ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠨᠢᠭᠡᠳᠦᠭᠡᠷ ᠪᠦᠯᠦᠭ ᠵᠦᠩ ᠳᠠᠭᠠᠭᠤᠯᠤᠭᠰᠠᠨ ᠵᠡᠭᠦᠳᠦᠨ ᠦ᠌ ᠲᠠᠢᠯᠤᠯСорхугтани бэх хатан-Бямбын Сарантуяа-Нэгдүгээр бүлэг Жүн дагуулсан зүүдний тайлал ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠨᠢᠭᠡᠳᠦᠭᠡᠷ ᠪᠦᠯᠦᠭ ᠵᠦᠩ ᠳᠠᠭᠠᠭᠤᠯᠤᠭᠰᠠᠨ ᠵᠡᠭᠦᠳᠦᠨ ᠦ᠌ ᠲᠠᠢᠯᠤᠯСорхугтани бэх хатан-Бямбын Сарантуяа-Нэгдүгээр бүлэг Жүн дагуулсан зүүдний тайлал

ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠨᠢᠭᠡᠳᠦᠭᠡᠷ ᠪᠦᠯᠦᠭ ᠵᠦᠩ ᠳᠠᠭᠠᠭᠤᠯᠤᠭᠰᠠᠨ ᠵᠡᠭᠦᠳᠦᠨ ᠦ᠌ ᠲᠠᠢᠯᠤᠯСорхугтани бэх хатан-Бямбын Сарантуяа-Нэгдүгээр бүлэг Жүн дагуулсан зүүдний тайлал

ᠠᠩᠭᠢᠯᠠᠯ:ᠲᠤᠭᠤᠵᠢ ᠷᠣᠮᠠᠨ
2024-09-20

2247

ᠰᠤᠷᠬᠠᠭᠲᠠᠨᠢ ᠪᠡᠬᠢ ᠬᠠᠲᠤᠨ(ᠷᠣᠮᠠᠨ)

 [ᠮᠣᠩᠭᠣᠯ]ᠪᠢᠮᠪᠠ ᠶ᠋ᠢᠨ ᠰᠠᠷᠠᠨᠲᠤᠶᠠᠭ᠎ᠠ 
         2012 ᠣᠨ 
ᠶᠡᠬᠡ ᠲᠡᠦᠬᠡ ᠶ᠋ᠢᠨ ᠢ᠋ᠶ᠋ᠡᠨ ᠥᠯᠮᠡᠢ ᠳ᠋ᠦ᠍ ᠡᠷᠭᠦᠨ ᠪᠠᠷᠢᠪᠠ 

   ᠪᠢᠳᠡᠨ  ᠦ᠌ ᠠᠯᠬᠤᠨ ᠪᠣᠢ ᠭᠠᠵᠠᠷ  ᠤ᠋ᠨ ᠬᠥᠷᠥᠰᠥᠨ ᠳᠡᠭᠡᠷ᠎ᠡ ᠶᠠᠮᠠᠷᠬᠠᠨ ᠦᠢᠯᠡ ᠶᠠᠪᠤᠳᠠᠯ ᠥᠷᠨᠢᠵᠦ ᠪᠢᠳᠡᠨ  ᠦ᠌ ᠡᠪᠦᠭᠡ ᠳᠡᠭᠡᠳᠦᠰ ᠬᠡᠷᠬᠢᠨ ᠪᠠᠬᠠᠳᠤᠮ᠎ᠠ ᠭᠠᠪᠢᠶ᠎ᠠ ᠪᠠᠢᠭᠤᠯᠵᠤ ᠶᠠᠪᠤᠭᠰᠠᠨ  ᠢ᠋ ᠥᠨᠥ  ᠶ᠋ᠢᠨ ᠬᠥᠮᠦᠰ ᠪᠢᠳᠡ ᠦᠷᠭᠦᠯᠵᠢᠯᠡᠭᠦᠯᠵᠦ ᠡᠰᠡ ᠴᠢᠳᠠᠯ᠎ᠠ ᠴᠤ᠌ ᠮᠠᠷᠲᠠᠬᠤ ᠤᠴᠢᠷ ᠦᠭᠡᠢ ᠲᠤᠯᠠ ᠡᠨᠡ ᠬᠦ᠌ ᠷᠣᠮᠠᠨ ᠢ᠋ ᠴᠢᠳᠠᠨ ᠶᠠᠳᠠᠨ ᠪᠢᠴᠢᠭᠯᠡᠪᠡ᠃

ᠵᠣᠬᠢᠶᠠᠭᠴᠢ ᠪᠢᠮᠪᠠ  ᠶ᠋ᠢᠨ ᠰᠠᠷᠠᠨᠲᠤᠶᠠᠭ᠎ᠠ

   ᠵᠣᠬᠢᠶᠠᠭᠴᠢ ᠶ᠋ᠢᠨ ᠵᠦᠭ ᠡᠴᠡ ᠡᠨᠡ ᠬᠦ᠌ ᠷᠣᠮᠠᠨ ᠢ᠋ ᠬᠠᠢᠷᠠᠲᠠᠢ ᠡᠵᠢ ᠬᠠᠯᠲᠠᠷ ᠤ᠋ᠨ ᠣᠳᠬᠣᠨ ᠲᠠᠨ ᠤ᠋ ᠪᠠᠨ ᠭᠡᠭᠡᠨ ᠳᠤᠷᠠᠰᠬᠠᠯ ᠳ᠋ᠤ᠌ ᠵᠣᠷᠢᠭᠤᠯᠤᠨ ᠪᠢᠴᠢᠪᠡ᠃ ᠥᠬᠢᠨ ᠲᠠᠨᠢ ᠡᠨᠡ ᠨᠣᠮ ᠢ᠋ ᠪᠢᠴᠢᠭᠰᠡᠨ ᠢ᠋ᠶ᠋ᠡᠷ ᠡᠨᠡ ᠬᠣᠷᠸ᠎ᠠ ᠳ᠋ᠤ᠌ ᠢᠷᠡᠭᠰᠡᠨ ᠵᠣᠷᠢᠯᠭ᠎ᠠ ᠬᠢᠭᠡᠳ ᠡᠮᠡᠭᠲᠡᠢ ᠬᠥᠮᠦᠨ ᠪᠣᠯᠵᠤ ᠲᠥᠷᠥᠭᠰᠡᠨ ᠡᠬᠡ ᠬᠥᠮᠦᠨ ᠦ᠌ ᠡᠭᠦᠷᠭᠡ ᠪᠡᠨ ᠰᠠᠢᠲᠤᠷ ᠤᠬᠠᠭᠠᠷᠠᠯ᠎ᠠ᠃ ᠡᠭᠦᠪᠡᠷ ᠪᠢ ᠬᠠᠢᠷᠠᠲᠠᠢ ᠡᠵᠢ ᠲᠠᠨ ᠤ᠋ ᠪᠠᠨ ᠨᠢᠭᠡᠨ ᠰᠥᠨᠢ ᠥᠨᠳᠡᠢᠨ ᠬᠥᠬᠥᠭᠦᠯᠦᠭᠰᠡᠨ ᠠᠴᠢ ᠶ᠋ᠢ ᠲᠠᠨᠢ ᠬᠠᠷᠢᠭᠤᠯᠤᠭᠰᠠᠨ ᠪᠣᠯᠪᠠ ᠤᠤ ᠭᠡᠵᠦ ᠰᠡᠳᠬᠢᠨ᠎ᠡ᠃ ᠪᠤᠰᠤᠳ ᠣᠯᠠᠨ ᠰᠥᠨᠢ ᠨᠦ᠍ᠭᠦᠳ ᠦ᠋ᠨ ᠲᠠᠨᠢ ᠠᠴᠢ ᠡᠯᠪᠡᠷᠢᠯ ᠦ᠋ᠨ ᠬᠠᠷᠢᠭᠤ ᠶ᠋ᠢ ᠥᠨᠥ ᠪᠢ ᠥᠪᠡᠷ ᠦ᠋ᠨ ᠦᠷ᠎ᠡ ᠬᠡᠦᠬᠡᠳ ᠦ᠋ᠳ ᠲᠡᠭᠡᠨ ᠵᠣᠷᠢᠭᠤᠯᠬᠤ ᠪᠣᠯᠤᠨ᠎ᠠ᠃ ᠮᠥᠩᠬᠡ ᠬᠥᠬᠡ ᠲᠩᠷᠢ᠂ ᠮᠥᠨ ᠬᠦ᠌ ᠨᠣᠭᠣᠭᠠᠨ ᠭᠠᠵᠠᠷ ᠰᠢᠷᠣᠢ ᠳ᠋ᠠᠭᠠᠨ ᠠᠮᠤᠭᠤᠯᠠᠩ ᠨᠣᠢᠷᠰᠤ ᠳᠠ᠃
《ᠶᠢᠷᠲᠢᠨᠴᠦ ᠶ᠋ᠢᠨ ᠣᠯᠠᠨ ᠠᠷᠠᠳ ᠲᠦᠮᠡᠨ ᠦ᠌ ᠳᠤᠮᠳᠠ ᠰᠣᠷᠬᠠᠭᠲᠠᠨᠢ ᠪᠡᠬᠢ ᠰᠢᠭ᠋ ᠳᠠᠬᠢᠭᠠᠳ ᠨᠢᠭᠡ ᠯᠡ ᠪᠦᠰᠡᠭᠦᠢ ᠪᠠᠢᠬᠤ ᠶᠤᠮ ᠪᠣᠯ ᠪᠢ ᠤᠤᠯ ᠱᠤᠭᠤᠮ ᠳ᠋ᠠᠭᠠᠨ ᠡᠮ᠎ᠡ ᠬᠦᠢᠰᠦᠲᠡᠨ ᠢ᠋ ᠡᠷ᠎ᠡ ᠬᠥᠮᠦᠨ ᠡᠴᠡ ᠳᠡᠭᠡᠳᠦ ᠲᠥᠷᠥᠯᠲᠡᠨ ᠶᠦᠮ ᠪᠠᠢᠨ᠎ᠠ ᠭᠡᠵᠦ ᠬᠦᠯᠢᠶᠡᠨ ᠵᠥᠪᠰᠢᠶᠡᠷᠡᠬᠦ ᠪᠠᠢᠭᠰᠠᠨ》
   ᠫᠯᠠᠨ ᠺᠠᠷᠫᠢᠨ 《ᠰᠣᠷᠬᠠᠭᠲᠠᠨᠢ ᠬᠠᠲᠤᠨ ᠪᠣᠯ ᠮᠠᠰᠢ ᠶᠡᠬᠡ ᠤᠬᠠᠭᠠᠨ ᠲᠠᠢ᠂ ᠠᠪᠢᠶᠠᠰᠯᠢᠭ᠂ ᠪᠦᠬᠦ ᠲᠠᠯ᠎ᠠ ᠪᠠᠷ ᠢ᠋ᠶ᠋ᠠᠨ ᠳᠡᠯᠡᠬᠡᠢ ᠶ᠋ᠢᠨ ᠡᠮᠡᠭᠲᠡᠢᠴᠦᠳ ᠦ᠋ᠨ ᠳᠣᠲᠣᠷ᠎ᠠ ᠠ᠋ᠴᠠ ᠳᠣᠪᠣᠢᠵᠤ ᠪᠠᠢᠯ᠎ᠠ᠃ ᠲᠡᠷᠡ ᠪᠡᠷ ᠳᠠᠷᠤᠤ ᠪᠥᠷᠥᠭᠳᠡᠭᠦᠦ᠂ ᠶᠡᠬᠡ ᠴᠡᠮᠴᠡᠭᠡᠷ ᠮᠥᠷᠲᠡᠯ᠎ᠡ ᠪᠡᠨ ᠬᠠᠲᠠᠭᠤ ᠴᠢᠩᠭ᠎ᠠ ᠰᠢᠨᠵᠢ ᠪᠦᠬᠦᠢ ᠬᠠᠲᠤᠨ ᠪᠠᠢᠪᠠ》᠃
   ᠷᠠᠰᠢᠳ᠋ ᠠᠳ᠋ ᠳ᠋ᠢᠨ《ᠰᠤᠳᠤᠷ ᠤ᠋ᠨ ᠴᠢᠭᠤᠯᠭᠠᠨ》
 ᠰᠣᠷᠬᠠᠭᠲᠠᠨᠢ ᠬᠠᠲᠤᠨ ᠪᠣᠯ ᠲᠠᠲ᠋ᠠᠷ ᠤ᠋ᠳ ᠤ᠋ᠨ ᠳᠣᠲᠣᠷ᠎ᠠ ᠡᠵᠡᠨ ᠬᠠᠭᠠᠨ ᠤ᠋ ᠳᠠᠷᠠᠭ᠎ᠠ ᠣᠷᠣᠬᠤ ᠬᠠᠮᠤᠭ ᠤ᠋ᠨ ᠨᠡᠷ᠎ᠡ ᠬᠦᠨᠳᠦ ᠨᠥᠯᠥᠭᠡ ᠪᠦᠬᠦᠢ ᠬᠠᠲᠤᠨ ᠪᠠᠢᠯ᠎ᠠ》᠃
   ᠫᠯᠠᠨ ᠺᠡᠷᠫᠢᠨ《ᠠᠶᠠᠨ ᠤ᠋ ᠲᠡᠮᠳᠡᠭᠯᠡᠯ》

《ᠲᠡᠭᠦᠨ ᠳ᠋ᠦ᠍ ᠵᠠᠶᠠᠭᠠᠭᠰᠠᠨ ᠤᠬᠠᠭᠠᠨ᠂ ᠠᠪᠢᠶᠠᠰ ᠤ᠋ᠨ ᠢ᠋ᠶ᠋ᠠᠨ ᠬᠦᠴᠦ ᠪᠡᠷ ᠯᠠ ᠲᠡᠷᠡ ᠬᠥᠪᠡᠭᠦᠳ ᠢ᠋ᠶ᠋ᠡᠨ ᠦᠶᠡᠯᠢ ᠠᠬᠠᠨ ᠳᠡᠭᠦᠦᠰ ᠦ᠋ᠨ ᠬᠢᠨᠢ ᠲᠡᠷᠢᠭᠦᠨ ᠳ᠋ᠦ᠍ ᠭᠠᠷᠭᠠᠵᠤ᠂ ᠬᠠᠭᠠᠨ ᠲᠥᠷᠥ ᠪᠠ ᠬᠠᠭᠠᠨ ᠤ᠋ ᠵᠡᠷᠭᠡ ᠳ᠋ᠦ᠍ ᠬᠦᠷᠭᠡᠵᠦ ᠴᠢᠳᠠᠭᠰᠠᠨ ᠨᠢ ᠡᠷᠡᠭᠡᠯᠵᠡᠭᠡ ᠦᠭᠡᠢ ᠶᠦᠮ》᠃ 
   ᠠᠲ᠋ᠠ ᠮᠸᠯᠢᠺ ᠵᠦᠸᠸᠢ᠍ᠨᠢ

ᠨᠢᠭᠡᠳᠦᠭᠡᠷ ᠪᠦᠯᠦᠭ ᠵᠦᠩ ᠳᠠᠭᠠᠭᠤᠯᠤᠭᠰᠠᠨ ᠵᠡᠭᠦᠳᠦᠨ ᠦ᠌ ᠲᠠᠢᠯᠤᠯ

   ᠰᠥᠨᠢ ᠶ᠋ᠢᠨ ᠠᠨᠢᠷ ᠦᠭᠡᠢ ᠡᠷᠭᠢᠨ ᠲᠣᠭᠣᠷᠢᠨ ᠢ᠋ ᠡᠷᠬᠡᠰᠢᠶᠡᠯ ᠳ᠋ᠡᠭᠡᠨ ᠠᠪᠴᠠᠢ᠃ ᠲᠠᠯ᠎ᠠ ᠨᠤᠲᠤᠭ ᠤ᠋ᠨ ᠳᠡᠭᠡᠭᠦᠷ ᠬᠠᠮᠢᠭ᠎ᠠ ᠨᠢᠭᠡ ᠬᠤᠤᠭᠢᠬᠤ ᠰᠠᠯᠬᠢᠨ ᠨᠠᠮᠤᠷ ᠣᠷᠣᠢ ᠪᠣᠯᠤᠭᠰᠠᠨ ᠢ᠋ ᠢᠯᠡᠳᠬᠡᠬᠦ ᠮᠡᠲᠦ ᠠᠪᠠᠴᠤ ᠰᠡᠪ ᠰᠠᠷᠠᠭᠤᠯᠬᠠᠨ ᠰᠥᠨᠢ ᠣᠳᠣᠳ ᠢ᠋ ᠠᠯᠠᠭᠠᠨ ᠳᠡᠭᠡᠷ᠎ᠡ ᠪᠡᠨ ᠲᠠᠯᠪᠢᠭᠠᠳ ᠲᠣᠭᠠᠯᠠᠵᠤ ᠪᠣᠯᠤᠮᠠᠷ ᠣᠢᠷᠠᠬᠠᠨ ᠬᠠᠷᠠᠭᠳᠠᠨ᠎ᠠ᠃ ᠰᠠᠷᠠᠨ ᠤ᠋ ᠭᠡᠷᠡᠯ ᠳ᠋ᠦ᠍ ᠮᠣᠳᠣ ᠲᠠᠢ ᠠᠭᠤᠯᠠ ᠶ᠋ᠢᠨ ᠡᠪᠦᠷ ᠪᠠᠷᠠᠳᠠᠨ ᠠᠴᠢᠶ᠎ᠠ ᠪᠠᠷᠠᠭ᠎ᠠ ᠪᠠᠨ ᠵᠠᠢᠴᠢᠯᠠᠨ ᠪᠦᠬᠦᠯᠢ ᠬᠠᠬᠤᠯᠢ ᠪᠠᠷ ᠢ᠋ᠶ᠋ᠠᠨ ᠤᠨᠲᠠᠭᠰᠠᠨ ᠬᠥᠮᠦᠰ ᠢ᠋ ᠬᠠᠷᠠᠪᠠᠯ ᠨᠡᠭᠦᠳᠡᠯᠯᠡᠵᠦ ᠶᠠᠪᠤᠭ᠎ᠠ ᠪᠣᠯᠪᠠ ᠤᠤ ᠭᠡᠮᠡᠷ᠃ ᠤᠨᠲᠠᠷᠠᠵᠤ ᠳᠠᠭᠤᠰᠤᠭ᠎ᠠ ᠦᠭᠡᠢ ᠭᠠᠯ ᠤ᠋ᠨ ᠴᠣᠭ ᠴᠠᠳ ᠫᠠᠳ ᠳᠤᠤᠭᠠᠷᠴᠤ ᠪᠠᠢᠭ᠎ᠠ ᠨᠢ ᠡᠨᠡ ᠬᠥᠮᠦᠰ ᠰᠠᠶᠢᠬᠠᠨ ᠤᠨᠲᠠᠭᠰᠠᠨ ᠢ᠋ ᠢᠯᠡᠳᠬᠡᠨ᠎ᠡ᠂ ᠲᠡᠳᠡᠨ ᠦ᠌ ᠳᠤᠮᠳᠠ ᠳᠥᠴᠢ ᠣᠷᠴᠢᠮ ᠨᠠᠰᠤᠨ ᠤ᠋ ᠡᠬᠡᠨᠡᠷ ᠨᠥᠬᠥᠷ ᠪᠣᠯᠤᠯᠲᠠᠢ ᠬᠣᠶᠠᠷ ᠬᠥᠮᠦᠨ ᠢᠰᠡᠭᠡᠢ ᠳᠡᠪᠢᠰᠦᠨ ᠬᠡᠪᠲᠡᠵᠦ᠂ ᠳᠡᠪᠡᠯ ᠢ᠋ᠶ᠋ᠡᠨ ᠥᠷᠥᠭᠡᠯᠳᠡᠵᠡᠢ᠃
   ᠨᠥᠮᠥᠷᠦᠭᠰᠡᠨ ᠳᠡᠪᠡᠯ ᠨᠢ ᠡᠩᠭᠡᠷ ᠰᠤᠭᠤ ᠪᠠᠷ ᠢ᠋ᠶ᠋ᠠᠨ ᠤᠷᠠᠭᠳᠠᠵᠤ᠂ ᠥᠩᠭᠡ ᠨᠢ ᠲᠠᠨᠢᠭᠳᠠᠬᠤ ᠪᠠᠷ ᠦᠭᠡᠢ ᠭᠠᠩᠳᠠᠵᠤ ᠡᠯᠡᠭᠳᠡᠨ᠂ ᠲᠠᠢᠯᠵᠤ ᠲᠠᠯᠪᠢᠭᠰᠠᠨ ᠭᠤᠲᠤᠯ ᠤ᠋ᠨ ᠤᠯᠠ ᠨᠢ ᠬᠠᠩᠵᠠᠷᠠᠭᠰᠠᠨ ᠵᠡᠷᠭᠡ ᠶ᠋ᠢ ᠦᠵᠡᠪᠡᠯ ᠶᠡᠬᠡ ᠤᠳᠠᠭᠠᠨ ᠨᠡᠭᠦᠵᠦ ᠶᠠᠪᠤᠭ᠎ᠠ ᠨᠢ ᠢᠯᠡᠳᠲᠡ᠃
   ᠡᠷᠡᠭᠲᠡᠢ ᠨᠢ ᠨᠣᠢᠷ ᠤ᠋ᠨ ᠳᠤᠮᠳᠠ ᠪᠠᠨ ᠡᠪ ᠬᠠᠪᠤ ᠦᠭᠡᠢ ᠬᠤᠷᠬᠢᠷᠠᠵᠤ᠂ ᠬᠠᠮᠢᠭ᠎ᠠ ᠨᠢᠭᠡ ᠳᠡᠮᠡᠢ ᠶᠠᠷᠢᠨ ᠪᠠᠢᠭ᠎ᠠ ᠶ᠋ᠢ ᠦᠵᠡᠪᠡᠯ ᠰᠡᠳᠬᠢᠯ ᠰᠠᠨᠠᠭ᠎ᠠ ᠨᠢ ᠶᠡᠬᠡᠳᠡ ᠲᠠᠪᠠ ᠦᠭᠡᠢ ᠪᠠᠢᠭ᠎ᠠ ᠪᠣᠯᠤᠯᠲᠠᠢ᠃
   ᠲᠡᠳᠡᠨ ᠦ᠌ ᠬᠠᠵᠠᠭᠤᠬᠠᠨ ᠳ᠋ᠤ᠌ ᠲᠡᠷᠭᠡᠨ ᠳᠡᠭᠡᠷᠡᠬᠢ ᠠᠴᠢᠶ᠎ᠠ ᠪᠠᠷᠠᠭ᠎ᠠ ᠶ᠋ᠢ ᠵᠠᠢᠴᠢᠯᠠᠨ ᠬᠣᠶᠠᠷ ᠥᠬᠢᠨ ᠨᠣᠢᠷᠰᠤᠵᠠᠢ᠂ ᠰᠠᠷᠠᠨ ᠤ᠋ ᠰᠠᠷᠠᠭᠤᠯ ᠳ᠋ᠤ᠌ ᠲᠡᠳᠡᠨ ᠦ᠌ ᠨᠢᠳᠦ ᠬᠥᠮᠥᠰᠬᠡ ᠲᠣᠳᠣ᠂ ᠬᠠᠴᠠᠷ ᠤᠯᠠᠭᠠᠨ᠃ ᠨᠢᠭᠡ ᠨᠢ ᠬᠣᠷᠢ ᠣᠷᠴᠢᠮ ᠨᠠᠰᠤᠨ ᠤ᠋ ᠪᠠᠷᠠᠭᠤᠨ ᠬᠠᠴᠠᠷ ᠳᠡᠭᠡᠷ᠎ᠡ ᠮᠡᠩᠭᠡ ᠲᠡᠢ᠂ ᠨᠥᠭᠥᠭᠡᠬᠢ ᠨᠢ ᠨᠠᠰᠤ ᠪᠠᠷ ᠪᠠᠭ᠎ᠠ᠂ ᠠᠷᠪᠠᠨ ᠲᠠᠪᠤ᠂ ᠵᠢᠷᠭᠤᠭᠠᠨ ᠨᠠᠰᠤᠲᠠᠢ ᠪᠣᠯᠪᠠ ᠤᠤ ᠭᠡᠮᠡᠷ᠃ ᠣᠯᠠᠨ ᠰᠠᠯᠠᠭ᠎ᠠ ᠰᠦᠯᠵᠢᠭᠰᠡᠨ ᠤᠷᠲᠤ ᠬᠠᠷ᠎ᠠ ᠭᠡᠵᠢᠭᠡᠨ ᠦ᠌ ᠵᠠᠷᠢᠮ ᠨᠢ ᠲᠡᠷᠭᠡᠨ ᠦ᠌ ᠳᠤᠭᠤᠢ ᠳᠠᠪᠠᠨ ᠤᠨᠵᠢᠵᠠᠢ᠃ ᠵᠡᠭᠦᠷᠮᠡᠭᠯᠡᠨ ᠢᠨᠢᠶᠡᠬᠦ ᠳ᠋ᠦ᠍ ᠬᠠᠴᠠᠷ ᠲᠤᠨᠢ ᠭᠦᠨ ᠬᠣᠩᠬᠣᠷ ᠰᠠᠭᠤᠵᠤ᠂ ᠠᠨᠢᠭᠰᠠᠨ ᠨᠢᠳᠦᠨ ᠦ᠌ ᠰᠣᠷᠮᠤᠤᠰᠤ ᠰᠡᠭᠦᠳᠡᠷᠲᠦᠨ ᠬᠠᠷᠠᠯᠠᠨ᠎ᠠ᠃
   ᠭᠡᠨᠡᠳᠲᠡ ᠬᠠᠵᠠᠭᠤᠬᠠᠨ ᠳ᠋ᠤ᠌ ᠡᠪᠡᠰᠦ ᠬᠥᠳᠡᠯᠬᠦ ᠴᠢᠮᠡᠭᠡ ᠭᠠᠷᠤᠯ᠎ᠠ᠃ ᠪᠠᠭ᠎ᠠ ᠥᠬᠢᠨ ᠡᠨᠡ ᠴᠢᠮᠡᠭᠡᠨ ᠢ᠋ᠶ᠋ᠡᠷ ᠰᠠᠷᠠᠨ ᠬᠠᠷᠠᠪᠠᠯ ᠨᠢᠭᠡ ᠲᠣᠮᠣ ᠰᠡᠭᠦᠳᠡᠷ ᠬᠠᠵᠠᠭᠤ ᠳ᠋ᠤᠨᠢ ᠵᠣᠭᠰᠣᠵᠤ ᠪᠠᠢᠬᠤ ᠨᠢ ᠲᠡᠷᠡ᠃ ᠬᠠᠰᠬᠢᠷᠬᠤ ᠭᠡᠪᠡᠴᠦ ᠳᠠᠭᠤ ᠭᠠᠷᠤᠭᠰᠠᠨ ᠦᠭᠡᠢ᠃ ᠲᠡᠷᠡ ᠳᠣᠣᠷ᠎ᠠ ᠪᠠᠨ ᠦᠰᠦᠷᠦᠨ ᠪᠣᠰᠤᠯ᠎ᠠ᠃ ᠥᠬᠢᠨ ᠦᠨᠡᠨ ᠭᠣᠣᠯ ᠠ᠋ᠴᠠ ᠪᠠᠨ ᠠᠶᠤᠵᠠᠢ᠃ ᠭᠡᠪᠡᠴᠦ ᠠᠶᠤᠵᠤ ᠪᠠᠢᠭ᠎ᠠ ᠵᠦᠢᠯ ᠢ᠋ᠶ᠋ᠡᠨ ᠪᠠᠲᠤᠳᠬᠠᠨ ᠬᠠᠷᠠᠵᠤ ᠦᠨᠡᠮᠰᠢᠳᠡᠭ ᠲᠠᠯ᠎ᠠ ᠨᠤᠲᠤᠭ ᠤ᠋ᠨ ᠬᠥᠮᠦᠨ ᠦ᠌ ᠵᠠᠩ ᠢ᠋ᠶ᠋ᠠᠷ ᠳᠠᠬᠢᠨ ᠰᠠᠢᠨ ᠬᠠᠷᠠᠪᠠᠯ ᠰᠠᠷᠠᠨ ᠤ᠋ ᠭᠡᠷᠡᠯ ᠳ᠋ᠦ᠍ ᠲᠤᠰᠤᠭᠰᠠᠨ ᠲᠣᠮᠣ ᠰᠡᠭᠦᠳᠡᠷ ᠦ᠋ᠨ ᠡᠵᠡᠨ ᠨᠢ ᠨᠢᠭᠡᠨ ᠪᠢᠴᠢᠬᠠᠨ ᠴᠠᠭᠠᠨ ᠲᠠᠤᠯᠠᠢ ᠪᠠᠢᠬᠤ ᠶ᠋ᠢ ᠣᠯᠵᠤ ᠦᠵᠡᠪᠡ᠃ ᠬᠦᠴᠦᠲᠡᠢ ᠴᠣᠬᠢᠯᠠᠵᠤ ᠪᠠᠢᠭᠰᠠᠨ ᠵᠢᠷᠦᠬᠡ ᠨᠢ ᠰᠠᠶᠢ ᠨᠢᠭᠡ ᠠᠮᠤᠰᠬᠢᠵᠦ ᠠᠷᠠᠢ ᠳᠡᠭᠡᠷᠡᠳᠡᠬᠦ ᠰᠢᠭ ᠪᠣᠯᠤᠯ᠎ᠠ᠃ ᠭᠡᠪᠡᠴᠦ ᠲᠡᠷᠡ ᠪᠢᠴᠢᠬᠠᠨ ᠲᠠᠤᠯᠠᠢ ᠥᠪᠡᠷ ᠡᠴᠡ ᠨᠢ ᠦᠷᠭᠦᠬᠦ ᠦᠭᠡᠢ ᠪᠡᠷ ᠪᠠᠷᠠᠬᠤ ᠦᠭᠡᠢ ᠤᠷᠲᠤ ᠬᠣᠶᠠᠷ ᠬᠥᠯ ᠢ᠋ᠶ᠋ᠡᠨ ᠴᠣᠮᠴᠣᠢᠨ ᠡᠷᠭᠦᠵᠦ᠂ ᠥᠬᠢᠨ ᠦ᠌ ᠨᠢᠳᠦ ᠤᠷᠤᠭᠤ ᠴᠣᠭᠣ ᠰᠢᠷᠲᠡᠨ᠎ᠡ᠃《ᠰᠥᠨᠢ ᠳᠦᠯᠢ ᠪᠡᠷ ᠬᠣᠭᠣᠯᠠ ᠬᠠᠢᠵᠤ ᠶᠠᠪᠤᠭ᠎ᠠ ᠴᠢᠨᠳᠠᠭ᠎ᠠ ᠪᠣᠯ ᠡᠳᠦᠢ ᠳ᠋ᠦ᠍ ᠦᠷᠭᠦᠭᠡᠳ ᠠᠯᠠᠭ᠎ᠠ ᠪᠣᠯᠴᠢᠬᠠᠭᠰᠠᠨ ᠪᠠᠢᠭ᠎ᠠ᠃ ᠶᠠᠮᠠᠷ ᠤᠴᠢᠷ ᠲᠠᠢ ᠠᠮᠢᠲᠠᠨ ᠶᠤᠮ ᠪᠣᠯ》 ᠭᠡᠬᠦ ᠪᠣᠳᠣᠯ᠂ ᠰᠣᠨᠢᠭᠤᠴᠢ ᠵᠠᠩ ᠥᠬᠢᠨ ᠢ᠋ ᠨᠣᠢᠷ ᠠ᠋ᠴᠠ ᠨᠢ ᠪᠦᠷᠢᠨ ᠰᠡᠷᠡᠭᠡᠯ᠎ᠡ᠃ ᠲᠠᠤᠯᠠᠢ ᠤᠷᠲᠤ ᠬᠥᠯ ᠢ᠋ᠶ᠋ᠡᠷ ᠢ᠋ᠶ᠋ᠡᠨ ᠳᠠᠯᠠᠯᠬᠤ ᠰᠢᠭ᠋ ᠪᠣᠯᠤᠭᠠᠳ ᠴᠠᠭᠠᠰᠢ ᠡᠷᠭᠢᠨ ᠶᠠᠪᠤᠪᠠ᠃ ᠠᠷᠤ ᠠ᠋ᠴᠠ ᠨᠢ ᠭᠠᠢᠬᠠᠨ ᠬᠠᠷᠠᠵᠤ ᠪᠠᠢᠲᠠᠯ᠎ᠠ ᠳᠠᠬᠢᠨ ᠡᠷᠭᠢᠵᠦ ᠬᠠᠷᠠᠭᠠᠳ᠂ ᠵᠣᠭᠰᠣᠰᠬᠢᠬᠦ ᠨᠢ ᠥᠬᠢᠨ ᠢ᠋ ᠳᠠᠭᠤᠳᠠᠭᠠᠳ ᠪᠠᠢᠭ᠎ᠠ ᠰᠢᠭ᠋ ᠰᠠᠨᠠᠭᠳᠠᠯ᠎ᠠ᠃ ᠡᠷᠭᠢᠨ ᠲᠣᠭᠣᠷᠢᠨ ᠢ᠋ᠶ᠋ᠠᠨ ᠬᠠᠷᠠᠪᠠᠯ ᠬᠥᠮᠦᠰ ᠠᠮᠲᠠᠲᠤ ᠨᠣᠢᠷ ᠲᠠᠭᠠᠨ ᠭᠦᠨ ᠤᠨᠲᠠᠵᠠᠢ᠃ ᠬᠠᠵᠠᠭᠤ ᠳ᠋ᠠᠭᠠᠨ ᠤᠨᠲᠠᠵᠤ ᠪᠠᠢᠭ᠎ᠠ ᠡᠭᠡᠴᠢ ᠪᠡᠨ ᠰᠡᠷᠡᠭᠡᠬᠦ ᠭᠡᠰᠡᠨ ᠪᠣᠯᠪᠠᠴᠤ ᠰᠡᠷᠡᠭᠰᠡᠨ ᠦᠭᠡᠢ᠂ ᠬᠠᠷᠢᠨ ᠴᠤ ᠶᠠᠷᠬᠢᠯᠠᠨ ᠴᠠᠭᠠᠰᠢ ᠡᠷᠭᠢᠵᠦ ᠬᠠᠷᠠᠯ᠎ᠠ᠃ ᠲᠠᠤᠯᠠᠢ ᠥᠬᠢᠨ ᠢ᠋ ᠬᠦᠯᠢᠶᠡᠭᠰᠡᠨ ᠬᠡᠪ ᠢ᠋ᠶ᠋ᠡᠷ ᠭᠠᠯ ᠤ᠋ᠨ ᠳᠡᠷᠭᠡᠳᠡ ᠴᠠᠭᠠᠰᠢ ᠬᠠᠷᠠᠨ᠂ ᠤᠨᠲᠠᠭ᠎ᠠ ᠰᠡᠷᠡᠭᠦᠨ ᠦ᠌ ᠵᠠᠪᠰᠠᠷ ᠬᠠᠷᠠᠭᠤᠯ ᠳ᠋ᠤ᠌ ᠭᠠᠷᠤᠭᠰᠠᠨ ᠬᠠᠷ᠎ᠠ ᠬᠥᠮᠦᠨ ᠯᠡ ᠭᠠᠭᠴᠠᠭᠠᠷ ᠥᠬᠢᠨ ᠳ᠋ᠦ᠍ ᠬᠠᠨᠢ ᠪᠣᠯᠵᠤ ᠪᠠᠢᠬᠤ ᠰᠢᠭ᠋ ᠰᠠᠨᠠᠭᠳᠠᠨ᠎ᠠ᠃
   ᠲᠡᠷᠡ ᠪᠣᠰᠤᠨ ᠲᠠᠤᠯᠠᠢ ᠶ᠋ᠢᠨ ᠠᠷᠤ ᠠ᠋ᠴᠠ ᠶᠠᠪᠤᠯ᠎ᠠ᠃ ᠲᠠᠤᠯᠠᠢ ᠶᠠᠪᠤᠭᠰᠠᠭᠠᠷ ᠬᠣᠯᠠ ᠦᠭᠡᠢ ᠨᠢᠭᠡᠨ ᠮᠣᠳᠣᠨ ᠤ᠋ ᠳᠣᠣᠷ᠎ᠠ ᠣᠴᠢᠭᠠᠳ ᠭᠠᠵᠠᠷ ᠮᠠᠯᠲᠠᠵᠤ ᠪᠠᠢᠭᠰᠠᠨ ᠢ᠋ᠶ᠋ᠠᠨ ᠮᠣᠳᠣ ᠤᠷᠤᠭᠤ ᠣᠷᠣᠭᠠᠳ ᠠᠯᠠᠭ᠎ᠠ ᠪᠣᠯᠴᠢᠬᠠᠪᠠ᠃ ᠥᠬᠢᠨ ᠲᠡᠷᠡ ᠭᠠᠵᠠᠷ ᠲᠤ ᠬᠦᠷᠴᠦ ᠣᠴᠢᠪᠠᠯ ᠬᠠᠭᠤᠷᠠᠢ ᠰᠢᠷᠣᠢ ᠳᠣᠣᠷ᠎ᠠ ᠠ᠋ᠴᠠ ᠨᠢᠭᠡ ᠵᠦᠢᠯ ᠴᠤᠬᠤᠢᠵᠤ ᠪᠠᠢᠯ᠎ᠠ᠃ ᠶᠠᠭᠤ ᠶᠤᠮ ᠪᠣᠯ ᠭᠡᠰᠡᠨ ᠰᠣᠨᠢᠭᠤᠴᠢ ᠵᠠᠩ ᠳ᠋ᠤ᠌ ᠬᠥᠲᠥᠯᠦᠭᠳᠡᠨ ᠤᠬᠤᠵᠤ ᠭᠠᠷᠭᠠᠪᠠᠯ ᠵᠢᠵᠢᠭᠬᠡᠨ ᠠᠯᠲᠠᠨ ᠬᠠᠢᠷᠴᠠᠭ ᠪᠠᠢᠬᠤ ᠨᠢ ᠲᠡᠷᠡ᠃ ᠰᠥᠨᠢ ᠶ᠋ᠢᠨ ᠬᠠᠷᠠᠩᠭᠤᠢ ᠳ᠋ᠤ᠌ ᠬᠠᠢᠷᠴᠠᠭ ᠠ᠋ᠴᠠ ᠶᠠᠮᠠᠷ ᠨᠢᠭᠡᠨ ᠭᠡᠷᠡᠯ ᠭᠠᠷᠤᠭᠠᠳ ᠪᠠᠢᠭ᠎ᠠ ᠶᠤᠮ ᠰᠢᠭ᠋ ᠰᠠᠨᠠᠭᠳᠠᠬᠤ ᠳ᠋ᠤ᠌ ᠳᠣᠲᠣᠷ᠎ᠠ ᠨᠢ ᠶᠠᠭᠤ ᠪᠠᠢᠭ᠎ᠠ ᠶ᠋ᠢ ᠦᠵᠡᠮᠡᠷ ᠪᠣᠳᠣᠭᠳᠠᠪᠠ᠂ ᠭᠡᠪᠡᠴᠦ ᠡᠷᠡᠭᠡᠯᠵᠡᠯ᠎ᠡ᠃ ᠲᠡᠭᠡᠭᠡᠳ ᠬᠠᠢᠷᠴᠠᠭ ᠢ᠋ᠶ᠋ᠠᠨ ᠭᠠᠷ ᠲᠠᠭᠠᠨ ᠪᠠᠷᠢᠨ᠂ ᠤᠨᠲᠠᠵᠤ ᠪᠠᠢᠭ᠎ᠠ ᠬᠥᠮᠦᠰ ᠦ᠋ᠨ ᠵᠦᠭ ᠡᠷᠭᠢᠨ ᠢᠷᠡᠯ᠎ᠡ᠃ ᠡᠭᠡᠴᠢ ᠶ᠋ᠢᠨ ᠢ᠋ᠶ᠋ᠡᠨ ᠬᠠᠵᠠᠭᠤ ᠪᠠᠷ ᠬᠡᠪᠲᠡᠵᠦ᠂ ᠠᠯᠲᠠᠨ ᠬᠠᠢᠷᠴᠠᠭ ᠢ᠋ ᠳᠡᠷᠭᠡᠳᠡ ᠪᠡᠨ ᠲᠠᠯᠪᠢᠭᠠᠳ ᠨᠢᠳᠦ ᠪᠡᠨ ᠠᠨᠢᠯ᠎ᠠ᠃ ᠭᠡᠪᠡᠴᠦ ᠲᠡᠷᠡ ᠤᠨᠲᠠᠵᠤ ᠴᠢᠳᠠᠭᠰᠠᠨ ᠦᠭᠡᠢ᠃ ᠳᠣᠲᠣᠷ᠎ᠠ ᠨᠢ ᠶᠠᠭᠤ ᠪᠠᠢᠭ᠎ᠠ ᠪᠣᠯ ᠭᠡᠰᠡᠨ ᠰᠣᠨᠢᠭᠤᠴᠢ ᠵᠠᠩ ᠬᠥᠳᠡᠯᠦᠨ᠎ᠡ᠃ ᠡᠭᠡᠴᠢ ᠪᠡᠨ ᠰᠡᠷᠡᠬᠦ ᠪᠡᠷ ᠬᠠᠮᠲᠤ ᠨᠡᠭᠡᠭᠡᠵᠦ ᠦᠵᠡᠶ᠎ᠡ ᠭᠡᠵᠦ ᠰᠢᠢᠳᠦᠭᠰᠡᠨ ᠴᠦ᠍ ᠲᠡᠰᠦᠭᠰᠡᠨ ᠦᠭᠡᠢ᠂ ᠠᠯᠲᠠᠨ ᠬᠠᠢᠷᠴᠠᠭ ᠢ᠋ ᠠᠯᠠᠭᠠᠨ ᠳᠡᠭᠡᠷ᠎ᠡ ᠪᠡᠨ ᠲᠠᠯᠪᠢᠵᠤ ᠪᠠᠢᠭᠠᠳ ᠠᠮᠠ ᠶ᠋ᠢ ᠨᠢ ᠨᠡᠭᠡᠭᠡᠵᠦ ᠣᠷᠬᠢᠪᠠ᠃ ᠬᠦᠷᠡᠩ ᠬᠠᠩᠪᠤ ᠪᠠᠷ ᠳᠣᠲᠣᠷᠯᠠᠭᠰᠠᠨ ᠬᠠᠢᠷᠴᠠᠭ ᠳᠣᠲᠣᠷ᠎ᠠ ᠠ᠋ᠴᠠ ᠳᠥᠷᠪᠡᠨ ᠰᠢᠷᠬᠡᠭ ᠠᠯᠲᠠᠨ ᠰᠢᠮᠠᠭᠤᠯ ᠨᠢᠰᠦᠯᠳᠡᠨ ᠭᠠᠷᠴᠤ ᠢᠷᠡᠯ᠎ᠡ᠃ ᠤᠴᠢᠷ ᠢ᠋ ᠨᠢ ᠣᠢᠯᠠᠭᠠᠵᠤ ᠶᠠᠳᠠᠨ ᠪᠠᠢᠬᠤ ᠬᠣᠭᠣᠷᠣᠨᠳᠣ ᠰᠢᠮᠠᠭᠤᠯ ᠤ᠋ᠳ ᠳᠦᠩᠭᠢᠨᠡᠨ ᠳᠡᠭᠡᠭᠰᠢ ᠡᠷᠭᠢᠯᠳᠦᠨ ᠨᠢᠰᠦᠭᠰᠡᠭᠡᠷ ᠥᠬᠢᠨ ᠦ᠌ ᠬᠠᠮᠠᠷ ᠤ᠋ᠨ ᠨᠦᠬᠡ ᠤᠷᠤᠭᠤ ᠱᠦᠩᠭᠢᠨᠡᠨ ᠣᠷᠣᠭᠠᠳ ᠶᠠᠪᠤᠴᠢᠬᠠᠪᠠ᠃ ᠲᠠᠷᠢᠬᠢ ᠲᠣᠯᠣᠭᠠᠢ ᠨᠢ ᠲᠡᠷᠡ ᠴᠢᠭ ᠲᠡᠭᠡᠨ ᠳᠦᠩᠭᠢᠨᠡᠨ ᠳᠤᠤᠭᠠᠷᠬᠤ ᠰᠢᠭ᠋ ᠲᠡᠰᠬᠦᠶ᠎ᠡ ᠪᠡᠷᠬᠡ ᠪᠣᠯᠬᠤ ᠳ᠋ᠤ᠌ ᠥᠬᠢᠨ ᠦ᠌ ᠠᠮᠢᠰᠬᠤᠯ ᠪᠥᠭᠯᠡᠷᠡᠨ᠂ ᠠᠭᠠᠷ ᠠᠪᠴᠤ ᠴᠢᠳᠠᠬᠤ ᠦᠭᠡᠢ ᠪᠣᠯᠤᠯ᠎ᠠ᠃ ᠲᠣᠯᠣᠭᠠᠢ ᠨᠢ ᠳᠦᠩᠭᠢᠨᠡᠨ ᠡᠪᠡᠳᠴᠦ᠂ ᠠᠶᠤᠮᠰᠢᠭ ᠲᠠᠢ ᠶᠡᠬᠡ ᠪᠡᠷ ᠬᠠᠬᠠᠵᠤ ᠴᠡᠴᠡᠨ᠂ ᠥᠬᠢᠨ ᠰᠠᠶᠢ ᠨᠣᠢᠷ ᠠ᠋ᠴᠠ ᠪᠠᠨ ᠰᠡᠷᠡᠯ᠎ᠡ᠃ ᠡᠨᠡ ᠵᠡᠭᠦᠳᠦ ᠪᠠᠢᠵᠠᠢ᠃ ᠲᠡᠷᠡ ᠥᠪᠡᠷ ᠢ᠋ᠶ᠋ᠡᠨ ᠴᠦ᠍ ᠰᠡᠷᠡᠭᠰᠡᠨ ᠦᠭᠡᠢ᠃ ᠬᠠᠵᠠᠭᠤ ᠳ᠋ᠤᠨᠢ ᠤᠨᠲᠠᠵᠤ ᠪᠠᠢᠭᠰᠠᠨ ᠡᠭᠡᠴᠢ ᠨᠢ ᠠᠮᠢᠰᠬᠤᠯ ᠠᠪᠴᠤ ᠴᠢᠳᠠᠬᠤ ᠦᠭᠡᠢ ᠪᠥᠭᠯᠡᠷᠡᠬᠦ ᠭᠡᠳ ᠪᠠᠢᠭ᠎ᠠ ᠳᠡᠭᠦᠦ ᠪᠡᠨ ᠰᠡᠷᠡᠭᠡᠵᠡᠢ᠃
   ᠥᠬᠢᠨ ᠢ᠋ ᠰᠡᠷᠡᠬᠦ ᠳ᠋ᠦ᠍ ᠦᠷ ᠴᠠᠢᠵᠤ ᠪᠠᠢᠯ᠎ᠠ᠃ ᠰᠥᠨᠢ ᠶ᠋ᠢᠨ ᠡᠨᠡ ᠬᠠᠴᠢᠨ ᠵᠡᠭᠦᠳᠦ ᠲᠡᠭᠦᠨ ᠦ᠌ ᠪᠣᠳᠣᠯ ᠠ᠋ᠴᠠ ᠶᠡᠷᠦ ᠰᠠᠯᠤᠭᠰᠠᠨ ᠦᠭᠡᠢ ᠣᠳᠣ ᠴᠤ᠌ ᠪᠡᠶ᠎ᠡ ᠶ᠋ᠢᠨ ᠳᠣᠲᠣᠷ᠎ᠠ ᠨᠢ ᠨᠥᠭᠥᠭᠡᠬᠢ ᠠᠯᠲᠠᠨ ᠰᠢᠮᠠᠭᠤᠯ ᠨᠤᠭᠤᠳ ᠪᠠᠢᠭ᠎ᠠ ᠮᠡᠲᠦ ᠲᠠᠷᠢᠬᠢ ᠲᠣᠯᠣᠭᠠᠢ ᠨᠢ ᠬᠥᠨᠳᠡᠭᠦᠷᠯᠡᠨ ᠬᠠᠮᠠᠷ ᠨᠢ ᠪᠢᠲᠡᠭᠦᠷᠡᠵᠦ᠂ ᠴᠠᠭᠠᠰᠢ ᠤᠬᠠᠨ ᠪᠣᠳᠣᠪᠠᠯ ᠨᠥᠭᠦᠭᠡ ᠳᠥᠷᠪᠡᠨ ᠰᠢᠮᠠᠭᠤᠯ ᠭᠡᠳᠡᠰᠦᠨ ᠳᠣᠲᠣᠷ᠎ᠠ ᠨᠢ ᠣᠷᠣᠭᠠᠳ ᠡᠭᠦᠷ ᠢ᠋ᠶ᠋ᠡᠨ ᠵᠠᠰᠠᠴᠢᠬᠠᠭᠰᠠᠨ ᠮᠡᠲᠦ ᠰᠠᠨᠠᠭᠳᠠᠨ᠎ᠠ᠃
   ᠡᠳᠦᠷ ᠳᠤᠮᠳᠠ ᠪᠣᠯᠵᠠᠢ᠃ ᠬᠥᠮᠦᠰ ᠭᠠᠯ ᠢ᠋ᠶ᠋ᠠᠨ ᠤᠨᠲᠠᠷᠠᠭᠠᠵᠤ᠂ ᠠᠴᠢᠶ᠎ᠠ ᠪᠠᠨ ᠵᠡᠬᠡᠨ ᠳᠠᠬᠢᠨ ᠬᠠᠮᠢᠭ᠎ᠠ ᠨᠢᠭᠡ ᠲᠠᠢᠰᠢ ᠪᠠᠨ ᠨᠡᠭᠦᠳᠡᠯᠯᠡᠬᠦ ᠭᠡᠵᠦ ᠪᠠᠢᠭ᠎ᠠ ᠪᠣᠯᠤᠯᠲᠠᠢ᠃ ᠤᠷᠢᠳᠤ ᠰᠥᠨᠢ ᠭᠠᠯ  ᠤ᠋ᠨ ᠬᠠᠵᠠᠭᠤ ᠳ᠋ᠤ᠌ ᠤᠨᠲᠠᠭ᠎ᠠ ᠰᠡᠷᠡᠭᠦᠨ ᠦ᠌ ᠬᠣᠭᠣᠷᠣᠨᠳᠣ ᠪᠠᠢᠭᠰᠠᠨ ᠬᠥᠮᠦᠨ ᠲᠡᠢ ᠠᠪᠤ ᠨᠢ ᠶᠠᠮᠠᠷ ᠨᠢᠭᠡᠨ ᠵᠦᠢᠯ ᠢ᠋ ᠶᠠᠷᠢᠵᠤ ᠪᠠᠢᠬᠤ ᠳ᠋ᠤ᠌ ᠥᠬᠢᠨ ᠨᠢ ᠬᠦᠷᠴᠦ ᠢᠷᠡᠯ᠎ᠡ᠃ ᠡᠴᠢᠭᠡ ᠠᠯᠤᠰ ᠤ᠋ᠨ ᠠᠭᠤᠯᠠᠰ ᠤ᠋ᠨ ᠵᠦᠭ ᠲᠦ᠍ ᠬᠠᠷᠠᠭ᠎ᠠ ᠪᠡᠯᠴᠢᠭᠡᠨ᠂ ᠭᠠᠯ ᠨᠢ ᠬᠠᠷᠢᠵᠤ ᠶᠠᠪᠤᠭ᠎ᠠ ᠨᠢᠳᠦ ᠪᠡᠨ ᠣᠨᠢᠢᠯᠭᠠᠨ ᠪᠠᠢᠵᠤ᠂
   — ᠠᠭᠤᠯᠠ ᠲᠠᠯ᠎ᠠ ᠣᠯᠠᠨ ᠢ᠋ ᠪᠠᠷᠠᠪᠠ᠂ ᠪᠢᠳᠡ᠃ ᠤᠷᠤᠭᠰᠢᠯᠠᠬᠤ ᠵᠠᠮ ᠮᠤᠬᠤᠷ ᠮᠡᠲᠦ᠂ ᠬᠡᠷᠬᠢᠬᠦ ᠪᠢᠯᠡ᠃ ᠨᠢᠭᠡᠨᠲᠡ ᠬᠠᠭᠠᠨ ᠳ᠋ᠤ᠌ ᠣᠴᠢᠬᠤ ᠨᠢᠭᠤᠷ ᠦᠭᠡᠢ ᠪᠣᠯᠵᠤ᠂ ᠬᠠᠨ ᠠᠬ᠎ᠠ ᠳ᠋ᠠᠭᠠᠨ ᠴᠤ᠌ ᠨᠡᠷ᠎ᠡ ᠠᠯᠳᠠᠯ᠎ᠠ᠃ ᠭᠡᠪᠡᠴᠦ ᠤᠷᠤᠭᠤᠯ ᠲᠣᠷᠳᠣᠢᠪᠠᠴᠤ ᠡᠯᠢᠭᠡ ᠲᠣᠷᠳᠣᠢᠬᠤ ᠦᠭᠡᠢ ᠭᠡᠳᠡᠭ᠂ ᠠᠬ᠎ᠠ ᠪᠢᠳᠡᠨ ᠢ᠋ ᠲᠣᠰᠣᠨ ᠠᠪᠬᠤ ᠨᠢ ᠯᠠᠪ᠃
   ᠥᠨᠥᠬᠢ ᠡᠷ᠎ᠡ ᠡᠴᠢᠭᠡ ᠶ᠋ᠢ ᠨᠢ ᠪᠣᠳᠣᠪᠠᠯ ᠵᠠᠯᠠᠭᠤ ᠠᠵᠢ᠃ ᠳᠥᠩᠭᠡᠵᠦ ᠬᠣᠷᠢ ᠭᠠᠷᠴᠤ ᠶᠠᠪᠤᠭ᠎ᠠ ᠪᠣᠯᠪᠠ ᠤᠤ ᠭᠡᠮᠡᠷ᠂ ᠤᠷᠲᠤ ᠦᠰᠦ ᠪᠡᠨ ᠰᠤᠷ ᠢ᠋ᠶ᠋ᠠᠷ ᠪᠣᠭᠣᠭᠰᠠᠨ᠂ ᠥᠳᠬᠡᠨ ᠬᠥᠮᠥᠰᠬᠡ ᠲᠡᠢ ᠡᠨᠡ ᠵᠠᠯᠠᠭᠤ ᠡᠴᠢᠭᠡ ᠶ᠋ᠢᠨ ᠬᠢᠨᠢ ᠠᠯᠪᠠᠲᠤ ᠪᠣᠯᠤᠯᠲᠠᠢ ᠨᠡᠯᠢᠶᠡᠳ ᠬᠦᠨᠳᠦᠯᠡᠯ ᠲᠡᠢ ᠪᠡᠷ᠄
   — ᠠᠭᠠᠳᠠᠷ ᠤ᠋ᠨ ᠡᠭᠦᠯᠡ ᠬᠤᠷ᠎ᠠ ᠪᠣᠯᠤᠨ ᠵᠠᠮᠬᠠᠷᠠᠳᠠᠭ ᠴᠤ ᠠᠯᠤᠰ ᠲᠤ ᠣᠴᠢᠭᠰᠠᠨ ᠰᠡᠳᠬᠢᠯ ᠠᠬᠠᠨ ᠳᠡᠭᠦᠦ ᠶ᠋ᠢ ᠴᠤ ᠬᠠᠭᠠᠴᠠᠭᠤᠯᠳᠠᠭ ᠵᠢᠮ᠎ᠡ ᠲᠡᠢ᠃ ᠣᠳᠤᠭᠰᠠᠨ ᠰᠡᠳᠬᠢᠯ ᠢ᠋ ᠪᠤᠴᠠᠭᠠᠨ ᠠᠪᠬᠤ ᠬᠡᠴᠡᠭᠦᠦ ᠬᠡᠮᠡᠪᠡ᠃ ᠥᠬᠢᠨ ᠲᠡᠳᠡᠨ ᠦ᠌ ᠶᠠᠷᠢᠶ᠎ᠠ ᠶ᠋ᠢ ᠰᠣᠨᠣᠰᠤᠨ ᠰᠠᠭᠤᠬᠤ ᠵᠠᠭᠤᠷ᠎ᠠ ᠠᠪᠤ ᠶ᠋ᠢᠨ ᠢ᠋ᠶ᠋ᠡᠨ ᠭᠠᠷ ᠠ᠋ᠴᠠ ᠠᠳᠬᠤᠵᠤ᠂
   — ᠠᠪᠤ ᠮᠢᠨᠢ ᠪᠢᠳᠡᠨ ᠳ᠋ᠦ᠍ ᠣᠴᠢᠬᠤ ᠭᠠᠵᠠᠷ᠂ ᠲᠦᠰᠢᠬᠦ ᠬᠥᠮᠦᠨ ᠦᠭᠡᠢ ᠪᠣᠯᠤᠭᠰᠠᠨ ᠪᠣᠯ ᠴᠢᠩᠭᠢᠰ ᠬᠠᠭᠠᠨ ᠳ᠋ᠤ᠌ ᠨᠠᠮᠠᠶ᠋ᠢ ᠡᠷᠭᠦ᠂ ᠪᠢ ᠲᠡᠭᠦᠨ ᠦ᠌ ᠬᠠᠲᠤᠨ᠂ ᠲᠠᠲᠠᠪᠤᠷᠢ ᠡᠮ᠎ᠡ ᠪᠣᠯᠤᠭᠰᠠᠨ ᠴᠤ᠌ ᠶᠠᠭᠠᠬᠢᠬᠤ ᠪᠣᠢ᠂ ᠲᠡᠭᠡᠪᠡᠯ ᠲᠠ ᠨᠠᠷ ᠪᠦᠭᠦᠳᠡ ᠡᠰᠡᠨ ᠮᠡᠨᠳᠦ ᠦᠯᠡᠳᠡᠨ᠎ᠡ᠃ ᠡᠭᠦᠨ ᠡᠴᠡ ᠢᠯᠡᠭᠦᠦ ᠰᠠᠢᠨ ᠠᠷᠭ᠎ᠠ ᠭᠡᠵᠦ ᠦᠭᠡᠢ ᠪᠤᠰᠤ ᠤᠤ ᠭᠡᠯ᠎ᠡ᠃
   ᠥᠬᠢᠨ ᠦ᠌ ᠪᠡᠨ ᠠᠳᠬᠤᠭᠰᠠᠨ ᠭᠠᠷ ᠢ᠋ ᠢᠯᠢᠵᠦ᠂ ᠥᠭᠡᠳᠡ ᠡᠴᠡ ᠨᠢ ᠴᠣᠷᠭᠢᠨ ᠪᠠᠢᠭ᠎ᠠ ᠬᠣᠶᠠᠷ ᠨᠢᠳᠦ ᠶ᠋ᠢ ᠨᠢ ᠬᠠᠷᠠᠭᠠᠳ᠄
   — ᠦᠷ᠎ᠡ ᠮᠢᠨᠢ ᠴᠢ ᠶᠠᠭᠤ ᠶᠠᠷᠢᠨ᠎ᠠ ᠪᠣᠢ᠂ ᠥᠪᠡᠷ ᠡᠴᠡ ᠪᠡᠨ ᠦᠶ᠎ᠡ ᠮᠤᠯᠲᠤᠷᠠᠭᠰᠠᠨ ᠬᠥᠮᠦᠨ ᠦ᠌ ᠡᠮ᠎ᠡ ᠪᠣᠯᠵᠤ ᠬᠡᠵᠢᠶ᠎ᠡ ᠨᠢᠭᠡᠨ ᠴᠠᠭ ᠲᠤ ᠢᠷᠡᠬᠦ ᠥᠨᠥᠴᠢᠷᠡᠯ ᠦ᠋ᠨ ᠬᠠᠷ᠎ᠠ ᠨᠢᠯᠪᠤᠰᠤ ᠶ᠋ᠢ ᠵᠢᠷᠦᠬᠡᠨ ᠳ᠋ᠡᠭᠡᠨ ᠶᠡᠭᠦᠯᠡᠬᠦ ᠭᠡᠪᠡ ᠤᠤ᠃ ᠪᠢ ᠬᠡᠷᠬᠢᠪᠡᠴᠦ ᠵᠥᠪᠰᠢᠶᠡᠷᠡᠬᠦ ᠦᠭᠡᠢ ᠭᠡᠵᠦ ᠡᠷᠡᠰ ᠬᠡᠯᠡᠯ᠎ᠡ᠃
   ᠡᠴᠢᠭᠡ ᠲᠡᠢ ᠨᠢ ᠶᠠᠷᠢᠵᠤ ᠰᠠᠭᠤᠭᠰᠠᠨ ᠵᠠᠯᠠᠭᠤ ᠲᠡᠷᠡ ᠬᠣᠶᠠᠷ ᠤ᠋ᠨ ᠪᠠᠢᠳᠠᠯ ᠢ᠋ ᠠᠵᠢᠭᠯᠠᠨ ᠬᠠᠷᠠᠵᠤ ᠪᠠᠢᠭᠰᠠᠨ ᠢ᠋ᠶ᠋ᠠᠨ ᠨᠢᠭᠡᠨ ᠰᠠᠨᠠᠭ᠎ᠠ ᠣᠯᠪᠠ ᠪᠣᠯᠤᠯᠲᠠᠢ᠄
   — ᠠᠬ᠎ᠠ ᠮᠢᠨᠢ ᠥᠬᠢᠨ ᠦ᠌ ᠲᠠᠨᠢ ᠬᠡᠯᠡᠳᠡᠭ ᠲᠦᠮᠡᠨ ᠵᠥᠪ᠂ ᠲᠠᠯ᠎ᠠ ᠨᠤᠲᠤᠭ ᠤ᠋ᠨ ᠵᠡᠷᠯᠢᠭ ᠦ᠋ᠳ ᠡᠴᠡ ᠠᠮᠢ ᠪᠠᠨ ᠬᠠᠮᠠᠭᠠᠯᠠᠬᠤ ᠠᠷᠭ᠎ᠠ ᠪᠣᠯ ᠤᠷᠤᠭ ᠪᠠᠷᠢᠯᠳᠤᠬᠤ ᠪᠢᠯᠡ᠃ ᠲᠠᠨ ᠤ᠋ ᠥᠬᠢᠨ ᠣᠳᠣ ᠨᠠᠰᠤᠨ ᠳ᠋ᠤ᠌ ᠬᠦᠷᠴᠦ ᠬᠥᠮᠦᠨ ᠳ᠋ᠦ᠍ ᠣᠴᠢᠬᠤ ᠴᠠᠭ ᠨᠢ ᠪᠣᠯᠤᠭᠰᠠᠨ ᠭᠡᠵᠦ ᠰᠠᠨᠠᠨ᠎ᠠ᠃ ᠨᠠᠮᠠᠶ᠋ᠢ ᠬᠠᠮᠲᠤ ᠥᠭ᠂ ᠪᠢ ᠭᠢᠰᠬᠢᠬᠦ ᠭᠠᠵᠠᠷ ᠢ᠋ ᠳᠤᠯᠠᠭᠠᠨ ᠪᠠᠢᠯᠭᠠᠵᠤ᠂ ᠣᠭᠣᠴᠢᠬᠤ ᠴᠠᠢ ᠶ᠋ᠢ ᠨᠢ ᠬᠠᠯᠠᠭᠤᠨ ᠪᠠᠢᠯᠭᠠᠶ᠎ᠠ ᠭᠡᠪᠡ᠃
   ᠥᠬᠢᠨ ᠡᠴᠢᠭᠡ ᠶ᠋ᠢᠨ ᠢ᠋ᠶ᠋ᠡᠨ ᠭᠠᠷ ᠠ᠋ᠴᠠ ᠠᠳᠬᠤᠭᠰᠠᠨ ᠬᠡᠪ ᠢ᠋ᠶ᠋ᠡᠷ᠄
   —ᠪᠢᠳᠡᠨ ᠳ᠋ᠦ᠍ ᠥᠭᠡᠷ᠎ᠡ ᠵᠠᠮ ᠪᠠᠢᠬᠤ ᠦᠭᠡᠢ᠂ ᠴᠢᠩᠭᠢᠰ ᠬᠠᠭᠠᠨ ᠳ᠋ᠤ᠌ ᠣᠴᠢᠶ᠎ᠠ᠃ ᠲᠡᠭᠦᠨ ᠦ᠌ ᠥᠷᠭᠥᠭᠡ ᠳᠠᠷᠠᠰᠤᠲᠤ ᠳ᠋ᠤ᠌ ᠪᠠᠢᠬ᠎ᠠ ᠭᠡᠵᠦ ᠲᠤᠭᠤᠯᠤᠭᠰᠠᠨ᠃
   ᠡᠴᠢᠭᠡ ᠨᠢ ᠥᠬᠢᠨ ᠦ᠌ ᠪᠡᠨ ᠭᠠᠷ ᠠ᠋ᠴᠠ ᠲᠠᠯᠪᠢᠵᠤ ᠬᠡᠰᠡᠭ ᠪᠣᠳᠣᠯᠬᠢᠯᠠᠯ᠎ᠠ ᠃
ᠲᠡᠷᠡ ᠶᠠᠮᠠᠷ ᠨᠢᠭᠡᠨ ᠰᠢᠢᠳᠪᠦᠷᠢ ᠳ᠋ᠦ᠍ ᠬᠦᠷᠪᠡ ᠪᠣᠯᠤᠯᠲᠠᠢ᠃
   — ᠬᠡᠷᠪᠡ ᠴᠢᠩᠭᠢᠰ ᠬᠠᠭᠠᠨ ᠳ᠋ᠤ᠌ ᠥᠬᠢᠨ ᠢ᠋ᠶ᠋ᠡᠨ ᠥᠭᠭᠥ ᠳᠡᠭᠡᠷ᠎ᠡ ᠲᠤᠯᠬᠤ ᠶᠤᠮ ᠪᠣᠯ ᠴᠢᠮᠠᠶ᠋ᠢ ᠪᠢᠰᠢ ᠡᠭᠡᠴᠢ ᠶ᠋ᠢ ᠴᠢᠨᠢ ᠥᠭᠭᠦᠨ᠎ᠡ᠂ ᠭᠡᠪᠡᠴᠦ ᠬᠠᠳᠬᠤᠯᠳᠤᠬᠤ ᠳᠠᠢᠰᠤᠨ ᠣᠯᠠᠨ ᠢ᠋ ᠴᠤᠭᠯᠠᠭᠤᠯᠵᠤ᠂ ᠬᠠᠮᠢᠭ᠎ᠠ ᠣᠴᠢᠬᠤ ᠪᠠᠨ ᠮᠡᠳᠡᠬᠦ ᠦᠭᠡᠢ ᠪᠣᠯᠤᠭᠰᠠᠨ ᠦᠶ᠎ᠡ ᠳ᠋ᠦ᠍ ᠬᠠᠢᠷᠠᠯᠠᠨ ᠥᠰᠬᠡᠭᠰᠡᠨ ᠥᠬᠢᠳ ᠢ᠋ᠶ᠋ᠡᠷ ᠢ᠋ᠶ᠋ᠡᠨ ᠬᠠᠯᠬᠠᠪᠴᠢ ᠬᠢᠬᠦ ᠶᠦᠮ ᠭᠡᠵᠦ ᠰᠠᠨᠠᠵᠤ ᠶᠠᠪᠤᠭᠰᠠᠨ ᠦᠭᠡᠢ ᠭᠡᠵᠦ ᠬᠡᠯᠡᠭᠡᠳ ᠠᠯᠤᠰ ᠤ᠋ᠨ ᠠᠭᠤᠯᠠ ᠶ᠋ᠢᠨ ᠲᠣᠯᠣᠭᠠᠢ ᠶ᠋ᠢ ᠰᠢᠷᠲᠡᠵᠦ ᠪᠠᠢᠭ᠎ᠠ ᠮᠡᠲᠦ ᠪᠣᠯᠪᠠᠴᠤ ᠠᠨᠢᠰᠬ᠎ᠠ ᠨᠢ ᠴᠢᠭᠢᠭ ᠲᠡᠢ ᠬᠠᠷᠠᠭᠳᠠᠨ᠎ᠠ᠃ ᠣᠴᠢᠬᠤ ᠭᠠᠵᠠᠷ ᠦᠭᠡᠢ ᠵᠠᠮ ᠮᠤᠬᠤᠷ᠂ ᠠᠭᠤᠯᠵᠠᠬᠤ ᠬᠥᠮᠦᠨ ᠦᠭᠡᠢ ᠲᠠᠩᠭᠠᠷᠢᠭ ᠲᠠᠰᠤᠷᠠᠭᠰᠠᠨ ᠡᠨᠡ ᠡᠷ᠎ᠡ ᠳ᠋ᠦ᠍ ᠡᠴᠦᠰ ᠦ᠋ᠨ ᠮᠥᠴᠡ ᠳ᠋ᠦ᠍ ᠠᠮᠢ ᠪᠠᠨ ᠬᠣᠬᠣᠢᠯᠠᠵᠤ ᠦᠯᠡᠳᠡᠬᠦ ᠴᠣᠷ ᠤ᠋ᠨ ᠭᠠᠭᠴᠠ ᠵᠠᠮ ᠨᠢ ᠬᠠᠢᠷᠠᠯᠠᠨ ᠥᠰᠬᠡᠭᠰᠡᠨ ᠥᠬᠢᠳ ᠨᠢ ᠪᠠᠢᠬᠤ ᠶᠤᠮ ᠭᠡᠵᠦ ᠪᠣᠳᠣᠵᠤ ᠶᠠᠪᠤᠭᠰᠠᠨ ᠦᠭᠡᠢ᠃ ᠭᠡᠪᠡᠴᠦ ᠴᠢᠩᠭᠢᠰ ᠬᠠᠭᠠᠨ ᠥᠬᠢᠨ ᠢ᠋ ᠨᠢ ᠲᠣᠰᠣᠨ ᠠᠪᠬᠤ ᠪᠣᠯᠪᠠ ᠤᠤ᠂ ᠲᠣᠰᠣᠨ ᠠᠪᠤᠯ᠎ᠠ ᠴᠤ ᠵᠢᠷᠭᠠᠭᠠᠬᠤ ᠪᠣᠯᠪᠠ ᠤᠤ᠂ ᠡᠴᠢᠭᠡ ᠬᠥᠮᠦᠨ ᠦ᠌ ᠵᠦᠩ ᠰᠤᠪᠢᠨ ᠵᠢᠷᠭᠠᠯ ᠢ᠋ ᠬᠠᠷᠠᠭᠤᠯᠬᠤ ᠦᠭᠡᠢ ᠪᠠᠢᠭ᠎ᠠ ᠳ᠋ᠤ᠌ ᠭᠠᠢᠬᠠᠨ᠎ᠠ᠃ ᠨᠢᠯᠬ᠎ᠠ ᠪᠠᠯᠴᠢᠷ ᠨᠠᠰᠤᠨ ᠠ᠋ᠴᠠ ᠨᠢ ᠬᠠᠢᠷᠠᠯᠠᠨ ᠥᠰᠬᠡᠭᠰᠡᠨ ᠥᠬᠢᠨ ᠨᠢ ᠲᠡᠭᠦᠨ ᠦ᠌ ᠡᠬᠡᠨᠡᠷ ᠬᠡᠦᠬᠡᠳ ᠦ᠋ᠳ ᠦ᠋ᠨ ᠡᠮᠦᠨ᠎ᠡ ᠬᠡᠨ ᠪᠠᠢᠵᠤ᠂ ᠬᠡᠷᠬᠢᠨ ᠠᠮᠢᠳᠤᠷᠠᠬᠤ ᠪᠣᠯ ᠭᠡᠰᠡᠨ ᠠᠰᠠᠭᠤᠯᠲᠠ ᠠᠢᠳᠠᠰ ᠳᠦᠷᠦᠭᠦᠯᠦᠨ ᠪᠣᠳᠣᠭᠳᠠᠬᠤ ᠳ᠋ᠤ᠌ ᠳᠤᠬᠤᠨ ᠤ᠋ ᠦᠷᠴᠢᠯᠡᠭᠡᠰᠦ ᠨᠢ ᠤᠯᠠᠮ ᠭᠦᠨ ᠪᠣᠯᠤᠭᠰᠠᠨ ᠬᠠᠷᠠᠭᠳᠠᠨ᠎ᠠ᠃
   ᠭᠡᠪᠡᠴᠦ ᠲᠡᠭᠦᠨ ᠳ᠋ᠦ᠍ ᠡᠭᠦᠨ ᠡᠴᠡ ᠥᠭᠡᠷ᠎ᠡ ᠮᠡᠷᠭᠡᠨ ᠰᠣᠩᠭᠣᠯᠲᠠ ᠪᠠᠢᠭᠰᠠᠨ ᠦᠭᠡᠢ᠃
   ᠲᠠᠯ᠎ᠠ ᠨᠤᠲᠤᠭ ᠲᠤ ᠡᠴᠢᠭᠡ ᠡᠬᠡ ᠶ᠋ᠢᠨ ᠦᠭᠡ ᠬᠠᠤᠯᠢ ᠪᠠᠢᠳᠠᠭ ᠵᠢᠮ᠎ᠡ ᠪᠡᠷ ᠡᠭᠡᠴᠢ ᠨᠢ ᠲᠠᠲᠠᠭᠠᠯᠵᠠᠬᠤ ᠵᠢᠷᠦᠬᠡ ᠦᠭᠡᠢ᠃ ᠣᠯᠠᠨ ᠰᠠᠷ᠎ᠠ ᠶ᠋ᠢᠨ ᠲᠡᠨᠦᠮᠡᠯ ᠠᠮᠢᠳᠤᠷᠠᠯ᠂ ᠭᠡᠨᠡᠳᠲᠡ ᠶ᠋ᠢᠨ ᠠᠶᠤᠯ ᠵᠠᠨᠤᠯ ᠠ᠋ᠴᠠ ᠠᠶᠤᠬᠤ ᠠᠢᠳᠠᠰ ᠡᠨᠡ ᠭᠡᠷ ᠪᠦᠯᠢ᠂ ᠠᠷᠠᠳ ᠣᠯᠠᠨ ᠢ᠋ ᠶᠠᠮᠠᠷ ᠴᠤ ᠪᠣᠯᠪᠠ ᠠᠷᠭ᠎ᠠ ᠪᠠᠷ ᠬᠡᠨ ᠨᠢᠭᠡᠨ ᠳ᠋ᠦ᠍ ᠬᠦᠷᠭᠡᠨ ᠥᠭᠭᠥ ᠦᠭᠡᠢ ᠯᠡ ᠪᠣᠯ ᠮᠠᠷᠭᠠᠰᠢ ᠭᠡᠬᠦ ᠳᠦ ᠶᠠᠭᠤ ᠴᠤ ᠪᠣᠯᠤᠭ᠎ᠠ ᠦᠭᠡᠢ ᠮᠡᠲᠦ ᠰᠠᠯᠬᠢᠨ ᠬᠤᠤᠭᠢᠨ ᠪᠠᠢᠳᠠᠭ ᠲᠠᠯ᠎ᠠ ᠨᠤᠲᠤᠭ ᠲᠤ ᠭᠠᠭᠴᠠ ᠨᠢᠭᠡ ᠪᠡᠷ ᠢ᠋ᠶ᠋ᠡᠨ ᠦᠷᠡᠭᠳᠡᠭᠰᠡᠭᠡᠷ ᠴᠢᠨᠣ᠎ᠠ ᠨᠣᠬᠠᠢ ᠶ᠋ᠢᠨ ᠢᠳᠡᠰᠢ ᠪᠣᠯᠤᠨ ᠳᠠᠭᠤᠰᠳᠠᠭ ᠵᠢᠮ᠎ᠡ ᠲᠡᠢ᠃
   ᠠᠯᠤᠰ ᠠ᠋ᠴᠠ ᠬᠦᠷᠢᠶ᠎ᠡ ᠡᠭᠦᠰᠬᠡᠨ ᠰᠢᠬᠦᠷᠯᠡᠨ ᠪᠠᠭᠤᠭᠰᠠᠨ ᠢᠰᠡᠭᠡᠢ ᠭᠡᠷ ᠦ᠋ᠳ ᠬᠠᠷᠠᠭᠳᠠᠨ᠎ᠠ᠃ ᠭᠠᠳᠠᠭ᠎ᠠ ᠬᠡᠦᠬᠡᠳ ᠡᠮᠩᠳᠡᠢᠴᠤᠤᠨ ᠨᠣᠣᠰᠣ ᠰᠠᠪᠠᠨ ᠬᠥᠭᠵᠢᠯᠳᠦᠬᠦ ᠳᠠᠭᠤ ᠰᠣᠨᠣᠰᠳᠠᠵᠤ᠂ ᠵᠦᠭ  ᠦᠭᠡᠢᠳᠡᠨ ᠭᠦᠶᠦᠬᠦ ᠬᠡᠦᠬᠡᠳ ᠢ᠋ ᠡᠬᠡ ᠨᠢ ᠠᠷᠤ ᠠ᠋ᠴᠠ ᠨᠢ ᠬᠤᠷᠳᠤᠨ ᠣᠴᠢᠵᠤ ᠲᠡᠪᠡᠷᠢᠭᠡᠳ ᠴᠠᠭᠠᠰᠢ ᠡᠷᠭᠢᠬᠦ ᠦᠵᠡᠭᠳᠡᠨ᠎ᠡ᠃ ᠬᠣᠯᠠ ᠦᠭᠡᠢᠬᠡᠨ ᠬᠣᠨᠢ ᠭᠠᠷᠭᠠᠭᠰᠠᠨ ᠪᠣᠯᠤᠯᠲᠠᠢ᠂ ᠢᠯᠡ ᠭᠠᠯ ᠳᠡᠭᠡᠷ᠎ᠡ ᠲᠣᠭᠣᠭ᠎ᠠ ᠲᠠᠢ ᠮᠢᠬ᠎ᠠ ᠳᠠᠷᠬᠢᠨ᠎ᠠ᠃
   ᠰᠢᠬᠦᠷᠯᠡᠨ ᠪᠠᠭᠤᠭᠰᠠᠨ ᠴᠠᠭᠠᠨ ᠭᠡᠷ ᠦ᠋ᠳ ᠦ᠋ᠨ ᠳᠤᠮᠳᠠ ᠤᠯᠠᠭᠠᠨ ᠬᠠᠯᠵᠠ ᠲᠠᠢ ᠨᠢᠭᠡᠨ ᠶᠡᠬᠡ ᠭᠡᠷ ᠪᠠᠢᠬᠤ ᠠᠭᠠᠳ ᠭᠡᠷ ᠦ᠋ᠨ ᠰᠢᠷᠢᠮᠡᠯ ᠡᠭᠦᠳᠡ ᠶ᠋ᠢ ᠮᠥᠨ ᠬᠡ ᠬᠤᠸᠠᠷ ᠢ᠋ᠶ᠋ᠠᠷ ᠴᠢᠮᠡᠵᠡᠢ᠃ ᠭᠠᠳᠠᠭ᠎ᠠ ᠡᠭᠦᠳᠡᠨ ᠡᠴᠡ ᠣᠷᠣᠵᠤ ᠪᠣᠯᠬᠤ ᠡᠰᠡᠬᠦ ᠶ᠋ᠢ ᠯᠠᠪᠯᠠᠭᠠᠳ ᠬᠠᠷᠠᠭᠤᠯ ᠤ᠋ᠨ ᠠᠬᠠᠯᠠᠭᠴᠢ ᠢᠰᠡᠭᠡᠢ ᠡᠭᠦᠳᠡ ᠶ᠋ᠢ ᠰᠡᠬᠦᠨ ᠣᠷᠣᠵᠤ ᠢᠷᠡᠯ᠎ᠡ᠃
   ᠡᠨᠡ ᠪᠣᠯ ᠴᠢᠩᠭᠢᠰ ᠬᠠᠭᠠᠨ ᠤ᠋ ᠤᠷᠲᠤ ᠥᠷᠭᠥᠭᠡ ᠪᠠᠢᠪᠠ᠂ ᠲᠡᠷᠡ ᠲᠠᠯ᠎ᠠ ᠨᠤᠲᠤᠭ  ᠲᠤ᠌ ᠬᠡᠳᠦᠢᠨ ᠬᠦᠴᠦ ᠪᠡᠨ ᠠᠪᠴᠠᠢ᠃ ᠡᠳᠦᠭᠡ ᠡᠴᠡ ᠠᠷᠪᠠᠨ ᠳᠥᠷᠪᠡᠨ ᠵᠢᠯ ᠦ᠋ᠨ ᠡᠮᠦᠨ᠎ᠡ ᠬᠠᠷ᠎ᠠ ᠵᠢᠷᠦᠬᠡᠨ ᠦ᠌ ᠬᠥᠬᠡ ᠨᠠᠭᠤᠷ  ᠲᠤ᠌ ᠬᠠᠮᠤᠭ ᠮᠣᠩᠭᠣᠯ ᠤ᠋ᠨ ᠨᠥᠯᠥᠭᠡ ᠪᠦᠬᠦᠢ ᠨᠣᠶᠠᠳ ᠤ᠋ᠨ ᠬᠤᠷᠠᠯᠳᠤᠭᠠᠨ ᠪᠣᠯᠵᠤ᠂ ᠲᠡᠮᠦᠵᠢᠨ ᠢ᠋ ᠬᠠᠮᠤᠭ ᠮᠣᠩᠭᠣᠯ ᠤ᠋ᠨ ᠬᠠᠭᠠᠨ ᠡᠷᠭᠦᠮᠵᠢᠯᠡᠨ ᠴᠢᠩᠭᠢᠰ ᠬᠠᠭᠠᠨ ᠴᠣᠯᠠ ᠶ᠋ᠢ ᠥᠭᠭᠦᠭᠰᠡᠨ ᠪᠠᠢᠯ᠎ᠠ᠃
   ᠴᠢᠩᠭᠢᠰ ᠬᠠᠭᠠᠨ ᠦᠷᠭᠦᠭᠡᠨ ᠬᠣᠢᠮᠣᠷ ᠠ᠋ᠴᠠ ᠣᠷᠣᠵᠤ ᠢᠷᠡᠭᠰᠡᠨ ᠬᠥᠮᠦᠨ ᠳ᠋ᠦ᠍ ᠬᠠᠨᠳᠤᠨ᠄— ᠵᠠ ᠠᠢᠯᠠᠳᠬ᠎ᠠ ᠬᠡᠮᠡᠪᠡ᠃
   — ᠬᠡᠷᠡᠢᠳ ᠦ᠋ᠨ ᠸᠠᠩ ᠬᠠᠨ ᠲᠣᠭᠣᠷᠢᠯ ᠤ᠋ᠨ ᠲᠥᠷᠥᠭᠰᠡᠨ ᠳᠡᠭᠦᠦ ᠵᠠᠬ᠎ᠠ ᠬᠠᠮᠪᠤ ᠠᠢᠮᠠᠭ ᠣᠯᠠᠨ ᠢ᠋ᠶ᠋ᠠᠨ ᠠᠪᠤᠭᠠᠳ ᠢᠷᠡᠵᠡᠢ᠃   ᠡᠭᠦᠨ ᠢ᠋ ᠰᠣᠨᠣᠰᠤᠭᠰᠠᠨ ᠴᠢᠩᠭᠢᠰ ᠬᠠᠭᠠᠨ ᠬᠥᠪᠡᠭᠦᠨ( ᠬᠦᠢᠲᠡᠨ) ᠢ᠋ᠶ᠋ᠡᠷ ᠢᠨᠢᠶᠡᠵᠦ᠂ ᠬᠠᠵᠠᠭᠤ ᠳ᠋ᠠᠭᠠᠨ ᠲᠠᠯᠪᠢᠭᠰᠠᠨ ᠮᠠᠯᠠᠭᠠᠢ ᠪᠠᠨ ᠬᠣᠶᠠᠷ ᠭᠠᠷᠳᠠᠨ ᠠᠪᠴᠤ ᠡᠮᠦᠰᠦᠭᠡᠳ᠄
   — ᠤᠷᠤᠭᠤᠯ ᠭᠡᠮᠡᠨ ᠬᠡᠯᠡᠪᠡ᠃ ᠬᠠᠷᠠᠭᠤᠯ ᠤ᠋ᠨ ᠠᠬᠠᠯᠠᠭᠴᠢ ᠭᠠᠷᠴᠤ᠂ ᠵᠠᠬ᠎ᠠ ᠬᠠᠮᠪᠤ ᠶ᠋ᠢ ᠬᠣᠶᠠᠷ ᠥᠬᠢᠨ ᠦ᠌ ᠬᠢᠨᠢ ᠬᠠᠮᠲᠤ ᠳᠠᠭᠠᠭᠤᠯᠤᠨ ᠣᠷᠣᠵᠤ ᠢᠷᠡᠯ᠎ᠡ᠃ ᠤᠷᠢᠳᠤ ᠶ᠋ᠢᠨ ᠦᠰ ᠢ᠋ ᠪᠣᠳᠣᠵᠤ ᠵᠣᠪᠠᠭᠰᠠᠨ ᠤᠤ᠂ ᠥᠬᠢᠨ ᠢ᠋ᠶ᠋ᠡᠨ ᠥᠭᠬᠦ ᠪᠡᠷ ᠢᠷᠡᠭᠰᠡᠨ ᠳ᠋ᠡᠭᠡᠨ ᠭᠡᠮᠰᠢᠭᠰᠡᠨ ᠤᠤ᠂ ᠵᠠᠬ᠎ᠠ ᠬᠠᠮᠪᠤ ᠶ᠋ᠢᠨ ᠳᠤᠬᠤᠨ ᠤ᠋ ᠬᠥᠯᠥᠰᠥ ᠰᠢᠨᠠ ᠪᠠᠨ ᠳᠠᠭᠠᠨ ᠤᠷᠤᠰᠤᠨ᠎ᠠ᠃ ᠬᠣᠶᠠᠷ ᠥᠬᠢᠨ ᠨᠢ ᠭᠢᠷᠪᠢᠰᠢᠨ ᠡᠭᠦᠳᠡ ᠪᠠᠷᠠᠳᠠᠨ ᠵᠣᠭᠰᠣᠵᠠᠢ᠂ ᠬᠡ ᠬᠤᠸᠠᠷ ᠢ᠋ᠶ᠋ᠠᠷ ᠴᠢᠮᠡᠭᠯᠡᠭᠰᠡᠨ ᠥᠨᠳᠥᠷ ᠰᠡᠨᠳᠡᠢ ᠳ᠋ᠦ᠍ ᠵᠠᠯᠠᠷᠠᠭᠰᠠᠨ ᠴᠢᠩᠭᠢᠰ ᠬᠠᠭᠠᠨ᠄
   — ᠰᠠᠭᠤᠭᠲᠤᠨ᠃ ᠡᠷᠲᠡᠨ ᠦ᠌ ᠠᠨᠳᠠ ᠵᠠᠬ᠎ᠠ ᠬᠠᠮᠪᠤ ᠶ᠋ᠢ ᠲᠣᠰᠣᠨ ᠤᠭᠲᠤᠵᠤ ᠴᠢᠳᠠᠭ᠎ᠠ ᠦᠭᠡᠢ ᠳ᠋ᠦ᠍ ᠬᠦᠯᠢᠴᠡᠯ ᠥᠴᠢᠶ᠎ᠡ᠃ ᠬᠡᠷᠡᠢᠳ ᠠᠢᠮᠠᠭ ᠪᠢᠳᠡᠨ ᠲᠡᠢ ᠬᠡᠵᠢᠶᠡᠨ ᠡᠴᠡ ᠪᠡᠨ ᠠᠨᠳᠠ ᠶᠠᠪᠤᠯᠴᠠᠭᠰᠠᠨ ᠤᠯᠤᠰ᠃ ᠳᠡᠭᠡᠭᠰᠢ ᠰᠠᠭᠤᠭᠲᠤᠨ᠃ ᠬᠡᠯᠡ ᠴᠢᠮᠡᠭᠡ ᠦᠭᠡᠢ ᠤᠳᠠᠯ᠎ᠠ᠃ ᠬᠠᠮᠢᠭ᠎ᠠ ᠨᠤᠲᠤᠭᠯᠠᠵᠤ ᠪᠠᠢᠭᠠᠳ ᠢᠷᠡᠪᠡ ᠬᠡᠮᠡᠯ᠎ᠡ᠃ ᠵᠠᠬ᠎ᠠ ᠬᠠᠮᠪᠤ᠄
   — ᠡᠴᠢᠭᠡ ᠡᠪᠦᠭᠡ ᠶ᠋ᠢᠨ ᠦᠶ᠎ᠡ ᠡᠴᠡ ᠡᠪ ᠲᠡᠢ ᠶᠠᠪᠤᠭᠰᠠᠨ ᠲᠠ ᠨᠠᠷ ᠠ᠋ᠴᠠ ᠶᠠᠭᠤ ᠨᠢᠭᠤᠬᠤ ᠪᠢᠯᠡ᠃ ᠸᠠᠩ ᠬᠠᠨ ᠠᠬ᠎ᠠ ᠠ᠋ᠴᠠ ᠨᠢᠭᠤᠷ ᠪᠤᠷᠤᠭᠤᠯᠠᠨ ᠳᠤᠲᠠᠭᠠᠭᠰᠠᠨ ᠴᠠᠭ ᠠ᠋ᠴᠠ ᠬᠣᠢᠰᠢ ᠨᠠᠢ᠍ᠮᠠᠨ ᠤ᠋ ᠬᠠᠨᠯᠢᠭ ᠲᠤ᠌ ᠬᠡᠳᠦᠨ ᠵᠢᠯ ᠢ᠋ ᠪᠠᠷᠠᠪᠠ᠃ ᠡᠬᠢᠨ ᠳ᠋ᠡᠭᠡᠨ ᠮᠠᠨᠳᠤᠨ ᠪᠠᠳᠠᠷᠠᠵᠤ ᠪᠠᠢᠭᠰᠠᠨ ᠨᠡᠷ᠎ᠡ ᠮᠢᠨᠢ ᠪᠠᠷᠠᠭᠳᠠᠵᠤ᠂ ᠠᠷᠠᠳ ᠢᠷᠭᠡᠳ ᠮᠢᠨᠢ ᠳᠤᠲᠠᠭᠠᠵᠤ ᠰᠦᠢᠳᠳᠡᠭ ᠦ᠋ᠨ ᠳᠠᠪᠠᠭᠠᠨ ᠳᠡᠭᠡᠷ᠎ᠡ ᠦᠯᠡᠳᠡᠭᠰᠡᠨ ᠬᠡᠳᠦᠨ ᠬᠥᠮᠦᠨ ᠮᠠᠯ ᠢ᠋ᠶ᠋ᠠᠨ ᠳᠠᠭᠠᠭᠤᠯᠤᠨ ᠤᠷᠢᠳᠤ ᠶ᠋ᠢᠨ ᠨᠥᠬᠥᠷᠯᠡᠯ ᠢ᠋ ᠪᠣᠳᠣᠵᠤ᠂ ᠬᠠᠭᠠᠨ ᠳ᠋ᠤ᠌ ᠬᠦᠴᠦ ᠪᠡᠨ ᠡᠷᠭᠦᠬᠦ ᠪᠡᠷ ᠢᠷᠡᠪᠡ ᠭᠡᠵᠦ ᠬᠡᠯᠡᠭᠡᠳ ᠥᠬᠢᠳ ᠢ᠋ᠶ᠋ᠡᠨ ᠡᠭᠡᠯᠵᠢᠯᠡᠨ ᠬᠠᠷᠠᠪᠠ᠃ ᠴᠠᠭᠠᠰᠢ ᠶᠠᠮᠠᠷ ᠨᠢᠭᠡᠨ ᠦᠭᠡ ᠬᠡᠯᠡᠬᠦ ᠭᠡᠰᠡᠨ ᠪᠣᠯᠪᠠᠴᠤ ᠬᠣᠭᠣᠯᠠᠢ ᠨᠢ ᠰᠠᠭᠠᠷᠠᠯᠳᠤᠵᠤ ᠴᠢᠮᠡᠭᠡ ᠦᠭᠡᠢ ᠪᠣᠯᠤᠯ᠎ᠠ᠃ ᠲᠡᠷᠡ ᠭᠠᠷ ᠲᠠᠭᠠᠨ ᠪᠠᠷᠢᠭᠰᠠᠨ ᠮᠠᠯᠠᠭᠠᠢ ᠪᠠᠨ ᠴᠢᠩᠭ᠎ᠠ ᠠᠳᠬᠤᠭᠰᠠᠨ ᠬᠠᠷᠠᠭᠳᠠᠨ᠎ᠠ᠃ ᠬᠣᠶᠠᠷ ᠥᠬᠢᠨ ᠭᠡᠷ ᠦ᠋ᠨ
ᠪᠠᠷᠠᠭᠤᠨ ᠬᠠᠶᠠᠭᠠᠨ ᠳ᠋ᠤ᠌ ᠰᠠᠭᠤᠯ᠎ᠠ᠃ ᠵᠠᠬ᠎ᠠ ᠬᠠᠮᠪᠤ ᠲᠣᠮᠣ ᠥᠬᠢᠨ ᠢ᠋ᠶ᠋ᠡᠨ ᠭᠠᠭᠴᠠᠭᠠᠷ ᠢ᠋ ᠨᠢ ᠠᠪᠴᠤ ᠢᠷᠡᠶ᠎ᠡ ᠭᠡᠰᠡᠨ ᠪᠣᠯᠪᠠᠴᠤ ᠳᠡᠭᠦᠦ ᠨᠢ ᠡᠴᠢᠭᠡ ᠶ᠋ᠢ ᠪᠡᠨ ᠢᠳᠬᠠᠨ《ᠨᠢᠭᠡ ᠬᠥᠮᠦᠨ ᠡᠴᠡ ᠬᠣᠶᠠᠷ ᠬᠥᠮᠦᠨ ᠨᠢ ᠳᠡᠭᠡᠷ᠎ᠡ᠂ ᠬᠠᠭᠠᠨ ᠡᠵᠡᠨ ᠬᠡᠨ ᠢ᠋ ᠨᠢ ᠪᠣᠯᠭᠣᠭᠠᠬᠤ ᠪᠠᠨ ᠥᠪᠡᠷ ᠢ᠋ᠶ᠋ᠡᠨ ᠮᠡᠳᠡᠭ》 ᠭᠡᠵᠦ ᠬᠡᠯᠡᠭᠰᠡᠨ ᠢ᠋ᠶ᠋ᠡᠷ ᠪᠣᠯᠵᠠᠢ᠃
   ᠦᠷᠭᠦᠭᠡᠨ ᠦ᠌ ᠬᠣᠢᠮᠣᠷ ᠲᠤ᠌ ᠵᠠᠯᠠᠷᠠᠨ ᠪᠣᠢ ᠴᠢᠩᠭᠢᠰ ᠬᠠᠭᠠᠨ ᠬᠡᠰᠡᠭ ᠵᠠᠭᠤᠷ᠎ᠠ ᠴᠢᠮᠡᠭᠡ ᠦᠭᠡᠢ ᠰᠠᠭᠤᠯ᠎ᠠ᠂ ᠪᠣᠳᠣᠯ ᠪᠣᠯᠤᠨ ᠰᠠᠭᠤᠬᠤ ᠳ᠋ᠠᠭᠠᠨ ᠰᠡᠳᠬᠢᠯ ᠳ᠋ᠦ᠍ ᠠᠢᠳᠠᠰ ᠲᠥᠷᠥᠭᠦᠯᠦᠨ ᠰᠦᠷᠯᠢᠭ ᠳᠦᠷᠢ ᠲᠥᠷᠬᠦ ᠲᠡᠢ ᠪᠣᠯᠬᠤ ᠠᠵᠢ᠃ ᠡᠨᠡ ᠬᠥᠮᠦᠨ ᠶᠠᠭᠤ ᠭᠡᠵᠦ ᠬᠡᠯᠡᠬᠦ ᠪᠣᠯ᠂ ᠡᠴᠢᠭᠡ ᠶ᠋ᠢ ᠨᠢ ᠤᠭᠲᠤᠨ ᠠᠪᠬᠤ ᠪᠣᠯᠪᠠ ᠤᠤ᠂ ᠠᠯᠢ ᠡᠰᠡᠬᠦᠯ᠎ᠡ ᠤᠷᠢᠳᠤ ᠶ᠋ᠢᠨ ᠦᠰ ᠢ᠋ ᠰᠠᠨᠠᠵᠤ ᠬᠦᠯᠢᠶᠡᠨ ᠠᠪᠬᠤ ᠦᠭᠡᠢ ᠶ᠋ᠢ ᠮᠡᠳᠡᠭᠳᠡᠨ ᠪᠤᠴᠠᠭᠠᠬᠤ ᠪᠣᠯᠪᠠ ᠤᠤ᠃ ᠠᠢᠳᠠᠰ ᠲᠦᠭᠰᠢᠭᠦᠷᠢ᠂ ᠬᠦᠯᠢᠶᠡᠯᠲᠡ᠂ ᠲᠠᠭᠠᠮᠠᠭ ᠡᠨᠡ ᠦᠷᠭᠦᠭᠡᠨ ᠳᠣᠲᠣᠷ᠎ᠠ ᠡᠷᠭᠢᠯᠳᠦᠨ ᠪᠠᠢᠬᠤᠢ ᠳ᠋ᠤ᠌᠄
   — ᠨᠢᠭᠡᠨ ᠴᠠᠭ ᠲᠤ᠌ ᠸᠠᠩ ᠬᠠᠨ ᠠᠬ᠎ᠠ ᠲᠠᠢ ᠪᠠᠨ ᠬᠦᠴᠦ ᠬᠠᠪᠰᠤᠷᠤᠨ ᠮᠡᠷᠭᠢᠳ ᠠᠢᠮᠠᠭ ᠲᠤ᠌ ᠣᠯᠵᠠᠯᠠᠭᠳᠠᠨ ᠣᠳᠤᠭᠰᠠᠨ ᠪᠥᠷᠲᠡ ᠬᠠᠲᠤᠨ ᠢ᠋ ᠮᠢᠨᠢ ᠠᠪᠴᠤ ᠥᠭᠭᠦᠭᠰᠡᠨ ᠴᠢᠨᠦ ᠠᠴᠢ ᠶ᠋ᠢ ᠰᠠᠨᠠᠵᠤ᠂ ᠲᠡᠷᠡ ᠨᠢᠭᠡᠨ ᠡᠳᠦᠷ ᠠᠬ᠎ᠠ ᠳᠡᠭᠦᠦ ᠨᠠᠷ ᠲᠠᠢ ᠪᠠᠨ ᠬᠠᠪᠰᠤᠷᠴᠤ ᠨᠠᠮᠠᠶ᠋ᠢ《ᠦᠮᠡᠬᠡᠢ ᠡᠯᠢᠭᠡ ᠡᠪᠦᠷᠯᠡᠪᠡ》 ᠭᠡᠵᠦ ᠪᠤᠷᠤᠭᠤᠳᠬᠠᠨ ᠪᠣᠰᠤᠭᠰᠠᠨ ᠲᠤᠬᠠᠢ ᠴᠢᠨᠢ ᠮᠠᠷᠲᠠᠶ᠎ᠠ᠃
   ᠬᠠᠭᠠᠨ ᠤ᠋ ᠶᠠᠭᠤ ᠬᠡᠯᠡᠬᠦ ᠪᠣᠯ ᠭᠡᠵᠦ ᠬᠦᠯᠢᠶᠡᠵᠦ ᠪᠠᠢᠭᠰᠠᠨ ᠬᠥᠮᠦᠰ ᠦ᠋ᠨ ᠠᠢᠳᠠᠰ ᠲᠦᠷ ᠴᠦ᠍ ᠠᠲᠤᠭᠠᠢ ᠨᠠᠮᠳᠠᠬᠤ ᠰᠢᠭ᠋ ᠪᠣᠯᠬᠤ ᠳ᠋ᠤ᠌ ᠵᠠᠬ᠎ᠠ ᠬᠠᠮᠪᠤ ᠶ᠋ᠢᠨ ᠮᠠᠯᠠᠭᠠᠢ ᠪᠠᠨ ᠠᠳᠬᠤᠵᠤ ᠪᠠᠢᠭᠰᠠᠨ ᠭᠠᠷ ᠨᠢ ᠰᠤᠯᠠᠷᠠᠭᠰᠠᠨ ᠬᠠᠷᠠᠭᠳᠠᠨ᠎ᠠ᠃
   — ᠤᠷᠢᠳᠤ ᠨᠢᠭᠡᠨ ᠡᠳᠦᠷ ᠪᠥᠷᠲᠡ ᠬᠠᠲᠤᠨ ᠢ᠋ ᠲᠠᠨᠢ ᠪᠤᠴᠠᠭᠠᠨ ᠠᠪᠬᠤ ᠳ᠋ᠤ᠌ ᠸᠠᠩ ᠬᠠᠨ ᠠᠬ᠎ᠠ ᠳ᠋ᠤ᠌ ᠲᠠ《ᠠᠨᠳᠠ ᠳᠡᠭᠡᠷ᠎ᠡ ᠪᠡᠨ ᠠᠨᠳᠠ ᠪᠣᠯᠤᠶ᠎ᠠ᠂ ᠠᠮᠠᠷᠠᠭ ᠳᠡᠭᠡᠷ᠎ᠡ ᠪᠡᠨ ᠠᠮᠠᠷᠠᠭ ᠪᠣᠯᠤᠶ᠎ᠠ》 ᠭᠡᠵᠦ ᠬᠡᠯᠡᠵᠦ ᠪᠠᠢᠭᠰᠠᠨ ᠢ᠋ ᠴᠢᠨᠢ ᠳᠤᠷᠠᠰᠤᠨ ᠰᠠᠨᠠᠵᠤ ᠡᠪ ᠡᠶ᠎ᠡ ᠶ᠋ᠢᠨ ᠪᠡᠯᠡᠭ ᠪᠣᠯᠭᠠᠨ᠂ ᠬᠠᠷ᠎ᠠ ᠪᠠᠭ᠎ᠠ ᠠ᠋ᠴᠠ ᠨᠢ ᠬᠠᠢᠷᠠᠯᠠᠨ ᠥᠰᠬᠡᠭᠰᠡᠨ ᠥᠬᠢᠳ ᠡᠴᠡ ᠪᠡᠨ ᠬᠠᠭᠠᠨ ᠳ᠋ᠤ᠌ ᠥᠭᠭᠦᠶ᠎ᠡ᠃ ᠮᠢᠨᠦ ᠲᠣᠮᠣ ᠥᠬᠢᠨ ᠢᠪᠠᠭ᠎ᠠ᠂ ᠳᠡᠭᠦᠦ ᠰᠣᠷᠠᠬᠠᠨᠳᠠᠨᠢ᠃
   ᠦᠷᠭᠦᠭᠡᠨ ᠦ᠌ ᠡᠭᠦᠳᠡ ᠪᠠᠷᠠᠳᠠᠨ ᠰᠠᠭᠤᠭᠰᠠᠨ ᠬᠣᠶᠠᠷ ᠥᠬᠢᠨ ᠢ᠋ ᠬᠠᠷᠠᠭᠠᠳ ᠴᠢᠩᠭᠢᠰ ᠬᠠᠭᠠᠨ᠄
   — ᠦᠵᠡᠰᠬᠦᠯᠡᠩ ᠲᠡᠢ ᠲᠥᠷᠥᠵᠡᠢ᠂ ᠴᠢᠨᠦ ᠥᠬᠢᠳ᠃ ᠬᠡᠷᠡᠢᠳ ᠦ᠋ᠨ ᠬᠠᠮᠪᠤ ᠶ᠋ᠢᠨ ᠬᠣᠶᠠᠷ ᠥᠬᠢᠨ ᠭᠤᠸ᠎ᠠ ᠦᠵᠡᠰᠬᠦᠯᠡᠩ᠂ ᠰᠤᠤ ᠪᠢᠯᠢᠭ᠂ ᠡᠷᠳᠡᠮ ᠪᠣᠯᠪᠠᠰᠤᠷᠠᠯ ᠲᠡᠭᠦᠰ ᠭᠡᠰᠡᠨ ᠶᠠᠷᠢᠶ᠎ᠠ ᠲᠠᠯ᠎ᠠ ᠨᠤᠲᠤᠭ ᠢ᠋ᠶ᠋ᠠᠷ ᠨᠢᠭᠡ ᠳᠠᠷᠬᠠᠨ ᠪᠠᠢᠳᠠᠭ ᠢ᠋ ᠪᠢ ᠴᠦ᠍ ᠮᠥᠨ ᠰᠣᠨᠣᠰᠤᠭᠰᠠᠨ ᠭᠡᠳ ᠥᠬᠢᠳ ᠢ᠋ ᠬᠠᠷᠠᠯ᠎ᠠ᠃
   ᠲᠡᠭᠦᠨ ᠦ᠌ ᠴᠣᠷᠭᠢᠭᠰᠠᠨ ᠬᠠᠷᠠᠴᠠᠨ ᠳ᠋ᠤ᠌ ᠬᠠᠮᠤᠭ ᠪᠡᠶ᠎ᠡ ᠨᠢ ᠳᠠᠭᠵᠢᠨ ᠴᠡᠴᠡᠷᠡᠬᠦ ᠰᠢᠭ ᠪᠣᠯᠵᠤ᠂ ᠰᠤᠷᠬᠠᠭᠲᠠᠨᠢ ᠥᠪᠡᠷ ᠦ᠋ᠨ ᠮᠠᠲᠠᠯ ᠦᠭᠡᠢ ᠰᠠᠯᠭᠠᠨᠠᠬᠤ ᠭᠠᠷ ᠢ᠋ᠶ᠋ᠠᠨ ᠬᠠᠨᠴᠤᠢ ᠶ᠋ᠢᠨ ᠳᠣᠣᠷ᠎ᠠ ᠪᠠᠨ ᠨᠢᠭᠤᠯ᠎ᠠ᠃ ᠬᠠᠷᠢᠨ ᠢᠪᠠᠭ᠎ᠠ ᠠᠷᠠᠢ ᠯᠠ ᠲᠠᠢᠪᠤᠩ ᠪᠠᠢᠬᠤ ᠰᠢᠭ᠋ ᠬᠠᠷᠠᠭᠳᠠᠨ᠎ᠠ᠃ ᠭᠡᠪᠡᠴᠦ ᠡᠨᠡ ᠴᠣᠷᠭᠢᠭᠰᠠᠨ ᠬᠠᠷᠠᠴᠠ ᠠᠮᠢᠳᠤᠷᠠᠯ ᠳ᠋ᠤ᠌ ᠬᠥᠯ ᠲᠠᠯᠪᠢᠭ᠎ᠠ ᠦᠭᠡᠢ ᠬᠣᠶᠠᠷ ᠥᠬᠢᠨ ᠢ᠋ ᠪᠢᠲᠡᠭᠡᠢ ᠬᠡᠯᠡ᠂ ᠠᠯᠠᠭᠤᠯᠬᠤ ᠭᠡᠵᠦ ᠪᠠᠢᠭ᠎ᠠ ᠠᠮᠢᠲᠠᠨ ᠬᠦᠷᠲᠡᠯ᠎ᠡ ᠤᠬᠠᠭᠠᠨ ᠠᠯᠲᠠᠨ ᠭᠠᠵᠠᠷ ᠳᠡᠭᠡᠷ᠎ᠡ ᠪᠡᠨ ᠤᠨᠠᠮᠠᠷ ᠰᠦᠷᠯᠢᠭ᠂ ᠲᠡᠭᠦᠨ ᠦ᠌ ᠨᠢᠳᠦ ᠶᠠᠭ ᠯᠠ ᠠᠩᠨᠠᠬᠤ ᠭᠡᠵᠦ ᠪᠠᠢᠭ᠎ᠠ ᠠᠩ ᠢ᠋ᠶ᠋ᠠᠨ ᠬᠠᠷᠠᠭᠠᠳ ᠠᠳᠬᠤᠨ ᠠᠪᠬᠤ ᠪᠠᠷ ᠠᠨᠠᠵᠤ ᠪᠠᠢᠭ᠎ᠠ ᠢᠷᠪᠢᠰ ᠦ᠋ᠨ ᠬᠢ ᠰᠢᠭ ᠬᠤᠷᠴᠠ ᠠᠵᠤᠭᠤ᠃
   ᠴᠢᠩᠭᠢᠰ ᠬᠠᠭᠠᠨ ᠬᠣᠶᠠᠷ ᠥᠬᠢᠨ ᠳ᠋ᠦ᠍ ᠬᠠᠨᠳᠤᠨ ᠄
   — ᠲᠠ ᠬᠣᠶᠠᠷ ᠤ᠋ᠨ ᠰᠤᠤ ᠪᠢᠯᠢᠭ ᠢ᠋ ᠲᠠᠯ᠎ᠠ ᠨᠤᠲᠤᠭ ᠢ᠋ᠶ᠋ᠠᠷ ᠳᠠᠶᠠᠭᠠᠷ ᠶᠠᠷᠢᠨ᠎ᠠ᠃ ᠡᠷᠳᠡᠮ ᠨᠣᠮ ᠢ᠋ ᠢᠩᠭᠢᠵᠦ ᠰᠢᠮᠡᠳᠬᠦ ᠪᠣᠯᠤᠭᠰᠠᠨ ᠤᠴᠢᠷ ᠢ᠋ᠶ᠋ᠠᠨ ᠬᠡᠯᠡᠭᠡᠴᠢ ᠭᠡᠬᠦ ᠳ᠋ᠦ᠍ ᠢᠪᠠᠭ᠎ᠠ ᠨᠢᠭᠡ ᠶᠡᠬᠡ ᠪᠣᠳᠣᠭᠰᠠᠨ ᠶᠠᠭᠤᠮ᠎ᠠ ᠦᠭᠡᠢ ᠰᠢᠭᠤᠳ ᠬᠠᠭᠠᠨ  ᠤ᠋ ᠥᠭᠡᠳᠡ ᠡᠴᠡ ᠬᠠᠷᠠᠨ᠂
   — ᠡᠷᠭᠢᠬᠦ ᠠᠮᠢᠳᠤᠷᠠᠯ ᠪᠦᠬᠦᠯᠢ ᠳ᠋ᠡᠭᠡᠨ ᠡᠷ᠎ᠡ ᠬᠥᠮᠦᠨ ᠦ᠌ ᠬᠦᠴᠦᠨ ᠳᠣᠣᠷ᠎ᠠ᠂ ᠡᠮ᠎ᠡ ᠬᠥᠮᠦᠨ ᠤᠬᠠᠭᠠᠨ ᠳᠣᠣᠷ᠎ᠠ ᠣᠷᠣᠰᠢᠨ᠎ᠠ ᠭᠡᠵᠦ ᠪᠣᠳᠣᠳᠠᠭ ᠭᠡᠮᠡᠨ ᠬᠡᠨᠡᠭ ᠦᠭᠡᠢ ᠬᠠᠷᠢᠭᠤᠯᠵᠤ ᠣᠷᠬᠢᠯ᠎ᠠ᠃ ᠬᠠᠷᠢᠨ ᠰᠣᠷᠠᠬᠠᠨᠳᠠᠨᠢ ᠥᠪᠡᠷ ᠦ᠋ᠨ ᠡᠭᠡᠯᠵᠢ ᠪᠣᠯᠬᠤ ᠨᠢ ᠭᠡᠵᠦ ᠪᠣᠳᠣᠬᠤ ᠠ᠋ᠴᠠ ᠬᠠᠨᠴᠤᠢ ᠶ᠋ᠢᠨ ᠳᠣᠣᠷ᠎ᠠ ᠪᠠᠨ ᠨᠢᠭᠤᠭᠰᠠᠨ ᠭᠠᠷ ᠨᠢ ᠤᠯᠠᠮ ᠬᠦᠴᠦᠲᠡᠢ ᠴᠡᠴᠡᠷᠡᠵᠦ ᠪᠠᠢᠬᠤ ᠰᠢᠭ᠋ ᠪᠣᠳᠣᠭᠳᠠᠯ᠎ᠠ᠃ ᠲᠡᠷᠡ ᠨᠢᠭᠡ ᠯᠡ ᠮᠡᠳᠡᠬᠦᠨ᠎ᠡ᠄
   — ᠡᠨᠡ ᠪᠡᠶ᠎ᠡ ᠳ᠋ᠦ᠍ ᠪᠣᠢ ᠮᠤᠩᠬᠠᠭ ᠢ᠋ ᠡᠷᠳᠡᠮ ᠣᠶᠤᠨ ᠢ᠋ᠶ᠋ᠠᠷ ᠭᠡᠷᠡᠯᠲᠦᠭᠦᠯᠪᠡᠯ ᠥᠪᠡᠷ ᠦ᠋ᠨ ᠪᠡᠶ᠎ᠡ ᠳ᠋ᠦ᠍ ᠪᠣᠢ ᠭᠡᠷᠡᠯ ᠢ᠋ᠶ᠋ᠡᠷ ᠥᠷᠭᠡᠨ ᠣᠯᠠᠨ ᠢ᠋ᠶ᠋ᠠᠨ ᠭᠡᠢᠭᠦᠯᠵᠦ ᠴᠢᠳᠠᠨ᠎ᠠ ᠭᠡᠳ ᠬᠡᠯᠡᠯᠴᠡᠯ᠎ᠡ᠃ ᠲᠡᠷᠡ ᠦᠨᠡᠨ ᠳ᠋ᠡᠭᠡᠨ ᠶᠠᠭᠤ ᠬᠡᠯᠡᠭᠰᠡᠨ ᠢ᠋ᠶ᠋ᠡᠨ ᠴᠦ᠍ ᠮᠡᠳᠡᠭᠰᠡᠨ ᠦᠭᠡᠢ᠂ ᠠᠮᠠᠨ ᠳᠡᠭᠡᠷ᠎ᠡ ᠨᠢ ᠭᠠᠷᠴᠤ ᠢᠷᠡᠭᠰᠡᠨ ᠦᠭᠡ ᠡᠨᠡ ᠯᠡ ᠪᠠᠢᠯ᠎ᠠ᠃ ᠴᠢᠩᠭᠢᠰ ᠬᠠᠭᠠᠨ ᠰᠡᠳᠬᠢᠯ ᠬᠠᠩᠭᠠᠯᠤᠭᠤᠨ ᠢᠨᠢᠶᠡᠵᠦ᠄
   — ᠠᠷᠭ᠎ᠠ ᠦᠭᠡᠢ ᠯᠡ ᠲᠦᠮᠡᠨ ᠣᠯᠠᠨ ᠤ᠋ ᠬᠡᠯᠡᠯᠴᠡᠳᠡᠭ ᠦᠨᠡᠨ ᠪᠣᠯᠵᠤ ᠲᠠᠭᠠᠷᠠᠯ᠎ᠠ᠃ ᠡᠨᠡ ᠪᠡᠶ᠎ᠡ ᠶ᠋ᠢᠨ ᠬᠦᠴᠦ ᠪᠡᠷ ᠶᠡᠬᠡ ᠶ᠋ᠢ ᠬᠤᠷᠢᠶᠠᠵᠤ ᠪᠣᠯᠬᠤ ᠴᠤ᠂ ᠡᠷᠳᠡᠮ ᠤᠬᠠᠭᠠᠨ ᠤ᠋ ᠬᠦᠴᠦ ᠪᠡᠷ ᠣᠯᠠᠨ ᠢ᠋ ᠳᠠᠭᠠᠭᠤᠯᠵᠤ ᠪᠣᠯᠤᠨ᠎ᠠ᠂ ᠵᠠᠬ᠎ᠠ ᠬᠠᠮᠪᠤ ᠦᠨᠡᠬᠡᠷ ᠦ᠋ᠨ ᠠᠯᠲᠠ ᠡᠷᠳᠡᠨᠢᠰ ᠡᠴᠡ ᠦᠨᠡᠲᠡᠢ ᠥᠬᠢᠳ ᠲᠥᠷᠥᠭᠦᠯᠵᠡᠢ ᠭᠡᠵᠦ ᠬᠡᠯᠡᠬᠦ ᠳ᠋ᠦ᠍ ᠰᠤᠷᠬᠠᠭᠲᠠᠨᠢ ᠰᠠᠶᠢ ᠨᠢᠭᠡ ᠠᠮᠢᠰᠬᠤᠯ ᠠᠪᠬᠤ ᠲᠠᠢ ᠪᠠᠨ ᠪᠣᠯᠤᠯ᠎ᠠ᠃ ᠳᠣᠲᠣᠷ᠎ᠠ ᠨᠢ ᠠᠷᠠᠢ ᠠᠭᠤᠵᠢᠷᠠᠵᠤ᠂ ᠬᠠᠨᠴᠤᠢ ᠳᠣᠣᠷ᠎ᠠ ᠪᠠᠨ ᠴᠡᠴᠡᠷᠡᠵᠦ ᠪᠠᠢᠭᠰᠠᠨ ᠭᠠᠷ ᠨᠢ ᠡᠵᠡᠨ ᠳ᠋ᠡᠭᠡᠨ ᠰᠠᠶᠢ ᠯᠠ ᠨᠢᠭᠡ ᠵᠠᠬᠢᠷᠤᠭᠳᠠᠵᠤ ᠡᠬᠢᠯᠡᠬᠦ ᠰᠢᠭ ᠪᠣᠯᠪᠠ᠃ ᠬᠠᠷᠢᠨ ᠵᠠᠬ᠎ᠠ ᠬᠠᠮᠪᠤ ᠭᠠᠷ ᠲᠠᠭᠠᠨ ᠠᠳᠬᠤᠵᠤ ᠪᠠᠢᠭᠰᠠᠨ ᠮᠠᠯᠠᠭᠠᠢ ᠪᠠᠨ ᠡᠪᠦᠷ ᠳᠡᠭᠡᠷ᠎ᠡ ᠪᠡᠨ ᠲᠠᠯᠪᠢᠭᠠᠳ᠄
   — ᠮᠢᠨᠦ ᠥᠬᠢᠳ ᠡᠮᠡᠭᠡᠯᠲᠦ ᠮᠣᠷᠢᠨ ᠤ᠋ ᠭᠣᠶᠣᠯ᠂ ᠡᠷ᠎ᠡ ᠬᠥᠮᠦᠨ ᠦ᠌ ᠲᠦᠰᠢᠭ ᠪᠣᠯᠵᠤ ᠶᠠᠪᠤᠬᠤ ᠤᠴᠢᠷᠲᠠᠢ ᠭᠡᠵᠦ ᠪᠢ ᠪᠣᠳᠣᠳᠠᠭ᠃ ᠬᠡᠵᠢᠶ᠎ᠡ ᠨᠢᠭᠡᠨ ᠡᠳᠦᠷ ᠬᠥᠮᠦᠨ ᠦ᠌ ᠪᠣᠯᠬᠤ ᠥᠬᠢᠳ ᠢ᠋ᠶ᠋ᠡᠨ ᠤᠬᠠᠭᠠᠨ ᠪᠢᠯᠢᠭ ᠢ᠋ ᠬᠠᠢᠷᠠᠯᠠᠨ ᠲᠡᠳᠬᠦᠬᠦ ᠬᠥᠮᠦᠨ ᠳ᠋ᠦ᠍ ᠥᠭᠬᠦ ᠦᠭᠡᠢ ᠪᠣᠯ ᠤᠨᠠᠵᠤ ᠬᠠᠭᠳᠠᠷᠠᠬᠤ ᠨᠢ ᠠᠮᠠᠷᠬᠠᠨ ᠴᠡᠴᠡᠭ ᠭᠡᠵᠦ ᠰᠡᠳᠬᠢᠳᠡᠭ ᠲᠤᠯᠠ ᠬᠠᠭᠠᠨ ᠳ᠋ᠤ᠌ ᠶᠣᠰᠣᠯᠠᠵᠤ ᠪᠠᠢᠨ᠎ᠠ᠃ ᠬᠡᠨ ᠢ᠋ ᠨᠢ ᠲᠠᠭᠠᠯᠠᠬᠤ ᠪᠠᠨ ᠬᠠᠭᠠᠨ ᠲᠠ ᠮᠡᠳᠡ ᠳᠠ ᠭᠡᠪᠡ᠃
  ᠴᠢᠩᠭᠢᠰ ᠬᠠᠭᠠᠨ ᠵᠠᠬ᠎ᠠ ᠬᠠᠮᠪᠤ ᠶ᠋ᠢᠨ ᠦᠭᠡ ᠶ᠋ᠢ ᠰᠣᠨᠣᠰᠬᠤ ᠵᠠᠭᠤᠷ᠎ᠠ ᠳ᠋ᠤ᠌ ᠡᠷᠡᠦ ᠶ᠋ᠢᠨ ᠢ᠋ᠶ᠋ᠡᠨ ᠰᠠᠬᠠᠯ ᠢ᠋ ᠢᠯᠢᠨ ᠰᠠᠭᠤᠯ᠎ᠠ᠃
   — ᠡᠷ᠎ᠡ ᠬᠥᠮᠦᠨ ᠦ᠌ ᠲᠦᠰᠢᠭ᠂ ᠡᠮᠡᠭᠡᠯᠲᠦ ᠮᠣᠷᠢᠨ ᠤ᠋ ᠭᠣᠶᠣᠯ ᠭᠡᠨ᠎ᠡ᠃ ᠠᠷᠭ᠎ᠠ ᠦᠭᠡᠢ ᠴᠤ᠌ ᠦᠨᠡᠨ ᠦᠭᠡ ᠪᠠᠢᠨ᠎ᠠ᠃ ᠪᠢ ᠡᠭᠡᠴᠢ ᠶ᠋ᠢ ᠨᠢ ᠠᠪᠤᠶ᠎ᠠ᠂ ᠬᠠᠷᠢᠨ ᠬᠣᠲᠠ ᠤᠷᠤᠭ ᠪᠣᠯᠤᠭᠰᠠᠨ ᠴᠢ ᠨᠠᠳᠠ ᠳ᠋ᠤ᠌ ᠨᠢᠭᠡ ᠲᠡᠷᠭᠡᠨ ᠦ᠌ ᠠᠷᠠᠯ ᠮᠡᠲᠦ ᠨᠥᠬᠥᠷ ᠶᠠᠪᠤ ᠬᠡᠮᠡᠭᠡᠳ ᠬᠡᠪᠲᠡᠭᠦᠯ ᠢ᠋ ᠳᠠᠭᠤᠳᠠᠨ ᠴᠢᠬᠢᠨ ᠳ᠋ᠦ᠍ᠨᠢ ᠦᠭᠡ ᠰᠢᠪᠡᠨᠡᠬᠦ ᠳ᠋ᠦ᠍ ᠬᠡᠪᠲᠡᠭᠦᠯ ᠲᠣᠯᠣᠭᠠᠢ ᠳᠣᠬᠢᠨ ᠭᠠᠷᠴᠤ ᠶᠠᠪᠤᠯ᠎ᠠ᠃ ᠳᠥᠴᠢ ᠡᠷᠭᠢᠮ᠎ᠡ ᠨᠠᠰᠤᠨ ᠳ᠋ᠠᠭᠠᠨ ᠠᠮᠢᠳᠤᠷᠠᠯ᠂ ᠤᠬᠠᠭᠠᠨ᠂ ᠨᠠᠰᠤ ᠭᠤᠷᠪᠠ ᠢᠳᠡ ᠲᠡᠭᠰᠢᠷᠡᠵᠦ ᠶᠠᠪᠤᠭ᠎ᠠ ᠬᠣᠶᠠᠷ ᠡᠷ᠎ᠡ ᠬᠥᠮᠦᠨ ᠦ᠌ ᠬᠤᠪᠢ ᠳ᠋ᠤ᠌ ᠲᠡᠷᠡ ᠲᠣᠰᠤᠮ ᠢ᠋ᠶ᠋ᠠᠨ ᠳᠥᠩᠭᠡᠵᠢ ᠰᠠᠶᠢ ᠤᠷᠤᠭ ᠪᠠᠷᠢᠯᠳᠤᠭᠰᠠᠨ ᠬᠥᠮᠦᠰ ᠦ᠋ᠨ ᠬᠤᠪᠢ ᠳ᠋ᠤ᠌ ᠶᠠᠷᠢᠬᠤ ᠵᠦᠢᠯ ᠶᠡᠬᠡ ᠪᠠᠢᠯ᠎ᠠ᠃ ᠲᠡᠳᠡ ᠮᠡᠷᠭᠡᠳ ᠢ᠋ ᠬᠡᠷᠬᠢᠨ ᠳᠣᠪᠲᠣᠯᠤᠭᠰᠠᠨ ᠲᠤᠬᠠᠢ ᠪᠣᠯᠤᠨ ᠤᠷᠢᠳᠤ ᠶ᠋ᠢᠨ ᠰᠠᠢᠬᠠᠨ ᠴᠠᠭ ᠢ᠋ ᠬᠠᠭᠤᠴᠢᠯᠠᠨ ᠶᠠᠷᠢᠵᠤ ᠪᠠᠢᠲᠠᠯ᠎ᠠ ᠭᠠᠳᠠᠨ᠎ᠠ ᠠ᠋ᠴᠠ ᠠᠷᠪᠠᠨ ᠳᠣᠯᠣᠭ᠎ᠠ ᠨᠠᠢ᠍ᠮᠠᠨ ᠨᠠᠰᠤᠲᠠᠢ ᠪᠣᠯᠪᠠ ᠤᠤ ᠭᠡᠮᠡᠷ ᠳᠤᠮᠳᠠ ᠵᠡᠷᠭᠡ ᠶ᠋ᠢᠨ ᠨᠢᠷᠤᠭᠤ ᠲᠠᠢ ᠬᠥᠷᠥᠰᠥᠯᠢᠭ ᠪᠣᠷᠣ ᠵᠠᠯᠠᠭᠤ ᠣᠷᠣᠵᠤ ᠢᠷᠡᠯ᠎ᠡ᠃ ᠲᠡᠷᠡ ᠬᠠᠭᠠᠨ ᠤ᠋ ᠪᠠᠷᠠᠭᠤᠨ ᠲᠠᠯ᠎ᠠ ᠳ᠋ᠤ᠌ ᠰᠠᠭᠤᠬᠤ ᠶ᠋ᠢ ᠬᠠᠷᠠᠪᠠᠯ ᠡᠩ ᠦ᠋ᠨ ᠨᠢᠭᠡ ᠬᠥᠮᠦᠨ ᠪᠢᠰᠢ ᠪᠣᠯᠤᠯᠲᠠᠢ᠂ ᠲᠡᠭᠦᠨ ᠦ᠌ ᠣᠢᠷ᠎ᠠ ᠶ᠋ᠢᠨ ᠨᠢᠭᠡᠨ ᠪᠣᠯᠬᠤ ᠨᠢ ᠢᠯᠡᠳᠲᠡ᠃ ᠰᠠᠶᠢᠬᠠᠨ ᠤᠷᠭᠤᠭᠰᠠᠨ ᠪᠣᠯᠤᠯᠲᠠᠢ ᠵᠢᠷᠪᠢᠬᠡᠷ ᠬᠠᠷ᠎ᠠ ᠰᠠᠬᠠᠯ ᠲᠤᠩ ᠴᠤ ᠵᠣᠬᠢᠭᠰᠠᠨ ᠬᠠᠷᠠᠭᠳᠠᠨ᠎ᠠ᠃ ᠵᠠᠬ᠎ᠠ ᠪᠠᠷ ᠢ᠋ᠶ᠋ᠠᠨ ᠳᠡᠭᠡᠭᠰᠢ ᠡᠷᠭᠦᠭᠳᠡᠭᠰᠡᠨ ᠬᠥᠮᠥᠰᠬᠡ᠂ ᠲᠠᠯ᠎ᠠ ᠨᠤᠲᠤᠭ ᠤ᠋ᠨ ᠬᠢᠨ ᠢ᠋ ᠪᠣᠳᠣᠪᠠᠯ ᠭᠦᠨ ᠬᠥᠩᠬᠥᠷ ᠨᠢᠳᠦ᠂ ᠥᠨᠳᠥᠷ ᠬᠠᠮᠠᠷ ᠲᠠᠢ᠂ ᠵᠠᠯᠠᠭᠤ ᠨᠠᠰᠤᠨ ᠤ᠋ ᠭᠠᠯ ᠴᠣᠭ ᠨᠢᠳᠦᠨ ᠳ᠋ᠦ᠍ᠨᠢ ᠭᠡᠷᠡᠯᠲᠦᠭᠰᠡᠨ ᠲᠡᠭᠦᠨ ᠦ᠌ ᠨᠢᠳᠦᠨ ᠦ᠌ ᠬᠢᠨᠢ ᠥᠩᠭᠡ ᠠᠷᠠᠢ ᠴᠠᠢᠪᠤᠷ ᠠᠵᠤᠭᠤ᠃ ᠴᠢᠩᠭᠢᠰ ᠬᠠᠭᠠᠨ ᠡᠮᠦᠨ᠎ᠡ ᠪᠡᠨ ᠰᠠᠭᠤᠬᠤ ᠵᠠᠯᠠᠭᠤ ᠶ᠋ᠢ ᠪᠠᠬᠠᠳᠤᠯᠲᠠᠢ ᠪᠠᠷ ᠬᠠᠷᠠᠵᠤ ᠪᠠᠢᠭ᠎ᠠ ᠨᠢ ᠡᠨᠡ ᠪᠦᠬᠦ ᠲᠠᠭᠠᠮᠠᠭ ᠢ᠋ ᠪᠠᠲᠤᠯᠠᠵᠤ ᠪᠠᠢᠯ᠎ᠠ᠃
   — ᠡᠨᠡ ᠪᠣᠯ ᠮᠢᠨᠦ ᠪᠠᠭ᠎ᠠ ᠬᠦᠦ ᠲᠤᠯᠤᠢ ᠭᠡᠮᠡᠨ ᠲᠡᠭᠦᠨ ᠢ᠋ ᠬᠡᠯᠡᠬᠦ ᠳ᠋ᠦ᠍ ᠵᠠᠬ᠎ᠠ ᠬᠠᠮᠪᠤ ᠪᠣᠯᠤᠨ ᠲᠡᠭᠦᠨ ᠦ᠌ ᠥᠬᠢᠳ ᠲᠤᠯᠤᠢ ᠶ᠋ᠢ ᠲᠠᠨᠢᠪᠠ ᠪᠣᠯᠤᠯᠲᠠᠢ᠂ ᠬᠡᠳᠦᠨ ᠵᠢᠯ ᠦ᠋ᠨ ᠡᠮᠦᠨ᠎ᠡ ᠲᠠᠩᠭᠠᠷᠢᠭ ᠲᠠᠰᠤᠷᠠᠨ ᠨᠡᠭᠦᠬᠦ ᠦᠶ᠎ᠡ ᠳ᠋ᠦ᠍ ᠲᠤᠯᠤᠢ ᠶᠢᠰᠦ ᠠᠷᠪᠠᠨ ᠨᠠᠰᠤᠲᠠᠢ ᠪᠠᠢᠭᠰᠠᠨ ᠲᠤᠯᠠ ᠡᠳᠦᠢ ᠲᠡᠢᠨ ᠦ᠌ ᠲᠣᠮᠣ ᠡᠷ᠎ᠡ ᠪᠣᠯᠤᠭᠰᠠᠨ ᠲᠡᠭᠦᠨ ᠢ᠋ ᠠᠩᠬ᠎ᠠ ᠬᠠᠷᠠᠭᠠᠳ ᠰᠢᠭᠤᠳ ᠲᠠᠨᠢᠭᠰᠠᠨ ᠦᠭᠡᠢ᠃ ᠲᠤᠯᠤᠢ ᠠᠪᠤ ᠶ᠋ᠢᠨ ᠢ᠋ᠶ᠋ᠡᠨ ᠳᠠᠭᠤᠳᠠᠭᠤᠯᠤᠭᠰᠠᠨ ᠶᠣᠰᠣ ᠪᠠᠷ ᠣᠷᠣᠵᠤ ᠢᠷᠡᠭᠡᠳ ᠵᠠᠬ᠎ᠠ ᠬᠠᠮᠪᠤ ᠶ᠋ᠢᠨ ᠥᠬᠢᠳ ᠡᠴᠡ ᠰᠠᠨᠠᠭ᠎ᠠ ᠨᠢ ᠵᠣᠪᠠᠪᠠ ᠪᠣᠯᠤᠯᠲᠠᠢ ᠬᠠᠴᠠᠷ ᠨᠢ ᠦᠯᠦ ᠶᠠᠯᠢᠭ ᠤᠯᠠᠢᠭᠰᠠᠨ ᠢ᠋ᠶ᠋ᠠᠨ ᠪᠤᠴᠠᠭᠠᠳ ᠬᠡᠪ ᠦ᠋ᠨ ᠪᠣᠯᠴᠢᠬᠠᠯ᠎ᠠ᠃ ᠲᠡᠳᠡ ᠡᠮᠦᠨ᠎ᠡ ᠨᠢ ᠪᠡᠶ᠎ᠡ ᠪᠡᠶ᠎ᠡ ᠪᠡᠨ ᠲᠠᠨᠢᠬᠤ ᠴᠤ᠌ ᠣᠯᠠᠨ ᠵᠢᠯ ᠠᠭᠤᠯᠵᠠᠭ᠎ᠠ ᠦᠭᠡᠢ ᠶ᠋ᠢᠨ ᠳᠡᠭᠡᠷ᠎ᠡ ᠬᠡᠨ ᠬᠡᠨ ᠨᠢ ᠨᠠᠰᠤ ᠪᠠᠶᠠᠨ ᠳ᠋ᠤ᠌ ᠬᠦᠷᠦᠭᠰᠡᠨ ᠬᠥᠮᠦᠰ ᠪᠣᠯᠤᠭᠰᠠᠨ ᠲᠤᠯᠠ ᠠᠩᠬ᠎ᠠ ᠠᠭᠤᠯᠵᠠᠵᠤ ᠪᠠᠢᠭ᠎ᠠ ᠶᠤᠮ ᠰᠢᠭ᠋ ᠯᠡ ᠪᠠᠢᠯ᠎ᠠ᠃
   ᠴᠢᠩᠭᠢᠰ ᠬᠠᠭᠠᠨ᠄
   — ᠡᠨᠡ ᠬᠡᠦᠬᠡᠳ ᠲᠡᠢᠨ ᠳᠠᠵᠢᠨ ᠵᠠᠷ ᠵᠡᠪᠰᠡᠭ ᠲᠦ᠍ ᠰᠣᠨᠢᠷᠬᠠᠯ ᠪᠠᠬ᠎ᠠ ᠲᠠᠢ᠂ ᠨᠣᠮ ᠡᠷᠳᠡᠮ ᠦ᠋ᠨ ᠮᠥᠷ ᠬᠥᠭᠡᠭᠡᠭᠰᠡᠨ ᠬᠥᠮᠦᠨ ᠪᠣᠯᠬᠤ ᠶᠤᠮ ᠰᠢᠭ᠋ ᠪᠠᠢᠨ᠎ᠠ᠃ ᠬᠠᠢᠷᠠᠯᠠᠬᠤ ᠬᠥᠮᠦᠨ ᠦᠭᠡᠢ ᠪᠣᠯ ᠬᠠᠭᠳᠠᠷᠠᠵᠤ ᠤᠨᠠᠬᠤ ᠨᠢ ᠠᠮᠠᠷᠬᠠᠨ ᠴᠡᠴᠡᠭ ᠭᠡᠵᠦ ᠬᠡᠯᠡᠭᠰᠡᠨ ᠦᠭᠡ ᠴᠢᠨᠢ ᠰᠠᠨᠠᠭᠰᠠᠨ ᠠ᠋ᠴᠠ ᠭᠠᠷᠬᠤ ᠦᠭᠡᠢ ᠨᠢ᠂ ᠤᠳᠬᠤᠨ ᠬᠦᠦ ᠲᠤᠯᠤᠢ ᠳ᠋ᠠᠭᠠᠨ ᠪᠠᠭ᠎ᠠ ᠥᠬᠢᠨ ᠢ᠋ ᠴᠢᠨᠢ ᠤᠷᠤᠭᠯᠠᠪᠠᠯ ᠴᠢ ᠵᠥᠪᠰᠢᠶᠡᠷᠡᠨ᠎ᠡ ᠪᠢᠵᠡ ᠳᠡ ᠭᠡᠮᠡᠨ ᠠᠰᠠᠭᠤᠬᠤ ᠳ᠋ᠤ᠌ ᠵᠠᠬ᠎ᠠ ᠬᠠᠮᠪᠤ《ᠬᠠᠷᠠᠪᠠᠰᠤ ᠢᠳᠡᠷ ᠵᠠᠯᠠᠭᠤ ᠶ᠋ᠢᠨ ᠴᠣᠭ ᠵᠢᠪᠬᠤᠯᠠᠩ ᠭᠡᠷᠡᠯᠲᠦᠭᠰᠡᠨ ᠡᠨᠡ ᠵᠠᠯᠠᠭᠤ ᠡᠷ᠎ᠡ ᠡᠷᠳᠡᠮ ᠣᠶᠤᠨ ᠤ᠋ ᠲᠥᠯᠥᠭᠡ ᠤᠬᠠᠭᠠᠨ ᠪᠢᠯᠢᠭ ᠢ᠋ᠶ᠋ᠡᠨ ᠵᠣᠷᠢᠭᠤᠯᠬᠤ ᠥᠬᠢᠨ ᠢ᠋ ᠨᠢ ᠬᠠᠢᠷᠠᠯᠠᠬᠤ ᠬᠥᠮᠦᠨ ᠪᠢᠰᠢ ᠤᠤ᠂ ᠬᠥᠮᠦᠨ ᠦ᠌ ᠠᠮᠢᠳᠤᠷᠠᠯ ᠳ᠋ᠤ᠌ ᠣᠯᠠᠨ ᠰᠣᠩᠭᠣᠯᠲᠠ ᠪᠠᠢᠳᠠᠭ᠃ ᠭᠡᠪᠡᠴᠦ ᠬᠠᠮᠤᠭ ᠤ᠋ᠨ ᠵᠥᠪ ᠰᠣᠩᠭᠣᠯᠲᠠ ᠦᠨᠡᠨ ᠳ᠋ᠡᠭᠡᠨ ᠭᠠᠭᠴᠠ ᠬᠣᠶᠠᠷᠬᠠᠨ ᠤᠳᠠᠭ᠎ᠠ ᠯᠠ ᠢᠷᠡᠳᠡᠭ ᠪᠢᠵᠡ》 ᠭᠡᠵᠦ ᠪᠣᠳᠣᠭᠠᠳ᠄
   — ᠨᠢᠭᠡᠨᠲᠡ ᠴᠢᠩᠭᠢᠰ ᠬᠠᠭᠠᠨ ᠪᠠᠭ᠎ᠠ ᠥᠬᠢᠨ ᠢ᠋ ᠮᠢᠨᠢ ᠤᠳᠬᠤᠨ ᠬᠦᠦ ᠳ᠋ᠡᠭᠡᠨ ᠤᠷᠤᠭᠯᠠᠨ ᠥᠭᠬᠦ ᠬᠦᠰᠡᠯ ᠲᠡᠢ ᠪᠣᠯ ᠨᠠᠳᠠ ᠳ᠋ᠤ᠌ ᠲᠠᠲᠠᠭᠠᠯᠵᠠᠬᠤ ᠤᠴᠢᠷ ᠶᠠᠭᠤ ᠪᠢᠯᠡ᠃ ᠡᠮ᠎ᠡ ᠬᠥᠮᠦᠨ ᠠᠢᠯ ᠤ᠋ᠨ ᠪᠣᠱᠣᠭ᠎ᠠ ᠳᠠᠪᠠᠬᠤ ᠳ᠋ᠠᠭᠠᠨ ᠢᠨᠵᠢ ᠦᠭᠡᠢ ᠣᠴᠢᠪᠠᠯ ᠡᠰᠡ ᠬᠦᠨᠳᠦᠯᠡᠭᠳᠡᠬᠦ ᠶᠣᠰᠣᠨ ᠪᠣᠢ᠃ ᠥᠬᠢᠳ ᠦ᠋ᠨ ᠢ᠋ᠶ᠋ᠡᠨ ᠢᠨᠵᠢᠨ ᠳ᠋ᠦ᠍ ᠣᠭᠣᠴᠢᠬᠤ ᠱᠥᠯᠥ ᠶ᠋ᠢ ᠨᠢ ᠬᠠᠯᠠᠭᠤᠨ᠂ ᠣᠷᠣᠨ ᠭᠡᠷ ᠢ᠋ ᠨᠢ ᠳᠤᠯᠠᠭᠠᠨ ᠪᠠᠢᠯᠭᠠᠭ ᠭᠡᠵᠦ ᠠᠰᠢᠳᠠ ᠲᠡᠮᠦᠷ᠂ ᠠᠯᠴᠢᠭ᠎ᠠ ᠨᠡᠷᠡᠲᠡᠢ ᠬᠣᠶᠠᠷ ᠲᠣᠭᠣᠭᠠᠴᠢ ᠬᠣᠶᠠᠷ ᠵᠠᠭᠤᠨ ᠶᠡᠷᠡᠨ ᠤᠯᠤᠰ ᠥᠭᠭᠦᠶ᠎ᠡ᠃ ᠬᠡᠷᠬᠢᠬᠦ ᠶ᠋ᠢ ᠬᠠᠭᠠᠨ ᠮᠡᠳᠡᠰᠦᠭᠡᠢ ᠬᠡᠮᠡᠪᠡ᠃ ᠬᠣᠶᠠᠷ ᠡᠴᠢᠭᠡ ᠤᠷᠤᠭ ᠪᠠᠷᠢᠯᠳᠤᠨ ᠢᠨᠵᠢ ᠰᠦᠢ ᠪᠡᠨ ᠶᠠᠷᠢᠯᠴᠠᠵᠤ ᠪᠠᠢᠬᠤ ᠬᠣᠭᠣᠷᠣᠨᠳᠣ ᠡᠭᠡᠴᠢ ᠢᠪᠠᠭ᠎ᠠ᠂ ᠴᠢᠩᠭᠢᠰ ᠬᠠᠭᠠᠨ ᠢ᠋ ᠥᠪᠡᠷ ᠦ᠋ᠨ ᠡᠷ᠎ᠡ ᠨᠥᠬᠥᠷ ᠭᠡᠮᠡᠨ ᠰᠡᠳᠬᠢᠨ ᠬᠡᠷᠬᠢᠨ ᠬᠠᠷᠠᠬᠤ ᠶ᠋ᠢ ᠬᠦᠰᠡᠬᠦ ᠠᠪᠠᠴᠤ ᠵᠢᠷᠦᠬᠡ ᠬᠦᠷᠬᠦ ᠦᠭᠡᠢ ᠪᠠᠢᠭ᠎ᠠ ᠨᠢ ᠢᠯᠡᠳᠲᠡ ᠳᠣᠷᠣᠭᠰᠢ ᠬᠠᠷᠠᠨ ᠰᠠᠭᠤᠬᠤ ᠳ᠋ᠤ᠌ ᠢᠷᠡᠭᠡᠳᠦᠢ ᠬᠤᠪᠢ ᠵᠠᠶᠠᠭ᠎ᠠ ᠨᠢ ᠨᠢᠭᠡᠨᠲᠡ ᠲᠣᠳᠣᠷᠬᠠᠢ ᠪᠣᠯᠤᠨ ᠲᠣᠭᠣᠨᠣᠲᠤ ᠭᠡᠷ ᠲᠦ᠍ ᠲᠣᠯᠣᠭᠠᠢ ᠬᠣᠯᠪᠣᠬᠤ ᠲᠤᠯᠤᠢ ᠰᠤᠷᠬᠠᠭᠲᠠᠨᠢ ᠨᠠᠷ ᠰᠠᠮ ᠬᠠᠷᠠᠴᠠ ᠮᠥᠷᠭᠥᠯᠳᠦᠨ ᠪᠠᠢᠯ᠎ᠠ᠃ ᠲᠡᠳᠡᠨ ᠦ᠌ ᠬᠠᠷᠠᠴᠠ ᠮᠥᠷᠭᠥᠯᠳᠦᠬᠦ ᠪᠦᠷᠢ ᠳ᠋ᠦ᠍ ᠬᠣᠶᠠᠭᠤᠯᠠ ᠥᠭᠡᠷ᠎ᠡ ᠵᠦᠢᠯ ᠢ᠋ ᠠᠩᠬᠠᠷᠤᠨ ᠪᠣᠢ ᠳᠦᠷᠢ ᠶ᠋ᠢ ᠡᠰᠬᠡᠨ ᠪᠠᠢᠬᠤ ᠠᠪᠠᠴᠤ ᠬᠡᠨ ᠬᠡᠨ ᠦ᠌ ᠬᠢᠨᠢ ᠨᠢᠭᠤᠷ ᠲᠤ᠌ ᠲᠦᠷᠭᠡᠨ ᠵᠠᠭᠤᠷ᠎ᠠ ᠤᠯᠠᠭ᠎ᠠ ᠪᠤᠲᠠᠷᠠᠨ ᠬᠠᠷᠠᠭᠳᠠᠭᠠᠳ᠂ ᠲᠦᠳᠡ ᠤᠳᠠᠯ ᠦᠭᠡᠢ ᠠᠷᠢᠯᠤᠨ ᠪᠣᠢ ᠶ᠋ᠢ ᠦᠵᠡᠪᠡᠯ ᠬᠡᠦᠬᠡᠳ ᠨᠠᠰᠤᠨ ᠤ᠋ ᠭᠡᠨᠡᠨ ᠰᠡᠳᠬᠢᠯ ᠡᠴᠡ ᠪᠡᠨ ᠠᠩᠭᠢᠵᠢᠷᠠᠵᠤ ᠬᠠᠷᠠᠬᠠᠨ ᠠᠮᠵᠢᠭ᠎ᠠ ᠦᠭᠡᠢ ᠶ᠋ᠢ ᠢᠯᠡᠳᠬᠡᠬᠦ ᠮᠡᠲᠦ᠃
   ᠡᠵᠢ ᠪᠢ ᠠᠩ ᠬᠢᠭᠰᠡᠨ ᠭᠡᠵᠦ ᠴᠢᠩᠭ᠎ᠠ ᠪᠠᠷ ᠥᠭᠦᠯᠡᠨ ᠣᠷᠣᠵᠤ ᠢᠷᠡᠬᠦ ᠬᠦᠦ ᠶ᠋ᠢᠨ ᠢ᠋ᠶ᠋ᠡᠨ ᠳᠠᠭᠤᠨ ᠢ᠋ᠶ᠋ᠠᠷ ᠲᠡᠷᠡ ᠠᠯᠤᠰ ᠲᠡᠷᠲᠡᠭᠡ ᠳ᠋ᠦ᠍ ᠬᠦᠪᠦᠷᠡᠭᠰᠡᠨ ᠪᠣᠳᠣᠯ ᠠ᠋ᠴᠠ ᠪᠠᠨ ᠰᠠᠶᠢ ᠰᠠᠯᠤᠯ᠎ᠠ᠃
   — ᠬᠠᠲᠤᠨ ᠮᠢᠨᠢ᠂ ᠪᠡᠶ᠎ᠡ ᠲᠠᠨᠢ ᠲᠠᠪᠠ ᠦᠭᠡᠢᠳᠡᠪᠡ ᠦᠦ᠂ ᠴᠢᠷᠠᠢ ᠲᠠᠨᠢ ᠰᠠᠢᠨ ᠦᠭᠡᠢ ᠬᠠᠷᠠᠭᠳᠠᠨ᠎ᠠ? ᠭᠡᠬᠦ ᠡᠷᠡᠭᠲᠡᠢ ᠬᠥᠮᠦᠨ ᠦ᠌ ᠳᠠᠭᠤ ᠲᠡᠭᠦᠨ ᠦ᠌ ᠪᠣᠳᠣᠯ ᠢ᠋ ᠪᠦᠷᠢᠨ ᠲᠠᠰᠤᠯᠤᠯ᠎ᠠ᠃ ᠬᠠᠷᠠᠪᠠᠯ ᠠᠰᠢᠳᠠ ᠲᠡᠮᠦᠷ ᠲᠣᠭᠣᠭᠠᠴᠢ ᠶ᠋ᠢᠨ ᠳᠡᠷᠭᠡᠳᠡ ᠲᠠᠪᠤᠨ ᠨᠠᠰᠤᠲᠠᠢ ᠪᠣᠯᠪᠠ ᠤᠤ ᠭᠡᠮᠡᠷ ᠵᠢᠭᠠᠬᠠᠨ ᠬᠦᠦ ᠬᠠᠪᠴᠢᠭᠠᠬᠠᠢ ᠨᠤᠮᠤ ᠰᠤᠮᠤ ᠪᠠᠷᠢᠴᠢᠬᠠᠭᠰᠠᠨ ᠪᠥᠭᠡᠮ ᠬᠥᠷ ᠪᠠᠶᠠᠷ ᠪᠣᠯᠴᠢᠬᠠᠭᠰᠠᠨ ᠵᠣᠭᠰᠣᠵᠤ ᠪᠠᠢᠨ᠎ᠠ᠃ ᠲᠡᠭᠦᠨ ᠦ᠌ ᠬᠥᠬᠥᠯ ᠦ᠋ᠨ ᠳᠡᠭᠡᠷ᠎ᠡ ᠬᠥᠯᠥᠰᠥ ᠰᠢᠷᠣᠢ ᠬᠣᠯᠢᠯᠳᠤᠨ ᠪᠠᠷᠵᠠᠢᠵᠤ᠂ ᠬᠡᠳᠦ ᠶᠡᠬᠡ ᠭᠦᠶᠦᠭᠰᠡᠨ ᠡᠴᠡ ᠠᠮᠠᠨ ᠨᠢ ᠠᠩᠭᠠᠭᠰᠠᠨ ᠪᠠᠢᠷᠢ ᠲᠠᠢ ᠤᠷᠤᠭᠤᠯ ᠨᠢ ᠬᠠᠲᠠᠭᠰᠠᠨ ᠬᠠᠷᠠᠭᠳᠠᠨ᠎ᠠ᠃ ᠰᠤᠷᠬᠠᠭᠲᠠᠨᠢ ᠲᠡᠳᠡᠨ ᠢ᠋ ᠬᠥᠷ ᠪᠠᠶᠠᠷ ᠲᠠᠢ ᠪᠠᠢᠬᠤ ᠶ᠋ᠢ ᠦᠵᠡᠭᠡᠳ ᠬᠦᠦ ᠶ᠋ᠢᠨ ᠢ᠋ᠶ᠋ᠡᠨ ᠲᠣᠯᠣᠭᠠᠢ ᠶ᠋ᠢ ᠢᠯᠢᠵᠦ᠄
   — ᠮᠢᠨᠦ ᠬᠦᠦ ᠲᠡᠭᠡᠭᠡᠳ ᠶᠠᠭᠤ ᠠᠩᠨᠠᠪᠠ ᠳᠠ?
   — ᠪᠢ ᠡᠨᠡ ᠨᠤᠮᠤ ᠰᠤᠮᠤ ᠪᠠᠷ ᠢ᠋ᠶ᠋ᠠᠨ ᠨᠢᠭᠡ ᠦᠨᠡᠭᠡ ᠤᠨᠤᠭᠰᠠᠨ ᠰᠢᠦ᠂ ᠭᠡᠬᠦ ᠳ᠋ᠡᠭᠡᠨ ᠨᠠᠳᠠ ᠳ᠋ᠤ᠌ ᠠᠰᠢᠳᠠ ᠲᠡᠮᠦᠷ ᠲᠤᠰᠠᠯᠠᠭ᠎ᠠ ᠦᠭᠡᠢ ᠪᠣᠯ ᠪᠢ ᠠᠩᠨᠠᠬᠤ ᠦᠭᠡᠢ
ᠯᠡ ᠪᠠᠢᠯ᠎ᠠ ᠭᠡᠮᠡᠨ ᠪᠠᠶᠠᠷ ᠲᠠᠢ ᠪᠠᠷ ᠴᠠᠩᠭᠢᠨᠠᠭᠤᠯᠤᠯ᠎ᠠ᠃   
   ᠠᠰᠢᠳᠠ ᠲᠡᠮᠦᠷ ᠬᠦᠦ ᠶ᠋ᠢ ᠥᠬᠥᠭᠡᠷᠳᠡᠨ ᠬᠥᠬᠥᠯ ᠦᠰᠦᠨ ᠦ᠌ ᠬᠢᠨᠢ ᠬᠥᠯᠥᠰᠥ ᠶ᠋ᠢ ᠭᠠᠷ ᠢ᠋ᠶ᠋ᠠᠷ ᠢ᠋ᠶ᠋ᠠᠨ ᠠᠷᠴᠢᠩᠭᠤᠲᠠ᠄
   ᠲᠠᠨ ᠤ᠋ ᠬᠦᠦ ᠮᠥᠩᠬᠡ᠂ ᠡᠷᠡᠬᠡᠢ ᠮᠡᠷᠭᠡᠨ ᠬᠠᠷᠪᠤᠭᠠᠴᠢ ᠶᠤᠮ ᠭᠡᠵᠡᠢ᠃
   ᠳᠠᠪᠬᠢᠵᠤ ᠪᠠᠢᠭ᠎ᠠ ᠦᠨᠡᠭᠡ ᠶ᠋ᠢ《ᠪᠢ ᠬᠠᠷᠪᠤᠨ᠎ᠠ ᠰᠢᠦ᠂ ᠲᠠ ᠪᠢᠲᠡᠭᠡᠢ ᠰᠤᠮᠤ ᠲᠠᠯᠪᠢᠭᠠᠷᠠᠢ ᠬᠢᠭᠰᠡᠭᠡᠷ ᠪᠠᠢᠭᠠᠳ ᠥᠪᠡᠷ ᠢ᠋ᠶ᠋ᠡᠨ ᠬᠠᠷᠪᠤᠵᠤ ᠤᠨᠠᠭᠠᠪᠠ》 ᠭᠡᠬᠦ ᠳ᠋ᠦ᠍ ᠰᠤᠷᠬᠠᠭᠲᠠᠨᠢ ᠬᠦᠦ ᠪᠡᠨ ᠳᠤᠬᠤᠨ ᠳᠡᠭᠡᠷ᠎ᠡ ᠨᠢ ᠦᠨᠦᠷᠯᠡᠭᠡᠳ᠄
   — ᠡᠷ᠎ᠡ ᠬᠥᠮᠦᠨ᠃ ᠡᠪᠦᠭᠡ ᠡᠴᠢᠭᠡ ᠴᠢᠨᠢ ᠮᠡᠳᠡᠪᠡᠯ ᠶᠡᠬᠡ ᠪᠠᠶᠠᠷᠯᠠᠵᠤ᠂ ᠠᠴᠢ ᠬᠦᠦ ᠶ᠋ᠢᠨ ᠢ᠋ᠶ᠋ᠡᠨ ᠠᠩᠬᠠᠨ ᠤ᠋ ᠠᠩ ᠢ᠋ ᠮᠢᠯᠢᠶᠠᠨ᠎ᠠ ᠪᠢᠵᠡ ᠭᠡᠵᠦ ᠬᠡᠯᠡᠬᠦ ᠳ᠋ᠦ᠍ ᠬᠦᠦ ᠡᠬᠡ ᠶ᠋ᠢᠨ ᠢ᠋ᠶ᠋ᠡᠨ ᠦᠭᠡ ᠶ᠋ᠢ ᠰᠣᠨᠣᠰᠤᠭᠠᠳ᠂ ᠰᠢᠭᠤᠳ ᠯᠠ ᠴᠤᠪᠬᠤᠳᠠᠨ ᠭᠠᠷᠴᠤ ᠠᠯᠠᠭ᠎ᠠ ᠪᠣᠯᠪᠠ᠃
   ᠠᠰᠢᠳᠠ ᠲᠡᠮᠦᠷ ᠬᠠᠲᠤᠨ ᠤ᠋ ᠪᠣᠳᠣᠯ ᠳ᠋ᠤ᠌ ᠠᠪᠲᠠᠨ ᠪᠠᠢᠬᠤ ᠶ᠋ᠢ ᠬᠠᠷᠠᠭᠠᠳ᠄
   — ᠬᠠᠲᠤᠨ ᠲᠠᠨ ᠤ᠋ 
ᠪᠡᠶ᠎ᠡ ᠴᠢᠯᠡᠭᠡᠷᠬᠡᠪᠡ ᠤᠤ ᠭᠡᠬᠦ ᠳ᠋ᠦ᠍ ᠰᠤᠷᠬᠠᠭᠲᠠᠨᠢ ᠢᠨᠢᠶᠡᠮᠰᠦᠭᠯᠡᠨ᠄
   — ᠪᠢ ᠡᠨᠡ ᠠᠢᠯ ᠤ᠋ᠨ ᠪᠣᠱᠣᠭ᠎ᠠ ᠪᠠᠷ ᠪᠡᠷᠢ ᠨᠢ ᠪᠣᠯᠤᠨ ᠣᠷᠣᠵᠤ ᠢᠷᠡᠵᠦ ᠪᠠᠢᠭᠰᠠᠨ ᠴᠠᠭ ᠢ᠋ᠶ᠋ᠠᠨ ᠡᠷᠭᠢᠨ ᠳᠤᠷᠠᠰᠪᠠ ᠭᠡᠬᠦ ᠳ᠋ᠦ᠍ ᠠᠰᠢᠳᠠ ᠲᠡᠮᠦᠷ ᠰᠤᠷᠬᠠᠭᠲᠠᠨᠢ ᠶ᠋ᠢᠨ ᠪᠣᠳᠣᠯ ᠢ᠋ ᠦᠷᠭᠦᠭᠡᠬᠦ ᠦᠭᠡᠢ ᠭᠡᠰᠡᠨ ᠰᠢᠭ ᠨᠠᠮᠤᠭᠤᠬᠠᠨ ᠢ᠋ᠶ᠋ᠠᠷ᠂
   — ᠨᠡᠭᠡᠷᠡᠨ ᠣᠯᠠᠨ ᠵᠢᠯ ᠥᠩᠭᠡᠷᠡᠵᠡᠢ ᠭᠡᠯ᠎ᠡ᠃ ᠰᠤᠷᠬᠠᠭᠲᠠᠨᠢ ᠰᠠᠨᠠᠭ᠎ᠠ ᠠᠯᠳᠠᠭᠠᠳ᠂ ᠨᠢᠳᠦᠨ ᠳ᠋ᠦ᠍ᠨᠢ ᠨᠢᠯᠪᠤᠰᠤ ᠴᠢᠢᠯᠭᠡᠨᠡᠨ ᠬᠠᠮᠠᠷ ᠨᠢ ᠱᠠᠷᠬᠢᠷᠠᠬᠤ ᠳ᠋ᠤ᠌ ᠨᠢᠯᠪᠤᠰᠤ ᠪᠠᠨ ᠬᠦᠴᠦᠯᠡᠨ ᠵᠠᠯᠭᠢᠭᠠᠳ᠄   
   — ᠬᠥᠭᠡᠷᠦᠬᠦᠢ ᠠᠬ᠎ᠠ ᠳᠡᠭᠦᠦ ᠨᠠᠷ ᠮᠢᠨᠢ᠂ ᠨᠢᠭᠡ ᠨᠢᠭᠡ ᠪᠡᠷ ᠢ᠋ᠶ᠋ᠡᠨ ᠬᠣᠷᠸ᠎ᠠ ᠠ᠋ᠴᠠ ᠣᠳᠴᠤ᠂ ᠲᠠᠯ᠎ᠠ ᠨᠤᠲᠤᠭ ᠤ᠋ᠨ ᠡᠯᠢᠭᠡᠨ ᠳᠡᠭᠡᠷ᠎ᠡ ᠥᠨᠥᠴᠢᠨ ᠭᠠᠭᠴᠠ ᠴᠡᠴᠡᠭ ᠰᠢᠭ ᠦᠯᠡᠳᠡᠭᠰᠡᠨ ᠶᠦᠮ ᠰᠢᠭ ᠰᠠᠨᠠᠭᠳᠠᠬᠤ ᠶᠤᠮ᠃
   ᠥᠨᠥ ᠰᠤᠷᠬᠠᠭᠲᠠᠨᠢ ᠬᠠᠲᠤᠨ ᠲᠤᠯᠤᠢ ᠡᠵᠡᠨ ᠦ᠌ ᠬᠠᠮᠲᠤ ᠴᠢᠩᠭᠢᠰ ᠬᠠᠭᠠᠨ ᠤ᠋ ᠭᠠᠯ  ᠭᠣᠯᠣᠮᠲᠠ ᠭᠤᠷᠪᠠᠨ ᠭᠣᠣᠯ ᠤ᠋ᠨ ᠰᠠᠪᠠ ᠭᠠᠵᠠᠷ ᠲᠤ ᠠᠪᠤᠷᠭᠤ᠂ ᠲᠣᠰᠣᠨ ᠬᠣᠶᠠᠷ ᠨᠠᠭᠤᠷ ᠤ᠋ᠨ 
ᠳᠣᠣᠷᠠᠬᠠᠨ ᠲᠠᠯ᠎ᠠ ᠳ᠋ᠤ᠌ ᠪᠠᠢᠬᠤ ᠶᠡᠬᠡ ᠠᠭᠤᠷᠠᠭ ᠣᠷᠳᠣᠨ 
ᠳ᠋ᠠᠭᠠᠨ ᠰᠠᠭᠤᠵᠤ ᠪᠠᠢᠯ᠎ᠠ᠃ ᠰᠤᠷᠬᠠᠭᠲᠠᠨᠢ ᠬᠠᠲᠤᠨ ᠠᠰᠢᠳᠠ ᠲᠡᠮᠦᠷ ᠲᠦ᠍᠄
   — ᠰᠠᠢᠬᠠᠨ ᠰᠢᠷ᠎ᠠ ᠲᠣᠰᠣ ᠲᠠᠢ ᠰᠠᠮᠤᠷᠤᠭᠰᠠᠨ ᠴᠠᠢ ᠤᠤᠭᠤᠮᠠᠷ ᠪᠠᠢᠨ᠎ᠠ ᠭᠡᠵᠦ ᠬᠡᠯᠡᠭᠡᠳ ᠭᠠᠳᠠᠭᠰᠢ ᠪᠠᠨ ᠭᠠᠷᠤᠯ᠎ᠠ᠃ ᠬᠠᠪᠤᠷ ᠤ᠋ᠨ ᠤᠷᠢ ᠣᠷᠣᠵᠤ ᠬᠥᠮᠦᠨ ᠵᠤᠨ ᠤ᠋ ᠮᠠᠩᠨᠠᠢ ᠲᠡᠨᠢᠢᠨ ᠵᠢᠷᠭᠠᠯ ᠤ᠋ᠨ ᠠᠯᠲᠠᠨ ᠨᠠᠷᠠᠨ ᠰᠢᠵᠢᠷᠬᠡᠨ 
ᠲᠤᠶᠠᠭ᠎ᠠ ᠪᠠᠷ ᠢ᠋ᠶ᠋ᠠᠨ ᠶᠢᠷᠲᠢᠨᠴᠦ ᠶ᠋ᠢ ᠭᠡᠢᠭᠦᠯᠦᠨ ᠪᠠᠢᠬᠤ ᠠᠪᠠᠢ᠃ ᠶᠡᠬᠡ ᠠᠭᠤᠷᠠᠭ ᠤᠷᠲᠤ ᠬᠥᠯ ᠬᠥᠳᠡᠯᠭᠡᠭᠡᠨ ᠶᠡᠬᠡᠲᠡᠢ ᠪᠠᠢᠯ᠎ᠠ᠃ ᠤᠴᠢᠷ ᠨᠢ ᠰᠤᠤᠲᠤ ᠪᠣᠭᠳᠠ ᠡᠵᠡᠨ ᠴᠢᠩᠭᠢᠰ ᠬᠠᠭᠠᠨ ᠶᠡᠬᠡ ᠮᠣᠩᠭᠣᠯ ᠤᠯᠤᠰ ᠢ᠋ ᠪᠠᠢᠭᠤᠯᠤᠭᠠᠳ ᠶᠢᠰᠦᠨ ᠵᠢᠯ ᠢ᠋ ᠠᠷᠤ ᠳ᠋ᠠᠭᠠᠨ ᠦᠳᠡᠵᠦ᠂ ᠲᠡᠢᠨ ᠳᠠᠵᠢᠨ ᠤ᠋ ᠬᠥᠯ ᠬᠣᠯᠠᠳᠤᠭᠰᠠᠨ ᠴᠤ ᠲᠡᠷᠡ ᠪᠡᠷ ᠤᠯᠤᠰ ᠭᠦᠷᠦᠨ ᠢ᠋ᠶ᠋ᠡᠨ ᠲᠡᠯᠡᠬᠦ ᠪᠣᠳᠣᠯᠭ᠎ᠠ ᠬᠢᠯᠢ ᠶ᠋ᠢᠨ 
ᠴᠢᠨᠠᠳᠤ ᠳ᠋ᠤ᠌ ᠶᠠᠪᠤᠭᠤᠯᠵᠤ ᠪᠠᠢᠭᠰᠠᠨ ᠴᠠᠭ᠃ ᠴᠢᠩᠭᠢᠰ ᠬᠠᠭᠠᠨ ᠬᠣᠢᠲᠤ ᠬᠢᠲᠠᠳ ᠢ᠋ ᠡᠵᠡᠯᠡᠭᠡᠳ ᠵᠦᠷᠴᠢᠳ ᠢ᠋ ᠬᠢᠲᠠᠳ ᠤ᠋ᠨ ᠡᠮᠦᠨᠡᠲᠦ ᠬᠡᠰᠡᠭ ᠲᠦ᠍ ᠬᠥᠭᠡᠭᠡᠨ ᠶᠠᠪᠤᠭᠤᠯᠵᠤ᠂ ᠥᠬᠢᠨ ᠠᠯᠠᠭ᠎ᠠ ᠪᠡᠬᠢ ᠪᠡᠨ ᠬᠡᠳᠦᠨ ᠰᠠᠶ᠎ᠠ ᠬᠥᠮᠦᠨ ᠲᠡᠢ ᠲᠡᠷᠡ ᠭᠠᠵᠠᠷ ᠤ᠋ᠨ ᠡᠷᠬᠡ ᠶ᠋ᠢ ᠮᠡᠳᠡᠭᠴᠢ ᠪᠡᠷ ᠲᠣᠮᠢᠯᠠᠭᠠᠳ ᠪᠤᠴᠠᠨ ᠢᠷᠡᠭᠰᠡᠨ ᠪᠠᠢᠯ᠎ᠠ᠃
   ᠣᠷᠳᠣᠨ ᠤ᠋ ᠭᠠᠳᠠᠨ᠎ᠠ ᠬᠥᠯ ᠬᠥᠳᠡᠯᠭᠡᠭᠡᠨ ᠶᠡᠬᠡᠲᠡᠢ ᠲᠡᠢᠨ ᠦ᠌ ᠬᠥᠯ ᠡᠴᠡ ᠠᠮᠢ ᠮᠡᠨᠳᠦ ᠢᠷᠡᠭᠰᠡᠨ ᠴᠡᠷᠢᠭ ᠦ᠋ᠳ ᠠᠭᠲᠠ ᠮᠣᠷᠢᠳ ᠢ᠋ᠶ᠋ᠠᠨ ᠠᠮᠠᠷᠠᠭᠠᠵᠤ᠂ ᠠᠶᠠᠨ ᠵᠠᠮ ᠤ᠋ᠨ ᠠᠯᠵᠢᠶᠠᠯ ᠢ᠋ᠶ᠋ᠠᠨ ᠲᠠᠢᠯᠤᠨ ᠵᠠᠷᠢᠮ ᠨᠢᠭᠡ ᠨᠢ ᠲᠦᠷ ᠴᠢᠯᠥᠭᠡ ᠪᠡᠷ ᠭᠡᠷ ᠲᠡᠭᠡᠨ ᠶᠠᠪᠤᠬᠤ ᠭᠡᠵᠦ ᠪᠠᠢᠭ᠎ᠠ ᠲᠤᠯᠠ ᠶᠡᠬᠡ ᠯᠡ ᠬᠥᠷ ᠪᠠᠶᠠᠷ ᠲᠠᠢ ᠬᠠᠷᠠᠭᠳᠠᠨ᠎ᠠ᠃ ᠳᠠᠢᠴᠢᠳ ᠤ᠋ᠨ ᠳᠤᠮᠳᠠ ᠤᠯᠠ ᠨᠢ ᠬᠠᠩᠵᠠᠷᠠᠭᠰᠠᠨ ᠭᠤᠲᠤᠯ ᠤ᠋ᠨ ᠢ᠋ᠶ᠋ᠠᠨ ᠬᠣᠩᠰᠢᠶᠠᠷ ᠢ᠋ ᠰᠤᠷ ᠢ᠋ᠶ᠋ᠠᠷ ᠪᠣᠭᠣᠵᠤ ᠰᠠᠭᠤᠭ᠎ᠠ ᠨᠢᠭᠡᠨ ᠴᠡᠷᠢᠭ ᠢ᠋ ᠬᠠᠷᠠᠭᠠᠳ ᠰᠤᠷᠬᠠᠭᠲᠠᠨᠢ ᠶ᠋ᠢᠨ ᠪᠣᠳᠣᠯ ᠳ᠋ᠤ᠌ ᠥᠪᠡᠷ ᠦ᠋ᠨ ᠡᠷᠬᠡ ᠦᠭᠡᠢ ᠲᠩᠷᠢ ᠳ᠋ᠦ᠍ ᠬᠠᠯᠢᠭᠰᠠᠨ ᠬᠥᠭᠡᠷᠦᠬᠦᠢ ᠠᠪᠤ ᠨᠢ ᠪᠣᠳᠣᠭᠳᠠᠨ᠂ ᠪᠣᠯᠵᠤ ᠥᠩᠭᠡᠷᠡᠭᠰᠡᠨ ᠡᠳᠦᠷ ᠦ᠋ᠳ ᠦ᠋ᠨ ᠲᠡᠷᠲᠡᠭᠡ ᠤᠷᠤᠭᠤ ᠪᠣᠳᠣᠯ ᠤᠬᠠᠭᠠᠨ ᠨᠢ ᠳᠠᠬᠢᠨ ᠪᠡᠯᠴᠢᠯ᠎ᠡ᠃
   ᠤᠷᠠᠭᠳᠠᠵᠤ ᠴᠤᠭᠤᠷᠠᠭᠰᠠᠨ ᠭᠤᠲᠤᠯ ᠤ᠋ᠨ ᠢ᠋ᠶ᠋ᠠᠨ ᠬᠣᠩᠰᠢᠶᠠᠷ ᠢ᠋ ᠰᠤᠷ ᠢ᠋ᠶ᠋ᠠᠷ ᠡᠷᠴᠢᠯᠡᠨ ᠪᠣᠭᠣᠭᠰᠠᠨ ᠠᠪᠤ ᠨᠢ ᠭᠠᠵᠠᠷ ᠠ᠋ᠴᠠ ᠥᠨᠳᠡᠢᠨ ᠪᠣᠰᠴᠤ᠂ ᠳᠥᠩᠭᠡᠵᠦ ᠰᠠᠶᠢᠬᠠᠨ ᠴᠢᠩᠭᠢᠰ ᠬᠠᠭᠠᠨ ᠳ᠋ᠤ᠌ ᠥᠭᠭᠦᠭᠰᠡᠨ ᠬᠣᠶᠠᠷ ᠥᠬᠢᠨ ᠢ᠋ᠶ᠋ᠡᠨ ᠡᠭᠡᠯᠵᠢᠯᠡᠨ ᠦᠨᠦᠰᠦᠭᠡᠳ᠄
   — ᠵᠠ ᠮᠢᠨᠦ ᠬᠣᠶᠠᠷ ᠥᠬᠢᠨ ᠨᠢᠭᠡ ᠲᠡᠷᠭᠡᠨ ᠦ᠌ ᠬᠣᠶᠠᠷ ᠠᠷᠠᠯ ᠰᠢᠭ᠋ ᠪᠡᠶ᠎ᠡ ᠪᠡᠶ᠎ᠡ ᠳ᠋ᠡᠭᠡᠨ ᠲᠦᠰᠢᠭ ᠪᠣᠯᠵᠤ᠂ ᠬᠡᠨ ᠬᠡᠨ ᠢ᠋ ᠪᠡᠨ ᠬᠠᠷᠠᠵᠤ ᠶᠠᠪᠤᠭᠠᠷᠠᠢ ᠭᠡᠵᠦ ᠬᠡᠯᠡᠬᠦ ᠳ᠋ᠦ᠍ ᠡᠬᠡ ᠨᠢ ᠬᠠᠵᠠᠭᠤ ᠠ᠋ᠴᠠ ᠨᠢ᠄
   — ᠲᠥᠷᠥᠭᠦᠯᠵᠦ ᠥᠰᠬᠡᠭᠰᠡᠨ ᠮᠢᠨᠢ ᠦᠨᠡᠨ ᠴᠦ᠍ ᠲᠥᠭᠡᠷᠭᠡ ᠲᠠᠪᠢᠯᠠᠩ ᠢ᠋ᠶ᠋ᠠᠨ ᠥᠪᠡᠷᠰᠡᠳ ᠢ᠋ᠶ᠋ᠡᠨ ᠵᠠᠯᠠᠳᠠᠭ ᠵᠢᠮ᠎ᠡ ᠲᠡᠢ᠃ ᠮᠠᠭᠠᠳ ᠮᠠᠨᠳᠤᠨ ᠪᠠᠳᠠᠷᠠᠬᠤ ᠢᠷᠡᠭᠡᠳᠦᠢ ᠲᠠᠢ ᠶᠡᠬᠡ ᠬᠥᠮᠦᠨ ᠳᠦ ᠥᠬᠢᠳ ᠢ᠋ᠶ᠋ᠡᠨ ᠥᠭᠭᠦᠭᠰᠡᠨ ᠭᠡᠵᠦ ᠲᠠᠢᠪᠤᠰᠢᠷᠠᠶ᠎ᠠ ᠳᠠ ᠭᠡᠳ ᠨᠢᠯᠪᠤᠰᠤ ᠪᠠᠨ ᠠᠷᠴᠢᠯ᠎ᠠ᠃ ᠲᠡᠷᠡ ᠰᠥᠨᠢ ᠳ᠋ᠡᠭᠡᠨ ᠭᠡᠷ ᠪᠠᠷᠠᠭ᠎ᠠ ᠪᠠᠨ ᠲᠥᠪᠬᠢᠨᠡᠭᠦᠯᠵᠦ ᠠᠮᠵᠢᠭ᠎ᠠ ᠦᠭᠡᠢ ᠬᠥᠮᠦᠰ ᠴᠢᠩᠭᠢᠰ ᠬᠠᠭᠠᠨ ᠤ᠋ ᠤᠷᠲᠤ ᠦᠷᠭᠦᠭᠡᠨ ᠦ᠌ ᠣᠢᠷᠠᠯᠴᠠᠭ᠎ᠠ ᠪᠦᠬᠦᠯᠢ ᠬᠠᠬᠤᠯᠢ ᠪᠠᠷ ᠢ᠋ᠶ᠋ᠠᠨ ᠤᠨᠲᠠᠵᠤ ᠪᠠᠢᠪᠠ᠃ ᠰᠠᠷᠠᠭᠤᠯᠬᠠᠨ ᠰᠥᠨᠢ ᠲᠡᠷᠭᠡᠨ ᠳᠡᠭᠡᠷ᠎ᠡ ᠨᠣᠢᠷᠰᠤᠵᠤ ᠪᠠᠢᠭᠰᠠᠨ ᠬᠣᠶᠠᠷ ᠥᠬᠢᠨ ᠦ᠌ ᠬᠠᠵᠠᠭᠤ ᠪᠠᠷ ᠨᠢᠭᠡᠨ ᠬᠥᠮᠦᠨ ᠰᠠᠮ ᠥᠩᠭᠡᠷᠡᠬᠦ ᠶ᠋ᠢ ᠡᠭᠡᠴᠢ ᠢᠪᠠᠭ᠎ᠠ ᠨᠢ ᠮᠡᠳᠡᠭᠡᠳ ᠳᠡᠭᠦᠦ ᠪᠡᠨ ᠰᠡᠷᠡᠭᠡᠯ᠎ᠡ᠃《ᠡᠨᠡ ᠬᠥᠮᠦᠨ ᠨᠢᠭᠡ ᠯᠡ ᠰᠡᠵᠢᠭ ᠲᠡᠢ᠂ ᠯᠠᠪ ᠶᠠᠭᠠᠬᠢᠪᠠᠴᠤ ᠭᠠᠭᠴᠠᠭᠠᠷ ᠢ᠋ᠶ᠋ᠠᠨ ᠪᠢᠰᠢ᠂ ᠬᠠᠮᠢᠭ᠎ᠠ ᠬᠦᠷᠬᠦ ᠨᠢ ᠪᠣᠢ᠂ ᠳᠠᠭᠠᠶ᠎ᠠ》 ᠭᠡᠰᠡᠨ ᠢ᠋ᠶ᠋ᠡᠷ ᠵᠢᠵᠢᠭ ᠭᠣᠣᠯ ᠢ᠋ ᠭᠠᠲᠤᠯᠪᠠᠯ᠂ ᠭᠣᠣᠯ ᠤ᠋ᠨ ᠴᠠᠭᠠᠨ᠎ᠠ ᠣᠯᠠᠨ ᠬᠥᠮᠦᠨ ᠵᠠᠷ ᠵᠡᠪᠰᠡᠭ ᠠᠭᠲᠠ ᠮᠣᠷᠢ ᠲᠠᠢ ᠪᠠᠨ ᠪᠡᠯᠡᠨ ᠵᠣᠭᠰᠣᠵᠤ ᠪᠠᠢᠬᠤ ᠶ᠋ᠢ ᠬᠠᠷᠠᠭᠠᠳ ᠥᠭ ᠰᠦᠭ ᠦᠭᠡᠢ ᠪᠤᠴᠠᠨ ᠭᠦᠶᠦᠵᠦ᠂ ᠠᠪᠤ ᠳ᠋ᠠᠭᠠᠨ ᠬᠡᠯᠡ ᠮᠡᠳᠡᠭᠡᠯᠡᠭᠰᠡᠨ ᠢ᠋ᠶ᠋ᠡᠷ ᠵᠠᠬ᠎ᠠ ᠬᠠᠮᠪᠤ᠂ ᠴᠢᠩᠭᠢᠰ ᠬᠠᠭᠠᠨ ᠨᠠᠷ ᠬᠦᠴᠦ ᠬᠠᠪᠰᠤᠷᠤᠨ ᠮᠡᠷᠭᠢᠳ ᠦ᠋ᠨ ᠳᠣᠪᠲᠣᠯᠭᠠᠨ ᠢ᠋ ᠣᠷᠣᠵᠤ ᠢᠷᠡᠬᠦ ᠡᠴᠡ ᠨᠢ ᠡᠮᠦᠨ᠎ᠡ ᠤᠷᠢᠳᠴᠢᠯᠠᠨ ᠮᠡᠳᠡᠵᠦ᠂ ᠲᠣᠰᠣᠨ ᠴᠣᠬᠢᠭᠰᠠᠨ ᠶᠤᠮ᠃ ᠬᠣᠶᠠᠷ ᠥᠬᠢᠨ ᠦ᠌ ᠭᠠᠪᠢᠶ᠎ᠠ ᠴᠢᠩᠭᠢᠰ ᠬᠠᠭᠠᠨ ᠳ᠋ᠤ᠌ ᠤᠯᠠᠮ ᠪᠦᠷ ᠦᠨᠡᠯᠡᠭᠳᠡᠵᠦ《ᠵᠢᠰᠦ ᠰᠠᠢᠲᠠᠢ ᠪᠦᠰᠡᠭᠦᠢ ᠬᠥᠮᠦᠨ ᠭᠡᠷ ᠦ᠋ᠨ ᠴᠢᠮᠡᠭ ᠪᠠᠢᠳᠠᠭ ᠪᠣᠯ ᠤᠬᠠᠭᠠᠨ ᠰᠠᠢᠲᠠᠢ ᠪᠦᠰᠡᠭᠦᠢ ᠬᠥᠮᠦᠨ ᠤᠯᠤᠰ ᠤ᠋ᠨ ᠴᠢᠮᠡᠭ ᠪᠣᠯᠤᠮᠤ》 ᠭᠡᠮᠡᠨ ᠮᠠᠭᠲᠠᠨ ᠰᠠᠢᠰᠢᠶᠠᠭᠰᠠᠨ ᠪᠢᠯᠡ᠃
   ᠠᠯᠢ ᠬᠡᠳᠦᠢᠨ ᠳᠥᠷᠪᠡᠨ ᠬᠠᠲᠤᠨ ᠳᠥᠷᠪᠡᠨ ᠬᠦᠦ ᠲᠡᠢ ᠪᠣᠯᠤᠭᠰᠠᠨ ᠠ᠋ᠴᠠ ᠴᠢᠩᠭᠢᠰ ᠬᠠᠭᠠᠨ ᠤ᠋ ᠪᠠᠭ᠎ᠠ ᠬᠠᠲᠤᠨ ᠪᠣᠯᠵᠤ᠂ ᠡᠨᠡ ᠠᠢᠯ ᠤ᠋ᠨ ᠪᠣᠱᠣᠭ᠎ᠠ ᠪᠠᠷ ᠢᠷᠡᠵᠦ ᠪᠠᠢᠭ᠎ᠠ ᠢᠪᠠᠭ᠎ᠠ ᠶ᠋ᠢᠨ ᠬᠤᠪᠢ ᠳ᠋ᠤ᠌ ᠠᠮᠢᠳᠤᠷᠠᠯ ᠳ᠋ᠤᠨᠢ ᠲᠣᠬᠢᠶᠠᠬᠤ ᠬᠠᠮᠤᠭ ᠤ᠋ᠨ ᠵᠢᠷᠭᠠᠯ ᠲᠠᠢ ᠦᠶ᠎ᠡ ᠪᠣᠯᠬᠤ ᠬᠤᠷᠢᠮ ᠤ᠋ᠨ ᠶᠣᠰᠣᠯᠠᠯ ᠳᠡᠩᠳᠡᠭᠦᠦ ᠳᠠᠷᠤᠤ ᠲᠥᠯᠥᠪ ᠪᠣᠯᠵᠠᠢ᠃ ᠴᠢᠩᠭᠢᠰ ᠬᠠᠭᠠᠨ ᠢᠪᠠᠭ᠎ᠠ ᠳ᠋ᠤ᠌ ᠵᠣᠷᠢᠭᠤᠯᠤᠨ ᠰᠢᠨ᠎ᠡ ᠭᠡᠷ ᠪᠠᠷᠢᠵᠤ ᠥᠭᠭᠦᠯ᠎ᠡ᠃ ᠢᠪᠠᠭ᠎ᠠ ᠡᠨᠡ ᠭᠡᠷ ᠲᠦ᠍ ᠯᠡ ᠥᠪᠡᠷ ᠦ᠋ᠨ ᠬᠢ ᠪᠡᠷ ᠢ᠋ᠶ᠋ᠡᠨ ᠪᠠᠢᠬᠤ ᠡᠷᠬᠡ ᠴᠢᠯᠥᠭᠡ ᠶ᠋ᠢ ᠣᠯᠵᠤ ᠪᠠᠢᠬᠤ ᠰᠢᠭ᠋ ᠰᠠᠨᠠᠭᠳᠠᠨ᠎ᠠ᠃ ᠬᠠᠷᠢᠨ ᠭᠡᠷ ᠡᠴᠡ ᠭᠠᠷᠬᠤ ᠯᠠ ᠶᠤᠮ ᠪᠣᠯ ᠬᠠᠭᠠᠨ ᠤ᠋ ᠬᠠᠲᠤᠳ ᠪᠤᠰᠤᠳ ᠬᠥᠮᠦᠰ ᠡᠴᠡ ᠰᠦᠷᠳᠡᠬᠦ ᠨᠢ ᠶᠡᠬᠡ᠃ ᠭᠡᠯ᠎ᠡ ᠴᠦ᠍ ᠴᠢᠩᠭᠢᠰ ᠬᠠᠭᠠᠨ ᠪᠠᠭ᠎ᠠ ᠬᠠᠲᠤᠨ ᠢ᠋ᠶ᠋ᠠᠨ ᠶᠡᠬᠡᠳᠡ ᠬᠠᠢᠷᠠᠯᠠᠨ ᠪᠣᠢ ᠪᠠᠨ ᠢᠯᠡᠳᠬᠡᠨ᠂ ᠥᠷᠭᠥᠭᠡ ᠭᠡᠷ ᠲᠦ᠋ᠨᠢ ᠢᠷᠡᠵᠦ ᠬᠣᠨᠣᠬᠤ ᠡᠳᠦᠷ ᠣᠯᠠᠨ᠃ ᠵᠠᠷᠢᠮ ᠦᠶ᠎ᠡ ᠳ᠋ᠦ᠍ ᠴᠢᠬᠤᠯᠠ ᠬᠡᠷᠡᠭ ᠢ᠋ ᠵᠥᠪᠯᠡᠬᠦ ᠪᠡᠷ ᠢᠪᠠᠭ᠎ᠠ ᠶ᠋ᠢᠨ ᠭᠡᠷ ᠢ᠋ ᠵᠦᠭᠯᠡᠬᠦ ᠨᠢ ᠴᠤ ᠪᠣᠢ᠃ ᠬᠠᠷᠢᠨ ᠰᠤᠷᠬᠠᠭᠲᠠᠨᠢ ᠶ᠋ᠢᠨ ᠬᠤᠪᠢ ᠳ᠋ᠤ᠌ ᠪᠠᠢᠳᠠᠯ ᠥᠭᠡᠷ᠎ᠡ ᠪᠠᠢᠯ᠎ᠠ᠃ ᠬᠡᠨ ᠬᠡᠨ ᠨᠢ ᠠᠮᠢᠳᠤᠷᠠᠯ ᠦᠵᠡᠭᠡ ᠦᠭᠡᠢ ᠬᠠᠯᠠᠭᠤ ᠵᠠᠯᠠᠭᠤ ᠨᠠᠰᠤᠨ ᠳ᠋ᠠᠭᠠᠨ ᠡᠴᠢᠭᠡ ᠡᠬᠡ ᠶ᠋ᠢᠨ ᠢᠷᠦᠭᠡᠯ ᠢ᠋ᠶ᠋ᠡᠷ ᠤᠴᠠᠷᠠᠭᠰᠠᠨ ᠡᠨᠡ ᠬᠣᠣᠰ ᠤ᠋ᠨ ᠬᠤᠷᠢᠮ ᠳᠠᠷᠠᠰᠤᠲᠤ ᠶ᠋ᠢᠨ ᠳᠡᠨᠵᠢ ᠶ᠋ᠢ ᠬᠡᠳᠦᠨ ᠬᠣᠨᠣᠭ ᠢ᠋ᠶ᠋ᠠᠷ ᠳᠣᠷᠭᠢᠶᠠᠵᠤ ᠪᠢᠯᠡ᠃
   ᠴᠢᠩᠭᠢᠰ ᠬᠠᠭᠠᠨ ᠤ᠋ ᠤᠷᠲᠤ ᠦᠷᠭᠦᠭᠡᠨ ᠡᠴᠡ ᠰᠠᠭᠠᠬᠠᠯᠲᠠ ᠶ᠋ᠢᠨ ᠵᠠᠢᠲᠠᠢ ᠪᠠᠭᠤᠭᠰᠠᠨ ᠵᠠᠬ᠎ᠠ ᠬᠠᠮᠪᠤ ᠶ᠋ᠢᠨ ᠭᠡᠷ ᠦ᠋ᠳ ᠦ᠋ᠨ ᠭᠠᠳᠠᠭ᠎ᠠ ᠬᠥᠯ ᠬᠥᠳᠡᠯᠭᠡᠭᠡᠨ ᠶᠡᠬᠡᠲᠡᠢ᠃ ᠶᠡᠬᠡ ᠭᠡᠷ ᠦ᠋ᠨ ᠳᠣᠲᠣᠷ᠎ᠠ ᠥᠬᠢᠨ ᠦ᠌ ᠪᠡᠨ ᠬᠣᠩᠭᠣ ᠪᠠᠨ ᠳᠠᠪᠠᠭᠰᠠᠨ ᠤᠷᠲᠤ ᠬᠠᠷ᠎ᠠ ᠭᠡᠵᠢᠭᠡᠨ ᠦ᠌ ᠰᠦᠯᠵᠢᠶᠡᠰᠦ ᠶ᠋ᠢ ᠲᠠᠢᠯᠵᠤ᠂ ᠣᠨ ᠤᠳᠠᠭᠠᠨ ᠵᠢᠯ ᠦ᠋ᠨ ᠨᠠᠷᠠ ᠰᠠᠯᠬᠢᠨ ᠳ᠋ᠤ᠌ ᠬᠠᠷᠠᠯᠠᠭᠰᠠᠨ ᠭᠠᠷ ᠢ᠋ᠶ᠋ᠠᠷ ᠢ᠋ᠶ᠋ᠠᠨ ᠶᠡᠬᠡᠳᠡ ᠡᠩᠬᠦᠷᠡᠢᠯᠡᠨ ᠢᠯᠢᠵᠦ ᠪᠣᠢ ᠬᠥᠮᠦᠨ ᠪᠣᠯ ᠰᠤᠷᠬᠠᠭᠲᠠᠨᠢ ᠶ᠋ᠢᠨ ᠡᠬᠡ ᠨᠢ ᠪᠠᠢᠪᠠ᠃ ᠡᠨᠡ ᠡᠳᠦᠷ ᠡᠴᠡ ᠬᠣᠢᠰᠢ ᠨᠢᠯᠬ᠎ᠠ ᠶ᠋ᠢᠨ ᠦᠨᠦᠷ ᠢ᠋ᠶ᠋ᠡᠨ ᠥᠨᠥ ᠬᠦᠷᠲᠡᠯ᠎ᠡ ᠬᠠᠳᠠᠭᠠᠯᠠᠭᠰᠠᠨ ᠥᠬᠢᠳ ᠨᠢ ᠬᠥᠮᠦᠨ ᠦ᠌ ᠬᠢ ᠪᠣᠯᠬᠤ ᠭᠡᠵᠦ ᠪᠠᠢᠪᠠ᠃ ᠡᠬᠡ ᠬᠥᠮᠦᠨ ᠦ᠌ ᠵᠦᠩ ᠰᠤᠪᠢᠩ ᠢ᠋ᠶ᠋ᠠᠷ ᠢᠷᠡᠭᠡᠳᠦᠢ ᠬᠣᠢᠰᠢ ᠶ᠋ᠢ ᠨᠢ ᠰᠠᠢᠨ ᠰᠠᠢᠬᠠᠨ ᠢ᠋ᠶ᠋ᠠᠷ ᠲᠥᠰᠦᠭᠡᠯᠡᠨ《ᠠᠷᠢᠭᠤᠨ ᠡᠴᠢᠭᠡ ᠮᠢᠨᠢ》 ᠭᠡᠵᠦ ᠵᠠᠯᠪᠠᠷᠢᠨ ᠭᠦᠨ ᠪᠣᠳᠣᠯ ᠳ᠋ᠤ᠌ ᠠᠪᠲᠠᠭᠰᠠᠨ ᠡᠬᠡ ᠶ᠋ᠢ ᠪᠡᠨ ᠰᠠᠨᠠᠭᠠᠰᠢᠷᠠᠨ ᠪᠠᠢᠭ᠎ᠠ ᠶ᠋ᠢ ᠬᠠᠷᠠᠵᠤ ᠰᠠᠭᠤᠭᠰᠠᠨ ᠰᠣᠷᠠᠬᠠᠨᠳᠠᠨᠢ᠄
   — ᠡᠵᠢ ᠠ᠋᠂ ᠲᠠ ᠮᠢᠨᠢ ᠰᠠᠨᠠᠭ᠎ᠠ ᠪᠠᠨ ᠪᠦᠦ ᠴᠢᠯᠡᠭᠡ᠃ ᠲᠤᠯᠤᠢ ᠪᠢᠳᠡ ᠬᠣᠶᠠᠷ ᠪᠠᠭ᠎ᠠ ᠠ᠋ᠴᠠ ᠪᠠᠨ ᠪᠡᠶᠡᠰ ᠢ᠋ᠶ᠋ᠡᠨ ᠮᠡᠳᠡᠬᠦ ᠲᠤᠯᠠ ᠥᠬᠢᠨ ᠴᠢᠨᠢ ᠯᠠᠪ ᠰᠠᠨᠠᠭ᠎ᠠ ᠠᠮᠤᠷ ᠪᠠᠢᠨ᠎ᠠ᠃ ᠢᠩᠭᠢᠵᠦ ᠬᠡᠯᠡᠭᠡᠳ ᠡᠬᠡ ᠶ᠋ᠢᠨ ᠢ᠋ᠶ᠋ᠡᠨ ᠭᠠᠷ ᠢ᠋ ᠵᠥᠭᠡᠯᠡᠨ ᠢᠯᠪᠢᠵᠦ ᠡᠩᠭᠡᠷ ᠲᠦ᠋ᠨᠢ ᠡᠷᠬᠡᠯᠡᠩᠭᠦᠢ ᠨᠠᠭᠠᠯᠳᠤᠭᠠᠳ᠄
   — ᠡᠵᠢ ᠠ᠋᠂ ᠢᠩᠭᠢᠭᠡᠳ ᠵᠢᠭᠠᠬᠠᠨ ᠪᠠᠢᠶ᠎ᠠ ᠭᠡᠬᠦ ᠳ᠋ᠦ᠍᠂
   — ᠲᠡᠭᠡ ᠳᠡ᠂ ᠥᠬᠢᠨ ᠮᠢᠨᠢ᠃ ᠡᠵᠢ ᠳ᠋ᠡᠭᠡᠨ ᠢᠩᠭᠢᠵᠦ ᠰᠠᠨᠠᠭᠰᠠᠨ ᠢ᠋ᠶ᠋ᠠᠷ  ᠡᠷᠬᠡᠯᠡᠵᠦ ᠴᠢᠳᠠᠬᠤ ᠦᠭᠡᠢ᠂ ᠬᠥᠮᠦᠨ ᠦ᠌  ᠬᠥᠮᠦᠨ ᠪᠣᠯᠬᠤ ᠨᠢ ᠭᠡᠳ ᠤᠷᠲᠤ ᠪᠠᠷ ᠠᠮᠢᠰᠬᠤᠭ᠎ᠠ ᠠᠪᠴᠤ᠂ ᠰᠠᠨᠠᠭ᠎ᠠ ᠠᠯᠳᠠᠯ᠎ᠠ᠃   
   ᠰᠤᠷᠬᠠᠭᠲᠠᠨᠢ ᠶᠢᠨ ᠬᠠᠴᠠᠷ ᠲᠤ ᠰᠠᠶᠢ ᠯᠠ ᠰᠦᠨ ᠳ᠋ᠦ᠍ ᠳᠡᠪᠲᠦᠵᠦ ᠲᠠᠷᠠᠢᠭᠰᠠᠨ ᠳᠡᠪᠡᠯ ᠦ᠋ᠨ ᠬᠠᠲᠠᠭᠤ ᠡᠩᠭᠡᠷ ᠲᠣᠷᠤᠨ ᠠᠪᠴᠤ ᠡᠨᠡ ᠡᠩᠭᠡᠷ ᠪᠣᠯ ᠬᠣᠷᠸ᠎ᠠ ᠶ᠋ᠢᠨ ᠬᠠᠮᠤᠭ ᠤ᠋ᠨ ᠵᠥᠭᠡᠯᠡᠨ ᠲᠣᠷᠭᠠᠨ ᠠ᠋ᠴᠠ ᠴᠤ᠌ ᠡᠩᠬᠦᠷᠡᠢ ᠨᠠᠨᠳᠢᠨ ᠰᠠᠨᠠᠭᠳᠠᠵᠤ ᠪᠠᠢᠯ᠎ᠠ᠃ ᠬᠡᠭᠡᠷ᠎ᠡ ᠶ᠋ᠢᠨ ᠦᠨᠦᠷ᠂ ᠲᠠᠨᠢᠯ ᠳᠣᠲᠣᠨᠣ ᠰᠠᠭᠠᠯᠢ ᠰᠦ ᠶ᠋ᠢᠨ ᠦᠨᠦᠷ ᠨᠡᠪᠲᠡ ᠬᠠᠩᠬᠤᠯᠤᠨ ᠪᠠᠢᠬᠤ ᠡᠨᠡ ᠡᠩᠭᠡᠷ ᠴᠡᠭᠡᠵᠢ ᠬᠡᠦᠬᠡᠳ ᠠᠬᠤᠢ ᠨᠠᠰᠤᠨ ᠳ᠋ᠤᠨᠢ ᠠᠭᠤᠯᠠ ᠶ᠋ᠢᠨ ᠡᠩᠭᠡᠷ ᠪᠠᠯ ᠰᠢᠭ ᠯᠡ ᠰᠦᠷᠯᠢᠭ ᠰᠠᠢᠬᠠᠨ ᠰᠠᠨᠠᠭᠳᠠᠳᠠᠭ ᠰᠠᠨ᠃ ᠨᠢᠭᠡ ᠮᠥᠮᠥ ᠪᠡᠨ ᠠᠮᠠᠨ ᠳ᠋ᠠᠭᠠᠨ ᠬᠢᠴᠢᠬᠡᠭᠡᠳ ᠨᠥᠭᠦᠭᠡ ᠶ᠋ᠢ ᠨᠢ ᠭᠠᠷ ᠢ᠋ᠶ᠋ᠠᠷ ᠢ᠋ᠶ᠋ᠠᠨ ᠴᠢᠮᠬᠢᠨ ᠤᠷᠤᠯᠳᠤᠵᠤ ᠲᠣᠭᠯᠠᠳᠠᠭ ᠪᠠᠢᠭᠰᠠᠨ ᠪᠠᠯᠴᠢᠷ ᠠᠬᠤᠢ ᠴᠠᠭ ᠲᠤ ᠡᠵᠢ ᠶ᠋ᠢᠨ ᠢ᠋ᠶ᠋ᠡᠨ ᠡᠩᠭᠡᠷ ᠲᠦ᠍ ᠣᠯᠠᠨ ᠵᠦᠢᠯ ᠡᠴᠡ ᠨᠢᠭᠤᠭᠳᠠᠵᠤ ᠪᠣᠯᠤᠮᠠᠷ ᠪᠣᠳᠣᠭᠳᠠᠳᠠᠭ ᠪᠠᠢᠵᠤ ᠪᠢᠯᠡ᠃ ᠬᠠᠢᠷᠠᠲᠠᠢ ᠡᠵᠢ ᠶ᠋ᠢᠨ ᠢ᠋ᠶ᠋ᠡᠨ ᠡᠩᠭᠡᠷ ᠲᠦ᠍ ᠡᠨᠡ ᠴᠢᠭ ᠲᠡᠭᠡᠨ ᠨᠠᠭᠠᠯᠳᠤᠨ ᠦᠯᠡᠳᠡᠮᠡᠷ ᠰᠠᠨᠠᠭᠳᠠᠨ᠎ᠠ᠃
   — ᠥᠬᠢᠨ ᠮᠢᠨᠢ ᠣᠳᠣ ᠬᠤᠷᠳᠤᠯᠠᠬᠤ ᠦᠭᠡᠢ ᠪᠣᠯ ᠪᠣᠯᠬᠤ ᠦᠭᠡᠢ ᠭᠡᠳ ᠡᠵᠢ ᠨᠢ ᠰᠤᠷᠬᠠᠭᠲᠠᠨᠢ ᠶ᠋ᠢ ᠤᠳᠠᠭᠠᠨ ᠢ᠋ᠶ᠋ᠠᠷ ᠦᠨᠦᠷᠯᠡᠨ ᠦᠨᠦᠰᠦᠭᠡᠳ᠂ ᠭᠡᠵᠢᠭᠡ ᠦᠰᠦ ᠶ᠋ᠢ ᠨᠢ ᠶᠠᠩᠵᠤᠯᠠᠨ ᠳᠡᠪᠡᠯ ᠬᠤᠪᠴᠠᠰᠤ ᠶ᠋ᠢ ᠨᠢ ᠡᠮᠦᠰᠦᠭᠦᠯᠬᠦ ᠪᠡᠷ ᠭᠠᠳᠠᠨ᠎ᠠ ᠠ᠋ᠴᠠ ᠡᠮᠩᠳᠡᠢᠴᠤᠤᠨ ᠢ᠋ ᠳᠠᠭᠤᠳᠠᠨ ᠣᠷᠣᠭᠤᠯᠵᠤ ᠢᠷᠡᠯ᠎ᠡ᠃
   ᠪᠠᠭ᠎ᠠ ᠬᠦᠦ ᠳ᠋ᠡᠭᠡᠨ ᠡᠬᠡᠨᠡᠷ ᠠᠪᠴᠤ ᠥᠭᠭᠥ ᠭᠡᠵᠦ ᠪᠠᠢᠭ᠎ᠠ ᠴᠢᠩᠭᠢᠰ ᠬᠠᠭᠠᠨ ᠤ᠋ ᠣᠲᠣᠭ ᠥᠷᠭᠥᠭᠡ ᠰᠡᠭᠦᠯ ᠦ᠋ᠨ ᠬᠡᠳᠦᠨ ᠬᠣᠨᠣᠭ ᠬᠥᠯ ᠶᠡᠬᠡᠲᠡᠢ ᠪᠠᠢᠯ᠎ᠠ᠃
   ᠣᠯᠠᠨ ᠬᠣᠨᠣᠭ ᠤ᠋ᠨ ᠡᠮᠦᠨ᠎ᠡ ᠡᠴᠡ ᠬᠣᠨᠢᠨ ᠤ᠋ ᠨᠣᠣᠰᠣ ᠰᠠᠪᠠᠨ ᠴᠠᠭᠠᠨ ᠢᠰᠡᠭᠡᠢ ᠪᠡᠯᠡᠳᠬᠡᠵᠦ᠂ ᠰᠦ ᠴᠠᠭ᠎ᠠ ᠰᠥᠩᠨᠡᠵᠦ᠂ ᠢᠳᠡᠭᠡ ᠰᠢᠭᠦᠰᠦ ᠪᠡᠨ ᠵᠡᠬᠡᠵᠡᠢ᠃ ᠶᠡᠬᠡ ᠠᠵᠢᠯ ᠤ᠋ᠨ ᠦᠷ᠎ᠡ ᠳ᠋ᠦᠩ ᠳ᠋ᠦ᠍ ᠣᠲᠣᠭ ᠦᠷᠭᠦᠭᠡᠨ ᠦ᠌ ᠳᠤᠮᠳᠠ ᠰᠦᠨᠳᠡᠷᠯᠡᠨ ᠪᠣᠰᠤᠭᠰᠠᠨ ᠰᠢᠨᠡᠬᠡᠨ ᠢᠰᠡᠭᠡᠢ ᠴᠠᠭᠠᠨ ᠭᠡᠷ ᠪᠣᠯ ᠡᠷ᠎ᠡ ᠶ᠋ᠢᠨ ᠴᠡᠭᠡᠯ ᠳ᠋ᠦ᠍ ᠬᠦᠷᠴᠦ ᠡᠬᠡᠨᠡᠷ ᠠᠪᠬᠤ ᠭᠡᠵᠦ ᠪᠠᠢᠭ᠎ᠠ ᠲᠤᠯᠤᠢ ᠶ᠋ᠢᠨ ᠥᠷᠭᠥᠭᠡ ᠪᠢᠯᠡ᠃
ᠭᠡᠷ ᠦ᠋ᠨ ᠳᠣᠲᠣᠷ᠎ᠠ ᠲᠤᠯᠭᠠᠨ ᠳ᠋ᠤ᠌ ᠠᠷᠭᠠᠯ ᠥᠷᠥᠵᠦ᠂ ᠡᠴᠢᠭᠡ ᠶ᠋ᠢᠨ ᠭᠣᠯᠣᠮᠲᠠ ᠠ᠋ᠴᠠ ᠭᠠᠯ ᠲᠠᠰᠤᠳᠠᠨ ᠠᠪᠴᠢᠷᠠᠵᠤ᠂ ᠠᠰᠠᠭᠠᠬᠤ ᠳ᠋ᠤ᠌ ᠪᠡᠯᠡᠨ ᠲᠠᠯᠪᠢᠭᠰᠠᠨ ᠬᠠᠷᠠᠭᠳᠠᠨ᠎ᠠ᠃
   ᠲᠤᠯᠤᠢ ᠳᠣᠭᠳᠣᠯᠤᠭᠰᠠᠨ ᠪᠠᠢᠷᠢ ᠲᠠᠢ ᠴᠤ ᠥᠩᠭᠡᠨ ᠳᠡᠭᠡᠷ᠎ᠡ ᠪᠡᠨ ᠲᠡᠭᠦᠨ ᠦ᠌ ᠨᠢᠭᠤᠬᠤ ᠳᠦᠷᠢ ᠡᠰᠬᠡᠨ ᠪᠠᠢᠬᠤ ᠨᠢ ᠠᠵᠢᠭᠯᠠᠭᠳᠠᠨ᠎ᠠ᠃
ᠰᠠᠢᠬᠠᠨ ᠪᠡᠯᠡᠳᠦᠭᠰᠡᠨ ᠬᠤᠷᠢᠮ ᠤ᠋ᠨ ᠡᠮᠦᠰᠬᠡᠯ ᠰᠡᠯᠲᠡ ᠲᠡᠢ ᠨᠢ ᠬᠠᠷᠠᠬᠤ ᠳ᠋ᠤ᠌ ᠬᠡᠳᠦ ᠬᠣᠨᠣᠭ ᠤ᠋ᠨ ᠡᠮᠦᠨ᠎ᠡ ᠬᠠᠷᠠᠵᠤ ᠪᠠᠢᠭᠰᠠᠨ ᠵᠠᠯᠠᠭᠤ ᠬᠦᠦ ᠪᠢᠰᠢ᠂ ᠪᠠᠭᠤᠷᠢ ᠰᠠᠭᠤᠭᠰᠠᠨ ᠨᠢᠭᠡᠨ ᠪᠣᠯᠵᠠᠢ᠃
ᠭᠡᠷ ᠲᠦ᠍ ᠲᠡᠭᠦᠨ ᠦ᠌ ᠡᠵᠢ ᠪᠥᠷᠲᠡ ᠬᠠᠲᠤᠨ᠂ ᠡᠮᠡᠭᠡ ᠡᠬᠡ ᠥᠭᠡᠯᠦᠨ᠂ ᠠᠬ᠎ᠠ ᠬᠥᠪᠡᠭᠦᠳ᠂ ᠡᠭᠦᠳᠡ ᠪᠡᠷ ᠠᠶᠠᠭᠠᠴᠢᠨ᠂ ᠰᠢᠪᠡᠭᠴᠢᠳ ᠢᠳᠡᠭᠡ ᠴᠠᠭ᠎ᠠ ᠪᠠᠨ ᠪᠡᠯᠡᠳᠬᠡᠨ ᠪᠠᠢᠪᠠ᠃
ᠳᠡᠭᠦᠦ ᠪᠡᠨ ᠳᠣᠭᠳᠣᠯᠤᠨ ᠪᠣᠢ ᠴᠤ᠌᠂ ᠲᠡᠭᠦᠨ ᠢ᠋ ᠪᠡᠨ ᠨᠢᠭᠤᠵᠤ ᠪᠠᠢᠭ᠎ᠠ ᠶ᠋ᠢ ᠬᠠᠷᠠᠭᠰᠠᠨ ᠴᠠᠭᠠᠲᠠᠢ᠂
   — ᠳᠡᠭᠦᠦ ᠮᠢᠨᠢ ᠡᠬᠡᠨᠡᠷ ᠠᠪᠬᠤ ᠪᠣᠯᠤᠭᠰᠠᠨ ᠴᠢᠨᠢ ᠤᠯᠠᠮ ᠳᠠᠭᠤ ᠦᠭᠡᠢ ᠪᠣᠯᠴᠢᠬᠠᠬᠤ ᠶᠤᠮ᠃ ᠶᠠᠭᠠᠬᠢᠭᠰᠠᠨ ᠪᠣᠢ? ᠠᠪᠬᠤ ᠪᠦᠰᠡᠭᠦᠢ ᠴᠢᠨᠢ ᠲᠠᠭᠠᠯᠠᠭᠳᠠᠭᠰᠠᠨ ᠦᠭᠡᠢ ᠤᠤ᠂ ᠠᠯᠢ ᠡᠰᠡᠪᠡᠯ ᠭ
ᠡᠰᠡᠨ ᠢ᠋ᠶ᠋ᠡᠨ ᠦᠭᠡ ᠪᠡᠨ ᠵᠣᠷᠢᠭᠤᠳᠠ ᠭᠥᠢᠴᠡᠭᠡᠯ ᠦᠭᠡᠢ ᠣᠷᠬᠢᠵᠤ᠂ ᠲᠣᠮᠣ ᠴᠠᠭᠠᠨ ᠰᠢᠳᠦ ᠪᠡᠨ ᠢᠷᠠᠯᠵᠠᠭᠤᠯᠤᠨ ᠢᠨᠢᠶᠡᠬᠦ ᠳ᠋ᠦ᠍ ᠵᠥᠴᠢ ᠠᠬ᠎ᠠ ᠨᠢ ᠲᠡᠭᠦᠨ ᠢ᠋ ᠨᠢᠳᠤᠷᠤᠨ᠂
   — ᠲᠠᠭᠠᠯᠠᠬᠤ᠂ ᠳᠠᠭᠠᠯᠠᠬᠤ ᠦᠭᠡᠢ ᠦᠨᠡᠨ ᠳ᠋ᠡᠭᠡᠨ ᠲᠤᠯᠤᠢ ᠶ᠋ᠢᠨ ᠬᠡᠷᠡᠭ ᠪᠢᠰᠢ᠃ ᠭᠡᠬᠦ ᠳ᠋ᠡᠭᠡᠨ ᠲᠩᠷᠢ ᠢᠪᠡᠭᠡᠵᠦ᠂ ᠰᠠᠢᠬᠠᠨ ᠪᠦᠰᠡᠭᠦᠢ ᠢᠯᠡᠭᠡᠵᠡᠢ᠃ ᠳᠡᠭᠦᠦ ᠮᠢᠨᠢ ᠴᠢ ᠠᠵᠠ ᠲᠠᠢ ᠶᠤᠮ᠃ ᠲᠤᠯᠤᠢ ᠠᠬ᠎ᠠ ᠨᠠᠷ ᠤ᠋ᠨ ᠢ᠋ᠶ᠋ᠠᠨ ᠢᠩᠭᠢᠵᠦ ᠶᠠᠷᠢᠯᠴᠠᠬᠤ ᠶ᠋ᠢ ᠰᠣᠨᠣᠰᠤᠨ᠂ ᠶᠠᠮᠠᠷ ᠨᠢᠭᠡᠨ ᠦᠭᠡ ᠬᠡᠯᠡᠬᠦ ᠬᠡᠷᠡᠭᠲᠡᠢ ᠪᠡᠨ ᠮᠡᠳᠡᠵᠦ ᠪᠠᠢᠯ᠎ᠠ᠃
   — ᠠᠬ᠎ᠠ ᠨᠠᠷ ᠪᠠᠰᠠ ᠪᠣᠯᠭᠣᠭᠠᠵᠤ ᠪᠠᠢᠬᠤ ᠳ᠋ᠤ᠌ ᠪᠢ ᠶᠠᠭᠤ ᠬᠡᠯᠡᠬᠦ ᠪᠢᠯᠡ?
   ᠴᠠᠭᠠᠲᠠᠢ ᠳᠠᠬᠢᠨ ᠲᠣᠮᠣ ᠰᠢᠳᠦ ᠪᠡᠨ ᠭᠠᠷᠭᠠᠨ ᠢᠨᠢᠶᠡᠵᠦ᠂
   — ᠡᠨᠡ ᠴᠢᠨᠢ ᠲᠡᠭᠡᠭᠡᠳ ᠶᠠᠭᠤ ᠭᠡᠰᠡᠨ ᠦᠭᠡ ᠶᠦᠮ ᠪᠣᠢ ᠳᠠ?
ᠲᠤᠯᠤᠢ ᠬᠡᠯᠡᠭᠰᠡᠨ ᠦᠭᠡ ᠶ᠋ᠢ ᠨᠢ ᠣᠢᠯᠠᠭᠠᠬᠤ ᠦᠭᠡᠢ ᠴᠢᠷᠠᠢᠯᠠᠨ ᠲᠣᠭᠯᠠᠭᠠᠮ ᠬᠢᠬᠦ ᠴᠠᠭᠠᠲᠠᠢ ᠠᠬ᠎ᠠ ᠳ᠋ᠠᠭᠠᠨ ᠤᠨᠲᠤᠭᠤᠴᠠᠨ᠂
   — ᠲᠩᠷᠢ ᠶ᠋ᠢᠨ ᠢᠪᠡᠭᠡᠯ ᠢ᠋ᠶ᠋ᠡᠷ ᠤᠴᠠᠷᠠᠭᠰᠠᠨ ᠭᠡᠵᠦ ᠪᠣᠳᠣᠨ᠎ᠠ ᠪᠢ᠃ ᠲᠡᠢᠮᠦ ᠡᠴᠡ ᠰᠤᠷᠬᠠᠭᠲᠠᠨᠢ ᠪᠣᠯ ᠮᠢᠨᠦ ᠵᠠᠶᠠᠭᠠᠨ ᠤ᠋ ᠬᠠᠨᠢ ᠪᠣᠯᠪᠠ ᠤᠤ ᠭᠡᠵᠦ ᠰᠡᠳᠬᠢᠨ᠎ᠡ᠃ ᠴᠠᠭᠠᠲᠠᠢ ᠢᠨᠢᠶᠡᠬᠦ ᠪᠡᠨ ᠪᠣᠯᠢᠵᠤ᠂ ᠳᠡᠭᠦᠦ ᠪᠡᠨ ᠥᠬᠥᠭᠡᠷᠳᠡᠨ ᠬᠠᠷᠠᠵᠤ ᠪᠠᠢᠭᠰᠠᠨ ᠢ᠋ᠶ᠋ᠠᠨ᠄
   —ᠲᠡᠷᠡ ᠬᠡᠯᠡᠵᠦ ᠪᠠᠢᠭ᠎ᠠ ᠶ᠋ᠢ ᠨᠢ ᠠ᠋᠃ ᠬᠠᠪᠴᠢᠭᠠᠬᠠᠢ ᠶ᠋ᠢ ᠨᠢ ᠨᠢᠭᠤᠴᠢᠬᠤᠯᠠᠷ ᠤᠬᠢᠯᠠᠭᠠᠳ ᠰᠠᠭᠤᠴᠢᠬᠠᠳᠠᠭ ᠪᠠᠢᠭᠰᠠᠨ ᠲᠤᠯᠤᠢ ᠡᠷ᠎ᠡ ᠬᠥᠮᠦᠨ ᠪᠣᠯᠵᠠᠢ ᠭᠡᠵᠦ ᠬᠡᠯᠡᠭᠡᠳ ᠴᠢᠬᠢᠨ ᠡᠴᠡ ᠨᠢ ᠵᠥᠭᠡᠯᠡᠬᠡᠨ ᠴᠢᠮᠬᠢᠭᠡᠳ ᠠᠪᠬᠤ ᠳ᠋ᠤ᠌ ᠴᠠᠭᠠᠳᠤᠬᠢ ᠨᠢ ᠳᠤᠷ᠎ᠠ ᠦᠭᠡᠢᠴᠡᠨ ᠪᠠᠢᠭ᠎ᠠ ᠪᠠᠨ ᠢᠯᠡᠳᠬᠡᠨ᠂ ᠣᠨᠳᠣᠭᠣᠴᠠᠩᠭᠤᠢ ᠭᠠᠷ ᠢ᠋ ᠨᠢ ᠲᠠᠯᠪᠢᠭᠤᠯᠬᠤ ᠳ᠋ᠤ᠌ ᠲᠡᠳᠡᠨ ᠦ᠌ ᠶᠠᠷᠢᠶ᠎ᠠ ᠶ᠋ᠢ ᠰᠣᠨᠣᠰᠴᠤ ᠪᠠᠢᠭᠰᠠᠨ ᠥᠭᠡᠯᠦᠨ ᠡᠬᠡ᠄
   — ᠲᠠ ᠨᠠᠷ ᠬᠡᠦᠬᠡᠳ ᠪᠢᠲᠡᠭᠡᠢ ᠢᠴᠢᠭᠡᠭᠡᠳ ᠪᠠᠢ᠃ ᠮᠢᠨᠦ ᠠᠴᠢ ᠴᠢᠨᠢ ᠡᠴᠢᠭᠡ ᠶ᠋ᠢᠨ ᠭᠣᠯᠣᠮᠲᠠ ᠰᠠᠬᠢᠬᠤ ᠬᠤᠪᠢ ᠲᠠᠢ ᠲᠥᠷᠥᠭᠰᠡᠨ ᠬᠦᠦ ᠶᠦᠮ ᠰᠢᠦ᠃ ᠲᠤᠯᠤᠢ ᠶ᠋ᠢ ᠲᠥᠷᠥᠭᠰᠡᠨ ᠰᠥᠨᠢ ᠪᠢ ᠲᠩᠷᠢ ᠡᠴᠡ ᠳᠥᠷᠪᠡᠨ ᠣᠳᠣ ᠣᠢᠷᠠᠲᠤᠨ ᠢᠷᠡᠬᠦ ᠶ᠋ᠢ ᠦᠵᠡᠭᠰᠡᠨ ᠶᠦᠮ᠃ ᠨᠥᠵᠢ ᠠᠳᠬᠤᠵᠤ ᠲᠥᠷᠥᠭᠰᠡᠨ ᠡᠴᠢᠭᠡ ᠶ᠋ᠢᠨ ᠢ᠋ᠶ᠋ᠡᠨ ᠠᠷᠤ ᠠ᠋ᠴᠠ ᠣᠳᠣ ᠳᠠᠭᠠᠭᠤᠯᠵᠤ ᠢᠷᠡᠭᠰᠡᠨ ᠶᠦᠮ᠃ ᠮᠢᠨᠦ ᠬᠦᠦ ᠭᠡᠳ ᠲᠤᠯᠤᠢ ᠶ᠋ᠢᠨ ᠲᠣᠯᠣᠭᠠᠢ ᠶ᠋ᠢ ᠢᠯᠢᠵᠦ ᠳᠤᠬᠤᠨ ᠳᠡᠭᠡᠷ᠎ᠡ ᠨᠢ ᠦᠨᠦᠰᠴᠦ ᠪᠠᠢᠭ᠎ᠠ ᠬᠠᠷᠠᠭᠳᠠᠨ᠎ᠠ᠃
   — ᠪᠡᠷᠢ ᠶ᠋ᠢᠨ ᠰᠦᠢ ᠪᠡᠯᠡᠭ ᠢᠷᠡᠯ᠎ᠡ ᠭᠡᠬᠦ ᠡᠷᠡᠭᠲᠡᠢ ᠬᠥᠮᠦᠨ ᠦ᠌ ᠳᠠᠭᠤ ᠭᠠᠳᠠᠨ᠎ᠠ ᠠ᠋ᠴᠠ ᠬᠠᠲᠠᠯ᠎ᠠ᠃ ᠲᠦᠳᠡ ᠤᠳᠠᠯ ᠦᠭᠡᠢ ᠬᠡᠳᠦᠨ ᠬᠥᠮᠦᠨ ᠣᠷᠣᠵᠤ ᠢᠷᠡᠨ ᠭᠡᠷ ᠦ᠋ᠨ ᠵᠡᠭᠦᠨ ᠬᠠᠶᠠᠭ᠎ᠠ ᠪᠠᠷ ᠰᠢᠨ᠎ᠡ ᠲᠠᠯᠪᠢᠯᠭ᠎ᠠ ᠰᠡᠯᠲᠡ ᠶ᠋ᠢ ᠪᠠᠢᠷᠢᠯᠠᠭᠤᠯᠤᠭᠠᠳ᠂ ᠪᠡᠷᠢ ᠶ᠋ᠢᠨ ᠤᠨᠲᠠᠬᠤ ᠣᠷᠣ᠂ ᠬᠡᠷᠡᠭᠯᠡᠬᠦ ᠰᠠᠪᠠ ᠰᠠᠭᠤᠯᠠᠭ᠎ᠠ᠂ ᠬᠤᠪᠴᠠᠰᠤ ᠵᠡᠷᠭᠡ ᠶ᠋ᠢ ᠣᠷᠣᠭᠤᠯᠤᠨ ᠢᠷᠡᠯ᠎ᠡ᠃ ᠲᠡᠳᠡ ᠪᠠᠰᠠ ᠨᠢᠭᠡᠨ ᠸᠠᠳᠠᠩ ᠲᠠᠢ ᠵᠦᠢᠯ ᠢ᠋ ᠵᠠᠳᠠᠯᠤᠨ ᠪᠠᠢᠬᠤ ᠶ᠋ᠢ ᠬᠠᠷᠠᠪᠠᠯ ᠬᠡᠳᠦ ᠬᠡᠳᠦᠨ ᠰᠤᠳᠤᠷ ᠢ᠋ ᠶᠡᠬᠡᠳᠡ ᠨᠠᠨᠳᠢᠩᠨᠠᠨ ᠪᠠᠷᠢᠨᠲᠠᠭᠯᠠᠭᠰᠠᠨ ᠬᠠᠷᠠᠭᠳᠠᠨ᠎ᠠ᠃ ᠮᠥᠨ ᠴᠠᠪᠠᠤ᠂ ᠬᠠᠭᠤᠷᠠᠢ᠂ ᠠᠴᠢᠯᠭ᠎ᠠ ᠶ᠋ᠢᠨ ᠲᠠᠲᠠᠭᠠᠰᠤ ᠵᠡᠷᠭᠡ ᠶ᠋ᠢ ᠢᠯᠡ ᠭᠠᠷᠭᠠᠨ ᠲᠠᠯᠪᠢᠯ᠎ᠠ᠃ ᠲᠠᠯ᠎ᠠ ᠨᠤᠲᠤᠭ ᠲᠤ ᠰᠦᠢ ᠶ᠋ᠢᠨ ᠪᠡᠯᠡᠭ ᠲᠡᠢ ᠬᠠᠮᠲᠤ ᠢᠷᠡᠳᠡᠭ ᠡᠪ ᠢ᠋ ᠨᠡᠢᠯᠡᠭᠦᠯᠬᠦ ᠴᠠᠪᠠᠤ᠂ ᠰᠡᠪ ᠢ᠋ ᠠᠷᠢᠯᠭᠠᠬᠤ ᠬᠠᠭᠤᠷᠠᠢ᠂ ᠠᠴᠢᠶ᠎ᠠ ᠲᠠᠲᠠᠬᠤ ᠲᠠᠲᠠᠯᠭ᠎ᠠ ᠵᠡᠷᠭᠡ ᠶ᠋ᠢ ᠰᠦᠢ ᠶ᠋ᠢᠨ ᠪᠡᠯᠡᠭ ᠪᠣᠯᠭᠠᠨ ᠥᠭᠳᠡᠭ ᠨᠢ ᠭᠡᠷ ᠪᠦᠯᠢ ᠠᠴᠢᠯᠭ᠎ᠠ ᠲᠠᠲᠠᠭᠠᠰᠤ ᠮᠡᠲᠦ ᠪᠦᠬᠦ ᠪᠠᠲᠤ᠂ ᠴᠠᠪᠠᠤ ᠮᠡᠲᠦ ᠡᠪᠯᠡᠷᠡᠩᠭᠦᠢ᠂ ᠬᠠᠭᠤᠷᠠᠢ ᠮᠡᠲᠦ ᠰᠡᠪ ᠦᠭᠡᠢ ᠠᠷᠢᠭᠤᠨ ᠪᠠᠢᠬᠤ ᠶ᠋ᠢ ᠪᠡᠯᠭᠡᠳᠡᠯ ᠪᠣᠯᠭᠠᠳᠠᠭ ᠵᠢᠮ᠎ᠡ ᠲᠡᠢ᠃
   ᠴᠠᠭ ᠨᠠᠷᠠ ᠲᠠᠢ ᠬᠤᠷᠢᠮ ᠨᠠᠢᠷ ᠤ᠋ᠨ ᠶᠣᠰᠣᠯᠠᠯ ᠲᠣᠪᠯᠠᠭᠰᠠᠨ ᠴᠠᠭ ᠲᠠᠭᠠᠨ ᠡᠬᠢᠯᠡᠬᠦ ᠨᠢ ᠶᠣᠰᠣᠨ ᠲᠤᠯᠠ ᠭᠡᠷ ᠣᠷᠣᠨ ᠳᠣᠲᠣᠷᠠᠬᠢ ᠬᠥᠮᠦᠰ ᠨᠠᠭᠠᠰᠢ ᠴᠠᠭᠠᠰᠢ ᠶᠠᠭᠠᠷᠠᠨ ᠡᠨᠡ ᠲᠡᠷᠡ ᠠᠵᠢᠯ ᠢ᠋ ᠠᠮᠵᠢᠭᠤᠯᠤᠭᠰᠠᠭᠠᠷ ᠴᠠᠭ ᠬᠤᠭᠤᠴᠠᠭ᠎ᠠ ᠬᠡᠴᠢᠨᠡᠭᠡᠨ ᠬᠤᠷᠳᠤᠨ ᠥᠩᠭᠡᠷᠡᠭᠰᠡᠨ ᠢ᠋ ᠴᠦ᠍ ᠠᠩᠵᠠᠭᠠᠷᠠᠭᠰᠠᠨ ᠦᠭᠡᠢ᠃
   — ᠪᠡᠷᠢ ᠢᠷᠡᠯ᠎ᠡ᠂ ᠲᠣᠰᠣᠨ ᠠᠪᠤᠭᠠᠷᠠᠢ ᠭᠡᠵᠦ ᠭᠠᠳᠠᠨ᠎ᠠ ᠠ᠋ᠴᠠ ᠰᠦᠷᠲᠡᠢ ᠪᠡᠷ ᠥᠭᠦᠯᠡᠬᠦ ᠰᠣᠨᠣᠰᠤᠭᠳᠠᠨ᠂ ᠰᠢᠨ᠎ᠡ ᠪᠡᠷᠢ ᠶ᠋ᠢ ᠤᠭᠲᠤᠨ ᠠᠪᠬᠤ ᠪᠠᠷ ᠭᠡᠷ ᠡᠴᠡ ᠲᠤᠯᠤᠢ᠂ ᠥᠭᠡᠯᠦᠨ ᠡᠬᠡ᠂ ᠪᠥᠷᠲᠡ ᠬᠠᠲᠤᠨ᠂ ᠬᠣᠶᠠᠷ ᠠᠬ᠎ᠠ ᠶ᠋ᠢᠨ ᠬᠠᠮᠲᠤ ᠭᠠᠷᠴᠤ ᠢᠷᠡᠯ᠎ᠡ᠃ ᠪᠡᠷᠢ ᠬᠦᠷᠭᠡᠵᠦ ᠢᠷᠡᠭᠰᠡᠨ ᠬᠥᠮᠦᠰ ᠮᠣᠷᠢᠨ ᠠ᠋ᠴᠠ ᠪᠠᠨ ᠪᠠᠭᠤᠵᠤ ᠪᠠᠢᠪᠠ᠃
   ᠲᠠᠯ᠎ᠠ ᠨᠤᠲᠤᠭ ᠤ᠋ᠨ ᠬᠢᠨ ᠡᠴᠡ ᠠᠷᠠᠢ ᠥᠭᠡᠷ᠎ᠡ ᠨᠢᠭᠡᠨ ᠥᠪᠡᠷᠮᠢᠴᠡ ᠮᠠᠶᠢᠭ ᠤ᠋ᠨ ᠬᠡ ᠬᠤᠸᠠᠷ ᠢ᠋ᠶ᠋ᠠᠷ ᠴᠢᠮᠡᠭᠯᠡᠭᠰᠡᠨ ᠭᠣᠶᠣᠮᠰᠣᠭ ᠰᠡᠦᠬᠡ ᠲᠡᠷᠭᠡ ᠬᠠᠷᠠᠭᠳᠠᠨ᠎ᠠ᠃ ᠰᠡᠦᠬᠡ ᠶ᠋ᠢ ᠲᠤᠯᠤᠢ ᠶ᠋ᠢᠨ ᠠᠬ᠎ᠠ ᠥᠭᠡᠳᠡᠢ ᠬᠥᠲᠥᠯᠦᠨ ᠢᠷᠡᠵᠡᠢ᠃ ᠰᠤᠷᠬᠠᠭᠲᠠᠨᠢ ᠶ᠋ᠢᠨ ᠡᠬᠡ ᠨᠢ ᠥᠬᠢᠨ ᠢ᠋ᠶ᠋ᠡᠨ ᠪᠠᠭᠤᠯᠭᠠᠬᠤ ᠪᠠᠷ ᠰᠡᠦᠬᠡ ᠲᠡᠷᠭᠡᠨ ᠦ᠌ ᠳᠡᠷᠭᠡᠳᠡ ᠢᠨᠢᠶᠡᠮᠰᠦᠭᠯᠡᠨ ᠵᠣᠭᠰᠣᠨ᠎ᠠ᠃ ᠢᠷᠡᠭᠰᠡᠨ ᠣᠯᠠᠨ ᠤ᠋ ᠳᠤᠮᠳᠠ ᠥᠬᠢᠨ ᠦ᠌ ᠡᠴᠢᠭᠡ ᠵᠠᠬ᠎ᠠ ᠬᠠᠮᠪᠤ ᠪᠠᠢᠭᠰᠠᠨ ᠦᠭᠡᠢ᠃ ᠤᠴᠢᠷ ᠨᠢ ᠲᠡᠷᠡ ᠪᠡᠷ ᠲᠠᠯ᠎ᠠ ᠨᠤᠲᠤᠭ ᠤ᠋ᠨ ᠵᠠᠩᠰᠢᠯ ᠶᠣᠰᠣ ᠪᠠᠷ ᠥᠬᠢᠨ ᠢ᠋ᠶ᠋ᠡᠨ ᠬᠥᠮᠦᠨ ᠳ᠋ᠦ᠍ ᠥᠭᠬᠦ ᠳ᠋ᠦ᠍ ᠥᠪᠡᠷ ᠢ᠋ᠶ᠋ᠡᠨ ᠢᠷᠡᠳᠡᠭ ᠦᠭᠡᠢ ᠶᠣᠰᠣ ᠶ᠋ᠢ ᠰᠠᠬᠢᠨ ᠭᠡᠷ ᠲᠡᠭᠡᠨ ᠦᠯᠡᠳᠡᠵᠡᠢ᠃ ᠡᠨᠡ ᠨᠢ ᠡᠷᠲᠡ ᠴᠠᠭ ᠲᠤ ᠠᠮᠪᠠᠭᠠᠢ ᠬᠠᠭᠠᠨ ᠬᠠᠮᠤᠭ ᠮᠣᠩᠭᠣᠯ ᠢ᠋ ᠮᠡᠳᠡᠨ ᠪᠠᠢᠬᠤ ᠦᠶ᠎ᠡ ᠳ᠋ᠦ᠍ ᠪᠤᠢᠷ᠂ ᠬᠥᠯᠥᠨ ᠨᠠᠭᠤᠷ ᠤ᠋ᠨ ᠳᠤᠮᠳᠠ ᠨᠤᠲᠤᠭᠯᠠᠨ ᠪᠠᠢᠬᠤ
 ᠲᠠᠲ᠋ᠠᠷ ᠢᠷᠭᠡᠳ ᠲᠡᠢ ᠤᠷᠤᠭ ᠪᠠᠷᠢᠯᠳᠤᠵᠤ᠂ ᠥᠬᠢᠨ ᠢ᠋ᠶ᠋ᠡᠨ ᠥᠪᠡᠷ ᠦ᠋ᠨ ᠪᠡᠶ᠎ᠡ ᠪᠡᠷ ᠬᠦᠷᠭᠡᠵᠦ ᠥᠭᠬᠦ ᠭᠡᠵᠦ ᠶᠠᠪᠤᠭᠠᠳ ᠲᠠᠲ᠋ᠠᠷ ᠤ᠋ᠳ ᠲᠤ ᠪᠠᠷᠢᠭᠳᠠᠨ᠂ ᠠᠯᠲᠠᠨ ᠤᠯᠤᠰ ᠲᠤ ᠬᠦᠷᠭᠡᠭᠳᠡᠵᠦ᠂ ᠮᠣᠳᠣᠨ ᠡᠯᠵᠢᠭᠡᠨ ᠳ᠋ᠦ᠍ ᠬᠠᠳᠠᠭᠳᠠᠨ ᠦᠬᠦᠭᠰᠡᠨ ᠭᠠᠰᠢᠭᠤᠨ ᠲᠡᠦᠬᠡ ᠲᠡᠢ ᠰᠠᠯᠤᠰᠢ ᠦᠭᠡᠢ ᠬᠣᠯᠪᠣᠭ᠎ᠠ ᠲᠠᠢ᠃ ᠲᠡᠷᠡ ᠴᠠᠭ ᠠ᠋ᠴᠠ ᠬᠣᠢᠰᠢ ᠲᠠᠯ᠎ᠠ ᠨᠤᠲᠤᠭ ᠲᠤ ᠤᠷᠤᠭ ᠪᠠᠷᠢᠯᠳᠤᠵᠤ ᠬᠤᠷᠢᠮ ᠨᠠᠢᠷ ᠬᠢᠬᠦ ᠳ᠋ᠦ᠍ ᠡᠴᠢᠭᠡ ᠨᠢ ᠥᠬᠢᠨ ᠢ᠋ᠶ᠋ᠡᠨ ᠥᠪᠡᠷ ᠦ᠋ᠨ ᠪᠡᠶ᠎ᠡ ᠪᠡᠷ ᠬᠦᠷᠭᠡᠵᠦ ᠥᠭᠬᠦ ᠶ᠋ᠢ ᠴᠡᠭᠡᠷᠯᠡᠬᠦ ᠪᠣᠯᠵᠠᠢ᠃
   ᠰᠡᠦᠬᠡ ᠲᠡᠷᠭᠡᠨ ᠦ᠌ ᠬᠠᠭᠠᠯᠭ᠎ᠠ ᠠᠯᠭᠤᠷᠬᠠᠨ ᠨᠡᠭᠡᠭᠡᠭᠳᠡᠬᠦ ᠳ᠋ᠦ᠍ ᠥᠨᠳᠥᠷ ᠪᠣᠭᠲᠣ ᠶ᠋ᠢᠨ ᠳᠣᠣᠷ᠎ᠠ ᠬᠠᠷᠠᠴᠠ ᠪᠠᠨ ᠪᠠᠭᠤᠯᠭᠠᠨ ᠢᠴᠢᠩᠭᠦᠢᠷᠡᠨ ᠰᠠᠭᠤᠭᠰᠠᠨ ᠰᠤᠷᠬᠠᠭᠲᠠᠨᠢ ᠶ᠋ᠢ ᠬᠠᠷᠠᠪᠠᠯ ᠦᠨᠡᠬᠡᠷ ᠦᠵᠡᠮᠵᠢ ᠭᠤᠸ᠎ᠠ ᠠᠵᠢ᠃ ᠬᠡᠷᠡᠢᠳ ᠠᠢᠮᠠᠭ ᠤ᠋ᠨ ᠡᠮᠡᠰ ᠥᠬᠢᠳ ᠭᠤᠸ᠎ᠠ ᠦᠵᠡᠰᠬᠦᠯᠡᠩ ᠢ᠋ᠶ᠋ᠡᠷ ᠢ᠋ᠶ᠋ᠡᠨ ᠲᠠᠯ᠎ᠠ ᠨᠤᠲᠤᠭ ᠤ᠋ᠨ ᠬᠢ ᠡᠴᠡ ᠢᠯᠡᠭᠦᠦ ᠭᠡᠯᠴᠡᠳᠡᠭ ᠦᠨᠡᠨ ᠠᠵᠤᠭᠤ᠃ ᠲᠣᠮᠣ ᠠᠯᠠᠭ ᠨᠢᠳᠦ᠂ ᠥᠳᠬᠡᠨ ᠬᠥᠮᠥᠰᠬᠡ᠂ ᠤᠷᠲᠤ ᠰᠣᠷᠮᠤᠤᠰᠤ ᠥᠨᠳᠥᠷᠳᠡᠭᠦᠦ ᠬᠠᠮᠠᠷ ᠲᠠᠢ ᠰᠤᠷᠬᠠᠭᠲᠠᠨᠢ ᠶ᠋ᠢᠨ ᠬᠠᠴᠠᠷ ᠨᠢ ᠤᠯᠠᠭ᠎ᠠ ᠪᠤᠲᠠᠷᠠᠭᠰᠠᠨ ᠴᠤ ᠬᠠᠷᠠᠴᠠ ᠨᠢ ᠲᠣᠭᠲᠠᠭᠤᠨ ᠬᠠᠷᠠᠭᠳᠠᠨ᠎ᠠ᠃ ᠲᠡᠷᠡ ᠬᠠᠴᠠᠷ ᠤᠷᠤᠭᠤᠯ ᠢ᠋ᠶ᠋ᠠᠨ ᠶᠠᠭᠠᠨ ᠥᠩᠭᠡ ᠪᠡᠷ ᠪᠣᠳᠣᠵᠤ᠂ ᠨᠢᠭᠤᠷ ᠲᠠᠭᠠᠨ ᠣ ᠡᠩᠭᠡᠰᠬᠡ ᠲᠦᠷᠬᠢᠵᠡᠢ᠃ ᠥᠳᠬᠡᠨ ᠬᠥᠮᠥᠰᠬᠡ ᠪᠡᠨ ᠨᠠᠷᠢᠬᠠᠨ ᠲᠡᠭᠰᠢ ᠬᠡᠯᠪᠡᠷᠢ ᠲᠡᠢ ᠪᠡᠷ ᠵᠠᠰᠠᠵᠤ᠂ ᠣᠯᠠᠨ ᠰᠠᠯᠠᠭ᠎ᠠ ᠰᠦᠯᠵᠢᠭᠰᠡᠨ ᠭᠡᠵᠢᠭᠡ ᠪᠡᠨ ᠵᠠᠳᠠᠯᠤᠨ ᠬᠤᠮᠢᠵᠤ᠂ ᠲᠣᠯᠣᠭᠠᠢ ᠶ᠋ᠢᠨ ᠪᠣᠭᠣᠯᠲᠠ ᠳ᠋ᠤ᠌ ᠬᠢᠨ᠂ ᠥᠨᠳᠥᠷ ᠪᠣᠭᠲᠣ ᠡᠮᠦᠰᠦᠭᠰᠡᠨ ᠨᠢ ᠬᠡᠵᠢᠶᠡᠨ ᠦ᠌ ᠬᠠᠲᠤᠨ ᠬᠥᠮᠦᠨ ᠦ᠌ ᠭᠤᠸ᠎ᠠ ᠦᠵᠡᠰᠬᠦᠯᠡᠩ ᠪᠦᠷᠢᠳᠴᠡᠢ᠃ ᠲᠡᠭᠦᠨ ᠦ᠌ ᠬᠠᠴᠠᠷ ᠲᠤ ᠬᠣᠩᠬᠣᠢᠬᠤ ᠪᠢᠴᠢᠬᠠᠨ ᠬᠣᠩᠬᠣᠷᠬᠠᠢ ᠯᠠ ᠶᠡᠬᠡ ᠪᠠᠭ᠎ᠠ ᠨᠠᠰᠤᠨ ᠠ᠋ᠴᠠ ᠨᠢ ᠦᠯᠡᠳᠡᠭᠰᠡᠨ ᠴᠣᠷ ᠤ᠋ᠨ ᠭᠠᠭᠴᠠ ᠵᠦᠢᠯ ᠮᠡᠲᠦ ᠰᠠᠨᠠᠭᠳᠠᠨ᠎ᠠ᠃
   ᠲᠤᠯᠤᠢ ᠶ᠋ᠢᠨ ᠨᠢᠳᠦᠨ ᠳ᠋ᠦ᠍ ᠡᠬᠡᠨᠡᠷ ᠪᠣᠯᠬᠤ ᠭᠡᠵᠦ ᠪᠠᠢᠭ᠎ᠠ ᠪᠦᠰᠡᠭᠦᠢ ᠨᠢ ᠦᠵᠡᠲᠡᠯ᠎ᠡ ᠭᠤᠸ᠎ᠠ᠂ ᠵᠡᠭᠦᠰᠬᠡᠯ ᠴᠢᠮᠡᠭ ᠰᠡᠯᠲᠡ ᠲᠡᠢ ᠤᠯᠠᠮ ᠴᠤ ᠬᠥᠭᠡᠷᠦᠬᠦᠨ ᠪᠣᠯᠤᠭᠰᠠᠨ ᠬᠠᠷᠠᠭᠳᠠᠬᠤ ᠳ᠋ᠤ᠌ ᠳᠠᠬᠢᠨ ᠴᠣ ᠰᠢᠨ᠎ᠡ ᠪᠡᠷ ᠲᠠᠨᠢᠯᠴᠠᠵᠤ ᠪᠠᠢᠭ᠎ᠠ ᠮᠡᠲᠦ᠂ ᠬᠠᠷᠠᠩᠭᠤᠲᠠ ᠪᠠᠨ ᠯᠠ ᠤᠬᠠᠭᠠᠨ ᠠᠯᠲᠠᠨ ᠳᠤᠷᠠᠯᠠᠵᠤ ᠪᠠᠢᠭ᠎ᠠ ᠮᠡᠲᠦ ᠵᠢᠷᠦᠬᠡ ᠨᠢ ᠶᠡᠷᠦ ᠪᠢᠰᠢ ᠶ᠋ᠢᠨ ᠳᠣᠭᠳᠣᠯᠤᠯ ᠢ᠋ᠶ᠋ᠠᠷ ᠳᠦᠭᠦᠷᠴᠦ᠂ ᠲᠡᠨᠳᠡ ᠪᠡᠨ ᠬᠦᠴᠦᠲᠡᠢ ᠴᠣᠬᠢᠯᠠᠵᠤ ᠪᠠᠢᠯ᠎ᠠ᠃ ᠣᠯᠠᠨ ᠰᠠᠯᠠᠭ᠎ᠠ ᠰᠦᠯᠵᠢᠭᠰᠡᠨ ᠭᠡᠵᠢᠭᠡ ᠲᠡᠢ᠂ ᠤᠬᠠᠭᠠᠯᠢᠭ ᠠᠯᠠᠭ ᠨᠢᠳᠦ ᠲᠡᠢ᠂ ᠲᠠᠯ᠎ᠠ ᠶ᠋ᠢᠨ ᠰᠠᠯᠬᠢᠨ ᠤ᠋ ᠵᠢᠪᠠᠷ ᠲᠤ ᠶᠠᠭᠠᠬᠠᠨ ᠬᠠᠴᠠᠷ ᠲᠠᠢ ᠵᠢᠭᠠᠬᠠᠨ ᠥᠬᠢᠨ ᠢ᠋ ᠬᠡᠳᠦᠨ ᠬᠣᠨᠣᠭ ᠤ᠋ᠨ ᠡᠮᠦᠨ᠎ᠡ ᠬᠠᠷᠠᠵᠤ᠂ ᠣᠢᠷᠠᠲᠤᠨ ᠳᠣᠲᠣᠨᠣᠰᠴᠤ ᠪᠠᠢᠭᠰᠠᠨ ᠪᠣᠯ ᠣᠳᠣ ᠲᠡᠷᠡ ᠲᠠᠨᠢᠭᠳᠠᠬᠤ ᠪᠠᠷ ᠦᠭᠡᠢ ᠰᠦᠷᠯᠢᠭ ᠰᠠᠢᠬᠠᠨ᠂ ᠦᠵᠡᠰᠬᠦᠯᠡᠩ ᠲᠡᠭᠦᠰ ᠬᠠᠲᠤᠨ ᠪᠣᠯᠵᠠᠢ᠃ ᠥᠨᠳᠥᠷ ᠪᠣᠭᠲᠣ ᠪᠠᠨ ᠤᠨᠠᠭᠠᠬᠤ ᠦᠭᠡᠢ ᠶ᠋ᠢᠨ ᠲᠤᠯᠠᠳᠠ ᠳᠣᠷᠣᠭᠰᠢ ᠲᠣᠩᠭᠣᠢᠨ ᠠᠯᠲᠠᠨ ᠱᠠ ᠲᠠᠢ ᠤᠤᠵᠠᠨ ᠤ᠋ ᠪᠠᠨ ᠬᠣᠷᠮᠣᠢ ᠶ᠋ᠢ ᠳᠡᠭᠡᠭᠰᠢ ᠡᠷᠭᠦᠨ ᠪᠠᠭᠤᠵᠤ ᠢᠷᠡᠵᠦ ᠪᠠᠢᠭ᠎ᠠ ᠰᠤᠷᠬᠠᠭᠲᠠᠨᠢ ᠶ᠋ᠢ ᠬᠠᠷᠠᠨ ᠵᠣᠭᠰᠣᠵᠤ ᠪᠠᠢᠭᠰᠠᠨ ᠲᠤᠯᠤᠢ ᠶ᠋ᠢ ᠬᠠᠵᠠᠭᠤ ᠠ᠋ᠴᠠ ᠨᠢ ᠨᠢᠭᠡ ᠬᠥᠮᠦᠨ ᠨᠢᠳᠤᠷᠤᠯ᠎ᠠ᠃ ᠬᠠᠷᠠᠪᠠᠯ ᠴᠠᠭᠠᠲᠠᠢ ᠠᠬ᠎ᠠ ᠨᠢ᠂
   — ᠶᠠᠭᠤ ᠪᠠᠨ ᠬᠢᠭᠡᠳ ᠪᠠᠢᠭ᠎ᠠ ᠶᠤᠮ ᠪᠣᠢ᠃ ᠬᠤᠷᠳᠤᠨ ᠣᠴᠢᠵᠤ ᠬᠠᠲᠤᠨ ᠢ᠋ᠶ᠋ᠠᠨ ᠲᠣᠰᠣᠨ ᠭᠡᠷ ᠲᠡᠭᠡᠨ ᠤᠷᠤᠭᠤᠯ ᠭᠡᠬᠦ ᠳ᠋ᠦ᠍ᠨᠢ ᠰᠠᠶᠢ ᠤᠬᠠᠭᠠᠨ ᠣᠷᠣᠵᠤ ᠰᠤᠷᠬᠠᠭᠲᠠᠨᠢ ᠶ᠋ᠢᠨ ᠥᠭᠡᠳᠡ ᠡᠴᠡ ᠲᠣᠰᠣᠨ ᠣᠴᠢᠵᠤ ᠭᠠᠷ ᠠ᠋ᠴᠠ ᠨᠢ ᠬᠥᠲᠥᠯᠦᠨ ᠵᠥᠭᠡᠯᠡᠨ ᠪᠠᠭᠤᠯᠭᠠᠯ᠎ᠠ᠃ ᠲᠡᠭᠦᠨ ᠦ᠌ ᠭᠠᠷ ᠲᠤ ᠬᠦᠷᠬᠦ ᠳ᠋ᠦ᠍ ᠳᠠᠬᠢᠭᠠᠳ ᠯᠠ ᠵᠢᠷᠦᠬᠡᠨ ᠳ᠋ᠦ᠍ᠨᠢ ᠬᠠᠯᠠᠭᠤᠨ ᠭᠠᠯ ᠤᠷᠤᠰᠤᠨ ᠣᠷᠣᠵᠤ ᠢᠷᠡᠬᠦ ᠰᠢᠭ ᠰᠠᠨᠠᠭᠳᠠᠵᠤ᠂ ᠰᠤᠷᠬᠠᠭᠲᠠᠨᠢ ᠴᠤ ᠮᠥᠨ ᠡᠨᠡ ᠮᠡᠳᠡᠷᠡᠮᠵᠢ ᠲᠥᠷᠥᠭᠰᠡᠨ ᠪᠣᠯᠤᠯᠲᠠᠢ ᠬᠠᠴᠠᠷ ᠨᠢ ᠤᠯᠠᠮ ᠤᠯᠠᠭ᠎ᠠ ᠪᠤᠲᠠᠷᠠᠭᠰᠠᠨ ᠬᠠᠷᠠᠭᠳᠠᠨ᠎ᠠ᠃ ᠲᠡᠳᠡ ᠬᠤᠷᠢᠮ ᠤ᠋ᠨ ᠡᠮᠦᠨ᠎ᠡ ᠠᠭᠤᠯᠵᠠᠵᠤ ᠨᠥᠬᠥᠷᠯᠡᠵᠦ᠂ ᠣᠯᠠᠨ ᠤᠳᠠᠭ᠎ᠠ ᠶᠠᠷᠢᠶ᠎ᠠ ᠳᠡᠯᠭᠡᠭᠰᠡᠨ ᠪᠣᠯᠪᠠᠴᠤ ᠢᠩᠭᠢᠵᠦ ᠭᠠᠷ ᠭᠠᠷ ᠠ᠋ᠴᠠ ᠪᠠᠨ ᠪᠠᠷᠢᠯᠴᠠᠵᠤ᠂ ᠲᠡᠷᠡ ᠪᠦᠦ ᠬᠡᠯᠡ ᠣᠯᠠᠨ ᠬᠥᠮᠦᠨ ᠦ᠌ ᠨᠢᠳᠦᠨ ᠳᠡᠭᠡᠷ᠎ᠡ ᠪᠡᠶ᠎ᠡ ᠪᠡᠶ᠎ᠡ ᠳ᠋ᠡᠭᠡᠨ ᠬᠦᠷᠴᠦ ᠪᠠᠢᠭᠰᠠᠨ ᠦᠭᠡᠢ ᠶᠦᠮ᠃ ᠡᠩᠨᠡᠨ ᠵᠣᠭᠰᠣᠭᠰᠠᠨ ᠬᠥᠮᠦᠰ ᠦ᠋ᠨ ᠳᠤᠮᠳᠠᠭᠤᠷ ᠬᠥᠲᠥᠯᠦᠯᠴᠡᠨ ᠠᠯᠬᠤᠬᠤ ᠬᠣᠶᠠᠷ ᠵᠠᠯᠠᠭᠤ ᠭᠡᠷ ᠲᠦ᠍ ᠣᠷᠣᠯ᠎ᠠ᠃ ᠠᠷᠤ ᠠ᠋ᠴᠠ ᠨᠢ ᠬᠥᠮᠦᠰ ᠡᠭᠡᠯᠵᠢ ᠳᠠᠷᠠᠭ᠎ᠠ ᠪᠠᠷ ᠢ᠋ᠶ᠋ᠠᠨ ᠣᠷᠣᠵᠤ ᠰᠠᠭᠤᠳᠠᠯ ᠢ᠋ᠶ᠋ᠠᠨ ᠡᠵᠡᠯᠡᠨ ᠰᠤᠷᠬᠠᠭᠲᠠᠨᠢ ᠲᠤᠯᠭᠠᠨ ᠳ᠋ᠤ᠌ ᠪᠡᠯᠡᠳᠬᠡᠭᠰᠡᠨ ᠠᠷᠭᠠᠯ ᠢ᠋ ᠡᠴᠢᠭᠡ ᠶ᠋ᠢᠨ ᠭᠣᠯᠣᠮᠲᠠ ᠠ᠋ᠴᠠ ᠭᠠᠯ ᠲᠠᠰᠤᠯᠤᠨ ᠠᠪᠴᠢᠷᠠᠵᠤ  ᠪᠠᠳᠠᠷᠠᠭᠠᠯ᠎ᠠ᠃ ᠬᠤᠷᠢᠮ ᠨᠠᠢᠷ ᠤ᠋ᠨ ᠶᠣᠰᠣ ᠨᠡᠩ ᠡᠷᠲᠡᠨ ᠦ᠌ ᠲᠢᠭ ᠤᠯᠠᠮᠵᠢᠯᠠᠯ ᠲᠠᠢ ᠲᠤᠯᠠ ᠲᠡᠳᠡᠨ ᠡᠴᠡ ᠬᠠᠮᠢᠶᠠᠷᠬᠤ ᠦᠭᠡᠢ ᠪᠡᠷ ᠪᠦᠬᠦ ᠵᠦᠢᠯ ᠪᠣᠯᠳᠠᠭ ᠢ᠋ᠶ᠋ᠠᠷ ᠢ᠋ᠶ᠋ᠠᠨ ᠪᠣᠯᠵᠤ᠂ ᠨᠢᠭᠡ ᠯᠡ ᠮᠡᠳᠡᠬᠦ ᠳ᠋ᠦ᠍ ᠴᠤᠭᠯᠠᠭᠰᠠᠨ ᠣᠯᠠᠨ ᠤ᠋ ᠶᠠᠷᠢᠶ᠎ᠠ ᠬᠠᠯᠠᠵᠤ᠂ ᠨᠠᠢᠷ ᠨᠠᠭᠠᠳᠤᠮ ᠥᠷᠨᠢᠵᠡᠢ᠃
   ᠬᠣᠣᠰ ᠬᠣᠶᠠᠷ ᠤ᠋ᠨ ᠡᠮᠦᠨ᠎ᠡ ᠴᠠᠷ᠎ᠠ ᠲᠠᠢ ᠮᠢᠬ᠎ᠠ ᠠᠭᠤᠷ ᠰᠠᠪᠰᠠᠭᠤᠯᠤᠨ ᠠᠪᠴᠢᠷᠠᠵᠤ ᠲᠠᠯᠪᠢᠯ᠎ᠠ᠃ᠴᠠᠷ᠎ᠠ ᠳᠡᠭᠡᠷ᠎ᠡ ᠢᠳᠡᠭᠡ ᠰᠢᠭᠦᠰᠦ᠂ ᠬᠣᠨᠢᠨ ᠤ᠋ ᠬᠦᠵᠦᠭᠦᠦ ᠲᠠᠯᠪᠢᠵᠠᠢ᠃
ᠵᠠᠯᠠᠭᠤ ᠬᠣᠣᠰ ᠡᠨᠡ ᠶᠣᠰᠣ ᠶ᠋ᠢ ᠰᠠᠢᠨ ᠮᠡᠳᠡᠨ᠎ᠡ᠃ᠭᠠᠯ ᠭᠣᠯᠣᠮᠲᠠ ᠪᠠᠨ ᠪᠠᠳᠠᠷᠠᠭᠠᠵᠤ ᠪᠣᠢ ᠵᠠᠯᠠᠭᠤᠰ ᠤ᠋ᠨ ᠢᠷᠡᠭᠡᠳᠦᠢ ᠶ᠋ᠢ ᠬᠦᠵᠦᠭᠦᠨ ᠦ᠌ ᠶᠠᠰᠤ ᠰᠢᠭ᠋ ᠡᠪᠲᠡᠢ᠂ ᠪᠠᠲᠤ ᠪᠡᠬᠢ ᠪᠠᠢᠬᠤ ᠶ᠋ᠢ ᠪᠡᠯᠭᠡᠳᠡᠨ ᠭᠤᠷᠪᠠᠨ ᠬᠣᠨᠣᠭ ᠤ᠋ᠨ ᠲᠤᠷᠰᠢ ᠬᠦᠵᠦᠭᠦᠦ ᠢᠳᠡᠭᠦᠯᠦᠨ ᠨᠠᠢᠷᠯᠠᠳᠠᠭ ᠵᠠᠩᠰᠢᠯ ᠲᠠᠢ ᠪᠢᠯᠡ᠃
   ᠮᠣᠩᠭᠣᠯ ᠤ᠋ᠨ ᠠᠭᠤᠳᠠᠮ ᠲᠠᠯ᠎ᠠ ᠶ᠋ᠢᠨ ᠬᠦᠴᠦᠷᠬᠡᠭ ᠭᠡᠷ ᠪᠦᠯᠢ ᠶ᠋ᠢᠨ ᠬᠤᠷᠢᠮ ᠨᠠᠢᠷ ᠰᠥᠨᠢ ᠳᠦᠯᠢ ᠪᠣᠯᠲᠠᠯ᠎ᠠ ᠦᠷᠭᠦᠯᠵᠢᠯᠡᠵᠦ᠂ ᠬᠣᠣᠰ ᠤ᠋ᠳ ᠤ᠋ᠨ ᠬᠥᠰᠢᠭᠡ ᠲᠠᠢᠯᠬᠤ ᠶᠣᠰᠣᠯᠠᠯ ᠪᠣᠯᠤᠭᠰᠠᠨ ᠤ᠋ ᠳᠠᠷᠠᠭ᠎ᠠ ᠬᠡᠨ ᠬᠡᠨ ᠦ᠌ ᠪᠡᠨ ᠪᠡᠶ᠎ᠡ ᠰᠡᠳᠬᠢᠯ ᠢ᠋ ᠥᠪᠡᠷ ᠦ᠋ᠨ ᠪᠣᠯᠭᠠᠵᠤ᠂ ᠪᠦᠷᠢᠨ᠎ᠡ ᠮᠡᠳᠡᠷᠡᠭᠰᠡᠨ ᠬᠣᠶᠠᠷ ᠵᠠᠯᠠᠭᠤ ᠨᠢᠭᠡ ᠯᠡ ᠮᠡᠳᠡᠬᠦᠯ᠎ᠡ ᠭᠦᠨ ᠨᠣᠢᠷ ᠲᠤ ᠠᠪᠲᠠᠵᠠᠢ᠃ ᠦᠦᠷ ᠴᠥᠤᠷ ᠢ᠋ᠶ᠋ᠠᠷ ᠰᠤᠷᠬᠠᠭᠲᠠᠨᠢ ᠶ᠋ᠢᠨ ᠵᠡᠭᠦᠳᠦᠨ ᠳ᠋ᠦ᠍ ᠨᠥᠭᠥᠭᠡᠬᠢ ᠠᠯᠲᠠᠨ ᠰᠢᠮᠠᠭᠤᠯ ᠨᠤᠭᠤᠳ ᠳᠠᠬᠢᠨ ᠣᠷᠣᠵᠤ ᠢᠷᠡᠵᠦ ᠬᠠᠮᠠᠷ ᠤ᠋ᠨ ᠨᠦᠬᠡ ᠪᠡᠷ ᠨᠢ ᠱᠤᠩᠭᠢᠨᠠᠨ ᠣᠷᠣᠭᠰᠠᠨ ᠳ᠋ᠤ᠌ ᠲᠡᠷᠡ ᠳᠠᠬᠢᠭᠠᠳ ᠯᠠ ᠬᠠᠬᠠᠵᠤ ᠴᠡᠴᠡᠨ ᠰᠡᠷᠡᠯ᠎ᠡ᠃
ᠠᠮᠢᠰᠬᠤᠯ ᠨᠢ ᠪᠥᠭᠯᠡᠷᠡᠨ ᠪᠠᠭᠲᠠᠷᠠᠬᠤ ᠡᠬᠡᠨᠡᠷ ᠦ᠋ᠨ ᠢ᠋ᠶ᠋ᠡᠨ ᠨᠢᠷᠤᠭᠤ ᠶ᠋ᠢ ᠲᠤᠯᠤᠢ ᠭᠠᠭᠴᠠ ᠬᠣᠶᠠᠷ ᠵᠥᠭᠡᠯᠡᠨ ᠴᠣᠬᠢᠭᠰᠠᠨ ᠪᠣᠯᠪᠠᠴᠤ ᠲᠤᠰᠠ ᠶ᠋ᠢ ᠣᠯᠤᠭᠰᠠᠨ ᠦᠭᠡᠢ᠂ ᠰᠤᠷᠬᠠᠭᠲᠠᠨᠢ ᠰᠠᠶᠢ ᠨᠢᠭᠡ ᠠᠮᠢᠰᠬᠤᠭ᠎ᠠ ᠪᠦᠷᠢᠨ ᠠᠪᠤᠭᠠᠳ ᠲᠠᠢᠪᠤᠰᠢᠷᠠᠨ ᠡᠷᠭᠢᠵᠦ ᠬᠡᠪᠲᠡᠯ᠎ᠡ᠃
   ᠲᠤᠯᠤᠢ ᠤᠨᠲᠠᠵᠤ ᠴᠢᠳᠠᠬᠤ ᠦᠭᠡᠢ ᠦᠦᠷ ᠴᠥᠤᠷ  ᠢ᠋ᠶ᠋ᠠᠷ ᠰᠡᠷᠡᠭᠰᠡᠨ ᠬᠠᠲᠤᠨ ᠤ᠋ ᠪᠠᠨ ᠲᠣᠯᠣᠭᠠᠢ ᠳᠡᠭᠡᠷ᠎ᠡ ᠭᠠᠷ ᠢ᠋ᠶ᠋ᠠᠨ ᠲᠠᠯᠪᠢᠨ ᠬᠠᠯᠠᠭᠤᠨ ᠲᠠᠢ ᠡᠰᠡᠬᠦ ᠶ᠋ᠢ ᠨᠢ ᠰᠢᠯᠭᠠᠭᠠᠳ·
   — ᠶᠠᠭᠠᠬᠢᠭ᠎ᠠ ᠪᠣᠢ᠂ ᠵᠡᠭᠦᠳᠦᠨ ᠳ᠋ᠡᠭᠡᠨ ᠬᠠᠬᠠᠵᠤ ᠴᠠᠴᠠᠭᠠᠳ ᠪᠠᠢᠬᠤ ᠴᠢᠨᠢ᠃ ᠰᠤᠷᠬᠠᠭᠲᠠᠨᠢ ᠬᠡᠰᠡᠭ ᠪᠣᠳᠣᠯ ᠪᠣᠯᠤᠨ ᠬᠡᠪᠲᠡᠭᠡᠳ ᠲᠤᠯᠤᠢ ᠳ᠋ᠤ᠌᠂
   — ᠪᠢ ᠡᠨᠡ ᠵᠡᠭᠦᠳᠦ ᠶ᠋ᠢ ᠬᠣᠶᠠᠷ ᠤᠳᠠᠭ᠎ᠠ ᠵᠡᠭᠦᠳᠦᠯᠡᠯ᠎ᠡ᠂ ᠬᠠᠮᠢᠭ᠎ᠠ ᠨᠢᠭᠡ ᠭᠠᠵᠠᠷ ᠠ᠋ᠴᠠ ᠠᠯᠲᠠᠨ ᠬᠠᠢᠷᠴᠠᠭ ᠣᠯᠤᠭᠠᠳ ᠠᠮᠠ ᠶ᠋ᠢ ᠨᠢ ᠨᠡᠭᠡᠭᠡᠪᠡᠯ ᠳᠥᠷᠪᠡᠨ ᠠᠯᠲᠠᠨ ᠰᠢᠮᠠᠭᠤᠯ ᠬᠠᠮᠠᠷ ᠤ᠋ᠨ ᠨᠦᠬᠡ ᠪᠡᠷ ᠣᠷᠣᠵᠤ ᠶᠠᠪᠤᠴᠢᠬᠠᠬᠤ ᠶᠤᠮ᠂ ᠲᠤᠯᠤᠢ ᠬᠠᠲᠤᠨ ᠤ᠋ ᠪᠠᠨ ᠡᠨᠡ ᠬᠠᠴᠢᠨ ᠵᠡᠭᠦᠳᠦ ᠶ᠋ᠢ ᠰᠣᠨᠣᠰᠤᠭᠠᠳ᠂ ᠢᠨᠢᠶᠡᠳᠦ ᠨᠢ ᠬᠦᠷᠴᠦ ᠪᠠᠢᠭ᠎ᠠ ᠪᠣᠯᠤᠯᠲᠠᠢ ᠵᠤᠤᠮᠠᠯᠵᠠᠵᠤ᠂
   — ᠡᠷᠳᠡᠨᠢ ᠶᠡᠬᠡ ᠣᠯᠬᠤ ᠨᠢ ᠳᠡ ᠴᠢ ᠪᠢᠳᠡ ᠬᠣᠶᠠᠷ᠂ ᠳᠥᠷᠪᠡᠨ ᠰᠢᠮᠠᠭᠤᠯ ᠭᠡᠳᠡᠭ ᠨᠢ ᠳᠥᠷᠪᠡᠨ ᠶᠡᠬᠡ ᠡᠷᠳᠡᠨᠢ ᠶᠦᠮ ᠪᠣᠯᠪᠠ ᠤᠤ ᠭᠡᠵᠦ ᠬᠡᠯᠡᠭᠡᠳ ᠬᠡᠭᠡᠷ᠎ᠡ ᠶ᠋ᠢᠨ ᠴᠡᠴᠡᠭ ᠦ᠋ᠨ ᠠᠩᠬᠢᠯᠤᠮ᠎ᠠ ᠦᠨᠦᠷᠲᠦ ᠰᠠᠢᠬᠠᠨ ᠭᠡᠵᠢᠭᠡ ᠶ᠋ᠢ ᠨᠢ ᠦᠨᠦᠷᠯᠡᠨ ᠡᠩᠬᠦᠷᠡᠢᠯᠡᠭᠡᠳ᠂
ᠲᠦᠳᠡ ᠤᠳᠠᠯ ᠦᠭᠡᠢ ᠠᠮᠲᠠᠲᠤ ᠨᠣᠢᠷ ᠲᠠᠭᠠᠨ ᠤᠨᠲᠠᠯ᠎ᠠ᠃
   ᠰᠤᠷᠬᠠᠭᠲᠠᠨᠢ ᠪᠤᠴᠠᠨ ᠬᠡᠪᠲᠡᠭᠰᠡᠨ ᠪᠣᠯᠪᠠᠴᠤ ᠬᠥᠷᠪᠡᠭᠰᠡᠭᠡᠷ ᠨᠢᠭᠡ ᠮᠡᠳᠡᠬᠦ ᠳ᠋ᠦ᠍ ᠦᠦᠷ ᠴᠠᠢᠵᠠᠢ᠃
   ᠦᠦᠷ ᠴᠦᠦᠷ ᠢ᠋ᠶ᠋ᠡᠷ ᠵᠡᠭᠦᠳᠦᠨ ᠳ᠋ᠦ᠍ ᠣᠷᠣᠭᠠᠳ ᠪᠠᠢᠭ᠎ᠠ ᠡᠨᠡ ᠬᠠᠴᠢᠨ ᠰᠢᠮᠠᠭᠤᠯ ᠨᠤᠭᠤᠳ ᠴᠣᠬᠣᠮ ᠶᠠᠭᠤ ᠶᠤᠮ ᠪᠣᠯ᠂ ᠨᠡᠭᠡᠷᠡᠨ ᠡᠷ᠎ᠡ ᠨᠥᠬᠥᠷ ᠦ᠋ᠨ ᠢ᠋ᠶ᠋ᠡᠨ ᠬᠡᠯᠡᠳᠡᠭ ᠢ᠋ᠶ᠋ᠡᠷ ᠡᠷᠳᠡᠨᠢ ᠶ᠋ᠢ ᠣᠯᠵᠤ ᠴᠤ ᠪᠠᠢᠵᠤ ᠮᠠᠭᠠᠳ ᠦᠭᠡᠢ ᠭᠡᠵᠦ ᠪᠣᠳᠣᠭᠠᠳ ᠬᠠᠭᠠᠨ ᠡᠵᠡᠨ ᠳ᠋ᠦ᠍ ᠣᠴᠢᠭᠰᠠᠨ ᠡᠭᠡᠴᠢ ᠶ᠋ᠢᠨ ᠢ᠋ᠶ᠋ᠡᠨ ᠲᠤᠬᠠᠢ ᠰᠠᠨᠠᠪᠠ᠃ ᠬᠥᠭᠡᠷᠦᠬᠦᠢ᠂ ᠡᠭᠡᠴᠢ ᠮᠢᠨᠢ ᠶᠠᠭᠠᠬᠢᠭ᠎ᠠ ᠪᠣᠯ᠂ ᠡᠬᠡᠨᠡᠷ ᠬᠡᠦᠬᠡᠳ ᠲᠡᠢ ᠬᠥᠮᠦᠨ ᠦ᠌ ᠪᠠᠭ᠎ᠠ ᠬᠠᠲᠤᠨ ᠪᠠᠢᠨ᠎ᠠ ᠭᠡᠳᠡᠭ ᠬᠦᠰᠡᠬᠦ ᠬᠤᠪᠢ ᠵᠠᠶᠠᠭ᠎ᠠ ᠪᠢᠰᠢ᠂ ᠢᠩᠭᠢᠵᠦ ᠪᠠᠢᠬᠤ ᠪᠠᠷ ᠡᠭᠡᠴᠢ ᠶ᠋ᠢᠨ ᠢ᠋ᠶ᠋ᠡᠨ ᠡᠮᠦᠨ᠎ᠡ ᠡᠴᠡ ᠲᠡᠭᠦᠨ ᠳ᠋ᠦ᠍ ᠣᠴᠢᠬᠤ ᠦᠭᠡᠢ ᠶᠠᠭᠠᠬᠢᠪᠠ ᠳᠠ ᠭᠡᠵᠦ ᠪᠣᠳᠣᠬᠤ ᠠᠪᠠᠴᠤ ᠬᠠᠵᠠᠭᠤ ᠳ᠋ᠠᠭᠠᠨ ᠬᠡᠪᠲᠡᠵᠦ ᠪᠠᠢᠭ᠎ᠠ ᠬᠦᠳᠡᠷ ᠰᠠᠢᠬᠠᠨ ᠡᠷ᠎ᠡ ᠨᠥᠬᠥᠷ ᠢ᠋ᠶ᠋ᠡᠨ ᠬᠠᠷᠠᠭᠠᠳ ᠡᠨᠡ ᠪᠣᠳᠣᠯ ᠢ᠋ᠶ᠋ᠠᠨ ᠴᠢᠩ ᠰᠡᠳᠬᠢᠯ ᠦ᠋ᠨ ᠬᠢ ᠪᠢᠰᠢ ᠪᠣᠯᠬᠤ ᠶ᠋ᠢ ᠣᠢᠯᠠᠭᠠᠵᠤ ᠪᠠᠢᠯ᠎ᠠ᠃
   — ᠬᠠᠭᠠᠨ ᠳᠠᠭᠤᠳᠠᠭᠤᠯᠵᠤ ᠪᠠᠢᠨ᠎ᠠ᠃
ᠡᠨᠡ ᠳᠠᠭᠤᠨ ᠢ᠋ᠶ᠋ᠠᠷ ᠰᠤᠷᠬᠠᠭᠲᠠᠨᠢ ᠠᠯᠤᠰ ᠲᠡᠷᠲᠡᠭᠡ ᠤᠷᠤᠭᠤ ᠬᠦᠪᠦᠷᠡᠭᠰᠡᠨ ᠪᠣᠳᠣᠯ ᠠ᠋ᠴᠠ ᠪᠠᠨ ᠲᠠᠰᠤᠷᠠᠯ᠎ᠠ᠃ ᠬᠡᠯᠡ ᠬᠦᠷᠭᠡᠭᠡᠳ ᠪᠤᠴᠠᠭᠰᠠᠨ ᠬᠥᠮᠦᠨ ᠦ᠌ ᠠᠷᠤ ᠠ᠋ᠴᠠ ᠬᠠᠷᠠᠨ ᠵᠣᠭᠰᠣᠵᠤ ᠪᠠᠢᠭᠰᠠᠨ ᠢ᠋ᠶ᠋ᠠᠨ《ᠬᠠᠭᠠᠨ ᠳᠠᠭᠤᠳᠠᠭᠤᠯᠵᠤ ᠪᠠᠢᠨ᠎ᠠ》 ᠭᠡᠰᠡᠨ ᠦᠭᠡ ᠳᠠᠬᠢᠨ ᠴᠢᠬᠢᠨ ᠳ᠋ᠦ᠍ᠨᠢ ᠰᠣᠨᠣᠰᠳᠠᠬᠤ ᠰᠢᠭ᠋ ᠪᠣᠯᠵᠤ᠂ ᠶᠡᠬᠡ ᠬᠠᠭᠠᠨ ᠤ᠋ ᠥᠷᠭᠥᠭᠡ ᠤᠷᠤᠭᠤ ᠶᠠᠪᠤᠯ᠎ᠠ᠃《ᠲᠠᠯ᠎ᠠ ᠨᠤᠲᠤᠭ ᠲᠤ ᠦᠷᠭᠦᠯᠵᠢᠯᠡᠭᠰᠡᠭᠡᠷ ᠪᠠᠢᠭ᠎ᠠ ᠲᠡᠢᠨ ᠳᠠᠵᠢᠨ ᠤ᠋ ᠬᠥᠯ ᠳ᠋ᠦ᠍ ᠡᠭᠡᠯ ᠠᠷᠠᠳ ᠤ᠋ᠳ ᠢᠯᠡᠭᠦᠦ ᠶᠡᠬᠡ ᠪᠡᠷ ᠵᠣᠪᠠᠨ ᠭᠡᠯᠮᠡᠭᠳᠡᠳᠡᠭ ᠶᠦᠮ ᠤᠤ》 ᠭᠡᠬᠦ ᠪᠣᠳᠣᠯ ᠲᠡᠭᠡᠭᠡᠨ᠂ ᠴᠡᠷᠢᠭ ᠦ᠋ᠳ ᠦ᠋ᠨ ᠬᠠᠵᠠᠭᠤ ᠪᠠᠷ ᠶᠠᠪᠤᠵᠤ ᠪᠠᠢᠬᠤ ᠳ᠋ᠠᠭᠠᠨ ᠤᠷᠠᠭᠳᠠᠵᠤ ᠭᠠᠩᠳᠠᠭᠰᠠᠨ ᠬᠤᠪᠴᠠᠰᠤ ᠲᠠᠢ᠂ ᠤᠯᠠ ᠨᠢ ᠬᠠᠩᠵᠠᠷᠠᠭᠰᠠᠨ ᠭᠤᠲᠤᠯ ᠲᠠᠢ᠂ ᠰᠢᠷᠬ᠎ᠠ ᠰᠣᠷᠪᠢ ᠪᠣᠯᠤᠭᠰᠠᠨ ᠡᠷᠡᠰ ᠳᠥᠩᠭᠡᠵᠦ ᠰᠠᠶᠢᠬᠠᠨ ᠶᠡᠬᠡ ᠠᠭᠤᠷᠠᠭ ᠤ᠋ᠨ ᠣᠢᠷᠠᠯᠴᠠᠭ᠎ᠠ ᠪᠠᠢᠬᠤ ᠠᠪᠤᠷᠭᠤ᠂ ᠲᠣᠰᠣᠨ ᠨᠠᠭᠤᠷ ᠲᠤ ᠮᠣᠷᠢᠲᠠᠢ ᠪᠠᠨ ᠣᠷᠣᠭᠠᠳ ᠢᠷᠡᠭᠰᠡᠨ ᠢ᠋ ᠬᠠᠷᠠᠵᠤ ᠪᠠᠢᠯ᠎ᠠ᠃《ᠬᠥᠮᠦᠨ ᠦ᠌ ᠨᠤᠲᠤᠭ ᠤ᠋ᠨ ᠰᠢᠷᠣᠢ ᠶ᠋ᠢ ᠠᠷᠢᠭᠤᠨ ᠤᠰᠤ ᠪᠠᠷ ᠢ᠋ᠶ᠋ᠠᠨ ᠤᠬᠢᠶᠠᠳᠠᠭ》 ᠭᠡᠵᠦ ᠶᠠᠷᠢᠯᠴᠠᠳᠠᠭ ᠶᠡᠬᠡ ᠨᠤᠲᠤᠭ ᠤ᠋ᠨ ᠠᠪᠤᠷᠭᠤ᠂ ᠲᠣᠰᠣᠨ ᠬᠡᠮᠡᠬᠦ ᠬᠣᠶᠠᠷ ᠨᠠᠭᠤᠷ ᠰᠢᠷᠬ᠎ᠠ ᠡᠳᠡᠭᠡᠬᠦ ᠤᠪᠠᠳᠢᠰ ᠲᠠᠢ ᠲᠤᠯᠠ ᠲᠡᠢᠨ ᠡᠴᠡ ᠡᠰᠡᠨ ᠮᠡᠨᠳᠦ ᠡᠷᠭᠢᠨ ᠢᠷᠡᠭᠰᠡᠨ ᠴᠡᠷᠢᠭ ᠡᠷᠡᠰ ᠮᠣᠷᠢ ᠲᠠᠢ ᠪᠠᠨ ᠡᠨᠡ ᠨᠠᠭᠤᠷ ᠲᠤ ᠣᠷᠣᠵᠤ᠂ ᠰᠢᠷᠬ᠎ᠠ ᠪᠠᠨ ᠠᠨᠠᠭᠠᠳᠠᠭ ᠪᠠᠢᠪᠠ᠃ ᠰᠤᠷᠬᠠᠭᠲᠠᠨᠢ ᠴᠢᠩᠭᠢᠰ ᠬᠠᠭᠠᠨ ᠤ᠋ ᠦᠷᠭᠦᠭᠡᠨ ᠳ᠋ᠦ᠍ ᠶᠠᠪᠤᠵᠤ ᠣᠷᠣᠯ᠎ᠠ᠃
   — ᠮᠢᠨᠦ ᠠᠴᠢ ᠡᠷ᠎ᠡ 
ᠬᠥᠮᠦᠨ ᠪᠣᠯᠵᠠᠢ᠃ ᠡᠨᠡ ᠪᠤᠯᠴᠢᠩ ᠰᠢᠷᠪᠥᠰᠥ ᠶ᠋ᠢ ᠨᠢ ᠬᠠᠷᠠ ᠭᠡᠮᠡᠨ ᠬᠦᠦ ᠶ᠋ᠢ ᠨᠢ ᠡᠪᠦᠷ ᠳᠡᠭᠡᠷ᠎ᠡ ᠪᠡᠨ ᠰᠠᠭᠤᠯᠭᠠᠨ ᠡᠷᠬᠡᠯᠡᠭᠦᠯᠵᠦ ᠪᠠᠢᠭ᠎ᠠ
ᠴᠢᠩᠭᠢᠰ ᠬᠠᠭᠠᠨ ᠤ᠋ ᠦᠰᠦ ᠰᠢᠨᠠ ᠠ᠋ᠴᠠ ᠪᠠᠨ ᠪᠤᠭᠤᠷᠤᠯᠲᠤᠵᠤ᠂ ᠠᠶᠠᠨ ᠲᠡᠢᠨ ᠦ᠌ ᠬᠥᠯ ᠳ᠋ᠦ᠍ ᠨᠤᠬᠤᠯᠠᠭᠳᠠᠭᠰᠠᠨ ᠤ᠋ ᠤᠯᠠ ᠮᠥᠷ ᠮᠠᠩᠨᠠᠢ ᠳ᠋ᠤᠨᠢ ᠭᠦᠨ ᠰᠠᠭᠤᠭᠰᠠᠨ ᠦᠷᠴᠢᠯᠡᠭᠡᠰᠦ ᠡᠴᠡ ᠨᠢ ᠲᠣᠳᠣᠷᠠᠨ ᠬᠠᠷᠠᠭᠳᠠᠨ᠎ᠠ᠃ ᠬᠦᠦ ᠨᠢ ᠡᠪᠦᠭᠡ ᠶ᠋ᠢᠨ ᠢ᠋ᠶ᠋ᠡᠨ ᠡᠪᠦᠷ ᠳᠡᠭᠡᠷ᠎ᠡ ᠶᠡᠬᠡ ᠯᠡ ᠳᠣᠳᠢᠭᠠᠷ᠂ ᠪᠠᠭᠠᠲᠤᠷ ᠬᠥᠮᠦᠨ ᠰᠢᠭ ᠰᠠᠭᠤᠵᠤ ᠪᠠᠢᠯ᠎ᠠ᠃
   — ᠪᠡᠷᠢ ᠮᠢᠨᠢ ᠪᠢ ᠲᠠᠯ᠎ᠠ ᠨᠤᠲᠤᠭ ᠤ᠋ᠨ ᠵᠠᠩᠰᠢᠯ ᠢ᠋ᠶ᠋ᠠᠷ ᠪᠢ ᠠᠴᠢ ᠬᠦᠦ ᠶ᠋ᠢᠨ ᠢ᠋ᠶ᠋ᠡᠨ ᠡᠷᠡᠬᠡᠢ ᠶ᠋ᠢ ᠳᠤᠰᠤᠯᠠᠬᠤ ᠬᠤᠪᠢ ᠲᠠᠢ ᠪᠠᠢᠵᠠᠢ᠃ ᠰᠡᠭᠦᠯ ᠦ᠋ᠨ ᠬᠡᠳᠦᠨ ᠵᠢᠯ ᠠᠶᠠᠨ ᠲᠡᠢᠨ ᠬᠢᠵᠦ ᠶᠠᠪᠤᠭᠰᠠᠭᠠᠷ ᠠᠩᠬᠠᠨ ᠤ᠋ ᠠᠴᠢ ᠨᠠᠷ ᠤ᠋ᠨ ᠢ᠋ᠶ᠋ᠠᠨ ᠠᠩ ᠤ᠋ᠨ ᠮᠢᠯᠢᠶᠠᠯᠭ᠎ᠠ ᠶ᠋ᠢ ᠬᠢᠵᠦ ᠦᠵᠡᠭᠰᠡᠨ ᠦᠭᠡᠢ᠃ ᠨᠠᠭᠠᠰᠢ ᠣᠢᠷᠠᠲᠤ᠃ ᠡᠴᠢᠭᠡ ᠨᠢ ᠡᠵᠡᠭᠦᠢ ᠲᠤᠯᠠ ᠴᠢᠮᠠᠢ᠍ᠢ ᠳᠠᠭᠤᠳᠠᠭᠤᠯᠤᠯ᠎ᠠ ᠭᠡᠬᠦ ᠳ᠋ᠦ᠍ ᠰᠤᠷᠬᠠᠭᠲᠠᠨᠢ ᠬᠦᠦ ᠪᠡᠨ ᠡᠬᠡ ᠬᠥᠮᠦᠨ ᠦ᠌ ᠬᠠᠢᠷ᠎ᠠ ᠶ᠋ᠢᠨ ᠨᠢᠳᠦ ᠪᠡᠷ ᠬᠠᠷᠠᠵᠤ《ᠶᠠᠭᠤᠮ᠎ᠠ ᠭᠡᠳᠡᠭ ᠰᠣᠨᠢᠨ ᠶᠤᠮ ᠳᠠ᠂ ᠲᠡᠷᠡ ᠨᠢᠭᠡᠨ ᠡᠳᠦᠷ ᠬᠠᠮᠢᠭ᠎ᠠ ᠣᠴᠢᠬᠤ ᠪᠠᠨ ᠮᠡᠳᠡᠬᠦ ᠦᠭᠡᠢ ᠶᠠᠪᠤᠭ᠎ᠠ ᠡᠴᠢᠭᠡ ᠶ᠋ᠢ ᠪᠡᠨ ᠢᠳᠬᠠᠨ ᠡᠨᠡ ᠠᠢᠯ ᠤ᠋ᠨ ᠪᠣᠱᠣᠭ᠎ᠠ ᠪᠠᠷ ᠠᠯᠬᠤᠨ ᠣᠷᠣᠵᠤ ᠢᠷᠡᠭᠡ ᠦᠭᠡᠢ ᠰᠠᠨ ᠪᠣᠯ ᠥᠨᠥᠳᠥᠷ ᠶᠡᠬᠡ ᠬᠠᠭᠠᠨ ᠤ᠋ ᠡᠪᠦᠷ ᠳᠡᠭᠡᠷ᠎ᠡ ᠡᠷᠬᠡᠯᠡᠨ ᠪᠣᠢ ᠡᠨᠡ ᠪᠢᠴᠢᠬᠠᠨ ᠠᠮᠢᠲᠠᠨ ᠲᠥᠷᠥᠬᠦ ᠦᠭᠡᠢ ᠪᠠᠢᠭᠰᠠᠨ》 ᠭᠡᠵᠦ ᠪᠣᠳᠣᠨ᠎ᠠ᠃
   ᠴᠢᠩᠭᠢᠰ ᠬᠠᠭᠠᠨ ᠠᠩ ᠤ᠋ᠨ ᠬᠡᠰᠢᠭ ᠢ᠋ ᠠᠪᠴᠢᠷᠠᠭᠤᠯᠵᠤ ᠥᠭᠡᠬᠦᠨ ᠡᠴᠡ ᠨᠢ ᠣᠭᠲᠣᠯᠤᠨ ᠡᠪᠦᠷ ᠳᠡᠭᠡᠷ᠎ᠡ ᠪᠡᠨ ᠰᠠᠭᠤᠯᠭᠠᠭᠰᠠᠨ ᠠᠴᠢ ᠬᠦᠦ ᠶ᠋ᠢᠨ ᠢ᠋ᠶ᠋ᠡᠨ ᠡᠷᠡᠬᠡᠢ ᠬᠤᠷᠤᠭᠤ ᠶ᠋ᠢ ᠳᠤᠰᠤᠯᠠᠭᠠᠳ᠂
   — ᠮᠢᠨᠦ ᠠᠴᠢ ᠶ᠋ᠢᠨ ᠡᠷᠡᠬᠡᠢ ᠬᠤᠷᠤᠭᠤ ᠨᠢ ᠡᠷᠴᠢ ᠲᠡᠢ ᠪᠠᠢᠭ᠂ ᠡᠷᠴᠢᠯᠡᠭᠰᠡᠨ ᠰᠤᠮᠤ ᠨᠢ ᠮᠡᠷᠭᠡᠨ ᠪᠠᠢᠭ ᠠ᠋᠃ ᠬᠤᠷᠤᠢ ᠬᠤᠷᠤᠢ᠃ ᠥᠨᠥᠳᠥᠷ ᠦᠨᠡᠭᠡ ᠲᠠᠤᠯᠠᠢ᠂ ᠮᠠᠷᠭᠠᠰᠢ ᠮᠠᠨᠠᠭᠤᠯ ᠪᠤᠭᠤ ᠢᠷᠡᠬᠦ ᠨᠢᠭᠡᠨ ᠡᠳᠦᠷ ᠡᠨᠡ ᠳᠡᠯᠡᠬᠡᠢ ᠶ᠋ᠢ ᠬᠤᠷᠢᠶᠠᠭᠠᠷᠠᠢ ᠭᠡᠮᠡᠨ ᠳᠤᠬᠤᠨ ᠳᠡᠭᠡᠷ᠎ᠡ ᠨᠢ ᠦᠨᠦᠰᠴᠦ ᠬᠠᠷᠠᠭᠳᠠᠯ᠎ᠠ᠃ ᠬᠦᠦ ᠠᠩᠬ᠎ᠠ ᠤᠳᠠᠭ᠎ᠠ ᠪᠠᠨ ᠡᠪᠦᠭᠡ ᠡᠴᠢᠭᠡ ᠡᠴᠡ ᠪᠡᠨ ᠮᠠᠭᠲᠠᠭᠠᠯ ᠰᠣᠨᠣᠰᠴᠤ᠂ ᠢᠩᠭᠢᠬᠦ ᠳ᠋ᠡᠭᠡᠨ ᠥᠪᠡᠷ ᠦ᠋ᠨ ᠡᠷ᠎ᠡ ᠴᠢᠳᠠᠯ ᠢ᠋ᠶ᠋ᠠᠷ ᠢ᠋ᠶ᠋ᠠᠨ ᠣᠯᠵᠤ ᠠᠪᠤᠭᠰᠠᠨ ᠭᠠᠪᠢᠶ᠎ᠠ ᠵᠢᠳᠬᠦᠯ ᠢ᠋ᠶ᠋ᠡᠷ ᠱᠠᠩᠨᠠᠭᠳᠠᠵᠤ ᠪᠠᠢᠭ᠎ᠠ ᠳ᠋ᠠᠭᠠᠨ ᠶᠡᠬᠡᠳᠡ ᠪᠠᠶᠠᠷ ᠲᠠᠢ ᠪᠠᠷ ᠡᠪᠦᠷ ᠳᠡᠭᠡᠷ᠎ᠡ ᠡᠴᠡ ᠨᠢ ᠦᠰᠦᠷᠦᠨ ᠪᠠᠭᠤᠵᠤ ᠬᠠᠭᠠᠯᠭ᠎ᠠ ᠪᠠᠷ ᠭᠠᠷᠤᠨ ᠳᠡᠭᠳᠡᠯ᠎ᠡ᠃
   — ᠬᠠᠭᠠᠨ ᠡᠪᠦᠭᠡ ᠮᠢᠨᠦ ᠡᠷᠡᠬᠡᠢ ᠶ᠋ᠢ ᠮᠢᠯᠢᠶᠠᠪᠠ ᠭᠡᠬᠦ ᠴᠠᠩᠭᠢᠨᠠᠭᠰᠠᠨ ᠳᠠᠭᠤ ᠭᠡᠷ ᠦ᠋ᠨ ᠭᠠᠳᠠᠨ᠎ᠠ ᠠ᠋ᠴᠠ ᠳᠤᠭᠤᠯᠳᠠᠬᠤ ᠶ᠋ᠢ ᠴᠢᠩᠭᠢᠰ ᠬᠠᠭᠠᠨ᠂ ᠰᠤᠷᠬᠠᠭᠲᠠᠨᠢ ᠨᠠᠷ ᠳᠣᠣᠷ᠎ᠠ ᠪᠦᠷᠢᠨ᠎ᠡ ᠰᠣᠨᠣᠰᠴᠤ ᠢᠨᠢᠶᠡᠵᠦ ᠰᠠᠭᠤᠯ᠎ᠠ᠃ ᠴᠢᠩᠭᠢᠰ ᠬᠠᠭᠠᠨ ᠦᠷᠭᠦᠯᠵᠢᠯᠡᠭᠦᠯᠦᠨ᠂
   — ᠪᠢ ᠠᠯᠲᠠᠨ ᠤᠯᠤᠰ ᠢ᠋ ᠳᠠᠢᠯᠠᠭᠠᠳ ᠪᠤᠴᠠᠬᠤ ᠳ᠋ᠠᠭᠠᠨ ᠤᠷᠠᠳ ᠠᠢᠮᠠᠭ ᠣᠯᠠᠨ ᠢ᠋ᠶ᠋ᠠᠷ ᠣᠷᠣᠭᠠᠳ ᠢᠷᠡᠯ᠎ᠡ ᠭᠡᠪᠡ᠃ ᠡᠨᠡ ᠦᠭᠡ ᠶ᠋ᠢ ᠰᠣᠨᠣᠰᠤᠭᠠᠳ ᠰᠤᠷᠬᠠᠭᠲᠠᠨᠢ ᠬᠠᠭᠠᠨ ᠤ᠋ ᠳᠠᠬᠢᠨ ᠶᠠᠭᠤ ᠬᠡᠯᠡᠬᠦ ᠶ᠋ᠢ ᠠᠯᠳᠠᠬᠤ ᠦᠭᠡᠢ ᠲᠣᠰᠣᠨ ᠠᠪᠬᠤ ᠳ᠋ᠤ᠌ ᠪᠡᠯᠡᠨ ᠢ᠋ᠶ᠋ᠡᠷ ᠠᠩᠬᠠᠷᠤᠨ ᠬᠦᠯᠢᠶᠡᠯ᠎ᠡ᠃ ᠲᠡᠷᠡ ᠦᠷᠭᠦᠯᠵᠢᠯᠡᠭᠦᠯᠦᠨ᠄
   — ᠵᠦᠷᠴᠢᠳᠠᠢ ᠶ᠋ᠢᠨ ᠭᠡᠷ ᠪᠦᠯᠢ ᠰᠠᠢᠨ ᠪᠠᠢᠭ᠎ᠠ᠂ ᠴᠢᠨᠦ ᠰᠠᠨᠠᠭ᠎ᠠ ᠵᠣᠪᠠᠬᠤ ᠨᠢ ᠠᠷᠭ᠎ᠠ ᠦᠭᠡᠢ ᠣᠯᠠᠨ ᠵᠢᠯ ᠰᠤᠷᠠᠭ ᠲᠠᠰᠤᠷᠠᠭᠰᠠᠨ ᠲᠡᠳᠡᠨ ᠢ᠋ ᠣᠳᠣ ᠣᠢᠷᠠᠬᠠᠨ ᠶᠠᠪᠤᠭᠤᠯᠤᠶ᠎ᠠ ᠭᠡᠵᠦ ᠰᠢᠢᠳᠦᠭᠡᠳ᠂ ᠨᠠᠭᠠᠰᠢ ᠨᠡᠭᠦᠨ ᠢᠷᠡᠬᠦ ᠶ᠋ᠢ ᠬᠦᠰᠡᠭᠰᠡᠨ ᠭᠡᠵᠦ ᠬᠡᠯᠡᠬᠦ ᠳ᠋ᠦ᠍ ᠰᠤᠷᠬᠠᠭᠲᠠᠨᠢ ᠶ᠋ᠢᠨ ᠰᠡᠳᠬᠢᠯ ᠰᠠᠶᠢ ᠨᠢᠭᠡ ᠠᠭᠤᠵᠢᠷᠠᠨ᠂ ᠪᠠᠶᠠᠷ ᠬᠥᠷ ᠢ᠋ᠶ᠋ᠡᠷ ᠭᠡᠢᠭᠡᠳ ᠶᠠᠪᠤᠴᠢᠬᠠᠬᠤ ᠰᠢᠭ᠋ ᠪᠣᠯᠤᠯ᠎ᠠ᠃ ᠲᠡᠷᠡ ᠬᠠᠭᠠᠨ ᠤ᠋ ᠦᠷᠭᠦᠭᠡᠨ ᠡᠴᠡ ᠭᠠᠷᠴᠤ ᠶᠠᠪᠤᠬᠤ ᠵᠠᠮ ᠳ᠋ᠠᠭᠠᠨ ᠬᠤᠪᠢ ᠵᠠᠶᠠᠭ᠎ᠠ ᠪᠠᠷ ᠬᠠᠮᠲᠤ ᠲᠥᠷᠥᠵᠦ ᠢᠵᠢᠯᠢᠳᠦᠨ ᠥᠰᠦᠭᠰᠡᠨ ᠡᠭᠡᠴᠢ ᠡᠴᠡ ᠨᠢ ᠬᠡᠯᠡ ᠴᠢᠮᠡᠭᠡ ᠦᠭᠡᠢ ᠬᠡᠳᠦᠨ ᠵᠢᠯ ᠪᠣᠯᠤᠭᠰᠠᠨ ᠢ᠋ ᠪᠣᠳᠣᠨ《ᠡᠮ᠎ᠡ ᠬᠥᠮᠦᠨ ᠦ᠌ ᠬᠤᠪᠢ ᠵᠠᠶᠠᠭ᠎ᠠ ᠭᠡᠳᠡᠭ ᠥᠪᠡᠷ ᠦ᠋ᠨ ᠬᠦᠰᠡᠯ ᠢ᠋ᠶ᠋ᠡᠷ ᠪᠢᠰᠢ ᠪᠤᠰᠤᠳ ᠤ᠋ᠨ ᠲᠠᠭᠠᠯᠠᠯ ᠢ᠋ᠶ᠋ᠠᠷ ᠶᠠᠪᠤᠳᠠᠭ ᠠᠮᠢᠳᠤᠷᠠᠯ ᠤ᠋ᠨ ᠬᠠᠲᠠᠭᠤ ᠵᠠᠮ ᠶᠤᠮ ᠳᠠ》 ᠭᠡᠮᠡᠨ ᠰᠠᠨᠠᠭᠠᠰᠢᠷᠠᠨ ᠪᠠᠢᠪᠠ᠃
   ᠪᠤᠷᠬᠠᠨ ᠬᠠᠯᠳᠤᠨ ᠠᠭᠤᠯᠠ ᠶ᠋ᠢᠨ ᠤᠷᠲᠤ ᠤᠨᠤᠨ᠂ ᠬᠡᠷᠦᠯᠦᠨ ᠮᠥᠷᠡᠨ ᠦ᠌ ᠳᠤᠮᠳᠠᠬᠢ ᠥᠷᠭᠡᠨ ᠠᠭᠤᠳᠠᠮ ᠪᠡᠯᠴᠢᠭᠡᠷ ᠨᠤᠲᠤᠭ ᠬᠡᠷᠦᠯᠦᠨ ᠦ᠌ ᠬᠥᠳᠡᠭᠡ ᠠᠷᠠᠯ᠃ ᠡᠨᠡ ᠭᠠᠵᠠᠷ ᠢ᠋ ᠪᠦᠬᠦᠯᠢ ᠳ᠋ᠦ᠍ᠨᠢ ᠬᠠᠮᠠᠭᠠᠯᠠᠯᠲᠠ ᠳ᠋ᠤ᠌ ᠠᠪᠴᠠᠢ᠃ ᠤᠳᠠᠬᠤ ᠦᠭᠡᠢ ᠪᠣᠯᠬᠤ ᠶᠡᠬᠡ ᠬᠤᠷᠠᠯᠳᠠᠢ ᠳ᠋ᠤ᠌ ᠡᠨᠡ ᠭᠠᠵᠠᠷ ᠵᠣᠷᠢᠭᠤᠯᠤᠭᠳᠠᠬᠤ ᠤᠴᠢᠷ ᠲᠠᠢ᠃ ᠬᠡᠳᠦᠨ ᠰᠠᠷ᠎ᠠ ᠶ᠋ᠢᠨ ᠲᠤᠷᠰᠢ ᠳ᠋ᠤ᠌ ᠬᠦᠯᠢᠶᠡᠭᠰᠡᠨ᠂ ᠢᠷᠡᠬᠦ ᠡᠰᠡᠬᠦ ᠨᠢ ᠡᠷᠡᠭᠡᠯᠵᠡᠭᠡ ᠲᠡᠢ ᠪᠠᠢᠭᠰᠠᠨ ᠬᠥᠮᠦᠰ ᠰᠠᠶᠢ ᠨᠢᠭᠡ ᠴᠤᠭᠯᠠᠵᠤ᠂ ᠮᠣᠩᠭᠣᠯ ᠤ᠋ᠨ ᠲᠠᠯ᠎ᠠ ᠨᠤᠲᠤᠭ ᠲᠤ ᠢᠳᠡᠭᠡᠰᠢᠨ ᠠᠮᠢᠳᠤᠷᠠᠬᠤ ᠶᠡᠬᠡᠩᠬᠢ ᠣᠪᠣᠭ ᠠᠢᠮᠠᠭ ᠴᠢᠩᠭᠢᠰ ᠬᠠᠭᠠᠨ ᠢ᠋ ᠵᠥᠪᠰᠢᠶᠡᠷᠡᠵᠦ ᠨᠢᠭᠡᠨ ᠳᠣᠣᠷ᠎ᠠ ᠬᠤᠷᠠᠨ ᠴᠤᠭᠯᠠᠵᠤ᠂ ᠶᠡᠬᠡ ᠮᠣᠩᠭᠣᠯ ᠤᠯᠤᠰ ᠢ᠋ ᠪᠠᠢᠭᠤᠯᠤᠯ᠎ᠠ᠃ ᠬᠥᠮᠦᠨ ᠪᠦᠬᠦᠨ ᠪᠡᠶᠡᠰᠦᠨ ᠴᠡᠩᠭᠡᠵᠦ ᠪᠠᠢᠬᠤ ᠡᠨᠡ ᠮᠥᠴᠡ ᠰᠤᠷᠬᠠᠭᠲᠠᠨᠢ ᠬᠠᠲᠤᠨ ᠳ᠋ᠤ᠌ ᠶᠡᠬᠡ ᠪᠠᠶᠠᠷ ᠤ᠋ᠨ ᠬᠠᠵᠠᠭᠤ ᠪᠠᠷ ᠶᠡᠬᠡ ᠭᠤᠨᠢᠭ ᠲᠣᠬᠢᠶᠠᠯ᠎ᠠ᠃ ᠲᠡᠭᠦᠨ ᠦ᠌ ᠡᠴᠢᠭᠡ ᠬᠡᠳᠦᠢᠪᠡᠷ ᠦᠷ᠎ᠡ ᠬᠡᠦᠬᠡᠳ ᠲᠡᠭᠡᠨ ᠦᠯᠢᠭᠡᠷ ᠲᠡᠢ ᠰᠠᠢᠨ ᠡᠴᠢᠭᠡ ᠪᠣᠯᠪᠠᠴᠤ ᠲᠡᠷᠰᠯᠡᠯᠳᠦᠬᠦ ᠳᠠᠢᠰᠤᠨ ᠶᠡᠬᠡᠲᠡᠢ ᠲᠠᠯ᠎ᠠ ᠨᠤᠲᠤᠭ ᠤ᠋ᠨ ᠳᠠᠢᠴᠢᠨ ᠡᠷ᠎ᠡ ᠪᠥᠯᠥᠭᠡ᠃ ᠴᠢᠩᠭᠢᠰ ᠬᠠᠭᠠᠨ ᠳ᠋ᠤ᠌ ᠥᠬᠢᠳ ᠢ᠋ᠶ᠋ᠡᠨ ᠤᠷᠤᠭᠯᠠᠬᠤ ᠪᠣᠯᠤᠭᠰᠠᠨ ᠴᠠᠭᠠᠳᠤ ᠰᠢᠯᠲᠠᠭᠠᠨ ᠨᠢ ᠣᠯᠠᠨ ᠵᠢᠯ ᠦ᠋ᠨ ᠲᠡᠨᠦᠮᠡᠯ ᠠᠮᠢᠳᠤᠷᠠᠯ ᠳ᠋ᠠᠭᠠᠨ ᠴᠠᠭ ᠲᠠᠯᠪᠢᠵᠤ᠂ ᠦᠯᠡᠳᠡᠭᠰᠡᠨ ᠨᠠᠰᠤ ᠪᠠᠨ ᠠᠮᠤᠷ ᠲᠠᠢᠪᠤᠩ ᠥᠩᠭᠡᠷᠡᠭᠦᠯᠬᠦ ᠭᠡᠰᠡᠨ ᠳ᠋ᠡᠭᠡᠨ ᠴᠦ᠍ ᠪᠢᠰᠢ᠂ ᠴᠢᠩᠭᠢᠰ ᠬᠠᠭᠠᠨ ᠢ᠋ᠶ᠋ᠠᠷ ᠳᠠᠮᠵᠢᠭᠤᠯᠤᠨ ᠲᠠᠯ᠎ᠠ ᠨᠤᠲᠤᠭ ᠢ᠋ ᠥᠪᠡᠷ ᠦ᠋ᠨ ᠵᠠᠬᠢᠷᠭᠠᠨ ᠳ᠋ᠠᠭᠠᠨ ᠠᠪᠬᠤ ᠭᠡᠰᠡᠨ ᠪᠣᠳᠣᠯ ᠪᠠᠢᠭᠰᠠᠨ ᠢ᠋ ᠥᠬᠢᠨ ᠨᠢ ᠶᠠᠭᠠᠬᠢᠨ ᠮᠡᠳᠡᠬᠦ ᠪᠢᠯᠡ᠃ ᠥᠬᠢᠳ ᠢ᠋ᠶ᠋ᠡᠨ ᠬᠠᠭᠠᠨ ᠳ᠋ᠤ᠌ ᠥᠭᠭᠦᠭᠰᠡᠨ ᠡᠴᠡ ᠬᠣᠢᠰᠢ ᠲᠡᠭᠦᠨ ᠲᠡᠢ ᠬᠦᠴᠦ ᠬᠠᠪᠰᠤᠷᠤᠨ ᠸᠠᠩ ᠬᠠᠨ ᠢ᠋ ᠳᠠᠷᠤᠭᠰᠠᠨ ᠴᠤ ᠲᠡᠳᠡᠨ ᠦ᠌ ᠬᠢᠨ ᠲᠡᠢ ᠨᠢᠭᠡ ᠨᠡᠢᠯᠡᠨ᠂ ᠨᠢᠭᠡ ᠰᠠᠯᠤᠨ ᠪᠠᠢᠬᠤ ᠵᠠᠬ᠎ᠠ ᠬᠠᠮᠪᠤ ᠶ᠋ᠢᠨ ᠠᠭᠠᠰᠢ ᠠᠪᠤᠷᠢ ᠶ᠋ᠢ ᠴᠢᠩᠭᠢᠰ ᠬᠠᠭᠠᠨ ᠲᠡᠪᠴᠢᠬᠦ ᠳ᠋ᠦ᠍ ᠪᠡᠷᠬᠡ ᠪᠣᠯᠵᠤ ᠪᠠᠢᠯ᠎ᠠ᠃
   ᠶᠠᠭᠤᠲᠠᠢ ᠴᠤ ᠬᠣᠶᠠᠷ ᠥᠬᠢᠨ ᠦ᠌ ᠨᠢᠭᠤᠷ ᠢ᠋ᠶ᠋ᠠᠷ ᠢᠩᠭᠢᠵᠦ ᠤᠳᠠᠭᠠᠨ ᠲᠣᠭᠲᠠᠵᠤ ᠪᠠᠢᠭᠰᠠᠨ ᠡᠴᠢᠭᠡ ᠨᠢ ᠳᠠᠬᠢᠨ ᠨᠢᠭᠡ ᠡᠳᠦᠷ ᠥᠪᠡᠷ ᠦ᠋ᠨ ᠬᠡᠷᠡᠢᠳ ᠠᠢᠮᠠᠭ ᠤ᠋ᠨ ᠠᠬ᠎ᠠ ᠳᠡᠭᠦᠦ ᠨᠠᠷ ᠲᠠᠢ ᠪᠠᠨ ᠨᠡᠢᠯᠡᠨ ᠨᠢᠭᠤᠷ ᠢ᠋ᠶ᠋ᠠᠨ ᠪᠤᠷᠤᠭᠤᠯᠠᠵᠤ ᠣᠳᠤᠭᠰᠠᠨ ᠪᠢᠯᠡ᠃ ᠤᠨᠤᠨ ᠬᠡᠷᠦᠯᠦᠨ ᠦ᠌ ᠰᠠᠪᠠ ᠭᠠᠵᠠᠷ᠂ ᠬᠡᠷᠦᠯᠦᠨ ᠦ᠌ ᠬᠥᠳᠡᠭᠡ ᠠᠷᠠᠯ ᠳ᠋ᠤ᠌ ᠶᠡᠬᠡ ᠬᠤᠷᠠᠯᠳᠠᠢ ᠢᠳᠡ ᠳᠤᠮᠳᠠ ᠪᠠᠨ ᠴᠢᠭᠤᠯᠵᠤ᠂ ᠬᠤᠷᠠᠯᠲᠠᠢ ᠳ᠋ᠤ᠌ ᠢᠷᠡᠭᠰᠡᠨ ᠯᠡ ᠪᠣᠯ ᠬᠠᠭᠠᠨ ᠢ᠋ ᠵᠥᠪᠰᠢᠶᠡᠷᠡᠬᠦ ᠶᠣᠰᠣᠨ ᠤ᠋ ᠳᠠᠭᠠᠤ᠂ ᠨᠢᠭᠡᠨ ᠴᠠᠭ ᠲᠤ ᠬᠠᠷ᠎ᠠ ᠵᠢᠷᠦᠬᠡᠨ ᠦ᠌  ᠬᠥᠬᠡ ᠨᠠᠭᠤᠷ ᠲᠤ ᠲᠡᠮᠦᠵᠢᠨ ᠳ᠋ᠦ᠍ ᠬᠠᠮᠤᠭ ᠮᠣᠩᠭᠣᠯ ᠤ᠋ᠨ ᠡᠵᠡᠨ ᠴᠢᠩᠭᠢᠰ ᠬᠠᠭᠠᠨ ᠴᠣᠯᠠ ᠥᠭᠴᠦ ᠪᠠᠢᠭᠰᠠᠨᠴᠢᠯᠠᠨ᠂ ᠡᠳᠦᠭᠡ ᠶᠡᠬᠡ ᠮᠣᠩᠭᠣᠯ ᠤᠯᠤᠰ ᠢ᠋ ᠵᠠᠬᠢᠷᠬᠤ ᠴᠢᠩᠭᠢᠰ ᠬᠠᠭᠠᠨ ᠤ᠋ ᠰᠤᠤ ᠠᠯᠳᠠᠷ ᠢ᠋ ᠵᠢᠩᠬᠢᠨᠢ ᠤᠳᠬ᠎ᠠ ᠪᠠᠷ ᠨᠢ ᠬᠦᠯᠢᠶᠡᠨ ᠵᠥᠪᠰᠢᠶᠡᠷᠡᠵᠦ ᠪᠠᠢᠯ᠎ᠠ᠃  ᠦᠬᠡᠷ ᠲᠡᠷᠭᠡ ᠪᠡᠷ ᠵᠥᠭᠡᠭᠡᠭᠡᠳ ᠴᠤ ᠪᠠᠷᠠᠮ᠎ᠠ ᠦᠭᠡᠢ ᠲᠣᠮᠣ ᠲᠣᠭᠣᠭᠠᠨ ᠳᠣᠲᠣᠷ᠎ᠠ ᠢᠳᠡᠭᠡ ᠰᠢᠭᠦᠰᠦ ᠪᠤᠴᠠᠯᠤᠨ᠂ ᠬᠡᠳᠦᠨ ᠰᠠᠷ᠎ᠠ ᠶ᠋ᠢᠨ ᠲᠤᠷᠰᠢ ᠳ᠋ᠤ᠌ ᠬᠠᠮᠠᠭᠠᠯᠠᠭᠰᠠᠨ ᠰᠢᠮᠡᠳᠦ ᠪᠡᠯᠴᠢᠭᠡᠷ ᠲᠦ᠍ ᠠᠳᠤᠭᠤ ᠮᠠᠯ ᠲᠠᠪᠠ ᠪᠠᠷ ᠢ᠋ᠶ᠋ᠠᠨ ᠪᠡᠯᠴᠢᠬᠦ ᠡᠨᠡ ᠡᠳᠦᠷ ᠦ᠋ᠨ ᠵᠢᠷᠭᠠᠯ ᠡᠴᠦᠰ ᠲᠡᠭᠦᠰᠬᠡᠯ ᠦᠭᠡᠢ ᠮᠡᠲᠦ᠃ ᠬᠠᠷᠢᠨ ᠲᠡᠷᠡ ᠡᠳᠦᠷ ᠦ᠋ᠨ ᠦᠳᠡ ᠡᠴᠡ ᠬᠣᠢᠰᠢ ᠴᠢᠩᠭᠢᠰ ᠬᠠᠭᠠᠨ ᠨᠢᠭᠡᠨ ᠶᠣᠰᠣ ᠶ᠋ᠢ ᠶᠠᠭᠠᠷᠠᠪᠴᠢᠯᠠᠨ ᠭᠦᠢᠴᠡᠳᠬᠡᠬᠦ ᠪᠡᠷ ᠵᠤᠨ ᠣᠯᠠᠨ ᠢ᠋ ᠴᠤᠭᠯᠠᠭᠤᠯᠤᠭᠠᠳ ᠪᠠᠢᠯ᠎ᠠ᠃
   ᠡᠷᠬᠡ ᠮᠠᠲᠠᠯ ᠢ᠋ᠶ᠋ᠠᠨ ᠨᠡᠮᠡᠬᠦ ᠭᠡᠰᠡᠨ ᠠᠪᠤ ᠶ᠋ᠢᠨ ᠬᠢᠨᠢ ᠵᠠᠩ ᠰᠤᠷᠬᠠᠭᠲᠠᠨᠢ ᠳ᠋ᠤ᠌ ᠲᠡᠳᠦᠢᠯᠡ ᠵᠥᠪ ᠰᠠᠨᠠᠭᠳᠠᠬᠤ ᠦᠭᠡᠢ ᠪᠡᠷ ᠪᠠᠷᠠᠬᠤ  ᠦᠭᠡᠢ ᠨᠢᠭᠡᠨ ᠴᠠᠭ ᠲᠤ ᠡᠭᠦᠳᠡ ᠪᠡᠷ ᠨᠢ ᠣᠷᠣᠵᠤ ᠭᠠᠯ ᠢ᠋ ᠨᠢ ᠠᠰᠠᠭᠠᠨ ᠥᠪᠡᠷ ᠦ᠋ᠨ ᠪᠣᠯᠤᠭᠰᠠᠨ ᠶᠡᠬᠡ ᠬᠠᠭᠠᠨ ᠤ᠋ ᠪᠦᠯᠢ ᠶ᠋ᠢ ᠭᠡᠬᠦ ᠤᠤ᠂ ᠡᠰᠡᠪᠡᠯ ᠡᠴᠢᠭᠡ ᠶ᠋ᠢ ᠪᠡᠨ ᠭᠡᠬᠦ ᠤᠤ ᠭᠡᠮᠡᠨ ᠬᠠᠷᠰᠢᠯᠳᠤᠨ᠎ᠠ᠃ ᠠᠪᠤ ᠶ᠋ᠢ ᠨᠢ ᠳᠠᠷᠤᠬᠤ ᠪᠠᠷ ᠶᠠᠪᠤᠭᠰᠠᠨ ᠬᠥᠮᠦᠰ ᠦ᠋ᠨ ᠠᠷᠤ ᠠ᠋ᠴᠠ ᠰᠡᠳᠬᠢᠯ ᠳᠣᠩᠰᠣᠯᠭᠠᠭᠰᠠᠨ ᠡᠳᠦᠷ ᠦ᠋ᠳ ᠦᠷᠭᠦᠯᠵᠢᠯᠡᠨ᠂ ᠡᠨᠡ ᠡᠳᠦᠷ ᠲᠡᠢ ᠵᠣᠯᠭᠠᠭᠰᠠᠨ ᠪᠥᠯᠥᠭᠡ᠃ ᠣᠭᠣᠨᠣ ᠶ᠋ᠢᠨ ᠬᠣᠶᠠᠷ ᠡᠪᠡᠷ ᠰᠢᠭ ᠢ᠋ᠶ᠋ᠡᠷ ᠢᠵᠢᠯᠢᠳᠦᠨ ᠥᠰᠦᠭᠰᠡᠨ ᠰᠤᠷᠬᠠᠭᠲᠠᠨᠨᠢ᠂ ᠢᠪᠠᠭ᠎ᠠ ᠬᠣᠶᠠᠷ ᠴᠤᠭᠯᠠᠭᠰᠠᠨ ᠣᠯᠠᠨ ᠤ᠋ ᠳᠤᠮᠳᠠ ᠵᠡᠷᠭᠡᠴᠡᠨ ᠰᠠᠭᠤᠵᠠᠢ᠃
   ᠴᠢᠩᠭᠢᠰ ᠬᠠᠭᠠᠨ᠄
   — ᠲᠤᠯᠭᠠᠨ ᠳ᠋ᠤ᠌ ᠮᠢᠨᠢ ᠭᠠᠯ ᠢ᠋ᠶ᠋ᠠᠨ ᠠᠰᠠᠭᠠᠭᠰᠠᠨ᠂ ᠲᠤᠭᠤᠷᠭᠠᠨ ᠳ᠋ᠤ᠌ ᠮᠢᠨᠢ ᠡᠪ ᠢ᠋ᠶ᠋ᠡᠨ ᠨᠢᠭᠡᠳᠬᠡᠭᠰᠡᠨ ᠵᠤᠨ ᠣᠯᠠᠨ ᠲᠠ ᠨᠠᠷ ᠰᠣᠨᠣᠰᠤᠭᠲᠤᠨ᠃ ᠢᠲᠡᠭᠡᠯ ᠪᠠᠲᠤ ᠣᠷᠣᠰᠢᠪᠠᠯ ᠶᠡᠬᠡ ᠦᠢᠯᠡ ᠪᠦᠲᠦᠳᠡᠭ ᠵᠢᠮ᠎ᠡ ᠲᠡᠢ᠂ ᠡᠪ ᠡᠶ᠎ᠡ ᠨᠢᠭᠡ ᠪᠠᠢᠵᠤ ᠬᠡᠮᠡᠨ᠎ᠡ ᠡᠵᠡᠨᠲᠦ ᠤᠯᠤᠰ ᠮᠠᠨᠳᠤᠳᠠᠭ ᠦᠨᠡᠨ ᠲᠡᠢ᠂ ᠤᠷᠢᠳᠤ ᠶ᠋ᠢᠨ ᠢᠷᠦᠭᠡᠯ᠂ ᠤᠷᠤᠭ ᠰᠦᠢ ᠪᠡᠷ ᠬᠣᠯᠪᠣᠭᠳᠠᠭᠰᠠᠨ ᠴᠤ ᠵᠠᠬ᠎ᠠ ᠬᠠᠮᠪᠤ ᠨᠠᠳᠠ ᠠ᠋ᠴᠠ ᠤᠷᠪᠠᠵᠤ ᠳᠠᠷᠤᠭᠳᠠᠯ᠎ᠠ᠃ ᠬᠡᠷᠬᠢᠬᠦ ᠶ᠋ᠢ ᠲᠩᠷᠢ ᠳ᠋ᠦ᠍ ᠳᠠᠭᠠᠳᠬᠠᠭᠰᠠᠨ ᠴᠤ ᠬᠠᠯᠠᠭᠤᠨ ᠠᠮᠢᠰᠬᠤᠯ ᠢ᠋ᠶ᠋ᠠᠨ ᠬᠣᠯᠪᠣᠭᠰᠠᠨ ᠥᠬᠢᠨ ᠦᠷᠡᠰ ᠨᠢ ᠨᠠᠳᠠ ᠳ᠋ᠤ᠌ ᠬᠡᠪ ᠢ᠋ᠶ᠋ᠡᠷ᠂ ᠡᠢᠮᠦ ᠶ᠋ᠢᠨ ᠲᠤᠯᠠ ᠬᠡᠷᠡᠢᠳ ᠦ᠋ᠨ ᠵᠠᠬ᠎ᠠ ᠬᠠᠮᠪᠤ ᠶ᠋ᠢ ᠳᠠᠷᠤᠨ ᠢᠷᠡᠭᠰᠡᠨ ᠭᠠᠪᠢᠶ᠎ᠠ ᠶ᠋ᠢ ᠨᠢ ᠦᠨᠡᠯᠡᠵᠦ᠂ ᠵᠦᠷᠴᠢᠳᠠᠢ ᠳ᠋ᠤ᠌ ᠪᠢ ᠪᠠᠭ᠎ᠠ ᠬᠠᠲᠤᠨ ᠢᠪᠠᠭ᠎ᠠ ᠶ᠋ᠢ ᠶᠣᠰᠣᠯᠠᠵᠤ ᠪᠠᠢᠨ᠎ᠠ ᠭᠡᠬᠦ ᠳ᠋ᠦ᠍ ᠰᠤᠷᠬᠠᠭᠲᠠᠨᠢ ᠢᠪᠠᠭ᠎ᠠ ᠬᠣᠶᠠᠷ ᠠ᠋ᠴᠠ ᠪᠤᠰᠤᠳ ᠨᠢ ᠠᠮᠠ ᠠᠮᠠᠨ ᠳ᠋ᠠᠭᠠᠨ ᠱᠤᠤᠭᠢᠯᠳᠤᠯ᠎ᠠ᠃ ᠲᠡᠳᠡᠨ ᠦ᠌ ᠴᠢᠬᠢᠨ ᠳ᠋ᠦ᠍ ᠢᠷᠡᠭᠰᠡᠨ ᠭᠡᠨᠡᠳᠲᠡ ᠶ᠋ᠢᠨ ᠮᠡᠳᠡᠭᠡ ᠬᠣᠶᠠᠷ ᠪᠦᠰᠡᠭᠦᠢ ᠶ᠋ᠢᠨ ᠵᠢᠷᠦᠬᠡᠨ ᠳᠤᠮᠳᠠᠭᠤᠷ ᠨᠢᠭᠡᠨ ᠰᠤᠮᠤ ᠪᠠᠷ ᠨᠡᠪᠲᠡ ᠰᠦᠯᠪᠡᠬᠦ ᠰᠢᠭ ᠪᠣᠯᠤᠯ᠎ᠠ᠃ ᠰᠤᠷᠬᠠᠭᠲᠠᠨᠢ ᠬᠠᠭᠠᠨ ᠤ᠋ ᠠᠢᠯᠠᠳᠬᠠᠬᠤ ᠶ᠋ᠢ ᠰᠣᠨᠣᠰᠤᠭᠠᠳ᠂ ᠭᠠᠵᠠᠷ ᠳᠡᠯᠡᠬᠡᠢ ᠪᠦᠬᠦᠯᠢ ᠳ᠋ᠡᠭᠡᠨ ᠳᠠᠢᠪᠠᠨ ᠭᠠᠩᠬᠤᠬᠤ ᠰᠢᠭ᠋ ᠪᠣᠯᠵᠤ ᠬᠥᠯ ᠳᠡᠭᠡᠷ᠎ᠡ ᠪᠡᠨ ᠲᠣᠭᠲᠠᠬᠤ ᠦᠭᠡᠢ ᠰᠠᠯᠭᠠᠨᠠᠯ᠎ᠠ᠃ ᠡᠬᠡ ᠡᠴᠡ ᠮᠡᠨᠳᠦᠯᠡᠭᠰᠡᠨ ᠴᠠᠭ ᠠ᠋ᠴᠠ ᠨᠢ ᠯᠡ ᠬᠠᠯᠠᠭᠤᠨ ᠠᠯᠠᠭᠠᠨ ᠳᠡᠭᠡᠷ᠎ᠡ ᠪᠡᠨ ᠬᠠᠢᠷᠠᠯᠠᠨ ᠥᠰᠬᠡᠭᠰᠡᠨ ᠬᠠᠢᠷᠠᠲᠠᠢ ᠠᠪᠤ ᠨᠢ ᠦᠭᠡᠢ ᠪᠣᠯᠵᠠᠢ᠃ ᠡᠨᠡ ᠮᠡᠳᠡᠭᠡ ᠶ᠋ᠢ ᠴᠤᠭᠯᠠᠭᠰᠠᠨ ᠣᠯᠠᠨ ᠤ᠋ ᠳᠤᠮᠳᠠ ᠠ᠋ᠴᠠ ᠶᠡᠬᠡ ᠬᠤᠷᠠᠯᠲᠠᠢ ᠳᠡᠭᠡᠷ᠎ᠡ ᠰᠣᠨᠣᠰᠬᠤ ᠭᠡᠵᠦ ᠳᠡ᠃ ᠲᠡᠷᠡ ᠥᠪᠡᠷ ᠦ᠋ᠨ ᠡᠷᠬᠡ ᠦᠭᠡᠢ ᠳᠠᠭᠵᠢᠨ ᠴᠡᠴᠡᠷᠡᠵᠦ ᠪᠠᠢᠪᠠ᠃ ᠪᠠᠢᠩᠭᠤ ᠬᠠᠭᠠᠨ ᠤ᠋ ᠡᠰᠡᠷᠭᠦ ᠪᠣᠰᠴᠤ ᠲᠠᠯ᠎ᠠ ᠨᠤᠲᠤᠭ ᠤ᠋ᠨ ᠠᠷᠠᠳ ᠢᠷᠭᠡᠳ ᠢ᠋ ᠲᠦᠷᠬᠢᠷᠡᠨ ᠪᠠᠢᠭᠰᠠᠨ ᠬᠡᠷᠡᠢᠳ ᠠᠢᠮᠠᠭ ᠢ᠋ ᠰᠥᠨᠥᠭᠡᠵᠦ᠂ ᠴᠢᠩᠭᠢᠰ ᠬᠠᠭᠠᠨ ᠬᠣᠲᠠ ᠤᠷᠤᠭ ᠪᠣᠯᠤᠭᠰᠠᠨ ᠡᠴᠢᠭᠡ ᠶ᠋ᠢ ᠨᠢ ᠬᠦᠨᠦᠭᠡᠯᠭᠡᠭᠰᠡᠨ ᠮᠡᠳᠡᠭᠡ ᠶ᠋ᠢ ᠰᠤᠷᠬᠠᠭᠲᠠᠨᠢ ᠠᠩᠬ᠎ᠠ ᠤᠳᠠᠭ᠎ᠠ ᠢᠩᠭᠢᠵᠦ ᠰᠣᠨᠣᠰᠤᠯ᠎ᠠ᠃ ᠡᠬᠡ ᠡᠴᠡ ᠤᠨᠠᠭᠰᠠᠨ ᠴᠠᠭ ᠠ᠋ᠴᠠ ᠪᠠᠨ ᠯᠠ ᠲᠡᠢᠨ ᠳᠠᠵᠢᠨ ᠤ᠋ ᠬᠥᠯ ᠳ᠋ᠦ᠍ ᠲᠥᠷᠥᠵᠦ 
ᠥᠰᠦᠭᠰᠡᠨ᠂ ᠠᠶᠠᠨ ᠲᠡᠢᠨ ᠦ᠌ ᠬᠥᠯ ᠳ᠋ᠦ᠍ ᠬᠣᠶᠠᠷ ᠥᠬᠢᠨ ᠢ᠋ᠶ᠋ᠡᠨ ᠥᠰᠬᠡᠵᠦ᠂ ᠤᠨᠠᠵᠤ ᠪᠣᠰᠤᠨ ᠠᠷᠭ᠎ᠠ ᠪᠠᠨ ᠪᠠᠷᠠᠬᠤ ᠳ᠋ᠠᠭᠠᠨ ᠤᠷᠤᠭ ᠪᠠᠷᠢᠯᠳᠤᠨ ᠠᠮᠢ ᠪᠠᠨ ᠬᠠᠮᠠᠭᠠᠯᠠᠵᠤ᠂ ᠡᠴᠦᠰ ᠲᠡᠭᠦᠰᠬᠡᠯ ᠦᠭᠡᠢ ᠦᠷᠭᠦᠯᠵᠢᠯᠡᠬᠦ ᠡᠷᠬᠡ ᠮᠠᠲᠠᠯ ᠤ᠋ᠨ ᠴᠢᠬᠲᠠᠭᠠᠨ ᠳ᠋ᠤ᠌ ᠨᠢᠭᠡᠨ ᠨᠠᠰᠤ ᠪᠠᠷ ᠢ᠋ᠶ᠋ᠠᠨ ᠠᠪᠲᠠᠭᠰᠠᠨ ᠬᠥᠭᠡᠷᠦᠬᠦᠢ ᠠᠪᠤ ᠨᠢ ᠳᠠᠬᠢᠨ ᠪᠣᠰᠴᠤ ᠢᠷᠡᠬᠦ ᠦᠭᠡᠢ ᠪᠣᠯᠵᠠᠢ᠃
   ᠴᠢᠩᠭᠢᠰ ᠬᠠᠭᠠᠨ ᠵᠦᠷᠴᠢᠳᠠᠢ ᠢᠪᠠᠭ᠎ᠠ ᠨᠠᠷ ᠢ᠋ ᠳᠠᠭᠤᠳᠠᠨ ᠭᠠᠷᠭᠠᠵᠤ ᠢᠷᠡᠭᠦᠯᠦᠭᠡᠳ ᠵᠦᠷᠴᠢᠲᠠᠢ ᠳ᠋ᠤ᠌ ᠬᠠᠨᠳᠤᠨ᠂
   — ᠠᠯᠠᠯᠳᠤᠬᠤ ᠡᠳᠦᠷ ᠠᠮᠢ ᠪᠠᠨ ᠥᠭᠭᠦᠭᠰᠡᠨ ᠦ᠌ ᠲᠤᠯᠠ᠂ ᠦᠬᠦᠯᠳᠡᠬᠦ ᠡᠳᠦᠷ ᠥᠯᠥᠮᠯᠡᠭᠰᠡᠨ ᠦ᠌ ᠲᠤᠯᠠ ᠴᠢᠨᠦ ᠵᠢᠳᠬᠦᠯ ᠢ᠋ ᠦᠨᠡᠯᠡᠵᠦ ᠬᠠᠢᠷᠠᠲᠠᠢ ᠬᠠᠲᠤᠨ ᠢ᠋ᠶ᠋ᠠᠨ ᠥᠭᠪᠡ ᠪᠢ ᠬᠡᠮᠡᠭᠡᠳ ᠢᠪᠠᠭ᠎ᠠ ᠳ᠋ᠤ᠌ ᠬᠠᠨᠳᠤᠨ᠂
   — ᠴᠢᠮᠠᠶ᠋ᠢ ᠬᠥᠯ ᠢ᠋ ᠴᠢᠨᠢ ᠰᠢᠪᠡᠷᠢ ᠲᠡᠢ ᠭᠡᠵᠦ᠂ ᠬᠥᠯᠥᠰᠥ ᠶ᠋ᠢ ᠴᠢᠨᠢ ᠦᠨᠦᠷ ᠲᠡᠢ ᠭᠡᠵᠦ ᠭᠣᠯᠣᠭᠰᠠᠨ ᠪᠢᠰᠢ᠂ ᠠᠷᠢᠭᠤᠨ ᠦᠵᠡᠰᠬᠦᠯᠡᠩ ᠢ᠋ ᠴᠢᠨᠢ ᠴᠢᠮᠠᠯᠠᠭᠰᠠᠨ ᠦᠭᠡᠢ᠂ ᠠᠪᠤᠷᠢ ᠵᠠᠩ ᠢ᠋ ᠴᠢᠨᠢ ᠭᠣᠯᠣᠭᠰᠠᠨ ᠦᠭᠡᠢ᠂ ᠡᠪᠦᠷ ᠲᠦ᠍ ᠬᠥᠯ ᠳ᠋ᠦ᠍ ᠣᠷᠣᠭᠰᠠᠨ᠂ ᠵᠡᠷᠭᠡ ᠳ᠋ᠦ᠍ ᠵᠡᠷᠭᠡᠴᠡᠨ ᠰᠠᠭᠤᠭᠰᠠᠨ ᠴᠢᠮᠠᠶ᠋ᠢ ᠶᠡᠬᠡ ᠲᠥᠷᠥ ᠶ᠋ᠢᠨ ᠦᠢᠯᠡᠰ ᠲᠦ᠍ ᠡᠢᠨ ᠵᠢᠳᠬᠦᠭᠰᠡᠨ ᠳ᠋ᠦ᠍ ᠵᠦᠷᠴᠢᠲᠠᠢ ᠳ᠋ᠤ᠌ ᠰᠣᠶᠣᠷᠬᠠᠯ ᠪᠣᠯᠭᠠᠪᠠ ᠭᠡᠯ᠎ᠡ᠃
ᠭᠡᠨᠡᠳᠲᠡ ᠶ᠋ᠢᠨ ᠡᠨᠡ ᠦᠢᠯᠡ ᠶᠠᠪᠤᠳᠠᠯ ᠣᠯᠠᠨ ᠤ᠋ ᠨᠢᠳᠦᠨ ᠳᠡᠭᠡᠷ᠎ᠡ ᠪᠣᠯᠵᠤ ᠪᠠᠢᠯ᠎ᠠ᠃ ᠵᠦᠷᠴᠢᠲᠠᠢ ᠭᠡᠬᠦ ᠠᠶᠠᠨ ᠲᠡᠢᠨ ᠦ᠌ ᠲᠣᠭᠣᠰᠣᠨ ᠠ᠋ᠴᠠ ᠪᠠᠨ ᠭᠦᠢᠴᠡᠳ ᠰᠠᠯᠤᠭ᠎ᠠ ᠦᠭᠡᠢ ᠡᠨᠡ ᠡᠷ᠎ᠡ ᠡᠴᠢᠭᠡ ᠶ᠋ᠢ ᠨᠢ ᠬᠥᠨᠥᠭᠡᠵᠦ᠂ ᠥᠪᠡᠷ ᠢ᠋ ᠨᠢ ᠬᠠᠲᠤᠨ ᠢ᠋ᠶ᠋ᠠᠨ ᠪᠣᠯᠭᠠᠬᠤ ᠭᠡᠵᠦ ᠪᠠᠢᠨ᠎ᠠ᠃ ᠶᠠᠭᠤᠲᠠᠢ ᠭᠠᠰᠠᠯᠠᠩ ᠲᠠᠢ ᠬᠤᠪᠢ ᠲᠠᠪᠢᠯᠠᠩ ᠪᠣᠢ? 
   ᠢᠪᠠᠭ᠎ᠠ ᠵᠦᠷᠴᠢᠳᠠᠢ ᠶ᠋ᠢ ᠮᠡᠳᠡᠬᠦ ᠪᠢᠯᠡ᠃ ᠬᠠᠭᠠᠨ ᠤ᠋ ᠬᠠᠲᠤᠨ ᠪᠣᠯᠤᠨ ᠢᠷᠡᠭᠰᠡᠨ ᠡᠳᠦᠷ ᠡᠴᠡ ᠪᠡᠨ ᠲᠡᠭᠦᠨ ᠢ᠋ ᠲᠠᠨᠢᠬᠤ ᠪᠣᠯᠤᠭᠰᠠᠨ᠂ ᠲᠡᠷᠡ ᠡᠳᠦᠷ ᠳᠠᠷᠠᠰᠤᠲᠤ ᠳ᠋ᠤ᠌
ᠢᠷᠡᠭᠡᠳ ᠬᠠᠮᠤᠭ ᠤ᠋ᠨ ᠠᠩᠬ᠎ᠠ ᠠᠭᠤᠯᠵᠠᠭᠰᠠᠨ ᠬᠥᠮᠦᠨ ᠨᠢ ᠴᠦ᠍ ᠵᠦᠷᠴᠢᠳᠠᠢ ᠪᠠᠢᠵᠤ ᠮᠠᠭᠠᠳ᠃ ᠤᠴᠢᠷ ᠨᠢ ᠲᠡᠷᠡ ᠣᠢᠷᠠᠯᠴᠠᠭ᠎ᠠ ᠠᠭᠤᠯᠠ ᠶ᠋ᠢᠨ ᠳᠣᠪᠣᠴᠠᠭ ᠳᠡᠭᠡᠷ᠎ᠡ
ᠬᠠᠷᠠᠭᠤᠯ ᠳ᠋ᠤ᠌ ᠭᠠᠷᠴᠤ ᠪᠠᠢᠭᠠᠳ ᠲᠡᠳᠡᠨ ᠦ᠌ ᠨᠡᠭᠦᠳᠡᠯ ᠢ᠋ ᠲᠣᠰᠣᠨ ᠣᠴᠢᠵᠤ ᠬᠡᠨ ᠪᠣᠯᠬᠤ ᠶ᠋ᠢ ᠨᠢ ᠠᠰᠠᠭᠤᠵᠤ ᠪᠠᠢᠭᠰᠠᠨ ᠪᠢᠯᠡ᠃   
   ᠵᠦᠷᠴᠢᠳᠠᠢ ᠪᠣᠯ ᠥᠨᠳᠥᠷ ᠰᠦᠷᠯᠢᠭ ᠨᠢᠷᠤᠭᠤ ᠲᠠᠢ᠂ ᠲᠡᠭᠰᠢ ᠴᠠᠭᠠᠨ ᠰᠢᠲᠦ ᠲᠡᠢ᠃ ᠢᠨᠢᠶᠡᠬᠦ ᠳ᠋ᠦ᠍ᠨᠢ ᠵᠢᠷᠢᠢᠲᠡᠯ᠎ᠡ ᠡᠩᠨᠡᠭᠦᠯᠦᠭᠰᠡᠨ ᠠᠭᠠᠷᠤᠤᠯ ᠰᠢᠭ᠋ ᠲᠣᠮᠣ ᠲᠣᠮᠣ
ᠴᠠᠭᠠᠨ ᠰᠢᠲᠦ ᠨᠦ᠍ᠭᠦᠳ ᠭᠢᠯᠠᠯᠵᠠᠵᠤ ᠶᠠᠪᠤᠳᠠᠭ ᠲᠡᠮᠦᠵᠢᠨ ᠦ᠌ ᠦᠨᠡᠨᠴᠢ ᠴᠡᠷᠢᠭ ᠪᠥᠯᠥᠭᠡ᠃ ᠭᠡᠪᠡᠴᠦ ᠲᠡᠷᠡ ᠡᠷ᠎ᠡ ᠣᠳᠣ ᠨᠢᠭᠡᠨᠲᠡ ᠡᠴᠢᠭᠡ ᠶ᠋ᠢ ᠨᠢ ᠬᠥᠨᠥᠭᠡᠭᠰᠡᠨ
ᠠᠯᠠᠭᠤᠷᠴᠢᠨ ᠪᠣᠯᠵᠠᠢ᠃ ᠭᠡᠨᠡᠳᠲᠡ ᠡᠨᠡ ᠶᠠᠪᠤᠳᠠᠯ ᠬᠣᠶᠠᠷ ᠪᠦᠰᠡᠭᠦᠢ ᠶ᠋ᠢ ᠬᠣᠶᠠᠭᠤᠯᠠ ᠶ᠋ᠢ ᠨᠢ ᠳᠠᠭᠠᠷᠢᠵᠤ᠂ ᠣᠷᠢᠯᠠᠨ ᠬᠠᠰᠬᠢᠷᠬᠤ᠂ ᠤᠬᠢᠯᠠᠨ ᠴᠤᠷᠬᠢᠷᠠᠬᠤ ᠶᠠᠮᠠᠷᠬᠠᠨ
ᠨᠢᠭᠡᠨ ᠪᠣᠯᠤᠮᠵᠢ ᠶ᠋ᠢ ᠡᠰᠡ ᠥᠭᠬᠦ ᠴᠤᠭᠯᠠᠭᠰᠠᠨ ᠣᠯᠠᠨ ᠤ᠋ ᠳᠤᠮᠳᠠ ᠪᠣᠯᠵᠤ ᠪᠠᠢᠯ᠎ᠠ᠃
   ᠴᠢᠩᠭᠢᠰ ᠬᠠᠭᠠᠨ ᠬᠤᠷᠠᠯᠳᠠᠢ ᠶ᠋ᠢᠨ ᠬᠣᠢᠮᠣᠷ ᠠ᠋ᠴᠠ ᠶᠠᠷᠢᠶ᠎ᠠ ᠪᠠᠨ ᠦᠷᠭᠦᠯᠵᠢᠯᠡᠭᠦᠯᠦᠨ᠂
   — ᠬᠣᠵᠢᠮ ᠮᠢᠨᠦ ᠤᠷᠤᠭ ᠶᠡᠬᠡ ᠬᠠᠭᠠᠨ ᠤ᠋ ᠰᠢᠷᠡᠭᠡ ᠶ᠋ᠢ ᠵᠠᠯᠭᠠᠮᠵᠢᠯᠠᠬᠤ ᠦᠶ᠎ᠡ ᠳ᠋ᠦ᠍ ᠡᠨᠡ ᠮᠡᠲᠦ ᠲᠤᠰᠠ᠂ ᠲᠥᠷᠥ ᠶᠣᠰᠣ ᠶ᠋ᠢ ᠮᠢᠨᠦ ᠵᠠᠷᠯᠢᠭ ᠭᠡᠮᠡᠨ ᠪᠣᠳᠣᠵᠤ᠂
ᠤᠷᠤᠭ ᠤ᠋ᠨ ᠤᠷᠤᠭ ᠪᠣᠯᠲᠠᠯ᠎ᠠ ᠬᠠᠲᠤᠨ ᠢᠪᠠᠭ᠎ᠠ ᠶ᠋ᠢᠨ ᠬᠠᠲᠤᠨ ᠨᠡᠷ᠎ᠡ ᠶ᠋ᠢ ᠦᠯᠦ ᠲᠠᠰᠤᠯᠬᠤ ᠪᠣᠯᠲᠤᠭᠠᠢ ᠭᠡᠮᠡᠨ ᠵᠠᠷᠯᠢᠭᠳᠠᠪᠠ᠃ ᠲᠡᠭᠡᠭᠡᠳ   ᠢᠪᠠᠭ᠎ᠠ ᠳᠤ   ᠬᠠᠨᠳᠤᠨ ᠄
   — ᠵᠠᠬ᠎ᠠ ᠬᠠᠮᠪᠤ ᠡᠴᠢᠭᠡ ᠴᠢᠨᠢ ᠴᠢᠮ᠎ᠠ ᠳ᠋ᠤ᠌ ᠠᠰᠢᠳᠠ ᠲᠡᠮᠦᠷ᠂ ᠠᠯᠴᠢᠭ᠎ᠠ ᠲᠣᠭᠣᠭᠠᠴᠢ᠂ ᠬᠣᠶᠠᠷ ᠵᠠᠭᠤᠨ ᠶᠡᠷᠡᠨ ᠤᠯᠤᠰ ᠲᠠᠰᠤᠯᠤᠨ ᠥᠭᠭᠦᠭᠰᠡᠨ ᠪᠢᠯᠡ᠃ ᠠᠯᠴᠢᠭ᠎ᠠ ᠲᠣᠭᠣᠭᠠᠴᠢ ᠪᠣᠯᠤᠨ ᠥᠪᠡᠷ ᠦ᠋ᠨ ᠢᠨᠵᠢ ᠶ᠋ᠢᠨ ᠬᠥᠮᠦᠰ ᠢ᠋ᠶ᠋ᠡᠨ ᠠᠪᠤᠭᠠᠳ ᠣᠷᠭᠣᠳ ᠠᠢᠮᠠᠭ ᠲᠤ᠌ ᠵᠦᠷᠴᠢᠳᠠᠢ ᠶ᠋ᠢ ᠳᠠᠭᠠᠨ ᠣᠳ ᠳᠠ ᠭᠡᠮᠡᠨ ᠬᠡᠯᠡᠯ᠎ᠡ᠃
   ᠬᠠᠭᠠᠨ ᠤ᠋ ᠬᠡᠯᠡᠭᠰᠡᠨ ᠦᠭᠡ ᠬᠠᠤᠯᠢ ᠪᠣᠯᠵᠤ ᠲᠠᠯ᠎ᠠ ᠨᠤᠲᠤᠭ ᠲᠤ᠌ ᠦᠷᠭᠦᠯᠵᠢᠯᠡᠨ ᠢᠪᠠᠭ᠎ᠠ ᠶᠠᠭᠤ ᠬᠡᠯᠡᠬᠦ ᠪᠡᠨ ᠮᠡᠳᠡᠬᠦ ᠦᠭᠡᠢ ᠲᠤᠯᠭᠠᠮᠳᠠᠨ ᠪᠠᠢᠪᠠ᠃ ᠴᠢᠩᠭᠢᠰ ᠬᠠᠭᠠᠨ ᠵᠦᠷᠴᠢᠳᠠᠢ ᠳ᠋ᠤ᠌ ᠬᠠᠨᠳᠤᠨ᠂ᠢᠪᠠᠭ᠎ᠠ ᠶᠤᠭᠠᠨ ᠴᠢᠮ᠎ᠠ ᠳ᠋ᠤ᠌ ᠥᠭᠪᠡ᠂ ᠳᠥᠷᠪᠡᠨ ᠮᠢᠩᠭᠠᠨ ᠣᠷᠣᠭᠣᠳ  ᠢ᠋ᠶ᠋ᠠᠨ ᠮᠡᠳᠡᠵᠦ ᠶᠠᠪᠤ ᠭᠡᠮᠡᠨ ᠵᠠᠬᠢᠪᠠ᠃
   ᠴᠢᠩᠭᠢᠰ ᠬᠠᠭᠠᠨ ᠦᠷᠭᠦᠯᠵᠢᠯᠡᠭᠦᠯᠦᠨ ᠄
   — ᠬᠠᠷᠢᠨ ᠵᠠᠬ᠎ᠠ ᠬᠠᠮᠪᠤ ᠶ᠋ᠢᠨ ᠪᠠᠭ᠎ᠠ ᠥᠬᠢᠨ ᠰᠣᠷᠬᠠᠭᠳᠡᠨᠢ ᠶ᠋ᠢ ᠥᠪᠡᠷ ᠦ᠋ᠨ ᠬᠦᠦ ᠲᠤᠯᠤᠢ ᠶ᠋ᠢᠨ ᠡᠬᠡᠨᠡᠷ ᠬᠡᠪ ᠢ᠋ᠶ᠋ᠡᠷ ᠦᠯᠡᠳᠡᠭᠡᠶ᠎ᠡ᠃ ᠡᠨᠡ ᠦᠭᠡ ᠶ᠋ᠢ ᠰᠣᠨᠣᠰᠤᠭᠠᠳ ᠴᠤᠭᠯᠠᠭᠰᠠᠨ ᠣᠯᠠᠨ ᠰᠤᠷᠬᠠᠭᠲᠠᠨᠢ ᠶ᠋ᠢ ᠬᠠᠷᠠᠯ᠎ᠠ᠃
ᠡᠭᠡᠴᠢ ᠶ᠋ᠢ ᠨᠢ ᠣᠯᠠᠨ ᠤ᠋ ᠨᠢᠳᠦᠨ ᠳᠡᠭᠡᠷ᠎ᠡ ᠡᠴᠢᠭᠡ ᠶ᠋ᠢ ᠨᠢ ᠠᠯᠠᠭᠰᠠᠨ ᠬᠥᠮᠦᠨ ᠦ᠌ ᠡᠪᠦᠷ ᠲᠤ ᠣᠷᠣᠭᠤᠯᠵᠤ ᠪᠠᠢᠭ᠎ᠠ ᠶ᠋ᠢ ᠬᠠᠷᠠᠭᠰᠠᠨ ᠰᠤᠷᠬᠠᠭᠲᠠᠨᠢ ᠳ᠋ᠦ᠍ ᠦᠨᠡᠨ ᠳ᠋ᠡᠭᠡᠨ ᠡᠨᠳᠡ ᠦᠯᠡᠳᠡᠬᠦ ᠰᠢᠯᠲᠠᠭᠠᠨ ᠪᠣᠢ ᠭᠡᠵᠦ ᠤᠤ᠂ ᠭᠡᠪᠡᠴᠦ ᠬᠠᠭᠠᠨ ᠲᠡᠭᠦᠨ ᠢ᠋ ᠡᠨᠳᠡ ᠦᠯᠡᠳᠡᠭᠡᠬᠦ ᠪᠡᠷ ᠰᠢᠢᠳᠵᠡᠢ᠃ ᠬᠠᠭᠠᠨ ᠤ᠋ ᠦᠭᠡ ᠶ᠋ᠢ ᠵᠥᠷᠢᠴᠡᠬᠦ ᠵᠢᠷᠦᠬᠡᠲᠡᠨ ᠦᠨᠡᠨ ᠳ᠋ᠡᠭᠡᠨ ᠮᠣᠩᠭᠣᠯ ᠤ᠋ᠨ ᠲᠠᠯ᠎ᠠ ᠨᠤᠲᠤᠭ ᠲᠤ ᠪᠠᠢᠬᠤ ᠦᠭᠡᠢ᠃ᠲᠡᠷᠡ ᠤᠯᠠᠮ  ᠪᠣᠯᠤᠭᠰᠠᠨ ᠠᠵᠤᠭᠤ᠃
   ᠬᠠᠷ᠎ᠠ ᠪᠠᠭ᠎ᠠ ᠨᠠᠰᠤᠨ ᠠ᠋ᠴᠠ ᠢᠵᠢᠯᠢᠳᠦᠨ ᠥᠰᠦᠭᠰᠡᠨ ᠢᠬᠡᠷ᠎ᠡ ᠬᠣᠶᠠᠷ ᠠᠩᠭᠢᠷ ᠰᠢᠭ᠋ ᠥᠬᠢᠳ ᠬᠤᠪᠢ ᠵᠠᠶᠠᠭᠠᠨ ᠤ᠋ ᠡᠷᠬᠡ ᠪᠡᠷ ᠠᠯᠤᠰᠯᠠᠨ ᠰᠠᠯᠬᠤ ᠴᠠᠭ ᠪᠣᠯᠵᠠᠢ᠃
ᠢᠩᠭᠢᠭᠡᠳ ᠰᠤᠷᠬᠠᠭᠲᠠᠨᠢ ᠥᠪᠡᠷ ᠦ᠋ᠨ ᠭᠡᠬᠦ ᠠᠬ᠎ᠠ ᠳᠡᠭᠦᠦ ᠦᠭᠡᠢ᠂ ᠤᠯᠠᠮ ᠴᠤ ᠬᠠᠷᠢ ᠬᠣᠯᠠ ᠶ᠋ᠢᠨ ᠮᠡᠲᠦ ᠰᠠᠨᠠᠭᠳᠠᠬᠤ ᠡᠨᠡ ᠬᠥᠮᠦᠰ ᠦ᠋ᠨ ᠳᠤᠮᠳᠠ ᠤᠷᠢ ᠭᠠᠭᠴᠠᠭᠠᠷ ᠢ᠋ᠶ᠋ᠠᠨ ᠦᠯᠡᠳᠡᠬᠦ ᠪᠣᠯᠪᠠ᠃
ᠲᠡᠭᠦᠨ ᠳ᠋ᠦ᠍ ᠲᠤᠯᠵᠤ ᠲᠦᠰᠢᠬᠦ ᠬᠡᠨ ᠪᠠᠢᠭ᠎ᠠ ᠪᠢᠯᠡ᠃
ᠬᠡᠳᠦᠨ ᠰᠠᠷ᠎ᠠ ᠶ᠋ᠢᠨ ᠬᠦᠯᠢᠶᠡᠯᠲᠡ᠂ ᠬᠡᠳᠦᠨ ᠰᠠᠷ᠎ᠠ ᠶ᠋ᠢᠨ ᠠᠵᠢᠯ ᠪᠣᠯᠤᠭᠰᠠᠨ ᠶᠡᠬᠡ ᠬᠤᠷᠠᠯᠳᠠᠢ ᠰᠠᠶᠢ ᠨᠢᠭᠡ ᠲᠦᠷ ᠵᠠᠪᠰᠠᠷᠯᠠᠵᠤ᠂ ᠴᠢᠩᠭᠢᠰ ᠬᠠᠭᠠᠨ ᠰᠤᠷᠬᠠᠭᠲᠠᠨᠢ ᠶ᠋ᠢ ᠳᠠᠭᠤᠳᠠᠭᠤᠯᠵᠠᠢ᠃
ᠬᠦᠰᠡᠪᠡᠯ ᠡᠴᠢᠭᠡ ᠶ᠋ᠢ ᠮᠢᠨᠢ ᠠᠮᠢᠳᠤ ᠦᠯᠡᠳᠡᠭᠡᠵᠦ ᠪᠣᠯᠬᠤ ᠪᠠᠢᠭᠰᠠᠨ ᠰᠢᠦ ᠳᠡ ᠭᠡᠬᠦ ᠪᠣᠳᠣᠯ᠂ ᠭᠣᠮᠣᠳᠠᠯ᠂ ᠬᠠᠷᠠᠭᠤᠰᠤᠯ ᠠᠮᠠᠨ ᠳᠡᠭᠡᠷ᠎ᠡ ᠨᠢ ᠴᠤᠭᠯᠠᠵᠤ᠂ ᠰᠤᠷᠬᠠᠭᠲᠠᠨᠢ ᠨᠢᠭᠡ ᠯᠡ ᠮᠡᠳᠡᠬᠦᠢᠶ᠎ᠠ ᠬᠠᠭᠠᠨ ᠤ᠋ ᠦᠷᠭᠦᠭᠡᠨ ᠦ᠌ ᠥᠨᠳᠥᠷ ᠪᠣᠱᠣᠭ᠎ᠠ ᠶ᠋ᠢ ᠳᠠᠪᠠᠨ ᠣᠷᠣᠭᠰᠠᠨ ᠪᠠᠢᠪᠠ᠃
ᠤᠷᠢᠳ ᠠ᠋ᠴᠠ ᠵᠥᠪᠰᠢᠶᠡᠷᠡᠯ ᠠᠪᠴᠤ ᠪᠠᠢᠵᠤ ᠣᠷᠣᠳᠠᠭ ᠡᠨᠡ ᠥᠨᠳᠥᠷ ᠪᠣᠱᠣᠭ᠎ᠠ ᠪᠠᠷ ᠲᠡᠷᠡ ᠬᠡᠷᠬᠢᠨ ᠠᠯᠬᠤᠨ ᠣᠷᠣᠭᠰᠠᠨ ᠢ᠋ᠶ᠋ᠠᠨ ᠮᠡᠳᠡᠭᠰᠡᠨ ᠦᠭᠡᠢ᠂ ᠬᠠᠭᠠᠨ ᠤ᠋ ᠡᠮᠦᠨ᠎ᠡ ᠣᠴᠢᠴᠢᠬᠠᠭᠰᠠᠨ ᠰᠥᠬᠥᠷᠡᠵᠦ ᠰᠠᠭᠤᠯ᠎ᠠ᠃ ᠦᠭᠡ ᠬᠡᠯᠡᠬᠦ ᠭᠡᠪᠡᠴᠦ ᠠᠮᠠᠨ ᠳᠣᠲᠣᠷ᠎ᠠ ᠬᠡᠯᠡ ᠬᠥᠳᠡᠯᠬᠦ ᠦᠭᠡᠢ᠂ ᠦᠵᠡᠨ ᠶᠠᠳᠠᠬᠤ ᠭᠡᠲᠡᠯ᠎ᠡ ᠬᠡᠷᠬᠢᠬᠦ ᠪᠡᠨ ᠮᠡᠳᠡᠬᠦ ᠦᠭᠡᠢ ᠪᠠᠢᠭ᠎ᠠ ᠪᠡᠷᠢ ᠪᠡᠨ ᠪᠣᠯᠵᠤ ᠥᠩᠭᠡᠷᠡᠭᠰᠡᠨ ᠤᠴᠢᠷ ᠶᠠᠪᠤᠳᠠᠯ ᠳ᠋ᠤ᠌ ᠰᠡᠳᠬᠢᠯ ᠰᠠᠨᠠᠭ᠎ᠠ ᠨᠢ ᠬᠢᠮᠤᠷᠠᠨ ᠪᠣᠢ ᠶ᠋ᠢ ᠬᠠᠷᠠᠵᠤ ᠰᠠᠭᠤᠭᠰᠠᠨ ᠬᠠᠭᠠᠨ᠄
   ᠲᠠᠯ᠎ᠠ ᠨᠤᠲᠤᠭ ᠤ᠋ᠨ ᠡᠯᠢᠭᠡᠨ ᠳᠡᠭᠡᠷ᠎ᠡ ᠤᠷᠭᠤᠭᠰᠠᠨ ᠴᠢᠯᠠᠭᠤ ᠴᠤ ᠪᠠᠢ ᠨᠢᠭᠡᠨ ᠴᠠᠭ ᠲᠤ ᠪᠤᠲᠠᠷᠠᠨ ᠤᠨᠠᠳᠠᠭ ᠵᠢᠮ᠎ᠡ ᠲᠡᠢ ᠪᠢᠯᠡ᠃ ᠦᠰ ᠡᠪᠦᠷᠯᠡᠨ ᠣᠳᠤᠭᠰᠠᠨ ᠡᠴᠢᠭᠡ ᠶ᠋ᠢ ᠴᠢᠨᠢ ᠳᠠᠷᠤᠭᠰᠠᠨ ᠵᠦᠷᠴᠢᠳᠠᠢ ᠳ᠋ᠤ᠌ ᠪᠢ ᠬᠠᠲᠤᠨ ᠢ᠋ᠶ᠋ᠠᠨ ᠰᠣᠶᠣᠷᠬᠠᠯ᠎ᠠ᠃ ᠠᠮᠢᠳᠤᠷᠠᠯ ᠮᠥᠩᠬᠡ ᠪᠢᠰᠢ᠃ ᠵᠡᠷᠭᠡ ᠳ᠋ᠦ᠍ ᠵᠡᠷᠭᠡᠴᠡᠨ ᠰᠠᠭᠤᠭᠰᠠᠨ ᠬᠠᠲᠤᠨ ᠮᠢᠨᠢ ᠨᠠᠳᠠ ᠳ᠋ᠤ᠌ ᠦᠭᠡ ᠡᠰᠡ ᠬᠡᠯᠡᠨ ᠣᠳᠤᠯ᠎ᠠ᠃ ᠪᠢ ᠲᠡᠭᠦᠨ ᠳ᠋ᠦ᠍ ᠵᠢᠷᠭᠠᠯ ᠢᠷᠥᠭᠡᠬᠦ ᠡᠴᠡ ᠥᠭᠡᠷ᠎ᠡ ᠶᠠᠭᠠᠬᠢᠬᠤ ᠪᠢᠯᠡ ᠭᠡᠪᠡ᠃   
   ᠰᠤᠷᠬᠠᠭᠲᠠᠨᠢ ᠰᠠᠶᠢ ᠨᠢᠭᠡ ᠠᠮᠠ ᠨᠡᠭᠡᠭᠡᠵᠦ᠂ ᠴᠡᠭᠡᠵᠢᠨ ᠳᠣᠲᠣᠷ᠎ᠠ ᠬᠤᠷᠠᠯᠳᠤᠨ ᠪᠠᠢᠭᠰᠠᠨ ᠪᠣᠷᠣᠭᠠᠨ ᠤ᠋ ᠡᠭᠦᠯᠡᠰ ᠭᠡᠨᠡᠳᠲᠡ ᠬᠤᠷ᠎ᠠ ᠪᠣᠯᠤᠨ ᠠᠰᠬᠠᠭᠳᠠᠬᠤ ᠰᠢᠭ᠋᠄
   — ᠠᠪᠤ ᠮᠢᠨᠢ᠂ ᠬᠥᠭᠡᠷᠦᠬᠦᠢ ᠠᠪᠤ ᠮᠢᠨᠢ᠁ ᠲᠩᠷᠢ ᠶ᠋ᠢᠨ ᠳᠣᠣᠷ᠎ᠠ᠂ ᠭᠠᠵᠠᠷ ᠤ᠋ᠨ ᠳᠡᠭᠡᠷ᠎ᠡ ᠣᠳᠣ ᠪᠢ ᠬᠡᠨ ᠢ᠋ ᠭᠡᠵᠦ ᠵᠣᠷᠢᠵᠤ ᠣᠴᠢᠬᠤ ᠶᠤᠮ ᠪᠣᠢ᠂ ᠦᠰᠦᠨ ᠳ᠋ᠦ᠍ᠨᠢ ᠪᠤᠭᠤᠷᠤᠯ ᠰᠠᠭᠤᠵᠤ ᠠᠮᠵᠢᠭ᠎ᠠ ᠦᠭᠡᠢ ᠪᠠᠢᠭᠰᠠᠨ ᠡᠴᠢᠭᠡ ᠮᠢᠨᠢ ᠲᠠᠨ ᠤ᠋ ᠭᠠᠷ ᠲᠤ ᠦᠷᠡᠭᠳᠡᠯ᠎ᠡ ᠭᠡᠵᠦ ᠤᠤ᠂ ᠲᠠ ᠨᠠᠮᠠᠶ᠋ᠢ ᠴᠤ ᠮᠥᠨ ᠡᠭᠡᠴᠢ ᠲᠡᠢ ᠮᠢᠨᠢ ᠬᠠᠮᠲᠤ ᠢᠯᠡᠭᠡᠬᠦ ᠦᠭᠡᠢ ᠶᠠᠭᠠᠬᠢᠭᠰᠠᠨ ᠶᠤᠮ ᠪᠣᠢ?
   ᠴᠢᠩᠭᠢᠰ ᠬᠠᠭᠠᠨ ᠡᠷᠡᠦ ᠶ᠋ᠢᠨ ᠢ᠋ᠶ᠋ᠡᠨ ᠰᠠᠬᠠᠯ ᠢ᠋ ᠢᠯᠢᠨ᠂ ᠡᠮᠦᠨ᠎ᠡ ᠪᠡᠨ ᠰᠥᠬᠥᠷᠡᠵᠦ ᠰᠠᠭᠤᠭᠠᠳ ᠴᠤᠷᠬᠢᠷᠠᠨ ᠪᠠᠢᠭ᠎ᠠ ᠰᠤᠷᠬᠠᠭᠲᠠᠨᠢ ᠶ᠋ᠢ ᠬᠠᠷᠠᠵᠤ ᠰᠠᠨᠠᠭ᠎ᠠ ᠠᠯᠳᠠᠭᠠᠳ᠂
   — ᠨᠢᠭᠡ ᠪᠢᠰᠢ᠂ ᠬᠣᠶᠠᠷ ᠥᠬᠢᠨ ᠢ᠋ᠶ᠋ᠡᠨ ᠨᠠᠳᠠ ᠳ᠋ᠤ᠌ ᠥᠭᠭᠦᠭᠰᠡᠨ ᠲᠤᠯᠠ ᠪᠢ ᠵᠠᠬ᠎ᠠ ᠬᠠᠮᠪᠤ ᠶ᠋ᠢᠨ ᠣᠯᠠᠨ ᠤᠳᠠᠭ᠎ᠠ ᠶ᠋ᠢᠨ ᠦᠰ ᠢ᠋ ᠰᠢᠲᠦ ᠵᠠᠭᠤᠨ ᠥᠩᠭᠡᠷᠡᠭᠦᠯᠦᠭᠰᠡᠨ ᠪᠣᠯᠬᠤ ᠶ᠋ᠢ ᠴᠢ ᠮᠡᠳᠡᠨ᠎ᠡ᠃
ᠣᠳᠣ ᠴᠠᠭ ᠨᠢ ᠪᠣᠯᠵᠠᠢ᠃
   ᠲᠠᠯ᠎ᠠ ᠶ᠋ᠢᠨ ᠡᠯᠢᠭᠡᠨ ᠳᠡᠭᠡᠷ᠎ᠡ ᠠᠰᠬᠠᠭᠰᠠᠨ ᠱᠠᠭᠠᠢ ᠰᠢᠭ᠋ ᠲᠠᠷᠬᠠᠭᠰᠠᠨ ᠣᠯᠠᠨ ᠢ᠋ ᠴᠤᠭᠯᠠᠭᠤᠯᠬᠤ ᠳ᠋ᠤ᠌ ᠰᠠᠭᠠᠳ ᠪᠣᠯᠤᠭᠰᠠᠨ ᠪᠦᠬᠦᠨ ᠦᠬᠦᠬᠦ ᠵᠢᠮ᠎ᠡ ᠲᠡᠢ᠂ ᠡᠨᠡ ᠪᠣᠯ ᠬᠠᠤᠯᠢ ᠭᠡᠳᠡᠭ ᠢ᠋ ᠡᠷᠬᠡᠪᠰᠢ ᠪᠡᠷᠢ ᠮᠢᠨᠢ ᠴᠢ ᠮᠡᠳᠡᠵᠦ ᠪᠣᠢ ᠪᠢᠵᠡ ᠳᠡ᠃
   ᠬᠠᠷᠢᠨ ᠴᠢᠮᠠᠶ᠋ᠢ ᠮᠢᠨᠦ ᠪᠡᠷᠢ ᠪᠣᠯᠵᠤ ᠪᠠᠢᠬᠤ ᠲᠡᠷᠡ ᠴᠠᠭ ᠲᠤ《ᠡᠨᠡ ᠪᠡᠶ᠎ᠡ ᠳ᠋ᠦ᠍ ᠪᠣᠢ ᠮᠤᠩᠬᠠᠭ ᠢ᠋ ᠡᠷᠳᠡᠮ ᠤᠬᠠᠭᠠᠨ ᠢ᠋ᠶ᠋ᠠᠷ ᠭᠡᠷᠡᠯᠲᠦᠭᠦᠯᠪᠡᠯ᠂ ᠥᠪᠡᠷ ᠦ᠋ᠨ ᠪᠡᠶ᠎ᠡ ᠳ᠋ᠦ᠍ ᠪᠣᠢ ᠭᠡᠷᠡᠯ ᠢ᠋ᠶ᠋ᠡᠷ ᠥᠷᠭᠡᠨ ᠣᠯᠠᠨ ᠢ᠋ᠶ᠋ᠠᠨ ᠭᠡᠢᠭᠦᠯᠵᠦ ᠴᠢᠳᠠᠨ᠎ᠠ》ᠭᠡᠰᠡᠨ ᠦᠭᠡ ᠶ᠋ᠢ ᠴᠢᠨᠢ ᠰᠠᠨᠠᠵᠤ᠂ ᠬᠣᠵᠢᠮ ᠤ᠋ᠨ ᠨᠢᠭᠡ ᠡᠳᠦᠷ ᠦ᠋ᠨ ᠵᠦᠩ ᠪᠢᠯᠢᠭ ᠤᠬᠠᠭᠠᠨ ᠳ᠋ᠤ᠌ ᠮᠢᠨᠢ ᠬᠠᠷᠪᠤᠨ ᠣᠷᠣᠵᠤ ᠢᠷᠡᠭᠰᠡᠨ ᠲᠤᠯᠠ ᠬᠦᠦ ᠳ᠋ᠡᠭᠡᠨ ᠬᠡᠪ ᠢ᠋ᠶ᠋ᠡᠷ ᠦᠯᠡᠳᠡᠭᠡᠯ᠎ᠡ ᠭᠡᠪᠡ᠃ ᠰᠤᠷᠬᠠᠭᠲᠠᠨᠢ᠄ ᠡᠴᠢᠭᠡ ᠮᠢᠨᠢ ᠦᠭᠡᠢ ᠪᠣᠯᠤᠯ᠎ᠠ ᠭᠡᠳ ᠡᠷᠭᠢᠵᠦ ᠦᠰ ᠰᠠᠨᠠᠬᠤ ᠶ᠋ᠢ ᠬᠦᠰᠡᠪᠡᠴᠦ ᠡᠪᠯᠡᠭᠰᠡᠨ ᠪᠠᠶᠠᠨ ᠳ᠋ᠤ᠌ ᠮᠢᠨᠢ ᠬᠦᠦ ᠴᠢᠨᠢ ᠪᠠᠭᠲᠠᠵᠤ᠂ ᠢᠪᠢᠯᠦᠭᠰᠡᠨ ᠬᠥᠬᠥᠨ ᠳ᠋ᠦ᠍ ᠮᠢᠨᠢ ᠠᠴᠢ ᠴᠢᠨᠢ ᠴᠠᠳᠬᠤ ᠲᠤᠯᠠ ᠪᠢ ᠶᠠᠭᠠᠬᠢᠬᠤ ᠪᠢᠯᠡ᠃
ᠨᠢᠭᠡᠨᠲᠡ ᠶᠠᠰᠤ ᠮᠢᠬ᠎ᠠ ᠪᠠᠷ ᠭᠠᠩᠨᠠᠭᠳᠠᠭᠰᠠᠨ ᠠᠮᠢ ᠲᠠᠢ ᠪᠣᠯᠵᠠᠢ ᠪᠢᠳᠡ᠁ ᠭᠡᠵᠦ ᠬᠡᠯᠡᠭᠡᠳ ᠭᠠᠷᠴᠤ ᠣᠳᠤᠭᠰᠠᠨ ᠪᠢᠯᠡ᠃
   ᠬᠠᠭᠠᠨ ᠤ᠋ ᠥᠭᠡᠳᠡ ᠡᠴᠡ ᠥᠭᠡᠷ᠎ᠡ ᠶᠠᠭᠤ ᠶ᠋ᠢ ᠬᠡᠯᠡᠬᠦ ᠪᠢᠯᠡ᠃
   ᠭᠠᠵᠠᠷ ᠳᠡᠯᠡᠬᠡᠢ ᠳᠠᠢᠪᠠᠨ ᠪᠠᠢᠬᠤ ᠰᠢᠭ᠋᠂ ᠤᠬᠠᠭᠠᠨ ᠰᠠᠨᠠᠭ᠎ᠠ ᠨᠢ ᠪᠠᠯᠠᠷᠳᠠᠨ ᠭᠠᠭᠴᠠ ᠨᠢᠭᠡ ᠪᠡᠷ ᠵᠥᠭᠡᠯᠡᠨ ᠭᠢᠰᠬᠢᠨ ᠥᠪᠡᠷ ᠦ᠋ᠨ ᠤᠷᠲᠤ ᠥᠷᠭᠥᠭᠡ ᠤᠷᠤᠭᠤ ᠪᠠᠨ ᠵᠦᠭᠯᠡᠨ ᠶᠠᠪᠤᠭᠰᠠᠨ ᠰᠤᠷᠬᠠᠭᠲᠠᠨᠢ ᠶ᠋ᠢᠨ ᠭᠠᠷ ᠠ᠋ᠴᠠ ᠨᠢᠭᠡᠨ ᠬᠥᠮᠦᠨ ᠠᠳᠬᠤᠨ ᠠᠪᠤᠭᠰᠠᠨ ᠨᠢ ᠲᠡᠭᠦᠨ ᠦ᠌ ᠨᠥᠬᠥᠷ ᠲᠤᠯᠤᠢ ᠪᠠᠢᠯ᠎ᠠ᠃ ᠰᠤᠷᠬᠠᠭᠲᠠᠨᠢ ᠡᠨᠡ ᠤᠳᠠᠭ᠎ᠠ ᠳ᠋ᠤ᠌ ᠲᠤᠯᠤᠢ ᠶ᠋ᠢᠨ ᠭᠠᠷ ᠠ᠋ᠴᠠ ᠥᠪᠡᠷ ᠦ᠋ᠨ ᠭᠠᠷ ᠢ᠋ ᠤᠭᠵᠠ ᠲᠡᠳᠡᠨ ᠠᠪᠴᠤ ᠡᠩᠭᠡᠷ ᠴᠡᠭᠡᠵᠢ ᠶ᠋ᠢ ᠨᠢ ᠪᠠᠯᠪᠠᠨ ᠴᠣᠬᠢᠮᠠᠷ ᠰᠠᠨᠠᠭᠳᠠᠪᠠ᠃
ᠭᠡᠪᠡᠴᠦ ᠲᠡᠭᠦᠨ ᠦ᠌ ᠭᠠᠷ ᠤ᠋ᠨ ᠠᠳᠬᠤᠯᠲᠠ ᠳ᠋ᠤ᠌ ᠬᠥᠲᠥᠯᠦᠭᠳᠡᠨ ᠥᠪᠡᠷ ᠦ᠋ᠨ ᠮᠡᠳᠡᠭᠡ ᠦᠭᠡᠢ ᠪᠣᠯᠤᠭᠰᠠᠨ ᠮᠡᠲᠦ ᠬᠥᠯ ᠢ᠋ᠶ᠋ᠡᠨ ᠭᠠᠭᠴᠠ ᠨᠢᠭᠡ ᠪᠡᠷ ᠵᠥᠭᠡᠭᠡᠨ ᠴᠢᠨᠠᠭᠰᠢ ᠠᠯᠬᠤᠯ᠎ᠠ᠃ ᠶᠠᠭ ᠣᠳᠣ ᠭᠠᠷ ᠠ᠋ᠴᠠ ᠨᠢ ᠠᠳᠬᠤᠨ ᠶᠠᠪᠤᠭ᠎ᠠ ᠡᠨᠡ ᠬᠥᠮᠦᠨ ᠦᠭᠡᠢ ᠪᠣᠯ ᠰᠤᠷᠬᠠᠭᠲᠠᠨᠢ ᠲᠡᠷᠡ ᠳᠣᠣᠷ᠎ᠠ ᠪᠠᠨ ᠭᠠᠵᠠᠷ ᠲᠤ᠌ ᠳᠠᠷᠬᠢᠨ ᠤᠨᠠᠬᠤ ᠪᠠᠢᠭᠰᠠᠨ ᠨᠢ ᠯᠠᠪᠲᠠᠢ᠃ ᠲᠡᠷᠡ ᠴᠠᠭ ᠠ᠋ᠴᠠ ᠬᠣᠢᠰᠢ ᠣᠯᠠᠨ ᠵᠢᠯ ᠥᠩᠭᠡᠷᠡᠵᠡᠢ᠃
   ᠮᠣᠩᠭᠣᠯ ᠲᠤᠭᠤᠷᠭᠠᠲᠠᠨ ᠢ᠋ ᠨᠢᠭᠡᠳᠬᠡᠭᠰᠡᠨ ᠴᠢᠩᠭᠢᠰ ᠬᠠᠭᠠᠨ ᠠᠯᠲᠠᠨ ᠤᠷᠤᠭ ᠤ᠋ᠨ ᠬᠢᠨ ᠳ᠋ᠦ᠍ ᠥᠮᠴᠢ᠂ ᠢᠷᠭᠡᠨ ᠬᠤᠪᠢᠶᠠᠨ᠂ ᠣᠳᠬᠣᠨ ᠬᠦᠦ ᠲᠤᠯᠤᠢ ᠳ᠋ᠠᠭᠠᠨ ᠲᠠᠪᠤᠨ ᠮᠢᠩᠭᠠᠨ ᠡᠷᠦᠬᠡ ᠠᠢᠯ ᠲᠤᠰᠠᠭᠠᠷᠯᠠᠨ ᠥᠭᠴᠦ ᠡᠴᠢᠭᠡ ᠡᠪᠦᠭᠡᠳ ᠦ᠋ᠨ ᠭᠠᠯ ᠭᠣᠯᠣᠮᠲᠠ ᠶ᠋ᠢ ᠰᠠᠬᠢᠨ ᠭᠤᠷᠪᠠᠨ ᠭᠣᠣᠯ ᠤ᠋ᠨ ᠰᠠᠪᠠ᠂ ᠤᠤᠭᠠᠯ ᠨᠤᠲᠤᠭ ᠢ᠋ᠶ᠋ᠠᠨ ᠲᠦᠪᠰᠢᠳᠬᠡᠨ ᠵᠠᠬᠢᠷᠬᠤ ᠡᠷᠬᠡ ᠶ᠋ᠢ ᠣᠯᠭᠣᠭᠰᠠᠨ ᠶᠤᠮ᠃ ᠲᠤᠯᠤᠢ ᠨᠣᠶᠠᠨ ᠲᠡᠢᠨ ᠲᠤᠯᠤᠯᠳᠤᠭᠠᠨ ᠳ᠋ᠤ᠌ ᠴᠢᠩᠭᠢᠰ ᠬᠠᠭᠠᠨ ᠤ᠋ ᠬᠠᠮᠲᠤ ᠭᠣᠣᠯ ᠵᠠᠮ ᠤ᠋ᠨ ᠴᠡᠷᠢᠭ ᠢ᠋ ᠵᠠᠬᠢᠷᠤᠨ ᠶᠠᠪᠤᠳᠠᠭ᠂ ᠬᠠᠭᠠᠨ ᠡᠴᠢᠭᠡ ᠶ᠋ᠢᠨ ᠢ᠋ᠶ᠋ᠡᠨ ᠴᠡᠷᠢᠭ ᠵᠠᠬᠢᠷᠬᠤ ᠡᠷᠳᠡᠮ ᠢ᠋ ᠬᠡᠨ ᠡᠴᠡ ᠴᠦ᠍ ᠢᠯᠡᠭᠦᠦ ᠣᠢᠯᠠᠭᠠᠵᠤ ᠰᠤᠷᠤᠯᠴᠠᠭᠰᠠᠨ ᠨᠢᠭᠡᠨ ᠨᠢ ᠪᠠᠢᠪᠠ᠃ ᠲᠡᠷᠡ ᠪᠡᠷ ᠠᠯᠲᠠᠨ ᠤᠯᠤᠰ᠂ ᠰᠥᠩ ᠤᠯᠤᠰ ᠲᠠᠢ ᠬᠢᠭᠰᠡᠨ ᠶᠡᠬᠡ ᠠᠶᠠᠨ ᠲᠡᠢᠨ ᠳ᠋ᠦ᠍ ᠥᠪᠡᠷ ᠦ᠋ᠨ ᠴᠡᠷᠢᠭ ᠢ᠋ᠶ᠋ᠡᠨ ᠤᠳᠤᠷᠢᠳᠤᠨ ᠶᠠᠪᠤᠵᠤ᠂ ᠪᠠᠭᠠᠲᠤᠷᠯᠢᠭ ᠭᠠᠪᠢᠶ᠎ᠠ ᠪᠠᠢᠭᠤᠯᠵᠤ ᠪᠠᠢᠭᠰᠠᠨ ᠤᠳᠠᠭ᠎ᠠ ᠲᠠᠢ᠂ ᠬᠠᠭᠠᠨ ᠠᠪᠤ ᠲᠠᠢ ᠪᠠᠨ ᠮᠥᠷᠥ ᠵᠡᠷᠭᠡᠴᠡᠨ ᠲᠤᠯᠤᠯᠳᠤᠵᠤ ᠶᠠᠪᠤᠭᠰᠠᠨ ᠤᠳᠬᠤᠨ ᠬᠦᠦ ᠨᠢ ᠠᠬ᠎ᠠ ᠨᠠᠷ ᠢ᠋ᠶ᠋ᠠᠨ ᠪᠣᠳᠣᠪᠠᠯ ᠵᠠᠩ ᠠᠭᠠᠰᠢ ᠠᠶ᠎ᠠ ᠳᠠᠭᠤ ᠵᠥᠭᠡᠯᠡᠨ᠂ ᠬᠦᠯᠢᠴᠡ ᠲᠡᠢ ᠶ᠋ᠢᠨ ᠳᠡᠭᠡᠷ᠎ᠡ ᠲᠡᠢᠨ ᠲᠤᠯᠤᠯᠳᠤᠭᠠᠨ ᠳ᠋ᠤ᠌ ᠣᠯᠠᠨ ᠬᠥᠮᠦᠨ ᠦ᠌ ᠠᠮᠢ ᠨᠠᠰᠤ ᠶ᠋ᠢ ᠥᠷᠥᠰᠢᠶᠡᠨ ᠬᠡᠯᠲᠦᠷᠢᠭᠦᠯᠦᠭᠴᠢ᠂ ᠠᠪᠤᠷᠠᠨ ᠨᠢᠭᠦᠯᠡᠰᠦᠭᠴᠢ ᠴᠢᠨᠠᠷ ᠢ᠋ᠶ᠋ᠠᠷ ᠢ᠋ᠶ᠋ᠠᠨ ᠲᠣᠳᠣ ᠢᠯᠭᠠᠷᠠᠵᠤ᠂ ᠣᠯᠠᠨ ᠤ᠋ ᠬᠦᠨᠳᠦᠯᠡᠯ ᠢ᠋ ᠬᠦᠯᠢᠶᠡᠳᠡᠭ ᠪᠠᠢᠯ᠎ᠠ᠃ ᠡᠷ᠎ᠡ ᠨᠥᠬᠥᠷ ᠨᠢ ᠡᠵᠡᠭᠦᠢ ᠴᠠᠭ ᠲᠤᠯᠠ ᠰᠤᠷᠬᠠᠭᠲᠠᠨᠢ ᠠᠩᠬᠠᠨ ᠤ᠋ ᠠᠩ ᠢ᠋ᠶ᠋ᠠᠨ ᠬᠢᠵᠦ ᠡᠪᠦᠭᠡ ᠡᠴᠢᠭᠡ ᠪᠡᠷ ᠢ᠋ᠶ᠋ᠡᠨ ᠡᠷᠡᠬᠡᠢ ᠪᠡᠨ ᠮᠢᠯᠢᠶᠠᠯᠭᠠᠭᠰᠠᠨ ᠬᠦᠦ ᠪᠡᠨ ᠣᠷᠣᠵᠤ ᠦᠨᠦᠰᠦᠭᠡᠳ ᠤᠨᠲᠠᠬᠤ ᠪᠠᠷ ᠭᠠᠷᠤᠯ᠎ᠠ᠃
   ᠭᠠᠳᠠᠭ᠎ᠠ ᠲᠩᠷᠢ ᠲᠣᠭᠲᠠᠭᠤᠨ᠂ ᠡᠴᠢᠭᠡ ᠪᠡᠨ ᠳᠠᠭᠠᠵᠤ ᠠᠯᠲᠠᠨ ᠤᠯᠤᠰ ᠲᠤ᠌ ᠳᠠᠢᠳᠤᠬᠤ ᠪᠠᠷ ᠶᠠᠪᠤᠭᠰᠠᠨ ᠨᠥᠬᠥᠷ ᠨᠢ ᠲᠡᠭᠦᠨ ᠲᠡᠢ ᠬᠠᠮᠲᠤ ᠢᠷᠡᠭᠰᠡᠨ ᠦᠭᠡᠢ᠂
ᠬᠡᠳᠦ ᠬᠣᠨᠣᠭ ᠤ᠋ᠨ ᠭᠠᠵᠠᠷ ᠦᠯᠡᠳᠡᠵᠦ ᠠᠷᠤ ᠠ᠋ᠴᠠ ᠨᠢ ᠢᠷᠡᠬᠦ ᠪᠣᠯᠤᠭᠰᠠᠨ ᠲᠤᠬᠠᠢ ᠬᠡᠯᠡ ᠳᠣᠭᠣᠯᠭᠠᠭᠰᠠᠨ ᠳ᠋ᠤ᠌ ᠰᠡᠳᠬᠢᠯ ᠨᠢ ᠵᠢᠭᠠᠬᠠᠨ ᠲᠦᠭᠰᠢᠨ ᠵᠠᠷᠢᠮ ᠨᠢᠭᠡ ᠲᠡᠢᠨ ᠳᠣᠯᠣᠭᠠᠨ ᠬᠡᠳᠦᠨ ᠵᠢᠯ ᠢ᠋ᠶ᠋ᠡᠷ ᠦᠷᠭᠦᠯᠵᠢᠯᠡᠳᠡᠭ ᠴᠦ᠍ ᠤᠳᠠᠭᠠᠨ ᠬᠦᠯᠢᠶᠡᠭᠰᠡᠨ ᠨᠥᠬᠥᠷ ᠨᠢ ᠲᠡᠷᠡ ᠪᠠᠶᠠᠷᠲᠤ ᠡᠳᠦᠷ ᠢᠷᠡᠭᠡ ᠦᠭᠡᠢ ᠳ᠋ᠦ᠍ ᠰᠡᠳᠬᠢᠯ ᠵᠢᠭᠠᠬᠠᠨ ᠭᠤᠨᠢᠭ ᠲᠠᠢ᠂ ᠬᠠᠲᠤᠨ ᠥᠨᠥᠬᠢ ᠯᠡ ᠰᠤᠷᠤᠭᠰᠠᠨ ᠵᠠᠩ ᠢ᠋ᠶ᠋ᠠᠷ ᠢ᠋ᠶ᠋ᠠᠨ ᠤᠨᠲᠠᠬᠤ ᠶ᠋ᠢᠨ ᠡᠮᠦᠨ᠎ᠡ ᠭᠡᠷᠡᠯ ᠭᠠᠷᠭᠠᠵᠤ᠂ ᠡᠷᠲᠡᠨ ᠦ᠌ ᠰᠤᠳᠤᠷ ᠤ᠋ᠳ ᠠ᠋ᠴᠠ ᠡᠷᠭᠢᠭᠦᠯᠵᠦ ᠰᠠᠭᠤᠯ᠎ᠠ᠃《ᠮᠡᠷᠭᠡᠨ ᠣᠶᠤᠨ ᠤ᠋ ᠦᠨᠡᠨ ᠭᠡᠳᠡᠭ ᠲᠠᠨᠢᠵᠤ ᠪᠠᠷᠠᠬᠤ ᠦᠭᠡᠢ ᠬᠣᠷᠸ᠎ᠠ ᠶᠤᠮ᠃ ᠮᠡᠨᠳᠦ ᠠᠮᠤᠭᠤᠯᠠᠩ ᠤ᠋ᠨ ᠤᠳᠬ᠎ᠠ ᠭᠡᠳᠡᠭ ᠲᠤᠭᠤᠯᠵᠤ ᠪᠠᠷᠠᠬᠤ ᠦᠭᠡᠢ ᠳᠠᠯᠠᠢ ᠶᠤᠮ》 ᠭᠡᠰᠡᠨ ᠡᠷᠲᠡᠨ ᠦ᠌ ᠰᠢᠯᠦᠭ ᠦ᠋ᠨ ᠮᠥᠷ ᠦ᠋ᠳ ᠬᠦᠪᠦᠷᠡᠨ᠎ᠡ᠃ ᠦᠨᠡᠬᠡᠷ ᠲᠠᠨᠢᠵᠤ ᠪᠠᠷᠠᠬᠤ ᠦᠭᠡᠢ ᠬᠣᠷᠸ᠎ᠠ᠂ ᠲᠤᠭᠤᠯᠵᠤ ᠪᠠᠷᠠᠬᠤ ᠦᠭᠡᠢ ᠳᠠᠯᠠᠢ ᠶ᠋ᠢᠨ ᠳᠤᠮᠳᠠ ᠰᠡᠯᠢᠵᠦ ᠶᠠᠪᠤᠭ᠎ᠠ ᠮᠡᠲᠦ ᠰᠡᠳᠬᠢᠯ ᠰᠡᠮᠡᠷᠡᠨ ᠪᠠᠢᠲᠠᠯ᠎ᠠ ᠭᠠᠳᠠᠭ᠎ᠠ ᠨᠣᠬᠠᠳ ᠬᠤᠴᠠᠨ ᠬᠥᠮᠦᠰ ᠢᠷᠡᠬᠦ ᠴᠢᠮᠡᠭᠡ ᠭᠠᠷᠤᠯ᠎ᠠ᠃ ᠡᠨᠡ ᠰᠥᠨᠢ ᠣᠷᠣᠢ ᠶ᠋ᠢᠨ ᠴᠠᠭ ᠢ᠋ᠶ᠋ᠠᠷ ᠶᠠᠭᠤᠨ ᠤ᠋ ᠬᠥᠮᠦᠰ ᠪᠠᠢᠳᠠᠭ ᠪᠢᠯᠡ ᠭᠡᠮᠡᠨ ᠥᠨᠳᠡᠢᠨ ᠪᠣᠰᠬᠤ ᠵᠠᠭᠤᠷ᠎ᠠ ᠳ᠋ᠤ᠌《ᠲᠤᠯᠤᠢ ᠮᠢᠨᠢ ᠶᠦᠮ ᠪᠣᠯᠪᠠ ᠤᠤ》 ᠭᠡᠰᠡᠨ ᠪᠣᠳᠣᠯ ᠬᠠᠷᠪᠤᠨ ᠣᠷᠣᠵᠤ ᠢᠷᠡᠵᠦ᠂ ᠲᠦᠷᠭᠡᠨ ᠬᠤᠪᠴᠠᠰᠤᠯᠠᠭᠠᠳ᠂ ᠡᠭᠦᠳᠡ ᠤᠷᠤᠭᠤ ᠬᠤᠷᠳᠤᠨ ᠬᠤᠷᠳᠤᠨ ᠠᠯᠬᠤᠯ᠎ᠠ᠃ ᠮᠣᠷᠢ ᠲᠤᠷᠭᠢᠯᠠᠬᠤ ᠴᠢᠮᠡᠭᠡ᠂ ᠬᠥᠮᠦᠰ ᠦ᠋ᠨ ᠬᠣᠭᠣᠷᠣᠨᠳᠣ ᠪᠠᠨ ᠶᠠᠷᠢᠬᠤ ᠳᠠᠭᠤ᠂ ᠨᠣᠬᠠᠳ ᠤ᠋ᠨ ᠪᠣᠣᠷᠯᠠᠨ ᠬᠤᠴᠠᠬᠤ ᠲᠠᠢ ᠵᠡᠷᠭᠡᠴᠡᠨ ᠶᠡᠬᠡ ᠠᠭᠤᠷᠠᠭ ᠣᠷᠳᠣᠨ ᠤ᠋ ᠣᠢᠷ᠎ᠠ ᠣᠷᠴᠢᠮ ᠢ᠋ ᠪᠦᠬᠦᠯᠢ ᠳ᠋ᠦ᠍ᠨᠢ ᠰᠡᠷᠡᠭᠡᠵᠦ ᠣᠷᠬᠢᠯ᠎ᠠ᠃   
   ᠰᠤᠷᠬᠠᠭᠲᠠᠨᠢ ᠶ᠋ᠢᠨ ᠵᠥᠪ ᠪᠠᠶ᠋ᠢᠵᠠᠢ᠃ ᠵᠦᠷᠴᠢᠳ ᠢ᠋ ᠳᠠᠷᠤᠭᠠᠳ ᠪᠤᠴᠠᠬᠤ ᠵᠠᠮ ᠳ᠋ᠠᠭᠠᠨ ᠰᠠᠭᠠᠲᠠᠭᠰᠠᠨ ᠨᠥᠬᠥᠷ ᠨᠢ ᠥᠪᠡᠷ ᠦ᠋ᠨ ᠬᠥᠮᠦᠰ ᠢ᠋ᠶ᠋ᠡᠨ ᠠᠪᠤᠭᠠᠳ ᠢᠷᠡᠵᠡᠢ᠃ ᠲᠡᠢᠨ ᠳ᠋ᠦ᠍ ᠶᠠᠪᠤᠭᠠᠳ ᠭᠤᠷᠪᠠᠨ ᠵᠢᠯ ᠠᠭᠤᠯᠵᠠᠭ᠎ᠠ ᠦᠭᠡᠢ ᠨᠥᠬᠥᠷ ᠨᠢ ᠡᠰᠡᠨ ᠮᠡᠨᠳᠦ ᠢᠷᠡᠭᠰᠡᠨ ᠳ᠋ᠦ᠍ ᠪᠠᠶᠠᠷᠯᠠᠨ ᠣᠴᠢᠵᠤ ᠤᠭᠲᠤᠬᠤ ᠦᠭᠡᠢ ᠶᠠᠮᠠᠷ ᠬᠠᠲᠤᠨ ᠲᠠᠯ᠎ᠠ ᠨᠤᠲᠤᠭ ᠲᠤ ᠪᠠᠢᠬᠤ ᠪᠢᠯᠡ ᠳᠠ᠃
   ᠠᠮᠢᠳᠤ ᠢᠷᠡᠵᠦ ᠴᠤ᠌ ᠪᠣᠯᠬᠤ᠂ ᠠᠯᠤᠰ ᠬᠣᠯᠠ ᠦᠷᠡᠭᠳᠡᠵᠦ ᠴᠤ ᠪᠣᠯᠬᠤ ᠣᠯᠠᠨ ᠵᠢᠯ ᠦ᠋ᠨ ᠰᠢᠨᠠᠯᠭᠠᠲᠤ ᠰᠥᠨᠢ ᠰᠠᠶᠢ ᠨᠢᠭᠡ ᠪᠦᠲᠦᠨ ᠨᠣᠢᠷ ᠲᠠᠢ ᠬᠣᠨᠣᠬᠤ ᠠᠮᠤᠭᠤᠯᠠᠩ ᠢ᠋ ᠠᠪᠴᠢᠷᠠᠯ᠎ᠠ᠃ ᠨᠥᠬᠥᠷ ᠦ᠋ᠨ ᠢ᠋ᠶ᠋ᠡᠨ ᠪᠠᠷ᠎ᠠ ᠪᠠᠢᠳᠠᠯ ᠢ᠋ ᠬᠠᠷᠠᠪᠠᠯ ᠨᠠᠷᠠ ᠰᠠᠯᠬᠢ ᠵᠢᠰᠦ ᠴᠢᠷᠠᠢ ᠶ᠋ᠢ ᠨᠢ ᠪᠣᠷᠣᠯᠠᠭᠤᠯᠵᠤ᠂ ᠭᠤᠷᠪᠠᠨ ᠵᠢᠯ ᠦ᠋ᠨ ᠡᠮᠦᠨᠡᠬᠢ ᠡᠴᠡ ᠪᠠᠭᠤᠷᠢ ᠰᠠᠭᠤᠭᠰᠠᠨ ᠮᠡᠲᠦ ᠬᠠᠷᠠᠭᠳᠠᠨ᠎ᠠ᠃ ᠠᠭᠤᠯᠵᠠᠭ᠎ᠠ ᠦᠭᠡᠢ ᠤᠳᠠᠭᠰᠠᠨ ᠬᠥᠮᠦᠰ ᠣᠯᠠᠨ ᠶᠠᠭᠤᠮ᠎ᠠ ᠶᠠᠷᠢᠬᠤ ᠪᠠᠷ ᠪᠡᠯᠡᠳᠴᠦ ᠪᠠᠢᠭᠠᠳ ᠶᠠᠭ ᠠᠭᠤᠯᠵᠠᠬᠤ ᠲᠡᠷᠡ ᠮᠥᠴᠡ ᠳ᠋ᠡᠭᠡᠨ ᠶᠠᠭᠤ ᠡᠬᠢᠯᠡᠵᠦ ᠶᠠᠷᠢᠬᠤ ᠪᠠᠨ ᠮᠡᠳᠡᠬᠦ ᠪᠡᠨ ᠪᠣᠯᠢᠳᠠᠭ ᠰᠢᠭ᠋ ᠰᠠᠮᠭᠠᠷᠳᠠᠭᠰᠠᠨ ᠰᠤᠷᠬᠠᠭᠲᠠᠨᠢ ᠶᠠᠮᠠᠷ ᠴᠤ ᠭᠡᠰᠡᠨ ᠥᠨᠥᠳᠥᠷ ᠬᠦᠦ ᠮᠥᠩᠬᠡ ᠨᠢ ᠠᠩᠬᠠᠨ ᠤ᠋ ᠠᠩ ᠢ᠋ᠶ᠋ᠠᠨ ᠬᠢᠵᠦ᠂ ᠡᠪᠦᠭᠡ ᠡᠴᠢᠭᠡ ᠪᠡᠷ ᠢ᠋ᠶ᠋ᠡᠨ ᠡᠷᠡᠬᠡᠢ ᠪᠡᠨ ᠮᠢᠯᠢᠶᠠᠯᠭᠠᠭᠰᠠᠨ ᠲᠤᠬᠠᠢ ᠶᠠᠷᠢᠵᠤ ᠠᠮᠵᠢᠯ᠎ᠠ᠃ ᠬᠦᠦ ᠪᠡᠨ ᠭᠤᠷᠪᠠᠨ ᠵᠢᠯ ᠬᠠᠷᠠᠭ᠎ᠠ ᠦᠭᠡᠢ ᠶ᠋ᠢᠨ ᠳᠡᠭᠡᠷ᠎ᠡ ᠡᠷ᠎ᠡ ᠬᠥᠮᠦᠨ ᠪᠣᠯᠵᠤ ᠶᠠᠪᠤᠭ᠎ᠠ ᠬᠦᠦ ᠶ᠋ᠢᠨ ᠠᠮᠵᠢᠯᠲᠠ ᠳ᠋ᠤᠨᠢ ᠤᠷᠮᠠᠰᠢᠭᠰᠠᠨ ᠲᠤᠯᠤᠢ ᠡᠮᠡᠭᠡ ᠡᠬᠡ ᠶ᠋ᠢᠨ ᠢ᠋ᠶ᠋ᠡᠨ ᠭᠡᠷ ᠲᠦ᠍ ᠤᠨᠲᠠᠵᠤ ᠪᠠᠢᠭ᠎ᠠ ᠬᠦᠦ ᠶ᠋ᠢᠨ ᠢ᠋ᠶ᠋ᠡᠨ ᠳᠤᠬᠤᠨ ᠳᠡᠭᠡᠷ᠎ᠡ ᠨᠢ ᠦᠨᠦᠷᠯᠡᠭᠡᠳ ᠬᠠᠲᠤᠨ ᠢ᠋ᠶ᠋ᠠᠨ ᠳᠠᠭᠠᠭᠤᠯᠤᠨ ᠥᠷᠭᠥᠭᠡ ᠤᠷᠤᠭᠤ ᠪᠠᠨ ᠶᠠᠪᠤᠯ᠎ᠠ᠃
   ᠪᠢᠲᠡᠭᠦᠦ ᠰᠠᠷᠠ ᠲᠠᠢ ᠰᠥᠨᠢ ᠣᠷᠴᠢᠨ ᠤ᠋ ᠶᠠᠭᠤᠮᠠᠰ ᠪᠦᠳᠡᠭᠢ ᠪᠡᠲᠡᠭᠢ ᠬᠠᠷᠠᠭᠳᠠᠨ᠎ᠠ᠃ ᠪᠥᠷᠲᠡ ᠬᠠᠲᠤᠨ ᠤ᠋ ᠭᠡᠷ ᠡᠴᠡ ᠲᠤᠯᠤᠢ ᠶ᠋ᠢᠨ ᠥᠷᠭᠥᠭᠡ ᠡᠳᠦᠷ ᠦ᠋ᠨ ᠴᠠᠭ ᠢ᠋ᠶ᠋ᠠᠷ ᠣᠢᠷᠠᠬᠠᠨ ᠴᠤ ᠰᠥᠨᠢ ᠪᠦᠳᠦᠴᠢᠨ ᠶᠠᠪᠤᠭ᠎ᠠ ᠬᠥᠮᠦᠨ ᠳ᠋ᠦ᠍ ᠬᠣᠯᠠ ᠠᠵᠢ᠃ ᠴᠢᠯᠠᠭᠤᠨ ᠳᠡᠭᠡᠷ᠎ᠡ ᠪᠦᠳᠦᠷᠢᠭᠰᠡᠨ ᠬᠠᠲᠤᠨ ᠢ᠋ᠶ᠋ᠠᠨ ᠭᠠᠷ ᠠ᠋ᠴᠠ ᠨᠢ ᠳᠡᠭᠡᠭᠰᠢ ᠡᠷᠭᠦᠨ ᠪᠤᠰᠬᠠᠵᠤ ᠡᠩᠭᠡᠷ ᠲᠡᠭᠡᠨ ᠨᠠᠭᠠᠬᠤ ᠳ᠋ᠤ᠌ ᠰᠤᠷᠬᠠᠭᠲᠠᠨᠢ ᠶ᠋ᠢᠨ ᠪᠡᠶ᠎ᠡ ᠪᠡᠷ ᠳᠠᠬᠢᠨ ᠴᠢᠰ ᠬᠠᠯᠠᠭᠤᠨ ᠴᠢᠰᠤ ᠵᠢᠷᠢᠯᠵᠡᠨ ᠭᠦᠶᠦᠬᠦ ᠰᠢᠭ ᠪᠣᠯᠵᠤ ᠲᠡᠷᠡ ᠨᠢᠭᠡᠨ ᠡᠳᠦᠷ ᠠᠩᠬ᠎ᠠ ᠬᠤᠷᠢᠮ ᠬᠢᠵᠦ ᠪᠠᠢᠬᠤ ᠳ᠋ᠤ᠌ ᠰᠡᠦᠬᠡ ᠲᠡᠷᠭᠡᠨ ᠦ᠌ ᠬᠠᠭᠠᠯᠭ᠎ᠠ ᠣᠩᠭᠣᠢᠯᠭᠠᠨ ᠲᠣᠰᠣᠨ ᠠᠪᠴᠤ ᠪᠠᠢᠭᠰᠠᠨ ᠬᠠᠯᠠᠭᠤᠨ ᠭᠠᠷ ᠤ᠋ᠨ ᠢᠯᠴᠢ ᠶ᠋ᠢ ᠳᠠᠬᠢᠨ ᠮᠡᠳᠡᠷᠡᠪᠡ᠃ ᠡᠨᠡ ᠭᠠᠷ ᠠ᠋ᠴᠠ ᠭᠤᠷᠪᠠᠨ ᠵᠢᠯ ᠠᠳᠬᠤᠭᠰᠠᠨ ᠦᠭᠡᠢ᠂ ᠡᠨᠡ ᠴᠡᠭᠡᠵᠢᠨ ᠳ᠋ᠦ᠍ ᠭᠤᠷᠪᠠᠨ ᠵᠢᠯ ᠬᠠᠴᠠᠷ ᠢ᠋ᠶ᠋ᠠᠨ ᠨᠠᠭᠠᠭᠰᠠᠨ ᠦᠭᠡᠢ᠂ ᠦᠷ ᠢ᠋ᠶ᠋ᠡᠷ ᠰᠤᠷᠬᠠᠭᠲᠠᠨᠢ ᠳᠠᠬᠢᠨ ᠠᠯᠲᠠᠨ ᠰᠢᠮᠠᠭᠤᠯ ᠤ᠋ᠳ ᠢ᠋ᠶ᠋ᠠᠨ ᠵᠡᠭᠦᠳᠦᠯᠡᠵᠡᠢ᠃ ᠠᠬᠢᠭᠠᠳ ᠯᠠ ᠬᠠᠮᠠᠷ ᠤ᠋ᠨ ᠨᠦᠬᠡ ᠪᠡᠷ ᠨᠢ ᠣᠷᠣᠵᠤ ᠶᠠᠪᠤᠴᠢᠬᠠᠬᠤ ᠰᠢᠭ᠋ ᠲᠡᠷᠡ ᠬᠠᠴᠢᠨ ᠠᠮᠢᠲᠠᠳ ᠬᠠᠲᠤᠨ ᠤ᠋ ᠠᠮᠢᠰᠬᠤᠯ ᠢ᠋ ᠪᠤᠭᠤᠨ ᠰᠡᠷᠡᠭᠡᠯ᠎ᠡ᠃ ᠦᠷ ᠴᠠᠢᠵᠠᠢ᠃ ᠶᠡᠷᠦ ᠵᠡᠭᠦᠳᠦᠨ ᠡᠴᠡ ᠭᠠᠷᠬᠤ ᠦᠭᠡᠢ ᠪᠠᠢᠭ᠎ᠠ ᠡᠨᠡ ᠰᠢᠮᠠᠭᠤᠯ ᠤ᠋ᠳ ᠶᠠᠭᠤ ᠶ᠋ᠢ ᠥᠭᠦᠯᠡᠨ᠎ᠡ ᠪᠣᠢ? ᠤᠴᠢᠷ ᠮᠡᠳᠡᠬᠦ ᠬᠥᠮᠦᠰ ᠡᠴᠡ ᠠᠰᠠᠭᠤᠶ᠎ᠠ ᠭᠡᠵᠦ ᠪᠤᠳᠤᠲᠠᠯ᠎ᠠ ᠨᠥᠬᠥᠷ ᠨᠢ ᠰᠡᠷᠡᠵᠦ᠂
   —ᠨᠣᠢᠷᠰᠤᠬᠤ ᠦᠭᠡᠢ ᠶᠠᠭᠠᠬᠢᠭ᠎ᠠ ᠪᠣᠢ ᠭᠡᠵᠦ ᠠᠰᠠᠭᠤᠬᠤ ᠳ᠋ᠤ᠌᠄
   — ᠨᠥᠭᠥᠭᠡᠬᠢ ᠠᠯᠲᠠᠨ ᠰᠢᠮᠠᠭᠤᠯ ᠤ᠋ᠳ ᠠᠬᠢᠭᠠᠳ ᠬᠠᠮᠠᠷ ᠤ᠋ᠨ ᠨᠦᠬᠡ ᠪᠡᠷ ᠣᠷᠣᠵᠤ ᠪᠠᠢᠨ᠎ᠠ ᠭᠡᠵᠦ ᠵᠡᠭᠦᠳᠦᠯᠡᠯ᠎ᠡ ᠭᠡᠯ᠎ᠡ᠃
   — ᠴᠢᠨᠦ ᠵᠡᠭᠦᠳᠦ ᠵᠦᠩ ᠲᠡᠢ ᠰᠢᠦ᠂ ᠨᠠᠳᠠ ᠳ᠋ᠤ᠌ ᠢᠷᠡᠭᠰᠡᠨ ᠰᠥᠨᠢ ᠪᠡᠨ ᠵᠡᠭᠦᠳᠦᠯᠡᠭᠰᠡᠨ ᠵᠡᠭᠦᠳᠦᠨ ᠡᠴᠡ ᠴᠢᠨᠢ ᠬᠣᠢᠰᠢ ᠪᠢᠳᠡ ᠬᠠᠮᠤᠭ ᠮᠣᠩᠭᠣᠯ ᠢ᠋ ᠬᠤᠷᠢᠶᠠᠯ᠎ᠠ᠃ ᠠᠬᠢᠭᠠᠳ ᠯᠠ ᠠᠷᠪᠢᠨ ᠶᠡᠬᠡ ᠨᠤᠲᠤᠭ ᠲᠤ ᠡᠵᠡᠨ ᠰᠠᠭᠤᠬᠤ ᠨᠢ ᠳᠡ ᠭᠡᠳ ᠠᠶᠠᠨ ᠲᠡᠢᠨ ᠳ᠋ᠦ᠍ ᠠᠯᠵᠢᠶᠠᠭᠰᠠᠨ ᠡᠷ᠎ᠡ ᠨᠥᠬᠥᠷ ᠨᠢ ᠳᠣᠲᠣᠨᠣ ᠰᠠᠢᠬᠠᠨ ᠢ᠋ᠶ᠋ᠠᠷ ᠢᠨᠢᠶᠡᠪᠬᠢᠯᠡᠭᠡᠳ᠂ ᠳᠠᠬᠢᠨ ᠨᠣᠢᠷᠣᠨ ᠳ᠋ᠠᠭᠠᠨ ᠤᠮᠪᠠᠯ᠎ᠠ᠃ ᠬᠠᠷᠢᠨ ᠰᠤᠷᠬᠠᠭᠲᠠᠨᠢ ᠡᠨᠡ ᠵᠡᠭᠦᠳᠦᠨ ᠡᠴᠡ ᠪᠡᠨ ᠬᠣᠢᠰᠢ ᠪᠠᠰᠠ ᠯᠠ ᠤᠨᠲᠠᠵᠤ ᠴᠢᠳᠠᠭᠰᠠᠨ ᠦᠭᠡᠢ᠃
   ᠥᠷᠯᠥᠭᠡ ᠡᠷᠲᠡᠯᠡᠨ ᠥᠭᠡᠯᠦᠨ ᠡᠬᠡ ᠶ᠋ᠢᠨ ᠭᠡᠷ ᠲᠦ᠍ ᠣᠴᠢᠵᠤ ᠠᠭᠤᠯᠵᠠᠶ᠎ᠠ ᠭᠡᠵᠦ ᠲᠡᠷᠡ ᠪᠣᠳᠣᠯ᠎ᠠ᠃ ᠤᠴᠢᠷ ᠨᠢ ᠥᠭᠡᠯᠦᠨ ᠡᠬᠡ ᠪᠣᠯ ᠰᠤᠷᠬᠠᠭᠲᠠᠨᠢ ᠶ᠋ᠢᠨ ᠬᠤᠪᠢ ᠳ᠋ᠤ᠌ ᠥᠪᠡᠷ ᠦ᠋ᠨ ᠭᠡᠬᠦ ᠬᠥᠮᠦᠨ ᠦᠭᠡᠢ ᠬᠠᠷᠢ ᠬᠥᠮᠦᠰ ᠦ᠋ᠨ ᠳᠤᠮᠳᠠ ᠠᠢᠯ ᠤ᠋ᠨ ᠪᠡᠷᠢ ᠪᠣᠯᠤᠨ ᠡᠨᠡ ᠥᠨᠳᠥᠷ ᠪᠣᠱᠣᠭ᠎ᠠ ᠶ᠋ᠢ ᠠᠯᠬᠤᠨ ᠣᠷᠣᠵᠤ ᠢᠷᠡᠭᠰᠡᠨ ᠴᠠᠭ ᠠ᠋ᠴᠠ ᠬᠣᠢᠰᠢ ᠲᠡᠭᠦᠨ ᠳ᠋ᠦ᠍ ᠡᠵᠢ ᠶ᠋ᠢᠨ ᠬᠢᠨᠢ ᠣᠷᠣᠨ ᠳ᠋ᠤ᠌ ᠡᠵᠢ᠂ ᠡᠮᠡᠭᠡ ᠡᠬᠡ ᠶ᠋ᠢᠨ ᠬᠢᠨᠢ ᠣᠷᠣᠨ ᠳ᠋ᠤ᠌ ᠡᠮᠡᠭᠡ ᠡᠬᠡ ᠪᠣᠯᠤᠭᠰᠠᠨ ᠡᠯᠪᠡᠷᠢᠯᠳᠦ ᠨᠢᠭᠡᠨ ᠪᠢᠯᠡ᠃
   ᠲᠡᠷᠡ ᠨᠢᠭᠡᠨ ᠴᠠᠭ ᠲᠤ ᠶᠡᠬᠡ ᠬᠤᠷᠠᠯᠲᠠᠢ ᠥᠨᠳᠥᠷᠯᠡᠵᠦ᠂ ᠡᠭᠡᠴᠢ ᠢᠪᠠᠭ᠎ᠠ ᠨᠢ ᠵᠥᠷᠴᠢᠳᠠᠢ ᠶ᠋ᠢ ᠳᠠᠭᠠᠨ ᠨᠡᠭᠦᠨ ᠣᠳᠤᠭᠰᠠᠨ ᠠ᠋ᠴᠠ ᠬᠣᠢᠰᠢ ᠰᠤᠷᠬᠠᠭᠲᠠᠨᠢ ᠶ᠋ᠢᠨ ᠰᠡᠳᠬᠢᠯ ᠲᠠᠢᠪᠤᠰᠢᠷᠠᠯ ᠢ᠋ ᠡᠰᠡ ᠣᠯᠪᠠ᠃ ᠴᠢᠩᠭᠢᠰ ᠬᠠᠭᠠᠨ ᠲᠠᠢ ᠠᠭᠤᠯᠵᠠᠭᠰᠠᠨ ᠤ᠋ ᠳᠠᠷᠠᠭ᠎ᠠ ᠲᠡᠷᠡ ᠬᠡᠨ ᠲᠡᠢ ᠴᠦ᠍ ᠦᠭᠡ ᠡᠰᠡ ᠰᠣᠯᠢᠬᠤ ᠪᠣᠯᠤᠭᠰᠠᠨ ᠪᠠᠢᠨ᠎ᠠ᠃
   ᠬᠣᠭᠣᠯᠠ ᠤᠮᠳᠠ ᠵᠥᠭᠡᠭᠡᠨ ᠠᠪᠴᠤ ᠢᠷᠡᠬᠦ ᠠᠰᠢᠳᠠ ᠲᠡᠮᠦᠷ ᠊ᠢ ‍ᠪᠤᠤ ᠬᠡᠯᠡ᠂ ᠡᠷ᠎ᠡ ᠨᠥᠬᠥᠷ ᠦ᠋ᠨ ᠶ᠋ᠢᠡᠨ ᠦᠭᠡᠨ ᠳᠤ ᠬᠠᠷᠢᠭᠤ ᠡᠰᠡ ᠬᠡᠯᠡᠨ᠎ᠡ᠃ ᠡᠨᠡ ᠪᠠᠶ᠋ᠢᠳᠠᠯ ᠴᠠᠭᠠᠰᠢ ᠦᠷᠭᠦᠯᠵᠢᠯᠡᠨ ᠬᠡᠳᠦ ᠬᠣᠨᠣᠭ ᠥᠩᠭᠡᠷᠡᠯ᠎ᠡ᠃ ᠰᠡᠳᠬᠢᠯ ᠰᠠᠨᠠᠭ᠎ᠠ ᠨᠢ ᠬᠦᠨᠳᠦ ᠴᠣᠬᠢᠯᠲᠠ ᠳᠤ ᠣᠷᠣᠭᠰᠠᠨ ᠡᠨᠡ ᠪᠦᠰᠡᠭᠦᠢ ᠬᠡᠳᠦᠶ᠋ᠢᠪᠡᠷ ᠣᠯᠠᠨ ‍ᠤ ᠳᠤᠮᠳᠠ ᠪᠠᠶ᠋ᠢᠭ᠎ᠠ ᠴᠦ᠍ ᠣᠷᠢ ᠭᠠᠭᠴᠠᠭᠠᠷ ᠮᠡᠲᠦ ᠭᠠᠩᠳᠠᠵᠤ ᠪᠤᠢ ᠴᠡᠴᠡᠭ ᠰᠢᠭ᠌ ᠬᠥᠮᠦᠰ ᠡᠴᠡ ᠡᠳᠦᠷ ᠡᠳᠦᠷ ᠬᠣᠯᠠᠳᠤᠭᠰᠠᠭᠠᠷ ᠪᠠᠶ᠋ᠢᠪᠠ᠃ ᠬᠡᠳᠦ ᠬᠣᠨᠣᠭ ᠥᠩᠭᠡᠷᠡᠭᠰᠡᠨ ‍ᠦ ᠳᠠᠷᠠᠭ᠎ᠠ ᠬᠣᠭᠣᠯᠠ ᠤᠮᠳᠠ ᠴᠤ᠌ ᠢᠳᠡᠬᠦ ᠦᠭᠡᠢ ᠪᠠᠶ᠋ᠢᠭ᠎ᠠ ᠶ᠋ᠢ ᠨᠢ ᠲᠤᠭᠤᠯᠤᠭᠰᠠᠨ ᠬᠥᠮᠦᠰ ᠲᠡᠭᠡᠵᠦ ᠪᠠᠶ᠋ᠢᠭᠠᠳ ᠲᠠᠶ᠋ᠢᠪᠤᠰᠢᠷᠠᠨ᠎ᠠ ᠪᠢᠵᠡ ᠭᠡᠵᠡᠭᠡᠵᠦ ᠪᠠᠶ᠋ᠢᠬᠰᠠᠨ ᠪᠣᠯ ᠣᠳᠣ ᠰᠠᠨᠠᠭ᠎ᠠ ᠵᠣᠪᠠᠵᠤ ᠡᠬᠢᠯᠡᠯ᠎ᠡ᠃ ᠰᠤᠷᠠᠬᠠᠨᠲᠠᠨᠢ ᠶ᠋ᠢᠨ ᠡᠨᠡ ᠪᠠᠶ᠋ᠢᠳᠠᠯ ᠊ᠢ ᠮᠡᠳᠡᠭᠰᠡᠨ ᠥᠭᠡᠯᠦᠨ ᠡᠬᠡ ᠨᠢᠭᠡᠨ ᠡᠳᠦᠷ ᠲᠡᠳᠡᠨ ‍ᠦ ᠥᠷᠭᠦᠭᠡᠨ ᠳᠤ ᠮᠣᠷᠢᠯᠠᠪᠠ᠃
   ᠠᠪᠤ ᠶ᠋ᠢ ᠨᠢ ᠬᠥᠨᠥᠭᠡᠭᠰᠡᠨ ᠬᠥᠮᠦᠨ ᠳᠤ ᠡᠭᠡᠴᠢ ᠶ᠋ᠢ ᠨᠢ ᠥᠭᠴᠦ ᠮᠣᠷᠳᠠᠭᠤᠯᠤᠭᠰᠠᠨ ᠭᠠᠰᠢᠭᠤᠨ ᠦᠨᠡᠨ ᠥᠬᠢᠨ ᠳᠤ ᠳᠡᠩᠳᠡᠭᠦᠦ ᠬᠠᠲᠠᠭᠤ ᠲᠤᠰᠤᠭᠰᠠᠨ ᠪᠣᠯᠬᠤ ᠶ᠋ᠢ ᠲᠡᠷᠡ ᠣᠶ᠋ᠢᠯᠠᠭᠠᠵᠤ ᠪᠠᠶ᠋ᠢᠯ᠎ᠠ᠃《ᠬᠠᠮᠲᠤ ᠭᠠᠳᠠᠭᠰᠢ ᠭᠠᠷᠤᠶ᠎ᠠ》 ᠭᠡᠰᠡᠨ ᠥᠭᠡᠯᠦᠨ ᠡᠬᠡ ᠶ᠋ᠢᠨ ᠦᠭᠡ ᠶ᠋ᠢ ᠵᠥᠷᠢᠴᠡᠬᠦ ᠡᠷᠬᠡ ᠰᠤᠷᠠᠬᠠᠨᠲᠠᠨᠢ ᠳᠤ ᠪᠠᠶ᠋ᠢᠬᠤ ᠦᠭᠡᠢ ᠲᠤᠯᠠ ᠲᠠᠭᠠᠨ ᠭᠠᠷᠤᠯ᠎ᠠ᠃ ᠪᠤᠭᠤᠷᠤᠯ ᠦᠰᠦ ᠪᠡᠨ ᠠᠷᠤ ᠳ᠋ᠠᠭᠠᠨ ᠰᠦᠯᠵᠢᠨ ᠤᠨᠵᠢᠭᠤᠯᠤᠭᠰᠠᠨ ᠤᠬᠠᠭᠠᠯᠢᠭ ᠪᠣᠷᠣ ᠨᠢᠳᠦ ᠲᠡᠢ ᠥᠭᠡᠯᠦᠨ ᠡᠬᠡ᠂ ᠬᠠᠭᠠᠨ ‍ᠤ ᠡᠬᠡ ᠬᠡᠳᠦᠢ ᠴᠦ᠍ ᠡᠳ᠋ ᠪᠠᠶᠠᠯᠢᠭ ᠊ᠢ ᠡᠷᠬᠢᠮ ᠪᠣᠯᠭᠠᠳᠠᠭ ᠦᠭᠡᠢ ᠨᠢ ᠢᠯᠡᠳᠲᠡ ᠡᠩ ᠦ᠋ᠨ ᠳᠠᠷᠤᠤ ᠨᠢᠭᠡᠨ ᠠᠵᠢ᠃ ᠲᠡᠷᠡ ᠰᠤᠷᠠᠬᠠᠨᠲᠠᠨᠢ ᠶ᠋ᠢᠨ ᠥᠭᠡᠳᠡ ᠡᠴᠡ ᠤᠳᠠᠭᠠᠨ ᠶ᠋ᠢᠠᠷ ᠠᠵᠢᠬᠯᠠᠨ ᠬᠠᠷᠠᠵᠤ ᠵᠣᠭᠰᠣᠯ᠎ᠠ᠃ ᠲᠡᠭᠦᠨ ‍ᠦ ᠮᠥᠩᠬᠡ ᠬᠥᠬᠡ ᠲᠩᠷᠢ ᠰᠢᠭ᠌ ᠠᠭᠤᠵᠢᠮ ᠰᠡᠳᠬᠢᠯ ᠊ᠢ ᠢᠯᠡᠳᠬᠡᠭᠰᠡᠨ ᠲᠠᠯᠪᠢᠭᠤᠨ ᠨᠢᠳᠦᠨ ᠳ᠋ᠤᠨᠢ ᠭᠦᠨ ᠪᠣᠳᠣᠯ ᠨᠢᠭᠤᠭᠳᠠᠵᠠᠢ᠃ ᠰᠤᠷᠠᠬᠠᠨᠲᠠᠨᠢ ᠶ᠋ᠢ ᠬᠠᠮᠲᠤ ᠰᠠᠯᠬᠢᠯᠠᠬᠤ ᠶ᠋ᠢ ᠬᠦᠰᠡᠩᠬᠡᠨ《ᠪᠢ ᠴᠢᠮ᠎ᠠ ᠳᠤ ᠨᠢᠭᠡ ᠵᠦᠢᠯ ᠦᠵᠡᠭᠦᠯᠦᠶ᠎ᠡ》 ᠭᠡᠵᠦ ᠬᠡᠯᠡᠯ᠎ᠡ᠃ ᠲᠡᠳᠡ ᠠᠭᠤᠷᠠᠭ ᠠ᠋ᠴᠠ ᠬᠣᠯᠠᠳᠤᠭᠰᠠᠭᠠᠷ ᠨᠢᠭᠡᠨ ᠬᠥᠲᠥᠯ ᠳᠠᠪᠠᠪᠠ᠃ ᠠᠷᠤ ᠠ᠋ᠴᠠ ᠨᠢ ᠬᠠᠭᠠᠨ ‍ᠤ ᠬᠠᠮᠠᠭᠠᠯᠠᠯᠲᠠ ᠪᠦᠬᠦᠢ ᠬᠡᠪᠲᠡᠭᠦᠯ ᠦ᠋ᠳ ᠪᠦᠴᠢᠨ ᠶᠠᠪᠤᠬᠤ ᠠᠵᠢ᠃ ᠬᠡᠰᠡᠭ ᠶᠠᠪᠤᠭᠠᠳ ᠠᠯᠤᠰ ᠲᠤ ᠴᠡᠯᠡᠶ᠋ᠢᠭᠰᠡᠨ ᠶᠡᠬᠡ ᠲᠠᠯ᠎ᠠ ᠬᠠᠷᠠᠭᠳᠠᠯ᠎ᠠ᠃ ᠥᠭᠡᠯᠦᠨ ᠡᠬᠡ ᠲᠡᠷᠡ ᠶᠡᠬᠡ ᠲᠠᠯ᠎ᠠ ᠬᠠᠷᠠᠵᠤ ᠠᠯᠠᠭ᠎ᠠ ᠪᠠᠨ ᠬᠠᠪᠰᠤᠷᠤᠨ ᠤᠳᠠᠭᠠᠨ ᠶ᠋ᠢᠠᠷ ᠵᠠᠯᠪᠠᠷᠢᠵᠤ ᠵᠣᠭᠰᠣᠭᠠᠳ᠂
   — ᠡᠨᠳᠡ ᠵᠢᠭᠠᠬᠠᠨ ᠰᠠᠭᠤᠵᠠᠭᠠᠶ᠎ᠠ ᠭᠡᠵᠦ ᠬᠡᠯᠡᠭᠡᠳ ᠳᠡᠪᠡᠯ ᠦ᠋ᠨ ᠬᠣᠷᠮᠣᠢ ᠪᠠᠨ ᠳᠡᠪᠢᠰᠦᠨ ᠭᠠᠵᠠᠷ ᠰᠠᠭᠤᠯ᠎ᠠ᠃ ᠰᠤᠷᠠᠬᠠᠨᠲᠠᠨᠢ ᠲᠡᠭᠦᠨ ‍ᠦ ᠬᠠᠵᠠᠭᠤ ᠳᠤ ᠰᠠᠭᠤᠪᠠ᠃ ᠡᠷᠭᠢᠨ ᠲᠣᠭᠣᠷᠢᠨ ᠴᠡᠯᠡᠶ᠋ᠢᠭᠰᠡᠨ ᠶᠡᠬᠡ ᠲᠠᠯ᠎ᠠ ᠲᠩᠷᠢ ᠶ᠋ᠢᠨ ᠬᠠᠶᠠᠭ᠎ᠠ ᠭᠠᠵᠠᠷ ᠲᠠᠢ ᠨᠡᠶ᠋ᠢᠯᠡᠨ ᠦᠷᠭᠦᠯᠵᠢᠯᠡᠬᠦ ᠡᠨᠡ ᠡᠭᠡᠷᠡᠮ᠎ᠡ ᠲᠠᠯ᠎ᠠ ᠳᠤ ᠵᠤᠨ ᠴᠠᠭ ᠬᠡᠳᠦᠶ᠋ᠢᠨ ᠢᠷᠡᠵᠦ᠂ ᠡᠪᠡᠰᠦ ᠨᠣᠭᠣᠭᠠᠨ ‍ᠤ ᠦᠨᠦᠷ ᠬᠠᠮᠠᠷ ᠴᠣᠷᠭᠢᠨ ᠪᠠᠶ᠋ᠢᠯ᠎ᠠ᠃ ᠥᠭᠡᠯᠦᠨ ᠡᠬᠡ ᠨᠢᠭᠤᠷ ᠤᠷᠤᠭᠤ ᠪᠠᠨ ᠬᠡᠶ᠋ᠢᠰᠦᠨ ᠣᠷᠣᠵᠤ ᠢᠷᠡᠬᠦ ᠬᠡᠰᠡᠭ ᠦᠰᠦ ᠶ᠋ᠢ ᠭᠠᠷ ᠶ᠋ᠢᠠᠷ ᠶ᠋ᠢᠠᠨ ᠬᠣᠶ᠋ᠢᠰᠢ ᠢᠯᠢᠭᠡᠳ ᠥᠬᠢᠨ ‍ᠦ ᠳᠤᠬᠤᠨ ᠳᠡᠭᠡᠷ᠎ᠡ ᠦᠨᠦᠰᠦᠯ᠎ᠡ᠃ ᠲᠡᠭᠦᠨ ᠡᠴᠡ ᠨᠢᠭᠡ ᠯᠡ ᠣᠨᠴᠠᠭᠠᠢ ᠦᠨᠦᠷ ᠦᠨᠦᠷᠲᠦᠬᠦ ᠠᠵᠢ᠃
   — ᠪᠢ ᠬᠠᠭᠠᠨ ᠢ᠋ ᠲᠥᠷᠥᠭᠦᠯᠵᠦ ᠥᠰᠬᠡᠭᠰᠡᠨ ᠨᠢ ᠦᠨᠡᠨ ᠴᠤ ᠣᠳᠣ ᠪᠣᠯ ᠲᠡᠷᠡ ᠮᠢᠨᠦ ᠮᠠᠲᠠᠯ ᠤ᠋ᠨ ᠬᠥᠮᠦᠨ ᠪᠢᠰᠢ᠂ ᠶᠡᠬᠡ ᠮᠣᠩᠭᠣᠯ ᠤᠯᠤᠰ ᠤ᠋ᠨ ᠡᠵᠡᠨ ᠬᠠᠭᠠᠨ ᠪᠣᠯᠵᠠᠢ᠃
ᠲᠡᠮᠦᠵᠢᠨ ᠠᠷᠪᠠᠨ ᠨᠠᠰᠤᠲᠠᠢ ᠪᠠᠢᠬᠤ ᠳ᠋ᠠᠭᠠᠨ ᠡᠬᠡ ᠥᠭᠡᠷ᠎ᠡ ᠲᠡᠢ ᠠᠬ᠎ᠠ ᠪᠡᠯᠭᠦᠳᠡᠢ ᠶ᠋ᠢ ᠬᠣᠷᠣᠭᠠᠵᠤ ᠪᠠᠢᠭᠰᠠᠨ ᠦᠨᠡᠨ ᠪᠣᠢ᠃
   ᠡᠨᠡ ᠦᠶ᠎ᠡ ᠳ᠋ᠦ᠍ ᠰᠡᠭᠦᠳᠡᠷ ᠡᠴᠡ ᠥᠭᠡᠷ᠎ᠡ ᠨᠥᠬᠥᠷ ᠦᠭᠡᠢ ᠰᠡᠭᠦᠯ ᠡᠴᠡ ᠥᠭᠡᠷ᠎ᠡ ᠲᠠᠰᠢᠭᠤᠷ ᠦᠭᠡᠢ ᠦᠯᠡᠲᠡᠯ᠎ᠡ ᠭᠡᠵᠦ ᠪᠢ ᠬᠦᠦ ᠪᠡᠨ ᠵᠢᠮᠡᠯᠡᠨ ᠪᠠᠢᠭᠰᠠᠨ ᠶᠤᠮ᠃ 
   ᠰᠤᠷᠬᠠᠭᠲᠠᠨᠢ ᠶᠡᠬᠡ ᠬᠠᠭᠠᠨ ᠬᠡᠷᠬᠢᠨ ᠥᠪᠡᠷ ᠦ᠋ᠨ ᠠᠬ᠎ᠠ ᠶ᠋ᠢ ᠬᠥᠨᠥᠭᠡᠵᠦ ᠪᠠᠢᠭᠰᠠᠨ ᠲᠡᠦᠬᠡ ᠶ᠋ᠢ ᠰᠠᠢᠨ ᠮᠡᠳᠡᠬᠦ ᠪᠢᠯᠡ᠃
ᠠᠷᠪᠠᠬᠠᠨ ᠨᠠᠰᠤᠲᠠᠢ ᠪᠠᠢᠬᠤ ᠳ᠋ᠠᠭᠠᠨ ᠥᠪᠡᠷ ᠦ᠋ᠨ ᠲᠥᠷᠥᠭᠰᠡᠨ ᠠᠬ᠎ᠠ ᠪᠠᠨ ᠬᠥᠨᠥᠭᠡᠵᠦ ᠪᠠᠢᠭᠰᠠᠨ ᠡᠨᠡ ᠬᠥᠮᠦᠨ ᠳ᠋ᠦ᠍ ᠰᠤᠷᠬᠠᠭᠲᠠᠨᠢ ᠶ᠋ᠢᠨ ᠠᠪᠤ ᠶ᠋ᠢ ᠬᠥᠨᠥᠭᠡᠬᠦ᠂ ᠲᠡᠭᠡᠭᠡᠳ ᠡᠭᠡᠴᠢ ᠶ᠋ᠢ ᠨᠢ ᠵᠥᠷᠴᠢᠳᠡᠢ ᠳ᠋ᠦ᠍ ᠰᠣᠶᠣᠷᠬᠠᠬᠤ ᠲᠡᠢᠮᠦ ᠴᠦ᠍ ᠬᠡᠴᠡᠭᠦᠦ ᠬᠡᠷᠡᠭ ᠪᠢᠰᠢ ᠪᠠᠢᠪᠠ᠃
ᠢᠲᠡᠭᠡᠯ ᠡᠪᠳᠡᠨ ᠣᠳᠤᠭᠰᠠᠨ ᠬᠡᠨ ᠪᠦᠬᠦᠨ ᠬᠠᠭᠠᠨ ᠤ᠋ ᠡᠮᠦᠨ᠎ᠡ ᠦᠬᠦᠬᠦ ᠶᠠᠯ᠎ᠠ ᠲᠠᠢ᠃ ᠥᠭᠡᠯᠦᠨ ᠡᠬᠡ ᠶᠠᠷᠢᠶ᠎ᠠ ᠪᠠᠨ ᠦᠷᠭᠦᠯᠵᠢᠯᠡᠭᠦᠯᠦᠨ᠄
   — ᠡᠷ᠎ᠡ ᠨᠥᠬᠥᠷ ᠮᠢᠨᠢ ᠲᠠᠲ᠋ᠠᠷ ᠢᠷᠭᠡᠨ ᠳ᠋ᠦ᠍ ᠬᠣᠣᠷᠯᠠᠭᠳᠠᠵᠤ᠂ ᠤᠷᠢ ᠭᠠᠭᠴᠠᠭᠠᠷ ᠦᠯᠡᠳᠡᠭᠰᠡᠨ ᠮᠡᠲᠦ ᠰᠠᠨᠠᠭᠳᠠᠵᠤ᠂ ᠬᠡᠷᠬᠢᠬᠦ ᠶ᠋ᠢ ᠮᠡᠳᠡᠬᠦ ᠦᠭᠡᠢ ᠪᠠᠢᠭᠰᠠᠨ ᠲᠡᠷᠡ ᠦᠶ᠎ᠡ ᠳ᠋ᠦ᠍ ᠮᠢᠨᠦ ᠬᠠᠮᠤᠭ ᠤ᠋ᠨ ᠣᠢᠷ᠎ᠠ ᠶ᠋ᠢᠨ ᠬᠥᠮᠦᠰ ᠨᠠᠳᠠ ᠠ᠋ᠴᠠ ᠰᠠᠯᠤᠨ ᠨᠡᠭᠦᠵᠦ ᠣᠳᠤᠭᠰᠠᠨ᠃ ᠭᠡᠬᠦ ᠳ᠋ᠡᠭᠡᠨ ᠡᠨᠡ ᠪᠣᠯ ᠬᠡᠵᠢᠶ᠎ᠡ ᠴᠦ᠍ ᠡᠷᠭᠢᠨ ᠠᠭᠤᠯᠵᠠᠬᠤ ᠦᠭᠡᠢ ᠬᠠᠭᠠᠴᠠᠯ ᠪᠢᠰᠢ᠂ ᠠᠷᠭ᠎ᠠ ᠦᠭᠡᠢ ᠶ᠋ᠢᠨ ᠡᠷᠬᠡᠨ ᠳ᠋ᠦ᠍ ᠢᠩᠭᠢᠵᠦ ᠨᠡᠭᠦᠯ᠎ᠡ ᠳᠡ ᠭᠡᠵᠦ ᠪᠢ ᠪᠣᠳᠣᠵᠤ ᠪᠠᠢᠭᠰᠠᠨ᠃
ᠲᠡᠳᠡ ᠥᠪᠡᠷᠰᠡᠳ ᠢ᠋ᠶ᠋ᠡᠨ ᠴᠦ᠍ ᠲᠠᠯ᠎ᠠ ᠨᠤᠲᠤᠭ ᠲᠤ ᠠᠮᠢᠳᠤ ᠦᠯᠡᠳᠡᠬᠦ ᠠᠷᠭ᠎ᠠ ᠬᠠᠢᠨ᠂ ᠡᠢᠮᠦ ᠰᠢᠢᠳᠪᠦᠷᠢ ᠭᠠᠷᠭᠠᠭᠰᠠᠨ ᠢ᠋ᠶ᠋ᠠᠨ ᠨᠠᠳᠠ ᠳ᠋ᠤ᠌ ᠬᠡᠯᠡᠵᠦ ᠪᠠᠢᠭᠰᠠᠨ᠃ ᠰᠡᠳᠬᠢᠯ ᠨᠢ ᠨᠠᠳᠠ ᠳ᠋ᠤ᠌ ᠬᠠᠷᠠᠭᠳᠠᠵᠤ ᠪᠠᠢᠭᠰᠠᠨ ᠬᠡᠷᠡᠭ ᠭᠡᠳ ᠡᠭᠡᠷᠡᠮ᠎ᠡ ᠲᠠᠯ᠎ᠠ ᠵᠦᠭ ᠬᠠᠷᠠᠴᠠ ᠪᠠᠨ ᠪᠡᠯᠴᠢᠭᠡᠯ᠎ᠡ᠃ ᠲᠡᠭᠦᠨ ᠦ᠌ ᠨᠢᠳᠦᠨ ᠳ᠋ᠦ᠍ ᠲᠥᠷᠥᠵᠦ ᠥᠰᠦᠭᠰᠡᠨ ᠨᠤᠲᠤᠭ᠂ ᠥᠨᠥᠴᠢᠷᠡᠵᠦ ᠬᠠᠭᠠᠴᠠᠭᠰᠠᠨ ᠨᠢᠯᠪᠤᠰᠤᠲᠤ ᠡᠳᠦᠷ ᠦ᠋ᠳ᠂ ᠶᠠᠭᠤ ᠡᠰᠡ ᠬᠠᠷᠠᠭᠳᠠᠭᠰᠠᠨ ᠢ᠋ ᠬᠡᠨ ᠮᠡᠳᠡᠬᠦ ᠪᠢᠯᠡ᠃ ᠲᠠᠯ᠎ᠠ ᠨᠤᠲᠤᠭ ᠢ᠋ᠶ᠋ᠠᠨ ᠤᠳᠠᠭᠠᠨ ᠢ᠋ᠶ᠋ᠠᠷ ᠠᠵᠢᠭᠯᠠᠨ ᠪᠠᠢᠭᠰᠠᠨ ᠥᠭᠡᠯᠦᠨ ᠡᠬᠡ᠂
   — ᠥᠬᠢᠨ ᠮᠢᠨᠢ᠂ ᠪᠢᠳᠡᠨ ᠦ᠌ ᠥᠯᠥᠭᠡᠢ ᠪᠣᠯᠤᠭᠰᠠᠨ ᠡᠨᠡ ᠲᠠᠯ᠎ᠠ ᠨᠤᠲᠤᠭ ᠢ᠋ ᠬᠠᠷᠠ ᠳᠠ᠂ ᠴᠢᠮ᠎ᠠ ᠳ᠋ᠤ᠌ ᠶᠠᠭᠤ ᠪᠣᠳᠣᠭᠳᠠᠵᠤ ᠪᠠᠢᠨ᠎ᠠ ᠭᠡᠵᠦ ᠠᠰᠠᠭᠤᠯ᠎ᠠ᠃
ᠥᠬᠢᠨ ᠠᠯᠠᠭᠠᠨ ᠳᠡᠭᠡᠷ᠎ᠡ ᠪᠠᠢᠭ᠎ᠠ ᠶᠤᠮ ᠰᠢᠭ᠋ ᠴᠡᠯᠡᠢᠨ ᠬᠠᠷᠠᠭᠳᠠᠬᠤ ᠲᠠᠯ᠎ᠠ ᠨᠤᠲᠤᠭ ᠢ᠋ ᠬᠠᠷᠠᠭᠰᠠᠨ ᠢ᠋ᠶ᠋ᠠᠨ ᠰᠡᠳᠬᠢᠯ ᠨᠢ ᠠᠷᠠᠢ ᠠᠭᠤᠵᠢᠷᠠᠭᠰᠠᠨ ᠪᠠᠢᠷᠢ ᠲᠠᠢ᠃
   — ᠲᠠᠯ᠎ᠠ ᠨᠤᠲᠤᠭ ᠲᠤ ᠪᠠᠢᠭ᠎ᠠ ᠪᠦᠬᠦ ᠵᠦᠢᠯ ᠠᠯᠠᠭᠠᠨ ᠳᠡᠭᠡᠷ᠎ᠡ ᠪᠠᠢᠭ᠎ᠠ ᠮᠡᠲᠦ ᠲᠣᠳᠣᠬᠠᠨ ᠬᠠᠷᠠᠭᠳᠠᠵᠤ ᠪᠠᠢᠨ᠎ᠠ ᠭᠡᠯ᠎ᠡ᠃
ᠥᠭᠡᠯᠦᠨ ᠡᠬᠡ ᠰᠤᠷᠬᠠᠭᠲᠠᠨᠢ ᠶ᠋ᠢᠨ ᠡᠨᠡ ᠦᠭᠡᠨ ᠳᠦ ᠤᠷᠮᠠᠰᠢᠭᠰᠠᠨ ᠪᠠᠢᠷᠢ ᠲᠠᠢ᠄
   —ᠠᠯᠠᠭᠠᠨ ᠳᠡᠭᠡᠷ᠎ᠡ ᠪᠠᠢᠭ᠎ᠠ ᠮᠡᠲᠦ ᠲᠣᠳᠣᠬᠠᠨ ᠬᠠᠷᠠᠭᠳᠠᠵᠤ ᠪᠠᠢᠨ᠎ᠠ ᠭᠡᠨ᠎ᠡ
ᠲᠡᠢᠮᠦ ᠨᠤᠲᠤᠭ ᠲᠤ ᠪᠠᠢᠭ᠎ᠠ ᠪᠦᠬᠦᠨ ᠠᠯᠠᠭᠠᠨ ᠳᠡᠭᠡᠷ᠎ᠡ ᠪᠠᠢᠭ᠎ᠠ ᠮᠡᠲᠦ ᠲᠣᠳᠣᠬᠠᠨ ᠬᠠᠷᠠᠭᠳᠠᠳᠠᠭ ᠰᠢᠭ᠋ ᠲᠠᠯ᠎ᠠ ᠨᠤᠲᠤᠭ ᠤ᠋ᠨ ᠬᠥᠮᠦᠨ ᠦ᠌ ᠰᠡᠳᠬᠢᠯ ᠢ ᠴᠤ ᠠᠯᠠᠭᠠᠨ ᠳᠡᠭᠡᠷ᠎ᠡ ᠪᠡᠨ ᠲᠣᠳᠣᠬᠠᠨ ᠬᠠᠷᠠᠵᠤ ᠪᠣᠯᠳᠠᠭ ᠶᠤᠮ᠃
ᠴᠢᠨᠦ ᠡᠷ᠎ᠡ ᠨᠥᠬᠥᠷ᠂ ᠲᠡᠭᠦᠨ ᠦ᠌ ᠳᠡᠭᠡᠳᠦᠰ᠂ ᠴᠢ ᠥᠪᠡᠷ ᠢᠶᠡᠨ ᠴᠤ ᠡᠨᠡ ᠲᠠᠯ᠎ᠠ ᠶ᠋ᠢᠨ ᠠᠯᠠᠭᠠᠨ ᠳᠡᠭᠡᠷ᠎ᠡ ᠲᠥᠷᠥᠵᠦ ᠥᠰᠦᠭᠰᠡᠨ ᠪᠣᠯᠬᠣᠷ ᠲᠠᠯ᠎ᠠ ᠰᠢᠭ᠋ ᠢ᠋ᠶ᠋ᠡᠨ ᠠᠭᠤᠳᠠᠮ ᠰᠡᠳᠬᠢᠯ ᠲᠡᠢ ᠪᠠᠢᠬᠤ ᠤᠴᠢᠷᠲᠠᠢ᠃
   ᠬᠥᠮᠦᠨ ᠦ᠌ ᠰᠡᠳᠬᠢᠯ ᠳ᠋ᠦ᠍ ᠪᠣᠢ ᠪᠦᠬᠦᠨ ᠴᠡᠭᠡᠵᠢᠨ ᠴᠠᠭᠠᠨ᠎ᠠ ᠨᠢ ᠨᠢᠭᠤᠭᠳᠠᠨ ᠪᠠᠢᠪᠠᠴᠤ ᠲᠡᠭᠦᠨ ᠢ᠋ ᠠᠯᠠᠭᠠᠨ ᠳᠡᠭᠡᠷ᠎ᠡ ᠪᠡᠨ ᠲᠠᠯᠪᠢᠭᠰᠠᠨ ᠮᠡᠲᠦ ᠬᠠᠷᠠᠬᠤ  ᠶᠢ ᠬᠢᠴᠢᠶᠡ  ᠭᠡᠵᠦ ᠬᠡᠯᠡᠭᠡᠳ ᠥᠬᠢᠨ ᠦ᠌ ᠵᠦᠭ ᠨᠥᠭᠥᠭᠡᠬᠢ ᠯᠡ ᠭᠦᠨ ᠬᠥᠬᠡ ᠲᠩᠷᠢ ᠶ᠋ᠢᠨ ᠲᠡᠷᠲᠡᠭᠡ ᠶ᠋ᠢ ᠬᠠᠷᠠᠬᠤ ᠰᠢᠭ᠋ ᠪᠣᠳᠣᠯᠭᠠᠰᠢᠷᠠᠭᠰᠠᠨ ᠬᠠᠷᠠᠴᠠ ᠪᠠᠷ ᠬᠠᠷᠠᠵᠤ᠂
   — ᠬᠠᠭᠠᠨ ᠤ᠋ ᠰᠡᠳᠬᠢᠯ ᠢ᠋ ᠠᠯᠠᠭᠠᠨ ᠳᠡᠭᠡᠷ᠎ᠡ ᠪᠡᠨ ᠲᠠᠯᠪᠢᠵᠤ ᠪᠣᠢ ᠮᠡᠲᠦ ᠬᠠᠷᠠᠬᠤ ᠭᠡᠳ ᠦᠵᠡ ᠳᠡ ᠭᠡᠪᠡ᠃
ᠨᠡᠭᠡᠷᠡᠨ ᠯᠡ ᠴᠡᠭᠡᠵᠢᠨ ᠴᠠᠭᠠᠨ᠎ᠠ ᠨᠢ ᠨᠢᠭᠤᠭᠳᠠᠨ ᠪᠠᠢᠳᠠᠭ ᠰᠡᠳᠬᠢᠯ ᠢ᠋ ᠠᠯᠠᠭᠠᠨ ᠳᠡᠭᠡᠷ᠎ᠡ ᠪᠡᠨ ᠲᠠᠯᠪᠢᠨ ᠬᠠᠷᠠᠵᠤ ᠪᠣᠯᠳᠠᠭ ᠪᠣᠯ ᠣᠯᠠᠨ ᠵᠦᠢᠯ ᠢ᠋ ᠮᠡᠳᠡᠵᠦ ᠪᠣᠯᠬᠤ ᠰᠠᠨ᠃
ᠲᠡᠷᠡ ᠠᠯᠠᠭ᠎ᠠ ᠪᠠᠨ ᠳᠡᠯᠭᠡᠨ ᠬᠠᠷᠠᠯ᠎ᠠ᠂ ᠳᠡᠯᠭᠡᠭᠰᠡᠨ ᠠᠯᠠᠭ᠎ᠠ ᠪᠠᠨ ᠬᠠᠷᠠᠩᠭᠠᠨ ᠬᠠᠷᠠᠴᠠ ᠪᠠᠨ ᠲᠠᠯ᠎ᠠ ᠨᠤᠲᠤᠭ ᠤ᠋ᠨ ᠵᠦᠭ ᠪᠡᠯᠴᠢᠭᠡᠬᠦ ᠳ᠋ᠦ᠍ ᠪᠠᠭ᠎ᠠ ᠪᠠᠭ᠎ᠠ ᠪᠠᠷ ᠬᠦᠪᠦᠷᠡᠨ ᠣᠷᠣᠵᠤ ᠢᠷᠡᠬᠦ᠂ ᠥᠩᠭᠡᠷᠡᠭᠰᠡᠨ ᠴᠠᠭ ᠬᠤᠭᠤᠴᠠᠭ᠎ᠠ ᠲᠠᠢ ᠬᠠᠮᠲᠤ ᠣᠳᠤᠭᠰᠠᠨ ᠳᠤᠷᠠᠰᠤᠮᠵᠢ ᠨᠤᠭᠤᠳ ᠨᠢᠳᠦᠨ ᠦ᠌ ᠡᠮᠦᠨᠡᠭᠦᠷ ᠡᠭᠡᠯᠵᠢᠯᠡᠨ ᠰᠣᠯᠢᠭᠳᠠᠬᠤ ᠰᠢᠭ᠋ ᠪᠣᠯᠤᠨ᠎ᠠ᠃
   ᠠᠪᠤ ᠶ᠋ᠢᠨ ᠬᠢᠨᠢ ᠢᠨᠢᠶᠡᠮᠰᠦᠭᠯᠡᠨ ᠪᠣᠢ ᠴᠢᠷᠠᠢ᠂ ᠡᠵᠢ ᠶ᠋ᠢᠨ ᠬᠢᠨᠢ ᠪᠣᠳᠣᠯ ᠪᠣᠯᠤᠭᠰᠠᠨ ᠬᠠᠷᠠᠴᠠ᠂ ᠡᠭᠡᠴᠢ ᠢᠪᠠᠭ᠎ᠠ ᠲᠠᠢ ᠬᠠᠮᠲᠤ ᠤᠰᠤ ᠲᠠᠢ ᠬᠠᠪᠴᠢᠭ ᠲᠠᠩᠨᠠᠨ ᠶᠠᠪᠤᠭᠰᠠᠨ ᠭᠡᠨᠡᠨ ᠬᠣᠩᠭᠣᠷ ᠬᠡᠦᠬᠡᠳ ᠨᠠᠰᠤ᠂ ᠤᠰᠤ ᠪᠠᠨ ᠳᠠᠭᠠᠭᠠᠬᠤ ᠦᠭᠡᠢ ᠭᠠᠵᠠᠷ ᠤᠨᠠᠭᠠᠨ ᠵᠠᠩᠨᠠᠭᠤᠯᠵᠤ ᠪᠠᠢᠭᠰᠠᠨ ᠮᠥᠴᠡ᠂ ᠴᠢᠩᠭᠢᠰ ᠬᠠᠭᠠᠨ ᠳ᠋ᠤ᠌ ᠥᠬᠢᠳ ᠢ᠋ᠶ᠋ᠡᠨ ᠥᠭᠭᠦᠭᠡᠳ ᠰᠡᠳᠬᠢᠯ ᠬᠠᠩᠭᠠᠯᠤᠭᠤᠨ ᠢ᠋ᠶ᠋ᠠᠷ ᠬᠣᠶᠠᠷ ᠥᠬᠢᠨ ᠢ᠋ᠶ᠋ᠡᠨ ᠡᠭᠡᠯᠵᠢᠯᠡᠨ ᠦᠨᠦᠰᠬᠦ ᠡᠴᠢᠭᠡ ᠶ᠋ᠢᠨ ᠬᠢᠨᠢ ᠤᠷᠤᠭᠤᠯ᠂ ᠢᠪᠠᠭ᠎ᠠ ᠶ᠋ᠢ ᠡᠬᠡᠨᠡᠷ ᠢ᠋ᠶ᠋ᠡᠨ ᠪᠣᠯᠭᠠᠭᠠᠳ ᠬᠠᠷᠠᠵᠤ ᠪᠠᠢᠭᠰᠠᠨ ᠬᠠᠭᠠᠨ ᠤ᠋ ᠨᠢᠳᠦ᠂ ᠰᠠᠶᠢᠬᠠᠨ ᠪᠣᠯᠵᠤ ᠥᠩᠭᠡᠷᠡᠭᠰᠡᠨ ᠶᠡᠬᠡ ᠬᠤᠷᠠᠯᠲᠠᠢ᠂ ᠵᠦᠷᠴᠢᠳᠠᠢ ᠶᠢ ᠳᠠᠭᠠᠨ ᠣᠳᠬᠤ ᠳ᠋ᠠᠭᠠᠨ ᠶᠠᠮᠠᠷ ᠨᠢᠭᠡᠨ ᠵᠦᠢᠯ ᠢ᠋ ᠬᠡᠯᠡᠬᠦ ᠭᠡᠳ ᠬᠡᠯᠡᠵᠦ ᠴᠢᠳᠠᠯ ᠦᠭᠡᠢ ᠶᠠᠪᠤᠭᠰᠠᠨ ᠡᠭᠡᠴᠢ ᠶ᠋ᠢᠨ ᠬᠢᠨᠢ ᠬᠠᠷᠠᠴᠠ ᠨᠢᠳᠦᠨ ᠦ᠌ ᠡᠮᠦᠨᠡᠭᠦᠷ ᠡᠭᠡᠯᠵᠢᠯᠡᠨ ᠬᠠᠷᠠᠭᠳᠠᠬᠤ ᠰᠢᠭ᠋ ᠰᠠᠨᠠᠭᠳᠠᠯ᠎ᠠ᠃

ᠥᠭᠡᠯᠦᠨ ᠡᠬᠡ ᠦᠷᠭᠦᠯᠵᠢᠯᠡᠭᠦᠯᠦᠨ᠂
   — ᠬᠠᠭᠠᠨ ᠡᠵᠡᠨ᠂ ᠬᠠᠲᠤᠨ ᠢᠪᠠᠭ᠎ᠠ ᠪᠠᠨ ᠵᠦᠷᠴᠢᠳᠠᠢ ᠳ᠋ᠦ᠍ ᠰᠣᠶᠣᠷᠬᠠᠨ ᠣᠲᠣᠭᠤᠯᠤᠭᠰᠠᠨ ᠤ᠋ ᠳᠠᠷᠠᠭ᠎ᠠ ᠶᠡᠬᠡ ᠭᠤᠨᠢᠭ ᠢ᠋ ᠭᠡᠲᠦᠯᠦᠨ ᠭᠠᠷᠴᠤ ᠪᠠᠢᠭ᠎ᠠ ᠶ᠋ᠢ ᠪᠢ ᠡᠬᠡ ᠬᠥᠮᠦᠨ ᠦ᠌ ᠵᠦᠩ ᠰᠤᠪᠢᠨ ᠢ᠋ᠶ᠋ᠠᠷ ᠬᠠᠷᠠᠵᠤ ᠪᠠᠢᠭᠰᠠᠨ᠃
ᠲᠡᠷᠡ ᠡᠵᠡᠭᠦᠢ ᠦᠯᠡᠳᠡᠭᠰᠡᠨ ᠢᠪᠠᠭ᠎ᠠ ᠶ᠋ᠢᠨ ᠭᠡᠷ ᠲᠦ᠍ ᠲᠠᠢᠯᠵᠤ ᠣᠷᠬᠢᠭᠰᠠᠨ ᠴᠠᠮᠴᠠ ᠶ᠋ᠢ ᠨᠢ ᠦᠨᠦᠷᠯᠡᠨ ᠤᠳᠠᠭᠠᠨ ᠰᠠᠭᠤᠭᠰᠠᠨ ᠪᠢᠯᠡ᠃《ᠬᠠᠯᠠᠭᠤᠨ ᠡᠪᠦᠷ ᠲᠦ᠍ ᠮᠢᠨᠢ ᠳᠤᠯᠠᠭᠠᠴᠠᠨ ᠪᠠᠢᠭᠰᠠᠨ ᠬᠠᠢᠷᠠᠲᠠᠢ ᠬᠠᠲᠤᠨ ᠢ᠋ᠶ᠋ᠠᠨ ᠪᠢ ᠶᠠᠪᠤᠭᠤᠯᠤᠯ᠎ᠠ᠂ ᠡᠷ᠎ᠡ ᠬᠥᠮᠦᠨ ᠦ᠌ ᠬᠤᠪᠢ ᠳ᠋ᠤ᠌ ᠠᠯᠳᠠᠬᠤ ᠶ᠋ᠢᠨ ᠠᠷᠭ᠎ᠠ ᠦᠭᠡᠢ ᠢᠪᠠᠭ᠎ᠠ ᠮᠢᠨᠢ》 ᠭᠡᠵᠦ ᠭᠠᠰᠢᠭᠤᠳᠠᠨ ᠰᠠᠭᠤᠬᠤ ᠶ᠋ᠢ ᠰᠣᠨᠣᠰᠤᠭᠰᠠᠨ ᠶᠤᠮ᠃ ᠦᠨᠡᠨ ᠳ᠋ᠡᠭᠡᠨ ᠡᠷ᠎ᠡ ᠬᠥᠮᠦᠨ ᠦ᠌ ᠬᠤᠪᠢ ᠳ᠋ᠤ᠌ ᠠᠯᠳᠠᠬᠤ ᠶ᠋ᠢᠨ ᠠᠷᠭ᠎ᠠ ᠦᠭᠡᠢ ᠢᠪᠠᠭ᠎ᠠ ᠶ᠋ᠢ ᠡᠵᠡᠨ ᠬᠠᠭᠠᠨ ᠤ᠋ ᠬᠤᠪᠢ ᠳ᠋ᠤ᠌ ᠲᠡᠪᠴᠢᠨ ᠰᠠᠭᠤᠬᠤ ᠠᠷᠭ᠎ᠠ ᠦᠭᠡᠢ ᠲᠤᠯᠠ ᠶᠠᠪᠤᠭᠤᠯᠤᠯ᠎ᠠ ᠭᠡᠵᠦ ᠪᠢ ᠣᠢᠯᠠᠭᠠᠭᠰᠠᠨ᠃ ᠰᠤᠷᠬᠠᠭᠲᠠᠨᠢ ᠪᠣᠳᠣᠯ ᠪᠣᠯᠤᠨ ᠰᠠᠭᠤᠬᠤ ᠬᠣᠭᠣᠷᠣᠨᠳᠣ ᠬᠠᠭᠠᠨ ᠶᠠᠮᠠᠷ ᠤᠴᠢᠷ ᠠ᠋ᠴᠠ ᠡᠢᠮᠦ ᠰᠢᠢᠳᠪᠦᠷᠢ ᠭᠠᠷᠭᠠᠵᠤ᠂ ᠶᠠᠭᠠᠬᠢᠭᠠᠳ ᠡᠭᠡᠴᠢ ᠶ᠋ᠢ ᠨᠢ ᠵᠦᠷᠴᠢᠲᠠᠢ ᠳ᠋ᠤ᠌ ᠥᠭᠴᠦ᠂ ᠶᠠᠭᠠᠬᠢᠬᠤ ᠭᠡᠵᠦ ᠬᠤᠷᠠᠯᠲᠠᠢ ᠶ᠋ᠢᠨ ᠳᠠᠷᠠᠭ᠎ᠠ ᠰᠤᠷᠬᠠᠭᠲᠠᠨᠢ ᠲᠠᠢ ᠠᠭᠤᠯᠵᠠᠭᠰᠠᠨ ᠪᠣᠯᠬᠤ ᠶ᠋ᠢ ᠣᠢᠯᠠᠭᠠᠨ ᠬᠠᠷᠠᠬᠤ ᠭᠡᠵᠦ ᠬᠦᠰᠡᠬᠦᠢ ᠳ᠋ᠦ᠍ ᠬᠠᠭᠠᠨ ᠤ᠋ ᠰᠡᠳᠬᠢᠯ ᠲᠡᠭᠦᠨ ᠦ᠌ ᠠᠯᠠᠭᠠᠨ ᠳᠡᠭᠡᠷ᠎ᠡ ᠳᠡᠯᠭᠡᠭᠳᠡᠬᠦ ᠰᠢᠭ ᠰᠠᠨᠠᠭᠳᠠᠯ᠎ᠠ᠃ ᠥᠭᠡᠯᠦᠨ ᠡᠬᠡ ᠬᠡᠴᠢᠨᠡᠭᠡᠨ ᠭᠠᠢᠬᠠᠮᠰᠢᠭᠲᠠᠢ ᠪᠣᠢ? ᠲᠡᠷᠡ ᠥᠪᠡᠷ ᠦ᠋ᠨ ᠬᠦᠦ ᠪᠡᠨ ᠥᠮᠥᠭᠯᠡᠭᠰᠡᠨ ᠦᠭᠡᠢ᠂ ᠪᠠᠰᠠ ᠪᠤᠷᠤᠭᠤᠳᠬᠠᠭᠰᠠᠨ ᠦᠭᠡᠢ᠂ ᠬᠠᠷᠢᠨ ᠡᠨᠡ ᠪᠦᠬᠦᠨ ᠦ᠌ ᠣᠷᠣᠨ ᠳ᠋ᠤ᠌ ᠪᠣᠳᠠᠲᠤ ᠪᠠᠢᠳᠠᠯ ᠢ᠋ ᠠᠯᠠᠭᠠᠨ ᠳᠡᠭᠡᠷ᠎ᠡ ᠨᠢ ᠲᠠᠯᠪᠢᠵᠤ ᠣᠷᠬᠢᠯ᠎ᠠ᠃
   ᠡᠨᠡ ᠶᠠᠪᠤᠳᠠᠯ ᠤ᠋ᠨ ᠳᠠᠷᠠᠭ᠎ᠠ ᠰᠤᠷᠬᠠᠭᠲᠠᠨᠢ ᠶ᠋ᠢᠨ ᠰᠡᠳᠬᠢᠯ ᠠᠷᠠᠢ ᠨᠠᠭᠠᠰᠢᠯᠠᠵᠤ᠂ ᠥᠭᠡᠯᠦᠨ ᠡᠬᠡ ᠰᠤᠷᠬᠠᠭᠲᠠᠨᠢ ᠬᠣᠶᠠᠷ ᠳᠣᠲᠣᠨᠣ ᠬᠠᠷᠢᠯᠴᠠᠭ᠎ᠠ ᠲᠠᠢ ᠪᠣᠯᠵᠤ ᠡᠬᠢᠯᠡᠭᠰᠡᠨ ᠪᠢᠯᠡ᠃ ᠥᠭᠡᠯᠦᠨ ᠡᠬᠡ ᠡᠷᠳᠡᠮ ᠨᠣᠮ ᠢ᠋ ᠢᠯᠡᠭᠦᠦ ᠳ᠋ᠦ᠍ ᠦᠵᠡᠨ ᠰᠣᠨᠢᠷᠬᠠᠬᠤ ᠪᠡᠷᠢ ᠶ᠋ᠢᠨ ᠢ᠋ᠶ᠋ᠡᠨ ᠢᠷᠡᠭᠡᠳᠦᠢ ᠳ᠋ᠦ᠍ ᠶᠡᠬᠡᠳᠡ ᠠᠩᠬᠠᠷᠤᠯ ᠲᠠᠯᠪᠢᠨ ᠨᠡᠩ ᠳᠠᠷᠤᠢᠬᠠᠨ ᠲᠡᠭᠦᠨ ᠳ᠋ᠦ᠍ ᠵᠣᠷᠢᠭᠤᠯᠤᠨ ᠨᠣᠮ ᠤ᠋ᠨ ᠥᠷᠭᠥᠭᠡ ᠪᠠᠷᠢᠭᠤᠯᠵᠤ ᠥᠭᠭᠦᠭᠰᠡᠨ ᠨᠢ ᠰᠤᠷᠬᠠᠭᠲᠠᠨᠢ ᠶ᠋ᠢᠨ ᠠᠮᠢᠳᠤᠷᠠᠯ ᠳ᠋ᠤ᠌ ᠥᠭᠡᠷ᠎ᠡ ᠨᠢᠭᠡᠨ ᠭᠡᠷᠡᠯ ᠢ᠋ ᠠᠰᠠᠭᠠᠵᠤ ᠥᠭᠭᠦᠭᠰᠡᠨ ᠶᠦᠮ᠃ ᠡᠷᠭᠢᠨ ᠲᠣᠭᠣᠷᠢᠨ ᠬᠤᠷᠢᠶᠠᠭᠰᠠᠨ ᠰᠤᠳᠤᠷ ᠨᠣᠮ ᠤ᠋ᠨ ᠳᠤᠮᠳᠠ ᠦᠳᠡᠰᠢ ᠪᠦᠷᠢ ᠰᠡᠳᠬᠢᠯ ᠢ᠋ᠶ᠋ᠡᠨ ᠴᠡᠩᠭᠡᠭᠡᠨ ᠰᠠᠭᠤᠬᠤ ᠪᠣᠯᠤᠭᠰᠠᠨ ᠰᠤᠷᠬᠠᠭᠲᠠᠨᠢ ᠳ᠋ᠤ᠌ ᠥᠭᠡᠯᠦᠨ ᠡᠬᠡ ᠬᠠᠮᠢᠭ᠎ᠠ ᠨᠢ ᠨᠣᠮ ᠡᠷᠳᠡᠮ ᠦ᠋ᠨ ᠬᠥᠮᠦᠨ ᠪᠠᠢᠨ᠎ᠠ᠂ ᠲᠡᠭᠦᠨ ᠢ᠋ ᠳᠠᠭᠤᠳᠠᠭᠤᠯᠤᠨ ᠣᠷᠣᠨ ᠣᠷᠣᠨ ᠤ᠋ ᠬᠡᠯᠡ ᠵᠢᠭᠠᠯᠭᠠᠨ ᠪᠢᠴᠢᠭ ᠦᠰᠦᠭ ᠲᠦ᠍ ᠰᠢᠮᠳᠠᠭᠤᠯᠵᠤ ᠰᠤᠳᠤᠷ ᠨᠣᠮ ᠢ᠋ ᠬᠣᠷᠢᠶᠠᠨ ᠠᠪᠴᠤ ᠢᠷᠡᠭᠦᠯᠦᠭᠰᠡᠨ ᠪᠠᠢᠪᠠ᠃ ᠥᠪᠡᠷ ᠦ᠋ᠨ ᠣᠯᠠᠨ ᠪᠡᠷᠢ ᠡᠴᠡ ᠴᠣᠬᠣᠮ ᠶᠠᠭᠠᠬᠢᠭᠠᠳ ᠰᠤᠷᠬᠠᠭᠲᠠᠨᠢ ᠶ᠋ᠢ ᠣᠨᠴᠠᠯᠠᠬᠤ ᠪᠣᠯᠤᠭᠰᠠᠨ ᠨᠢ ᠳᠠᠭᠠᠪᠤᠷᠢ ᠮᠡᠲᠦ᠃ ᠭᠡᠪᠡᠴᠦ ᠲᠡᠭᠦᠨ ᠦ᠌ ᠰᠡᠳᠬᠢᠯ ᠳ᠋ᠦ᠍ ᠳᠠᠯᠳᠠ ᠶ᠋ᠢᠨ ᠨᠢᠭᠡᠨ ᠵᠦᠩ ᠰᠤᠪᠢᠨ ᠬᠦᠪᠦᠷᠡᠨ ᠪᠠᠢᠭᠰᠠᠨ ᠬᠡᠷᠡᠭ ᠪᠢᠵᠡ ᠠ᠋᠃
   ᠪᠤᠷᠬᠠᠨ ᠤ᠋ ᠱᠠᠰᠢᠨ ᠤ᠋ ᠳᠠᠯᠠᠢ ᠳᠠᠭᠤᠷᠢᠰᠬᠤᠢ ᠰᠦᠮ᠎ᠡ ᠶ᠋ᠢᠨ ᠣᠷᠣᠢ ᠶ᠋ᠢᠨ ᠠᠯᠲᠠᠨ ᠭᠠᠵᠢᠷᠠᠰ ᠨᠠᠷᠠᠨ ᠤ᠋ ᠭᠡᠷᠡᠯ ᠳ᠋ᠦ᠍ ᠥᠩᠭᠡ ᠲᠤᠨᠤᠷᠠᠨ ᠪᠠᠢᠬᠤ ᠡᠪᠦᠯ ᠴᠠᠭ ᠤ᠋ᠨ ᠲᠣᠭᠲᠠᠭᠤᠨ ᠡᠳᠦᠷ᠃ ᠠᠯᠤᠰ ᠠ᠋ᠴᠠ ᠭᠤᠷᠪᠠᠨ ᠮᠣᠷᠢᠲᠠᠢ ᠬᠥᠮᠦᠨ ᠢᠷᠡᠵᠦ ᠶᠠᠪᠤᠬᠤ ᠪᠠᠷ᠎ᠠ ᠪᠦᠳᠡᠭᠢ ᠪᠡᠲᠡᠭᠢ ᠬᠠᠷᠠᠭᠳᠠᠬᠤ ᠳ᠋ᠤ᠌ ᠮᠠᠨᠽᠤᠰᠢᠷᠢ ᠯᠠᠮᠠᠲᠠᠨ ᠭᠠᠳᠠᠭᠠᠯᠠᠵᠤ ᠶᠠᠪᠤᠲᠠᠯ᠎ᠠ ᠮᠣᠷᠢᠳ ᠦ᠋ᠨ ᠶᠠᠪᠤᠳᠠᠯ ᠲᠦᠷᠭᠡᠨ ᠲᠦᠷᠭᠡᠨ ᠭᠢᠰᠬᠢᠯᠡᠨ ᠪᠠᠢᠬᠤ ᠶ᠋ᠢ ᠬᠠᠷᠠᠪᠠᠰᠤ ᠡᠩ ᠤ᠋ᠨ ᠨᠢᠭᠡ ᠮᠥᠷᠭᠥᠯᠴᠢᠳ ᠪᠢᠰᠢ ᠪᠣᠯᠤᠯᠲᠠᠢ᠃ ᠪᠣᠳᠣᠪᠠᠯ ᠠᠯᠤᠰ ᠠ᠋ᠴᠠ ᠶᠡᠬᠡ ᠯᠡ ᠶᠠᠭᠠᠷᠠᠤ ᠠᠵᠢᠯ ᠢ᠋ᠶ᠋ᠠᠷ ᠶᠠᠪᠤᠭ᠎ᠠ ᠬᠥᠮᠦᠰ ᠰᠢᠭ ᠰᠠᠨᠠᠭᠳᠠᠨ᠎ᠠ᠃
ᠡᠷᠭᠢᠨ ᠲᠣᠭᠣᠷᠢᠨ ᠤ᠋ ᠪᠠᠢᠳᠠᠯ ᠨᠠᠮ ᠭᠦᠮ ᠠᠭᠠᠳ ᠬᠠᠶᠠ ᠨᠢᠭᠡ ᠬᠤᠤᠭᠢᠬᠤ ᠰᠠᠯᠬᠢᠨ ᠰᠦᠮ᠎ᠡ ᠶ᠋ᠢᠨ ᠭᠠᠳᠠᠨ᠎ᠠ ᠡᠩᠨᠡᠭᠦᠯᠦᠭᠰᠡᠨ ᠳᠠᠷᠴᠠᠭ ᠢ᠋ ᠬᠡᠢᠰᠬᠡᠨ ᠪᠠᠢᠯ᠎ᠠ᠃
   ᠯᠠᠮᠠ ᠨᠠᠷ ᠤ᠋ᠨ ᠤᠩᠰᠢᠯᠭ᠎ᠠ ᠳᠠᠭᠤᠰᠤᠭ᠎ᠠ ᠦᠭᠡᠢ ᠶ᠋ᠢ ᠢᠯᠡᠳᠬᠡᠨ ᠳᠤᠤᠭᠠᠷᠬᠤ ᠪᠦᠷᠢᠶ᠎ᠡ ᠪᠢᠰᠬᠢᠭᠦᠷ ᠬᠣᠩᠬᠣ ᠳᠠᠮᠠᠷᠤ ᠶ᠋ᠢᠨ ᠳᠠᠭᠤ ᠣᠷᠴᠢᠨ ᠤ᠋ ᠠᠨᠢᠷ ᠦᠭᠡᠢ ᠶ᠋ᠢ ᠡᠪᠳᠡᠨ᠎ᠡ᠃
ᠡᠨᠡ ᠰᠦᠮ᠎ᠡ ᠶ᠋ᠢ ᠰᠤᠤᠲᠤ ᠪᠣᠭᠳᠠ ᠡᠵᠡᠨ ᠴᠢᠩᠭᠢᠰ ᠬᠠᠭᠠᠨ ᠤ᠋ ᠯᠠᠮᠠᠲᠠᠨ ᠰᠠᠩᠵᠠᠢ ᠶ᠋ᠢᠨ ᠭᠣᠩᠭᠠᠨᠢᠮᠪᠤ ᠨᠡᠷᠡᠲᠦ ᠯᠠᠮᠠ ᠶ᠋ᠢᠨ ᠵᠠᠷᠯᠢᠭ ᠢ᠋ᠶ᠋ᠠᠷ ᠪᠣᠰᠠᠬᠠᠰᠠᠨ ᠭᠡᠳᠡᠭ᠃
ᠮᠠᠨᠽᠤᠰᠢᠷᠢ ᠯᠠᠮᠠᠳᠠᠨ ᠠᠯᠤᠰ ᠠ᠋ᠴᠠ ᠢᠷᠡᠵᠦ ᠪᠣᠢ ᠭᠤᠷᠪᠠᠨ ᠮᠣᠷᠢᠲᠠᠨ ᠠ᠋ᠴᠠ ᠲᠦᠷᠦᠭᠦᠯᠡᠨ ᠳᠣᠲᠣᠭᠰᠢ ᠣᠷᠣᠵᠤ ᠣᠯᠪᠣᠭ ᠰᠠᠭᠤᠳᠠᠯ ᠢ᠋ᠶ᠋ᠠᠨ ᠡᠵᠡᠯᠡᠨ ᠰᠠᠭᠤᠯ᠎ᠠ᠃ ᠲᠦᠳᠡ ᠤᠳᠠᠯ ᠦᠭᠡᠢ ᠮᠣᠷᠢᠲᠠᠢ ᠬᠥᠮᠦᠰ ᠰᠦᠮ᠎ᠡ ᠶ᠋ᠢᠨ ᠭᠠᠳᠠᠨ᠎ᠠ ᠪᠠᠭᠤᠵᠤ ᠮᠣᠷᠢ ᠪᠠᠨ ᠤᠶᠠᠭᠠᠳ ᠣᠷᠣᠵᠤ ᠢᠷᠡᠪᠡ᠃
ᠳᠤᠭᠠᠩ ᠤ᠋ᠨ ᠭᠣᠣᠯ ᠢ᠋ᠶ᠋ᠠᠷ ᠲᠣᠭᠣᠷᠢᠭ ᠡᠭᠦᠰᠬᠡᠨ ᠵᠠᠰᠠᠭᠰᠠᠨ ᠤᠩᠰᠢᠯᠭ᠎ᠠ ᠶ᠋ᠢᠨ ᠰᠠᠭᠤᠳᠠᠯ ᠤ᠋ᠨ ᠲᠡᠷᠢᠭᠦᠨ ᠳ᠋ᠦ᠍ ᠮᠠᠨᠽᠤᠰᠢᠷᠢ ᠯᠠᠮᠠᠳᠠᠨ ᠪᠤᠰᠤᠳ ᠵᠠᠯᠠᠭᠤ ᠯᠠᠮᠠ ᠶ᠋ᠢᠨ ᠬᠠᠮᠲᠤ ᠢᠷᠦᠭᠡᠯ ᠡᠷᠭᠦᠨ ᠪᠠᠢᠬᠤ ᠠᠭᠠᠳ ᠭᠠᠳᠠᠨ᠎ᠠ ᠠ᠋ᠴᠠ ᠣᠷᠣᠵᠤ ᠢᠷᠡᠭᠰᠡᠨ ᠬᠥᠮᠦᠰ ᠢ᠋ ᠬᠠᠷᠠᠭᠠᠳ ᠬᠡᠨ ᠪᠣᠯᠬᠤ ᠶ᠋ᠢ ᠲᠠᠨᠢᠪᠠ ᠪᠣᠯᠤᠯᠲᠠᠢ᠂ ᠣᠢᠷᠠᠲᠤᠨ ᠢᠷᠡᠬᠦ ᠶ᠋ᠢ ᠲᠣᠬᠢᠬᠤ ᠳ᠋ᠤ᠌ ᠭᠤᠷᠪᠠᠨ ᠬᠥᠮᠦᠨ ᠦ᠌ ᠠᠬᠠᠮᠠᠳ ᠨᠢ ᠪᠠᠷᠢᠵᠤ ᠢᠷᠡᠭᠰᠡᠨ ᠥᠭᠯᠢᠭᠡ ᠪᠡᠨ ᠰᠢᠲᠦᠭᠡᠨ ᠦ᠌ ᠬᠠᠵᠠᠭᠤ ᠳ᠋ᠤ᠌ ᠲᠠᠯᠪᠢᠭᠠᠳ ᠡᠷᠭᠢᠨ ᠢᠷᠡᠵᠦ ᠯᠠᠮᠠ ᠶ᠋ᠢᠨ ᠳᠡᠷᠭᠡᠳᠡ ᠰᠠᠭᠤᠯ᠎ᠠ᠃
ᠠᠬᠠᠮᠠᠳ ᠬᠥᠮᠦᠨ᠄
   — ᠶᠡᠬᠡ ᠡᠵᠡᠨ ᠦ᠌ ᠥᠭᠯᠢᠭᠡ ᠶ᠋ᠢ ᠠᠪᠴᠤ ᠢᠷᠡᠯ᠎ᠡ᠃ ᠰᠤᠤᠲᠤ ᠪᠣᠭᠳᠠ ᠡᠵᠡᠨ ᠴᠢᠩᠭᠢᠰ ᠬᠠᠭᠠᠨ ᠪᠢᠳᠡᠨ ᠢ᠋ᠶ᠋ᠡᠷ ᠬᠡᠯᠡ ᠬᠦᠷᠭᠡᠭᠦᠯᠦᠨ《ᠨᠢᠭᠡᠨ ᠪᠣᠳᠢᠰᠠᠳ᠋ᠸ᠎ᠠ ᠶ᠋ᠢᠨ ᠬᠤᠪᠢᠯᠭᠠᠨ ᠢ᠋ ᠮᠢᠨᠦ ᠤᠷᠤᠭ ᠲᠤ᠂ ᠮᠢᠨᠦ ᠠᠴᠢ ᠦᠷ᠎ᠡ ᠶ᠋ᠢᠨ ᠠᠯᠢ ᠨᠢᠭᠡᠨ ᠳ᠋ᠦ᠍ ᠲᠥᠷᠥᠭᠦᠯᠵᠦ ᠥᠭᠭᠦᠨ᠎ᠡ ᠤᠤ》 ᠭᠡᠮᠡᠨ ᠡᠭᠦᠨ ᠢ᠋ ᠢᠯᠡᠭᠡᠪᠡ ᠭᠡᠵᠦ ᠬᠡᠯᠡᠭᠡᠳ ᠯᠠᠮᠠ ᠶ᠋ᠢᠨ ᠴᠢᠷᠠᠢ ᠶ᠋ᠢ ᠨᠤᠬᠤᠴᠠ ᠲᠠᠢ ᠪᠠᠷ ᠠᠵᠢᠭᠯᠠᠨ ᠬᠠᠷᠠᠯ᠎ᠠ᠃
ᠮᠠᠨᠽᠤᠰᠢᠷᠢ ᠯᠠᠮᠠᠲᠠᠨ ᠪᠣᠳᠣᠯ ᠪᠣᠯᠤᠨ ᠰᠠᠭᠤᠵᠤ ᠠᠭᠠᠳ ᠭᠠᠷ ᠲᠠᠭᠠᠨ ᠡᠷᠭᠢᠭᠦᠯᠵᠦ ᠪᠠᠢᠭᠰᠠᠨ ᠡᠷᠢᠭᠡ ᠪᠡᠨ ᠬᠤᠮᠢᠨ ᠬᠠᠵᠠᠭᠤ ᠲᠠᠢᠰᠢ ᠲᠠᠯᠪᠢᠭᠠᠳ᠄
   — ᠪᠣᠭᠳᠠ ᠡᠵᠡᠨ ᠦ᠌ ᠵᠠᠷᠯᠢᠭ ᠪᠣᠯᠬᠣᠷ ᠪᠢ ᠶᠠᠭᠠᠬᠢᠨ ᠵᠥᠷᠢᠴᠭᠥ ᠪᠢᠯᠡ᠂ ᠭᠡᠪᠡᠴᠦ ᠲᠠᠪᠢᠯᠠᠩ ᠢ᠋ ᠤᠨᠤᠭᠠᠨ ᠪᠠᠭᠤᠯᠭᠠᠬᠤ ᠳ᠋ᠤ᠌ ᠪᠡᠷᠬᠡ ᠭᠡᠳᠡᠭ ᠢ᠋ ᠲᠠ ᠪᠦᠬᠦᠨ ᠰᠠᠨᠠᠵᠤ ᠪᠣᠯᠭᠣᠭᠠᠮᠤ ᠬᠡᠯᠡᠭᠡᠳ ᠵᠢᠵᠢᠭ ᠳᠥᠷᠪᠡᠯᠵᠢᠨ ᠮᠣᠳᠣᠨ ᠬᠠᠢᠷᠴᠠᠭ ᠲᠠᠢ ᠱᠣ ᠭᠠᠷᠭᠠᠨ ᠰᠢᠪᠰᠢᠵᠦ᠂ ᠳᠣᠲᠣᠷ᠎ᠠ ᠨᠢ ᠪᠠᠭᠤᠯᠭᠠᠨ ᠣᠷᠬᠢᠭᠠᠳ᠂ ᠲᠥᠯᠭᠡ ᠪᠡᠨ ᠲᠠᠢᠯᠤᠨ ᠬᠡᠰᠡᠭ ᠪᠣᠳᠣᠯᠬᠢᠯᠠᠭᠰᠠᠨ ᠢ᠋ᠶ᠋ᠠᠨ ᠰᠠᠭᠤᠳᠠᠯ ᠠ᠋ᠴᠠ ᠪᠠᠨ ᠪᠣᠰᠤᠯ᠎ᠠ᠃ ᠢᠷᠡᠭᠰᠡᠨ ᠬᠥᠮᠦᠰ ᠲᠡᠭᠡᠨ ᠥᠨᠳᠡᠢᠬᠦ ᠭᠡᠲᠡᠯ᠎ᠡ《ᠰᠠᠭᠤᠵᠤ ᠪᠠᠢ》 ᠭᠡᠵᠦ ᠳᠣᠬᠢᠭᠠᠳ ᠰᠢᠲᠦᠭᠡᠨ ᠦ᠌ ᠪᠡᠨ ᠡᠮᠦᠨ᠎ᠡ ᠣᠴᠢᠨ ᠤᠳᠠᠭᠠᠨ ᠢ᠋ᠶ᠋ᠠᠷ ᠵᠠᠯᠪᠠᠷᠢᠵᠤ ᠪᠠᠢᠭᠰᠠᠨ ᠢ᠋ᠶ᠋ᠠᠨ ᠪᠤᠷᠬᠠᠳ ᠤ᠋ᠨ ᠳᠤᠮᠳᠠ ᠪᠠᠢᠬᠤ ᠨᠢᠭᠡᠨ ᠬᠠᠢᠷᠴᠠᠭ ᠢ᠋ ᠪᠠᠷᠢᠨ ᠢᠷᠡᠵᠦ᠂ ᠡᠷᠭᠢᠵᠦ ᠰᠠᠭᠤᠳᠠᠯ ᠳ᠋ᠠᠭᠠᠨ ᠰᠠᠭᠤᠭᠠᠳ ᠬᠠᠪᠢ ᠳ᠋ᠤ᠌ ᠬᠥᠮᠦᠨ ᠬᠦᠷᠦᠭᠡ ᠦᠭᠡᠢ ᠪᠣᠯᠪᠠ ᠤᠤ ᠭᠡᠮᠡᠷ ᠲᠣᠭᠣᠰᠣ ᠳᠠᠷᠤᠭᠰᠠᠨ ᠬᠠᠢᠷᠴᠠᠭ ᠢ᠋ ᠭᠠᠷ ᠢ᠋ᠶ᠋ᠠᠷ ᠢ᠋ᠶ᠋ᠠᠨ ᠶᠡᠬᠡᠳᠡ ᠡᠩᠬᠦᠷᠡᠢᠯᠡᠨ ᠢᠯᠢᠭᠡᠳ᠂
   — ᠡᠢᠮᠦ ᠤᠴᠢᠷ ᠲᠠᠢ ᠪᠠᠢᠵᠠᠢ᠂ ᠡᠨᠡ ᠬᠠᠢᠷᠴᠠᠭ ᠮᠠᠨ ᠤ᠋ ᠰᠢᠲᠦᠭᠡᠨ ᠦ᠌ ᠳᠤᠮᠳᠠ ᠶᠡᠬᠡ ᠤᠳᠠᠭᠠᠨ ᠬᠠᠳᠠᠭᠠᠯᠠᠭᠳᠠᠭᠰᠠᠨ ᠶᠤᠮ᠂ ᠪᠠᠭᠰᠢ ᠮᠢᠨᠢ ᠠᠮᠢᠳᠤ ᠰᠡᠷᠡᠭᠦᠨ ᠠᠬᠤᠢ ᠳ᠋ᠠᠭᠠᠨ ᠬᠡᠵᠢᠶ᠎ᠡ ᠨᠢᠭᠡᠨ ᠡᠳᠦᠷ ᠲᠥᠯᠭᠡ ᠳ᠋ᠦ᠍ ᠪᠠᠭᠤᠭᠰᠠᠨ ᠡᠵᠡᠨ ᠨᠢ ᠢᠷᠡᠵᠦ ᠠᠪᠤᠨ᠎ᠠ ᠭᠡᠵᠦ ᠬᠡᠯᠡᠭᠰᠡᠨ ᠴᠠᠭ ᠠ᠋ᠴᠠ ᠬᠣᠢᠰᠢ ᠬᠡᠨ ᠴᠦ᠍ ᠬᠦᠷᠦᠭᠡ ᠦᠭᠡᠢ ᠪᠢᠯᠡ᠃
   ᠢᠷᠡᠭᠰᠡᠨ ᠬᠥᠮᠦᠰ ᠶᠡᠬᠡᠳᠡ ᠭᠠᠢᠬᠠᠨ ᠲᠣᠭᠣᠰᠣ ᠳᠠᠷᠤᠭᠰᠠᠨ ᠬᠠᠭᠤᠴᠢᠨ ᠮᠣᠳᠣᠨ ᠬᠠᠢᠷᠴᠠᠭ᠂ ᠲᠡᠭᠦᠨ ᠢ᠋ ᠡᠩᠬᠦᠷᠡᠢᠯᠡᠨ ᠢᠯᠪᠢᠵᠦ ᠪᠠᠢᠭ᠎ᠠ ᠡᠪᠦᠭᠡᠨ ᠯᠠᠮᠠ ᠬᠣᠶᠠᠷ ᠢ᠋ ᠡᠭᠡᠯᠵᠢᠯᠡᠨ ᠬᠠᠷᠠᠯ᠎ᠠ᠃
   — ᠬᠠᠢᠷᠴᠠᠭ ᠤ᠋ᠨ ᠠᠮᠠ ᠶ᠋ᠢ ᠪᠤᠤ ᠨᠡᠬᠡᠭᠡ᠂ ᠡᠭᠦᠨ ᠢ᠋ ᠪᠣᠭᠳᠠ ᠴᠢᠩᠭᠢᠰ ᠬᠠᠭᠠᠨ ᠳ᠋ᠤ᠌ ᠥᠭ᠂ ᠡᠨᠡ ᠶᠡᠬᠡ ᠠᠢᠯ ᠤ᠋ᠨ ᠨᠢᠭᠡᠨ ᠪᠦᠰᠡᠭᠦᠢ ᠡᠰᠢ ᠦᠵᠡᠭᠦᠯᠦᠭᠴᠢ ᠪᠠᠢᠵᠠᠢ᠃ ᠲᠠᠬᠢᠶ᠎ᠠ ᠵᠢᠯ ᠦ᠋ᠨ ᠬᠠᠪᠤᠷ ᠤ᠋ᠨ ᠲᠡᠷᠢᠭᠦᠨ ᠰᠠᠷ᠎ᠠ ᠶ᠋ᠢᠨ ᠰᠢᠨ᠎ᠡ ᠶ᠋ᠢᠨ ᠠᠷᠪᠠᠨ ᠲᠠᠪᠤᠨ ᠳ᠋ᠤ᠌ ᠶᠡᠬᠡ ᠬᠤᠷᠢᠮ ᠢᠷᠦᠭᠡᠯ ᠬᠢᠵᠦ᠂ ᠠᠯᠲᠠᠨ ᠤᠷᠤᠭ ᠤ᠋ᠨ ᠬᠠᠲᠤᠳ ᠡᠮᠡᠰ ᠢ᠋ ᠴᠤᠭᠯᠠᠭᠤᠯᠤᠭᠠᠷᠠᠢ ᠭᠡᠵᠦ ᠬᠡᠯᠡᠭᠡᠳ ᠡᠯᠴᠢ ᠨᠠᠷ ᠤ᠋ᠨ ᠠᠬᠠᠯᠠᠭᠴᠢ ᠶ᠋ᠢ ᠣᠢᠷᠠᠳᠬᠤ ᠶ᠋ᠢ ᠬᠦᠰᠡᠭᠡᠳ ᠴᠢᠬᠢᠨ ᠳ᠋ᠦ᠍ᠨᠢ ᠬᠡᠳᠦᠨ ᠦᠭᠡ ᠰᠢᠪᠡᠨᠡᠵᠦ ᠬᠡᠯᠡᠭᠡᠳ ᠭᠠᠷ ᠰᠤᠩᠭᠠᠨ ᠥᠭᠬᠦ ᠳ᠋ᠦ᠍ ᠲᠡᠷᠡ ᠪᠡᠷ ᠬᠣᠶᠠᠷ ᠭᠠᠷᠳᠠᠨ ᠠᠪᠴᠤ᠂ ᠡᠪᠦᠭᠡᠨ ᠯᠠᠮᠠᠳᠠᠨ ᠳ᠋ᠤ᠌ ᠲᠠᠯᠠᠷᠬᠠᠯ ᠢᠯᠡᠷᠬᠡᠢᠯᠡᠭᠡᠳ᠂ ᠬᠣᠢᠰᠢ ᠤᠬᠤᠷᠢᠭᠰᠠᠨ ᠬᠡᠪ ᠢ᠋ᠶ᠋ᠡᠷ ᠭᠠᠷᠴᠤ ᠣᠳᠤᠯ᠎ᠠ᠃
   ᠣᠢᠷᠠᠯᠴᠠᠭ᠎ᠠ ᠠᠭᠤᠯᠠ ᠶ᠋ᠢᠨ ᠡᠪᠦᠷ ᠲᠦ᠍ ᠬᠡᠳᠦᠨ ᠬᠥᠮᠦᠨ ᠲᠣᠭᠣᠷᠢᠨ ᠵᠣᠭᠰᠣᠨ᠎ᠠ᠃ ᠬᠠᠭᠠᠨ ᠤ᠋ ᠠᠯᠪᠠᠲᠤ ᠨᠤᠭᠤᠳ ᠪᠣᠯᠤᠯᠲᠠᠢ᠂ ᠡᠨᠡ ᠬᠥᠮᠦᠰ ᠦ᠋ᠨ ᠳᠤᠮᠳᠠ ᠬᠣᠶᠠᠷ ᠬᠡᠦᠬᠡᠳ ᠲᠣᠭᠯᠠᠵᠤ ᠪᠠᠢᠭ᠎ᠠ ᠬᠠᠷᠠᠭᠳᠠᠨ᠎ᠠ᠃ ᠬᠣᠭᠣᠷᠣᠨᠳᠣ ᠪᠠᠨ ᠭᠠᠭᠴᠠ ᠬᠣᠶᠠᠷ ᠨᠠᠰᠤᠨ ᠤ᠋ ᠵᠥᠷᠢᠶ᠎ᠡ ᠲᠡᠢ ᠬᠡᠦᠬᠡᠳ ᠦ᠋ᠳ ᠦ᠋ᠨ ᠡᠮᠦᠰᠦᠭᠰᠡᠨ ᠬᠤᠪᠴᠠᠰᠤ᠂ ᠵᠡᠭᠦᠭᠰᠡᠨ ᠡᠳ᠋ᠯᠡᠯ ᠢ᠋ ᠬᠠᠷᠠᠪᠠᠯ ᠢᠵᠠᠭᠤᠷ ᠭᠠᠷᠤᠯ ᠰᠠᠢᠲᠠᠢ ᠠᠢᠯ ᠤ᠋ᠨ ᠦᠷᠡᠰ ᠪᠣᠯᠤᠯᠲᠠᠢ᠂ ᠲᠡᠳᠡᠨ ᠢ᠋ ᠨᠠᠭᠠᠰᠢ ᠴᠠᠭᠠᠰᠢ ᠭᠦᠶᠦᠨ᠂ ᠲᠠᠷᠪᠠᠭ᠎ᠠ ᠵᠤᠷᠠᠮ᠎ᠠ ᠶ᠋ᠢᠨ ᠨᠦᠬᠡ ᠶ᠋ᠢ ᠠᠮᠠᠳᠠᠨ ᠭᠡᠲᠡᠵᠦ᠂ ᠬᠡᠪᠲᠡᠨ ᠪᠣᠰᠬᠤ ᠪᠦᠷᠢ ᠳ᠋ᠦ᠍ ᠲᠣᠭᠣᠷᠢᠵᠤ ᠵᠣᠭᠰᠣᠭᠰᠠᠨ ᠬᠥᠮᠦᠰ ᠠᠷᠤ ᠠ᠋ᠴᠠ ᠨᠢ ᠳᠠᠭᠠᠨ ᠭᠡᠨᠡᠳᠲᠡ᠄
   — ᠬᠠᠨ ᠬᠦᠦ᠂ ᠲᠡᠨᠳᠡ ᠡᠴᠡ ᠨᠢᠭᠡ ᠲᠠᠷᠪᠠᠭ᠎ᠠ ᠭᠠᠷᠤᠭᠠᠳ ᠢᠷᠡᠯ᠎ᠡ ᠭᠡᠵᠦ ᠳᠠᠭᠠᠭᠤᠯ ᠤ᠋ᠳ ᠤ᠋ᠨ ᠨᠢᠭᠡ ᠨᠢ ᠶᠠᠭᠠᠷᠠᠨ ᠬᠡᠯᠡᠭᠰᠡᠨ ᠳ᠋ᠦ᠍ ᠬᠣᠶᠠᠷ ᠬᠦᠦ ᠶ᠋ᠢᠨ ᠠᠷᠠᠢ
ᠲᠣᠮᠣ ᠨᠢ ᠰᠠᠮᠪᠠᠭᠠᠴᠢᠯᠠᠨ ᠮᠥᠷᠦᠨ ᠳ᠋ᠡᠭᠡᠨ ᠤᠭᠯᠠᠭᠰᠠᠨ ᠨᠤᠮᠤ ᠪᠠᠨ ᠠᠪᠴᠤ ᠣᠨᠢᠯᠠᠨ ᠬᠠᠷᠠᠭᠠᠯᠠᠵᠤ ᠪᠠᠢᠭᠠᠳ ᠰᠤᠮᠤ ᠲᠠᠯᠪᠢᠯ᠎ᠠ᠃
  ᠲᠠᠷᠪᠠᠭ᠎ᠠ ᠰᠤᠮᠤᠨ ᠠ᠋ᠴᠠ ᠥᠷᠢᠰᠦᠨ ᠠᠮᠢ ᠮᠤᠯᠲᠤᠷᠠᠵᠤ᠂ ᠣᠢᠷᠠᠯᠴᠠᠭᠠᠬᠢ ᠨᠦᠬᠡᠨ ᠳ᠋ᠦ᠍ ᠱᠤᠩᠭᠤᠨ ᠣᠷᠣᠵᠤ ᠠᠯᠠᠭ᠎ᠠ ᠪᠣᠯᠤᠯ᠎ᠠ᠃
  ᠰᠤᠮᠤ ᠲᠠᠯᠪᠢᠭᠰᠠᠨ ᠬᠦᠦ ᠬᠥᠯ ᠢ᠋ᠶ᠋ᠡᠷ ᠢ᠋ᠶ᠋ᠡᠨ ᠭᠠᠵᠠᠷ ᠳᠡᠪᠰᠡᠵᠦ᠂
   — ᠶᠠᠮᠠᠷ ᠠᠵᠠ ᠦᠭᠡᠢ ᠶᠦᠮ ᠪᠣᠢ᠂ ᠠᠯᠳᠠᠴᠢᠬᠠᠯ᠎ᠠ ᠭᠡᠮᠡᠨ ᠪᠣᠬᠢᠮᠳᠠᠩᠭᠤᠢ ᠥᠭᠦᠯᠡᠭᠡᠳ᠄
   — ᠥᠨᠥᠳᠥᠷ ᠠᠩ ᠤ᠋ᠨ ᠣᠯᠵᠠ ᠮᠠᠭᠤᠲᠠᠢ ᠡᠳᠦᠷ ᠪᠠᠢᠨ᠎ᠠ᠂ ᠬᠣᠶᠠᠭᠤᠯᠠ ᠪᠠᠨ ᠪᠤᠴᠠᠬᠤ ᠤᠤ ᠭᠡᠵᠦ ᠨᠥᠭᠦᠭᠡ ᠡᠴᠡ ᠪᠡᠨ ᠠᠰᠠᠭᠤᠬᠤ ᠳ᠋ᠤ᠌ ᠬᠠᠵᠠᠭᠤ ᠳ᠋ᠤᠨᠢ ᠵᠣᠭᠰᠣᠵᠤ ᠪᠠᠢᠭᠰᠠᠨ ᠬᠦᠦ ᠨᠢ ᠨᠢᠷᠤᠭᠤᠨ ᠳ᠋ᠠᠭᠠᠨ ᠡᠭᠦᠷᠦᠭᠰᠡᠨ ᠨᠤᠮᠤ ᠰᠠᠭᠠᠳᠠᠭ ᠢ᠋ᠶ᠋ᠠᠨ ᠠᠪᠴᠤ
ᠭᠠᠷ ᠲᠠᠭᠠᠨ ᠪᠠᠷᠢᠭᠠᠳ ᠡᠮᠦᠨ᠎ᠡ ᠨᠢ ᠶᠣᠰᠣᠯᠠᠨ ᠨᠢᠭᠡ ᠬᠥᠯ ᠳᠡᠭᠡᠷ᠎ᠡ ᠪᠡᠨ ᠰᠠᠭᠤᠭᠠᠳ᠂
   — ᠲᠠ ᠮᠢᠨᠦ ᠨᠤᠮᠤ ᠰᠠᠭᠠᠳᠠᠭ ᠢ᠋ ᠠᠪᠤᠭᠲᠤᠨ᠂ ᠮᠠᠭᠠᠳ ᠠᠵᠠ ᠢᠷᠡᠬᠦ ᠪᠢᠵᠡ᠂ ᠪᠢ ᠡᠨᠡ ᠨᠤᠮᠤ ᠰᠤᠮᠤ ᠪᠠᠷ ᠠᠩ ᠬᠢᠵᠦ ᠡᠪᠦᠭᠡ ᠡᠴᠢᠭᠡ ᠶ᠋ᠢᠨ ᠬᠡᠰᠢᠭ ᠢ᠋ ᠬᠦᠷᠲᠡᠵᠦ ᠡᠷᠡᠬᠡᠢ ᠪᠡᠨ ᠲᠣᠰᠣᠳᠠᠭᠤᠯᠤᠭᠰᠠᠨ ᠪᠢᠯᠡ ᠭᠡᠳ ᠥᠭᠬᠦ ᠳ᠋ᠦ᠍ ᠨᠥᠭᠦᠭᠡ ᠬᠦᠦ᠂
   — ᠪᠢ ᠬᠥᠮᠦᠨ ᠦ᠌ ᠠᠵᠠ ᠶ᠋ᠢ ᠠᠪᠤᠭᠠᠳ ᠶᠠᠭᠤ ᠬᠢᠨ᠎ᠡ᠂ ᠥᠪᠡᠷ ᠦ᠋ᠨ ᠭᠠᠪᠢᠶ᠎ᠠ ᠶ᠋ᠢ ᠥᠪᠡᠷ ᠢ᠋ᠶ᠋ᠡᠨ ᠪᠦᠲᠦᠭᠡᠨ᠎ᠡ ᠭᠡᠵᠦ ᠬᠡᠪᠯᠡᠭᠦᠬᠡᠨ ᠬᠡᠯᠡᠭᠡᠳ ᠴᠠᠭᠠᠰᠢ ᠠᠯᠬᠤᠯ᠎ᠠ᠃
  ᠬᠦᠦ ᠠᠷᠤ ᠠ᠋ᠴᠠ ᠨᠢ ᠣᠴᠢᠵᠤ᠂
   — ᠲᠡᠭᠡᠪᠡᠯ ᠬᠣᠶᠠᠭᠤᠯᠠ ᠪᠠᠨ ᠨᠤᠮᠤ ᠰᠤᠮᠤ ᠪᠠᠨ᠂ ᠰᠣᠯᠢᠯᠴᠠᠶ᠎ᠠ᠂ ᠨᠢᠭᠡᠨ ᠴᠠᠭ ᠲᠤ ᠬᠠᠭᠠᠨ ᠡᠪᠦᠭᠡ ᠵᠠᠮᠤᠬ᠎ᠠ ᠠᠨᠳᠠ ᠲᠠᠢ ᠨᠥᠬᠥᠷ ᠪᠣᠯᠵᠤ ᠪᠠᠢᠬᠤ ᠳ᠋ᠠᠭᠠᠨ ᠥᠪᠡᠷ ᠲᠦ᠍ ᠪᠠᠢᠭ᠎ᠠ ᠡᠳ᠋ ᠢ᠋ᠶ᠋ᠡᠨ ᠰᠣᠯᠢᠯᠴᠠᠵᠤ ᠪᠠᠢᠭᠰᠠᠨ ᠪᠢᠵᠡ ᠳᠡ ᠭᠡᠪᠡ᠃
ᠨᠥᠭᠦᠭᠡ ᠬᠦᠦ ᠨᠢᠳᠦ ᠪᠡᠨ ᠣᠨᠢᠢᠯᠭᠠᠨ ᠬᠠᠭᠠᠨ ᠡᠪᠦᠭᠡ ᠶ᠋ᠢᠨ ᠲᠡᠦᠬᠡ ᠶ᠋ᠢ ᠨᠡᠬᠡᠨ ᠰᠠᠨᠠᠵᠤ ᠪᠣᠢ ᠪᠣᠯᠤᠯᠲᠠᠢ ᠪᠣᠳᠣᠯᠬᠢᠯᠠᠭᠰᠠᠨ ᠢ᠋ᠶ᠋ᠠᠨ᠂
   — ᠴᠢ ᠪᠢᠳᠡ ᠬᠣᠶᠠᠷ ᠬᠣᠶᠠᠭᠤᠯᠠ ᠬᠠᠭᠠᠨ ᠤ᠋ ᠠᠴᠢ ᠬᠦᠦ ᠤᠴᠢᠷ ᠠᠨᠳᠠ ᠪᠣᠯᠤᠯᠴᠠᠬᠤ ᠬᠡᠷᠡᠭ ᠶᠠᠭᠤᠨ᠃
   — ᠲᠡᠭᠡᠪᠡᠯ ᠠᠬ᠎ᠠ ᠳᠡᠭᠦᠦ ᠪᠣᠯᠤᠶ᠎ᠠ᠂ ᠪᠢᠳᠡ ᠨᠢᠭᠡ ᠬᠠᠭᠠᠨ ᠤ᠋ ᠠᠴᠢ ᠬᠦᠦ ᠬᠡᠳᠦᠢ ᠴᠤ᠌ ᠥᠪᠡᠷ ᠥᠪᠡᠷ ᠦ᠋ᠨ ᠡᠴᠢᠭᠡ ᠲᠡᠢ᠂ ᠬᠣᠶᠠᠭᠤᠯᠠ ᠲᠥᠷᠥᠭᠰᠡᠨ ᠠᠬ᠎ᠠ ᠳᠡᠭᠦᠦᠰ ᠪᠣᠯᠤᠨ ᠨᠠᠢᠷ ᠲᠠᠯᠪᠢᠵᠤ ᠨᠤᠮᠤ ᠰᠠᠭᠠᠳᠠᠭ ᠢ᠋ᠶ᠋ᠠᠨ ᠰᠣᠯᠢᠯᠴᠠᠪᠠᠯ ᠶᠠᠮᠠᠷ ᠪᠣᠢ ᠭᠡᠬᠦ ᠳ᠋ᠦ᠍ ᠬᠦᠦ ᠵᠥᠪᠰᠢᠶᠡᠷᠡᠵᠦ ᠪᠣᠢ ᠪᠣᠯᠤᠯᠲᠠᠢ ᠲᠣᠯᠣᠭᠠᠢ ᠪᠠᠨ ᠳᠣᠬᠢᠭᠠᠳ᠂
   — ᠲᠡᠭᠡᠶ᠎ᠡ᠃ ᠬᠣᠶᠠᠭᠤᠯᠠ ᠠᠬ᠎ᠠ ᠳᠡᠭᠦᠦ ᠪᠣᠯᠤᠯᠴᠠᠶ᠎ᠠ ᠬᠡᠮᠡᠭᠡᠳ ᠲᠡᠳᠡ ᠠᠭᠤᠯᠠ ᠥᠭᠡᠳᠡ ᠥᠭᠰᠥᠯ᠎ᠡ᠃
ᠠᠷᠤ ᠠ᠋ᠴᠠ ᠨᠢ ᠳᠠᠭᠠᠬᠤ ᠠᠯᠪᠠᠲᠤ ᠨᠤᠭᠤᠳ ᠢ᠋ 《ᠡᠨᠳᠡ ᠪᠡᠨ ᠬᠦᠯᠢᠶᠡᠵᠦ ᠪᠠᠢ》 ᠭᠡᠮᠡᠨ ᠠᠬᠠᠮᠠᠳ ᠬᠦᠦ ᠵᠠᠷᠯᠢᠭᠳᠠᠭᠠᠳ ᠠᠭᠤᠯᠠ ᠥᠭᠰᠥᠨ ᠣᠷᠣᠢ ᠳ᠋ᠤᠨᠢ ᠭᠠᠷᠤᠯ᠎ᠠ᠃ ᠣᠷᠴᠢᠨ ᠤ᠋ ᠶᠠᠭᠤᠮᠠᠰ ᠲᠣᠳᠣᠬᠠᠨ ᠬᠠᠷᠠᠭᠳᠠᠨ᠎ᠠ᠃ ᠳᠡᠭᠡᠷ᠎ᠡ ᠬᠥᠬᠡᠷᠡᠭᠴᠢ ᠲᠩᠷᠢ ᠲᠡᠷᠡ ᠬᠣᠶᠠᠷ ᠲᠤ᠌ ᠣᠢᠷᠠᠲᠤᠨ ᠢᠷᠡᠵᠦ ᠰᠠᠢᠰᠢᠶᠠᠨ ᠪᠠᠢᠬᠤ ᠰᠢᠭ᠋ ᠲᠣᠮᠣ ᠰᠡᠮᠡᠵᠡᠨ ᠡᠭᠦᠯᠡ ᠬᠣᠶᠠᠷ ᠬᠦᠦ ᠶ᠋ᠢᠨ ᠳᠡᠭᠡᠷ᠎ᠡ ᠲᠣᠭᠲᠠᠭᠰᠠᠨ ᠪᠠᠢᠯ᠎ᠠ᠃ ᠠᠬᠠᠮᠠᠳ ᠬᠦᠦ ᠭᠠᠷ ᠲᠠᠭᠠᠨ ᠪᠠᠷᠢᠭᠰᠠᠨ ᠨᠤᠮᠤ ᠪᠠᠨ ᠲᠩᠷᠢ ᠥᠭᠡᠳᠡ ᠳᠡᠭᠡᠭᠰᠢ ᠡᠷᠭᠦᠨ᠂
   —ᠮᠥᠩᠬᠡ ᠲᠩᠷᠢ ᠰᠣᠨᠣᠰ᠂ ᠡᠨᠡ ᠡᠳᠦᠷ ᠡᠴᠡ ᠬᠣᠢᠰᠢ ᠪᠢ ᠮᠥᠩᠬᠡ ᠴᠢᠮᠠᠶ᠋ᠢ ᠥᠪᠡᠷ ᠦ᠋ᠨ ᠳᠡᠭᠦᠦ ᠮᠡᠲᠦ ᠰᠡᠳᠬᠢᠵᠦ᠂ ᠬᠠᠳᠬᠤᠯᠳᠤᠨ ᠢᠷᠡᠬᠦ ᠳᠠᠢᠰᠤᠨ᠂ ᠬᠠᠷᠪᠤᠨ ᠢᠷᠡᠬᠦ ᠰᠤᠮᠤᠨ ᠠ᠋ᠴᠠ ᠬᠠᠮᠠᠭᠠᠯᠠᠨ ᠰᠠᠭᠤᠬᠤ ᠪᠠᠨ ᠠᠮᠠᠯᠠᠵᠤ ᠪᠠᠢᠨ᠎ᠠ᠃
   — ᠡᠨᠡ ᠡᠳᠦᠷ ᠡᠴᠡ ᠬᠣᠢᠰᠢ ᠪᠢ ᠭᠦᠶᠦᠭ ᠠᠬ᠎ᠠ ᠶ᠋ᠢ ᠥᠪᠡᠷ ᠦ᠋ᠨ ᠠᠬ᠎ᠠ ᠭᠡᠮᠡᠨ ᠰᠡᠳᠬᠢᠵᠦ᠂ ᠨᠢᠭᠡᠨ ᠰᠡᠳᠬᠢᠯᠲᠦ ᠠᠬᠠᠨ ᠳᠡᠭᠦᠦ ᠪᠣᠯᠵᠤ᠂ ᠮᠥᠩᠬᠡ ᠲᠩᠷᠢ ᠶ᠋ᠢᠨ ᠳᠣᠣᠷ᠎ᠠ ᠠᠮᠢᠯᠠᠵᠤ ᠪᠠᠢᠨ᠎ᠠ ᠭᠡᠮᠡᠨ ᠠᠨᠳᠠᠭᠠᠢᠯᠠᠭᠠᠳ ᠲᠡᠳᠡ ᠨᠤᠮᠤ ᠰᠠᠭᠠᠳᠠᠭ ᠢ᠋ᠶ᠋ᠠᠨ ᠰᠣᠯᠢᠯᠴᠠᠯ᠎ᠠ᠃ ᠡᠳᠡ ᠪᠣᠯ ᠨᠢᠭᠡᠨ ᠡᠬᠡ ᠶ᠋ᠢᠨ ᠬᠡᠪᠡᠯᠢ ᠡᠴᠡ ᠴᠤᠪᠤᠷᠠᠨ ᠳᠥᠷᠥᠭᠡ ᠦᠭᠡᠢ ᠴᠦ᠍ ᠨᠢᠭᠡᠨ ᠬᠠᠭᠠᠨ ᠤ᠋ ᠠᠴᠢ ᠪᠣᠯᠤᠨ ᠲᠥᠷᠥᠭᠰᠡᠨ ᠬᠣᠶᠠᠷ ᠬᠦᠦ ᠶ᠋ᠢᠨ ᠠᠬᠠᠮᠠᠳ ᠨᠢ ᠬᠠᠭᠠᠨ ᠡᠵᠡᠨ ᠦ᠌ ᠭᠤᠷᠪᠠᠳᠤᠭᠠᠷ ᠬᠦᠦ ᠥᠭᠡᠳᠡᠢ ᠶ᠋ᠢᠨ ᠲᠣᠮᠣ ᠬᠦᠦ ᠭᠦᠶᠦᠭ᠂ ᠨᠥᠭᠦᠭᠡ ᠨᠢ ᠲᠤᠯᠤᠢ ᠶ᠋ᠢᠨ ᠲᠣᠮᠣ ᠬᠦᠦ ᠮᠥᠩᠬᠡ ᠨᠠᠷ ᠪᠠᠢᠯ᠎ᠠ᠃ ᠬᠣᠶᠠᠷ ᠬᠦᠦ ᠶ᠋ᠢ ᠠᠭᠤᠯᠠ ᠶ᠋ᠢᠨ ᠣᠷᠣᠢ ᠠ᠋ᠴᠠ ᠪᠠᠭᠤᠵᠤ ᠢᠷᠡᠬᠦ ᠳ᠋ᠦ᠍ ᠲᠩᠷᠢ ᠳ᠋ᠦ᠍ ᠲᠣᠭᠲᠠᠨ ᠪᠠᠢᠭᠰᠠᠨ ᠰᠡᠮᠡᠵᠡᠨ ᠡᠭᠦᠯᠡᠰ ᠠᠯᠭᠤᠷ ᠢ᠋ᠶ᠋ᠠᠷ ᠢᠷᠠᠭᠳᠠᠨ ᠵᠠᠮᠬᠠᠷᠠᠵᠤ᠂ ᠣᠷᠣᠢ ᠶ᠋ᠢᠨ ᠨᠠᠷᠠ ᠪᠠᠷᠠᠭᠤᠨ ᠠᠭᠤᠯᠠ ᠶ᠋ᠢᠨ ᠰᠤᠭᠤᠨ ᠳ᠋ᠤ᠌ ᠳᠥᠭᠥᠵᠦ ᠣᠴᠢᠭᠰᠠᠨ ᠪᠠᠢᠯ᠎ᠠ᠃
   ᠤᠳᠠᠭᠠᠨ ᠠᠭᠤᠯᠵᠠᠭ᠎ᠠ ᠦᠭᠡᠢ ᠨᠥᠬᠥᠷ ᠨᠢ ᠲᠡᠢᠨ ᠦ᠌ ᠣᠯᠵᠠ ᠣᠮᠣᠭ ᠳᠦᠭᠦᠷᠡᠩ ᠢᠷᠡᠵᠡᠢ᠃ ᠲᠡᠷᠡ ᠴᠦ᠍ ᠪᠦᠦ ᠬᠡᠯᠡ ᠬᠣᠷᠸ᠎ᠠ ᠳᠡᠭᠡᠷ᠎ᠡ ᠴᠣᠷ ᠭᠠᠭᠴᠠᠭᠠᠷ ᠢ᠋ᠶ᠋ᠠᠨ ᠮᠡᠲᠦ ᠪᠣᠳᠣᠭᠳᠠᠬᠤ ᠠᠬᠤᠢ ᠳ᠋ᠤ᠌ ᠡᠯᠢᠭᠡ ᠶ᠋ᠢ ᠨᠢ ᠳᠡᠪᠲᠦᠭᠡᠨ ᠪᠠᠢᠬᠤ᠂ ᠵᠦᠷᠴᠢᠳᠠᠢ ᠳ᠋ᠦ᠍ ᠣᠳᠤᠭᠰᠠᠨ ᠡᠭᠡᠴᠢ ᠲᠡᠢ ᠨᠢ ᠠᠭᠤᠯᠵᠠᠨ ᠢᠷᠡᠭᠰᠡᠨ ᠪᠠᠶᠠᠷᠲᠤ ᠮᠡᠳᠡᠭᠡ ᠶ᠋ᠢ ᠲᠤᠯᠤᠢ ᠡᠵᠡᠨ ᠰᠤᠷᠬᠠᠭᠲᠠᠨᠢ ᠳ᠋ᠤ᠌ ᠳᠣᠭᠣᠯᠭᠠᠭᠰᠠᠨ ᠪᠠᠢᠨ᠎ᠠ᠃ ᠡᠨᠡ ᠪᠦᠬᠦ ᠰᠠᠢᠬᠠᠨ ᠦᠢᠯᠡ ᠶᠠᠪᠤᠳᠠᠯ ᠤ᠋ᠳ ᠨᠥᠬᠥᠷ ᠢ᠋ᠶ᠋ᠡᠨ ᠲᠡᠢᠨ ᠳ᠋ᠦ᠍ ᠦᠳᠡᠵᠦ᠂ ᠭᠠᠭᠴᠠ ᠬᠦᠦ ᠪᠡᠨ ᠬᠠᠷᠠᠨ᠂ ᠰᠤᠳᠤᠷ ᠨᠣᠮ ᠡᠷᠭᠢᠭᠦᠯᠵᠦ ᠰᠠᠭᠤᠭᠰᠠᠨ ᠰᠤᠷᠬᠠᠭᠲᠠᠨᠢ ᠶ᠋ᠢᠨ ᠠᠮᠢᠳᠤᠷᠠᠯ ᠳ᠋ᠤ᠌ ᠭᠡᠷᠡᠯ ᠠᠰᠠᠭᠠᠬᠤ ᠰᠢᠭ᠋ ᠪᠣᠯᠤᠭᠰᠠᠨ ᠪᠢᠯᠡ᠃ ᠦᠷᠭᠦᠭᠡᠨ ᠳᠣᠲᠣᠷ᠎ᠠ ᠶᠣᠰᠣᠯᠠᠯ ᠤ᠋ᠨ ᠬᠤᠪᠴᠠᠰᠤ ᠪᠠᠨ ᠡᠮᠦᠰᠦᠨ ᠵᠣᠭᠰᠣᠵᠤ ᠪᠠᠢᠭ᠎ᠠ ᠰᠤᠷᠬᠠᠭᠲᠠᠨᠢ ᠶ᠋ᠢᠨ ᠰᠡᠳᠬᠢᠯ ᠶᠡᠷᠦ ᠪᠢᠰᠢ ᠶ᠋ᠢᠨ ᠠᠵᠠ ᠵᠢᠷᠭᠠᠯ ᠢ᠋ᠶ᠋ᠠᠷ ᠳᠦᠭᠦᠷᠴᠦ᠂ ᠵᠢᠷᠭᠠᠯ ᠲᠠᠢ ᠢᠨᠢᠶᠡᠮᠰᠦᠭᠯᠡᠨ᠎ᠡ᠃
   ᠲᠠᠬᠢᠶ᠎ᠠ ᠵᠢᠯ ᠦ᠋ᠨ ᠰᠢᠨ᠎ᠡ ᠶ᠋ᠢᠨ ᠠᠷᠪᠠᠨ ᠲᠠᠪᠤᠨ ᠤ᠋ ᠡᠨᠡ ᠡᠳᠦᠷ ᠶᠡᠬᠡ ᠨᠠᠢᠷ ᠬᠢᠬᠦ ᠲᠤᠯᠠ ᠠᠯᠲᠠᠨ ᠤᠷᠤᠭ ᠤ᠋ᠨ ᠡᠮᠡᠭᠲᠡᠢᠴᠦᠳ ᠢ᠋ ᠲᠤᠰᠬᠠᠢᠯᠠᠨ ᠪᠡᠯᠡᠳᠬᠡᠭᠦᠯᠦᠭᠰᠡᠨ ᠨᠢ ᠡᠨᠡ ᠪᠠᠢᠯ᠎ᠠ᠃ ᠬᠡᠳᠦᠨ ᠵᠢᠯ ᠢ᠋ᠶ᠋ᠡᠷ ᠵᠡᠯᠢᠭᠦᠳ ᠪᠠᠢᠳᠠᠭ ᠡᠨᠡ ᠭᠠᠵᠠᠷ  ᠲᠤ᠌ ᠬᠠᠮᠢᠭ᠎ᠠ ᠨᠢᠭᠡ ᠬᠥᠭᠵᠢᠨ ᠴᠡᠩᠭᠡᠬᠦ ᠨᠢ ᠶᠡᠬᠡ ᠬᠠᠭᠠᠨ ᠠᠶᠠᠨ ᠲᠡᠢᠨ ᠡᠴᠡ ᠢᠷᠡᠵᠦ᠂ ᠠᠮᠠᠷᠠᠭᠰᠠᠨ ᠲᠡᠷᠡ ᠦᠶ᠎ᠡ ᠳ᠋ᠦ᠍ ᠲᠣᠬᠢᠶᠠᠳᠠᠭ ᠪᠢᠯᠡ᠃ ᠰᠤᠷᠬᠠᠭᠲᠠᠨᠢ《ᠬᠠᠭᠠᠨ ᠡᠵᠡᠨ ᠲᠡᠢᠨ ᠦ᠌ ᠣᠯᠵᠠ ᠣᠮᠣᠭ ᠢ᠋ᠶ᠋ᠠᠨ ᠲᠠᠷᠬᠠᠭᠠᠨ ᠥᠭᠬᠦ ᠭᠡᠵᠦ ᠪᠣᠢ ᠬᠡᠷᠡᠭ ᠪᠢᠵᠡ ᠠ᠋》 ᠭᠡᠮᠡᠨ ᠪᠣᠳᠣᠯ᠎ᠠ᠃ ᠡᠨᠡᠬᠡᠨ ᠵᠠᠭᠤᠷ᠎ᠠ ᠬᠦᠦ ᠨᠢ ᠭᠠᠳᠠᠨ᠎ᠠ ᠠ᠋ᠴᠠ ᠭᠦᠶᠦᠨ ᠣᠷᠣᠵᠤ ᠢᠷᠡᠯ᠎ᠡ᠃ ᠰᠤᠷᠬᠠᠭᠲᠠᠨᠢ  ᠬᠦᠦ  ᠪᠡᠨ ᠡᠩᠬᠦᠷᠡᠢᠯᠡᠨ ᠦᠨᠦᠰᠦᠭᠡᠳ᠂᠂ ᠵᠢᠵᠢᠭᠬᠡᠨ ᠬᠥᠭᠡᠷᠦᠬᠦᠨ ᠶᠣᠰᠣᠯᠠᠯ ᠤ᠋ᠨ ᠬᠤᠪᠴᠠᠰᠤ ᠭᠠᠷᠭᠠᠨ ᠡᠮᠦᠰᠬᠡᠪᠡ᠃ ᠶᠡᠷᠦ ᠨᠢ ᠰᠤᠷᠬᠠᠭᠲᠠᠨᠢ ᠬᠡᠵᠢᠶᠡᠨ ᠡᠴᠡ ᠬᠦᠦ ᠪᠡᠨ ᠶᠠᠮᠠᠷ ᠨᠢᠭᠡᠨ ᠠᠰᠠᠷᠠᠭᠴᠢ ᠡᠬᠡ ᠶ᠋ᠢᠨ ᠬᠥᠬᠥ ᠶ᠋ᠢ ᠬᠥᠬᠥᠭᠦᠯᠵᠦ᠂ ᠬᠡᠨ ᠨᠢᠭᠡᠨ ᠢ᠋ᠶ᠋ᠡᠷ ᠠᠰᠠᠷᠠᠭᠤᠯᠵᠤ᠂ ᠬᠤᠪᠴᠠᠰᠤᠯᠠᠭᠤᠯᠵᠤ ᠪᠠᠢᠭᠰᠠᠨ ᠦᠭᠡᠢ᠃ ᠲᠡᠷᠡ ᠥᠪᠡᠷ ᠢ᠋ᠶ᠋ᠡᠨ ᠪᠦᠬᠦᠨ ᠢ᠋ ᠬᠢᠳᠡᠭ ᠲᠤᠯᠠ ᠣᠷᠳᠣᠨ ᠤ᠋ ᠬᠡᠨ ᠴᠦ᠍ ᠲᠤᠩ ᠤᠳᠠᠯ ᠦᠭᠡᠢ ᠲᠡᠭᠦᠨ ᠦ᠌ ᠠᠶᠠᠰ ᠢ᠋ᠶ᠋ᠠᠷ ᠪᠣᠯᠵᠤ ᠬᠡᠯᠡᠭᠰᠡᠨ ᠦᠭᠡ ᠪᠡᠷ ᠨᠢ ᠬᠦᠦ ᠶ᠋ᠢ ᠨᠢ ᠡᠬᠡ ᠲᠡᠢ ᠨᠢ ᠬᠠᠮᠲᠤ ᠪᠠᠢᠯᠭᠠᠬᠤ ᠪᠣᠯᠤᠭᠰᠠᠨ ᠪᠢᠯᠡ᠃
   — ᠡᠵᠢ ᠠ᠋᠂ ᠶᠡᠬᠡ ᠨᠠᠢᠷ ᠡᠬᠢᠯᠡᠬᠦ ᠭᠡᠳ ᠪᠠᠢᠨ᠎ᠠ᠂ ᠬᠤᠷᠳᠤᠯᠠᠭᠠᠷᠠᠢ᠃ ᠪᠢ ᠡᠪᠦᠭᠡ ᠡᠴᠢᠭᠡ ᠪᠡᠷ ᠢ᠋ᠶ᠋ᠡᠨ ᠡᠷᠡᠬᠡᠢ ᠪᠡᠨ ᠮᠢᠯᠢᠶᠠᠯᠭᠠᠭᠰᠠᠨ ᠭᠡᠵᠦ ᠣᠯᠠᠨ ᠬᠥᠮᠦᠨ ᠳ᠋ᠦ᠍ ᠬᠡᠯᠡᠨ᠎ᠡ ᠭᠡᠮᠡᠨ ᠳᠣᠭᠳᠣᠯᠤᠨ ᠪᠣᠢ ᠬᠦᠦ ᠪᠡᠨ ᠳᠤᠬᠤᠨ ᠳᠡᠭᠡᠷ᠎ᠡ ᠨᠢ ᠳᠠᠬᠢᠨ ᠦᠨᠦᠰᠦᠭᠡᠳ᠂ ᠠᠯᠲᠠᠨ ᠡᠮᠵᠢᠶᠡᠷᠢ ᠲᠡᠢ᠂ ᠮᠥᠩᠬᠡ ᠲᠩᠷᠢ ᠶ᠋ᠢᠨ ᠥᠩᠭᠡᠲᠦ ᠴᠡᠩᠬᠡᠷ ᠳᠡᠪᠡᠯ ᠡᠮᠦᠰᠬᠡᠵᠦ᠂ ᠥᠩᠭᠡ ᠬᠣᠣᠰᠯᠠᠭᠤᠯᠤᠨ ᠨᠣᠮᠢᠨ ᠥᠩᠭᠡᠲᠦ ᠡᠭᠡᠮᠦᠭ ᠵᠡᠭᠦᠨ ᠪᠠᠢᠬᠤ ᠵᠠᠭᠤᠷ᠎ᠠ ᠳ᠋ᠤ᠌ ᠠᠩ ᠤ᠋ᠨ ᠦᠰᠦᠨ ᠰᠦᠷᠯᠢᠭ ᠮᠠᠯᠠᠭᠠᠢ ᠲᠠᠯᠪᠢᠭᠰᠠᠨ ᠨᠥᠬᠥᠷ ᠨᠢ ᠭᠠᠳᠠᠨ᠎ᠠ ᠠ᠋ᠴᠠ ᠣᠷᠣᠵᠤ ᠢᠷᠡᠭᠡᠳ᠂
   — ᠮᠢᠨᠦ ᠬᠦᠦ ᠶ᠋ᠢ ᠬᠠᠷᠠᠭᠠᠴᠢ ᠠ᠋᠂ ᠦᠨᠡᠬᠡᠷ ᠲᠣᠮᠣ ᠡᠷ᠎ᠡ ᠪᠣᠯᠵᠤ ᠪᠠᠢᠨ᠎ᠠ ᠰᠢᠦ ᠭᠡᠳ ᠬᠦᠦ ᠪᠡᠨ ᠥᠬᠥᠭᠡᠷᠳᠡᠨ ᠲᠡᠪᠡᠷᠢᠵᠦ᠂ ᠲᠡᠳᠡ ᠶᠣᠰᠣᠯᠠᠯ ᠪᠣᠯᠬᠤ ᠶᠡᠬᠡ ᠥᠷᠭᠥᠭᠡ ᠤᠷᠤᠭᠤ ᠪᠠᠨ ᠶᠠᠪᠤᠯ᠎ᠠ᠃ ᠦᠷᠭᠦᠭᠡᠨ ᠦ᠌ ᠭᠠᠳᠠᠨ᠎ᠠ ᠣᠯᠠᠨ ᠬᠥᠮᠦᠰ ᠵᠣᠭᠰᠣᠵᠠᠢ᠃ ᠲᠡᠳᠡᠨ  ᠦ᠌ ᠨᠢᠭᠡᠨ᠄
   — ᠡᠮᠡᠭᠲᠡᠢᠴᠦᠳ ᠭᠠᠳᠠᠭ᠎ᠠ ᠬᠦᠯᠢᠶᠡᠵᠦ ᠪᠠᠢᠭᠠᠳ ᠨᠢᠭᠡ ᠨᠢᠭᠡ ᠪᠡᠷ ᠢ᠋ᠶ᠋ᠡᠨ ᠣᠷᠣᠭᠠᠷᠠᠢ ᠭᠡᠵᠦ ᠬᠠᠭᠠᠨ ᠵᠠᠷᠯᠢᠭᠳᠠᠭᠰᠠᠨ ᠭᠡᠵᠦ ᠬᠡᠯᠡᠬᠦ ᠳ᠋ᠦ᠍ ᠤᠴᠢᠷ ᠢ᠋ ᠨᠢ ᠰᠠᠢᠨ ᠮᠡᠳᠡᠭᠡ ᠦᠭᠡᠢ ᠴᠤ
ᠲᠤᠯᠤᠢ ᠡᠵᠡᠨ ᠬᠠᠲᠤᠨ ᠳ᠋ᠠᠭᠠᠨ ᠬᠠᠨᠳᠤᠨ᠄
   — ᠬᠠᠭᠠᠨ ᠠᠪᠤ ᠵᠠᠷᠯᠢᠭᠳᠠᠭᠰᠠᠨ ᠪᠣᠯ ᠪᠢ ᠬᠦᠦ ᠪᠡᠨ ᠠᠪᠤᠭᠠᠳ ᠣᠷᠣᠶ᠎ᠠ ᠳᠠ ᠭᠡᠳ ᠮᠥᠩᠬᠡ ᠶ᠋ᠢ ᠳᠠᠭᠠᠭᠤᠯᠤᠨ ᠶᠡᠬᠡ ᠦᠷᠭᠦᠭᠡᠨ ᠳ᠋ᠦ᠍ ᠣᠷᠣᠯ᠎ᠠ᠃
   ᠦᠷᠭᠦᠭᠡᠨ ᠦ᠌ ᠭᠠᠳᠠᠨ᠎ᠠ ᠠᠯᠲᠠᠨ ᠤᠷᠤᠭ ᠤ᠋ᠨ ᠬᠠᠲᠤᠨ ᠵᠣᠭᠰᠣᠨ᠎ᠠ᠃ ᠶᠢᠰᠦᠢ᠂ ᠶᠢᠰᠦᠬᠡᠨ᠂ ᠬᠤᠯᠠᠨ ᠬᠠᠲᠤᠨ᠂᠂ ᠵᠥᠴᠢ᠂ ᠴᠠᠭᠠᠲᠠᠢ᠂ ᠥᠭᠡᠳᠡᠢ ᠶ᠋ᠢᠨ ᠶᠡᠬᠡ ᠪᠠᠭ᠎ᠠ ᠬᠠᠲᠤᠳ ᠪᠦᠷᠢᠨ ᠴᠤᠭᠯᠠᠷᠠᠵᠠᠢ᠃ ᠦᠷᠭᠦᠭᠡᠨ ᠳᠣᠲᠣᠷ᠎ᠠ ᠶᠡᠬᠡᠰ ᠳᠡᠭᠡᠳᠦᠰ ᠲᠡᠷᠢᠭᠦᠲᠡᠢ ᠬᠥᠮᠦᠰ ᠪᠠᠢᠷᠢ ᠪᠠᠨ ᠡᠵᠡᠯᠡᠵᠡᠢ᠃
   ᠲᠡᠳᠡ ᠠᠯᠲᠠᠨ ᠤᠷᠤᠭ ᠤ᠋ᠨ ᠥᠬᠢᠳ᠂ ᠪᠦᠰᠡᠭᠦᠢᠴᠦᠳ ᠢ᠋ ᠴᠣᠬᠣᠮ ᠶᠠᠭᠤᠨ ᠤ᠋ ᠤᠴᠢᠷ ᠭᠠᠳᠠᠭ᠎ᠠ ᠦᠯᠡᠳᠡᠭᠡᠵᠦ᠂ ᠡᠭᠡᠯᠵᠢ ᠳᠠᠷᠠᠭ᠎ᠠ ᠪᠠᠷ ᠣᠷᠣᠭᠤᠯᠬᠤ ᠭᠡᠵᠦ ᠪᠠᠢᠭ᠎ᠠ ᠶ᠋ᠢ ᠭᠠᠢᠬᠠᠨ ᠥᠪᠡᠷ ᠥᠪᠡᠷ ᠦ᠋ᠨ ᠲᠠᠭᠠᠮᠠᠭ ᠳᠡᠪᠰᠢᠭᠦᠯᠦᠨ᠎ᠡ᠃ ᠴᠢᠩᠭᠢᠰ ᠬᠠᠭᠠᠨ ᠴᠤᠭᠯᠠᠭᠰᠠᠨ ᠣᠯᠠᠨ ᠢ᠋ ᠳᠠᠭᠤ ᠪᠠᠨ ᠠᠶᠠᠳᠠᠬᠤ ᠶ᠋ᠢ ᠰᠠᠨᠠᠭᠤᠯᠤᠭᠠᠳ ᠥᠷᠯᠥᠭ ᠵᠠᠩᠵᠤᠨ ᠳ᠋ᠤ᠌ ᠳᠣᠬᠢᠨ ᠨᠢᠭᠡᠨ ᠵᠦᠢᠯ ᠢ᠋ ᠠᠪᠴᠤ ᠢᠷᠡᠭᠦᠯᠦᠭᠡᠳ ᠬᠠᠵᠠᠭᠤ ᠳ᠋ᠠᠭᠠᠨ ᠲᠠᠯᠪᠢᠯ᠎ᠠ᠃ ᠬᠠᠭᠠᠨ ᠤ᠋ ᠡᠷᠬᠢᠮᠯᠡᠨ ᠬᠠᠵᠠᠭᠤ ᠳ᠋ᠠᠭᠠᠨ ᠲᠠᠯᠪᠢᠭᠰᠠᠨ ᠵᠦᠢᠯ ᠨᠢ ᠵᠢᠷ ᠦ᠋ᠨ ᠨᠢᠭᠡᠨ ᠮᠣᠳᠣᠨ ᠬᠠᠢᠷᠴᠠᠭ ᠠᠭᠠᠳ ᠬᠠᠭᠠᠨ ᠢ᠋ᠶ᠋ᠠᠷ ᠪᠠᠷᠠᠭᠤᠨ ᠭᠠᠷ ᠢ᠋ᠶ᠋ᠠᠨ ᠳᠡᠭᠡᠷ᠎ᠡ ᠨᠢ ᠲᠠᠯᠪᠢᠵᠠᠢ᠃
   — ᠠᠯᠲᠠᠨ ᠤᠷᠤᠭ ᠤ᠋ᠨ ᠬᠢᠨ᠂ ᠣᠯᠠᠨ ᠲᠦᠮᠡᠨ ᠠᠷᠠᠳ ᠪᠣᠯᠭᠣᠭᠠᠭᠲᠤᠨ᠂ ᠴᠠᠭ ᠢᠷᠡᠬᠦ ᠲᠣᠰᠤᠮ ᠨᠠᠰᠤ ᠮᠢᠨᠢ ᠶᠠᠪᠤᠬᠤ ᠪᠣᠯᠵᠠᠢ᠃ ᠨᠢᠭᠡᠨ ᠴᠠᠭ ᠲᠤ ᠳᠠᠢᠳᠤᠨ ᠣᠯᠵᠤ ᠬᠤᠷᠢᠶᠠᠭᠰᠠᠨ ᠡᠵᠡᠨᠲᠦ ᠭᠦᠷᠦᠨ ᠮᠢᠨᠢ ᠪᠢᠳᠡᠨ ᠦ᠌ ᠳᠠᠷᠠᠭ᠎ᠠ ᠬᠡᠷᠬᠢᠬᠦ ᠪᠣᠯ ᠭᠡᠰᠡᠨ ᠪᠣᠳᠣᠯ ᠰᠡᠳᠬᠢᠯ ᠢ᠋ ᠮᠢᠨᠢ ᠴᠢᠯᠡᠭᠡᠭᠰᠡᠭᠡᠷ ᠤᠳᠠᠯ᠎ᠠ᠃ ᠪᠢ ᠳᠠᠯᠠᠢ ᠳᠠᠭᠤᠷᠢᠰᠬᠤᠢ ᠰᠦᠮ᠎ᠡ ᠶ᠋ᠢᠨ  ᠬᠤᠪᠢᠯᠭᠠᠨ ᠰᠡᠵᠢᠭ ᠦ᠋ᠨ ᠮᠠᠨᠽᠤᠰᠢᠷᠢ ᠯᠠᠮᠠᠳᠠᠨ ᠳ᠋ᠤ᠌ ᠬᠡᠯᠡ ᠬᠦᠷᠭᠡᠭᠦᠯᠦᠨ ᠮᠢᠨᠦ ᠤᠷᠤᠭ ᠲᠤ ᠨᠢᠭᠡᠨ ᠪᠣᠳᠢᠰᠠᠳ᠋ᠸ᠎ᠠ ᠶ᠋ᠢᠨ ᠬᠤᠪᠢᠯᠭᠠᠨ ᠢ᠋ ᠠᠴᠢ ᠦᠷ᠎ᠡ ᠶ᠋ᠢᠨ ᠮᠢᠨᠢ ᠨᠢᠭᠡᠨ ᠳ᠋ᠦ᠍ ᠲᠥᠷᠥᠭᠦᠯᠵᠦ ᠬᠠᠢᠷᠠᠯᠠ ᠭᠡᠮᠡᠨ ᠢᠯᠡᠭᠡᠭᠰᠡᠨ ᠳ᠋ᠦ᠍ ᠲᠡᠷᠡ ᠨᠠᠳᠠ ᠳ᠋ᠤ᠌ ᠡᠭᠦᠨ ᠢ᠋ ᠶᠠᠪᠤᠭᠤᠯᠵᠠᠢ ᠭᠡᠳ ᠮᠣᠳᠣᠨ ᠬᠠᠢᠷᠴᠠᠭ ᠢ᠋ ᠳᠡᠭᠡᠭᠰᠢ ᠡᠷᠭᠦᠨ ᠦᠵᠡᠭᠦᠯᠪᠡ᠃
   — ᠬᠠᠪᠤᠷ ᠤ᠋ᠨ ᠲᠡᠷᠢᠭᠦᠨ ᠰᠠᠷ᠎ᠠ ᠶ᠋ᠢᠨ ᠬᠤᠪᠢ ᠲᠠᠢ ᠡᠨᠡ ᠡᠳᠦᠷ ᠠᠯᠲᠠᠨ ᠤᠷᠤᠭ ᠤ᠋ᠨ ᠪᠦᠰᠡᠭᠦᠢᠴᠦᠳ ᠢ᠋ ᠴᠤᠭᠯᠠᠭᠤᠯᠤᠨ ᠶᠡᠬᠡ ᠶᠣᠰᠣᠨ ᠢ᠋ ᠦᠢᠯᠡᠳᠴᠦ ᠡᠭᠡᠯᠵᠢ ᠳᠠᠷᠠᠭ᠎ᠠ ᠪᠠᠷ ᠨᠢ ᠣᠷᠣᠭᠤᠯᠪᠠᠰᠤ ᠡᠰᠢ ᠦᠵᠡᠭᠦᠯᠦᠭᠴᠢ ᠨᠢᠭᠡᠨ ᠲᠣᠳᠣᠷᠠᠬᠤ ᠪᠣᠯᠤᠨ᠎ᠠ ᠬᠡᠮᠡᠭᠰᠡᠨ ᠢ᠋ ᠣᠳᠣ ᠲᠠᠢᠯᠬᠤ ᠭᠡᠵᠦ ᠪᠠᠢᠨ᠎ᠠ ᠭᠡᠯ᠎ᠡ᠃
   ᠴᠤᠭᠯᠠᠭᠰᠠᠨ ᠣᠯᠠᠨ ᠤᠴᠢᠷ ᠢ᠋ ᠰᠠᠶᠢ ᠣᠯᠪᠠ ᠪᠣᠯᠤᠯᠲᠠᠢ᠃ ᠡᠷᠡᠭᠡᠯᠵᠡᠭᠡ ᠨᠢ ᠭᠦᠢᠴᠡᠳ ᠭᠠᠷᠤᠭ᠎ᠠ ᠦᠭᠡᠢ ᠴᠦ᠍ ᠬᠠᠭᠠᠨ ᠤ᠋ ᠬᠥᠪᠡᠭᠦᠳ᠂ ᠲᠡᠷᠡ ᠴᠦ᠍ ᠪᠦᠦ ᠬᠡᠯᠡ ᠬᠠᠭᠠᠨ ᠥᠪᠡᠷ ᠦ᠋ᠨ ᠬᠠᠲᠤᠳ ᠠ᠋ᠴᠠ ᠬᠡᠨ ᠨᠢᠭᠡᠨ ᠪᠠᠢᠭᠠᠰᠠᠢ ᠭᠡᠮᠡᠨ ᠬᠦᠰᠡᠵᠦ ᠪᠠᠢᠪᠠ᠃ ᠴᠢᠩᠭᠢᠰ ᠬᠠᠭᠠᠨ ᠡᠨᠡ ᠦᠭᠡ ᠶ᠋ᠢ ᠬᠡᠯᠡᠬᠦ ᠳ᠋ᠡᠭᠡᠨ ᠴᠤᠤ ᠠᠯᠳᠠᠭᠳᠠᠨ᠎ᠠ ᠬᠡᠮᠡᠭᠰᠡᠨ ᠲᠤᠯᠠ ᠬᠠᠭᠠᠯᠭ᠎ᠠ ᠪᠠᠷ ᠣᠷᠣᠵᠤ ᠢᠷᠡᠬᠦ ᠳ᠋ᠡᠭᠡᠨ ᠪᠦᠳᠦᠷᠢᠨ ᠶᠡᠬᠡ ᠣᠯᠵᠠ ᠶ᠋ᠢ ᠠᠪᠴᠤ ᠢᠷᠡᠬᠦ ᠲᠡᠷᠡ ᠬᠥᠮᠦᠨ ᠡᠰᠢ ᠦᠵᠡᠭᠦᠯᠦᠭᠴᠢ ᠪᠤᠶᠤ ᠭᠡᠰᠡᠨ ᠦᠭᠡ ᠶ᠋ᠢ ᠬᠡᠯᠡᠭᠰᠡᠨ ᠦᠭᠡᠢ ᠥᠪᠡᠷ ᠲᠡᠭᠡᠨ ᠬᠠᠳᠠᠭᠠᠯᠠᠯ᠎ᠠ᠃
   ᠮᠠᠨᠽᠤᠰᠢᠷᠢ ᠯᠠᠮᠠᠳᠠᠨ ᠤ᠋ ᠬᠡᠯᠡᠭᠰᠡᠨ ᠶᠣᠰᠣᠭᠠᠷ ᠶᠡᠬᠡ ᠨᠠᠢᠷ ᠡᠬᠢᠯᠡᠨ ᠠᠯᠲᠠᠨ ᠤᠷᠤᠭ ᠤ᠋ᠨ ᠡᠮᠡᠭᠲᠡᠢᠴᠦᠳ᠂ ᠪᠡᠷᠢ᠂ ᠬᠠᠲᠤᠳ ᠢ᠋ ᠡᠭᠡᠯᠵᠢ ᠳᠠᠷᠠᠭ᠎ᠠ ᠪᠠᠷ ᠣᠷᠣᠭᠤᠯᠵᠤ ᠢᠷᠡᠬᠦ ᠵᠠᠷᠯᠢᠭ ᠥᠭᠭᠦᠯ᠎ᠡ᠃ ᠬᠠᠮᠤᠭ ᠤ᠋ᠨ ᠡᠬᠢᠨ ᠳ᠋ᠦ᠍ ᠡᠷᠡᠮᠪᠡ ᠳᠠᠷᠠᠭ᠎ᠠ ᠪᠠᠷ ᠶᠡᠬᠡ ᠬᠠᠲᠤᠨ ᠪᠥᠷᠲᠡ ᠥᠵᠢᠨ ᠪᠣᠭᠲᠣ ᠮᠠᠯᠠᠭᠠᠢ ᠪᠠᠨ ᠲᠣᠩᠭᠣᠢᠯᠭᠠᠨ ᠣᠷᠣᠵᠤ ᠢᠷᠡᠬᠦ ᠦᠶ᠎ᠡ ᠳ᠋ᠦ᠍ ᠠᠷᠤ ᠠ᠋ᠴᠠ ᠨᠢ ᠠᠯᠲᠠᠨ ᠤᠷᠤᠭ ᠤ᠋ᠨ ᠬᠠᠲᠤᠳ᠂ ᠪᠡᠷᠢ ᠨᠦ᠍ᠭᠦᠳ ᠡᠭᠡᠯᠵᠢ ᠳᠠᠷᠠᠭ᠎ᠠ ᠪᠠᠷ ᠣᠷᠣᠬᠤ ᠪᠠᠷ ᠬᠦᠯᠢᠶᠡᠵᠦ ᠪᠠᠢᠯ᠎ᠠ᠃ ᠪᠣᠱᠣᠭ᠎ᠠ ᠳᠠᠪᠠᠨ ᠣᠷᠣᠵᠤ ᠢᠷᠡᠬᠦ ᠳ᠋ᠡᠭᠡᠨ ᠶᠠᠭᠠᠬᠢᠬᠤ ᠶ᠋ᠢ ᠵᠥᠪᠬᠡᠨ ᠴᠢᠩᠭᠢᠰ ᠬᠠᠭᠠᠨ ᠮᠡᠳᠡᠵᠦ ᠪᠠᠢᠯ᠎ᠠ᠃
   ᠲᠡᠷᠡ ᠠᠷᠤ ᠠᠷᠤ ᠠ᠋ᠴᠠ ᠪᠠᠨ ᠣᠷᠣᠵᠤ ᠢᠷᠡᠬᠦ ᠬᠠᠲᠤᠳ ᠲᠠᠭᠠᠨ ᠨᠠᠢᠳᠠᠯᠭ᠎ᠠ ᠲᠠᠯᠪᠢᠨ ᠬᠠᠷᠠᠵᠤ ᠪᠠᠢᠯ᠎ᠠ᠃
ᠲᠡᠷᠡ ᠳᠤᠮᠳᠠ ᠪᠠᠨ ᠬᠠᠮᠤᠭ ᠤ᠋ᠨ ᠬᠠᠢᠷᠠᠲᠠᠢ ᠬᠤᠯᠠᠨ ᠬᠠᠲᠤᠨ ᠨᠢ ᠪᠠᠢᠭᠠᠰᠠᠢ ᠭᠡᠵᠦ ᠴᠢᠩ ᠰᠡᠳᠬᠢᠯ ᠡᠴᠡ ᠪᠡᠨ ᠬᠦᠰᠡᠨ᠎ᠡ᠃
   ᠬᠠᠷᠢᠨ ᠲᠤᠯᠤᠢ ᠬᠠᠲᠤᠳ ᠪᠡᠷᠢ ᠨᠤᠭᠦᠳ ᠠ᠋ᠴᠠ ᠬᠡᠷᠬᠢᠨ ᠡᠰᠢ ᠦᠵᠡᠭᠦᠯᠦᠭᠴᠢ ᠨᠢᠭᠡᠨ  ᠰᠣᠩᠭᠣᠬᠤ ᠶ᠋ᠢ ᠮᠡᠳᠡᠬᠦ ᠦᠭᠡᠢ ᠲᠤᠯᠠ ᠶᠠᠭᠤᠮ᠎ᠠ ᠪᠣᠳᠣᠭᠰᠠᠨ ᠦᠭᠡᠢ᠂ ᠭᠡᠬᠦ ᠳ᠋ᠡᠭᠡᠨ ᠯᠡ ᠡᠬᠡᠨᠡᠷ ᠢ᠋ᠶ᠋ᠡᠷ ᠢ᠋ᠶ᠋ᠡᠨ ᠴᠢᠮᠡᠳᠡᠭ ᠡᠷ᠎ᠡ ᠬᠥᠮᠦᠨ ᠦ᠌ ᠵᠠᠩ ᠢ᠋ᠶ᠋ᠠᠷ《ᠮᠢᠨᠦ ᠬᠠᠲᠤᠨ ᠮᠥᠨ ᠪᠣᠯ ᠰᠠᠢᠬᠠᠨ ᠠ᠋》 ᠭᠡᠵᠦ ᠪᠣᠳᠣᠪᠠ᠃
   ᠬᠠᠭᠠᠨ ᠤ᠋ ᠬᠠᠲᠤᠳ ᠡᠭᠡᠯᠵᠢ ᠳᠠᠷᠠᠭᠠᠯᠠᠨ ᠣᠷᠣᠵᠤ ᠢᠷᠡᠬᠦ ᠳ᠋ᠡᠭᠡᠨ ᠪᠣᠱᠣᠭᠠᠨ ᠳ᠋ᠤ᠌ ᠪᠦᠳᠦᠷᠢᠭᠰᠡᠨ ᠦᠭᠡᠢ ᠲᠤᠯᠠ ᠴᠢᠩᠭᠢᠰ ᠬᠠᠭᠠᠨ ᠵᠢᠭᠠᠬᠠᠨ ᠤᠷᠮ᠎ᠠ ᠬᠤᠭᠤᠷᠠᠭᠰᠠᠨ ᠴᠤ ᠬᠡᠨ ᠪᠠᠢᠬᠤ ᠶ᠋ᠢ ᠮᠡᠳᠡᠬᠦ ᠬᠦᠰᠡᠯ ᠳ᠋ᠡᠭᠡᠨ ᠬᠥᠲᠥᠯᠦᠭᠳᠡᠨ ᠠᠩᠬᠠᠷᠤᠯ ᠢ᠋ᠶ᠋ᠠᠨ ᠬᠠᠨᠳᠤᠭᠤᠯᠤᠭᠰᠠᠨ ᠬᠡᠪ ᠢ᠋ᠶ᠋ᠡᠷ᠃ ᠬᠠᠲᠤᠳ ᠳᠠᠷᠠᠭᠠᠯᠠᠨ ᠵᠥᠴᠢ ᠶ᠋ᠢᠨ ᠶᠡᠬᠡ ᠬᠠᠲᠤᠨ᠂
ᠳᠠᠷᠠᠭ᠎ᠠ ᠨᠢ ᠴᠠᠭᠠᠲᠠᠢ ᠶ᠋ᠢᠨ ᠬᠠᠲᠤᠨ᠂ ᠥᠭᠡᠳᠡᠢ ᠶ᠋ᠢᠨ ᠶᠡᠬᠡ ᠪᠠᠭ᠎ᠠ ᠬᠠᠲᠤᠳ ᠣᠷᠣᠵᠤ ᠢᠷᠡᠵᠦ ᠪᠠᠢᠯ᠎ᠠ᠃ ᠲᠡᠳᠡ ᠪᠦᠭᠦᠳᠡ ᠯᠡ ᠬᠠᠲᠤᠨ ᠬᠥᠮᠦᠨ ᠦ᠌ ᠶᠠᠮᠪᠠ ᠪᠠᠷ ᠶᠠᠪᠤᠳᠠᠯ ᠴᠢᠬᠡᠴᠢ ᠠᠯᠳᠠᠭ᠎ᠠ ᠮᠠᠳᠠᠭ ᠦᠭᠡᠢ ᠰᠠᠭᠤᠳᠠᠯ ᠢ᠋ᠶ᠋ᠠᠨ ᠡᠵᠡᠯᠡᠯ᠎ᠡ᠃ ᠴᠢᠩᠭᠢᠰ ᠬᠠᠭᠠᠨ ᠤ᠋ ᠨᠠᠢᠳᠠᠯᠭ᠎ᠠ ᠲᠠᠰᠤᠷᠠᠬᠤ ᠭᠡᠵᠦ ᠪᠠᠢᠬᠤ ᠳ᠋ᠤ᠌ ᠡᠷᠡᠮᠪᠡ ᠶᠣᠰᠣᠭᠠᠷ ᠬᠠᠮᠤᠭ ᠤ᠋ᠨ ᠰᠡᠭᠦᠯ ᠳ᠋ᠦ᠍ ᠪᠠᠭ᠎ᠠ ᠬᠦᠦ ᠲᠤᠯᠤᠢ ᠶ᠋ᠢᠨ ᠬᠠᠲᠤᠨ ᠪᠣᠱᠣᠭ᠎ᠠ ᠳᠠᠪᠠᠨ ᠣᠷᠣᠵᠤ ᠢᠷᠡᠬᠦ ᠳ᠋ᠡᠭᠡᠨ ᠳᠡᠪᠡᠯ ᠦ᠋ᠨ ᠬᠣᠷᠮᠣᠢ ᠪᠠᠨ ᠢᠰᠬᠦᠯᠦᠨ ᠪᠦᠳᠦᠷᠢᠯ᠎ᠡ᠃ ᠭᠡᠨᠡᠳᠲᠡ ᠶ᠋ᠢᠨ ᠡᠢᠮᠦ ᠶᠣᠰᠣ ᠦᠭᠡᠢ ᠠᠯᠳᠠᠭ᠎ᠠ ᠭᠠᠷᠭᠠᠭᠰᠠᠨ ᠳ᠋ᠠᠭᠠᠨ ᠰᠤᠷᠬᠠᠭᠲᠠᠨᠢ ᠠᠶᠤᠬᠤ ᠶ᠋ᠢᠨ ᠶᠡᠬᠡ ᠪᠡᠷ ᠠᠶᠤᠵᠤ᠂ ᠢᠴᠢᠬᠦ ᠶ᠋ᠢᠨ ᠶᠡᠬᠡ ᠪᠡᠷ ᠢᠴᠢᠵᠦ᠂ ᠨᠢᠭᠤᠷ ᠨᠢ ᠤᠯᠠᠢᠵᠤ ᠬᠦᠵᠦᠭᠦᠦ ᠬᠠᠯᠠᠭᠤ ᠲᠥᠭᠡᠨᠡᠨ᠎ᠡ᠃
   ᠬᠠᠭᠠᠨ ᠡᠵᠡᠨ ᠲᠡᠭᠦᠨ ᠦ᠌ ᠡᠨᠡ ᠪᠤᠷᠤᠭᠤ ᠲᠠᠢ ᠦᠢᠯᠡᠳᠦᠯ ᠳ᠋ᠦ᠍ ᠦᠬᠦᠬᠦ ᠶᠠᠯ᠎ᠠ ᠲᠤᠯᠭᠠᠵᠤ ᠪᠣᠯᠤᠨ᠎ᠠ᠃ ᠲᠡᠷᠡ ᠥᠪᠡᠷ ᠢ᠋ ᠪᠡᠨ ᠭᠠᠢᠬᠠᠵᠤ ᠪᠠᠢᠯ᠎ᠠ᠃ ᠡᠢᠮᠦ ᠠᠯᠳᠠᠭ᠎ᠠ ᠤᠷᠢᠳ ᠡᠮᠦᠨ᠎ᠡ ᠶᠡᠷᠦ ᠭᠠᠷᠭᠠᠵᠤ ᠪᠠᠢᠭ᠎ᠠ ᠦᠭᠡᠢ ᠲᠤᠯᠠ ᠭᠡᠷ ᠳᠦᠭᠦᠷᠡᠩ ᠬᠥᠮᠦᠰ ᠦ᠋ᠨ ᠡᠮᠦᠨ᠎ᠡ ᠲᠤᠩ ᠴᠤ ᠡᠪ ᠦᠭᠡᠢ ᠪᠠᠢᠳᠠᠯ ᠲᠠᠢ ᠵᠣᠭᠰᠤᠰᠬᠢᠭᠰᠠᠨ ᠢ᠋ᠶ᠋ᠠᠷ ᠲᠤᠯᠤᠢ ᠡᠵᠡᠨ ᠦ᠌ ᠬᠠᠵᠠᠭᠤ ᠳ᠋ᠤ᠌ ᠰᠠᠭᠤᠬᠤ ᠪᠠᠷ ᠠᠯᠬᠤᠯ᠎ᠠ᠃ ᠴᠢᠩᠭᠢᠰ ᠬᠠᠭᠠᠨ ᠪᠠᠶᠠᠷᠯᠠᠨ ᠢᠨᠢᠶᠡᠵᠦ᠂
   — ᠰᠤᠷᠬᠠᠭᠲᠠᠨᠢ ᠪᠡᠷᠢ ᠮᠢᠨᠢ᠂ ᠴᠢ ᠪᠠᠢᠵᠠ ᠭᠡᠬᠦ ᠳ᠋ᠦ᠍ ᠦᠷᠭᠦᠭᠡᠨ ᠳ᠋ᠦ᠍ ᠴᠤᠭᠯᠠᠭᠰᠠᠨ ᠬᠥᠮᠦᠰ ᠭᠠᠢᠬᠠᠨ ᠬᠠᠭᠠᠨ ᠤ᠋ ᠵᠦᠭ ᠬᠠᠷᠠᠯ᠎ᠠ᠃ ᠴᠢᠩᠭᠢᠰ ᠬᠠᠭᠠᠨ ᠥᠪᠡᠷ ᠦ᠋ᠨ ᠬᠠᠵᠠᠭᠤ ᠳ᠋ᠤ᠌ ᠵᠠᠰᠠᠭᠰᠠᠨ ᠥᠨᠳᠥᠷ ᠣᠯᠪᠣᠭ ᠢ᠋ ᠵᠢᠭᠠᠨ《ᠰᠤᠷᠬᠠᠭᠲᠠᠨᠢ ᠪᠡᠷᠢ ᠮᠢᠨᠢ᠂ ᠨᠠᠭᠠᠰᠢ ᠰᠠᠭᠤᠭᠲᠤᠨ》 ᠭᠡᠯ᠎ᠡ᠃
   ᠤᠷᠢᠳ ᠨᠢᠭᠡᠨ ᠴᠠᠭ ᠲᠤ  ᠡᠭᠡᠴᠢ ᠢᠪᠠᠭ᠎ᠠ ᠶ᠋ᠢ ᠨᠢ ᠢᠩᠭᠢᠵᠦ ᠠᠩᠬᠠᠷᠤᠨ ᠦᠵᠡᠵᠦ ᠬᠥᠮᠦᠨ ᠳ᠋ᠦ᠍ ᠦᠭᠭᠦᠭᠰᠡᠨ ᠪᠣᠯᠬᠣᠷ ᠲᠡᠭᠦᠨ ᠦ᠌ ᠳᠣᠲᠣᠷ᠎ᠠ ᠠᠢᠳᠠᠰ ᠲᠥᠷᠥᠯ᠎ᠡ ᠃ ᠶᠠᠮᠠᠷ ᠲᠠᠢ ᠴᠤ᠌ ᠬᠠᠭᠠᠨ ᠤ᠋ ᠵᠠᠷᠯᠢᠭ ᠪᠣᠯᠬᠣᠷ ᠣᠴᠢᠬᠤ ᠠ᠋ᠴᠠ ᠶᠠᠭᠠᠬᠢᠬᠤ ᠪᠢᠯᠡ᠃ ᠬᠡᠢ ᠳᠡᠮᠡᠢ ᠯᠡ ᠦᠷᠭᠦᠭᠡᠨ ᠦ᠌ ᠪᠠᠷᠠᠭᠤᠨ ᠲᠠᠯ᠎ᠠ ᠳ᠋ᠤ᠌ ᠬᠦᠦ ᠪᠡᠨ ᠳᠡᠷᠭᠡᠳᠡ ᠪᠡᠨ ᠰᠠᠭᠤᠯᠭᠠᠭᠰᠠᠨ ᠨᠥᠬᠥᠷ ᠢ᠋ᠶ᠋ᠡᠨ ᠢᠨᠢᠶᠡᠮᠰᠦᠭᠯᠡᠨ ᠪᠠᠢᠬᠤ ᠶ᠋ᠢ ᠬᠠᠷᠠᠭᠠᠳ᠂ ᠵᠢᠭᠠᠬᠠᠨ ᠲᠠᠢᠪᠤᠰᠢᠷᠠᠬᠤ ᠰᠢᠭ᠋ ᠪᠣᠯᠵᠤ᠂ ᠬᠠᠭᠠᠨ ᠤ᠋ ᠵᠦᠭ ᠣᠴᠢᠨ᠂ ᠣᠯᠪᠣᠭ ᠳᠡᠭᠡᠷ᠎ᠡ ᠰᠠᠭᠤᠯ᠎ᠠ᠃
   ᠴᠢᠩᠭᠢᠰ ᠬᠠᠭᠠᠨ ᠬᠠᠢᠷᠴᠠᠭ ᠢ᠋ ᠳᠡᠭᠡᠭᠰᠢ ᠡᠷᠭᠦᠨ᠄
   — ᠡᠨᠡ ᠬᠠᠢᠷᠴᠠᠭ ᠢ᠋ ᠨᠡᠭᠡᠭᠡᠵᠦ ᠦᠵᠡᠬᠦ ᠬᠤᠪᠢ ᠲᠠᠢ ᠬᠥᠮᠦᠨ ᠪᠣᠱᠣᠭ᠎ᠠ ᠳᠠᠪᠠᠨ ᠣᠷᠣᠵᠤ ᠢᠷᠡᠬᠦ ᠳ᠋ᠡᠭᠡᠨ ᠪᠦᠳᠦᠷᠢᠵᠦ᠂ ᠶᠡᠬᠡ ᠣᠯᠵᠠ ᠶ᠋ᠢ ᠠᠪᠴᠤ ᠢᠷᠡᠨ᠎ᠡ ᠭᠡᠵᠦ ᠮᠠᠨᠽᠤᠰᠢᠷᠢ ᠯᠠᠮᠠᠳᠠᠨ ᠬᠡᠯᠡᠭᠰᠡᠨ ᠪᠢᠯᠡ ᠬᠡᠮᠡᠬᠦ ᠳ᠋ᠦ᠍ ᠬᠥᠮᠦᠰ ᠰᠠᠶᠢ ᠤᠴᠢᠷ ᠢ᠋ ᠨᠢ ᠣᠯᠪᠠ ᠪᠣᠯᠤᠯᠲᠠᠢ᠃
   ᠴᠢᠩᠭᠢᠰ ᠬᠠᠭᠠᠨ ᠤ᠋ ᠶᠡᠬᠡ ᠬᠠᠲᠤᠳ ᠠ᠋ᠴᠠ ᠪᠤᠰᠤᠳ ᠬᠠᠲᠤᠳ ᠠᠲᠠᠭᠠᠷᠬᠠᠩᠭᠤᠢ ᠪᠠᠷ ᠰᠤᠷᠬᠠᠭᠲᠠᠨᠢ ᠶ᠋ᠢᠨ ᠵᠦᠭ ᠬᠠᠷᠠᠭ᠎ᠠ ᠪᠡᠯᠴᠢᠭᠡᠨ᠎ᠡ᠃ ᠬᠠᠭᠠᠨ ᠬᠠᠢᠷᠴᠠᠭ ᠢ᠋ ᠰᠤᠷᠬᠠᠭᠲᠠᠨᠢ ᠶ᠋ᠢᠨ
ᠡᠮᠦᠨ᠎ᠡ ᠲᠠᠯᠪᠢᠯ᠎ᠠ᠃
   — ᠪᠡᠷᠢ ᠮᠢᠨᠢ ᠨᠠᠭᠠᠨ᠎ᠠ ᠴᠢᠨᠢ ᠶᠠᠭᠤ ᠪᠠᠢᠪᠠ ᠪᠢ ᠴᠦ᠍ ᠶᠡᠬᠡ ᠰᠣᠨᠢᠷᠬᠠᠵᠤ ᠪᠠᠢᠨ᠎ᠠ᠂ ᠨᠡᠭᠡᠭᠡᠨ ᠦᠵᠡᠨ᠎ᠡ ᠤᠤ ᠬᠡᠮᠡᠯ᠎ᠡ᠃ ᠰᠤᠷᠬᠠᠭᠲᠠᠨᠢ ᠳ᠋ᠦ᠍ ᠡᠨᠡ ᠬᠠᠢᠷᠴᠠᠭ ᠶᠡᠬᠡ ᠯᠡ ᠲᠠᠨᠢᠯ ᠵᠦᠢᠯ ᠪᠠᠢᠯ᠎ᠠ᠃
   ᠬᠠᠮᠢᠭ᠎ᠠ ᠣᠴᠢᠬᠤ ᠪᠠᠨ ᠮᠡᠳᠡᠬᠦ ᠦᠭᠡᠢ ᠠᠪᠤ ᠲᠠᠢ ᠪᠠᠨ ᠬᠡᠭᠡᠷ᠎ᠡ ᠪᠡᠷ ᠭᠡᠷ ᠬᠢᠵᠦ ᠶᠠᠪᠤᠬᠤ ᠳ᠋ᠠᠭᠠᠨ ᠨᠢᠭᠡ ᠵᠡᠭᠦᠳᠦᠯᠡᠭᠰᠡᠨ᠂ ᠲᠤᠯᠤᠢ ᠶ᠋ᠢᠨ ᠡᠬᠡᠨᠡᠷ ᠪᠣᠯᠤᠭᠰᠠᠨ ᠰᠥᠨᠢ ᠳᠠᠬᠢᠨ ᠵᠡᠭᠦᠳᠦᠯᠡᠭᠰᠡᠨ᠂ ᠡᠷ᠎ᠡ ᠨᠥᠬᠥᠷ ᠨᠢ ᠠᠶᠠᠨ ᠲᠡᠢᠨ  ᠡᠴᠡ ᠢᠷᠡᠭᠰᠡᠨ ᠰᠥᠨᠢ ᠬᠠᠮᠤᠭ ᠤ᠋ᠨ ᠰᠡᠭᠦᠯ ᠳ᠋ᠦ᠍ ᠵᠡᠭᠦᠳᠦᠯᠡᠭᠰᠡᠨ ᠮᠥᠨᠥᠬᠢ ᠬᠠᠢᠷᠴᠠᠭ ᠮᠥᠨ ᠪᠠᠢᠯ᠎ᠠ᠃
  ᠳᠣᠲᠣᠷ᠎ᠠ ᠠᠯᠲᠠᠨ ᠰᠢᠮᠠᠭᠤᠯ ᠪᠠᠢᠭ᠎ᠠ ᠭᠡᠵᠦ ᠪᠠᠲᠤ ᠢᠲᠡᠭᠡᠭᠰᠡᠨ ᠰᠤᠷᠬᠠᠭᠲᠠᠨᠢ ᠨᠢᠭᠡ ᠬᠡᠰᠡᠭ ᠲᠡᠭᠡᠨ ᠯᠡ ᠨᠡᠭᠡᠭᠡᠵᠦ ᠴᠢᠳᠠᠬᠤ ᠦᠭᠡᠢ ᠲᠡᠭᠡᠨᠡᠭᠡᠯᠵᠡᠯ᠎ᠡ᠃ᠤᠴᠢᠷ ᠨᠢ ᠲᠡᠳᠡ ᠬᠠᠮᠠᠷ ᠤ᠋ᠨ ᠨᠦᠬᠡ ᠪᠡᠷ ᠨᠢ ᠳᠠᠬᠢᠨ ᠣᠷᠣᠵᠤ ᠬᠠᠬᠠᠵᠤ ᠴᠠᠴᠠᠭᠤᠯᠤᠨ᠎ᠡ ᠭᠡᠬᠦ ᠡᠴᠡ ᠠᠶᠤᠵᠠᠢ᠃
   ᠨᠢᠭᠡ ᠪᠣᠳᠣᠯ ᠢᠶᠠᠨ ᠳᠠᠬᠢᠭᠠᠳ ᠵᠡᠭᠦᠳᠦᠯᠡᠭᠡᠳ  ᠪᠠᠢᠭ᠎ᠠ ᠶᠤᠮ ᠪᠣᠯᠪᠠ ᠤᠤ ᠭᠡᠵᠦ ᠪᠣᠳᠣᠭᠠᠳ ᠰᠡᠮᠬᠡᠨ ᠥᠪᠡᠷ ᠢ᠋ ᠪᠡᠨ ᠴᠢᠮᠬᠢᠵᠦ ᠦᠵᠡᠯ᠎ᠡ᠃
ᠡᠪᠡᠳᠴᠦ ᠪᠠᠢᠨ᠎ᠠ᠂ ᠡᠨᠡ ᠨᠢ ᠵᠡᠭᠦᠳᠦ ᠪᠢᠰᠢ ᠪᠠᠢᠵᠠᠢ ᠭᠡᠵᠦ ᠪᠣᠳᠣᠬᠤ ᠵᠠᠭᠤᠷ᠎ᠠ ᠴᠢᠩᠭᠢᠰ ᠬᠠᠭᠠᠨ᠄
   — ᠠᠯᠢ ᠪᠣᠢ ᠶᠠᠭᠤ ᠶ᠋ᠢ ᠨᠢ ᠬᠦᠯᠢᠶᠡᠭᠰᠡᠨ ᠶᠦᠮ ᠪᠣᠢ᠂ ᠭᠠᠷᠭᠠᠭᠠᠳ ᠢᠷ᠎ᠡ ᠭᠡᠬᠦ ᠳ᠋ᠦ᠍ ᠲᠡᠷᠡ ᠳᠤᠭᠤᠯᠭᠠᠪᠤᠷᠢᠲᠠᠢ ᠪᠠᠷ ᠮᠣᠳᠣᠨ ᠬᠠᠢᠷᠴᠠᠭ ᠤ᠋ᠨ ᠳᠣᠲᠣᠷᠠᠬᠢ ᠠᠯᠲᠠᠨ ᠬᠠᠡᠢᠷᠴᠠᠭ᠋ ᠢ᠋ ᠭᠠᠷᠭᠠᠨ ᠳᠡᠭᠡᠭᠰᠢ ᠡᠷᠭᠦᠯ᠎ᠡ᠃
ᠬᠥᠮᠦᠰ《ᠠᠮᠠ ᠶ᠋ᠢ ᠨᠢ ᠨᠡᠬᠡᠭᠡ᠂ ᠠᠮᠠ ᠶ᠋ᠢ ᠨᠢ ᠨᠡᠭᠡᠭᠡᠵᠦ ᠦᠵᠡ》 ᠭᠡᠵᠦ ᠳᠣᠣᠷ᠎ᠠ ᠪᠦᠷᠢᠨ᠎ᠡ ᠥᠭᠦᠯᠡᠬᠦ ᠳ᠋ᠦ᠍ ᠲᠡᠷᠡ ᠪᠡᠷ ᠠᠷᠭ᠎ᠠ ᠪᠤᠶᠤ ᠬᠠᠢᠷᠴᠠᠭ ᠢ᠋ ᠨᠡᠭᠡᠭᠡᠵᠦ ᠣᠷᠬᠢᠪᠠ᠃ ᠬᠦᠷᠡᠩ ᠬᠠᠩᠪᠤ ᠪᠠᠷ ᠳᠣᠲᠣᠷᠯᠠᠭᠰᠠᠨ ᠬᠠᠢᠷᠴᠠᠭ ᠤ᠋ᠨ ᠳᠣᠲᠣᠷ᠎ᠠ ᠠ᠋ᠴᠠ ᠤᠳᠠᠵᠤ ᠲᠦᠳᠡᠬᠦ ᠦᠭᠡᠢ ᠳᠡᠭᠳᠡᠨ ᠭᠠᠷᠴᠤ ᠢᠷᠡᠬᠦ ᠭᠡᠵᠦ ᠪᠠᠢᠭ᠎ᠠ ᠠᠯᠲᠠᠨ ᠰᠢᠮᠠᠭᠤᠯ ᠠ᠋ᠴᠠ ᠠᠶᠤᠨ ᠨᠢᠳᠦ ᠪᠡᠨ ᠠᠨᠢᠲᠠᠯ᠎ᠠ ᠴᠢᠮᠡᠭᠡ ᠠᠨᠢᠷ ᠠᠯᠠᠭ᠎ᠠ᠂ ᠨᠢᠳᠦ ᠪᠡᠨ ᠨᠡᠭᠡᠭᠡᠵᠦ ᠬᠠᠷᠠᠪᠠᠯ ᠳᠣᠲᠣᠷ᠎ᠠ ᠨᠢ ᠰᠢᠮᠠᠭᠤᠯ ᠪᠢᠰᠢ ᠬᠠᠷᠢᠨ ᠳᠥᠷᠪᠡᠨ ᠰᠢᠷᠬᠡᠭ ᠠᠯᠲᠠᠨ ᠦᠷᠢᠯ ᠪᠠᠢᠯ᠎ᠠ᠃ 
ᠲᠡᠷᠡ ᠬᠠᠢᠷᠴᠠᠭ ᠠ᠋ᠴᠠ ᠬᠠᠷᠠᠭ᠎ᠠ ᠪᠠᠨ ᠰᠠᠯᠭᠠᠵᠤ ᠴᠢᠳᠠᠬᠤ ᠦᠭᠡᠢ ᠬᠡᠪ ᠢ᠋ᠶ᠋ᠡᠷ ᠶᠡᠬᠡ ᠬᠠᠭᠠᠨ ᠤ᠋ ᠵᠦᠭ ᠭᠠᠷ ᠢ᠋ᠶ᠋ᠠᠨ 
ᠶᠠᠪᠤᠭᠤᠯᠪᠠᠯ ᠲᠡᠷᠡ ᠡᠮᠦᠨ᠎ᠡ ᠡᠴᠡ ᠨᠢ ᠲᠣᠰᠴᠤ ᠠᠪᠤᠯ᠎ᠠ᠃ ᠴᠢᠩᠭᠢᠰ ᠬᠠᠭᠠᠨ ᠬᠠᠢᠷᠴᠠᠭ ᠤ᠋ᠨ ᠳᠣᠲᠣᠷᠠᠬᠢ ᠶ᠋ᠢ ᠠᠩᠬᠠᠷᠤᠯ ᠲᠠᠢ ᠬᠠᠷᠠᠵᠤ ᠪᠠᠢᠭᠠᠳ᠄
   — ᠠᠯᠲᠠᠨ ᠦᠷᠢᠯ ᠪᠠᠢᠨ᠎ᠠ᠃ ᠳᠥᠷᠪᠡᠨ ᠰᠢᠷᠬᠡᠭ ᠶᠦᠮ ᠭᠡᠬᠦ ᠳ᠋ᠦ᠍ᠨᠢ ᠡᠨᠡ ᠶᠠᠷᠢᠶ᠎ᠠ ᠶ᠋ᠢ ᠰᠣᠨᠣᠰᠤᠭᠰᠠᠨ ᠬᠥᠮᠦᠰ ᠳᠠᠬᠢᠭᠠᠳ ᠯᠠ ᠠᠮᠠ ᠠᠮᠠ ᠳ᠋ᠠᠭᠠᠨ ᠲᠠᠭᠠᠮᠠᠭ ᠳᠡᠪᠰᠢᠭᠦᠯᠦᠨ ᠶᠠᠷᠢᠬᠤ ᠨᠢ ᠰᠣᠨᠣᠰᠳᠠᠨ᠎ᠠ᠃ ᠬᠠᠷᠢᠨ ᠥᠭᠡᠯᠦᠨ ᠡᠬᠡ ᠣᠯᠠᠨ ᠤ᠋ ᠶᠠᠷᠢᠶ᠎ᠠ ᠶ᠋ᠢ ᠲᠠᠰᠤᠳᠠᠨ᠂
   — ᠪᠢ ᠲᠤᠯᠤᠢ ᠶ᠋ᠢ ᠲᠥᠷᠥᠭᠰᠡᠨ ᠲᠡᠷᠡ ᠰᠥᠨᠢ ᠲᠩᠷᠢ ᠡᠴᠡ ᠳᠥᠷᠪᠡᠨ ᠣᠳᠣ ᠣᠢᠷᠠᠲᠤᠨ ᠢᠷᠡᠬᠦ ᠶ᠋ᠢ ᠬᠠᠷᠠᠭᠰᠠᠨ ᠶᠤᠮ᠃ ᠡᠨᠡ ᠯᠠᠪ ᠤᠴᠢᠷ ᠲᠠᠢ ᠲᠣᠭ᠎ᠠ ᠪᠢᠵᠡ ᠭᠡᠪᠡ᠃ ᠡᠨᠡ ᠶᠠᠷᠢᠶ᠎ᠠ ᠶ᠋ᠢ ᠰᠣᠨᠣᠰᠤᠨ ᠰᠠᠭᠤᠭᠰᠠᠨ ᠴᠢᠩᠭᠢᠰ ᠬᠠᠭᠠᠨ᠄
   — ᠥᠭᠡᠯᠦᠨ ᠡᠬᠡ ᠶ᠋ᠢᠨ ᠦᠭᠡ ᠦᠨᠡᠨ ᠪᠢᠵᠡ᠂ ᠬᠠᠷᠢᠨ ᠲᠦᠮᠡᠨ ᠣᠯᠠᠨ ᠤ᠋ ᠨᠢᠳᠦᠨ ᠳᠡᠭᠡᠷ᠎ᠡ ᠥᠪᠡᠷ ᠦ᠋ᠨ ᠪᠣᠳᠢ ᠴᠢᠨᠠᠷ ᠢ᠋ ᠬᠠᠷᠠᠭᠤᠯᠤᠭᠰᠠᠨ ᠰᠤᠷᠬᠠᠭᠲᠠᠨᠢ ᠪᠡᠷᠢ ᠴᠢᠮᠠᠶ᠋ᠢ ᠡᠨᠡ ᠡᠳᠦᠷ ᠡᠴᠡ ᠬᠣᠢᠰᠢ ᠪᠡᠷᠢ ᠪᠢᠰᠢ ᠪᠡᠬᠢ ᠭᠡᠶ᠎ᠡ᠂ ᠡᠨᠡ ᠡᠳᠦᠷ ᠡᠴᠡ ᠬᠣᠢᠰᠢ ᠴᠢᠮᠠᠶ᠋ᠢ ᠡᠰᠢ ᠬᠠᠲᠤᠨ ᠭᠡᠵᠦ ᠬᠦᠨᠳᠦᠳᠬᠡᠨ ᠳᠠᠭᠤᠳᠠᠶ᠎ᠠ ᠬᠡᠮᠡᠬᠦ ᠳ᠋ᠦ᠍ ᠴᠤᠭᠯᠠᠭᠰᠠᠨ ᠣᠯᠠᠨ ᠤᠤᠬᠠᠢ ᠨᠡᠮᠡᠯ᠎ᠡ᠃
   ᠴᠢᠩᠭᠢᠰ ᠬᠠᠭᠠᠨ ᠪᠡᠬᠢ ᠬᠡᠮᠡᠬᠦ ᠡᠨᠡ ᠡᠷᠬᠢᠮ ᠴᠣᠯᠠ ᠶ᠋ᠢ ᠲᠦᠷᠺ᠂ ᠤᠢᠭᠤᠷ᠂ ᠬᠣᠢᠲᠤ ᠬᠢᠲᠠᠳ ᠢ᠋ ᠵᠠᠬᠢᠷᠴᠤ ᠪᠠᠢᠭᠰᠠᠨ ᠥᠬᠢᠳ ᠲᠡᠭᠡᠨ ᠣᠯᠭᠣᠵᠤ ᠡᠵᠡᠨ ᠤᠳᠤᠷᠢᠳᠤᠭᠴᠢ ᠭᠡᠰᠡᠨ ᠰᠠᠨᠠᠭ᠎ᠠ ᠶ᠋ᠢ ᠳᠠᠪᠬᠤᠷ ᠢᠯᠡᠷᠬᠡᠢᠯᠡᠨ ᠪᠠᠢᠭᠰᠠᠨ ᠪᠣᠯ ᠲᠡᠷᠡ ᠨᠢ ᠡᠨᠡ ᠤᠳᠠᠭ᠎ᠠ ᠳ᠋ᠤ᠌ ᠥᠪᠡᠷ ᠦ᠋ᠨ ᠪᠡᠷᠢ ᠰᠤᠷᠬᠠᠭᠲᠠᠨᠢ ᠳ᠋ᠤ᠌ ᠡᠨᠡ ᠡᠷᠬᠢᠮ ᠠᠯᠳᠠᠷ ᠢ᠋ ᠬᠦᠷᠲᠡᠭᠡᠭᠰᠡᠨ ᠨᠢ ᠡᠷᠬᠡ ᠮᠠᠲᠠᠯ ᠢ᠋ ᠨᠢ ᠪᠠᠰᠠ ᠨᠡᠮᠡᠭᠰᠡᠨ ᠬᠡᠷᠡᠭ ᠪᠠᠢᠯ᠎ᠠ᠃ ᠣᠯᠠᠨ ᠤᠳᠠᠭ᠎ᠠ ᠶ᠋ᠢᠨ ᠵᠡᠭᠦᠳᠦᠨ ᠦ᠌ ᠤᠴᠢᠷ ᠰᠠᠶᠢ ᠲᠠᠢᠯᠤᠭᠳᠠᠨ ᠥᠨᠥ ᠬᠢᠷᠢ ᠲᠠᠬᠢᠯᠭ᠎ᠠ ᠶ᠋ᠢᠨ ᠰᠢᠷᠡᠭᠡᠨ ᠳᠡᠭᠡᠷ᠎ᠡ ᠵᠠᠯᠠᠭᠰᠠᠨ ᠠᠯᠲᠠᠨ ᠬᠠᠢᠷᠴᠠᠭ ᠠ᠋ᠴᠠ ᠦᠯᠦ ᠮᠡᠳᠡᠭ ᠭᠡᠷᠡᠯ ᠰᠠᠴᠤᠷᠠᠨ ᠪᠠᠢᠬᠤ ᠰᠢᠭ᠋ ᠪᠣᠯᠤᠨ᠎ᠠ᠃ ᠠᠯᠲᠠᠨ ᠤᠷᠤᠭ ᠤ᠋ᠨ ᠡᠰᠢ ᠦᠵᠡᠭᠦᠯᠦᠭᠴᠢ ᠬᠠᠲᠤᠨ ᠤ᠋ ᠣᠯᠠᠨ ᠤᠳᠠᠭ᠎ᠠ ᠶ᠋ᠢᠨ ᠵᠡᠭᠦᠳᠦᠨ ᠦ᠌ ᠲᠠᠢᠯᠤᠯ ᠪᠣᠯᠤᠭᠰᠠᠨ ᠡᠨᠡ ᠳᠥᠷᠪᠡᠨ ᠦᠷᠢᠯ ᠡᠳᠦᠭᠡ ᠣᠯᠠᠨ ᠤ᠋ ᠲᠠᠭᠠᠮᠠᠭᠯᠠᠨ ᠶᠠᠷᠢᠬᠤ ᠶᠠᠷᠢᠶᠠᠨ ᠤ᠋ ᠭᠣᠣᠯ ᠰᠡᠳᠦᠪ ᠪᠣᠯᠵᠠᠢ᠃

   ᠦᠰᠦᠭ ᠠᠮᠢᠯᠠᠭᠤᠯᠤᠭᠴᠢ᠄ ᠳᠠᠷᠤᠴᠢᠨ ᠨᠠᠨᠳᠢᠨ᠂ ᠨᠠᠷᠠᠨ᠂ ᠪᠠᠶᠠᠨᠴᠡᠴᠡᠭ᠂ ᠨᠠᠷᠠᠨᠲᠤᠶᠠᠭ᠎ᠠ᠂ ᠤᠷᠠᠨᠴᠢᠮᠡᠭ ᠂ ᠸᠠᠩ᠂ ᠪᠠᠳᠮ᠎ᠠ ᠂ ᠡ᠊᠂ ᠭᠤᠸ᠎ᠠ᠂ ᠲᠣᠭᠲᠠᠭᠤᠨ᠂ ᠬᠦᠦᠳᠠᠭᠤᠯᠠ᠂ ᠱᠠᠭᠰᠠᠯ᠂ ᠲᠣᠭᠲᠠᠭᠤᠨᠴᠡᠴᠡᠭ ᠂ ᠪᠠᠶᠠᠨᠰᠡᠷᠡᠩ᠂ ᠴᠠᠬᠠᠷ ᠪᠠᠲᠤ
   ᠬᠢᠨᠠᠭᠴᠢ᠄ ᠣᠳᠬᠠᠨᠰᠣ᠎ᠠ᠂ ᠴᠠᠬᠠᠷ ᠪᠠᠲᠤ ᠂ ᠱᠠᠭᠰᠠᠯ᠂ ᠰᠡᠬᠡᠭᠡᠷᠡᠯ᠂ ᠲᠣᠭᠲᠠᠭᠤᠨ᠂ ᠭᠠᠷᠮ᠎ᠠ᠂ ᠨᠠᠷᠠᠨ᠂ ᠤᠷᠠᠨᠴᠢᠮᠡᠭ᠂ ᠪᠠᠶᠠᠷᠴᠡᠴᠡᠭ