ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠬᠣᠶᠠᠳᠤᠭᠠᠷ ᠪᠦᠯᠦᠭ <ᠠᠷᠪᠠ> Хан мунын сүүрс < дээд > – Мөнх зохиоов ᠂ Дэд бодь – Хоёрдугаар бүлэг <10>
ᠳᠡᠳ᠋ ᠪᠣᠲᠢ – ᠬᠣᠶᠠᠳᠤᠭᠠᠷ ᠪᠦᠯᠦᠭ <ᠠᠷᠪᠠ>
ᠪᠠᠭ᠎ᠠ ᠬᠠᠲᠤᠨ᠂ ᠮᠠᠨᠤᠨᠪᠠᠤᠮᠠ ᠬᠥᠭᠰᠢᠨ ᠪᠣᠯᠤᠨ ᠬᠡᠳᠦᠨ ᠰᠢᠳᠠᠷ ᠲᠦᠰᠢᠮᠡᠯ ᠦ᠋ᠨ ᠪᠠᠷ᠎ᠠ ᠪᠣᠯᠤᠯᠴᠠᠭ᠎ᠠ ᠪᠠᠷ ᠬᠣᠷᠢᠭᠠᠳ ᠴᠡᠷᠢᠭ᠂ ᠢᠨᠵᠢ ᠵᠠᠷᠤᠴᠠ ᠡᠨᠡ ᠲᠡᠷᠡ ᠬᠥᠮᠦᠨ ᠢ᠋ ᠳᠠᠭᠠᠭᠤᠯᠵᠤ ᠬᠣᠯᠠᠳᠠᠬᠢᠨ ᠢ᠋ ᠠᠮᠤᠷᠵᠢᠭᠤᠯᠤᠭᠴᠢ ᠬᠣᠲᠠ ᠶ᠋ᠢᠨ ᠵᠠᠩᠵᠤᠨ ᠵᠦᠭ ᠬᠥᠳᠡᠯᠪᠡ᠃
ᠬᠣᠶᠠᠷ ᠰᠡᠦᠬᠡ ᠲᠡᠷᠭᠡ ᠬᠣᠢᠨ᠎ᠠ ᠬᠣᠢᠨ᠎ᠠ ᠠ᠋ᠴᠠ ᠪᠠᠨ ᠴᠤᠪᠤᠷᠠᠯᠳᠤᠵᠤ᠂ ᠡᠮᠦᠨ᠎ᠡ ᠬᠣᠢᠨ᠎ᠠ ᠬᠠᠵᠠᠭᠤ ᠬᠠᠪᠢᠷᠭ᠎ᠠ ᠪᠠᠷ ᠫᠤᠤ ᠵᠡᠪᠰᠡᠭ ᠡᠭᠡᠯᠳᠦᠷᠭᠡᠯᠡᠭᠰᠡᠨ ᠮᠣᠷᠢᠲᠠᠳ ᠪᠢᠵᠢᠬᠢᠨᠡᠯᠳᠤᠨ ᠮᠠᠰᠢ ᠰᠦᠷᠯᠢᠭᠦᠨ ᠬᠠᠷᠠᠭᠳᠠᠬᠤ ᠠᠵᠢ ᠠ᠋᠃ ᠡᠮᠦᠨ᠎ᠡ ᠨᠢ ᠶᠠᠪᠤᠭ᠎ᠠ ᠪᠣᠷᠣ ᠮᠣᠷᠢ ᠬᠥᠯᠦᠭᠰᠡᠨ ᠢᠰᠡᠭᠡᠢ ᠪᠦᠷᠢᠶᠡᠰᠦ ᠲᠡᠢ ᠰᠡᠤᠬᠡᠨ ᠳ᠋ᠦ᠍ ᠮᠠᠨᠤᠨᠪᠡᠤᠮᠠ ᠬᠥᠭᠰᠢᠨ ᠰᠠᠭᠤᠵᠤ᠂ ᠬᠣᠢᠨᠠᠬᠢ ᠯᠠᠭᠤᠰᠠ ᠬᠥᠯᠦᠭᠰᠡᠨ ᠬᠣᠷᠭᠣᠢ ᠪᠠᠷ ᠴᠢᠮᠡᠭᠰᠡᠨ ᠴᠡᠮᠴᠡᠭᠡᠷ ᠶᠠᠩᠵᠤ ᠲᠠᠢ ᠰᠡᠤᠬᠡᠨ ᠳ᠋ᠦ᠍ ᠪᠠᠭ᠎ᠠ ᠬᠠᠲᠤᠨ ᠡᠷᠭᠦᠮᠡᠯ ᠡᠬᠡ ᠲᠡᠢ ᠪᠡᠨ ᠰᠠᠭᠤᠯᠴᠠᠭᠰᠠᠨ ᠪᠠᠢᠪᠠ᠃
ᠭᠡᠳᠡᠰᠦ ᠭᠦᠵᠡᠭᠡ ᠪᠡᠨ ᠴᠢᠷᠦᠭᠰᠡᠨ ᠪᠡᠯᠪᠡᠰᠦᠨ ᠥᠷᠥᠭᠡᠰᠦᠨ ᠪᠦᠰᠡᠭᠦᠢ ᠬᠥᠮᠦᠨ ᠵᠠᠩᠵᠤᠨ ᠶᠠᠮᠤᠨ ᠤ᠋ ᠡᠵᠡᠨ ᠨᠣᠶᠠᠨ ᠲᠠᠢ ᠠᠭᠤᠯᠵᠠᠬᠤ ᠭᠡᠭᠴᠢ ᠨᠠᠭᠠᠳᠤᠮ ᠪᠢᠰᠢ ᠠ᠋! ᠪᠠᠷᠠᠭᠤᠨ ᠬᠦᠩ ᠦ᠋ᠨ ᠬᠢᠨ ᠳᠣᠲᠣᠷ᠎ᠠ ᠪᠠᠨ ᠪᠠᠭᠲᠠᠯᠴᠠᠬᠤ ᠦᠭᠡᠢ ᠬᠡᠦᠬᠡᠳ ᠦ᠋ᠨ ᠨᠠᠭᠠᠳᠤᠮ ᠰᠢᠭ᠋ ᠬᠡᠷᠡᠭᠦᠯ ᠵᠠᠭᠤᠷᠠᠭᠠᠨ ᠪᠣᠯᠳᠠᠭ ᠭᠡᠵᠦ ᠠᠮᠠᠷᠬᠠᠨ ᠰᠠᠨᠠᠪᠠ ᠤᠤ ᠳᠠ ᠪᠢ᠃ ᠡᠵᠡᠨ ᠨᠣᠶᠠᠨ ᠪᠢᠳᠡᠨᠦᠰ ᠢ᠋ ᠬᠦᠯᠢᠶᠡᠵᠦ ᠠᠭᠤᠯᠵᠠᠳᠠᠭ ᠴᠤ᠌ ᠪᠢᠯᠡ ᠤᠤ? ᠵᠠ᠂ ᠶᠠᠭᠠᠬᠢᠬᠤ ᠪᠣᠢ? ᠠᠭᠤᠯᠵᠠᠳᠠᠭ ᠴᠤ᠌ ᠪᠣᠯ ᠬᠡᠯᠡ ᠠᠮᠠ ᠪᠠᠨ ᠣᠯᠤᠯᠴᠠᠬᠤ ᠪᠠᠢᠯᠭᠦᠢ! ᠲᠠᠤᠯᠠᠢ ᠪᠤᠷᠤᠭᠤ ᠪᠣᠰᠴᠤ ᠡᠵᠡᠨ ᠨᠣᠶᠠᠨ ᠪᠢᠳᠡᠨᠦᠰ ᠢ᠋ ᠣᠢᠰᠢᠶᠠᠬᠤ ᠦᠭᠡᠢ ᠪᠣᠯ ᠴᠤ᠌ ᠫᠠᠯᠠᠭ ᠢ᠋ᠶ᠋ᠠᠨ ᠬᠠᠶᠠᠭᠰᠠᠨ ᠬᠡᠷᠡᠭ ᠠ᠋᠃ ᠪᠠᠷᠠᠭᠤᠨ ᠬᠦᠩ ᠦ᠋ᠨ ᠬᠤᠪᠢ ᠵᠠᠶᠠᠭ᠎ᠠ ᠬᠣᠢᠰᠢᠳᠠ ᠶᠠᠮᠠᠷ ᠪᠣᠯᠬᠤ ᠶ᠋ᠢ ᠬᠡᠨ ᠴᠦ᠍ ᠬᠡᠯᠡᠵᠦ ᠮᠡᠳᠡᠬᠦ ᠦᠭᠡᠢ ᠭᠡᠵᠦ ᠪᠠᠭ᠎ᠠ ᠬᠠᠲᠤᠨ ᠡᠯᠳᠡᠪ ᠦ᠋ᠨ ᠶᠠᠭᠤᠮ᠎ᠠ ᠪᠣᠳᠣᠵᠤ ᠰᠡᠦᠬᠡ ᠲᠡᠷᠭᠡᠨ ᠦ᠌ ᠰᠠᠵᠢᠯᠭᠠᠨ ᠳ᠋ᠤ᠌ ᠨᠢᠳᠦ ᠪᠡᠨ ᠠᠨᠢᠨ ᠦᠭᠡ ᠥᠭᠦᠯᠡᠪᠦᠷᠢ ᠴᠦ᠍ ᠦᠭᠡᠢ ᠰᠠᠵᠢᠯᠠᠭᠤᠯᠤᠨᠠ᠃
ᠨᠥᠭᠦᠭᠡ ᠡᠮᠦᠨᠡᠬᠢ ᠰᠡᠤᠬᠡᠨ ᠳ᠋ᠦ᠍ ᠰᠠᠭᠤᠭᠰᠠᠨ ᠮᠠᠨᠤᠨᠪᠠᠤᠮᠠ ᠬᠥᠭᠰᠢᠨ ᠬᠠᠷᠢᠨ ᠨᠢᠳᠦ ᠴᠠᠪᠴᠢᠷᠠᠯ ᠦᠭᠡᠢ ᠠᠷᠭ᠎ᠠ ᠤᠬᠠᠭᠠᠨ ᠪᠢᠰᠢᠯᠭᠠᠵᠤ ᠪᠠᠢᠭ᠎ᠠ ᠶ᠋ᠢ ᠬᠡᠨ ᠴᠦ᠍ ᠮᠡᠳᠡᠬᠦ ᠦᠭᠡᠢ᠃ ᠲᠡᠷᠡ ᠳᠣᠲᠣᠷ᠎ᠠ ᠪᠠᠨ᠂ ᠵᠠᠩᠵᠤᠨ ᠶᠠᠮᠤᠨ ᠳ᠋ᠤ᠌ ᠬᠦᠷᠦᠭᠰᠡᠨ ᠦ᠌ ᠬᠣᠢᠨ᠎ᠠ ᠤᠷᠢᠳ ᠢ᠋ᠶ᠋ᠠᠷ ᠬᠠᠮᠢᠭ᠎ᠠ ᠪᠠᠭᠤᠵᠤ᠂ ᠬᠡᠨ ᠬᠡᠨ ᠲᠡᠢ ᠠᠭᠤᠯᠵᠠᠨ ᠬᠡᠨ ᠳ᠋ᠦ᠍ᠨᠢ ᠶᠠᠮᠠᠷ ᠪᠡᠯᠡᠭ ᠭᠠᠷᠳᠠᠭᠤᠯᠬᠤ᠂ ᠲᠡᠭᠡᠭᠡᠳ ᠬᠡᠨ ᠨᠢᠭᠡ ᠲᠣᠬᠢᠲᠠᠢ ᠬᠥᠮᠦᠨ ᠢ᠋ᠶ᠋ᠡᠷ ᠵᠠᠭᠤᠴᠢ ᠪᠠᠷᠢᠨ ᠪᠠᠭ᠎ᠠ ᠬᠠᠲᠤᠨ ᠢ᠋ ᠡᠵᠡᠨ ᠨᠣᠶᠠᠨ ᠲᠠᠢ ᠠᠭᠤᠯᠵᠠᠭᠤᠯᠬᠤ᠁ ᠡᠭᠦᠨ ᠳ᠋ᠦ᠍ ᠪᠠᠰᠠ ᠡᠭᠦᠳᠡᠨ ᠦ᠌ ᠮᠠᠨᠠᠭ᠎ᠠ ᠴᠡᠷᠢᠭ ᠲᠦ᠍ ᠨᠢᠳᠦ ᠬᠠᠭᠤᠷᠬᠤ ᠮᠥᠩᠭᠥ ᠴᠠᠭᠠᠯᠠᠬᠤ ᠵᠡᠷᠭᠡ ᠵᠢᠵᠢᠭ ᠰᠠᠵᠢᠭ ᠶᠠᠪᠤᠳᠠᠯ ᠳ᠋ᠤ᠌ ᠬᠦᠷᠲᠡᠯ᠎ᠡ ᠨᠠᠷᠢᠨ ᠪᠣᠳᠣᠵᠤ ᠲᠥᠯᠥᠪᠯᠡᠨ᠎ᠡ᠁
ᠬᠦᠰᠡᠭᠰᠡᠨ ᠶᠠᠭᠤᠮᠠᠨ ᠤ᠋ ᠪᠠᠨ ᠳᠥᠯᠥ ᠳ᠋ᠦ᠍ ᠰᠡᠳᠬᠢᠯ ᠢ᠋ᠶ᠋ᠡᠨ ᠰᠢᠷᠭᠠᠭᠠᠵᠤ ᠶᠠᠪᠤᠭᠰᠠᠨ ᠬᠥᠮᠦᠰ ᠬᠡᠳᠦᠨ ᠡᠳᠦᠷ ᠦ᠋ᠨ ᠬᠣᠯᠠ ᠵᠠᠮ ᠤ᠋ᠨ ᠶᠠᠳᠠᠷᠠᠭ᠎ᠠ ᠴᠢᠯᠡᠭᠡ ᠶ᠋ᠢ ᠬᠠᠢᠬᠤᠷᠤᠮᠵᠢ ᠦᠭᠡᠢ ᠲᠤᠭᠤᠯᠵᠤ《ᠴᠠᠭᠯᠠᠰᠢ ᠦᠭᠡᠢ ᠰᠦᠮ᠎ᠡ》 ᠳ᠋ᠦ᠍ ᠪᠠᠭᠤᠵᠤ ᠬᠥᠯ ᠠᠮᠠᠷᠠᠭᠠᠯᠠ᠃ ᠲᠡᠳᠡ ᠤᠷᠢᠳ ᠢ᠋ᠶ᠋ᠠᠷ 《ᠴᠠᠭᠯᠠᠰᠢ ᠦᠭᠡᠢ ᠰᠦᠮ᠎ᠡ》 ᠶ᠋ᠢᠨ ᠭᠡᠭᠡᠨ ᠲᠡᠢ ᠪᠠᠷᠠᠳᠠᠵᠤ ᠮᠥᠷᠭᠥᠭᠡᠳ᠂ ᠭᠡᠭᠡᠨ ᠪᠠᠭᠰᠢ ᠪᠠᠷ ᠲᠥᠯᠭᠡ ᠦᠵᠡᠭᠦᠯᠦᠨ ᠡᠵᠡᠨ ᠨᠣᠶᠠᠨ ᠲᠠᠢ ᠤᠴᠠᠷᠠᠬᠤ ᠥᠯᠵᠡᠢ ᠢᠷᠦᠭᠡᠯᠲᠦ ᠡᠳᠦᠷ ᠰᠣᠩᠭᠣᠭᠤᠯᠵᠢ ᠪᠢᠯᠡ᠃ ᠡᠨᠡ ᠬᠣᠭᠣᠷᠣᠨᠳᠣ ᠮᠠᠨᠤᠨᠪᠡᠳᠮᠡ ᠬᠥᠭᠰᠢᠨ ᠤᠷᠢᠳᠤ ᠶ᠋ᠢᠨ ᠬᠠᠭᠤᠴᠢᠨ ᠲᠠᠨᠢᠯ ᠳᠠᠮᠪᠠᠷᠢᠯᠷᠠᠪᠲᠡᠨ (ᠪᠠᠷᠠᠭᠤᠨ ᠬᠦᠩ ᠦ᠋ᠨ ᠬᠥᠮᠦᠨ) ᠲᠡᠢ ᠠᠭᠤᠯᠵᠠᠵᠤ ᠵᠠᠮ ᠮᠥᠷ ᠢᠪᠡᠭᠡᠬᠦ ᠶ᠋ᠢ ᠵᠣᠷᠢᠪᠠ᠃ ᠳᠠᠮᠪᠡᠷᠢᠯᠷᠡᠪᠲᠡᠨ ᠮᠣᠩᠭᠣᠯ ᠲᠥᠪᠡᠳ ᠦ᠋ᠨ ᠬᠤᠷᠠᠯ ᠤ᠋ᠨ ᠡᠵᠡᠨ ᠶᠠᠮᠤᠨ ᠳ᠋ᠤ᠌ ᠰᠠᠭᠤᠭ᠎ᠠ ᠵᠥᠪᠯᠡᠯ ᠦ᠋ᠨ ᠨᠠᠷᠢᠨ ᠪᠢᠴᠢᠭ ᠦ᠋ᠨ ᠳᠠᠷᠤᠭ᠎ᠠ ᠪᠣᠯᠬᠣᠷ ᠳᠡᠭᠡᠳᠦ ᠳᠠᠪᠬᠤᠷᠭ᠎ᠠ ᠶ᠋ᠢᠨ ᠨᠣᠶᠠᠳ ᠲᠦᠰᠢᠮᠡᠳ ᠲᠡᠢ ᠠᠭᠤᠯᠵᠠᠵᠤ ᠪᠠᠷᠠᠳᠠᠬᠤ ᠳ᠋ᠤ᠌ ᠰᠢᠯᠤᠭᠤᠬᠠᠨ ᠵᠠᠮ ᠣᠩᠭᠣᠢᠯᠭᠠᠬᠤ ᠳ᠋ᠤ᠌ ᠬᠡᠯᠡᠯᠭᠡᠨ ᠦᠭᠡᠢ ᠲᠦᠰᠢᠭ ᠲᠡᠢ ᠬᠥᠮᠦᠨ᠃
ᠳᠠᠮᠪᠠᠷᠢᠯᠷᠠᠪᠲᠡᠨ ᠦ᠌ ᠨᠢᠳᠦᠨ ᠳ᠋ᠦ᠍ ᠮᠠᠨᠤᠨᠪᠠᠳᠮᠡ ᠬᠥᠭᠰᠢᠨ ᠵᠢᠷᠠ ᠳᠥᠭᠥᠵᠦ ᠵᠠᠵᠢᠨ ᠤ᠋ ᠦᠰᠦ ᠨᠢ ᠪᠤᠭᠤᠷᠤᠯᠲᠤᠭᠰᠠᠨ ᠪᠣᠯᠪᠠᠴᠤ ᠴᠣᠭᠲᠠᠢ ᠬᠣᠶᠠᠷ ᠨᠢᠳᠦᠨ ᠳ᠋ᠦ᠍ᠨᠢ ᠵᠠᠯᠠᠭᠤ ᠽᠠᠨᠳᠠᠨ ᠨᠠᠰᠤᠨ ᠤ᠋ ᠬᠢᠨᠢ ᠵᠣᠯᠪᠣᠭ᠎ᠠ ᠪᠠᠳᠠᠷᠠᠵᠤ᠂ ᠬᠣᠶᠠᠷ ᠵᠣᠪᠬᠢᠨ ᠤ᠋ ᠬᠢᠨᠢ ᠰᠡᠵᠢᠭᠦᠷ ᠦᠯᠦ ᠮᠡᠳᠡᠭ ᠭᠤᠷᠪᠠᠨ ᠦᠷᠴᠢᠯᠡᠭᠡ ᠲᠣᠭᠲᠠᠭᠰᠠᠨ ᠨᠢ ᠲᠡᠭᠦᠨ ᠦ᠌ ᠤᠯᠠᠭ᠎ᠠ ᠪᠤᠲᠠᠷᠠᠭᠰᠠᠨ ᠪᠣᠷᠣ ᠴᠢᠷᠠᠢ ᠳ᠋ᠤᠨᠢ ᠴᠢᠮᠡᠭ ᠪᠣᠯᠤᠭᠰᠠᠨ ᠠ᠋ᠴᠠ ᠪᠢᠰᠢ ᠦᠳᠡᠯᠦᠭᠰᠠᠨ ᠤ᠋ ᠰᠢᠨᠵᠢ ᠪᠣᠯᠵᠤ ᠬᠠᠷᠠᠭᠳᠠᠬᠤ ᠦᠭᠡᠢ ᠠᠵᠢ ᠠ᠋ ! ᠬᠣᠶᠠᠷ ᠲᠠᠯ᠎ᠠ ᠳ᠋ᠠᠭᠠᠨ ᠣᠨᠣᠭᠣ ᠲᠠᠢ ᠬᠦᠷᠡᠩ ᠲᠣᠷᠭᠠᠨ ᠲᠡᠷᠯᠢᠭ ᠲᠦ᠍ ᠬᠠᠷ᠎ᠠ ᠡᠮᠵᠢᠶᠡᠷᠢ ᠲᠡᠢ ᠪᠢᠳᠤᠷᠶᠡᠨ ᠥᠩᠭᠡ ᠶ᠋ᠢᠨ ᠤᠤᠵᠢ ᠡᠮᠦᠰᠦᠭᠰᠡᠨ ᠨᠢ ᠲᠡᠭᠦᠨ ᠦ᠌ ᠨᠠᠰᠤ ᠵᠢᠰᠦ᠂ ᠪᠡᠶ᠎ᠡ ᠭᠠᠯᠪᠢᠷ᠂ ᠵᠠᠩ ᠠᠷᠠᠨᠰᠢᠨ ᠳ᠋ᠤᠨᠢ ᠶᠠᠭᠠᠬᠢᠬᠤ ᠠᠷᠭ᠎ᠠ ᠦᠭᠡᠢ ᠵᠣᠬᠢᠴᠠᠭᠰᠠᠨ ᠨᠢ ᠬᠠᠭᠤᠴᠢᠨ ᠲᠠᠨᠢᠯ ᠤ᠋ᠨ ᠢ᠋ᠶ᠋ᠠᠨ ᠵᠤᠵᠠᠭᠠᠨ ᠨᠠᠢᠷ ᠢ᠋ ᠭᠡᠵᠢᠭᠡᠳᠡᠮᠡ ᠪᠠᠢᠭ᠎ᠠ ᠶ᠋ᠢ ᠶᠠᠷᠢᠬᠤ ᠦᠭᠡᠢ᠂ ᠬᠠᠷᠠᠭᠰᠠᠨ ᠪᠦᠭᠦᠳᠡ ᠶ᠋ᠢᠨ ᠮᠡᠯᠮᠡᠢ ᠳ᠋ᠦ᠍ ᠲᠠᠭᠠᠯᠠᠭᠳᠠᠵᠤ ᠪᠠᠢᠯ᠎ᠠ᠃
ᠮᠠᠨᠤᠨᠪᠠᠤᠮᠠ᠂ ᠤᠳᠠᠭᠠᠨ ᠵᠢᠯ ᠤᠴᠠᠷᠠᠵᠤ ᠵᠣᠯᠭᠠᠭᠰᠠᠨ ᠦᠭᠡᠢ ᠬᠠᠭᠤᠴᠢᠨ ᠲᠠᠨᠢᠯ ᠤ᠋ᠨ ᠬᠤᠪᠢ ᠳ᠋ᠤ᠌ ᠳᠡᠮᠪᠡᠷᠢᠯᠷᠠᠪᠳᠠᠨ ᠳ᠋ᠤ᠌ ᠬᠥᠬᠡᠨᠠᠭᠤᠷ ᠤ᠋ᠨ ᠠᠷᠪᠠᠨ ᠬᠣᠶᠠᠷ ᠨᠤᠭᠤᠨ ᠠᠲᠤᠷᠢᠶ᠎ᠠ ᠲᠠᠢ ᠬᠤᠷᠠᠭᠠᠨ ᠠᠷᠠᠰᠤᠨ ᠳᠡᠪᠡᠯ ᠦ᠋ᠨ ᠳᠣᠲᠣᠷ᠂ ᠲᠠᠪᠢᠨ ᠯᠠᠩ ᠢᠳᠡᠭᠡᠰᠢᠮᠡᠯ ᠬᠠᠷ᠎ᠠ ᠲᠠᠮᠠᠬᠢ ᠵᠡᠷᠭᠡ ᠶ᠋ᠢᠨ ᠪᠡᠯᠡᠭ ᠪᠠᠷᠢᠭᠤᠯᠵᠤ᠂ ᠠᠮᠠᠨ ᠵᠤᠭ᠎ᠠ ᠭᠤᠯᠭᠤᠮᠠ ᠤᠷᠠᠨ ᠦᠭᠡ ᠪᠡᠷ ᠬᠠᠵᠠᠭᠠᠷᠯᠠᠭᠰᠠᠨ ᠠ᠋ᠴᠠ ᠳᠡᠮᠪᠡᠷᠢᠯᠷᠠᠪᠳᠠᠨ ᠤ᠋ ᠬᠠᠱᠠᠩ ᠪᠣᠳᠣᠯ ᠤᠰᠤᠨ ᠵᠢᠷᠣᠭ᠎ᠠ ᠣᠷᠣᠵᠤ᠂ ᠡᠵᠡᠨ ᠨᠣᠶᠠᠨ ᠤ᠋ ᠹᠦᠭᠤᠸᠠᠨ ᠳᠠᠭᠠᠭᠠᠮᠠᠯ ᠲᠠᠢ ᠬᠣᠯᠪᠣᠭ᠎ᠠ ᠪᠠᠷᠢᠵᠤ ᠪᠠᠭ᠎ᠠ ᠬᠠᠲᠤᠨ ᠢ᠋ ᠵᠠᠩᠵᠤᠨ ᠶᠠᠮᠤᠨ ᠤ᠋ ᠡᠵᠡᠨ ᠨᠣᠶᠠᠨ ᠲᠠᠢ ᠪᠠᠷᠠᠳᠠᠭᠤᠯᠬᠤ ᠪᠠᠷ ᠪᠣᠯᠤᠭᠰᠠᠨ ᠠᠵᠢ᠃
ᠪᠠᠭ᠎ᠠ ᠬᠠᠲᠤᠨ ᠡᠵᠡᠨ ᠨᠣᠶᠠᠨ ᠲᠠᠢ ᠠᠭᠤᠯᠵᠠᠬᠤ ᠪᠣᠯᠤᠭᠰᠠᠨ ᠳ᠋ᠠᠭᠠᠨ ᠰᠡᠳᠬᠢᠯ ᠬᠥᠭᠰᠡᠵᠦ ᠲᠡᠷᠡ ᠡᠳᠦᠷ ᠡᠷᠲᠡᠯᠡᠨ ᠪᠣᠰᠴᠤ ᠬᠥᠳᠡᠯᠪᠡ᠃ ᠬᠦᠴᠦᠲᠦ ᠬᠥᠬᠡ ᠠᠷᠰᠯᠠᠨ ᠠᠷᠬᠢᠷᠠᠭᠰᠠᠨ ᠰᠢᠭ᠋ ᠬᠣᠶᠠᠷ ᠲᠣᠮᠣ ᠴᠢᠯᠠᠭᠤᠨ ᠠᠷᠰᠯᠠᠨ ᠲᠠᠢ ᠵᠠᠩᠵᠤᠨ ᠶᠠᠮᠤᠨ ᠤ᠋ ᠡᠭᠦᠳᠡᠨ ᠳ᠋ᠦ᠍ ᠶᠠᠭ ᠲᠤᠯᠵᠤ ᠣᠴᠢᠬᠤ ᠳ᠋ᠤ᠌ ᠳᠣᠲᠣᠷ᠎ᠠ ᠠ᠋ᠴᠠ ᠪᠠᠨ ᠭᠡᠨᠡᠳᠲᠡ ᠠᠢᠳᠠᠰ ᠬᠦᠷᠬᠦ ᠰᠢᠭ᠃ ᠲᠡᠷᠡ ᠬᠦ᠌ ᠶᠠᠮᠤᠨ ᠤ᠋ ᠣᠷᠳᠣᠨ ᠤ᠋ ᠴᠢᠬᠡ ᠡᠭᠦᠳᠡᠨ ᠳ᠋ᠦ᠍ ᠪᠠᠲᠤ ᠪᠡᠬᠢ ᠤᠷᠠᠯᠠᠭᠰᠠᠨ ᠬᠥᠬᠡ ᠲᠣᠭᠣᠰᠬᠠᠨ ᠬᠠᠯᠬᠠᠪᠴᠢ ᠬᠡᠷᠡᠮ ᠳ᠋ᠡᠬᠢ《 ᠭᠣᠪᠢ ᠶ᠋ᠢᠨ ᠮᠣᠩᠭᠣᠯ ᠢ᠋ ᠳᠠᠷᠤᠩᠭᠤᠢᠯᠠᠬᠤ ᠬᠠᠯᠬᠠᠪᠴᠢ ᠰᠠᠬᠢᠭᠤᠯ》 ᠬᠡᠮᠡᠬᠦ ᠬᠡᠳᠦᠨ ᠦᠰᠦᠭ ᠨᠢ ᠲᠡᠭᠦᠨ ᠨᠢᠳᠦᠨ ᠳ᠋ᠦ᠍ ᠶᠠᠭ ᠯᠠ ᠰᠦᠮ᠎ᠡ ᠳᠤᠭᠠᠩ ᠤ᠋ᠨ ᠡᠭᠦᠳᠡᠨ ᠳ᠋ᠦ᠍ ᠪᠠᠢᠳᠠᠭ ᠳᠣᠭᠰᠢᠨ ᠲᠥᠷᠬᠦ ᠲᠡᠢ ᠳᠥᠷᠪᠡᠨ ᠮᠠᠬᠠᠷᠠᠨᠽᠠ ᠦᠰᠦᠷᠬᠢᠯᠡᠨ ᠢᠷᠡᠬᠦ ᠰᠢᠭ ᠬᠠᠷᠠᠭᠳᠠᠭᠰᠠᠨ ᠳ᠋ᠤ᠌ ᠡᠷᠬᠡ ᠦᠭᠡᠢ ᠳᠠᠭᠠᠷᠠᠳᠠᠰᠤ ᠬᠦᠷᠴᠦ ᠥᠪᠴᠢ ᠪᠡᠶ᠎ᠡ ᠳ᠋ᠦ᠍ᠨᠢ ᠵᠢᠵᠢᠭ ᠵᠢᠵᠢᠭ ᠲᠣᠯᠪᠣ ᠨᠤᠭᠤᠳ ᠪᠠᠷᠵᠢᠢᠪᠠ᠃
ᠲᠡᠷᠡ ᠪᠡᠷ ᠴᠢᠩ ᠲᠥᠷᠥ ᠶ᠋ᠢᠨ ᠪᠠᠢᠭᠤᠯᠤᠭᠰᠠᠨ ᠬᠣᠯᠠᠳᠠᠬᠢᠨ ᠢ᠋ ᠠᠮᠤᠷᠵᠢᠭᠤᠯᠤᠭᠴᠢ ᠬᠣᠲᠠ ᠶ᠋ᠢᠨ ᠵᠠᠩᠵᠤᠨ ᠶᠠᠮᠤᠨ ᠤ᠋ ᠲᠤᠬᠠᠢ ᠡᠨᠡ ᠲᠡᠷᠡ ᠪᠢᠴᠢᠭ ᠰᠤᠳᠤᠷ ᠠ᠋ᠴᠠ ᠰᠣᠨᠢᠷᠬᠠᠵᠤ ᠪᠠᠢᠭᠰᠠᠨ ᠪᠤᠶᠤ ᠶᠡᠬᠡᠴᠦᠦᠯ ᠳᠣᠮᠤᠭᠠᠲᠠᠳ ᠤ᠋ᠨ ᠠᠮᠠ ᠡᠢᠨ ᠲᠡᠢᠨ ᠲᠤᠭᠤᠯᠵᠤ ᠪᠠᠢᠭᠰᠠᠨ ᠢ᠋ᠶ᠋ᠠᠨ ᠥᠨᠥᠳᠥᠷ ᠪᠡᠶ᠎ᠡ ᠪᠡᠷ ᠢ᠋ᠶ᠋ᠡᠨ ᠢᠷᠡᠵᠦ ᠡᠨᠡ ᠶᠡᠬᠡᠮᠰᠦᠭ ᠰᠦᠷᠲᠦ ᠵᠠᠩᠵᠤᠨ ᠶᠠᠮᠤᠨ ᠤ᠋ ᠪᠣᠱᠣᠭ᠎ᠠ ᠪᠠᠷ ᠠᠯᠬᠤᠯᠠᠵᠤ ᠡᠵᠡᠨ ᠨᠣᠶᠠᠨ ᠲᠠᠢ ᠨᠢ ᠨᠢᠭᠤᠷᠳᠠᠵᠤ ᠠᠭᠤᠯᠵᠠᠬᠤ ᠪᠣᠯᠤᠭᠰᠠᠨ ᠳ᠋ᠠᠭᠠᠨ ᠪᠣᠳᠣᠯ ᠰᠡᠳᠬᠢᠯ ᠳ᠋ᠦ᠍ᠨᠢ ᠶᠡᠷᠦ ᠪᠤᠰᠤ ᠶ᠋ᠢᠨ ᠳᠣᠯᠭᠢᠰᠤᠯ ᠡᠭᠦᠰᠴᠦ ᠡᠵᠡᠨ ᠶᠠᠮᠤᠨ ᠳ᠋ᠤ᠌ ᠢᠳᠡᠭᠡᠨ ᠪᠢᠰᠢᠷᠡᠵᠦ ᠢᠷᠡᠭᠰᠡᠨ ᠬᠦᠰᠡᠯ ᠨᠢ ᠠᠭᠤᠰᠴᠤ ᠠᠷᠢᠯᠬᠤ ᠰᠢᠭ᠋ ᠬᠣᠭᠣᠰᠣᠷᠠᠨ ᠰᠠᠨᠠᠭᠳᠠᠨ᠎ᠠ᠃ ᠲᠡᠭᠡᠬᠦ ᠶ᠋ᠢᠨ ᠳᠠᠭᠤ ᠠᠢᠩᠭᠤᠷᠢ ᠰᠡᠵᠢᠭ ᠲᠥᠷᠥᠭᠳᠡᠬᠦ ᠴᠦ᠍ ᠰᠢᠭ ᠠᠵᠢ᠃ ᠶᠠᠭᠤ ᠴᠦ᠍ ᠭᠡᠰᠡᠨ ᠵᠣᠷᠢᠭ ᠢ᠋ᠶ᠋ᠠᠨ ᠪᠠᠷᠢᠵᠤ ᠲᠣᠭᠰᠢᠨ ᠬᠥᠬᠡ ᠠᠷᠰᠯᠠᠨ ᠰᠠᠬᠢᠭᠤᠯ ᠲᠠᠢ ᠵᠠᠩᠵᠤᠨ ᠶᠠᠮᠤᠨ ᠤ᠋ ᠡᠭᠦᠳᠡ ᠪᠡᠷ ᠣᠷᠣᠵᠤ ᠣᠴᠢᠯ᠎ᠠ᠃
ᠬᠠᠭᠠᠯᠭ᠎ᠠ ᠪᠣᠯᠭᠠᠨ ᠤ᠋ ᠬᠠᠵᠠᠭᠤ ᠳ᠋ᠤ᠌ ᠬᠣᠣᠰ ᠬᠣᠣᠰ ᠬᠠᠷᠠᠭᠤᠯ ᠤ᠋ᠨ ᠬᠠᠲᠠᠭᠤ ᠰᠢᠯᠭᠠᠭᠤᠯᠢ ᠶ᠋ᠢ ᠳᠠᠮ ᠳᠠᠮ ᠳᠠᠪᠠᠵᠤ ᠶᠠᠪᠤᠬᠤ ᠳ᠋ᠠᠭᠠᠨ ᠰᠠᠭᠠᠳ ᠦᠭᠡᠢ ᠰᠢᠯᠤᠭᠤᠨ ᠪᠠᠢᠯ᠎ᠠ᠃ ᠡᠨᠡ ᠨᠢ ᠲᠡᠳᠡᠨᠦᠰ ᠭᠠᠨᠵᠠᠭᠠᠯᠠᠵᠤ ᠢᠷᠡᠭᠰᠡᠨ ᠮᠤᠨᠠ ᠠᠭᠤᠯᠠ ᠶ᠋ᠢᠨ ᠠᠩ ᠭᠥᠷᠦᠭᠡᠰᠦᠨ ᠦ᠌ ᠳᠡᠭᠡᠵᠢ᠂ ᠪᠤᠭᠤ ᠶ᠋ᠢᠨ ᠴᠢᠰᠤᠨ ᠡᠪᠡᠷ᠂ ᠬᠢᠵᠠᠭᠠᠯᠠᠩ ᠪᠤᠭᠤ ᠶ᠋ᠢᠨ ᠴᠢᠪᠢ᠂ ᠪᠤᠯᠠᠭ᠎ᠠ ᠬᠠᠯᠢᠭᠤ ᠶ᠋ᠢᠨ ᠠᠷᠠᠰᠤ᠂ ᠣᠷᠬᠣᠳᠠᠢ᠂ ᠵᠠᠪᠠᠷᠠᠢ᠂ ᠣᠬᠢ ᠰᠠᠢᠨ ᠬᠠᠷ᠎ᠠ ᠲᠠᠮᠠᠬᠢ ᠵᠡᠷᠭᠡ ᠪᠠ ᠠᠳᠤᠭᠤ ᠦᠬᠡᠷ᠂ ᠮᠠᠯ ᠤ᠋ᠨ ᠠᠰᠢᠭ ᠭᠡᠬᠦ ᠮᠡᠲᠦ ᠪᠡᠯᠡᠭ ᠰᠡᠯᠲᠡ ᠪᠡᠨ ᠶᠠᠪ ᠴᠠᠪ ᠡᠷᠭᠦᠵᠦ ᠳᠠᠭᠠᠭᠤᠯᠤᠭᠰᠠᠨ ᠠ᠋ᠴᠠ ᠵᠠᠩᠵᠤᠨ ᠶᠠᠮᠤᠨ ᠤ᠋ ᠡᠵᠡᠨ ᠨᠣᠶᠠᠨ ᠲᠠᠢ ᠪᠠᠷᠠᠳᠠᠨ ᠠᠭᠤᠯᠵᠠᠬᠤ ᠳ᠋ᠤ᠌ ᠮᠥᠷ ᠢ᠋ ᠰᠢᠯᠤᠭᠤᠳᠬᠠᠭᠰᠠᠨ ᠨᠢ ᠶᠠᠷᠢᠶᠠᠨ ᠦᠭᠡᠢ᠃
ᠴᠣᠩᠬᠣᠨ ᠤ᠋ ᠪᠠᠨ ᠬᠣᠶᠠᠷ ᠬᠠᠵᠠᠭᠤ ᠶ᠋ᠢᠨ ᠶᠡᠨᠳᠡᠷ ᠳᠡᠭᠡᠷ᠎ᠡ ᠴᠡᠴᠡᠭ ᠦ᠋ᠨ ᠬᠥᠯᠡᠮᠵᠢ ᠶᠠᠩᠵᠤᠯᠠᠭᠰᠠᠨ ᠨᠢ ᠡᠲᠡᠭᠡᠳ ᠭᠣᠶᠣᠬᠠᠨ᠃ ᠤᠭᠠᠯᠵᠠᠨ ᠰᠡᠭᠡᠭᠡ ᠲᠡᠢ ᠬᠡᠭᠡᠨᠴᠢᠷ ᠢᠬᠡᠷ᠎ᠡ ᠬᠠᠭᠠᠯᠭ᠎ᠠ ᠥᠪᠡᠷᠲᠡᠭᠡᠨ ᠨᠡᠭᠡᠭᠡᠭᠳᠡᠬᠦ ᠰᠢᠭ ᠣᠩᠭᠣᠢᠬᠤ ᠳ᠋ᠤ᠌ ᠵᠢᠷᠤᠭ ᠱᠤᠭᠤᠮᠠᠯ ᠤ᠋ᠨ ᠭᠣᠶᠣᠯᠠᠯ ᠲᠠᠢ ᠢᠵᠢᠯᠢ ᠬᠣᠶᠠᠷ ᠰᠢᠪᠡᠭᠴᠢᠨ ᠲᠣᠰᠴᠤ ᠭᠠᠷᠤᠨ ᠮᠡᠬᠦᠢᠵᠦ᠄
— ᠡᠷᠭᠢᠨ ᠵᠣᠴᠢᠨ ᠲᠠ᠂ ᠳᠣᠲᠣᠭᠰᠢ ᠪᠠᠨ ᠰᠠᠭᠠᠲᠠ! ᠭᠡᠳ ᠢᠰᠪᠡᠯᠵᠡᠬᠦ ᠳ᠋ᠦ᠍ᠨᠢ ᠬᠥᠭᠡᠷᠦᠬᠦᠨ ᠬᠠᠴᠠᠷ ᠠ᠋ᠴᠠ ᠨᠢ ᠪᠣᠯᠪᠠᠰᠤᠷᠠᠭᠰᠠᠨ ᠠᠯᠮᠤᠷᠠᠳ ᠤ᠋ᠨ ᠰᠢᠭᠦᠰᠦ ᠲᠤᠰᠠᠯᠠᠬᠤ ᠰᠢᠭ᠋ ᠬᠠᠷᠠᠭᠳᠠᠨ᠎ᠠ᠃
ᠲᠣᠭᠣᠰᠣ ᠬᠠᠯᠲᠤᠷᠢᠮ᠎ᠠ ᠭᠢᠯᠲᠠᠭᠠᠨᠠᠭᠰᠠᠨ ᠬᠦᠷᠡᠩ ᠽᠠᠨᠳᠠᠨ ᠰᠢᠷᠡᠭᠡ ᠰᠠᠨᠳᠠᠯᠢ᠂ ᠠᠪᠳᠠᠷ᠎ᠠ ᠱᠦᠭᠦᠢ᠂ ᠯᠤᠤ ᠶ᠋ᠢᠨ ᠤᠭᠠᠯᠵᠠᠲᠤ ᠴᠡᠴᠡᠭ ᠦ᠋ᠨ ᠪᠦᠲᠦᠭ᠂ ᠬᠠᠰ ᠣᠭ᠌ᠶᠣᠲᠤ ᠡᠳ᠋ᠯᠡᠯ ᠲᠠᠸᠠᠷ ᠪᠦᠬᠦᠨ ᠨᠢ ᠲᠡᠭᠦᠨ ᠦ᠌ ᠰᠣᠨᠢᠷᠬᠠᠯ ᠢ᠋ ᠲᠠᠲᠠᠵᠤ《 ᠡᠵᠡᠨ ᠨᠣᠶᠠᠨ ᠬᠥᠮᠦᠨ ᠦ᠌ ᠡᠳᠯᠡᠭᠦᠨ ᠲᠠᠸᠠᠷ ᠭᠡᠭᠴᠢ ᠶᠠᠭ ᠮᠥᠨ ᠳᠡ᠁》 ᠭᠡᠵᠦ ᠰᠢᠪᠡᠨᠡᠭᠡᠳ ᠲᠡᠷᠡ ᠬᠦ᠌ ᠢᠷᠪᠢᠰ ᠦ᠋ᠨ ᠡᠷᠢᠶᠡᠨ ᠴᠣᠬᠣᠷ ᠢᠰᠡᠷᠢ ᠳᠡᠭᠡᠷ᠎ᠡ ᠲᠠᠩᠭᠠᠢᠨ ᠬᠡᠪᠲᠡᠵᠦ ᠬᠠᠷ᠎ᠠ ᠲᠠᠮᠠᠬᠢ ᠴᠣᠷᠭᠢᠭᠤᠯᠤᠭᠰᠠᠨ ᠨᠣᠶᠠᠨᠲᠠᠨ ᠤᠷᠤᠭᠤ ᠪᠢᠰᠢᠷᠡᠭᠰᠡᠨ ᠬᠠᠷᠠᠴᠠ ᠱᠠᠩᠨᠠᠵᠤ᠄
— ᠡᠷᠭᠢᠨ ᠡᠵᠡᠨ ᠨᠣᠶᠠᠨᠲᠠᠨ ᠠᠮᠤᠷ ᠰᠠᠢᠨ? ᠪᠡᠶ᠎ᠡ ᠯᠠᠭᠱᠠᠨ ᠲᠠᠨᠢ ᠲᠤᠩᠭᠠᠯᠠᠭ ᠰᠠᠢᠨ ᠤᠤ? ᠭᠡᠵᠦ ᠮᠡᠨᠳᠦᠯᠡᠭᠰᠡᠨ ᠳ᠋ᠦ᠍ ᠲᠡᠷᠡ ᠨᠣᠶᠠᠨᠲᠠᠨ ᠳᠤᠷᠠᠮᠵᠢᠬᠠᠨ ᠥᠨᠳᠡᠢᠵᠦ《 ᠡᠢᠰᠢ ᠪᠡᠨ ᠰᠠᠭᠤ》 ᠭᠡᠬᠦ ᠰᠢᠭ ᠨᠥᠭᠦᠭᠡ ᠬᠣᠭᠣᠰᠣᠨ ᠰᠠᠭᠤᠳᠠᠯ ᠤᠷᠤᠭᠤ ᠡᠷᠡᠦ ᠪᠡᠷ ᠢ᠋ᠶ᠋ᠡᠨ ᠳᠣᠬᠢᠪᠠ᠃
ᠨᠥᠭᠦᠭᠡ ᠢᠬᠢᠷ᠎ᠡ ᠭᠡᠵᠦ ᠠᠨᠳᠠᠭᠤᠷᠠᠮᠠ ᠰᠢᠪᠡᠭᠴᠢᠨ ᠥᠬᠢᠨ ᠦ᠌ ᠨᠢᠭᠡ ᠨᠢ ᠨᠠᠢᠭᠤᠵᠤ ᠢᠷᠡᠨ ᠪᠠᠭ᠎ᠠ ᠬᠠᠲᠤᠨ ᠳ᠋ᠤ᠌ ᠯᠤᠤ ᠬᠡ ᠲᠡᠢ ᠱᠠᠭᠠᠵᠠᠩ ᠴᠣᠮᠣᠨ ᠳ᠋ᠤ᠌ ᠬᠢᠲᠠᠳ ᠴᠠᠢ ᠪᠦᠷᠢᠵᠦ ᠱᠠᠭᠠᠵᠠᠩ ᠲᠠᠭ ᠢ᠋ ᠨᠢ ᠬᠥᠨᠳᠡᠢᠬᠡᠨ ᠲᠠᠭᠯᠠᠭᠠᠳ᠄
— ᠴᠠᠢ ᠵᠣᠭᠣᠭᠯᠠ! ᠭᠡᠳ ᠡᠷᠬᠢᠮᠰᠦᠭᠯᠡᠵᠦ ᠶᠠᠩᠨᠠᠭᠠᠳ ᠱᠠᠯᠠᠪ ᠵᠠᠢᠯᠠᠵᠤ ᠶᠠᠪᠤᠪᠠ᠃
ᠬᠠᠷ᠎ᠠ ᠲᠠᠮᠠᠬᠢ ᠴᠣᠷᠭᠢᠭᠰᠠᠨ ᠡᠵᠡᠨ ᠨᠣᠶᠠᠨᠲᠠᠨ ᠨᠢᠳᠦ ᠪᠡᠨ ᠰᠡᠢᠮᠡᠢᠯᠭᠡᠨ ᠪᠣᠰᠴᠤ ᠰᠢᠷᠡᠭᠡᠨ ᠳᠡᠭᠡᠷᠡᠬᠢ ᠯᠤᠤ ᠬᠡ ᠲᠡᠢ ᠱᠠᠭᠠᠵᠠᠩ ᠴᠣᠮᠣᠨ ᠤ᠋ ᠲᠠᠭ ᠢ᠋ ᠠᠯᠭᠤᠷᠬᠠᠨ ᠠᠪᠴᠤ ᠴᠠᠢ ᠶ᠋ᠢᠨ ᠬᠥᠪᠦᠭᠰᠡᠨ ᠨᠠᠪᠴᠢᠰ ᠢ᠋ ᠵᠠᠢᠮᠤᠴᠢᠭᠤᠯᠤᠨ ᠦᠯᠢᠶᠡᠵᠦ ᠣᠭᠣᠴᠢᠯᠠᠩᠭᠠᠨ᠄
— ᠤᠷᠠᠳ ᠤ᠋ᠨ ᠪᠠᠷᠠᠭᠤᠨ ᠬᠦᠩ ᠦ᠋ᠨ ᠨᠣᠶᠠᠨ ᠲᠠᠯᠢᠢᠭᠴᠢ ᠰᠢᠷᠠᠪᠳᠣᠷᠵᠢ ᠶ᠋ᠢᠨ ᠪᠠᠭ᠎ᠠ ᠬᠠᠲᠤᠨ ᠭᠡᠯᠡ ᠤᠤ? ᠭᠡᠵᠦ ᠠᠰᠠᠭᠤᠯ᠎ᠠ᠃
— ᠲᠡᠢᠮᠦ ᠠ᠋! ᠮᠢᠨᠦ ᠨᠡᠷ᠎ᠡ ᠰᠡᠷᠭᠦᠮ᠎ᠡ! ᠭᠡᠳ ᠪᠡᠶ᠎ᠡ ᠪᠡᠨ ᠲᠣᠪᠴᠢᠬᠠᠨ ᠲᠠᠨᠢᠯᠴᠠᠭᠤᠯᠤᠭᠠᠳ ᠡᠵᠡᠨ ᠨᠣᠶᠠᠨᠲᠠᠨ ᠢ᠋ ᠯᠠᠪᠯᠠᠵᠤ ᠬᠠᠷᠠᠭᠰᠠᠨ ᠳ᠋ᠤ᠌ ᠮᠣᠷᠢᠨ ᠴᠢᠷᠠᠢ ᠲᠠᠢ᠂ ᠳᠤᠬᠤ ᠬᠠᠯᠵᠠᠷᠠᠬᠤ᠂ ᠤᠷᠲᠤ ᠠᠭᠤᠵᠢᠮ ᠰᠤᠯᠠ ᠶᠠᠩᠵᠤ ᠶ᠋ᠢᠨ ᠬᠢᠲᠠᠳ ᠲᠡᠷᠯᠢᠭ ᠲᠡᠢ ᠬᠢᠵᠢᠶᠡᠯ ᠨᠠᠰᠤᠨ ᠤ᠋ ᠲᠡᠷᠡ ᠡᠵᠡᠨ ᠨᠣᠶᠠᠨᠲᠠᠨ ᠣᠷᠣᠨ ᠠ᠋ᠴᠠ ᠪᠠᠨ ᠪᠣᠰᠴᠤ ᠨᠠᠭᠠᠰᠢ ᠴᠠᠭᠠᠰᠢ ᠠᠯᠬᠤᠯᠠᠨ《 ᠠ᠂ ᠮᠡᠳᠡᠯ᠎ᠡ》 ᠭᠡᠳ ᠪᠠᠭ᠎ᠠ ᠬᠠᠲᠤᠨ ᠠ᠋ᠴᠠ ᠡᠨᠡ ᠲᠡᠷᠡ ᠶ᠋ᠢ ᠡᠨᠡᠷᠢᠨ ᠠᠰᠠᠭᠤᠵᠤ ᠯᠠᠪᠯᠠᠪᠠ᠃
ᠪᠠᠭ᠎ᠠ ᠬᠠᠲᠤᠨ ᠡᠢᠮᠦ ᠲᠣᠮᠣ ᠨᠣᠶᠠᠨ ᠲᠠᠢ ᠠᠭᠤᠯᠵᠠᠵᠤ ᠶᠠᠷᠢᠯᠴᠠᠬᠤ ᠠ᠋ᠴᠠ ᠪᠠᠨ ᠪᠢᠰᠢᠭᠦᠷᠬᠡᠨ ᠴᠣᠴᠢᠷᠳᠠᠵᠤ ᠪᠠᠢᠭᠰᠠᠨ ᠢ᠋ᠶ᠋ᠠᠨ ᠲᠡᠭᠦᠨ ᠦ᠌ ᠯᠠᠪᠳᠠᠭᠤᠨ ᠴᠢᠷᠠᠢ ᠪᠠ ᠰᠤᠯᠠ ᠶᠠᠩᠵᠤ ᠶ᠋ᠢᠨ ᠬᠢᠲᠠᠳ ᠠᠭᠤᠵᠢᠭᠤ ᠲᠡᠷᠯᠢᠭ ᠲᠡᠢ ᠶᠠᠩᠵᠤ ᠲᠥᠯᠥᠪ᠂ ᠡᠷᠡᠭᠡ ᠵᠢᠷᠣᠭ᠎ᠠ ᠦᠭᠡᠢ ᠶᠠᠷᠢᠶᠠᠨ ᠳ᠋ᠤᠨᠢ ᠰᠡᠳᠬᠢᠯ ᠬᠠᠢᠯᠵᠤ ᠲᠠᠢᠪᠤᠰᠢᠷᠠᠭᠠᠳ ᠵᠠᠩᠭᠢᠷᠠᠭᠰᠠᠨ ᠪᠣᠳᠣᠯ ᠢ᠋ᠶ᠋ᠠᠨ ᠭᠣᠮᠣᠳᠠᠨ ᠲᠣᠭᠠᠴᠢᠵᠤ ᠠᠭᠤᠳᠠᠯᠤᠮᠠᠷ ᠰᠠᠨᠠᠭᠳᠠᠵᠤ ᠪᠠᠢᠯ᠎ᠠ᠃
ᠵᠠᠩᠵᠤᠨ ᠶᠠᠮᠤᠨ ᠤ᠋ ᠡᠵᠡᠨ ᠨᠣᠶᠠᠨ ᠡᠨᠡ ᠬᠦ᠌ ᠵᠢᠷᠮᠦᠰᠦᠨ ᠡᠬᠡᠨᠡᠷ ᠢ᠋ ᠤᠷᠠᠳ ᠤ᠋ᠨ ᠪᠠᠷᠠᠭᠤᠨ ᠬᠦᠩ ᠦ᠋ᠨ ᠬᠤᠰᠢᠭᠤᠨ ᠤ᠋ ᠬᠦᠩ ᠨᠣᠶᠠᠨ ᠰᠢᠷᠠᠪᠳᠣᠷᠵᠢ ᠶ᠋ᠢᠨ ᠪᠡᠯᠪᠡᠰᠦᠨ ᠪᠠᠭ᠎ᠠ ᠬᠠᠲᠤᠨ ᠰᠡᠷᠭᠦᠮ᠎ᠡ ᠭᠡᠰᠡᠨ ᠢ᠋ ᠮᠡᠳᠡᠭᠡᠳ ᠲᠤᠩ ᠬᠠᠯᠭᠤᠮᠰᠤᠭ ᠢ᠋ᠶ᠋ᠠᠷ ᠡᠨᠡᠷᠢᠨ ᠶᠠᠷᠢᠯᠴᠠᠵᠠᠢ᠃
ᠬᠠᠶᠠ ᠰᠢᠪᠡᠭᠴᠢᠨ ᠥᠬᠢᠨ ᠱᠠᠭᠠᠵᠠᠩ ᠴᠣᠮᠣ ᠲᠠᠢ ᠴᠠᠢ ᠰᠡᠯᠭᠦᠵᠦ᠂ ᠤᠰᠤᠨ ᠪᠣᠯᠣᠷ ᠫᠢᠯᠨᠨ ᠳ᠋ᠦ᠍ ᠡᠯᠳᠡᠪ ᠵᠢᠮᠢᠰ ᠠᠪᠴᠢᠷᠠᠵᠤ ᠲᠠᠯᠪᠢᠬᠤ ᠳ᠋ᠤ᠌ ᠲᠡᠭᠦᠨ ᠦ᠌ ᠳᠣᠲᠣᠷ᠎ᠠ ᠨᠡᠩᠳᠡ ᠲᠠᠯᠪᠢᠭᠤᠷᠠᠨᠠ᠃
ᠲᠡᠭᠡᠭᠡᠳ ᠪᠠᠭ᠎ᠠ ᠬᠠᠲᠤᠨ ᠤᠷᠠᠳ ᠤ᠋ᠨ ᠪᠠᠷᠠᠭᠤᠨ ᠬᠦᠩ ᠦ᠋ᠨ ᠬᠦᠩ ᠨᠣᠶᠠᠨ ᠰᠢᠷᠠᠪᠳᠣᠷᠵᠢ ᠶ᠋ᠢ ᠬᠦᠨᠳᠦ ᠡᠪᠡᠳᠴᠢᠯᠡᠭᠰᠡᠨ ᠬᠤᠭᠤᠴᠠᠭᠠᠨ ᠳ᠋ᠤ᠌ ᠪᠠ ᠲᠠᠭᠠᠯᠠᠯ ᠪᠣᠯᠤᠭᠰᠠᠨ ᠤ᠋ ᠳᠠᠷᠠᠭ᠎ᠠ ᠲᠤᠰ ᠬᠤᠰᠢᠭᠤᠨ ᠤ᠋ ᠵᠠᠷᠢᠮ ᠨᠣᠶᠠᠳ ᠲᠦᠰᠢᠮᠡᠳ ᠪᠠᠷᠠᠭᠤᠨ ᠬᠦᠩ ᠦ᠋ᠨ ᠬᠤᠰᠢᠭᠤᠨ ᠤ᠋ ᠡᠷᠬᠡ ᠶ᠋ᠢ ᠪᠤᠯᠢᠶᠠᠬᠤ ᠭᠡᠵᠦ ᠣᠷᠣᠯᠳᠣᠭᠰᠠᠨ᠃ ᠣᠷᠣᠨ ᠨᠤᠲᠤᠭ ᠤ᠋ᠨ ᠮᠣᠩᠭᠣᠯ ᠤᠯᠠᠮᠵᠢᠯᠠᠯᠲᠤ ᠵᠠᠩ ᠳᠠᠳᠬᠠᠯ᠂ ᠬᠠᠤᠯᠢ ᠵᠢᠷᠤᠮ ᠢ᠋ ᠰᠠᠬᠢᠬᠤ ᠦᠭᠡᠢ ᠭᠠᠰᠢᠭᠤᠳᠠᠯ ᠪᠡᠯᠪᠡᠰᠦᠷᠡᠯ ᠦ᠋ᠨ ᠬᠤᠭᠤᠴᠠᠭᠠᠨ ᠳ᠋ᠤ᠌ ᠬᠤᠰᠢᠭᠤᠨ ᠳᠣᠲᠣᠷ᠎ᠠ ᠥᠳᠥᠭᠡᠯᠭᠡ ᠰᠠᠮᠠᠭᠤᠷᠠᠯ ᠳᠡᠩᠳᠡᠭᠡᠵᠤ ᠲᠠᠮᠠᠭ᠎ᠠ ᠪᠤᠯᠢᠶᠠᠬᠤ ᠪᠠᠷ ᠬᠤᠤᠪᠢᠯᠳᠤᠭᠰᠠᠨ᠃ ᠡᠯᠳᠡᠪ ᠬᠤᠳᠠᠯ ᠬᠠᠭᠤᠷᠮᠠᠭ ᠴᠤᠤ ᠦᠭᠡ ᠲᠠᠷᠬᠠᠭᠠᠨ ᠬᠣᠰᠢᠭᠤ ᠨᠤᠲᠤᠭ ᠤ᠋ᠨ ᠠᠮᠤᠷ ᠲᠦᠪᠰᠢᠨ ᠢ᠋ ᠰᠠᠮᠠᠭᠤᠷᠠᠭᠤᠯᠤᠭᠰᠠᠨ᠃ ᠬᠣᠰᠢᠭᠤ ᠶᠠᠮᠤᠨ ᠤ᠋ ᠳᠣᠲᠣᠷ᠎ᠠ ᠶ᠋ᠢᠨ ᠬᠥᠮᠦᠰ ᠢ᠋ ᠥᠳᠥᠭᠡᠨ ᠶᠠᠮᠤᠨ ᠤ᠋ ᠡᠳ᠋ ᠬᠥᠷᠥᠩᠭᠡ ᠶ᠋ᠢ ᠬᠤᠯᠠᠭᠠᠢᠯᠠᠭᠰᠠᠨ᠃ ᠲᠤᠨᠤᠭ᠎ᠠ ᠳᠡᠭᠡᠷᠡᠮ ᠲᠡᠢ ᠬᠣᠯᠪᠣᠭᠠᠯᠠᠨ ᠳᠠᠯᠳᠠᠭᠤᠷ ᠡᠪᠳᠡᠯᠡᠭᠡ ᠬᠢᠭᠰᠡᠨ ᠵᠡᠷᠭᠡ ᠤᠪ ᠶᠠᠪᠤᠭᠤᠯᠭ᠎ᠠ ᠶ᠋ᠢ ᠨᠢᠭᠡᠳ ᠨᠢᠭᠡ ᠪᠡᠷ ᠲᠣᠭᠠᠴᠢᠨ ᠵᠠᠭᠠᠯᠳᠤᠪᠠ᠃
ᠡᠵᠡᠨ ᠨᠣᠶᠠᠨ ᠡᠨᠡ ᠬᠦ᠌ ᠭᠣᠮᠣᠳᠠᠯ ᠵᠡᠭᠦᠭᠰᠡᠨ( ᠦᠨᠡᠨ ᠳ᠋ᠡᠭᠡᠨ ᠤᠷᠠᠳ ᠨᠤᠲᠤᠭ ᠳᠤ ᠡᠢᠮᠦ ᠵᠠᠩ ᠪᠠᠢᠳᠠᠭ ᠦᠭᠡᠢ᠃ ᠪᠠᠭ᠎ᠠ ᠬᠠᠲᠤᠨ ᠮᠠᠨᠤᠨᠪᠠᠳᠮ᠎ᠠ ᠶ᠋ᠢᠨ ᠲᠣᠬᠢᠯᠲᠠ ᠪᠠᠷ ᠬᠢᠲᠠᠳ ᠵᠠᠩᠰᠢᠯ ᠢ᠋ᠶ᠋ᠠᠷ ᠬᠠᠷᠢᠲᠤ ᠳ᠋ᠠᠭᠠᠨ ᠬᠠᠷ᠎ᠠ ᠭᠣᠮᠣᠳᠠᠯ ᠤ᠋ᠨ ᠪᠥᠰ ᠵᠡᠭᠦᠭᠰᠡᠨ ᠨᠢ ᠡᠵᠡᠨ ᠨᠣᠶᠠᠨ ᠤ᠋ ᠡᠨᠡᠷᠢᠯ ᠠᠭᠤᠴᠢᠯᠠᠯ ᠢ᠋ ᠬᠣᠨᠵᠢᠬᠤ ᠰᠠᠨᠠᠭ᠎ᠠ ᠵᠣᠷᠢᠯᠭ᠎ᠠ ᠲᠠᠢ ᠠᠵᠢ) ᠵᠢᠷ ᠦ᠋ᠨ ᠪᠥᠭᠡᠳ ᠵᠢᠷ ᠦᠨ ᠪᠤᠰᠤ ᠪᠡᠯᠪᠡᠰᠦᠨ ᠪᠦᠰᠡᠭᠦᠢ ᠶ᠋ᠢᠨ ᠤᠷᠤᠰᠤᠮ᠎ᠠ ᠰᠠᠢᠬᠠᠨ ᠬᠢᠲᠠᠳ ᠬᠡᠯᠡ ᠪᠡᠷ ᠶᠠᠷᠢᠵᠤ ᠪᠠᠢᠭ᠎ᠠ ᠠᠪᠢᠶᠠᠰ ᠢ᠋ ᠪᠠᠬᠠᠷᠬᠠᠨ ᠲᠣᠭᠣᠵᠤ ᠪᠠᠢᠨ ᠪᠠᠢᠨ ᠲᠣᠯᠣᠭᠠᠢ ᠳᠣᠬᠢᠵᠤ ᠦᠨᠡᠮᠰᠢᠨ ᠢᠲᠡᠭᠡᠵᠦ ᠪᠠᠢᠯ᠎ᠠ᠃
ᠡᠵᠡᠨ ᠨᠣᠶᠠᠨ ᠪᠠᠭ᠎ᠠ ᠬᠠᠲᠤᠨ ᠤ᠋ ᠠᠮᠠ ᠪᠠᠷ ᠳᠡᠮᠵᠢᠵᠦ ᠤᠷᠠᠳ ᠤ᠋ᠨ ᠪᠠᠷᠠᠭᠤᠨ ᠬᠦᠩ ᠦ᠋ᠨ ᠬᠤᠰᠢᠭᠤᠨ ᠤ᠋ ᠳᠣᠲᠣᠭᠠᠳᠤ ᠪᠠᠢᠳᠠᠯ ᠢ᠋ ᠨᠠᠷᠢᠨ ᠣᠢᠯᠠᠭᠠᠬᠤ ᠳᠣᠣᠷᠠᠬᠢ ᠹᠦᠭᠤᠸᠠᠨ ᠨᠣᠶᠠᠨ ᠳ᠋ᠠᠭᠠᠨ《ᠡᠳᠡᠭᠡᠷ ᠳᠤᠰᠬᠠᠭᠰᠠᠨ ᠠᠰᠠᠭᠤᠳᠠᠯ ᠢ᠋ ᠶᠠᠮᠤᠨ ᠵᠠᠰᠠᠭ ᠤ᠋ᠨ ᠨᠡᠷ᠎ᠡ ᠪᠡᠷ ᠵᠥᠪ ᠵᠣᠬᠢᠰᠲᠠᠢ ᠪᠠᠢᠴᠠᠭᠠᠨ ᠰᠢᠢᠳᠪᠦᠷᠢᠯᠡᠲᠦᠭᠡᠢ》 ᠭᠡᠵᠦ ᠲᠤᠰᠢᠶᠠᠭᠠᠳ ᠪᠠᠭ᠎ᠠ ᠬᠠᠲᠤᠨ ᠢ᠋ ᠣᠳᠣᠬᠠᠨ ᠤ᠋ ᠮᠣᠩᠭᠣᠯ ᠬᠣᠰᠢᠭᠤᠳ ᠤ᠋ᠨ ᠸᠠᠩ ᠬᠦᠩ ᠦ᠋ᠨ ᠳᠤᠮᠳᠠ ᠰᠢᠯᠭᠠᠷᠠᠭᠰᠠᠨ ᠵᠠᠯᠠᠭᠤ ᠬᠠᠲᠤᠨ ᠪᠠᠢᠨ᠎ᠠ ᠭᠡᠵᠦ ᠮᠠᠭᠲᠠᠵᠢ ᠪᠢᠯᠡ᠃
ᠠᠭᠤᠯᠵᠠᠯᠲᠠ ᠶᠠᠷᠢᠯᠴᠠᠭ᠎ᠠ ᠡᠢᠨ ᠬᠦ᠌ ᠠᠮᠵᠢᠯᠲᠠᠲᠠᠢ ᠶᠠᠪᠤᠭᠳᠠᠵᠤ ᠥᠨᠳᠥᠷᠯᠡᠬᠦ ᠶ᠋ᠢᠨ ᠲᠦᠭᠦᠰ ᠪᠣᠯᠬᠤ ᠳ᠋ᠤ᠌ ᠡᠵᠡᠨ ᠨᠣᠶᠠᠨ ᠪᠠᠭ᠎ᠠ ᠬᠠᠲᠤᠨ ᠳ᠋ᠤ᠌ ᠭᠤᠷᠪᠠᠨ ᠰᠠᠨᠠᠮᠵᠢ ᠳᠤᠷᠠᠳᠪᠠ᠄ ᠨᠢᠭᠡ ᠳ᠋ᠦ᠍᠂ ᠰᠢᠷᠠᠪᠳᠣᠷᠵᠢ ᠨᠣᠶᠠᠨ ᠤ᠋ ᠭᠠᠰᠢᠭᠤᠳᠠᠯ ᠪᠡᠯᠪᠡᠰᠦᠷᠡᠯ ᠦ᠋ᠨ ᠬᠤᠭᠤᠴᠠᠭᠠᠨ ᠳ᠋ᠤ᠌ ᠦᠳᠲᠡᠷ ᠲᠦᠷᠭᠡᠨ ᠭᠠᠰᠢᠭᠤᠳᠠᠯ ᠤ᠋ᠨ ᠬᠤᠷᠠᠯ ᠬᠢᠬᠦ ᠬᠡᠷᠡᠭᠲᠡᠢ᠃ ᠬᠣᠶᠠᠷ ᠲᠤ᠂ ᠥᠪᠡᠷ ᠦ᠋ᠨ ᠪᠡᠶ᠎ᠡ ᠪᠡᠨ ᠬᠢᠮᠠᠭᠠᠳᠠᠵᠤ ᠬᠡᠪᠡᠯᠢ ᠳᠣᠲᠣᠷᠠᠬᠢ ᠨᠢᠯᠬ᠎ᠠ ᠪᠠᠨ ᠡᠷᠡᠭᠦᠯ ᠮᠡᠨᠳᠦ ᠲᠥᠷᠥᠬᠦ ᠶ᠋ᠢ ᠰᠠᠨᠠᠵᠤ ᠶᠠᠪᠤᠬᠤ ᠬᠡᠷᠡᠭᠲᠡᠢ᠃ ᠭᠤᠷᠪᠠ ᠳ᠋ᠤ᠌᠂ ᠲᠠᠨ ᠤ᠋ ᠪᠠᠷᠠᠭᠤᠨ ᠬᠦᠩ ᠦ᠋ᠨ ᠨᠤᠲᠤᠭ ᠲᠤ ᠵᠠᠢ ᠡᠵᠡᠯᠡᠵᠦ ᠰᠠᠭᠤᠭ᠎ᠠ ᠸᠠᠩ ᠵᠠᠩᠭᠤᠢᠳᠠ( ᠸᠠᠩ ᠰᠣᠬᠣᠷ) ᠤ᠋ᠨ ᠴᠡᠷᠢᠭ ᠢ᠋ ᠲᠦᠰᠢᠵᠦ᠂ ᠨᠤᠲᠤᠭ ᠢ᠋ᠶ᠋ᠠᠨ ᠬᠠᠮᠠᠭᠠᠯᠠᠬᠤ ᠴᠡᠷᠢᠭ ᠲᠡᠢ ᠪᠡᠨ ᠬᠣᠯᠪᠣᠭᠠᠯᠠᠨ᠂ ᠰᠢᠷ᠎ᠠ ᠵᠠᠮ᠂ ᠬᠠᠷ᠎ᠠ ᠲᠠᠮᠠᠬᠢᠨ ᠤ᠋ ᠭᠠᠢᠯᠢ ᠲᠠᠲᠠᠪᠤᠷᠢ ᠶ᠋ᠢ ᠰᠠᠢᠲᠤᠷ ᠬᠠᠮᠢᠶᠠᠷᠴᠤ᠂ ᠵᠥᠷᠢᠴᠡᠯ ᠮᠥᠷᠭᠥᠯᠳᠦᠭᠡᠨ ᠢ᠋ ᠡᠶ᠎ᠡ ᠡᠪᠲᠡᠢ ᠰᠢᠢᠳᠪᠦᠷᠢᠯᠡᠵᠦ ᠴᠢᠬᠤᠯᠠᠲᠠᠢ ᠦᠶ᠎ᠡ ᠳ᠋ᠦ᠍ ᠵᠠᠩᠵᠤᠨ ᠶᠠᠮᠤᠨ ᠤ᠋ ᠵᠠᠰᠠᠭ ᠤ᠋ᠨ ᠭᠠᠵᠠᠷ ᠠ᠋ᠴᠠ ᠵᠠᠷᠯᠢᠭ ᠵᠢᠭᠠᠪᠤᠷᠢ ᠠᠪᠤᠭᠠᠷᠠᠢ ᠭᠡᠵᠡᠢ᠃ ᠪᠠᠭ᠎ᠠ ᠬᠠᠲᠤᠨ ᠡᠵᠡᠨ ᠨᠣᠶᠠᠨ ᠤ᠋ ᠴᠢᠬᠤᠯᠠ ᠵᠢᠭᠠᠪᠤᠷᠢ ᠶ᠋ᠢ ᠠᠶᠤᠰᠢ ᠬᠠᠳᠠᠭ ᠡᠷᠭᠦᠨ ᠬᠦᠯᠢᠶᠡᠵᠦ ᠠᠪᠤᠭᠠᠳ《 ᠡᠷᠭᠢᠨ ᠬᠦᠨᠳᠦᠲᠦ ᠨᠣᠶᠠᠨ ᠲᠠᠨ ᠤ᠋ ᠵᠢᠭᠠᠪᠤᠷᠢᠯᠠᠭᠰᠠᠨ ᠵᠦᠢᠯ ᠢ᠋ ᠴᠢᠩᠳᠠᠯᠠᠨ ᠭᠦᠢᠴᠡᠳᠬᠡᠵᠦ ᠶᠠᠪᠤᠰᠤᠭᠠᠢ》 ᠭᠡᠵᠦ ᠠᠨᠳᠠᠭᠠᠢᠯᠠᠨ ᠪᠠᠲᠤᠯᠠᠪᠠ᠃
ᠲᠡᠷᠡ ᠣᠷᠣᠢ ᠳ᠋ᠤᠨᠢ ᠡᠵᠡᠨ ᠨᠣᠶᠠᠨ ᠬᠢᠲᠠᠳ ᠰᠢᠷᠡᠭᠡ ᠵᠠᠰᠠᠵᠤ ᠡᠯᠳᠡᠪ ᠬᠠᠭᠤᠷᠤᠯᠭ᠎ᠠ ᠵᠠᠭᠤᠰᠢ ᠪᠠᠢᠵᠠᠭᠠᠵᠤ ᠪᠠᠭ᠎ᠠ ᠬᠠᠲᠤᠨ ᠨᠠᠷ ᠢ᠋ ᠳᠠᠢᠯᠠᠭᠰᠠᠨ ᠢ᠋ ᠨᠠᠷᠢᠨ ᠥᠭᠦᠯᠡᠬᠦ ᠦᠭᠡᠢ᠃
ᠪᠠᠭ᠎ᠠ ᠬᠠᠲᠤᠨ ᠡᠨᠡ ᠤᠳᠠᠭ᠎ᠠ ᠵᠠᠩᠵᠤᠨ ᠶᠠᠮᠤᠨ ᠳ᠋ᠤ᠌ ᠠᠢᠯᠠᠳᠬᠠᠨ ᠪᠠᠭᠤᠵᠤ ᠭᠠᠷ ᠥᠭᠡᠳᠡ ᠭᠠᠨᠵᠤᠭ᠎ᠠ ᠳᠦᠭᠦᠷᠡᠩ ᠪᠤᠴᠠᠵᠠᠢ᠃
ᠪᠠᠭ᠎ᠠ ᠬᠠᠲᠤᠨ ᠭᠡᠷ ᠦ᠋ᠨ ᠪᠣᠱᠣᠭ᠎ᠠ ᠪᠠᠨ ᠳᠠᠪᠠᠵᠤ ᠤᠯᠤᠰ ᠲᠥᠷᠥ ᠶ᠋ᠢᠨ ᠲᠠᠪᠴᠠᠩ ᠳ᠋ᠤ᠌ ᠭᠠᠷᠬᠤ ᠠᠩᠬᠠᠨ ᠤ᠋ ᠠᠯᠬᠤᠮ ᠢ᠋ᠶ᠋ᠠᠨ ᠠᠯᠬᠤᠬᠤ ᠳ᠋ᠤ᠌ ᠵᠠᠩᠵᠤᠨ ᠶᠠᠮᠤᠨ ᠤ᠋ ᠨᠣᠶᠠᠨ ᠲᠠᠢ ᠢᠯᠭᠤᠮ ᠪᠠᠷᠠᠳᠠᠵᠤ ᠴᠢᠳᠠᠭᠰᠠᠨ ᠨᠢ ᠵᠣᠯᠲᠠᠢ ᠪᠤᠶᠤ!
ᠡᠨᠡᠷᠢᠯ ᠦᠭᠡᠢ ᠡᠨᠡ ᠬᠣᠷᠸ᠎ᠠ ᠶ᠋ᠢᠨ ᠡᠭᠡᠳᠡᠷᠡᠭᠡᠨᠲᠦ ᠠᠮᠢᠳᠤᠷᠠᠯ ᠤ᠋ᠨ ᠬᠠᠷᠭᠤᠢ ᠶ᠋ᠢ ᠤᠬᠠᠭᠠᠨ ᠪᠢᠯᠢᠭ᠂ ᠤᠷᠠᠨ ᠬᠣᠩᠰᠢᠶᠠᠷ᠂ ᠡᠳ᠋ ᠮᠥᠩᠭᠥ ᠪᠡᠷ ᠳᠡᠪᠢᠰᠴᠦ ᠢᠯᠭᠤᠮ ᠰᠢᠯᠤᠭᠤᠨ ᠢ᠋ᠶ᠋ᠠᠷ ᠲᠤᠭᠤᠯᠵᠤ ᠢᠷᠡᠭᠰᠡᠨ ᠢ᠋ ᠨᠢᠳᠦ ᠪᠡᠷ ᠢ᠋ᠶ᠋ᠡᠨ ᠦᠵᠡᠨ ᠪᠡᠶ᠎ᠡ ᠪᠡᠷ ᠥᠩᠭᠡᠷᠡᠭᠦᠯᠵᠦ ᠶᠠᠪᠤᠭ᠎ᠠ ᠳ᠋ᠠᠭᠠᠨ ᠪᠠᠭ᠎ᠠ ᠬᠠᠲᠤᠨ ᠳᠣᠲᠣᠷ᠎ᠠ ᠪᠠᠨ ᠡᠨᠡ ᠬᠣᠷᠸ᠎ᠠ ᠪᠣᠯ ᠶᠣᠰᠣᠲᠠᠢ ᠵᠣᠭᠣᠰ ᠲᠠᠢ ᠪᠣᠯ ᠵᠢᠷᠣᠭ᠎ᠠ ᠶᠠᠮᠤᠨ᠂ ᠵᠣᠭᠣᠰ ᠦᠭᠡᠢ ᠪᠣᠯ ᠵᠣᠭᠰᠣᠭ᠎ᠠ ᠶᠠᠮᠤᠨ ᠭᠡᠳᠡᠭ ᠢ᠋ ᠤᠯᠠᠮ ᠭᠦᠨ ᠮᠡᠳᠡᠵᠡᠢ᠃
ᠪᠠᠷᠠᠭᠤᠨ ᠬᠣᠢᠨ᠎ᠠ ᠠ᠋ᠴᠠ ᠪᠠᠷᠠᠭᠠᠨ ᠡᠭᠦᠯᠡ ᠨᠡᠲᠦᠢᠨ ᠤᠷᠭᠤᠵᠤ ᠮᠤᠨᠠ ᠠᠭᠤᠯᠠ ᠶ᠋ᠢᠨ ᠲᠤᠯᠤᠭᠠᠳ ᠢ᠋ ᠣᠷᠢᠶᠠᠨ ᠪᠠᠭᠯᠠᠷᠠᠨᠠ᠃ ᠬᠣᠰᠢᠭᠤ ᠶᠠᠮᠤᠨ ᠤ᠋ ᠬᠥᠬᠡ ᠲᠣᠭᠣᠰᠬᠠᠨ ᠬᠦᠷᠢᠶ᠎ᠡ᠂ ᠭᠠᠤᠯᠢᠨ ᠲᠣᠪᠣᠷᠤᠤ ᠲᠠᠢ ᠬᠦᠷᠡᠩ ᠤᠯᠠᠭᠠᠨ ᠪᠠᠨᠰᠨᠨ ᠬᠠᠭᠠᠯᠠᠭᠠᠨ ᠳ᠋ᠤ᠌ ᠰᠢᠷ᠎ᠠ᠂ ᠴᠠᠭᠠᠨ ᠴᠠᠭᠠᠰᠤᠨ ᠳᠡᠭᠡᠷ᠎ᠡ ᠬᠠᠷ᠎ᠠ ᠪᠡᠬᠡ ᠪᠡᠷ ᠪᠢᠴᠢᠭᠰᠡᠨ ᠭᠠᠰᠢᠭᠤᠳᠠᠯ ᠤ᠋ᠨ ᠤᠶᠠᠩᠭ᠎ᠠ ᠨᠠᠭᠠᠵᠤ᠂ ᠬᠦᠷᠢᠶᠡᠨ ᠳᠣᠲᠣᠷ᠎ᠠ ᠠ᠋ᠴᠠ ᠴᠢᠬᠢ ᠭᠠᠰᠠᠯᠤᠮᠠ ᠦᠬᠡᠷ ᠪᠦᠷᠢᠶ᠎ᠡ᠂ ᠭᠠᠩᠯᠢᠩ ᠪᠦᠷᠢᠶ᠎ᠡ᠂ ᠬᠢᠰᠠᠯᠠᠩ ᠤ᠋ᠨ ᠨᠠᠷᠢᠨ ᠪᠦᠳᠦᠭᠦᠨ ᠳᠠᠭᠤᠨ ᠬᠣᠣᠰᠯᠠᠨ ᠳᠤᠭᠤᠯᠳᠠᠨ᠎ᠠ᠃
ᠬᠣᠰᠢᠭᠤ ᠶᠠᠮᠤᠨ ᠤ᠋ ᠬᠦᠷᠢᠶᠡᠨ ᠭᠠᠳᠠᠨ᠎ᠠ ᠤᠷᠲᠤ ᠵᠡᠯ᠎ᠡ ᠲᠠᠲᠠᠵᠤ᠂ ᠣᠯᠠᠨ ᠮᠣᠷᠢᠳ ᠤᠶᠠᠭᠠᠲᠠᠢ ᠬᠠᠷᠠᠭᠳᠠᠨ᠎ᠠ᠃
ᠤᠷᠠᠳ ᠤ᠋ᠨ ᠪᠠᠷᠠᠭᠤᠨ ᠬᠦᠩ ᠦ᠋ᠨ ᠬᠣᠰᠢᠭᠤ ᠵᠠᠰᠠᠭ ᠬᠦᠩ ᠨᠣᠶᠠᠨ ᠰᠢᠷᠠᠪᠳᠣᠷᠵᠢ ᠶ᠋ᠢᠨ ᠲᠠᠭᠠᠯᠠᠯ ᠲᠡᠭᠦᠰᠦᠭᠡᠳ ᠳᠣᠯᠣᠭᠠᠨ ᠳᠣᠯᠣᠭ᠎ᠠ ᠳᠥᠴᠢ ᠶᠢᠰᠦᠨ ᠬᠣᠨᠣᠭ ᠤ᠋ᠨ ᠪᠡᠯᠪᠡᠰᠦᠷᠡᠯ ᠭᠠᠰᠢᠭᠤᠳᠠᠯ ᠤ᠋ᠨ ᠴᠤᠭᠯᠠᠭ᠎ᠠ ᠪᠣᠯᠵᠤ ᠪᠠᠢᠭ᠎ᠠ ᠨᠢ ᠡᠨᠡ ᠠᠵᠢ!
ᠬᠣᠯᠠ ᠣᠢᠷ᠎ᠠ ᠶ᠋ᠢᠨ ᠵᠣᠴᠢᠳ ᠮᠤᠩ ᠦᠭᠡᠢ᠃ ᠪᠠᠷᠠᠭᠤᠨ ᠬᠣᠰᠢᠭᠤ ᠠᠷᠪᠠᠨ ᠬᠣᠶᠠᠷ ᠰᠤᠮᠤᠨ ᠤ᠋ ᠵᠠᠯᠠᠨ ᠵᠠᠩᠭᠢ᠂ ᠮᠠᠯᠴᠢᠨ᠂ ᠰᠦᠮ᠎ᠡ ᠬᠡᠢᠳ ᠦ᠋ᠨ ᠯᠠᠮᠠ ᠨᠠᠷ᠂ ᠴᠡᠷᠢᠭ ᠦ᠋ᠨ ᠲᠠᠯ᠎ᠠ ᠶ᠋ᠢᠨ ᠬᠢᠨ ᠴᠦ᠍ ᠢᠷᠡᠯᠴᠡᠭᠰᠡᠨ ᠪᠠᠢᠯ᠎ᠠ᠃
ᠵᠡᠷᠭᠡᠯᠡᠳᠡᠭᠡ ᠬᠤᠰᠢᠭᠤᠨ ᠠ᠋ᠴᠠ ᠤᠷᠠᠳ ᠤ᠋ᠨ ᠳᠤᠮᠳᠠᠳᠤ ᠬᠦᠩ ᠦ᠋ᠨ ᠬᠣᠰᠢᠭᠤ᠂ ᠵᠡᠭᠦᠨ ᠬᠦᠩ ᠦ᠋ᠨ ᠬᠣᠰᠢᠭᠤ ᠲᠤᠰᠠᠯᠠᠭᠴᠢ ᠨᠣᠶᠠᠳ ᠪᠠ ᠶᠡᠬᠡ ᠵᠣᠣ ᠶ᠋ᠢᠨ ᠴᠢᠭᠤᠯᠭᠠᠨ ᠤ᠋ ᠳᠡᠯᠡᠳ᠂ ᠵᠦᠩᠭᠠᠷ᠂ ᠬᠠᠩᠭᠢᠨ ᠬᠣᠰᠢᠭᠤ᠂ ᠠᠯᠠᠱᠠᠨ ᠬᠣᠰᠢᠭᠤ᠂ ᠳᠠᠷᠬᠠᠨ᠂ ᠮᠤᠤᠮᠢᠩᠭᠠᠨ ᠬᠣᠰᠢᠭᠤᠤᠨ ᠲᠥᠯᠥᠭᠡᠯᠡᠭᠴᠢ ᠲᠣᠮᠢᠯᠠᠨ ᠣᠷᠣᠯᠴᠠᠪᠠ᠃
ᠤᠯᠠᠭᠠᠨ ᠱ᠌ᠢᠷᠦᠨ ᠵᠢᠩᠰᠡ ᠨᠢ ᠤᠲᠤᠭ᠎ᠠ ᠵᠠᠯᠠᠭᠠᠲᠤ ᠮᠠᠨᠵᠤ ᠮᠠᠯᠠᠭᠠᠢ ᠲᠠᠢ᠂ ᠬᠦᠮᠥᠭ ᠬᠠᠯᠵᠠᠨ ᠵᠢᠰᠢᠭᠦᠯᠵᠢᠨ ᠨᠠᠷᠢᠨ ᠰᠠᠬᠠᠯ ᠲᠠᠢ ᠰᠢᠷᠠᠪᠳᠣᠷᠵᠢ ᠬᠦᠩ ᠨᠣᠶᠠᠨ ᠤ᠋ ᠳᠦᠷᠢ ᠶ᠋ᠢ ᠲᠣᠮᠣᠷᠠᠭᠤᠯᠤᠨ ᠵᠢᠷᠤᠭᠰᠠᠨ ᠬᠥᠷᠥᠭ ᠦ᠋ᠨ ᠡᠮᠦᠨ᠎ᠡ ᠲᠠᠬᠢᠯ ᠤ᠋ᠨ ᠴᠥᠭᠥᠴᠡ᠂ ᠢᠳᠡᠭᠡᠨ ᠤᠮᠳᠠᠭᠠᠨ᠂ ᠬᠢᠲᠠᠳ ᠵᠢᠮᠢᠰ ᠵᠡᠷᠭᠡ ᠣᠯᠠᠨ ᠶᠠᠩᠵᠤ ᠶ᠋ᠢᠨ ᠲᠠᠬᠢᠯᠭ᠎ᠠ ᠲᠠᠬᠢᠬᠰᠠᠨ ᠪᠠᠢᠨ᠎ᠠ᠃ ᠬᠣᠶᠠᠷ ᠲᠠᠯ᠎ᠠ ᠪᠠᠷ ᠨᠢ ᠪᠦᠬᠦᠯᠢ ᠴᠠᠭᠠᠨ ᠶᠣᠷᠣᠭ ᠳᠡᠭᠡᠷ᠎ᠡ《 ᠬᠠᠪᠤᠲᠤ ᠬᠠᠰᠠᠷ ᠤ᠋ᠨ ᠬᠠᠳᠠᠨ ᠵᠣᠷᠢᠭ ᠢ᠋ᠶ᠋ᠠᠷ ᠠᠯᠤᠰ ᠤ᠋ᠨ ᠠᠶᠠᠨ ᠳ᠋ᠤ᠌ ᠳᠣᠪᠲᠣᠯᠬᠤᠶ᠎ᠠ( ᠵᠡᠭᠦᠨ) ᠬᠠᠲᠠᠭᠤ ᠪᠡᠷᠬᠡ ᠪᠠᠷᠲᠠᠭᠠᠲᠤ ᠵᠠᠮ ᠢ᠋ᠶ᠋ᠠᠷ ᠠᠭᠲᠠ ᠬᠦᠯᠦᠭ ᠵᠦᠳᠡᠷᠡᠪᠡᠢ( ᠪᠠᠷᠠᠭᠤᠨ) ᠭᠡᠰᠡᠨ ᠭᠠᠰᠢᠭᠤᠳᠠᠯ ᠤ᠋ᠨ ᠬᠣᠣᠰ ᠤᠶᠠᠩᠭ᠎ᠠ ᠶ᠋ᠢ ᠬᠠᠷ᠎ᠠ ᠪᠠᠷ ᠪᠢᠴᠢᠵᠦ ᠲᠡᠭᠦᠨ ᠦ᠌ ᠳᠡᠭᠡᠷ᠎ᠡ ᠨᠢ ᠬᠥᠨᠳᠡᠯᠡᠨ ᠢ᠋ᠶ᠋ᠡᠷ《 ᠤᠷᠠᠳ ᠤ᠋ᠨ ᠪᠠᠷᠠᠭᠤᠨ ᠬᠦᠩ ᠦ᠋ᠨ ᠬᠤᠰᠢᠭᠤᠨ ᠤ᠋ ᠬᠦᠩ ᠨᠣᠶᠠᠨᠲᠠᠨ ᠰᠢᠷᠠᠪᠳᠣᠷᠵᠢ ᠶ᠋ᠢ ᠮᠠᠰᠢᠳᠠ ᠡᠮᠭᠡᠨᠢᠨ ᠭᠠᠰᠢᠭᠤᠳᠠᠨᠠᠮ》 ᠭᠡᠵᠦ ᠪᠢᠴᠢᠭᠰᠡᠨ ᠪᠠᠢᠪᠠ᠃ ᠲᠠᠯᠢᠢᠭᠴᠢ ᠰᠢᠷᠠᠪᠳᠣᠷᠵᠢ ᠬᠦᠩ ᠨᠣᠶᠠᠨ ᠤ᠋ ᠬᠥᠷᠥᠭ ᠦ᠋ᠨ ᠡᠮᠦᠨᠡᠬᠢ ᠳᠠᠢᠯᠠᠭᠠ ᠶ᠋ᠢᠨ ᠰᠢᠷᠡᠭᠡᠨ ᠦ᠌ ᠳᠣᠣᠭᠤᠷ ᠠᠷᠪᠠᠭᠠᠳ ᠯᠠᠮᠠ ᠣᠯᠪᠣᠭᠲᠤ ᠤᠷ᠎ᠠ ᠳᠡᠭᠡᠷ᠎ᠡ ᠰᠠᠭᠤᠵᠤ《ᠢᠷᠦᠭᠡᠯ》 ᠤᠩᠰᠢᠭᠠᠳ ᠬᠥᠩᠬᠥᠷ ᠳᠦᠩᠭᠦᠷ᠂ ᠬᠣᠭᠣᠷᠣ ᠪᠠᠷ ᠨᠢ ᠪᠠᠰᠠ ᠬᠣᠩᠬᠣ ᠳᠠᠮᠠᠷᠤ ᠳ᠋ᠢᠩᠭᠠᠷ ᠳ᠋ᠠᠩᠭᠠᠷ ᠳᠤᠤᠭᠠᠷᠤᠨ᠎ᠠ᠃
ᠡᠯᠳᠡᠩᠭᠡ᠂ ᠵᠤᠳᠪᠠ ᠨᠠᠷ ᠬᠥᠮᠦᠨ ᠣᠯᠠᠨ ᠤ᠋ ᠳᠤᠮᠳᠠᠭᠤᠷ ᠡᠷᠭᠢᠴᠡᠵᠦ ᠶᠠᠪᠤᠭᠠᠳ ᠲᠠᠯᠢᠢᠭᠴᠢ ᠰᠢᠷᠠᠪᠳᠣᠷᠵᠢ ᠬᠦᠩ ᠨᠣᠶᠠᠨ ᠤ᠋ ᠬᠥᠷᠥᠭ ᠢ᠋ ᠡᠮᠵᠢᠵᠦ ᠪᠢᠴᠢᠭᠰᠡᠨ ᠭᠠᠰᠢᠭᠤᠳᠠᠯ ᠤ᠋ᠨ ᠤᠶᠠᠩᠭ᠎ᠠ ᠶ᠋ᠢ ᠬᠠᠷᠠᠭᠠᠳ᠄《 ᠬᠡᠩ! ᠬᠠᠪᠤᠲᠤ ᠬᠠᠰᠠᠷ ᠤ᠋ᠨ ᠬᠠᠳᠠᠨ ᠵᠣᠷᠢᠭ᠁ ᠭᠡᠨ᠎ᠡ ᠰᠢᠦ!》 ᠭᠡᠵᠦ ᠬᠠᠮᠠᠷ ᠢ᠋ᠶ᠋ᠠᠷ ᠢ᠋ᠶ᠋ᠠᠨ ᠬᠦᠢᠲᠡᠨ ᠢ᠋ᠶ᠋ᠡᠷ ᠭᠣᠩᠰᠢᠨ ᠳᠤᠤᠭᠠᠷᠴᠤ ᠦᠯᠦ ᠲᠣᠭᠤᠰᠠᠷᠯᠠᠭᠰᠠᠨ ᠪᠠᠢᠳᠠᠯ ᠲᠠᠢ ᠬᠣᠰᠢᠭᠤ ᠮᠤᠰᠢᠢᠵᠤ ᠪᠠᠢᠯ᠎ᠠ᠃
ᠭᠠᠰᠢᠭᠤᠳᠠᠯ ᠤ᠋ᠨ ᠴᠤᠭᠯᠠᠭ᠎ᠠ ᠶ᠋ᠢ ᠪᠠᠷᠠᠭᠤᠨ ᠲᠤᠰᠠᠯᠠᠭᠴᠢ ᠮᠢᠩᠭᠠᠨᠪᠤᠤ ᠮᠡᠳᠡᠵᠦ᠂ ᠪᠠᠭ᠎ᠠ ᠬᠠᠲᠤᠨ ᠪᠠᠷᠠᠭᠤᠨ ᠬᠣᠰᠢᠭᠤ ᠵᠠᠰᠠᠭ ᠤ᠋ᠨ ᠡᠮᠦᠨ᠎ᠡ ᠡᠴᠡ ᠭᠠᠰᠢᠭᠤᠳᠠᠯ ᠲᠣᠭᠠᠴᠢᠪᠠ᠄
ᠡᠷᠭᠢᠨ ᠬᠦᠨᠳᠦᠲᠦ ᠬᠣᠯᠠ ᠣᠢᠷ᠎ᠠ ᠶ᠋ᠢᠨ ᠵᠣᠴᠢᠳ ᠪᠠ ᠡᠷᠬᠢᠮᠰᠦᠭ ᠳᠡᠭᠡᠳᠦ ᠨᠣᠶᠠᠳ ᠵᠢᠩᠰᠡᠲᠡᠨ᠂ ᠡᠭᠡᠯ ᠵᠢᠷ ᠦ᠋ᠨ ᠮᠠᠯᠴᠢᠨ ᠠᠬ᠎ᠠ ᠳᠡᠭᠦᠦ ᠨᠠᠷ ᠠ᠋᠄
ᠡᠳᠦᠭᠡ ᠪᠢ ᠵᠠᠩᠵᠤᠨ ᠤ᠋ ᠡᠵᠡᠨ ᠨᠣᠶᠠᠨᠲᠠᠨ ᠤ᠋ ᠰᠠᠨᠠᠯ ᠢ᠋ᠶ᠋ᠠᠷ ᠤᠷᠠᠳ ᠤ᠋ᠨ ᠪᠠᠷᠠᠭᠤᠨ ᠬᠦᠩ ᠦ᠋ᠨ ᠬᠣᠰᠢᠭᠤ ᠵᠠᠰᠠᠭ᠂ ᠬᠣᠰᠢᠭᠤ ᠣᠯᠠᠨ ᠲᠦᠮᠡᠨ ᠦ᠌ ᠡᠮᠦᠨ᠎ᠡ ᠡᠴᠡ ᠬᠦᠩ ᠨᠣᠶᠠᠨ ᠲᠠᠯᠢᠢᠭᠴᠢ ᠰᠢᠷᠠᠪᠳᠣᠷᠵᠢ ᠨᠣᠶᠠᠨᠲᠠᠨ ᠢ᠋ ᠡᠨᠳᠡ ᠡᠯᠢᠭᠡ ᠡᠮᠲᠡᠷᠡᠨ ᠡᠮᠭᠡᠨᠢᠵᠦ᠂ ᠦᠷᠦ ᠡᠪᠡᠳᠦᠨ ᠭᠠᠰᠢᠭᠤᠳᠠᠵᠤ ᠪᠠᠢᠨ᠎ᠠ᠁
ᠭᠡᠳ ᠨᠢᠯᠪᠤᠰᠤ ᠪᠠᠨ ᠵᠦᠯᠭᠦᠬᠦ ᠳ᠋ᠦ᠍ ᠬᠣᠭᠣᠯᠠᠢ ᠨᠢ ᠡᠷᠢᠶᠡᠨᠲᠦᠨ ᠴᠡᠴᠡᠷᠭᠡᠨᠡᠵᠦ ᠪᠠᠢᠯ᠎ᠠ᠃
ᠬᠤᠷᠠᠭᠰᠠᠨ ᠬᠥᠮᠦᠰ ᠴᠦ᠍ ᠲᠠᠯᠢᠢᠭᠴᠢ ᠶ᠋ᠢᠨ ᠬᠣᠢᠨ᠎ᠠ ᠠ᠋ᠴᠠ ᠭᠠᠰᠢᠭᠤᠳᠠᠵᠤ ᠰᠡᠳᠬᠢᠯ ᠲᠦᠪᠳᠡᠬᠦ ᠦᠭᠡᠢ ᠳ᠋ᠡᠭᠡᠨ ᠪᠠᠭ᠎ᠠ ᠬᠠᠲᠤᠨ ᠤ᠋ ᠶᠠᠷᠢᠶᠠᠨ ᠳ᠋ᠤ᠌ ᠵᠣᠪᠬᠢ ᠨᠢ ᠴᠥᠮ ᠨᠣᠷᠤᠭᠰᠠᠨ ᠪᠠᠢᠪᠠ᠃
ᠪᠠᠷᠠᠭᠤᠨ ᠬᠣᠰᠢᠭᠤ ᠬᠦᠩ ᠦ᠋ᠨ ᠬᠢᠨ ᠦ᠌ ᠡᠩᠭᠡᠷ ᠪᠦᠲᠦᠨ ᠡᠯᠢᠭᠡ ᠬᠠᠯᠠᠭᠤᠨ ᠠᠬ᠎ᠠ ᠳᠡᠭᠦᠦ ᠨᠠᠷ ᠠ᠋! ᠪᠢᠳᠡ ᠪᠦᠭᠦᠳᠡᠭᠡᠷ ᠢ᠋ᠶ᠋ᠡᠨ ᠡᠪᠦᠭᠡ ᠳᠡᠭᠡᠳᠦᠰ ᠬᠠᠪᠤᠲᠤ ᠬᠠᠰᠠᠷ ᠤ᠋ᠨ ᠬᠠᠳᠠᠨ ᠵᠣᠷᠢᠭ ᠢ᠋ ᠡᠪᠦᠷᠯᠡᠵᠦ᠂ ᠨᠢᠭᠡ ᠡᠷᠴᠢᠮ ᠦ᠋ᠨ ᠳᠡᠭᠡᠰᠦ ᠰᠢᠭ ᠨᠢᠭᠲᠠᠷᠠᠨ ᠴᠢᠩᠭᠠᠷᠠᠵᠤ᠂ ᠬᠣᠰᠢᠭᠤ ᠨᠤᠲᠤᠭ ᠤ᠋ᠨ ᠮᠢᠨᠢ ᠬᠤᠮᠠᠬᠢ ᠰᠢᠷᠣᠢ ᠶ᠋ᠢ ᠴᠦ᠍ ᠬᠢᠮᠤᠰᠤᠯᠠᠬᠤ ᠪᠠᠷ ᠥᠩᠭᠡᠯᠴᠡᠭᠴᠢ ᠨᠢᠭᠡ ᠪᠦᠷᠢ ᠶ᠋ᠢ ᠪᠤᠲᠠ ᠴᠣᠬᠢᠵᠤ᠂ ᠬᠣᠰᠢᠭᠤ ᠨᠤᠲᠤᠭ ᠢ᠋ᠶ᠋ᠠᠨ ᠬᠠᠮᠠᠭᠠᠯᠠᠬᠤ ᠪᠠᠷ ᠡᠪᠯᠡᠷᠡᠯᠴᠡᠨ ᠲᠡᠮᠡᠴᠡᠵᠡᠭᠡᠶ᠎ᠡ! ᠪᠤᠷᠬᠢ ᠪᠣᠷᠭᠢ ᠪᠠᠨ ᠬᠡᠰᠬᠢᠵᠤ᠂ ᠬᠣᠷᠮᠣᠢ ᠬᠣᠷᠮᠣᠢ ᠪᠠᠨ ᠤᠷᠠᠯᠴᠠᠳᠠᠭ ᠬᠣᠭᠣᠷᠣ ᠵᠠᠭᠤᠷ᠎ᠠ ᠶ᠋ᠢᠨ ᠠᠰᠢᠭ ᠬᠣᠨᠵᠢᠶ᠎ᠠ ᠶ᠋ᠢᠨ ᠲᠥᠯᠥᠭᠡ ᠳᠣᠲᠣᠷ᠎ᠠ ᠪᠠᠨ ᠮᠠᠭᠤᠳᠠᠯᠴᠠᠭᠰᠠᠨ ᠭᠤᠨᠢᠭᠲᠤ ᠵᠦᠴᠦᠭᠡ ᠶ᠋ᠢ ᠳᠠᠬᠢᠵᠤ ᠶᠠᠭᠠᠬᠢᠭᠰᠠᠨ ᠴᠣ ᠲᠣᠭᠯᠠᠬᠤ ᠦᠭᠡᠢ᠁
ᠡᠷᠭᠢᠨ ᠬᠦᠨᠳᠦᠲᠦ ᠲᠠᠯᠢᠢᠭᠴᠢ ᠬᠦᠩ ᠨᠣᠶᠠᠨᠲᠠᠨ ᠠᠶᠠᠨ ᠤ᠋ ᠵᠠᠮ ᠳ᠋ᠠᠭᠠᠨ ᠠᠭᠠᠵᠢᠭᠤ ᠲᠠᠢᠪᠤᠭᠤᠬᠠᠨ ᠰᠠᠨᠠᠭ᠎ᠠ ᠠᠮᠤᠷ ᠰᠠᠢᠨ ᠶᠠᠪᠤᠭᠠᠷᠠᠢ! ᠵᠠᠰᠠᠭ ᠬᠦᠩ ᠢ᠋ ᠴᠢᠨᠢ ᠵᠠᠯᠭᠠᠵᠤ ᠠᠪᠬᠤ ᠦᠷ᠎ᠡ ᠬᠣᠢᠴᠢᠰ ᠴᠢᠨᠢ ᠡᠨᠡ ᠬᠣᠷᠸ᠎ᠠ ᠳ᠋ᠤ᠌ ᠤᠭᠢᠯᠡᠭᠬᠠᠨ ᠢᠷᠡᠵᠦ ᠢᠨᠢᠶᠡᠩᠬᠡᠨ ᠶᠠᠪᠤᠨ᠎ᠠ ᠠ᠋!
ᠨᠣᠶᠠᠨᠲᠠᠨ ᠠᠮᠤᠷᠯᠢᠩᠭᠤᠢ ᠨᠣᠢᠷᠰᠤᠭᠠᠷᠠᠢ!
ᠭᠡᠳ ᠪᠠᠭ᠎ᠠ ᠬᠠᠲᠤᠨ ᠲᠠᠯᠢᠢᠭᠴᠢ ᠶ᠋ᠢᠨ ᠬᠥᠷᠥᠭ ᠲᠠᠬᠢᠯ ᠤ᠋ᠨ ᠡᠮᠦᠨ᠎ᠡ ᠣᠴᠢᠵᠤ ᠡᠩᠭᠡᠷ ᠦ᠋ᠨ ᠨᠢᠭᠡ ᠲᠣᠪᠴᠢ ᠪᠠᠨ ᠮᠤᠯᠲᠤᠯᠵᠤ ᠰᠥᠭᠥᠳᠦᠨ ᠮᠥᠷᠭᠥᠬᠦ ᠳ᠋ᠦ᠍ ᠬᠤᠷᠠᠭᠰᠠᠨ ᠬᠥᠮᠦᠰ ᠴᠦ᠍ ᠡᠩᠭᠡᠷ ᠦ᠋ᠨ ᠨᠢᠭᠡ ᠲᠣᠪᠴᠢ ᠪᠠᠨ ᠮᠤᠯᠲᠤᠯᠵᠤ ᠭᠤᠷᠪᠠᠨᠲᠠ ᠮᠡᠬᠦᠢᠨ ᠮᠥᠷᠭᠥᠵᠡᠭᠡᠪᠡ᠃
ᠭᠠᠰᠢᠭᠤᠳᠠᠯ ᠤ᠋ᠨ ᠴᠤᠭᠯᠠᠭ᠎ᠠ ᠲᠠᠷᠬᠠᠵᠤ ᠬᠥᠮᠦᠰ ᠮᠣᠷᠢᠨ ᠤ᠋ ᠪᠠᠨ ᠰᠤᠯᠠᠯᠠᠭᠰᠠᠨ ᠣᠯᠣᠩ ᠢ᠋ ᠴᠢᠩᠭᠠᠯᠠᠵᠤ ᠨᠣᠭᠲᠣ ᠬᠠᠵᠠᠭᠠᠷ ᠤ᠋ᠨ ᠰᠠᠭᠠᠯᠳᠤᠷᠭ᠎ᠠ ᠶ᠋ᠢ ᠲᠣᠪᠴᠢᠯᠠᠭᠠᠳ ᠮᠣᠷᠳᠠᠬᠤ ᠨᠢ ᠮᠣᠷᠳᠠᠵᠠᠭᠠᠨᠠ᠃
ᠵᠤᠳᠪᠠ ᠮᠡᠢᠷᠡᠨ ᠵᠢᠷᠣᠭ᠎ᠠ ᠰᠢᠷᠭ᠎ᠠ ᠶ᠋ᠢᠨ ᠢ᠋ᠶ᠋ᠡᠨ ᠣᠯᠣᠩ ᠢ᠋ ᠴᠢᠩᠭᠠᠯᠠᠩᠭᠠᠨ ᠡᠯᠳᠡᠩᠭᠡ ᠳ᠋ᠦ᠍ ᠬᠠᠪᠢᠳᠠᠵᠤ᠄
— ᠪᠠᠭ᠎ᠠ ᠬᠠᠲᠤᠨ ᠤ᠋ ᠴᠣᠳᠣᠢᠭᠰᠠᠨ ᠭᠡᠳᠡᠰᠦᠨ ᠳ᠋ᠦ᠍ ᠶᠠᠮᠠᠷ ᠬᠥᠮᠦᠨ ᠦ᠌ ᠰᠢᠭᠡᠰᠦ ᠠᠮᠢᠯᠠᠪᠠ? ᠭᠡᠳ ᠬᠠᠭ ᠬᠠᠭ ᠢᠨᠢᠶᠡᠬᠦ ᠳ᠋ᠦ᠍ ᠡᠯᠳᠡᠩᠭᠡ ᠲᠣᠰᠴᠤ᠄
— ᠠ ᠳᠠ᠂ ᠮᠡᠳᠡᠬᠦ ᠦᠭᠡᠢ ᠠ᠋! ᠬᠡᠨ ᠦ᠌ ᠰᠢᠭᠡᠰᠦ ᠴᠦ᠍ ᠪᠣᠯᠤᠭ ᠨᠢᠭᠡ ᠥᠴᠦᠬᠡᠨ ᠪᠦᠯᠢᠶᠡᠨ ᠠᠮᠢ ᠭᠦᠷᠪᠡᠯᠵᠡᠵᠦ ᠪᠠᠢᠳᠠᠭ ᠴᠤ᠌ ᠪᠣᠯ ᠲᠡᠭᠡᠭᠡᠳ ᠶᠠᠭᠠᠬᠢᠬᠤ ᠪᠣᠢ? ᠰᠢᠷᠠᠪᠳᠣᠷᠵᠢ ᠶ᠋ᠢᠨ ᠬᠦᠦ ᠯᠡ ᠭᠡᠬᠦ ᠡᠴᠡ ᠭᠡᠪᠡ᠃
— ᠬᠠ᠂ ᠬᠠ᠁ ᠭᠡᠵᠦ ᠳᠠᠪᠠᠯᠠᠨ ᠢᠨᠢᠶᠡᠭᠰᠡᠨ ᠵᠤᠳᠪᠠ ᠮᠡᠢᠷᠡᠨ《 ᠲᠠᠨ ᠤ᠋ ᠬᠡᠯᠡᠬᠦ ᠪᠡᠷ ᠪᠣᠯ᠁ ᠶᠠᠭᠤ ᠴᠦ᠍ ᠦᠭᠡᠢ ᠭᠡᠰᠡᠨ ᠦᠭᠡ ᠤᠤ?》 ᠭᠡᠵᠦ ᠵᠣᠷᠢᠭᠤᠳᠠ ᠡᠯᠳᠡᠩᠭᠡ ᠶ᠋ᠢ ᠰᠣᠨᠢᠷᠬᠠᠨ ᠬᠠᠷᠠᠪᠠᠯ ᠡᠯᠳᠡᠩᠭᠡ᠄
— ᠵᠥᠪ! ᠠᠶ᠎ᠠ ᠦᠭᠡᠢᠳᠡᠪᠡᠯ ᠲᠡᠷᠡ ᠤᠷᠠᠨ ᠬᠣᠩᠰᠢᠶᠠᠷᠲᠤ ᠤᠬᠠᠭᠠᠨ ᠤ᠋ ᠲᠤᠯᠤᠮ ᠮᠠᠨᠤᠨᠪᠠᠳᠮ᠎ᠠ ᠶ᠋ᠢᠨ ᠭᠦᠶᠦᠯᠭᠡᠭᠰᠡᠨ ᠴᠢᠳᠬᠥᠷ ᠪᠠᠢᠵᠤ ᠶᠠᠳᠠᠬᠤ ᠦᠭᠡᠢ᠃ ᠴᠢ ᠲᠡᠷᠡ ᠪᠠᠭ᠎ᠠ ᠬᠠᠲᠤᠨ ᠤ᠋ ᠴᠢᠷᠠᠢ ᠨᠢᠭᠤᠷ ᠢ᠋ ᠰᠠᠢᠨ ᠠᠵᠢᠭᠯᠠᠪᠠᠯ ᠮᠡᠳᠡᠴᠢᠬᠡᠬᠦ ᠦᠭᠡᠢ ᠤᠤ? ᠪᠠᠷᠤᠭ ᠤ᠋ᠨ ᠳᠠᠪᠬᠤᠷ ᠪᠦᠰᠡᠭᠦᠢ ᠶ᠋ᠢᠨ ᠴᠢᠷᠠᠢ ᠳ᠋ᠤ᠌ ᠨᠣᠭᠲᠤᠨ ᠤ᠋ ᠣᠷᠣᠮ ᠬᠠᠯᠲᠠᠷᠰᠢᠵᠤ ᠨᠢᠭᠤᠷ ᠴᠢᠷᠠᠢ ᠨᠢ ᠤᠰᠤᠨ ᠬᠠᠪᠤᠩ ᠰᠠᠭᠤᠭᠰᠠᠨ ᠰᠢᠭ᠋ ᠰᠤᠯᠠ ᠬᠡᠢᠪᠤᠩ ᠪᠠᠢᠳᠠᠭ ᠶᠤᠮ ᠳᠠ! ᠲᠡᠭᠦᠨ ᠳ᠋ᠦ᠍ ᠬᠠᠮᠢᠭ᠎ᠠ ᠪᠣᠢ? ᠭᠡᠯᠡ᠃
— ᠴᠣᠬᠣᠮ ᠠ᠋! ᠭᠡᠳᠡᠰᠦ ᠭᠦᠵᠡᠭᠡ ᠨᠢ ᠴᠦ᠍ ᠨᠢᠭᠡ ᠴᠠᠭᠠᠨ᠎ᠠ ᠪᠠᠨ ᠬᠥᠰᠢᠭᠦᠨ ᠬᠠᠷᠠᠭᠳᠠᠬᠤ ᠰᠢᠤᠬᠠᠨ ᠶᠤᠮ ᠠ᠋! ᠭᠡᠳ ᠮᠣᠷᠢᠨ ᠳ᠋ᠠᠭᠠᠨ ᠮᠣᠷᠳᠠᠪᠠ᠃
— ᠵᠠ ᠲᠡᠭᠡᠭᠡᠳ ᠪᠠᠭ᠎ᠠ ᠬᠠᠲᠤᠨ ᠵᠠᠰᠠᠭ ᠵᠠᠯᠭᠠᠮᠵᠢᠯᠠᠬᠤ ᠭᠡᠵᠦ ᠶᠠᠭᠠᠬᠢᠵᠤ ᠲᠥᠷᠥᠳᠡᠭ ᠢ᠋ ᠬᠠᠷᠠᠵᠤ ᠯᠠ ᠪᠠᠢᠶ᠎ᠠ!
— ᠭᠡᠩ᠂ ᠴᠠᠭᠠᠳᠤᠬᠢ ᠴᠢᠨᠢ ᠦᠨᠡᠬᠡᠷ ᠵᠣᠷᠢᠭ ᠬᠠᠲᠠᠭᠤ ᠯᠠ ᠪᠠᠢᠨ᠎ᠠ ᠰᠢᠦ ᠳᠡ! ᠡᠵᠡᠨ ᠨᠣᠶᠠᠨ ᠤ᠋ ᠰᠡᠳᠬᠢᠯ ᠢ᠋ ᠣᠯᠵᠤ᠂ ᠥᠨᠥᠳᠥᠷ ᠲᠠᠯᠢᠢᠭᠴᠢ ᠳ᠋ᠤ᠌ ᠭᠠᠰᠢᠭᠤᠳᠠᠯ ᠤ᠋ᠨ ᠶᠠᠷᠢᠶ᠎ᠠ ᠤᠩᠰᠢᠭᠰᠠᠨ ᠢ᠋ ᠰᠣᠨᠣᠰᠤᠭ᠎ᠠ ᠦᠭᠡᠢ ᠤᠤ?《 ᠵᠠᠰᠠᠭ ᠬᠦᠩ ᠢ᠋ ᠵᠠᠯᠭᠠᠬᠤ ᠬᠦᠦ ᠲᠥᠷᠥᠵᠦ ᠥᠭᠭᠦᠨ᠎ᠡ》 ᠭᠡᠰᠡᠨ ᠰᠢᠤᠬᠡᠨ ᠶᠠᠭᠤᠮ᠎ᠠ ᠬᠡᠯᠡᠵᠦ ᠪᠠᠢᠭᠰᠠᠨ ᠦᠭᠡᠢ ᠤᠤ?
— ᠳᠠᠶᠠᠭᠠᠷ ᠣᠯᠠᠨ ᠢ᠋ ᠴᠤᠭᠯᠠᠭᠠᠵᠤ ᠡᠵᠡᠨ ᠨᠣᠶᠠᠨ ᠤ᠋ ᠨᠥᠮᠥᠷᠢ ᠪᠡᠷ ᠪᠡᠶ᠎ᠡ ᠪᠡᠨ ᠰᠦᠷᠡᠬᠡᠢ ᠨᠢᠭᠡ ᠭᠠᠢᠬᠠᠭᠤᠯᠵᠤ ᠠᠪᠤᠯ᠎ᠠ ᠳᠠ! ᠮᠠᠨ ᠤ᠋ ᠪᠠᠷᠠᠭᠤᠨ ᠬᠦᠩ ᠦ᠋ᠨ ᠬᠢᠨ ᠶᠠᠭᠳᠠᠬᠤ ᠳ᠋ᠠᠭᠠᠨ《 ᠮᠤᠬᠤᠷ ᠵᠠᠰᠠᠭ》① ᠤ᠋ᠨ ᠳᠣᠣᠷ᠎ᠠ ᠭᠤᠷᠪᠠ ᠰᠥᠯᠯᠡᠭᠰᠡᠨ ᠰᠠᠢᠪᠤᠷ ᠵᠢᠷᠣᠭ᠎ᠠ ᠣᠷᠣᠵᠤ ᠰᠠᠢᠬᠠᠨ ᠶᠠᠭᠤᠮ᠎ᠠ ᠰᠣᠨᠣᠰᠬᠠᠨ᠎ᠠ ᠪᠣᠢ ᠭᠡᠵᠦ ᠬᠡᠯᠡᠯᠴᠡᠨ ᠡᠯᠳᠡᠩᠭᠡ ᠵᠤᠤᠨᠪᠠ ᠮᠡᠢᠷᠡᠨ ᠬᠣᠶᠠᠭᠤᠯᠠ ᠵᠤᠤᠵᠠᠢ ᠬᠣᠯᠪᠣᠨ ᠭᠠᠯᠭᠢᠭᠤᠯᠵᠤ᠂ ᠲᠡᠭᠦᠨ ᠦ᠌ ᠠᠷᠤ ᠠ᠋ᠴᠠ ᠨᠢ ᠰᠢᠳᠤᠷᠭᠤ ᠳᠠᠭᠠᠭᠰᠠᠳ ᠣᠯᠠᠨ ᠮᠣᠷᠢᠲᠠᠨ ᠲᠣᠭᠣᠰᠣ ᠲᠠᠲᠠᠭᠤᠯᠤᠨ ᠮᠠᠨᠠᠷᠠᠭᠠᠨᠠ᠃
ᠤᠷᠠᠳ ᠤ᠋ᠨ ᠪᠠᠷᠠᠭᠤᠨ ᠬᠦᠩ ᠦ᠋ᠨ ᠬᠦᠩ ᠨᠣᠶᠠᠨ ᠰᠢᠷᠠᠪᠳᠣᠷᠵᠢ ᠶ᠋ᠢ ᠲᠠᠯᠢᠢᠭᠴᠢ ᠪᠣᠯᠤᠭᠰᠠᠨ ᠤ᠋ ᠳᠠᠷᠠᠭ᠎ᠠ ᠪᠠᠷᠢᠴᠠᠨ ᠵᠠᠯᠭᠠᠮᠵᠢᠯᠠᠬᠤ ᠬᠦᠦ ᠦᠭᠡᠢ ᠪᠣᠯᠬᠣᠷ ᠪᠠᠷᠠᠭᠤᠨ ᠬᠦᠩ ᠦ᠋ᠨ ᠬᠣᠰᠢᠭᠤ ᠵᠠᠰᠠᠭ ᠤ᠋ᠨ ᠡᠷᠬᠡ ᠶ᠋ᠢ ᠴᠣᠬᠣᠮ ᠬᠡᠨ ᠵᠠᠯᠭᠠᠮᠵᠢᠯᠠᠵᠤ ᠪᠠᠷᠢᠳᠠᠭ ᠪᠢᠯᠡ? ᠭᠡᠰᠡᠨ ᠲᠤᠯᠭᠠᠮ ᠠᠰᠠᠭᠤᠳᠠᠯ ᠬᠥᠮᠦᠨ ᠪᠦᠬᠦᠨ ᠦ᠌ ᠡᠮᠦᠨ᠎ᠡ ᠲᠠᠯᠪᠢᠭᠳᠠᠵᠤ ᠴᠣᠬᠣᠮ ᠶᠠᠭᠠᠬᠢᠳᠠᠭ ᠢ᠋ ᠨᠢ ᠲᠠᠭᠠᠮᠠᠭᠯᠠᠬᠤᠶᠠ ᠪᠡᠷᠬᠡ ᠪᠠᠢᠯ᠎ᠠ᠃ ᠢᠩᠭᠢᠭᠡᠳ ᠪᠠᠷᠠᠭᠤᠨ ᠬᠦᠩ ᠦ᠋ᠨ ᠬᠢᠨ ᠲᠣᠯᠣᠭᠠᠢ ᠦᠭᠡᠢ ᠮᠣᠭᠠᠢ ᠰᠢᠭ᠋ ᠰᠡᠭᠦᠯ ᠨᠢ ᠳᠡᠮᠡᠢ ᠭᠤᠶᠠᠳᠠᠯᠠᠭᠠᠳ ᠪᠠᠢᠬᠤ ᠲᠡᠳᠦᠢ ᠪᠠᠢᠪᠠ᠃
ᠵᠡᠭᠦᠨ ᠪᠠᠷᠠᠭᠤᠨ ᠲᠤᠰᠠᠯᠠᠭᠴᠢ ᠱᠠᠭᠳᠤᠷᠰᠦ᠋ᠷᠦᠩ ᠪᠣᠯᠤᠨ ᠮᠢᠩᠭᠠᠨᠪᠤᠤ᠂ ᠷᠠᠰᠢ ᠵᠠᠬᠢᠷᠤᠭᠴᠢ ᠨᠠᠷ ᠤ᠋ᠨ ᠳᠣᠲᠣᠷ᠎ᠠ ᠤᠷᠠᠳ ᠤᠭᠰᠠᠭᠠᠨ ᠤ᠋ ᠲᠠᠢᠵᠢ ᠢᠵᠠᠭᠤᠷᠲᠤ ᠰᠠᠮᠪᠤᠤ ᠶ᠋ᠢ ᠵᠠᠰᠠᠭ ᠬᠦᠩ ᠵᠠᠯᠭᠠᠮᠵᠢᠯᠠᠭᠤᠯᠬᠤ ᠪᠠᠷ ᠵᠢᠱ᠌ᠢᠵᠦ ᠪᠠᠢᠭᠰᠠᠨ ᠪᠣᠯᠪᠠᠴᠤ ᠪᠠᠭ᠎ᠠ ᠬᠠᠲᠤᠨ ᠨᠢᠭᠡᠨᠲᠡ ᠬᠥᠯ ᠬᠦᠨᠳᠦ ᠪᠣᠯᠬᠣᠷ ᠴᠣᠬᠣᠮ ᠬᠦᠦ ᠲᠥᠷᠥᠳᠡᠭ ᠤᠤ ᠬᠡᠦᠬᠡᠨ ᠲᠥᠷᠥᠳᠡᠭ ᠤᠤ ᠭᠡᠳᠡᠭ ᠲᠦ᠍ ᠰᠠᠨᠠᠭᠠᠰᠢᠷᠠᠨ ᠬᠦᠯᠢᠶᠡᠬᠦ ᠦᠭᠡᠢ ᠭᠣᠷᠢ ᠦᠭᠡᠢ ᠪᠠᠢᠯ᠎ᠠ᠃ ᠡᠨᠡ ᠬᠣᠭᠣᠷᠣᠨᠳᠣ ᠬᠤᠰᠢᠭᠤᠨ ᠤ᠋ ᠨᠣᠶᠠᠳ ᠲᠦᠰᠢᠮᠡᠳ ᠦ᠋ᠨ ᠰᠠᠨᠠᠭᠠᠴᠢᠯᠠᠭ᠎ᠠ ᠪᠠᠷ ᠵᠡᠭᠦᠨ ᠲᠤᠰᠠᠯᠠᠭᠴᠢ ᠱᠠᠭᠳᠤᠷᠰᠦ᠋ᠷᠦᠩ᠂ ᠪᠠᠷᠠᠭᠤᠨ ᠲᠤᠰᠠᠯᠠᠭᠴᠢ ᠮᠢᠩᠭᠠᠨᠪᠤᠤ ᠬᠣᠶᠠᠷ ᠴᠢᠩ ᠭᠦᠷᠦᠨ ᠦ᠌ ᠡᠩᠬᠡ ᠠᠮᠤᠭᠤᠯᠠᠩ ᠬᠠᠭᠠᠨ ᠤ᠋ ᠦᠶ᠎ᠡ ᠳ᠋ᠦ᠍ ᠣᠯᠭᠣᠭᠰᠠᠨ ᠤᠷᠠᠳ ᠤ᠋ᠨ ᠪᠠᠷᠠᠭᠤᠨ ᠬᠦᠩ ᠦ᠋ᠨ ᠪᠠᠷᠰ ᠪᠠᠷᠢᠭᠤᠯᠲᠤ ᠴᠣᠯ ᠮᠥᠩᠭᠥᠨ ᠲᠠᠮᠠᠭ᠎ᠠ( ᠶᠢᠰᠦᠨ ᠵᠢᠩ ᠬᠦᠨᠳᠦ) ᠪᠠ ᠵᠠᠩᠵᠤᠨ ᠶᠠᠮᠤᠨ ᠤ᠋ ᠵᠠᠰᠠᠭ ᠠ᠋ᠴᠠ ᠣᠯᠭᠣᠭᠰᠠᠨ ᠰᠢᠯᠤᠭᠤᠨ ᠪᠠᠷᠢᠭᠤᠯᠲᠤ ᠭᠠᠤᠯᠢᠨ ᠲᠠᠮᠠᠭ᠎ᠠ ᠲᠠᠢ ᠬᠠᠮᠲᠤ ᠳ᠋ᠤᠨᠢ ᠪᠠᠷᠠᠭᠤᠨ ᠬᠦᠩ ᠦ᠋ᠨ ᠬᠢᠨ ᠦ᠌ ᠪᠤᠭᠤᠲᠤ ᠳ᠋ᠠᠬᠢ ᠬᠡᠷᠡᠭ ᠡᠷᠬᠢᠯᠡᠬᠦ ᠭᠠᠵᠠᠷ ᠠᠪᠠᠴᠢᠨ ᠬᠠᠮᠠᠭᠠᠯᠠᠨ ᠰᠠᠬᠢᠵᠤ᠂ ᠤᠯᠠᠭᠠᠨᠴᠠᠪ ᠤ᠋ᠨ ᠴᠢᠭᠤᠯᠭᠠᠨ᠂ ᠵᠠᠩᠵᠤᠨ ᠶᠠᠮᠤᠨ ᠤ᠋ ᠵᠠᠰᠠᠭ ᠠ᠋ᠴᠠ ᠵᠣᠬᠢᠰᠲᠠᠢ ᠲᠣᠬᠢᠷᠠᠭᠤᠯᠤᠯᠲᠠ ᠥᠭᠬᠦ ᠶ᠋ᠢ ᠬᠦᠯᠢᠶᠡᠵᠦ ᠪᠠᠢᠪᠠ᠃
ᠪᠠᠭ᠎ᠠ ᠬᠠᠲᠤᠨ ᠰᠡᠷᠭᠦᠮ᠎ᠡ᠂ ᠬᠦᠩ ᠨᠣᠶᠠᠨ ᠰᠢᠷᠠᠪᠳᠣᠷᠵᠢ ᠶ᠋ᠢ ᠲᠠᠯᠢᠢᠭᠴᠢ ᠪᠣᠯᠤᠭᠰᠠᠨ ᠤ᠋ ᠳᠠᠷᠠᠭ᠎ᠠ ᠬᠣᠢᠲᠤᠬᠢ ᠶᠠᠪᠤᠳᠠᠯ ᠢ᠋ ᠨᠡᠯᠢᠶᠡᠳ ᠲᠣᠬᠢᠷᠠᠮᠵᠢᠲᠠᠢ ᠲᠥᠪᠬᠢᠨᠡᠭᠦᠯᠵᠦ ᠪᠠᠷᠠᠭᠤᠨ ᠬᠦᠩ ᠦ᠋ᠨ ᠬᠤᠰᠢᠭᠤᠨ ᠳ᠋ᠤ᠌ ᠤᠷᠢᠳ ᠡᠮᠦᠨ᠎ᠡ ᠭᠠᠷᠤᠭ᠎ᠠ ᠦᠭᠡᠢ ᠲᠠᠯᠢᠢᠭᠴᠢ ᠶ᠋ᠢᠨ ᠬᠣᠢᠨ᠎ᠠ ᠠ᠋ᠴᠠ ᠭᠠᠰᠢᠭᠤᠨ ᠮᠥᠷᠥᠭᠡᠳᠦᠭᠰᠡᠨ ᠴᠤᠭᠯᠠᠭ᠎ᠠ ᠡᠷᠬᠢᠯᠡᠵᠦ ᠬᠢᠭᠰᠡᠨ ᠨᠢ ᠣᠯᠠᠨ ᠤ᠋ ᠰᠡᠳᠬᠢᠯ ᠢ᠋ ᠣᠯᠵᠤ ᠪᠠᠷᠠᠭᠤᠨ ᠬᠦᠩ ᠦ᠋ᠨ ᠵᠠᠰᠠᠭ ᠢ᠋ ᠶᠠᠪᠤᠭᠤᠯᠬᠤ ᠠᠩᠬᠠᠨ ᠤ᠋ ᠳᠣᠬᠢᠶ᠎ᠠ ᠶ᠋ᠢ ᠲᠣᠭᠰᠢᠭᠰᠠᠨ ᠳ᠋ᠠᠭᠠᠨ ᠨᠡᠯᠢᠶᠡᠳ ᠰᠡᠳᠬᠢᠯ ᠬᠠᠨᠤᠮᠵᠢᠲᠠᠢ ᠪᠠᠢᠯ᠎ᠠ᠃ ᠭᠡᠬᠦ ᠳ᠋ᠦ᠍ ᠠᠮᠠᠨ ᠳ᠋ᠤ᠌ ᠣᠷᠣᠲᠠᠯ᠎ᠠ ᠠᠷᠪᠠᠨ ᠳᠠᠪᠠᠭ᠎ᠠ ᠭᠡᠳᠡᠭ ᠢ᠋ᠶ᠋ᠡᠷ ᠠᠷᠠᠳ ᠣᠯᠠᠨ ᠤ᠋ ᠳᠤᠮᠳᠠ ᠮᠠᠰᠢ ᠰᠣᠨᠣᠰᠬᠤᠯᠠᠩ ᠮᠠᠭᠤᠲᠠᠢ ᠴᠤᠤᠷᠬᠠᠯ ᠲᠠᠷᠬᠠᠵᠤ ᠶᠠᠷᠢᠭᠳᠠᠬᠤ ᠶ᠋ᠢ ᠶᠠᠭᠠᠬᠢᠬᠤ ᠪᠣᠢ!
— ᠬᠡᠴᠢᠨᠡᠭᠡᠨ ᠵᠢᠯ ᠰᠤᠪᠠᠢᠷᠠᠭᠰᠠᠨ ᠡᠮ᠎ᠡ ᠰᠢᠷᠠᠪ ᠨᠣᠶᠠᠨ ᠢ᠋ ᠬᠦᠨᠳᠦ ᠡᠪᠡᠳᠴᠢᠯᠡᠭᠰᠡᠨ ᠬᠣᠢᠨ᠎ᠠ ᠬᠥᠯ ᠬᠦᠨᠳᠦ ᠪᠣᠯᠴᠢᠬᠠᠳᠠᠭ ᠨᠢ ᠰᠣᠨᠢᠨ ᠶᠤᠮ ᠠ᠋!
— ᠪᠠᠰᠠ ᠯᠠ ᠴᠡᠴᠡᠭ ᠬᠠᠲᠤᠨ ᠰᠢᠭ᠋ ᠳᠠᠯᠳᠠᠭᠤᠷ ᠨᠢᠭᠡᠨ ᠲᠡᠢ ᠨᠢ ᠬᠥᠯ ᠲᠡᠢ ᠪᠣᠯᠵᠤ ᠬᠦᠦ ᠲᠥᠷᠥᠭᠦᠯᠬᠦ ᠭᠡᠵᠦ ᠪᠠᠢᠵᠤ ᠮᠠᠭᠠᠳ᠃
— ᠪᠠᠭ᠎ᠠ ᠬᠠᠲᠤᠨ ᠥᠷᠯᠥᠭᠡ ᠥᠷᠯᠥᠭᠡ ᠪᠣᠰᠬᠤ ᠳ᠋ᠠᠭᠠᠨ ᠬᠥᠪᠥᠩᠲᠡᠢ ᠴᠠᠭᠠᠨ ᠶᠣᠷᠣᠭ ᠢ᠋ᠶ᠋ᠠᠷ ᠬᠡᠪᠡᠯᠢ ᠪᠡᠨ ᠪᠣᠭᠣᠵᠤ ᠪᠦᠳᠦᠭᠦᠷᠡᠭᠦᠯᠦᠭᠡᠳ ᠳᠠᠪᠬᠤᠷ ᠪᠣᠯᠴᠢᠬᠠᠯ᠎ᠠ ᠭᠡᠰᠡᠨ ᠢ᠋ ᠪᠢ ᠨᠢᠳᠦ ᠪᠡᠷ ᠢ᠋ᠶ᠋ᠡᠨ ᠦᠵᠡᠯ᠎ᠡ᠁ ᠭᠡᠵᠦ ᠬᠥᠮᠦᠰ ᠶᠠᠩᠵᠤ ᠶᠠᠩᠵᠤ ᠪᠠᠷ ᠬᠡᠯᠡᠯᠴᠡᠬᠦ ᠪᠣᠯᠵᠠᠢ᠃ ᠶᠣᠰᠣᠲᠠᠢ ᠯᠠ ᠣᠯᠠᠨ ᠤ᠋ ᠠᠮᠠ ᠶ᠋ᠢ ᠬᠡᠨ ᠪᠠᠷᠢᠬᠤ ᠪᠣᠢ᠃ ᠣᠩᠭᠣᠷᠬᠠᠢ ᠴᠢᠬᠢ ᠶ᠋ᠢ ᠨᠢ ᠬᠡᠨ ᠪᠥᠭᠯᠡᠬᠦ ᠪᠣᠢ ᠭᠡᠭᠴᠢ ᠪᠡᠷ ᠪᠠᠭ᠎ᠠ ᠬᠠᠲᠤᠨ ᠪᠠᠴᠢᠮᠳᠠᠨ ᠪᠤᠬᠢᠨᠢᠳᠤᠬᠤ ᠳ᠋ᠠᠭᠠᠨ ᠠᠷᠭ᠎ᠠ ᠪᠤᠰᠤ ᠰᠡᠮᠡᠬᠡᠷ ᠤᠬᠢᠯᠠᠩᠨᠠᠵᠤ ᠰᠠᠭᠤᠨ᠎ᠠ᠃ ᠭᠡᠪᠡᠴᠦ ᠲᠡᠷᠡ ᠵᠣᠷᠢᠭ ᠢ᠋ᠶ᠋ᠠᠨ ᠪᠠᠷᠢᠨ ᠮᠠᠨᠤᠨᠪᠠᠳᠮ᠎ᠠ ᠶ᠋ᠢᠨ ᠬᠡᠯᠡᠭᠰᠡᠨ ᠨᠣᠬᠠᠢ ᠬᠤᠴᠠᠬᠤ ᠪᠠᠷ ᠢ᠋ᠶ᠋ᠠᠨ ᠬᠤᠴᠠᠭ᠂ ᠲᠡᠮᠡᠭᠡ ᠶᠠᠪᠤᠬᠤ ᠪᠠᠷ ᠢ᠋ᠶ᠋ᠠᠨ ᠶᠠᠪᠤᠨ᠎ᠠ ᠭᠡᠰᠡᠨ ᠦᠭᠡ ᠶ᠋ᠢ ᠰᠠᠨᠠᠵᠤ ᠶᠠᠭᠤ ᠭᠡᠵᠦ ᠬᠡᠯᠡᠭᠰᠡᠨ ᠴᠦ᠍ ᠰᠣᠨᠣᠰᠤᠭᠰᠠᠨ ᠦᠭᠡᠢ ᠶᠦᠮ ᠰᠢᠭ ᠣᠪᠯᠠᠨ ᠰᠡᠳᠬᠢᠯ ᠢ᠋ᠶ᠋ᠡᠨ ᠬᠠᠲᠠᠭᠤᠵᠢᠭᠤᠯᠵᠤ᠂ ᠡᠳᠦᠷ ᠬᠣᠨᠣᠭ ᠢ᠋ᠶ᠋ᠠᠨ ᠭᠦᠢᠴᠡᠭᠡᠨ《 ᠬᠦᠦ ᠲᠥᠷᠥᠬᠦ 》 ᠡᠳᠦᠷ ᠢ᠋ᠶ᠋ᠡᠨ ᠬᠦᠯᠢᠶᠡᠨ᠎ᠡ᠃
ᠮᠠᠨᠤᠨᠪᠠᠳᠮ᠎ᠠ ᠬᠥᠭᠰᠢᠨ ᠦ᠌ ᠰᠠᠨᠠᠭᠤᠯᠭ᠎ᠠ ᠪᠠᠷ ᠪᠠᠭ᠎ᠠ ᠬᠠᠲᠤᠨ ᠳᠤᠮᠳᠠᠳᠤ ᠬᠦᠩ ᠦ᠋ᠨ ᠬᠤᠰᠢᠭᠤᠨ ᠳ᠋ᠤ᠌ ᠣᠴᠢᠵᠤ ᠤᠯᠠᠭᠠᠨᠴᠠᠪ ᠤ᠋ᠨ ᠴᠢᠭᠤᠯᠭᠠᠨ ᠤ᠋ ᠨᠣᠶᠠᠨ ᠷᠢᠨᠴᠢᠨᠰᠡᠩᠭᠡ ᠲᠡᠢ ᠠᠭᠤᠯᠵᠤ᠂ ᠪᠠᠷᠠᠭᠤᠨ ᠬᠦᠩ ᠦ᠋ᠨ ᠪᠠᠢᠳᠠᠯ ᠪᠠ ᠬᠣᠰᠢᠭᠤ ᠵᠠᠰᠠᠭ ᠶᠠᠮᠤᠨ ᠤ᠋ ᠳᠣᠲᠣᠭᠠᠳᠤ ᠶ᠋ᠢᠨ ᠨᠠᠷᠢᠨ ᠤᠴᠢᠷ ᠢ᠋ ᠲᠣᠭᠠᠴᠢᠨ ᠬᠡᠯᠡᠵᠦ᠂ ᠥᠪᠡᠷ ᠦ᠋ᠨ ᠬᠡᠪᠡᠯᠢ ᠳ᠋ᠡᠬᠢ ᠬᠡᠦᠬᠡᠳ ᠢ᠋ᠶ᠋ᠡᠨ ᠲᠠᠯᠢᠢᠭᠴᠢ ᠬᠦᠩ ᠨᠣᠶᠠᠨ ᠰᠢᠷᠠᠪᠳᠣᠷᠵᠢ ᠶ᠋ᠢᠨ ᠬᠢ ᠯᠠᠪ ᠮᠥᠨ ᠭᠡᠰᠡᠨ ᠢ᠋ ᠢᠯᠡᠷᠬᠡᠢᠯᠡᠨ᠂ ᠬᠤᠰᠢᠭᠤᠨ ᠤ᠋ ᠠᠮᠤᠷ ᠲᠦᠪᠰᠢᠨ ᠪᠠ ᠬᠤᠪᠢ ᠪᠡᠶ᠎ᠡ ᠶ᠋ᠢᠨ ᠡᠩᠬᠡ ᠡᠰᠡᠨ ᠵᠢᠴᠢ ᠬᠡᠪᠡᠯᠢ ᠳ᠋ᠡᠬᠢ ᠬᠡᠦᠬᠡᠳ ᠪᠣᠯ ᠵᠠᠰᠠᠭ ᠵᠠᠯᠭᠠᠮᠵᠢᠯᠠᠬᠤ ᠴᠢᠬᠤᠯᠠ ᠠᠨᠢᠰᠤ ᠪᠣᠯᠬᠣᠷ ᠡᠷᠬᠡᠪᠰᠢ ᠴᠢᠭᠤᠯᠭᠠᠨ ᠤ᠋ ᠲᠤᠰᠠᠯᠠᠮᠵᠢ ᠳᠡᠮᠵᠢᠯᠭᠡ ᠶ᠋ᠢ ᠣᠯᠬᠤ ᠬᠡᠷᠡᠭᠲᠡᠢ ᠪᠠᠢᠨ᠎ᠠ ᠭᠡᠵᠦ ᠭᠤᠶᠤᠴᠢᠯᠠᠭᠰᠠᠨ ᠪᠢᠯᠡ᠃ ᠲᠡᠷᠡᠴᠢᠯᠡᠨ ᠵᠠᠩᠵᠤᠨ ᠶᠠᠮᠤᠨ ᠤ᠋ ᠡᠵᠡᠨ ᠨᠣᠶᠠᠨ ᠲᠠᠢ ᠪᠡᠶ᠎ᠡ ᠪᠡᠷ ᠢ᠋ᠶ᠋ᠡᠨ ᠪᠠᠷᠠᠳᠠᠵᠤ ᠠᠭᠤᠯᠵᠠᠭᠰᠠᠨ ᠢ᠋ᠶ᠋ᠠᠨ ᠬᠦᠷᠲᠡᠯ᠎ᠡ ᠨᠠᠷᠢᠨ ᠬᠡᠯᠡᠵᠦ ᠥᠭᠴᠡᠢ᠃ ᠡᠳᠡᠭᠡᠷ ᠪᠦᠬᠦᠨ ᠢ᠋ ᠨᠠᠷᠢᠨ ᠰᠣᠨᠣᠰᠤᠭᠰᠠᠨ ᠴᠢᠭᠤᠯᠭᠠᠨ ᠨᠣᠶᠠᠨ ᠷᠢᠨᠴᠢᠨᠰᠡᠩᠭᠡ ᠴᠦ᠍ ᠡᠨᠡ ᠬᠦ᠌ ᠭᠡᠳᠡᠰᠦ ᠭᠦᠵᠡᠭᠡ ᠪᠡᠨ ᠴᠢᠷᠦᠭᠰᠡᠨ ᠳᠠᠪᠬᠤᠷ ᠪᠦᠰᠡᠭᠦᠢ ᠶ᠋ᠢᠨ ᠵᠣᠷᠢᠭ ᠰᠠᠮᠪᠠᠭ᠎ᠠ ᠶ᠋ᠢ ᠡᠨᠡᠷᠢᠨ ᠲᠣᠭᠣᠵᠤ᠄《 ᠪᠢᠳᠡ ᠵᠠᠩᠵᠤᠨ ᠶᠠᠮᠤᠨ ᠵᠠᠰᠠᠭ ᠬᠣᠯᠪᠣᠭ᠎ᠠ ᠪᠠᠢᠵᠤ᠂ ᠡᠯ᠎ᠡ ᠲᠠᠯ᠎ᠠ ᠪᠠᠷ ᠲᠤᠰᠠ ᠳᠡᠮᠵᠢᠯᠭᠡ ᠦᠵᠡᠭᠦᠯᠦᠨ᠎ᠠ᠃ ᠭᠡᠪᠡᠴᠦ ᠴᠢ ᠬᠡᠪᠡᠯᠢ ᠳ᠋ᠡᠬᠢ ᠬᠡᠦᠬᠡᠳ ᠢ᠋ᠶ᠋ᠡᠨ ᠮᠡᠨᠳᠦ ᠰᠠᠢᠬᠠᠨ ᠲᠥᠷᠥᠭᠦᠯᠬᠦ ᠬᠡᠷᠡᠭᠲᠡᠢ᠃ ᠡᠨᠡ ᠪᠣᠯ ᠴᠢᠨᠦ ᠬᠤᠪᠢ ᠬᠥᠮᠦᠨ ᠦ᠌ ᠡᠭᠦᠷᠭᠡ ᠬᠠᠷᠢᠭᠤᠴᠠᠯᠭ᠎ᠠ ᠰᠢᠦ ᠳᠡ! ᠯᠠᠪᠲᠠᠢ ᠬᠦᠦ ᠲᠥᠷᠥᠨ᠎ᠡ ᠪᠢᠵᠡ! ᠬᠡᠦᠬᠡᠨ ᠲᠥᠷᠥᠪᠡᠯ ᠵᠠᠰᠠᠭ ᠵᠠᠯᠭᠠᠮᠵᠢᠯᠠᠵᠤ ᠪᠣᠯᠬᠤ ᠦᠭᠡᠢ ᠰᠢᠦ ᠳᠡ! ᠵᠠᠪᠠᠯ ᠬᠦᠦ ᠲᠥᠷᠥᠵᠦ᠂ ᠵᠠᠰᠠᠭ ᠵᠠᠯᠭᠠᠮᠵᠢᠯᠠᠭᠤᠯᠬᠤ ᠶ᠋ᠢ ᠪᠣᠳᠣ!》 ᠭᠡᠵᠦ ᠪᠠᠭ᠎ᠠ ᠬᠠᠲᠤᠨ ᠲᠠᠢ ᠵᠠᠷᠢᠮ ᠨᠢ ᠨᠠᠭᠠᠳᠤᠮ ᠤ᠋ᠨ ᠦᠭᠡ ᠴᠦ᠍ ᠶᠦᠮ ᠤᠤ ᠭᠡᠵᠦ ᠪᠣᠳᠣᠬᠤ ᠪᠠᠷ ᠦᠭᠡ ᠬᠡᠯᠡᠵᠦ ᠲᠡᠭᠦᠨ ᠢ᠋ ᠳᠡᠮᠵᠢᠵᠦ ᠪᠠᠢᠬᠤ ᠪᠠᠨ ᠢᠯᠡᠳᠬᠡᠭᠰᠡᠨ ᠪᠢᠯᠡ᠃
ᠪᠠᠭ᠎ᠠ ᠬᠠᠲᠤᠨ ᠴᠢᠭᠤᠯᠭᠠᠨ ᠨᠣᠶᠠᠨ ᠤ᠋ ᠥᠷᠥᠰᠢᠶᠡᠯ ᠵᠢᠷᠤᠮ ᠢ᠋ ᠬᠦᠯᠢᠶᠡᠭᠰᠡᠨ ᠳ᠋ᠡᠭᠡᠨ ᠰᠡᠳᠬᠢᠯ ᠴᠠᠳᠴᠤ᠂ ᠪᠠᠶᠠᠷᠯᠠᠭᠰᠠᠨ ᠢ᠋ ᠬᠡᠯᠡᠬᠦ ᠶᠠᠭᠤᠨ᠃
ᠲᠡᠭᠦᠨ ᠢ᠋ ᠬᠣᠰᠢᠭᠤ ᠶᠠᠮᠤᠨ ᠳ᠋ᠠᠭᠠᠨ ᠪᠤᠴᠠᠭᠠᠳ ᠬᠣᠶᠠᠷ ᠳᠣᠯᠣᠭ᠎ᠠ ᠬᠣᠨᠣᠭᠰᠠᠨ ᠦᠭᠡᠢ ᠵᠠᠩᠵᠤᠨ ᠶᠠᠮᠤᠨ ᠠ᠋ᠴᠠ ᠵᠠᠷᠯᠢᠭ ᠤ᠋ᠨ ᠪᠢᠴᠢᠭ ᠢᠷᠡᠵᠦ᠂ ᠪᠠᠭ᠎ᠠ ᠬᠠᠲᠤᠨ ᠰᠡᠷᠭᠦᠮ᠎ᠡ ᠪᠣᠯᠤᠨ ᠱᠠᠭᠳᠤᠷᠰᠦ᠋ᠷᠦᠩ᠂ ᠴᠢᠮᠡᠳ ᠨᠠᠷ ᠢ᠋ ᠵᠠᠩᠵᠤᠨ ᠶᠠᠮᠤᠨ ᠳ᠋ᠤ᠌ ᠣᠴᠢᠵᠤ ᠡᠪᠰᠡᠭᠦᠯᠬᠦ ᠬᠤᠷᠠᠯ ᠳ᠋ᠤ᠌ ᠣᠷᠣᠯᠴᠠᠲᠤᠭᠠᠢ ᠭᠡᠵᠡᠢ᠃
ᠡᠨᠡ ᠤᠳᠠᠭᠠᠨ ᠤ᠋ ᠵᠠᠩᠵᠤᠨ ᠶᠠᠮᠤᠨ ᠠ᠋ᠴᠠ ᠡᠷᠬᠢᠯᠡᠭᠰᠡᠨ ᠡᠪᠰᠡᠭᠦᠯᠬᠦ ᠬᠤᠷᠠᠯ ᠨᠢ ᠮᠠᠰᠢ ᠴᠢᠬᠤᠯᠠ᠃ ᠶᠠᠮᠤᠨ ᠵᠠᠰᠠᠭ ᠤ᠋ᠨ ᠬᠠᠮᠢᠶᠠᠲᠠᠢ ᠡᠵᠡᠨ ᠨᠣᠶᠠᠳ᠂ ᠮᠣᠩᠭᠣᠯ ᠲᠥᠪᠡᠳ ᠦ᠋ᠨ ᠵᠥᠪᠯᠡᠯ ᠦ᠋ᠨ ᠨᠠᠷᠢᠨ ᠪᠢᠴᠢᠭ ᠦ᠋ᠨ ᠳᠠᠷᠤᠭ᠎ᠠ ᠳᠡᠮᠪᠡᠷᠢᠯᠷᠠᠪᠳᠠᠨ᠂ ᠤᠯᠠᠭᠠᠨᠴᠠᠪ ᠤ᠋ᠨ ᠴᠢᠭᠤᠯᠠᠭᠠᠠ ᠶ᠋ᠢᠨ ᠨᠣᠶᠠᠨ ᠷᠢᠨᠴᠢᠨᠰᠡᠩᠭᠡ ᠵᠡᠷᠭᠡ ᠨᠡᠯᠢᠶᠡᠳ ᠬᠥᠮᠦᠰ ᠬᠤᠷᠠᠯ ᠳ᠋ᠤ᠌ ᠰᠠᠭᠤᠯᠴᠠᠵᠠᠢ᠃
ᠬᠤᠷᠠᠯ ᠳ᠋ᠤ᠌ ᠲᠠᠯ᠎ᠠ ᠲᠠᠯ᠎ᠠ ᠶ᠋ᠢᠨ ᠰᠠᠨᠠᠯ ᠵᠥᠪᠯᠡᠯᠭᠡ ᠪᠡᠨ ᠡᠷᠡᠭᠡ ᠵᠢᠷᠣᠭ᠎ᠠ ᠦᠭᠡᠢ ᠶᠠᠷᠢᠵᠤ ᠮᠠᠷᠭᠤᠯᠳᠤᠨ ᠡᠴᠦᠰ ᠲᠡᠭᠡᠨ ᠡᠪᠰᠡᠬᠦ ᠵᠣᠷᠢᠯᠭ᠎ᠠ ᠳ᠋ᠠᠭᠠᠨ ᠬᠦᠷᠴᠡᠢ᠃ ᠡᠭᠦᠨ ᠳ᠋ᠦ᠍ ᠪᠠᠷᠠᠭᠤᠨ ᠬᠦᠩ ᠦ᠋ᠨ ᠬᠤᠰᠢᠭᠤᠨ ᠤ᠋ ᠠᠰᠠᠭᠤᠳᠠᠯ ᠳ᠋ᠤ᠌ ᠠᠷᠪᠠᠨ ᠵᠤᠷᠪᠤᠰ ᠲᠣᠭᠲᠠᠭᠠᠯ ᠭᠠᠷᠭᠠᠵᠤ᠂ ᠬᠤᠷᠠᠯ ᠤ᠋ᠨ ᠳᠠᠷᠠᠭ᠎ᠠ ᠲᠣᠭᠲᠠᠭᠠᠯ ᠶᠣᠰᠣᠭᠠᠷ ᠬᠡᠷᠡᠭᠵᠢᠭᠦᠯᠵᠦ ᠬᠡᠨ ᠬᠥᠮᠦᠨ ᠳᠤᠷ᠎ᠠ ᠵᠣᠷᠢᠭ ᠢ᠋ᠶ᠋ᠠᠷ ᠢ᠋ᠶ᠋ᠠᠨ ᠵᠥᠷᠢᠴᠡᠪᠡᠰᠦ ᠬᠠᠤᠯᠢ ᠪᠠᠷ ᠠᠪᠠᠴᠢᠨ᠎ᠠ ᠭᠡᠵᠦ ᠲᠣᠳᠣᠷᠬᠠᠢᠯᠠᠪᠠ᠃
ᠡᠪᠰᠡᠬᠦ ᠲᠣᠭᠲᠠᠭᠠᠯ ᠳ᠋ᠤ᠌᠄
ᠨᠢᠭᠡ᠂ ᠵᠡᠭᠦᠨ ᠪᠠᠷᠠᠭᠤᠨ ᠲᠤᠰᠠᠯᠠᠭᠴᠢ ᠶ᠋ᠢᠨ ᠲᠤᠰᠢᠶᠠᠯ ᠢ᠋ ᠱᠠᠭᠳᠤᠷᠰᠦ᠋ᠷᠦᠩ᠂ ᠮᠢᠩᠭᠠᠨᠪᠤᠤ ᠲᠤᠰ ᠲᠤᠰ ᠭᠦᠢᠴᠡᠳᠬᠡᠨ᠎ᠡ᠃ ᠬᠣᠶᠠᠷ᠂ ᠬᠣᠰᠢᠭᠤ ᠵᠠᠰᠠᠭ ᠤ᠋ᠨ ᠲᠠᠮᠠᠭ᠎ᠠ ᠰᠡᠷᠭᠦᠭᠡᠨ ᠵᠠᠷᠤᠪᠠᠯ ᠡᠷᠬᠡᠪᠰᠢ ᠰᠡᠷᠭᠦᠮ᠎ᠡ ᠪᠡᠷ ᠵᠥᠪᠰᠢᠶᠡᠷᠡᠭᠦᠯᠬᠦ ᠬᠡᠷᠡᠭᠲᠡᠢ᠃ ᠴᠢᠩ ᠭᠦᠷᠦᠨ ᠦ᠌ ᠣᠯᠭᠣᠭᠰᠠᠨ ᠬᠠᠭᠤᠴᠢᠨ ᠮᠥᠩᠭᠥᠨ ᠲᠠᠮᠠᠭ᠎ᠠ ᠶ᠋ᠢ ᠴᠦ᠍ ᠰᠡᠷᠭᠦᠮ᠎ᠡ ᠬᠣᠷᠢᠶᠠᠨ ᠬᠠᠮᠠᠭᠠᠯᠠᠨ᠎ᠠ᠃ ᠭᠤᠷᠪᠠ᠂ ᠲᠠᠯᠢᠢᠭᠴᠢ ᠰᠢᠷᠠᠪᠳᠣᠷᠵᠢ ᠶ᠋ᠢᠨ ᠪᠦᠬᠦ ᠬᠥᠷᠥᠩᠭᠡ ᠬᠣᠭᠰᠢᠯ ᠢ᠋ ᠰᠡᠷᠭᠦᠮ᠎ᠡ ᠳ᠋ᠦ᠍ ᠥᠪᠯᠡᠭᠦᠯᠵᠦ ᠠᠯᠪᠠᠨ ᠤ᠋ ᠮᠥᠩᠭᠥ ᠶ᠋ᠢ ᠴᠥᠮ ᠬᠣᠰᠢᠭᠤ ᠶᠠᠮᠤᠨ ᠳ᠋ᠤ᠌ ᠬᠠᠷᠢᠶᠠᠯᠠᠭᠤᠯᠤᠨ᠎ᠠ᠃ ᠳᠥᠷᠪᠡ᠂ ᠭᠠᠢᠯᠢ ᠶ᠋ᠢᠨ ᠣᠷᠣᠯᠭ᠎ᠠ ᠶ᠋ᠢ ᠰᠡᠷᠭᠦᠮ᠎ᠡ ᠪᠡᠷ ᠬᠠᠮᠢᠶᠠᠷᠤᠭᠤᠯᠵᠤ᠂ ᠬᠣᠰᠢᠭᠤ ᠶᠠᠮᠤᠨ ᠤ᠋ ᠠᠯᠢ ᠨᠢᠭᠡ ᠲᠦᠰᠢᠮᠡᠳ ᠴᠦ᠍ ᠳᠤᠷ᠎ᠠ ᠪᠠᠷ ᠢ᠋ᠶ᠋ᠠᠨ ᠬᠠᠮᠢᠶᠠᠷᠬᠤ ᠪᠤᠶᠤ ᠥᠭᠡᠷᠡᠴᠢᠯᠡᠵᠦ ᠦᠯᠦ ᠪᠣᠯᠤᠨ᠎ᠠ᠃ ᠶᠠᠷᠰᠢᠭ ᠲᠦᠪᠡᠭᠲᠡᠢ ᠤᠴᠢᠷ ᠶᠠᠪᠤᠳᠠᠯ ᠲᠣᠬᠢᠶᠠᠯᠳᠤᠪᠠᠯ ᠵᠥᠪᠳᠡᠯᠴᠡᠨ ᠰᠢᠢᠳᠪᠦᠷᠢᠯᠡᠬᠦ ᠡᠴᠡ ᠪᠢᠰᠢ ᠥᠷᠥᠭᠡᠰᠦᠨ ᠲᠠᠯ᠎ᠠ ᠠ᠋ᠴᠠ ᠭᠠᠭᠴᠠᠭᠠᠷ ᠡᠵᠡᠨ ᠮᠡᠳᠡᠵᠦ ᠪᠣᠯᠬᠤ ᠦᠭᠡᠢ᠃ ᠵᠢᠷᠭᠤᠭ᠎ᠠ᠂ ᠰᠡᠷᠭᠦᠮ᠎ᠡ ᠬᠦᠦ ᠲᠥᠷᠥᠪᠡᠯ ᠵᠢᠩᠬᠢᠨᠢ ᠪᠡᠷ ᠪᠠᠷᠠᠭᠤᠨ ᠬᠦᠩ ᠦ᠋ᠨ ᠵᠠᠰᠠᠭ ᠢ᠋ ᠠᠯᠪᠠᠨ ᠶᠣᠰᠣᠭᠠᠷ ᠵᠠᠯᠭᠠᠮᠵᠢᠯᠠᠭᠤᠯᠤᠨᠠ᠃ ᠶᠠᠮᠠᠷ ᠨᠢᠭᠡᠨ ᠰᠢᠯᠲᠠᠭ ᠢ᠋ᠶ᠋ᠠᠷ ᠭᠠᠴᠢᠨ ᠭᠠᠳᠠᠭᠤᠷᠴᠢᠯᠠᠵᠤ ᠦᠯᠦ ᠪᠣᠯᠤᠨ᠎ᠠ᠃ ᠳᠣᠯᠣᠭ᠎ᠠ᠂ ᠬᠣᠰᠢᠭᠤ ᠶᠠᠮᠤᠨ ᠤ᠋ ᠵᠠᠮ ᠬᠠᠮᠠᠭᠠᠯᠠᠬᠤ ᠠᠩᠭᠢ ᠶ᠋ᠢ ᠰᠡᠷᠭᠦᠮ᠎ᠡ ᠰᠢᠭᠤᠳ ᠵᠠᠬᠢᠷᠴᠤ᠂ ᠬᠣᠰᠢᠭᠤ ᠶᠠᠮᠤᠨ ᠠ᠋ᠴᠠ ᠭᠠᠷ ᠲᠥᠷᠥᠬᠦ ᠪᠤᠶᠤ ᠰᠢᠯᠵᠢᠭᠦᠯᠦᠨ ᠬᠡᠷᠡᠭᠯᠡᠵᠦ ᠪᠣᠯᠬᠤ ᠦᠭᠡᠢ᠃ ᠨᠠᠢ᠍ᠮᠠ᠂ ᠬᠣᠰᠢᠭᠤ ᠶᠠᠮᠤᠨ ᠤ᠋ ᠶᠡᠬᠡ ᠪᠠᠭ᠎ᠠ ᠲᠦᠰᠢᠮᠡᠳ ᠪᠠᠭ᠎ᠠ ᠬᠠᠲᠤᠨ ᠰᠡᠷᠭᠦᠮ᠎ᠡ ᠶ᠋ᠢᠨ ᠲᠤᠰ ᠪᠡᠶ᠎ᠡ ᠳ᠋ᠦ᠍ ᠴᠤᠤᠷᠬᠠᠯ ᠲᠠᠷᠬᠠᠭᠠᠨ ᠭᠤᠲᠤᠭᠠᠨ ᠳᠣᠷᠣᠮᠵᠢᠯᠠᠵᠤ ᠪᠣᠯᠬᠤ ᠦᠭᠡᠢ᠃ ᠲᠣᠭᠲᠠᠭᠠᠯ ᠠ᠋ᠴᠠ ᠵᠥᠷᠢᠴᠡᠭᠰᠡᠳ ᠢ᠋ ᠶᠠᠮᠤᠨ ᠠ᠋ᠴᠠ ᠡᠭᠦᠷᠭᠡ ᠬᠠᠷᠢᠭᠤᠴᠠᠯᠭ᠎ᠠ ᠨᠡᠬᠡᠮᠵᠢᠯᠡᠬᠦ ᠡᠷᠬᠡ ᠲᠡᠢ᠃ ᠶᠢᠰᠦ᠂ ᠰᠡᠷᠭᠦᠮ᠎ᠡ ᠶ᠋ᠢᠨ ᠠᠯᠢᠪᠠ ᠵᠠᠷᠤᠳᠠᠯ ᠮᠥᠩᠭᠥ ᠶ᠋ᠢ ᠬᠣᠰᠢᠭᠤ ᠶᠠᠮᠤᠨ ᠠ᠋ᠴᠠ ᠬᠠᠩᠭᠠᠬᠤ ᠬᠡᠷᠡᠭᠲᠡᠢ᠃ ᠠᠷᠪᠠ᠂ ᠬᠣᠰᠢᠭᠤ ᠶᠠᠮᠤᠨ ᠤ᠋ ᠠᠮᠤᠷ ᠢ᠋ ᠬᠠᠮᠠᠭᠠᠯᠠᠬᠤ ᠠᠩᠭᠢ ᠶ᠋ᠢᠨ ᠬᠥᠮᠦᠨ ᠦ᠌ ᠣᠷᠣᠨ ᠲᠣᠭ᠎ᠠ᠂ ᠵᠠᠷᠤᠳᠠᠯ ᠮᠥᠩᠭᠥ ᠶ᠋ᠢ ᠰᠡᠷᠭᠦᠮ᠎ᠡ ᠪᠣᠯᠤᠨ ᠬᠣᠰᠢᠭᠤ ᠶᠠᠮᠤᠨ ᠬᠣᠶᠠᠷ ᠲᠠᠯ᠎ᠠ ᠠ᠋ᠴᠠ ᠪᠠᠨ ᠵᠥᠪᠳᠡᠯᠴᠡᠨ ᠲᠣᠭᠲᠠᠭᠠᠬᠤ ᠬᠡᠷᠡᠭᠲᠡᠢ᠃
ᠡᠨᠡ ᠬᠦ᠌ ᠠᠷᠪᠠᠨ ᠵᠤᠷᠪᠤᠰ ᠲᠣᠭᠲᠠᠭᠠᠯ ᠳ᠋ᠤ᠌ ᠬᠠᠮᠤᠭ ᠤ᠋ᠨ ᠴᠢᠬᠤᠯᠠ ᠵᠤᠷᠪᠤᠰ ᠨᠢ ᠳᠠᠷᠤᠢ《 ᠬᠦᠦ ᠲᠥᠷᠥᠪᠡᠯ ᠵᠢᠩᠬᠢᠨᠢ ᠪᠡᠷ ᠤᠷᠠᠳ ᠤ᠋ᠨ ᠪᠠᠷᠠᠭᠤᠨ ᠬᠦᠩ ᠦ᠋ᠨ ᠵᠠᠰᠠᠭ ᠢ᠋ ᠵᠠᠯᠭᠠᠮᠵᠢᠯᠠᠨ᠎ᠠ》 ᠭᠡᠰᠡᠨ ᠳ᠋ᠦ᠍ ᠪᠣᠢ᠃ ᠡᠢᠨ ᠬᠦ᠌ ᠪᠠᠭ᠎ᠠ ᠬᠠᠲᠤᠨ ᠰᠡᠷᠭᠦᠮ᠎ᠡ《 ᠬᠦᠦ ᠲᠥᠷᠥᠬᠦ》 ᠶ᠋ᠢ ᠰᠠᠨᠠᠳᠠᠭ ᠰᠠᠨᠠᠭᠠᠨ ᠤ᠋ ᠡᠪᠡᠳᠴᠢᠨ ᠳ᠋ᠡᠭᠡᠨ ᠰᠢᠨᠠᠯᠵᠤ ᠡᠳᠦᠷ ᠪᠣᠯᠭᠠᠨ ᠬᠦᠵᠢ ᠤᠭᠤᠭᠢᠭᠤᠯᠤᠨ ᠪᠤᠷᠬᠠᠨ ᠳ᠋ᠠᠭᠠᠨ ᠮᠥᠷᠭᠥᠵᠦ ᠳᠠᠭᠠᠳᠬᠠᠨ᠎ᠠ᠃
— — — —
① ᠡᠮᠡᠭᠲᠡᠢ ᠬᠥᠮᠦᠨ ᠡᠷᠬᠡ ᠮᠠᠲᠠᠯ ᠲᠠᠢ ᠪᠣᠯᠬᠤ ᠶ᠋ᠢ ᠤᠷᠳᠴᠤᠳ ᠢᠩᠭᠢᠵᠦ ᠬᠡᠯᠡᠳᠡᠭ᠃
