᠨ ᠪᠥᠭᠡᠳ ᠬᠣᠶᠠᠷ ᠤᠭᠤᠲᠠ ᠲᠥᠪ ᠳᠦᠭᠦᠷᠡᠩ ᠰᠢᠤᠳᠠᠨ ᠤ᠋ ᠵᠦᠢᠯ ᠠᠪᠴᠢᠷᠠᠵᠠᠢ᠃  ᠯᠠᠷᠰᠤᠨ ᠬᠦᠩ᠂ ᠴᠢᠭᠤᠯᠤᠯᠲᠤ ᠬᠠᠭᠠᠯᠭ᠎ᠠ ᠶ᠋ᠢᠨ ᠲᠤᠬᠠᠢ ᠵᠢᠴᠢ ᠵᠠᠮ ᠵᠠᠭᠤᠷ᠎ᠠ ᠶ᠋ᠢᠨ ᠪᠠᠢᠳᠠᠯ ᠢ᠋ ᠠᠰᠠᠭᠤᠵᠤ ᠪᠠᠢᠬᠤ ᠶ᠋ᠢᠨ ᠬᠣᠭᠣᠷᠣᠨᠳᠣ ᠪᠢ ᠯᠡ ᠶ᠋ᠢᠨ ᠭᠡᠷᠡᠯ ᠳᠣᠣᠷ᠎ᠠ ᠠᠪᠴᠢᠷᠠᠭᠰᠠᠨ ᠰᠢᠤᠳᠠᠨ ᠢ᠋ ᠢᠯᠭᠠᠨ ᠰᠠᠯᠭᠠᠪᠠ᠃ 
       — ᠵᠥᠪᠬᠡᠨ ᠰᠣᠨᠢᠨ ᠯᠠ ᠶᠤᠮ ᠤᠤ? ᠵᠠᠬᠢᠳᠠᠯ ᠨᠢ ᠲᠡᠭᠡᠭᠡᠳ ᠬᠠᠮᠢᠭ᠎ᠠ ᠪᠠᠢᠨ᠎ᠠ ᠪᠣᠢ?  ᠭᠡᠵᠦ ᠪᠢ ᠭᠣᠮᠣᠳᠠᠯᠲᠠᠢ ᠠᠰᠠᠭᠤᠬᠤ ᠳ᠋ᠤ᠌ ᠯᠠᠷᠰᠤᠨ:
       — ᠰᠸᠷᠤ᠋ᠳᠣ ᠮᠠᠷᠭᠠᠰᠢ ᠥᠷᠯᠥᠭᠡ ᠪᠡᠶ᠎ᠡ ᠪᠡᠷ ᠢ᠋ᠶ᠋ᠡᠨ ᠬᠦᠷᠭᠡᠵᠦ ᠢᠷᠡᠨ᠎ᠡ᠃ ᠲᠡᠷᠡ ᠬᠠᠳᠠᠨ ᠰᠦᠮ᠎ᠡ ᠳ᠋ᠦ᠍ ᠪᠠᠭᠤᠵᠤ᠂ ᠤᠳᠠᠭᠠᠨ ᠬᠣᠨᠣᠭ ᠬᠦᠷᠦᠭᠡ ᠦᠭᠡᠢ ᠭᠡᠷ ᠲᠡᠭᠡᠨ ᠬᠠᠷᠢᠭᠰᠠᠨ ᠪᠠᠢᠨ᠎ᠠ ᠭᠡᠯ᠎ᠡ᠃ 
       ᠪᠢ ᠥᠪᠡᠷ ᠦ᠋ᠨ ᠢ᠋ᠶ᠋ᠡᠨ ᠰᠣᠨᠢᠨ ᠢ᠋ᠶ᠋ᠠᠨ ᠰᠤᠭᠤᠨ ᠳᠣᠣᠷ᠎ᠠ ᠪᠠᠨ ᠬᠠᠪᠴᠢᠭᠤᠯᠤᠭᠠᠳ ᠬᠤᠷᠳᠤᠬᠠᠨ ᠭᠡᠭᠴᠢ ᠥᠷᠥᠭᠡᠨ ᠳ᠋ᠡᠭᠡᠨ ᠣᠷᠣᠵᠤ᠂ ᠭᠠᠳᠠᠨ᠎ᠠ ᠶᠢᠷᠲᠢᠨᠴᠦ ᠳ᠋ᠦ᠍ ᠭᠠᠷᠤᠭᠰᠠᠨ ᠰᠢᠨ᠎ᠡ ᠬᠡᠷᠡᠭ ᠤᠴᠢᠷ ᠤ᠋ᠳ ᠢ᠋ ᠮᠡᠳᠡᠨ᠎ᠡ ᠭᠡᠮᠡᠨ ᠨᠢᠭᠡ ᠨᠢᠭᠡ ᠴᠠᠭᠠᠰᠤ ᠪᠠᠷ ᠡᠷᠭᠢᠭᠦᠯᠵᠦ ᠰᠠᠭᠤᠯ᠎ᠠ᠃ ᠭᠡᠨᠡᠳᠲᠡ ᠬᠠᠷᠠᠭᠠᠨ ᠳ᠋ᠤ᠌ ᠮᠢᠨᠢ 《ᠪᠣᠰᠬᠠᠷᠳ᠋ ᠤ᠋ᠨ ᠮᠣᠩᠭᠣᠯ ᠳ᠋ᠤ᠌ ᠠᠯᠠᠭ᠎ᠠ ᠪᠣᠯᠤᠭᠰᠠᠨ ᠨᠢ ᠬᠥᠮᠦᠰ ᠢ᠋ ᠪᠠᠴᠢᠮᠳᠠᠭᠤᠯᠵᠤ ᠪᠣᠢ 》ᠬᠡᠮᠡᠬᠦ ᠲᠣᠮᠣ ᠭᠠᠷᠴᠠᠭ ᠬᠠᠷᠠᠭᠳᠠᠪᠠ᠃  ᠪᠡᠭᠡᠵᠢᠩ ᠳ᠋ᠦ᠍ ᠪᠠᠢᠭ᠎ᠠ ᠨᠡᠢᠵᠡᠳ ᠮᠠᠨᠢ ᠨᠠᠮᠠᠶ᠋ᠢ ᠳᠡᠭᠡᠷᠡᠮᠴᠢᠳ ᠦ᠋ᠨ ᠭᠠᠷ ᠲᠤ᠌ ᠪᠠᠷᠢᠭᠳᠠᠯ᠎ᠠ ᠭᠡᠳᠡᠭ ᠳᠠᠮ ᠤ᠋ᠨ ᠴᠢᠮᠡᠭᠡᠨ ᠳ᠋ᠦ᠍ ᠢᠲᠡᠭᠡᠵᠦ ᠪᠠᠢᠭ᠎ᠠ ᠪᠣᠯᠤᠯᠲᠠᠢ᠃ ᠲᠡᠳᠡ ᠶᠡᠬᠡ ᠤᠳᠠᠭᠠᠨ ᠮᠢᠨᠦ ᠲᠤᠬᠠᠢ ᠰᠤᠷᠠᠭ ᠴᠢᠮᠡᠭᠡ ᠶ᠋ᠢ ᠣᠯᠵᠤ ᠰᠣᠨᠣᠰᠤᠭ᠎ᠠ ᠦᠭᠡᠢ ᠪᠥᠭᠡᠳ ᠮᠢᠨᠦ ᠬᠠᠮᠤᠭ ᠤ᠋ᠨ ᠰᠡᠭᠦᠯᠴᠢ ᠶ᠋ᠢᠨ ᠵᠠᠬᠢᠶᠠᠨ ᠠ᠋ᠴᠠ ᠨᠠᠢ᠍ᠮᠠ ᠶ᠋ᠢᠨ ᠠᠭᠤᠯᠠ ᠠ᠋ᠴᠠ ᠨᠢᠭᠡᠨᠲᠡ ᠰᠠᠯᠤᠨ ᠣᠳᠤᠭᠰᠠᠨ ᠢ᠋ ᠪᠠᠷᠤᠭᠯᠠᠵᠠᠭᠠᠵᠤ ᠪᠠᠢᠪᠠ᠃ ᠡᠨᠡ ᠬᠦ᠌ ᠰᠣᠨᠢᠨ ᠮᠡᠳᠡᠭᠡ ᠨᠢ ᠠᠳᠠ ᠠ᠋ᠴᠠ ᠵᠠᠭᠤ ᠲᠠᠪᠢᠨ ᠺᠢᠯᠣᠮᠧᠲ᠋ᠷ ᠲᠦ᠍ ᠣᠷᠣᠰᠢᠬᠤ ᠬᠦᠢᠬᠤᠸᠠ ᠠ᠋ᠴᠠ ᠭᠠᠷᠤᠭᠰᠠᠨ ᠪᠠᠢᠪᠠ᠃ ᠪᠢ ᠡᠨᠡ ᠬᠦ᠌ ᠬᠥᠮᠦᠨ ᠢ᠋ ᠰᠣᠴᠢᠭᠠᠮ᠎ᠠ ᠴᠢᠮᠡᠭᠡ ᠶ᠋ᠢ ᠳᠣᠣᠷ᠎ᠠ ᠪᠠᠨ ᠯᠠᠷᠰᠤᠨ ᠳ᠋ᠤ᠌ ᠶᠠᠷᠢᠵᠤ ᠥᠭᠬᠦ ᠪᠡᠷ ᠰᠢᠭᠤᠳᠴᠤ ᠲᠡᠭᠦᠨ ᠦ᠌ ᠤᠨᠲᠠᠯᠭ᠎ᠠ ᠶ᠋ᠢᠨ ᠥᠷᠥᠭᠡᠨ᠎ᠡ ᠬᠦᠷᠬᠦ ᠳ᠋ᠦ᠍ ᠭᠡᠷᠡᠯ ᠢ᠋ᠶ᠋ᠡᠨ ᠨᠢᠭᠡᠨᠲᠡ ᠤᠨᠲᠠᠷᠠᠭᠠᠭᠰᠠᠨ ᠪᠠᠢᠯ᠎ᠠ᠃ ᠢᠩᠭᠢᠭᠡᠳ ᠯᠡ ᠳᠠᠷᠤᠮᠠᠯᠯᠠᠭᠰᠠᠨ ᠬᠡᠰᠡᠭ ᠴᠠᠭᠠᠰᠤ ᠠ᠋ᠴᠠ ᠪᠣᠯᠵᠤ ᠲᠡᠭᠦᠨ ᠦ᠌ ᠰᠥᠨᠢ ᠶ᠋ᠢᠨ ᠨᠣᠢᠷ ᠢ᠋ ᠨᠢ ᠦᠢᠮᠡᠭᠦᠯᠦᠭᠰᠡᠨ ᠬᠡᠷᠡᠭ ᠪᠣᠯᠵᠤ ᠪᠢᠯᠡ᠃ 
       ᠮᠠᠷᠭᠠᠰᠢ ᠥᠷᠯᠥᠭᠡ ᠨᠢ ᠰᠸᠷᠤ᠋ᠳᠦ ᠪᠦᠬᠦ ᠵᠠᠬᠢᠶ᠎ᠠ ᠪᠠᠨ ᠠᠪᠤᠭᠠᠳ ᠬᠦᠷᠴᠦ ᠢᠷᠡᠪᠡ᠃ ᠡᠭᠦᠨ ᠳ᠋ᠦ᠍ ᠠᠵᠢᠯ ᠤ᠋ᠨ ᠬᠠᠨᠢᠳᠠᠨ ᠤ᠋ ᠮᠢᠨᠢ ᠪᠡᠭᠡᠵᠢᠩ ᠡᠴᠡ ᠢᠷᠡᠭᠦᠯᠦᠭᠰᠡᠨ ᠨᠢᠭᠡ ᠵᠠᠬᠢᠶ᠎ᠠ ᠪᠠᠢᠵᠤ᠂ ᠳᠣᠲᠣᠷ᠎ᠠ ᠨᠢ ᠮᠢᠨᠦ ᠬᠠᠮᠢᠭ᠎ᠠ ᠪᠠᠢᠬᠤ ᠶ᠋ᠢ ᠰᠤᠷᠠᠭᠯᠠᠬᠤ ᠪᠠᠷ ᠴᠢᠭᠤᠯᠤᠯᠲᠤ ᠬᠠᠭᠠᠯᠭ᠎ᠠ ᠳ᠋ᠤ᠌ ᠬᠦᠷᠴᠦ ᠥᠩᠭᠡᠷᠡᠭᠰᠡᠨ ᠵᠡᠷᠭᠡ ᠪᠡᠨ ᠪᠢᠴᠢᠭᠰᠡᠨ ᠪᠠᠢᠯ᠎ᠠ᠃ ᠠᠮᠧᠷᠢᠺᠠ ᠶ᠋ᠢᠨ ᠨᠢᠭᠡ ᠹᠢᠯᠢᠮ ᠰᠡᠭᠦᠳᠡᠷᠯᠡᠭᠴᠢ ᠬᠦᠢᠬᠤᠸᠠ ᠳ᠋ᠤ᠌ ᠬᠦᠷᠴᠦ ᠢᠷᠡᠵᠦ ᠪᠠᠢᠭᠰᠠᠨ ᠪᠠ ᠲᠡᠨᠳᠡᠬᠢ ᠶ᠋ᠢᠨ ᠨᠢᠭᠡ ᠮᠠᠯᠴᠢᠨ ᠠ᠋ᠴᠠ ᠨᠠᠮᠠᠶ᠋ᠢ ᠨᠠᠢ᠍ᠮᠠ ᠶ᠋ᠢᠨ ᠠᠭᠤᠯᠠᠨ ᠠ᠋ᠴᠠ ᠳᠤᠲᠠᠭᠠᠭᠰᠠᠨ ᠰᠢᠭ᠋ ᠭᠡᠨᠡᠳᠲᠡ ᠵᠠᠢᠯᠠᠨ ᠣᠳᠤᠭᠰᠠᠨ ᠮᠡᠳᠡᠭᠡ ᠶ᠋ᠢ ᠰᠣᠨᠣᠰᠤᠭᠰᠠᠨ ᠪᠠᠢᠪᠠ᠃  ᠡᠨᠡ ᠬᠦ᠌ ᠴᠢᠮᠡᠭᠡ ᠨᠢ ᠶᠠᠪᠤᠬᠤ ᠳᠣᠳᠣᠮ ᠢ᠋ᠶ᠋ᠠᠨ ᠮᠠᠭᠤ ᠴᠢᠮᠡᠭᠡ ᠪᠣᠯᠤᠨ ᠬᠤᠪᠢᠷᠠᠭᠰᠠᠭᠠᠷ ᠪᠡᠭᠡᠵᠢᠩ ᠬᠦᠷᠬᠦ ᠳ᠋ᠦ᠍ ᠨᠢᠭᠡᠨᠲᠡ ᠨᠢᠳᠦ ᠲᠡᠢ ᠬᠠᠮᠠᠷ ᠲᠠᠢ ᠶᠠᠷᠢᠭᠳᠠᠬᠤ ᠳᠡᠭᠡᠷᠡᠮᠴᠢᠳ ᠲᠦ᠍ ᠪᠠᠷᠢᠭᠳᠠᠭᠰᠠᠨ ᠦᠯᠢᠭᠡᠷ ᠪᠣᠯᠵᠤ ᠬᠤᠪᠢᠷᠠᠭᠰᠠᠨ ᠠᠵᠢ᠃ ᠶᠠᠫᠣᠨᠴᠤᠳ ᠡᠨᠡ ᠬᠦ᠌ ᠮᠡᠳᠡᠭᠡᠨ ᠡᠴᠡ ᠨᠠᠳᠠ ᠳ᠋ᠤ᠌ ᠠᠩᠬᠠᠷᠤᠯ ᠢ᠋ᠶ᠋ᠠᠨ ᠯᠠᠪᠲᠠᠢ ᠬᠠᠨᠳᠤᠭᠤᠯᠬᠤ ᠲᠤᠯᠠ ᠡᠨᠡ ᠬᠦ᠌ ᠬᠥᠮᠦᠨ ᠢ᠋ ᠳᠣᠩᠰᠣᠯᠭᠠᠮ᠎ᠠ ᠮᠡᠳᠡᠭᠡ ᠨᠢ ᠰᠡᠳᠬᠢᠯ ᠢ ᠮᠢᠨᠢ ᠲᠣᠭᠲᠠᠭᠤᠨ ᠪᠤᠰᠤ ᠪᠣᠯᠭᠠᠪᠠ᠃ ᠮᠥᠨ ᠡᠳᠦᠷ ᠦ᠋ᠨ ᠦᠳᠡ ᠶ᠋ᠢᠨ ᠬᠣᠢᠨ᠎ᠠ ᠨᠢ ᠮᠢᠨᠦ ᠪᠣᠳᠣᠯ ᠤ᠋ᠨ ᠵᠥᠪ ᠪᠣᠯᠬᠤ ᠶ᠋ᠢ ᠪᠠᠲᠤᠯᠠᠪᠠ᠃ ᠵᠠᠪᠰᠠᠷ ᠠ᠋ᠴᠠ ᠳᠠᠪᠬᠢᠭᠤᠯᠤᠨ ᠢᠷᠡᠭᠰᠡᠨ ᠨᠢᠭᠡ ᠮᠣᠩᠭᠣᠯ ᠶᠠᠫᠣᠨ ᠤ᠋ ᠴᠡᠷᠢᠭ ᠦ᠋ᠨ ᠨᠣᠶᠠᠨ ᠣᠨᠴᠠᠭᠠᠢᠯᠠᠨ ᠴᠠᠬᠢᠯᠭᠠᠨ ᠢᠷᠡᠭᠦᠯᠵᠦ ᠨᠠᠮᠠᠶ᠋ᠢ ᠠᠰᠠᠭᠤᠭᠰᠠᠨ ᠲᠤᠬᠠᠢ ᠴᠢᠮᠡᠭᠡ ᠶ᠋ᠢ ᠯᠠᠷᠰᠤᠨ ᠬᠦᠩ ᠳ᠋ᠦ᠍ ᠬᠡᠯᠡᠵᠦ ᠦᠭᠭᠦᠭᠰᠡᠨ ᠪᠢᠯᠡ᠃ ᠮᠢᠨᠦ ᠨᠡᠷ᠎ᠡ ᠶ᠋ᠢ ᠶᠠᠫᠣᠨ ᠬᠡᠯᠡᠨ ᠳ᠋ᠦ᠍ ᠣᠷᠴᠢᠭᠤᠯᠬᠤ ᠳ᠋ᠠᠭᠠᠨ ᠶᠡᠬᠡ ᠥᠭᠡᠷ᠎ᠡ ᠪᠣᠯᠭᠠᠭᠰᠠᠨ ᠪᠥᠭᠡᠳ ᠱᠠᠰᠢᠨ ᠰᠤᠷᠲᠠᠯᠴᠢᠯᠠᠭᠴᠢ ᠨᠠᠷ ᠤ᠋ᠨ ᠨᠡᠷᠡᠰ ᠦ᠋ᠨ ᠵᠢᠭᠰᠠᠭᠠᠯ ᠳᠣᠲᠣᠷ᠎ᠠ ᠠ᠋ᠴᠠ ᠴᠤ᠌ ᠲᠡᠳᠡ ᠨᠠᠮᠠᠶ᠋ᠢ ᠡᠷᠢᠵᠦ ᠣᠯᠬᠤ ᠦᠭᠡᠢ ᠠᠵᠢ᠃ 
       ᠮᠢᠨᠦ ᠡᠨᠳᠡᠬᠢ ᠨᠢᠭᠤᠴᠠ ᠠᠮᠢᠳᠤᠷᠠᠯ ᠤᠳᠠᠭᠠᠨ ᠦᠷᠭᠦᠯᠵᠢᠯᠡᠵᠦ ᠳᠡᠢᠯᠬᠦ ᠦᠭᠡᠢ ᠪᠣᠯᠤᠭᠰᠠᠨ ᠢ᠋ᠶ᠋ᠠᠨ ᠪᠢ ᠤᠬᠠᠭᠠᠷᠠᠵᠤ᠂ ᠪᠣᠯᠬᠤ ᠶ᠋ᠢᠨ ᠳᠣᠲᠣᠷ᠎ᠠ ᠬᠤᠷᠳᠤᠨ ᠭᠡᠭᠴᠢ ᠪᠤᠴᠠᠬᠤ ᠵᠠᠮ ᠢ᠋ᠶ᠋ᠠᠨ ᠡᠯᠭᠦᠬᠦ ᠪᠡᠷ ᠰᠢᠭᠤᠳᠪᠠ᠃ ᠯᠠᠷᠰᠤᠨ ᠤ᠋ ᠠᠴᠢᠶᠠᠨ ᠤ᠋ ᠮᠠᠰᠢᠨ ᠮᠥᠨ ᠡᠳᠦᠷ ᠲᠡᠭᠡᠨ ᠴᠢᠭᠤᠯᠤᠯᠲᠤ ᠬᠠᠭᠠᠯᠭ᠎ᠠ ᠳ᠋ᠤ᠌ ᠪᠤᠴᠠᠬᠤ ᠲᠤᠯᠠ ᠵᠠᠷᠤᠴᠠ ᠳ᠋ᠠᠭᠠᠨ ᠠᠶᠠᠨ ᠤ᠋ ᠣᠷᠣ ᠪᠣᠯᠤᠨ ᠳᠡᠮᠡᠢ ᠴᠢᠬᠤᠯᠠ ᠪᠢᠰᠢ ᠵᠦᠢᠯᠡᠰ ᠢ᠋ᠶ᠋ᠡᠨ ᠥᠭᠴᠦ ᠶᠠᠪᠤᠭᠤᠯᠪᠠ᠃ ᠪᠢ ᠥᠪᠡᠷ ᠦ᠋ᠨ ᠪᠦᠬᠦ ᠦᠨ᠎ᠡ ᠪᠡᠨ᠎ᠡ ᠲᠡᠢ ᠠᠴᠢᠶ᠎ᠠ ᠪᠠᠨ ᠠᠪᠴᠤ ᠮᠤᠷᠤᠢ ᠵᠠᠮ ᠢ᠋ᠶ᠋ᠠᠷ ᠪᠤᠴᠠᠬᠤ ᠭᠡᠮᠡᠨ ᠪᠣᠳᠣᠯᠬᠢᠯᠠᠵᠤ ᠪᠠᠢᠪᠠ᠃ ᠪᠤᠴᠠᠯᠭᠠᠨ ᠳ᠋ᠠᠭᠠᠨ ᠨᠠᠳᠠ ᠳ᠋ᠤ᠌ ᠨᠢᠭᠡ ᠮᠠᠰᠢᠨ ᠬᠡᠷᠡᠭ ᠲᠡᠢ ᠪᠠᠢᠭᠰᠠᠨ ᠪᠣᠯᠪᠠᠴᠤ ᠯᠠᠷᠰᠤᠨ ᠬᠦᠩ ᠦ᠋ᠨ ᠮᠠᠰᠢᠨ ᠨᠤᠭᠤᠳ ᠴᠥᠮ ᠠᠶᠠᠨ ᠤ᠋ ᠵᠠᠮ ᠳ᠋ᠠᠭᠠᠨ ᠪᠠᠢᠵᠤ ᠪᠠᠢᠪᠠ᠃ ᠡᠸᠷᠢᠺᠰᠣᠨ ᠬᠠᠷᠢᠨ ᠭᠡᠨᠡᠳᠲᠡ ᠴᠢᠭᠤᠯᠤᠯᠲᠤ ᠬᠠᠭᠠᠯᠭ᠎ᠠ ᠤᠷᠤᠭᠤ ᠰᠢᠭᠤᠳ ᠪᠤᠴᠠᠬᠤ ᠳᠤᠷ᠎ᠠ ᠰᠣᠨᠢᠷᠬᠠᠯ ᠠᠨᠠᠢ ᠪᠣᠯᠤᠭᠰᠠᠨ ᠨᠢ ᠶᠠᠫᠣᠨᠴᠤᠳ ᠲᠠᠢ ᠰᠢᠨ᠎ᠡ ᠵᠥᠷᠢᠴᠡᠯ ᠮᠥᠷᠭᠥᠯᠳᠦᠭᠡᠨ ᠡᠭᠦᠰᠬᠦ ᠡᠴᠡ ᠬᠢᠴᠢᠶᠡᠵᠦ ᠪᠠᠢᠭ᠎ᠠ ᠠᠵᠢ᠃ ᠲᠡᠷᠡ ᠤᠷᠢᠳ ᠢ᠋ᠶ᠋ᠠᠷ ᠨᠠᠮᠠᠶ᠋ᠢ ᠳᠣᠯᠣᠭᠠᠨ ᠡᠳᠦᠷ ᠦ᠋ᠨ ᠪᠠᠶᠠᠷ ᠬᠡᠮᠡᠬᠦ ᠱᠠᠰᠢᠨ ᠰᠤᠷᠲᠠᠯᠴᠢᠯᠠᠬᠤ ᠥᠷᠲᠡᠭᠡᠨ ᠳ᠋ᠦ᠍ ᠰᠢᠯᠵᠢᠭᠦᠯᠬᠦ ᠶ᠋ᠢ ᠵᠣᠷᠢᠪᠠ᠃ ᠪᠢ ᠬᠡᠳᠦᠢᠪᠡᠷ ᠥᠨᠳᠥᠷ ᠦᠨ᠎ᠡ ᠲᠡᠢ ᠵᠠᠮ ᠤ᠋ᠨ ᠵᠠᠷᠤᠳᠠᠯ ᠢ᠋ ᠳᠠᠭᠠᠭᠠᠨ᠎ᠠ ᠭᠡᠮᠡᠨ ᠠᠮᠠᠯᠠᠭᠰᠠᠨ ᠪᠣᠯᠪᠠᠴᠤ ᠲᠡᠨᠳᠡᠬᠢ ᠶ᠋ᠢᠨ ᠱᠠᠰᠢᠨ ᠰᠤᠷᠲᠠᠯᠴᠢᠯᠠᠭᠴᠢ ᠨᠢ ᠭᠦᠨ ᠪᠣᠳᠣᠯ ᠲᠠᠢ ᠪᠠᠷ ᠲᠣᠯᠣᠭᠠᠢ ᠪᠠᠨ ᠰᠠᠵᠢᠯᠠᠪᠠ᠃ 《ᠲᠡᠢᠨ ᠦ᠌ ᠦᠶ᠎ᠡ ᠶ᠋ᠢᠨ ᠪᠠᠴᠢᠮ ᠬᠤᠷᠠᠯ 》ᠬᠤᠷᠠᠯᠳᠤᠭᠤᠯᠬᠤ ᠪᠠᠷ ᠳᠠᠮᠵᠢᠨ ᠪᠢ ᠥᠪᠡᠷ ᠦ᠋ᠨ ᠢ᠋ᠶ᠋ᠡᠨ ᠭᠦᠢᠬᠤᠸᠠ ᠪᠠᠷ ᠲᠣᠭᠣᠷᠢᠨ ᠶᠠᠪᠤᠬᠤ ᠰᠢᠢᠳ ᠢ᠋ ᠯᠠᠷᠰᠤᠨ ᠪᠣᠯᠤᠨ ᠡᠸᠷᠢᠺᠰᠣᠨ ᠤ᠋ ᠬᠠᠮᠲᠤ ᠪᠠᠷ ᠲᠣᠭᠲᠠᠭᠠᠯ᠎ᠠ᠃ ᠮᠥᠨ ᠲᠡᠭᠡᠭᠡᠳ ᠪᠢ ᠠᠮᠤᠷ ᠲᠦᠪᠰᠢᠨ ᠪᠣᠯᠬᠤ ᠪᠣᠯᠲᠠᠯ᠎ᠠ ᠪᠠᠨ ᠥᠭᠡᠷ᠎ᠡ ᠬᠡᠨ ᠳ᠋ᠦ᠍ ᠴᠦ᠍ ᠡᠨᠡ ᠲᠤᠬᠠᠢ ᠦᠭᠡ ᠪᠤᠯᠲᠠᠢᠯᠭᠠᠬᠤ ᠦᠭᠡᠢ ᠪᠡᠷ ᠠᠨᠳᠠᠭᠠᠢᠯᠠᠪᠠ᠃ 
       ᠢᠩᠭᠢᠭᠡᠳ ᠬᠠᠮᠤᠭ ᠤ᠋ᠨ ᠰᠡᠭᠦᠯᠴᠢ ᠶ᠋ᠢᠨ ᠪᠡᠯᠡᠳᠬᠡᠯ ᠢ᠋ᠶ᠋ᠡᠨ ᠬᠢᠵᠦ ᠳᠠᠭᠤᠰᠤᠭᠠᠳ᠂ ᠶᠢᠰᠦᠳᠦᠭᠡᠷ ᠰᠠᠷ᠎ᠠ ᠶ᠋ᠢᠨ ᠬᠣᠶᠠᠷ ᠲᠤ᠌ ᠯᠠᠷᠰᠤᠨ ᠬᠦᠩ ᠦ᠋ᠨ ᠵᠣᠴᠢᠨ ᠤ᠋ ᠥᠷᠥᠭᠡ ᠡᠴᠡ ᠰᠠᠯᠤᠯ᠎ᠠ᠃ ᠪᠣᠷᠣᠭᠠᠨ ᠲᠠᠢ ᠨᠡᠲᠦᠭᠡᠷ ᠡᠳᠦᠷ ᠪᠠᠢᠵᠤ᠂ ᠵᠤᠵᠠᠭᠠᠨ ᠬᠠᠷ᠎ᠠ ᠡᠭᠦᠯᠡ ᠲᠠᠯ᠎ᠠ ᠨᠤᠲᠤᠭ ᠢ᠋ ᠪᠦᠷᠬᠦᠨ ᠬᠤᠴᠢᠵᠠᠢ᠃ ᠦᠳᠡᠰᠢ ᠶ᠋ᠢᠨ ᠬᠦᠢᠲᠡᠨ ᠰᠠᠯᠬᠢ ᠥᠭᠡᠳᠡ ᠡᠴᠡ ᠮᠠᠨᠢ ᠦᠯᠢᠶᠡᠬᠦ ᠳ᠋ᠦ᠍ ᠨᠡᠬᠡᠢ ᠳᠡᠪᠡᠯ ᠢ᠋ᠶ᠋ᠡᠨ ᠵᠠᠷᠤᠴᠠ ᠳ᠋ᠠᠭᠠᠨ ᠥᠭᠴᠦ ᠶᠠᠪᠤᠭᠤᠯᠬᠤ ᠪᠠᠨ ᠮᠠᠷᠲᠠᠭᠰᠠᠨ ᠳ᠋ᠠᠭᠠᠨ ᠪᠢ ᠣᠯᠵᠠᠭᠤᠷᠬᠠᠵᠤ ᠪᠠᠢᠯ᠎ᠠ᠃ 
       ᠠᠬᠢᠨ ᠨᠢᠭᠡ ᠤᠳᠠᠭ᠎ᠠ ᠳᠠᠸᠠ ᠬᠦᠩ ᠦ᠋ᠨ ᠳ᠋ᠦ᠍ ᠬᠣᠨᠣᠭᠯᠠᠬᠤ ᠳ᠋ᠤ᠌ ᠲᠡᠷᠡ ᠴᠦ᠍ ᠣᠯᠠᠨ ᠠᠷᠪᠢᠨ ᠰᠣᠨᠢᠨ ᠰᠠᠢᠬᠠᠨ ᠲᠠᠨᠢᠯᠴᠠᠭᠤᠯᠬᠤ ᠪᠠᠷ ᠪᠡᠯᠡᠬᠡᠨ ᠪᠠᠢᠯ᠎ᠠ᠃ 
        — ᠳᠥᠷᠪᠡᠳ ᠦ᠋ᠨ ᠸᠠᠩ ᠢ᠋ ᠶᠠᠫᠣᠨᠴᠤᠳ ᠠᠯᠢ ᠡᠷᠲᠡᠨ ᠡᠴᠡ ᠪᠡᠨ ᠬᠣᠷᠣᠰᠴᠤ ᠪᠠᠢᠭᠰᠠᠨ ᠪᠥᠭᠡᠳ ᠨᠢᠭᠡᠨ ᠡᠳᠦᠷ ᠲᠡᠭᠦᠨ ᠢ᠋ ᠪᠠᠷᠢᠪᠴᠢᠯᠠᠬᠤ ᠪᠠᠷ ᠸᠠᠩ ᠤ᠋ᠨ ᠣᠷᠳᠣᠨ ᠤ᠋ ᠡᠮᠦᠨ᠎ᠡ ᠨᠢ ᠭᠦᠢᠴᠡᠳ ᠴᠡᠷᠢᠭ ᠲᠡᠢ ᠬᠣᠶᠠᠷ ᠮᠠᠰᠢᠨ ᠢᠷᠡᠨ ᠵᠣᠭᠰᠣᠪᠠ᠃ ᠳᠥᠷᠪᠡᠳ ᠸᠠᠩ ᠬᠡᠳᠦᠢᠪᠡᠷ ᠵᠢᠭᠤᠲᠠᠬᠤ ᠪᠠᠷ ᠪᠣᠳᠣᠵᠤ ᠪᠠᠢᠭᠰᠠᠨ ᠪᠣᠯᠪᠠᠴᠤ ᠶᠠᠭ ᠲᠡᠷᠡ ᠮᠥᠴᠡ ᠳ᠋ᠦ᠍ ᠵᠢᠯᠣᠭᠣᠴᠢ ᠨᠢ ᠮᠠᠰᠢᠨ ᠢ᠋ᠶ᠋ᠠᠨ ᠠᠰᠠᠭᠠᠵᠤ ᠳᠡᠢᠯᠬᠦ ᠦᠭᠡᠢ ᠪᠠᠢᠭᠰᠠᠭᠠᠷ ᠪᠠᠢᠭᠠᠳ ᠪᠠᠢᠳᠠᠭ ᠡᠭᠦᠳᠡ ᠪᠡᠨ ᠢᠷᠡᠭᠰᠡᠨ ᠴᠡᠷᠢᠭ ᠦ᠋ᠳ ᠲᠦ᠍ ᠡᠵᠡᠯᠡᠭᠦᠯᠵᠡᠢ᠃ ᠶᠠᠫᠣᠨᠴᠤᠳ ᠸᠠᠩ ᠢ᠋ ᠪᠠᠷᠢᠨ ᠠᠪᠤᠭᠠᠳ ᠲᠡᠮᠴᠦᠭᠳᠦᠩᠷᠣᠪ ᠨᠣᠶᠠᠨ ᠳ᠋ᠤ᠌ ᠬᠦᠷᠭᠡᠨ ᠰᠢᠢᠳᠬᠡᠭᠦᠯᠬᠦ ᠪᠡᠷ ᠪᠣᠯᠪᠠ᠃  《ᠲᠡᠭᠦᠨ ᠢ᠋ ᠰᠢᠢᠳᠬᠡᠶ᠎ᠡ ᠭᠡᠪᠡᠯ ᠲᠠ ᠨᠠᠷ ᠤᠷᠢᠳ ᠢ᠋ᠶ᠋ᠠᠷ ᠨᠠᠮᠠᠶ᠋ᠢ ᠠᠯᠠᠬᠤ ᠬᠡᠷᠡᠭᠲᠡᠢ 》ᠭᠡᠵᠦ ᠰᠥᠨᠢᠳ ᠸᠠᠩ ᠶᠠᠫᠣᠨᠴᠤᠳ ᠲᠤ᠌ ᠬᠡᠯᠡᠭᠰᠡᠨ ᠪᠠᠢᠬ᠎ᠠ ᠳᠠ᠃ ᠴᠠᠭ ᠥᠩᠭᠡᠷᠡᠬᠦ ᠶ᠋ᠢ ᠳᠠᠭᠠᠯᠳᠤᠨ ᠳᠡᠮᠴᠤᠭᠳᠣᠩᠷᠤᠪ ᠨᠣᠶᠠᠨ ᠤ᠋ ᠠᠭᠤᠷ ᠨᠢ ᠴᠦ᠍ ᠲᠠᠢᠳᠬᠤᠷᠠᠵᠤ᠂ ᠳᠥᠷᠪᠡᠳ ᠮᠣᠩᠭᠣᠯᠴᠤᠳ ᠤ᠋ᠨ ᠡᠵᠡᠨ ᠢ᠋ ᠥᠪᠡᠷ ᠦ᠋ᠨ ᠢ᠋ᠶ᠋ᠡᠨ ᠮᠠᠰᠢᠨ ᠢ᠋ᠶ᠋ᠠᠷ ᠭᠡᠷ ᠲᠦ᠋ᠨᠢ ᠬᠦᠷᠭᠡᠭᠦᠯᠦᠭᠰᠡᠨ ᠶᠦᠮ᠃ 
       ᠳᠠᠸᠠ ᠬᠦᠩ ᠡᠨᠡ ᠬᠦ᠌ ᠤᠴᠢᠷ ᠤ᠋ᠨ ᠲᠤᠬᠠᠢ ᠳᠡᠭᠵᠢᠨ ᠬᠥᠭᠡᠷᠦᠬᠦᠨ ᠢ᠋ᠶ᠋ᠡᠷ ᠢᠨᠢᠶᠡᠨ ᠶᠠᠷᠢᠵᠤ ᠭᠠᠷᠬᠤ ᠳ᠋ᠤ᠌ ᠡᠸᠷᠢᠺᠰᠣᠨ ᠬᠠᠷᠢᠨ ᠲᠥᠪ ᠴᠢᠷᠠᠢᠯᠠᠨ ᠳᠤᠭᠤᠢ ᠰᠠᠭᠤᠭᠰᠠᠭᠠᠷ ᠪᠠᠢᠪᠠ᠃ ᠡᠨᠡ ᠬᠦ᠌ ᠴᠢᠮᠡᠭᠡ ᠨᠢ ᠲᠡᠭᠦᠨ ᠢ᠋ ᠭᠦᠨ ᠪᠣᠳᠣᠯ ᠳ᠋ᠤ᠌ ᠣᠷᠣᠭᠤᠯᠵᠤ᠂ ᠰᠥᠨᠢ ᠶ᠋ᠢᠨ ᠭᠦᠨ ᠪᠣᠯᠲᠠᠯ᠎ᠠ ᠭᠡᠷ ᠦ᠋ᠨ ᠡᠮᠦᠨ᠎ᠡ ᠠᠯᠬᠤᠯᠠᠵᠤ ᠪᠠᠢᠬᠤ ᠴᠢᠮᠡᠭᠡ ᠨᠢ ᠰᠣᠨᠣᠰᠳᠠᠵᠤ ᠪᠠᠢᠭᠰᠠᠨ ᠶᠤᠮ᠃ 
       ᠮᠠᠷᠭᠠᠰᠢ ᠶ᠋ᠢᠨ ᠠᠶᠠᠨ ᠤ᠋ ᠡᠳᠦᠷ ᠨᠢ ᠪᠢᠳᠡᠨ ᠢ᠋ ᠨᠠᠷᠠ ᠲᠠᠢ ᠰᠠᠢᠬᠠᠨ ᠥᠷᠯᠥᠭᠡ ᠤᠭᠲᠤᠨ ᠠᠪᠤᠯ᠎ᠠ᠃ ᠡᠸᠷᠢᠺᠰᠣᠨ ᠬᠥᠮᠦᠨ ᠣᠯᠠᠨᠲᠠᠢ ᠵᠠᠮ ᠠ᠋ᠴᠠ ᠵᠠᠢᠯᠠᠨ ᠨᠤᠲᠤᠭ ᠤ᠋ᠨ ᠬᠥᠮᠦᠰ ᠦ᠋ᠨ ᠯᠡ ᠮᠡᠳᠡᠳᠡᠭ ᠪᠣᠢᠳᠠ ᠵᠠᠮ ᠢ᠋ᠶ᠋ᠠᠷ ᠵᠠᠮᠨᠠᠬᠤ ᠶ᠋ᠢ ᠰᠣᠩᠭᠣᠪᠠ᠃ ᠦᠳᠡ ᠶ᠋ᠢᠨ ᠬᠣᠢᠨ᠎ᠠ ᠪᠢᠳᠡ ᠰᠦᠢᠶᠤᠸᠡᠨ ᠦ᠌ ᠺᠠᠲ᠋ᠣᠯᠢᠭ ᠱᠠᠰᠢᠨ ᠤ᠋ ᠨᠢᠭᠡ ᠱᠠᠰᠢᠨ ᠳᠡᠯᠭᠡᠷᠡᠭᠦᠯᠬᠦ ᠥᠷᠲᠡᠭᠡᠨ᠎ᠡ ᠬᠦᠷᠴᠦ᠂ ᠨᠡᠷ᠎ᠡ ᠶ᠋ᠢᠨ ᠬᠠᠭᠤᠳᠠᠰᠤ ᠪᠠᠨ ᠳᠣᠲᠣᠭᠰᠢ ᠤᠯᠠᠮᠵᠢᠯᠠᠪᠠ᠃ ᠤᠳᠠᠭᠰᠠᠨ ᠴᠤ᠌ ᠦᠭᠡᠢ ᠪᠸᠯᠬᠢ ᠶ᠋ᠢᠨ ᠨᠢᠭᠡ ᠵᠠᠯᠠᠭᠤᠬᠠᠨ ᠬᠠᠷ᠎ᠠ ᠯᠠᠮᠠ ᠭᠠᠷᠴᠤ ᠢᠷᠡᠭᠡᠳ: 
        — ᠶᠣᠰᠣᠲᠠᠢ ᠭᠡᠨᠡᠳᠲᠡ ᠶ᠋ᠢᠨ ᠪᠠᠶᠠᠷ ᠪᠣᠯᠤᠯ᠎ᠠ᠂ ᠪᠢ ᠲᠠᠨ ᠢ᠋ ᠳᠡᠭᠡᠷᠡᠮᠴᠢᠳ ᠦ᠋ᠨ ᠭᠠᠷ ᠲᠤ᠌ ᠪᠠᠢᠭ᠎ᠠ ᠭᠡᠵᠦ ᠪᠣᠳᠣᠵᠤ ᠪᠠᠢᠭᠰᠠᠨ᠃ ᠭᠡᠬᠦ ᠳ᠋ᠦ᠍ ᠣᠳᠣ ᠲᠠ ᠬᠠᠮᠠᠷ ᠴᠢᠬᠢ ᠪᠡᠨ ᠣᠭᠲᠣᠯᠤᠭᠤᠯᠤᠭᠰᠠᠨ ᠦᠭᠡᠢ ᠮᠢᠨᠦ ᠡᠮᠦᠨ᠎ᠡ ᠵᠣᠭᠰᠣᠵᠤ ᠪᠠᠢᠨ᠎ᠠ! ᠭᠡᠮᠡᠨ ᠢᠨᠢᠶᠡᠨ ᠬᠡᠯᠡᠯ᠎ᠡ᠃ 
       ᠳᠣᠣᠷ᠎ᠠ ᠪᠠᠨ ᠲᠡᠷᠡ ᠠᠶᠠᠨ ᠤ᠋ ᠲᠦᠷᠭᠡᠨ ᠬᠣᠭᠣᠯᠠ ᠪᠡᠯᠡᠳᠦᠭᠦᠯᠵᠦ᠂ ᠡᠨᠡ ᠬᠣᠭᠣᠷᠣᠨᠳᠣ ᠪᠠᠨ ᠮᠢᠨᠦ ᠤᠴᠠᠷᠠᠯ ᠤ᠋ᠨ ᠲᠤᠬᠠᠢ ᠰᠣᠨᠢᠷᠬᠠᠨ ᠠᠰᠠᠭᠤᠵᠤ ᠪᠠᠢᠪᠠ᠃ ᠪᠢᠳᠡᠨ ᠢ᠋ ᠠᠳᠠ ᠠ᠋ᠴᠠ ᠠᠶᠠᠷᠯᠠᠬᠤ ᠦᠶ᠎ᠡ ᠳ᠋ᠦ᠍ ᠱᠠᠰᠢᠨ ᠰᠤᠷᠲᠠᠯᠴᠢᠯᠠᠭᠴᠢ ᠨᠠᠳᠠ ᠳ᠋ᠤ᠌ ᠨᠡᠷ᠎ᠡ ᠶ᠋ᠢᠨ ᠬᠠᠭᠤᠳᠠᠰᠤ ᠪᠠᠨ ᠦᠭᠭᠦᠭᠰᠡᠨ ᠪᠥᠭᠡᠳ ᠮᠥᠨ ᠡᠨᠡ ᠬᠦ᠌ ᠨᠡᠷ᠎ᠡ ᠶ᠋ᠢᠨ ᠬᠠᠭᠤᠳᠠᠰᠤ ᠨᠢ ᠰᠡᠭᠦᠯᠡᠷ ᠲᠤᠩ ᠴᠢᠬᠤᠯᠠ ᠦᠢᠯᠡᠳᠦᠯ ᠦᠵᠡᠭᠦᠯᠦᠨ᠎ᠡ ᠭᠡᠳᠡᠭ ᠢ᠋ ᠲᠡᠷᠡ ᠦᠶ᠎ᠡ ᠳ᠋ᠡᠭᠡᠨ ᠪᠢᠳᠡ ᠬᠡᠷᠬᠢᠨ ᠮᠡᠳᠡᠬᠦ ᠪᠢᠯᠡ᠃ ᠪᠢᠳᠡ ᠥᠴᠦᠬᠡᠨ ᠴᠦ᠍ ᠰᠠᠭᠠᠳ ᠭᠠᠷᠤᠯ ᠦᠭᠡᠢ ᠪᠡᠷ ᠭᠦᠢᠬᠤᠸᠠ ᠬᠣᠲᠠ ᠳ᠋ᠤ᠌ ᠬᠦᠷᠴᠦ ᠢᠷᠡᠭᠡᠳ ᠮᠢᠨᠦ ᠨᠠᠢᠵᠠ ᠦᠪᠸᠷᠬᠧ ᠶ᠋ᠢᠨ ᠲᠤᠬᠠᠢ ᠠᠰᠠᠭᠤᠬᠤ ᠳ᠋ᠤ᠌ ᠭᠡᠷ ᠪᠦᠯᠢ ᠲᠡᠢ ᠪᠡᠨ ᠬᠠᠮᠲᠤ ᠠᠭᠤᠯᠠᠨ ᠳ᠋ᠤ᠌ ᠠᠪᠠᠯᠠᠬᠤ ᠪᠠᠷ ᠶᠠᠪᠤᠭᠰᠠᠨ ᠪᠠᠢᠯ᠎ᠠ᠃  ᠪᠢ ᠳᠣᠣᠷ᠎ᠠ ᠪᠠᠨ ᠪᠡᠭᠡᠵᠢᠩ ᠬᠦᠷᠬᠦ ᠭᠠᠯ ᠲᠡᠷᠭᠡᠨ ᠳ᠋ᠦ᠍ ᠭᠠᠷᠬᠤ ᠪᠠᠷ ᠰᠢᠢᠳᠪᠡ᠃ ᠡᠸᠷᠢᠺᠰᠤᠨ ᠬᠡᠳᠦᠢᠪᠡᠷ ᠪᠠᠰᠠ ᠴᠢᠭᠤᠯᠤᠯᠲᠤ ᠬᠠᠭᠠᠯᠭ᠎ᠠ ᠬᠦᠷᠬᠦ ᠭᠡᠵᠦ ᠪᠠᠢᠭ᠎ᠠ ᠪᠣᠯᠪᠠᠴᠤ ᠨᠠᠳᠠ ᠲᠠᠢ ᠬᠠᠮᠲᠤ ᠶᠠᠪᠤᠵᠤ ᠪᠠᠢᠭ᠎ᠠ ᠪᠠᠨ ᠮᠡᠳᠡᠭᠳᠡᠬᠦ ᠦᠭᠡᠢ ᠶ᠋ᠢᠨ ᠲᠤᠰᠠᠳᠠ ᠠᠳᠠ ᠪᠠᠨ ᠨᠢᠭᠡ ᠬᠣᠨᠣᠬᠤ ᠪᠠᠷ ᠪᠣᠯᠪᠠ᠃ ᠪᠢᠳᠡᠨ ᠦ᠌ ᠬᠠᠮᠲᠤ ᠶ᠋ᠢᠨ ᠠᠶᠠᠨ ᠤ᠋ ᠣᠷᠣ ᠮᠥᠷ ᠢ᠋ ᠣᠷᠣ ᠲᠠᠰᠤ ᠠᠷᠢᠯᠭᠠᠬᠤ ᠴᠢᠬᠤᠯᠠ ᠲᠠᠢ ᠶᠤᠮ᠃ 
       ᠭᠠᠯᠲᠤ ᠶ᠋ᠢᠨ ᠤᠨᠲᠠᠯᠭ᠎ᠠ ᠶ᠋ᠢᠨ ᠸᠠᠭᠣᠨ ᠳ᠋ᠤ᠌ ᠨᠢᠭᠡ ᠲᠠᠰᠤᠯᠭ᠎ᠠ ᠶ᠋ᠢ ᠪᠢ ᠭᠠᠭᠴᠠᠭᠠᠷ ᠢ᠋ᠶ᠋ᠠᠨ ᠡᠵᠡᠯᠡᠪᠡ᠃ ᠵᠡᠷᠭᠡᠯᠡᠳᠡᠭᠡ ᠥᠷᠥᠭᠡᠨ ᠳ᠋ᠦ᠍ ᠭᠤᠷᠪᠠ ᠳᠥᠷᠪᠡᠨ ᠶᠠᠫᠣᠨᠴᠤᠳ ᠪᠠᠢᠭ᠎ᠠ ᠪᠣᠯᠪᠠᠴᠤ ᠪᠢ ᠲᠡᠳᠡᠨ ᠢ᠋ ᠥᠴᠦᠬᠡᠨ ᠴᠦ᠍ ᠠᠩᠬᠠᠷᠤᠭᠰᠠᠨ ᠮᠠᠶᠢᠭ ᠦᠭᠡᠢ ᠶᠠᠪᠤᠵᠤ ᠪᠠᠢᠯ᠎ᠠ᠃ ᠦᠳᠡᠰᠢ ᠪᠡᠷ ᠦᠢᠯᠡᠴᠢᠯᠡᠭᠴᠢ ᠢᠷᠡᠵᠦ ᠨᠡᠷ᠎ᠡ ᠶ᠋ᠢᠨ ᠬᠠᠭᠤᠳᠠᠰᠤ ᠶ᠋ᠢ ᠠᠪᠴᠤ ᠡᠭᠦᠳᠡᠨ ᠳ᠋ᠦ᠍ ᠬᠠᠪᠴᠢᠭᠤᠯᠵᠤ ᠲᠠᠯᠪᠢᠵᠤ ᠪᠠᠢᠭ᠎ᠠ ᠨᠢ ᠰᠥᠨᠢ ᠳᠤᠮᠳᠠ ᠶ᠋ᠢᠨ ᠬᠡᠷᠡᠭ ᠦᠭᠡᠢ ᠬᠥᠮᠦᠰ ᠢᠷᠡᠵᠦ ᠲᠦᠢᠪᠡᠭᠡᠬᠦ ᠡᠴᠡ ᠰᠡᠷᠭᠡᠢᠯᠡᠵᠦ ᠪᠠᠢᠭ᠎ᠠ ᠠᠵᠢ᠃ ᠪᠢ ᠬᠠᠷᠮᠠᠨ ᠠ᠋ᠴᠠ ᠪᠠᠨ ᠪᠸᠯᠬᠢ ᠶ᠋ᠢᠨ ᠮᠠᠰᠢᠨ ᠰᠤᠷᠲᠠᠯᠴᠢᠯᠠᠭᠴᠢ ᠶ᠋ᠢᠨ ᠨᠡᠷ᠎ᠡ ᠶ᠋ᠢᠨ ᠬᠠᠭᠤᠳᠠᠰᠤ ᠶ᠋ᠢ ᠭᠠᠷᠭᠠᠨ ᠦᠭᠭᠦᠯ᠎ᠡ᠃ ᠢᠩᠭᠢᠭᠡᠳ ᠯᠡ ᠨᠣᠢᠷ ᠤ᠋ᠨ ᠳᠠᠯᠠᠢ ᠳ᠋ᠠᠭᠠᠨ ᠱᠤᠮᠪᠠᠨ ᠪᠠᠢᠲᠠᠯ᠎ᠠ ᠸᠠᠭᠣᠨ ᠤ᠋ ᠭᠤᠳᠤᠮᠵᠢᠨ ᠳ᠋ᠤ᠌ ᠥᠨᠳᠥᠷ ᠳᠠᠭᠤᠨ ᠢ᠋ᠶ᠋ᠠᠷ ᠶᠠᠷᠢᠯᠴᠠᠬᠤ ᠴᠢᠮᠡᠭᠡ ᠨᠣᠢᠷ ᠢ᠋ ᠮᠢᠨᠢ ᠰᠡᠷᠡᠭᠡᠪᠡ᠃ ᠰᠡᠷᠡᠮᠵᠢᠲᠡᠢ ᠪᠡᠷ ᠡᠭᠦᠳᠡᠨ ᠳ᠋ᠦ᠍ ᠴᠢᠬᠢ ᠪᠡᠨ ᠨᠠᠭᠠᠨ ᠴᠢᠩᠨᠠᠪᠠ᠃ 
        — ᠶᠠᠭᠠᠬᠢᠭᠰᠠᠨ ᠴᠤ᠌ ᠬᠣᠶᠠᠷ ᠬᠥᠮᠦᠨ ᠪᠠᠢᠵᠤ ᠲᠠᠭᠠᠷᠠᠨ᠎ᠠ ᠭᠡᠵᠦ ᠥᠳᠬᠡᠨ ᠬᠣᠭᠣᠯᠠᠢ ᠲᠠᠢ ᠬᠥᠮᠦᠨ ᠶᠠᠷᠢᠬᠤ ᠳ᠋ᠤ᠌ ᠥᠭᠡᠳᠡ ᠡᠴᠡ ᠨᠢ : 
        — ᠭᠠᠭᠴᠠᠬᠠᠨ ᠯᠠ ᠧᠦ᠋ᠷᠣᠫᠠ ᠶ᠋ᠢᠨ ᠬᠥᠮᠦᠨ ᠪᠠᠢᠭ᠎ᠠ ᠭᠡᠵᠦ ᠬᠠᠷᠢᠭᠤᠯᠬᠤ ᠨᠢ ᠰᠣᠨᠣᠰᠳᠠᠨ᠎ᠠ᠃ 
       ᠪᠠᠰᠠ ᠪᠠᠭ᠎ᠠ ᠵᠡᠷᠭᠡ ᠴᠢᠩᠨᠠᠭᠰᠠᠨ ᠢ᠋ᠶ᠋ᠠᠨ ᠪᠢ ᠡᠭᠦᠳᠡ ᠪᠡᠨ ᠣᠩᠭᠣᠢᠯᠭᠠᠯ᠎ᠠ᠃ ᠨᠢᠭᠡ ᠶᠠᠫᠣᠨ ᠭᠠᠢᠬᠠᠰᠢ ᠠᠯᠳᠠᠭᠰᠠᠨ ᠮᠠᠶᠢᠭᠲᠠᠢ ᠬᠠᠵᠠᠭᠤ ᠲᠠᠢᠰᠢ ᠪᠠᠨ ᠵᠠᠢᠯᠠᠨ ᠵᠣᠭᠰᠣᠭᠠᠳ ᠨᠠᠮᠠᠶ᠋ᠢ ᠠᠵᠢᠭᠯᠠᠵᠤ ᠪᠠᠢᠬᠤ ᠵᠠᠭᠤᠷ᠎ᠠ ᠪᠢ ᠦᠢᠯᠡᠴᠢᠯᠡᠭᠴᠢ ᠳ᠋ᠦ᠍ ᠥᠷᠯᠥᠭᠡ ᠶ᠋ᠢᠨ ᠴᠠᠢ ᠪᠠᠨ ᠬᠡᠨᠡᠭ ᠴᠦ᠍ ᠦᠭᠡᠢ ᠵᠠᠬᠢᠶᠠᠯᠠᠪᠠ᠃ 
        — ᠲᠠ ᠨᠠᠷ ᠰᠠᠶᠢᠬᠠᠨ ᠶᠠᠭᠤᠨ ᠤ᠋ ᠲᠤᠬᠠᠢ ᠮᠠᠷᠭᠤᠯᠳᠤᠪᠠ ?  ᠭᠡᠵᠦ ᠲᠡᠷᠡ ᠦᠢᠯᠡᠴᠢᠯᠡᠭᠴᠢ ᠬᠢᠲᠠᠳ ᠴᠠᠢ ᠠᠪᠴᠢᠷᠠᠨ ᠰᠢᠷᠡᠭᠡᠨ᠎ᠡ ᠲᠠᠯᠪᠢᠬᠤ ᠵᠠᠭᠤᠷ᠎ᠠ ᠪᠢ ᠠᠰᠠᠭᠤᠬᠤ ᠳ᠋ᠤ᠌ ᠲᠡᠷᠡ ᠢᠨᠢᠶᠡᠮᠰᠦᠭᠯᠡᠭᠰᠡᠨ ᠢ᠋ᠶ᠋ᠡᠨ :
        — ᠲᠡᠷᠡ ᠶᠠᠫᠣᠨ ᠲᠠᠨ ᠤ᠋ ᠥᠷᠥᠭᠡᠨ ᠳ᠋ᠦ᠍ ᠪᠠᠢᠭ᠎ᠠ ᠭᠡᠮᠡᠨ ᠦᠵᠡᠵᠦ ᠪᠠᠢᠭ᠎ᠠ ᠬᠣᠶᠠᠳᠠᠬᠢ ᠠᠶᠠᠨᠴᠢᠨ ᠤ᠋ ᠨᠡᠷ᠎ᠡ ᠶ᠋ᠢ ᠨᠢ ᠮᠡᠳᠡᠬᠦ ᠭᠡᠮᠡᠨ ᠬᠦᠴᠦᠯᠡᠵᠦ ᠪᠢᠯᠡ᠂ ᠲᠡᠭᠦᠨ ᠦ᠌ ᠦᠵᠡᠬᠦ ᠪᠡᠷ ᠡᠭᠦᠳᠡᠨ ᠳᠡᠭᠡᠷᠡᠬᠢ ᠨᠡᠷ᠎ᠡ ᠶ᠋ᠢᠨ ᠬᠠᠭᠤᠳᠠᠰᠤ ᠪᠣᠯ ᠬᠠᠭᠤᠷᠮᠠᠭ ᠭᠡᠨ᠎ᠡ ᠭᠡᠯ᠎ᠡ᠃ ᠪᠢ ᠥᠷᠯᠥᠭᠡᠨ ᠦ᠌ ᠴᠠᠢ ᠪᠠᠨ ᠤᠤᠭᠤᠬᠤ ᠪᠠᠷ ᠬᠣᠭᠣᠯᠠᠨ ᠤ᠋ ᠸᠠᠭᠣᠨ ᠬᠦᠷᠬᠦ ᠪᠡᠷ ᠪᠣᠰᠤᠯ᠎ᠠ᠃ ᠲᠠᠢᠰᠢ ᠪᠠᠨ ᠠᠯᠬᠤᠯᠠᠵᠤ ᠪᠠᠢᠬᠤ ᠵᠠᠭᠤᠷ᠎ᠠ ᠥᠪᠡᠷ ᠦ᠋ᠨ ᠠᠶᠠᠨ ᠤ᠋ ᠠᠪᠳᠠᠷ᠎ᠠ ᠪᠠᠨ ᠣᠨᠢᠰᠤᠯᠠᠭᠰᠠᠨ ᠦᠭᠡᠢ ᠪᠡᠨ ᠰᠠᠨᠠᠭᠠᠳ ᠪᠤᠴᠠᠨ ᠢᠷᠡᠬᠦ ᠳ᠋ᠦ᠍ ᠲᠡᠷᠡ ᠶᠠᠫᠣᠨ ᠮᠢᠨᠦ ᠬᠠᠪᠴᠢᠭᠤᠯᠤᠭᠰᠠᠨ ᠨᠡᠷ᠎ᠡ ᠶ᠋ᠢᠨ ᠬᠠᠭᠤᠳᠠᠰᠤ ᠶ᠋ᠢ ᠭᠠᠷ ᠲᠠᠭᠠᠨ ᠪᠠᠷᠢᠭᠠᠳ᠂ ᠬᠢᠨᠠᠮᠠᠭᠠᠢ ᠪᠠᠷ ᠲᠡᠮᠳᠡᠭᠯᠡᠨ ᠠᠪᠴᠤ ᠪᠠᠢᠯ᠎ᠠ᠃ ᠮᠢᠨᠦ ᠢᠷᠡᠬᠦ ᠶ᠋ᠢ ᠬᠠᠷᠠᠩᠭᠤᠲᠠ ᠲᠦᠷᠭᠡᠨ ᠭᠡᠭᠴᠢ ᠤᠤᠯ ᠣᠷᠣᠨ ᠳ᠋ᠤᠨᠢ ᠬᠠᠪᠴᠢᠭᠤᠯᠤᠭᠠᠳ᠂ ᠥᠪᠡᠷ ᠦ᠋ᠨ ᠲᠠᠰᠤᠯᠭᠠᠨ ᠳ᠋ᠠᠭᠠᠨ ᠳᠠᠯᠳᠠᠷᠠᠪᠠ᠃ ᠡᠨᠡ ᠬᠦ᠌ ᠨᠡᠷ᠎ᠡ ᠶ᠋ᠢᠨ ᠬᠠᠭᠤᠳᠠᠰᠤ ᠡᠭᠦᠷᠭᠡ ᠪᠡᠨ ᠨᠢᠭᠡᠨᠲᠡ ᠪᠡᠶᠡᠯᠡᠭᠦᠯᠦᠭᠰᠡᠨ ᠪᠣᠯᠬᠣᠷ ᠠᠪᠴᠤ ᠬᠠᠷᠮᠠᠨ ᠳ᠋ᠠᠭᠠᠨ ᠬᠢᠭᠡᠳ ᠠᠪᠳᠠᠷ᠎ᠠ ᠪᠠᠨ ᠣᠨᠢᠰᠤᠯᠠᠵᠤ᠂ ᠰᠠᠨᠠᠭ᠎ᠠ ᠠᠮᠤᠷ ᠥᠷᠯᠥᠭᠡ ᠶ᠋ᠢᠨ ᠴᠠᠢ ᠪᠠᠨ ᠤᠤᠭᠤᠵᠤ ᠰᠠᠭᠤᠪᠠ᠃ 
       ᠴᠢᠭᠤᠯᠤᠯᠲᠤ ᠬᠠᠭᠠᠯᠭ᠎ᠠ ᠶ᠋ᠢᠨ ᠵᠣᠭᠰᠣᠭᠠᠯ ᠳᠡᠭᠡᠷ᠎ᠡ ᠨᠢᠭᠡ ᠨᠠᠢᠵᠠ ᠮᠢᠨᠢ ᠵᠣᠭᠰᠣᠵᠤ ᠪᠠᠢᠯ᠎ᠠ᠃ 
        — ᠲᠠ ᠲᠡᠭᠡᠭᠡᠳ ᠬᠠᠮᠢᠭ᠎ᠠ ᠠ᠋ᠴᠠ ᠭᠠᠷᠤᠭᠠᠳ ᠢᠷᠡᠪᠡ?  ᠶᠠᠫᠣᠨᠴᠤᠳ ᠵᠠᠮ ᠲᠤᠷᠰᠢ ᠲᠠᠨ ᠢ᠋ ᠡᠷᠢᠵᠦ ᠬᠠᠢᠨ ᠰᠦᠢᠳ ᠪᠣᠯᠵᠤ ᠪᠠᠢᠭ᠎ᠠ ᠶ᠋ᠢ ᠲᠠ ᠮᠡᠳᠡᠨ᠎ᠡ ᠪᠢᠵᠡ?  ᠭᠡᠮᠡᠨ ᠲᠡᠷᠡ ᠭᠠᠢᠬᠠᠰᠢ ᠠᠯᠲᠠᠨ ᠠᠰᠠᠭᠤᠵᠤ ᠭᠠᠷᠪᠠ᠃ 
        — ᠪᠢ ᠪᠧ ‍ᠯᠬᠢ ᠶ᠋ᠢᠨ ᠮᠠᠰᠢᠨ ᠰᠤᠷᠲᠠᠯᠴᠢᠯᠠᠭᠴᠢ ᠶ᠋ᠢᠨ ᠬᠤᠪᠢ ᠪᠠᠷ ᠠᠶᠠᠯᠠᠵᠤ ᠪᠠᠢᠨ᠎ᠠ᠂ ᠮᠥᠨ ᠲᠡᠭᠡᠭᠡᠳ ᠪᠢ ᠪᠡᠭᠡᠵᠢᠩ ᠳ᠋ᠦ᠍ ᠬᠥᠷᠴᠢᠬᠡᠪᠡᠯ ᠮᠢᠨᠦ ᠬᠠᠮᠢᠭ᠎ᠠ ᠠ᠋ᠴᠠ ᠢᠷᠡᠭᠰᠡᠨ ᠨᠢ ᠴᠦ᠍ ᠨᠢᠭᠡ ᠶᠡᠬᠡ ᠰᠣᠨᠢᠷᠬᠠᠯᠲᠠᠢ ᠪᠢᠰᠢ ᠪᠠᠢᠬ᠎ᠠ ᠭᠡᠮᠡᠨ ᠪᠢ ᠢᠨᠢᠶᠡᠨ ᠬᠠᠷᠢᠭᠤᠯᠪᠠ᠃  
       ᠣᠳᠣ ᠲᠡᠭᠡᠭᠡᠳ ᠯᠡ ᠮᠣᠩᠭᠣᠯ ᠬᠠᠷᠠᠭᠠᠨ ᠠ᠋ᠴᠠ ᠮᠢᠨᠢ ᠦᠭᠡᠢ ᠪᠣᠯᠬᠤ ᠪᠣᠯᠤᠯ᠎ᠠ᠃ ᠶᠡᠬᠡ ᠤᠳᠠᠭᠠᠨ ᠲᠡᠷᠭᠡᠨ ᠦ᠌ ᠴᠣᠩᠬᠣᠨ ᠤ᠋ ᠳᠡᠷᠭᠡᠳᠡ ᠵᠣᠭᠰᠣᠨ ᠮᠢᠨᠦ ᠳᠣᠲᠣᠨᠣ ᠳᠠᠰᠤᠯ ᠪᠣᠯᠤᠭᠰᠠᠨ ᠲᠠᠯ᠎ᠠ ᠨᠤᠲᠤᠭ ᠤ᠋ᠨ ᠥᠩᠭᠡ ᠦᠵᠡᠮᠵᠢ ᠶ᠋ᠢᠨ ᠬᠣᠢᠰᠢ ᠪᠠᠨ ᠬᠠᠶᠠᠭᠳᠠᠬᠤ ᠶ᠋ᠢ ᠬᠠᠷᠠᠯ᠎ᠠ᠃  ᠪᠢ ᠡᠢᠨ ᠬᠦ᠌ ᠡᠨᠡ ᠨᠤᠲᠤᠭ ᠤ᠋ᠨ ᠠᠭᠤᠤ ᠶᠡᠬᠡ ᠠᠷᠠᠳ ᠲᠦᠮᠡᠨ ᠲᠡᠢ ᠬᠠᠮᠲᠤ ᠥᠩᠭᠡᠷᠡᠭᠦᠯᠦᠭᠰᠡᠨ ᠨᠠᠰᠤᠨ ᠳ᠋ᠠᠭᠠᠨ ᠮᠠᠷᠲᠠᠰᠢ ᠦᠭᠡᠢ ᠬᠡᠷᠡᠭ ᠤᠴᠢᠷ ᠤ᠋ᠳ ᠢ᠋ ᠬᠣᠢᠨ᠎ᠠ ᠪᠠᠨ ᠣᠷᠬᠢᠭᠰᠠᠨ ᠪᠢᠯᠡ᠃ ᠠᠮᠤᠭᠤᠯᠠᠩ ᠮᠥᠷᠲᠡᠭᠡᠨ ᠪᠤᠰᠤᠳ ᠤ᠋ᠨ ᠦᠢᠮᠡᠭᠦᠯᠦᠯ ᠦᠭᠡᠢ ᠪᠡᠷ ᠲᠠᠯ᠎ᠠ ᠨᠤᠲᠤᠭ ᠲᠠᠭᠠᠨ ᠵᠢᠷᠭᠠᠯ ᠲᠠᠢ ᠠᠮᠢᠳᠤᠷᠠᠬᠤ ᠶ᠋ᠢ ᠬᠦᠰᠡᠨ ᠪᠠᠢᠭ᠎ᠠ ᠡᠨᠡ ᠦᠨᠳᠦᠰᠦᠲᠡᠨ ᠢ᠋ ᠢᠷᠡᠭᠡᠳᠦᠢ ᠴᠣᠬᠣᠮ ᠬᠠᠮᠢᠭᠠᠰᠢ ᠪᠠᠨ ᠬᠥᠲᠥᠯᠦᠨ ᠠᠪᠠᠴᠢᠳᠠᠭ ᠪᠣᠯ?  ᠥᠨᠳᠥᠷᠯᠢᠭ ᠦ᠋ᠨ ᠳᠡᠭᠡᠭᠦᠷ ᠨᠡᠲᠦᠢᠨ ᠪᠠᠷᠤᠢᠬᠤ ᠬᠠᠷ᠎ᠠ ᠡᠭᠦᠯᠡᠰ ᠲᠡᠢᠮᠦ ᠰᠠᠢᠨ ᠵᠦᠩ ᠰᠤᠪᠢᠨ ᠪᠢᠰᠢ ᠰᠢᠭ ᠬᠠᠷᠠᠭᠳᠠᠬᠤ ᠪᠥᠭᠡᠳ ᠨᠠᠳᠠ ᠳ᠋ᠤ᠌ ᠮᠣᠩᠭᠣᠯᠴᠤᠳ ᠶᠠᠭ ᠯᠠ ᠡᠷᠬᠡ ᠴᠢᠯᠥᠭᠡ ᠪᠠ ᠲᠤᠰᠠᠭᠠᠷ ᠲᠣᠭᠲᠠᠨᠢᠯ ᠤ᠋ᠨ ᠲᠥᠯᠥᠭᠡ ᠶᠠᠪᠤᠭᠤᠯᠬᠤ ᠰᠢᠨ᠎ᠡ ᠲᠡᠮᠡᠴᠡᠯ ᠳ᠋ᠡᠭᠡᠨ ᠬᠡᠷᠡᠭᠯᠡᠬᠦ ᠬᠦᠴᠦᠨ ᠢ᠋ᠶ᠋ᠡᠨ ᠠᠯᠢ ᠡᠷᠲᠡ ᠪᠠᠷᠠᠭᠠᠭᠰᠠᠨ ᠮᠡᠲᠦ ᠰᠠᠨᠠᠭᠳᠠᠭᠰᠠᠨ ᠪᠢᠯᠡ᠃