ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠰᠡᠵᠢᠭ ᠪᠦᠯᠦᠭ> Бүлжхэн хатан– [монгол] Дамбын Төрбат <сэжиг бүлэг>
ᠰᠡᠵᠢᠭ ᠪᠦᠯᠦᠭ
ᠬᠥᠩᠬᠥᠷ ᠬᠣᠷᠴᠢ ᠰᠣᠯᠵᠢᠷ ᠡᠪᠡᠷ ᠲᠡᠢ ᠬᠤᠸᠠ ᠰᠠᠷᠯᠤᠭ ᠢ᠋ᠶ᠋ᠠᠨ ᠡᠢᠨ ᠰᠢᠪᠠᠳᠠᠭᠤᠯᠵᠤ ᠪᠠᠢᠭᠰᠠᠨ ᠨᠢ ᠦᠭᠡᠢ ᠶᠦᠮ᠃ ᠲᠡᠷᠡ ᠪᠡᠷ ᠰᠣᠯᠣᠭᠠᠢ ᠵᠥᠪ ᠦᠭᠡᠢ ᠰᠢᠪᠠᠭᠴᠢᠨ ᠪᠤᠷᠬᠠᠨ ᠬᠠᠯᠳᠤᠨ ᠠᠭᠤᠯᠠ ᠶ᠋ᠢᠨ ᠵᠡᠭᠦᠨ ᠰᠤᠭᠤ ᠶ᠋ᠢᠨ ᠬᠥᠬᠡ ᠬᠥᠪᠴᠢ ᠶ᠋ᠢᠨ ᠵᠠᠬ᠎ᠠ ᠤᠷᠤᠭᠤ ᠣᠷᠣᠯ᠎ᠠ᠃ ᠰᠠᠷᠯᠤᠭ ᠤ᠋ᠨ ᠰᠡᠪᠡᠭ ᠱᠦᠷᠭᠦᠭᠰᠡᠨ ᠬᠤᠩᠭᠠᠷ ᠴᠠᠰᠤᠨ ᠳᠤᠮᠳᠠᠭᠤᠷ ᠳᠠᠭᠤᠴᠢᠨ ᠰᠢᠪᠠᠳᠠᠭᠤᠯᠬᠤ ᠳ᠋ᠤ᠌ ᠬᠠᠮᠠᠷ ᠢ᠋ ᠨᠢ ᠬᠥᠳᠡᠵᠦ᠂ ᠬᠠᠯᠵᠠᠨ ᠲᠠᠤᠯᠠᠢ ᠪᠣᠯᠭᠠᠭᠰᠠᠨ ᠵᠢᠭᠠᠯ ᠬᠦᠦ᠂
— ᠡᠪᠦᠭᠡᠳᠡᠢ! ᠲᠠ ᠶᠠᠭᠤᠨ ᠳ᠋ᠤ᠌ ᠶᠠᠭᠠᠷᠠᠨ᠎ᠠ ᠪᠢᠯᠡ? ᠭᠡᠪᠡᠯ ᠬᠥᠩᠬᠥᠷ ᠬᠣᠷᠴᠢ ᠰᠦ ᠦᠨᠦᠷᠲᠦᠭᠰᠡᠨ ᠵᠤᠯᠠᠢ ᠶ᠋ᠢ ᠨᠢ ᠥᠬᠥᠭᠡᠷᠳᠡᠨ ᠦᠨᠦᠰᠴᠦ᠂
— ᠲᠠ ᠣᠳᠣᠬᠠᠨ ᠬᠠᠷᠠᠮᠠᠴᠢ ᠬᠡᠮᠡᠪᠡ᠃ ᠴᠢᠩᠭᠢᠭᠡᠳ ᠰᠠᠷᠯᠤᠭ ᠢ᠋ᠶ᠋ᠠᠨ ᠳᠠᠪᠢᠴᠢᠨ ᠮᠣᠳᠣᠨ ᠳᠤᠮᠳᠠᠭᠤᠷ ᠮᠠᠴᠤᠨ ᠮᠠᠴᠤᠨ ᠠᠵᠢ᠃ ᠶᠡᠷᠦ ᠣᠳᠣᠬᠠᠨ ᠭᠡᠮᠡᠨ ᠢᠲᠡᠭᠡᠭᠰᠡᠨ ᠵᠢᠭᠠᠯ ᠬᠦᠦ《ᠡᠨᠡ ᠬᠠᠳᠠ ᠲᠣᠭᠣᠷᠢᠭᠠᠳ》᠂《ᠡᠨᠡ ᠮᠣᠳᠣᠨ ᠤ᠋ ᠴᠠᠭᠠᠨ᠎ᠠ》 ᠭᠡᠵᠦ ᠬᠦᠷᠬᠦ ᠭᠠᠵᠠᠷ ᠤ᠋ᠨ ᠲᠣᠪ ᠲᠣᠪᠢᠵᠤ᠂ ᠰᠢᠪᠡ ᠬᠠᠷᠠᠪᠠᠴᠤ ᠥᠩᠭᠡᠷᠡᠨ ᠶᠠᠪᠤᠭᠰᠠᠭᠠᠷ ᠯᠠ ᠪᠠᠢᠪᠠ᠃ ᠨᠠᠷᠠ ᠲᠣᠩᠭᠣᠢᠲᠠᠯ᠎ᠠ ᠱᠣᠭᠰᠢᠵᠠᠢ᠃ ᠭᠡᠳᠡᠰᠦ ᠨᠢ ᠬᠣᠩᠬᠣᠯᠵᠠᠨ ᠲᠡᠰᠪᠦᠷᠢ ᠠᠯᠳᠠᠭᠰᠠᠨ ᠵᠢᠭᠠᠯ ᠬᠦᠦ᠂
— ᠣᠳᠣᠬᠠᠨ᠁ ᠣᠳᠣᠬᠠᠨ᠁ ᠣᠳᠣᠬᠠᠨ ᠴᠢᠨᠢ ᠬᠠᠮᠢᠭ᠎ᠠ ᠪᠢᠯᠡ᠂ ᠡᠪᠦᠭᠡᠳᠡᠢ? ᠭᠡᠬᠦ ᠳ᠋ᠦ᠍ ᠬᠥᠩᠬᠥᠷ ᠬᠣᠷᠴᠢ ᠢᠨᠢᠶᠡᠳᠦ ᠠᠯᠲᠠᠨ᠂ ᠠᠭᠤᠷ ᠰᠠᠪᠰᠠᠭᠰᠠᠨ ᠨᠢᠴᠦᠭᠦᠨ ᠲᠣᠯᠣᠭᠠᠢ ᠪᠠᠨ ᠢᠯᠢᠵᠦ᠂
— ᠲᠠ ᠪᠠᠰᠠ ᠨᠡᠬᠡᠯ ᠬᠠᠲᠠᠭᠤ ᠲᠠᠢ ᠡᠷ᠎ᠡ ᠠ᠋! ᠭᠡᠰᠡᠨ ᠢ᠋ᠶ᠋ᠡᠨ ᠰᠠᠷᠯᠤᠭ ᠢ᠋ᠶ᠋ᠠᠨ ᠳᠠᠪᠢᠴᠢᠨ᠂
— ᠣᠳᠣᠬᠠᠨ᠁ ᠣᠳᠣᠬᠠᠨ᠁ ᠭᠡᠯᠡ᠃ ᠥᠷᠯᠥᠭᠡᠨ ᠦ᠌ ᠨᠠᠷᠠᠨ ᠳ᠋ᠤ᠌ ᠮᠥᠴᠢᠷ ᠦ᠋ᠨ ᠴᠠᠰᠤ ᠬᠠᠢᠯᠤᠨ ᠤᠷᠤᠰᠴᠤ᠂ ᠣᠷᠣᠢ ᠶ᠋ᠢᠨ ᠰᠡᠷᠢᠭᠦᠨ ᠳ᠋ᠦ᠍ ᠪᠣᠯᠣᠷ ᠰᠠᠪᠬ᠎ᠠ ᠮᠡᠲᠦ ᠪᠣᠯᠤᠨ ᠬᠥᠯᠳᠡᠭᠰᠡᠨ ᠨᠠᠬᠢᠶ᠎ᠠ ᠮᠥᠴᠢᠷ ᠵᠠᠢᠴᠢᠯᠠᠨ ᠶᠡᠬᠡ ᠬᠥᠪᠴᠢ ᠶ᠋ᠢᠨ ᠳᠤᠮᠳᠠᠭᠤᠷ ᠶᠠᠭᠠᠷᠠᠤᠬᠠᠨ ᠵᠢᠳᠬᠦᠭᠦᠯᠦᠭᠰᠡᠭᠡᠷ ᠣᠷᠭᠢᠯ ᠳ᠋ᠤ᠌ ᠣᠢᠷᠠᠳᠴᠠᠢ᠃ ᠰᠣᠯᠵᠢᠷ ᠬᠤᠸᠠ ᠰᠠᠷᠯᠤᠭ ᠤ᠋ᠨ ᠵᠥᠭᠡᠯᠡᠨ ᠶᠠᠪᠤᠳᠠᠯ ᠳ᠋ᠤ᠌ ᠪᠦᠪᠡᠢᠯᠡᠭᠳᠡᠭᠰᠡᠨ ᠵᠢᠭᠠᠯ ᠬᠦᠦ ᠬᠡᠳᠦᠢᠨ ᠳᠤᠭᠵᠢᠷᠠᠵᠤ ᠠᠪᠠᠢ᠃
— ᠵᠠᠮ ᠳ᠋ᠤ᠌ ᠬᠠᠨᠢ ᠪᠣᠯᠬᠤ ᠦᠭᠡᠢ ᠡᠷ᠎ᠡ ᠶᠦᠮ ᠠ᠋ ᠳᠠ ᠬᠦ ᠭᠡᠮᠡᠨ ᠤᠷᠢ ᠭᠠᠭᠴᠠᠭᠠᠷ ᠥᠬᠥᠭᠡᠷᠳᠡᠨ ᠬᠦᠦᠷᠨᠢᠵᠦ᠂ ᠦᠨᠡᠨᠴᠢ ᠲᠦᠰᠢᠭ ᠮᠠᠭᠤ ᠰᠣᠯᠵᠢᠷ ᠰᠠᠷᠯᠤᠭ ᠢ᠋ᠶ᠋ᠠᠨ ᠳᠠᠪᠢᠴᠢᠵᠤ ᠰᠥᠨᠢᠵᠢᠨ ᠱᠣᠭᠰᠢᠪᠠ᠃ ᠶᠡᠷᠦ ᠲᠤᠩ ᠬᠣᠯᠠ ᠭᠠᠵᠠᠷ ᠶᠤᠮ᠃ ᠵᠢᠪᠠᠷ ᠤᠶᠠᠰᠴᠤ᠂ ᠬᠦᠢᠲᠡᠨ ᠦ᠌ ᠡᠷᠴᠢ ᠬᠠᠷᠢᠭᠰᠠᠨ ᠴᠠᠭ ᠲᠤᠯᠠ ᠲᠠᠭᠠᠷᠠᠬᠤ ᠨᠢ ᠦᠭᠡᠢ ᠠᠵᠢ᠃ ᠡᠪᠦᠷ ᠲᠦ᠋ᠨᠢ ᠨᠣᠢᠷᠰᠤᠬᠤ ᠬᠥᠪᠡᠭᠦᠨ ᠠᠵᠢᠷᠭᠠᠨ ᠨᠡᠬᠡᠢ ᠳᠡᠪᠡᠯ ᠦ᠋ᠨ ᠭᠠᠳᠠᠭᠤᠷ᠂ ᠴᠢᠨᠣ᠎ᠠ ᠶ᠋ᠢᠨ ᠠᠷᠠᠰᠤᠨ ᠳᠠᠬᠤ ᠳᠠᠪᠬᠤᠷᠯᠠᠵᠤ ᠨᠥᠮᠥᠷᠦᠭᠰᠡᠨ ᠪᠠᠢᠪᠠ᠃ ᠬᠥᠩᠬᠥᠷ ᠬᠣᠷᠴᠢ ᠰᠢᠮᠳᠠᠭᠤᠬᠠᠨ ᠱᠣᠭᠰᠢᠭᠰᠠᠭᠠᠷ ᠡᠯᠦᠢ ᠬᠤᠯᠤᠢ᠂ ᠨᠠᠮ ᠭᠦᠮ ᠬᠥᠪᠴᠢ ᠶ᠋ᠢᠨ ᠭᠦᠨ ᠳ᠋ᠦ᠍ ᠬᠦᠷᠴᠡᠢ᠃ ᠡᠨᠡ ᠬᠠᠷᠭᠤᠢ ᠶ᠋ᠢ ᠬᠣᠷᠴᠢ ᠯᠠ ᠮᠡᠳᠡᠬᠦ ᠠᠪᠠᠢ᠃ ᠲᠡᠷᠡ ᠪᠡᠷ ᠰᠣᠯᠵᠢᠷ ᠬᠤᠸᠠ ᠰᠠᠷᠯᠤᠭ ᠢ᠋ᠶ᠋ᠠᠨ ᠤᠶᠠᠵᠤ ᠣᠷᠬᠢᠭᠠᠳ ᠭᠦᠨ ᠨᠣᠢᠷ ᠲᠤ᠌ ᠠᠪᠲᠠᠭᠰᠠᠨ ᠬᠦᠦ ᠶ᠋ᠢ ᠰᠡᠪᠬᠢᠲᠡᠯ᠎ᠡ ᠡᠷᠭᠦᠨ ᠪᠤᠭᠤᠷᠤᠯ ᠴᠠᠷᠠᠰᠤᠨ ᠤ᠋ ᠨᠥᠮᠥᠷᠢ ᠪᠠᠷᠠᠳᠠᠭᠤᠯᠤᠨ ᠰᠠᠭᠤᠯᠭᠠᠪᠠ᠃ ᠵᠠᠭᠠᠨ ᠰᠡᠷᠪᠡᠭᠡ ᠰᠢᠭ ᠠᠭᠤᠯᠠᠰ ᠤ᠋ᠨ ᠲᠣᠷᠭᠠᠨ ᠣᠷᠣᠢ ᠳᠡᠭᠡᠭᠦᠷ ᠠᠢᠰᠤᠢ ᠨᠠᠷᠠᠨ ᠤ᠋ ᠰᠢᠵᠢᠷ ᠲᠤᠶᠠᠭ᠎ᠠ ᠰᠢᠷᠭᠠᠯᠲᠤᠨ ᠲᠤᠰᠬᠤ ᠳ᠋ᠤ᠌ ᠵᠢᠭᠠᠯ ᠬᠦᠦ ᠰᠡᠷᠡᠪᠡ᠃
— ᠡᠪᠦᠭᠡᠳᠡᠢ!
— ᠠᠶᠠᠷ᠁ ᠭᠡᠳ ᠬᠥᠩᠬᠥᠷ ᠬᠣᠷᠴᠢ ᠥᠯᠮᠡᠢ ᠳᠡᠭᠡᠷ᠎ᠡ ᠪᠡᠨ ᠭᠡᠲᠡᠨ ᠭᠦᠶᠦᠵᠦ ᠢᠷᠡᠭᠰᠡᠨ ᠢ᠋ᠶ᠋ᠡᠨ ᠲᠡᠳᠡᠨ ᠪᠤᠰᠬᠠᠵᠤ ᠴᠢᠨᠣ᠎ᠠ ᠶ᠋ᠢᠨ ᠳᠠᠬᠤᠨ ᠠ᠋ᠴᠠ ᠨᠢ ᠰᠤᠭᠤᠯᠤᠨ ᠬᠥᠲᠥᠯᠦᠯᠡ᠃ ᠴᠢᠩᠭᠢᠭᠡᠳ ᠨᠠᠷᠠ ᠲᠤᠰᠤᠭᠰᠠᠨ ᠮᠣᠳᠣ ᠦᠭᠡᠢ ᠡᠩᠭᠡᠷ ᠦ᠋ᠨ ᠴᠠᠰᠤ ᠳᠠᠷᠤᠭᠰᠠᠨ ᠨᠢᠴᠦᠭᠦᠨ ᠭᠠᠵᠠᠷ ᠲᠤ᠌ ᠶᠢᠰᠦᠨᠲᠡ ᠮᠥᠷᠭᠥᠭᠦᠯᠦᠭᠡᠳ᠂ ᠬᠤᠨ ᠬᠤᠭᠤᠷ ᠢ᠋ᠶ᠋ᠠᠨ ᠠᠪᠴᠤ ᠬᠥᠬᠡ ᠲᠩᠷᠢ ᠶ᠋ᠢᠨ ᠠᠶᠠᠯᠭᠤ ᠳᠡᠯᠭᠡᠭᠦᠯᠪᠡ᠃ ᠵᠢᠭᠠᠯ ᠬᠦᠦ ᠡᠨᠡ ᠡᠬᠡᠰᠢᠭ ᠲᠦ᠍ ᠳᠤᠷᠠᠲᠠᠢ ᠶᠤᠮ᠃ ᠬᠠᠷᠢᠨ ᠢᠳᠡᠭᠡ ᠲᠠᠯᠪᠢᠭᠰᠠᠨ ᠭᠠᠯ ᠤ᠋ᠨ ᠳᠡᠷᠭᠡᠳᠡ ᠪᠢᠰᠢ᠂ ᠴᠡᠭᠡ ᠰᠥᠩᠨᠡᠭᠰᠡᠨ ᠨᠠᠢᠷ ᠤ᠋ᠨ ᠬᠣᠢᠮᠣᠷ ᠲᠤ᠌ ᠪᠢᠰᠢ᠂ ᠡᠯᠦᠢ ᠬᠤᠯᠤᠢᠬᠠᠨ ᠬᠥᠪᠴᠢ ᠳ᠋ᠦ᠍ ᠡᠢᠨ ᠠᠶᠠᠭᠯᠠᠭᠰᠠᠨ ᠳ᠋ᠤ᠌ ᠪᠠᠬᠠᠨ ᠭᠠᠢᠬᠠᠵᠠᠢ᠃ ᠴᠢᠩᠭᠢᠲᠡᠯ᠎ᠡ ᠬᠥᠩᠬᠥᠷ ᠬᠣᠷᠴᠢ᠂
ᠶᠡᠬᠡ ᠭᠦᠯᠭᠡᠨ ᠲᠩᠷᠢ ᠰᠣᠶᠣᠷᠬ᠎ᠠ!
ᠢᠬᠡᠷ᠎ᠡ ᠮᠢᠩᠭᠠᠨ ᠠᠭᠤᠯᠠᠰ ᠰᠣᠶᠣᠷᠬ᠎ᠠ!
ᠢᠷᠮᠡᠭᠦᠨ ᠵᠠᠶᠠᠭᠠᠲᠤ ᠳᠡᠭᠡᠳᠦᠰ ᠰᠣᠶᠣᠷᠬ᠎ᠠ!
ᠢᠵᠢᠯᠢ ᠬᠤᠪᠢᠲᠤ ᠬᠣᠷᠴᠢ ᠶ᠋ᠢ ᠰᠣᠶᠣᠷᠬ᠎ᠠ!
ᠵᠣᠯ ᠲᠠᠢ ᠶᠠᠪᠤᠭᠰᠠᠨ ᠳᠡᠭᠡᠳᠦᠰ ᠦ᠋ᠨ ᠥᠯᠮᠡᠢ ᠳ᠋ᠦ᠍
ᠵᠣᠪᠠᠯᠠᠩ ᠲᠠᠢ ᠲᠥᠷᠥᠭᠰᠡᠨ ᠬᠥᠮᠦᠨ ᠦ᠌ ᠦᠷ᠎ᠡ ᠶ᠋ᠢ
ᠬᠥᠲᠥᠯᠦᠨ ᠢᠷᠡᠵᠦ ᠰᠥᠬᠥᠷᠡᠭᠦᠯᠪᠡ᠂ ᠰᠣᠶᠣᠷᠬ᠎ᠠ
ᠬᠥᠯᠭᠡᠨ ᠲᠤᠤᠯᠢᠰ ᠢ᠋ ᠴᠡᠭᠡᠵᠢᠯᠡᠭᠦᠯᠪᠡ᠂ ᠰᠣᠶᠣᠷᠬ᠎ᠠ
ᠬᠤᠨ ᠬᠤᠭᠤᠷ ᠢ᠋ᠶ᠋ᠠᠨ ᠡᠭᠦᠷᠦᠨ ᠢᠷᠡᠵᠦ
ᠬᠤᠷᠮᠤᠰᠲᠠ ᠶ᠋ᠢᠨ ᠳᠣᠣᠷ᠎ᠠ ᠲᠡᠭᠦᠷᠦᠨ ᠢᠷᠡᠵᠦ
ᠱᠠᠷᠢᠯ ᠳ᠋ᠤ᠌ ᠲᠠᠨᠢ ᠮᠥᠷᠭᠥᠶ᠎ᠡ᠂ ᠰᠣᠶᠣᠷᠬ᠎ᠠ
ᠱᠠᠳ ᠢ᠋ᠶ᠋ᠠᠷ ᠨᠢ ᠴᠡᠭᠡᠵᠢᠯᠡᠭᠦᠯᠦᠶᠡ᠂ ᠰᠣᠶᠣᠷᠬ᠎ᠠ
ᠲᠦᠮᠡᠨ ᠵᠢᠯ ᠦ᠋ᠨ ᠪᠤᠮᠠᠨ ᠳᠣᠮᠣᠭ ᠢ᠋
ᠲᠡᠦᠬᠡ ᠦᠦᠬᠡ ᠶ᠋ᠢᠨ ᠮᠢᠩᠭᠠᠨ ᠵᠠᠩᠭᠢᠯᠠᠭ᠎ᠠ ᠶ᠋ᠢ
ᠥᠪᠯᠡᠨ ᠦᠯᠡᠳᠡᠬᠦ ᠬᠦᠦ ᠡᠨᠡ᠂ ᠰᠣᠶᠣᠷᠬ᠎ᠠ
ᠡᠪᠦᠷᠯᠡᠨ ᠬᠣᠴᠣᠷᠬᠤ ᠬᠣᠷᠴᠢ ᠡᠨᠡ᠂ ᠰᠣᠶᠣᠷᠬ᠎ᠠ! ᠭᠡᠵᠦ ᠠᠶᠠᠯᠭᠤᠯᠤᠨ ᠬᠠᠢᠯᠠᠵᠤ ᠪᠢᠯᠡ᠃ ᠴᠢᠩᠭᠢᠭᠡᠳ ᠮᠥᠷᠭᠥᠨ ᠮᠥᠷᠭᠥᠭᠰᠡᠭᠡᠷ ᠰᠢᠷᠣᠢ ᠨᠠᠭᠠᠯᠳᠤᠭᠰᠠᠨ ᠮᠠᠩᠨᠠᠢ ᠶ᠋ᠢ ᠠᠷᠴᠢᠵᠤ᠂
— ᠴᠢ ᠬᠣᠷᠴᠢ ᠪᠣᠯᠤᠯ᠎ᠠ! ᠭᠡᠪᠡ᠃ ᠳᠡᠭᠡᠳᠦᠰ ᠣᠷᠣᠰᠢᠭᠰᠠᠨ ᠶᠡᠬᠡ ᠠᠭᠤᠯᠠᠰ ᠤ᠋ᠨ ᠠᠷᠢᠭᠤᠨ ᠰᠢᠷᠣᠢ ᠶ᠋ᠢ ᠮᠠᠩᠨᠠᠢ ᠠ᠋ᠴᠠ ᠨᠢ ᠠᠷᠴᠢᠵᠤ ᠬᠦᠦ ᠶ᠋ᠢ ᠬᠥᠲᠥᠯᠦᠨ ᠮᠥᠨᠥᠬᠡᠨ ᠴᠤᠯᠭᠤᠢ ᠴᠠᠭᠠᠨ ᠭᠠᠵᠠᠷ ᠢ᠋ ᠨᠠᠷᠠ ᠵᠥᠪ ᠶᠢᠰᠦ ᠲᠣᠭᠣᠷᠢᠯᠠ᠃ ᠳᠠᠷᠠᠭ᠎ᠠ ᠨᠢ ᠬᠣᠷᠮᠣᠢ ᠳᠡᠪᠢᠰᠦᠨ ᠰᠥᠬᠥᠷᠡᠵᠦ ᠰᠠᠭᠤᠭᠠᠳ ᠡᠪᠦᠷ ᠢ᠋ᠶ᠋ᠡᠨ ᠤᠬᠤᠵᠤ ᠤᠬᠤᠵᠤ ᠮᠤᠬᠤᠷ ᠲᠣᠬᠣᠢ ᠬᠢᠷᠢ ᠶ᠋ᠢᠨ ᠰᠡᠢᠯᠪᠦᠷᠢ ᠭᠠᠷᠭᠠᠵᠤ ᠢᠷᠡᠪᠡ᠃ ᠵᠢᠭᠠᠯ ᠬᠦᠦ ᠬᠠᠷᠠᠭᠠᠳ ᠯᠠ ᠤᠤᠯᠭ᠎ᠠ ᠠᠯᠳᠠᠵᠠᠢ᠃ ᠬᠥᠬᠡ ᠲᠩᠷᠢ ᠳ᠋ᠦ᠍ ᠳᠡᠭᠦᠯᠢᠨ ᠠᠯᠳᠠᠬᠤ ᠶᠡᠬᠡ ᠬᠦᠰᠡᠯ ᠢ᠋ᠶ᠋ᠡᠷ ᠦᠦᠷᠰᠡᠨ ᠢᠨᠴᠠᠭᠠᠬᠤ ᠳ᠋ᠤ᠌ ᠬᠤᠷ ᠳᠡᠯ ᠨᠢ ᠨᠠᠮᠢᠷᠠᠨ ᠬᠡᠢᠰᠴᠦ᠂ ᠰᠤᠭᠤ ᠴᠢᠬᠢ ᠨᠢ ᠰᠣᠷᠲᠣᠢᠨ ᠪᠣᠰᠤᠭᠰᠠᠨ ᠬᠦᠯᠦᠭ ᠮᠣᠷᠢᠨ ᠪᠠᠢᠯ᠎ᠠ᠃
— ᠶᠠᠭᠠᠬᠢᠭᠰᠠᠨ ᠰᠠᠢᠬᠠᠨ ᠮᠣᠷᠢ ᠪᠣᠢ?
— ᠴᠢ ᠬᠦ᠂ ᠨᠠᠮ᠎ᠠ ᠶ᠋ᠢ ᠲᠠᠩᠳᠠ ᠯᠠ ᠰᠠᠷᠯᠤᠭ ᠤᠨᠤᠵᠤ ᠶᠠᠪᠤᠳᠠᠭ ᠶᠤᠮ ᠭᠡᠵᠦ ᠪᠣᠳᠣᠭ᠎ᠠ ᠦᠭᠡᠢ ᠪᠢᠵᠡ᠃ ᠰᠠᠷᠯᠤᠭ ᠤᠨᠤᠭᠠᠳ ᠱᠣᠭᠰᠢᠨ ᠶᠠᠪᠤᠳᠠᠭ ᠴᠣ ᠰᠠᠨᠠᠭᠠᠨ ᠳ᠋ᠠᠭᠠᠨ ᠪᠠᠰᠠ ᠮᠣᠷᠢ ᠤᠨᠤᠭᠠᠳ ᠭᠠᠯᠭᠢᠭᠤᠯᠵᠤ ᠶᠠᠪᠤᠳᠠᠭ ᠡᠷ᠎ᠡ ᠪᠢᠯᠡ ᠭᠡᠮᠡᠨ ᠬᠠᠷᠠᠮ ᠦᠭᠡᠢ ᠥᠪᠡᠷ ᠢ᠋ ᠪᠡᠨ ᠮᠠᠭᠲᠠᠵᠤ᠂ ᠬᠡᠢᠮᠣᠷᠢ ᠵᠠᠯᠢ ᠨᠢ ᠪᠠᠳᠠᠷᠠᠭᠰᠠᠨ ᠮᠣᠷᠢᠨ ᠲᠣᠯᠣᠭᠠᠢ ᠶ᠋ᠢ ᠬᠥᠳᠥᠰᠥᠨ ᠳᠡᠪᠡᠯ ᠦ᠋ᠨ ᠢ᠋ᠶ᠋ᠡᠨ ᠤᠨᠠᠭᠠᠨ ᠲᠤᠭᠤᠷᠠᠢ ᠨᠢᠳᠤᠷᠭ᠎ᠠ ᠪᠠᠷ ᠠᠷᠴᠢᠵᠤ᠂ ᠬᠡᠳᠦᠨᠲᠡ ᠦᠯᠢᠶᠡᠭᠰᠡᠨ ᠢ᠋ᠶ᠋ᠡᠨ᠂
— ᠰᠠᠢᠬᠠᠨ ᠠᠮᠢᠲᠠᠨ ᠰᠢᠦ ᠭᠡᠮᠡᠨ ᠴᠠᠭᠠᠨ ᠡᠭᠦᠯᠡ ᠲᠡᠢ ᠬᠥᠬᠡ ᠲᠩᠷᠢ ᠶ᠋ᠢᠨ ᠳᠡᠪᠢᠰᠬᠡᠷ ᠳᠡᠭᠡᠷ᠎ᠡ ᠡᠷᠭᠦᠨ ᠪᠠᠷᠢᠵᠤ ᠨᠢᠳᠦ ᠪᠡᠨ ᠣᠨᠢᠢᠯᠭᠠᠨ ᠬᠠᠷᠠᠯ᠎ᠠ᠃ ᠵᠢᠭᠠᠯ ᠬᠦᠦ ᠳᠠᠩᠬᠠᠷ ᠲᠣᠯᠣᠭᠠᠢ ᠪᠠᠨ ᠳᠠᠯᠵᠢᠢᠯᠭᠠᠨ᠂ ᠥᠷᠥᠭᠡᠰᠦᠨ ᠨᠢᠳᠦ ᠪᠡᠨ ᠠᠨᠢᠨ ᠪᠠᠢᠵᠤ ᠰᠢᠷᠳᠡᠪᠡ᠃ ᠴᠡᠩᠬᠡᠷ ᠲᠩᠷᠢ ᠶ᠋ᠢᠨ ᠠᠭᠤᠳᠠᠮ ᠳ᠋ᠤ᠌ ᠤᠷᠠᠨ ᠰᠠᠮᠰᠠ ᠪᠦᠷᠢᠶᠡᠳᠦᠨ ᠬᠤᠤᠬᠢᠷᠠᠵᠤ᠂ ᠬᠤᠷ ᠳᠡᠯ ᠢ᠋ᠶ᠋ᠡᠨ ᠬᠡᠢᠰᠬᠡᠵᠦ ᠳᠠᠪᠬᠢᠬᠤ ᠵᠠᠭᠠᠯ ᠬᠦᠯᠦᠭ ᠠᠮᠢᠳᠤ ᠮᠡᠲᠦ ᠬᠠᠷᠠᠭᠳᠠᠵᠤ ᠠᠪᠠᠢ᠃ ᠵᠢᠭᠠᠯ ᠬᠦᠦ᠂
— ᠰᠠᠢᠬᠠᠨ ᠬᠦᠯᠦᠭ ᠶᠦᠮ ᠭᠡᠬᠦ ᠳ᠋ᠦ᠍ ᠡᠯ᠎ᠡ ᠦᠭᠡᠨ ᠳ᠋ᠦ᠍ ᠬᠡᠦᠬᠡᠳ ᠰᠢᠭ ᠤᠷᠮᠠᠰᠢᠨ ᠪᠠᠶᠠᠷᠯᠠᠭᠰᠠᠨ ᠬᠣᠷᠴᠢ ᠬᠤᠭᠤᠷ ᠤ᠋ᠨ ᠬᠤᠨ ᠲᠣᠯᠣᠭᠠᠢ ᠶ᠋ᠢ ᠳᠡᠭᠡᠳᠦᠰ ᠦ᠋ᠨ ᠱᠠᠷᠢᠯ ᠳ᠋ᠤ᠌ ᠡᠷᠭᠦᠵᠦ᠂ ᠡᠬᠡᠰᠢᠭ ᠬᠤᠷᠠᠭᠰᠠᠨ ᠠᠶᠠᠯᠭᠤᠲᠤ ᠬᠤᠭᠤᠷ ᠲᠤ᠌ ᠮᠣᠷᠢᠨ ᠲᠣᠯᠣᠭᠠᠢ ᠶ᠋ᠢ ᠪᠢᠨᠳᠤᠷᠯᠠᠨ ᠵᠠᠯᠭᠠᠪᠠ᠃ ᠴᠢᠩᠭᠢᠭᠡᠳ ᠬᠥᠪᠴᠢ ᠶ᠋ᠢ ᠵᠢᠭᠠᠯ ᠬᠦᠦ ᠳ᠋ᠦ᠍ ᠠᠳᠬᠤᠭᠤᠯᠤᠨ᠂
— ᠵᠠᠳᠮᠢ ᠬᠣᠷᠴᠢ ᠮᠢᠨᠢ᠂ ᠠᠶᠠᠯᠭᠤ ᠡᠭᠦᠰᠬᠡᠵᠦ ᠬᠠᠢᠷᠠᠯᠠ! ᠭᠡᠯᠡ᠃ ᠬᠥᠪᠡᠭᠦᠨ ᠨᠢᠭᠡ ᠶᠡᠬᠡ ᠲᠣᠮᠣ ᠬᠠᠷᠠᠭᠰᠠᠨ ᠢ᠋ᠶ᠋ᠠᠨ᠂
— ᠪᠢ᠁ ᠪᠢ ᠴᠢᠨᠢ ᠲᠤᠯᠭᠠᠲᠠᠢ ᠣᠳᠴᠢᠬᠢᠨ ᠪᠢᠯᠡ ᠭᠡᠬᠦ ᠳ᠋ᠦ᠍ ᠬᠥᠩᠬᠥᠷ ᠬᠣᠷᠴᠢ《ᠴᠢᠱᠢ !》 ᠭᠡᠰᠡᠨ ᠢ᠋ᠶ᠋ᠡᠨ ᠪᠣᠯᠵᠣᠮᠣᠷ ᠱᠤᠯᠤᠭᠠᠨᠠᠭᠰᠠᠨ ᠬᠥᠬᠡ ᠬᠥᠪᠴᠢ ᠶ᠋ᠢᠨ ᠴᠢᠮᠡᠭᠡ ᠶ᠋ᠢ ᠴᠢᠩᠨᠠᠨ ᠡᠢᠰᠢ ᠲᠠᠢᠰᠢ ᠬᠠᠷᠠᠴᠠ ᠪᠡᠯᠴᠢᠭᠡᠭᠡᠳ᠂
— ᠳᠡᠭᠡᠳᠦᠰ ᠴᠢᠮᠠᠲᠤ ᠬᠠᠢᠷᠠᠯᠠᠭᠰᠠᠨ ᠨᠡᠷ᠎ᠡ ᠪᠢᠯᠡ᠃ ᠴᠢ ᠵᠠᠳᠮᠢ ᠬᠣᠷᠴᠢ! ᠪᠤᠰᠤᠳ ᠢ᠋ ᠨᠢ ᠮᠠᠷᠲᠠ! ᠭᠡᠯᠡ᠃ ᠬᠥᠪᠡᠭᠦᠨ ᠬᠠᠷᠠᠵᠤ ᠬᠠᠷᠠᠵᠤ ᠬᠥᠭᠡᠷᠦᠬᠦᠨ ᠪᠣᠵᠣᠭᠣᠷ ᠬᠤᠷᠤᠭᠤ ᠪᠠᠨ ᠴᠢᠪᠬᠠᠳᠠᠰᠤᠨᠠ ᠰᠤᠷᠮᠠᠭ ᠭᠦᠶᠦᠯᠭᠡᠨ ᠬᠥᠪᠴᠢ ᠲᠠᠲᠠᠬᠤ ᠳ᠋ᠤ᠌ ᠡᠭᠦᠯᠡᠨ ᠤᠭᠠᠯᠵᠠ ᠲᠠᠢ ᠬᠥᠬᠡ ᠲᠩᠷᠢ ᠶ᠋ᠢᠨ ᠳᠣᠣᠭᠤᠷ ᠤᠯᠠᠭᠠᠨ ᠵᠤᠯᠠᠢ ᠲᠠᠢ ᠬᠥᠷᠥᠰᠥᠲᠦ ᠳᠡᠯᠡᠬᠡᠢ ᠳᠡᠭᠡᠭᠦᠷ ᠬᠦᠯᠦᠭ ᠮᠣᠷᠢᠨ ᠢᠨᠴᠠᠭᠠᠬᠤ ᠰᠢᠭ᠋ ᠪᠣᠯᠵᠤ ᠠᠪᠠᠢ᠃ ᠡᠨᠡ ᠠᠶᠠᠯᠭᠤ ᠲᠦᠭᠡᠨ ᠳᠦᠷᠬᠢᠷᠡᠨ ᠢᠷᠡᠵᠦ ᠭᠠᠩ ᠲᠤᠯᠭᠠᠨ ᠳ᠋ᠤ᠌ ᠭᠠᠯ ᠳᠦᠷᠡᠯᠵᠡᠬᠦ ᠳᠤᠯᠠᠭᠠᠨ ᠦᠷᠭᠦᠭᠡᠨ ᠦ᠌ ᠬᠣᠢᠮᠣᠷ ᠳᠠᠬᠢ ᠭᠠᠩᠭᠠᠷ ᠱᠠᠭᠠᠵᠠᠩ ᠬᠠᠩ ᠬᠢᠲᠡᠯ᠎ᠡ ᠮᠣᠷᠢ ᠢᠨᠴᠠᠭᠠᠬᠤ ᠰᠢᠭ᠋ ᠪᠣᠯᠵᠠᠢ᠃ ᠠᠷᠤᠭ ᠳᠥᠰᠢᠨ ᠶᠣᠣᠯᠠᠨ ᠰᠠᠭᠤᠭᠰᠠᠨ ᠥᠭᠡᠯᠦᠨ ᠥᠵᠢᠨ᠂
— ᠪᠠᠢᠵᠠ᠂ ᠮᠣᠷᠢ ᠢᠨᠴᠠᠭᠠᠪᠠ ᠪᠢᠰᠢ ᠤᠤ᠁ ᠭᠡᠬᠦ ᠳ᠋ᠦ᠍ ᠬᠠᠲᠤᠨ ᠤ᠋ ᠲᠥᠯᠥᠭᠡᠨ᠎ᠡ ᠰᠢᠨᠠᠯᠵᠤ ᠭᠦᠢᠴᠡᠭᠰᠡᠨ ᠪᠤᠭᠤᠷᠤᠯ ᠢᠳᠤᠭᠠᠨ ᠡᠬᠡ ᠤᠬᠤᠰᠬᠢᠨ ᠭᠠᠷᠴᠤ ᠣᠳᠤᠯ᠎ᠠ᠃ ᠨᠡᠭᠡᠷᠡᠨ ᠯᠡ ᠮᠣᠷᠢ ᠢᠨᠴᠠᠭᠠᠬᠤ ᠰᠢᠭ᠋ ᠪᠣᠯᠤᠭᠰᠠᠨ ᠶᠤᠮ ᠳᠠ ᠭᠡᠵᠦ ᠪᠣᠳᠣᠨ ᠦᠷ ᠦ᠋ᠨ ᠰᠢᠷᠭᠠᠯ ᠲᠤᠶᠠᠭᠠᠨ ᠳᠣᠣᠭᠤᠷ ᠰᠠᠷᠠᠪᠴᠢᠯᠠᠨ ᠬᠠᠷᠠᠪᠠ᠃ ᠵᠠᠬ᠎ᠠ ᠦᠭᠡᠢ ᠴᠡᠩᠬᠡᠷ ᠲᠩᠷᠢ ᠶ᠋ᠢᠨ ᠳᠣᠷᠣᠨ᠎ᠠ ᠬᠠᠶᠠᠭᠠᠨ ᠠ᠋ᠴᠠ ᠮᠠᠨᠳᠤᠬᠤ ᠨᠠᠷᠠᠨ ᠳᠣᠣᠭᠤᠷ ᠲᠣᠭᠣᠰᠣ ᠮᠠᠨᠠᠷᠠᠨ ᠠᠢᠰᠤᠢ ᠠᠵᠢ᠃
— ᠢᠷᠡᠯ᠎ᠡ! ᠭᠡᠵᠦ ᠪᠠᠶᠠᠷ ᠲᠠᠢ ᠥᠭᠦᠯᠡᠭᠰᠡᠨ ᠢ᠋ᠶ᠋ᠡᠨ ᠤᠳᠤᠮ ᠤ᠋ᠨ ᠰᠢᠲᠦᠭᠡᠨ ᠰᠠᠭᠯᠠᠭᠠᠷ ᠮᠣᠳᠣ ᠮᠡᠲᠦ ᠲᠩᠷᠢ ᠪᠠᠭᠠᠨᠠᠳᠠᠨ ᠥᠨᠳᠥᠷᠰᠡᠬᠦ ᠴᠠᠭᠠᠨ ᠲᠣᠭᠣᠰᠣ ᠶ᠋ᠢ ᠪᠢᠰᠢᠷᠡᠩᠭᠦᠢ ᠬᠠᠷᠠᠵᠤ᠂
— ᠶᠢᠰᠦᠭᠡᠢ ᠪᠠᠭᠠᠲᠤᠷ ᠬᠡᠢ ᠮᠣᠷᠢᠲᠠᠢ ᠶᠠᠪᠤᠵᠠᠢ ᠭᠡᠮᠡᠨ ᠰᠢᠪᠡᠨᠡᠭᠡᠳ ᠡᠷᠭᠢᠨ ᠣᠷᠣᠯ᠎ᠠ᠃
— ᠥᠭᠡᠯᠦᠨ ᠦᠵᠢᠨ ᠮᠢᠨᠢ᠂ ᠶᠢᠰᠦᠭᠡᠢ ᠨᠣᠶᠠᠨ ᠴᠢᠨᠢ ᠠᠢᠰᠤᠢ! ᠦᠨᠡᠬᠡᠷ ᠮᠣᠷᠢ ᠢᠨᠴᠠᠭᠠᠭᠰᠠᠨ ᠠᠵᠢ᠃ ᠮᠣᠷᠢᠨ ᠵᠢᠯ ᠳ᠋ᠦ᠍ ᠮᠣᠷᠢᠨ ᠦᠦᠷᠰᠡᠭᠡᠨ ᠰᠣᠨᠣᠰᠴᠤ ᠲᠥᠷᠥᠬᠦ ᠬᠤᠪᠢ ᠲᠠᠢ ᠬᠥᠮᠦᠨ ᠰᠠᠨᠵᠠᠢ᠃ ᠠᠯᠤᠰ ᠤ᠋ᠨ ᠠᠶᠠᠨ ᠲᠡᠢᠨ ᠡᠴᠡ ᠭᠠᠨᠵᠤᠭ᠎ᠠ ᠳᠦᠭᠦᠷᠡᠩ ᠣᠯᠵᠠ ᠲᠠᠢ᠂ ᠭᠠᠷᠠᠭ ᠳᠦᠭᠦᠷᠡᠩ ᠪᠠᠶᠠᠷ ᠲᠠᠢ ᠢᠷᠡᠵᠦ ᠶᠠᠪᠤᠨ᠎ᠠ ᠪᠤᠰᠤ ᠤᠤ! ᠰᠦ ᠲᠡᠢ ᠪᠣᠯ ᠡᠷᠭᠦᠵᠦ᠂ ᠬᠦᠦ ᠲᠡᠢ ᠪᠣᠯ ᠲᠡᠪᠡᠷᠢᠵᠦ ᠲᠤᠰᠬᠤ ᠴᠠᠭ ᠰᠠᠨᠵᠠᠢ᠁ ᠭᠡᠯᠡ᠃ ᠥᠭᠡᠯᠦᠨ ᠦᠵᠢᠨ ᠡᠯ᠎ᠡ ᠪᠦᠯᠦᠭ ᠦᠭᠡᠨ ᠳ᠋ᠦ᠍ ᠲᠡᠩᠬᠡᠭᠡᠵᠢᠨ ᠰᠠᠷᠪᠠᠢᠵᠤ᠂
— ᠶᠠᠭᠤ ᠲᠠᠢ ᠪᠡᠯᠭᠡ ᠲᠡᠢ ᠦᠭᠡ ᠪᠢᠯᠡ᠃ ᠮᠢᠨᠦ ᠨᠣᠶᠠᠨ ᠬᠥᠮᠦᠨ ᠦ᠌ ᠭᠠᠵᠠᠷ ᠭᠦᠨ ᠦ᠌ ᠨᠤᠲᠤᠭ ᠠ᠋ᠴᠠ ᠣᠯᠵᠠ ᠣᠮᠣᠭ ᠲᠠᠢ ᠢᠷᠡᠵᠦ ᠪᠣᠢ ᠰᠠᠨᠵᠠᠢ᠁ ᠭᠡᠰᠡᠨ ᠢ᠋ᠶ᠋ᠡᠨ ᠳᠠᠭᠤ ᠲᠠᠯᠪᠢᠨ ᠶᠣᠣᠯᠠᠪᠠ᠃ ᠡᠨᠡᠬᠦ ᠡᠮ᠎ᠡ ᠠᠮᠢᠲᠠᠨ ᠤ᠋ ᠤᠷᠢ ᠳᠠᠭᠤ ᠶ᠋ᠢ ᠰᠣᠨᠣᠰᠤᠨ ᠡᠷ᠎ᠡ ᠬᠦᠯᠦᠭ ᠵᠦᠭ ᠢ᠋ᠶ᠋ᠡᠷ ᠢ᠋ᠶ᠋ᠡᠨ ᠬᠠᠩᠭᠢᠨᠠᠲᠠᠯ᠎ᠠ ᠢᠨᠴᠠᠭᠠᠬᠤ ᠴᠢᠬᠢᠨ ᠳ᠋ᠦ᠍ ᠬᠠᠲᠠᠵᠤ ᠠᠪᠠᠢ᠃ ᠡᠯ᠎ᠡ ᠳᠠᠭᠤᠳᠠᠯᠭ᠎ᠠ ᠪᠠᠷ ᠰᠡᠷᠡᠭᠰᠡᠨ ᠮᠡᠲᠦ ᠠᠯᠲᠠᠨ ᠬᠡᠪᠡᠯᠢ ᠳ᠋ᠡᠬᠢ ᠲᠠᠨᠢᠬᠤ ᠦᠭᠡᠢ ᠬᠥᠮᠦᠨ ᠰᠣᠴᠢᠮᠠᠭ ᠳᠠᠢᠴᠢᠨ ᠬᠦᠯᠦᠭ ᠮᠣᠷᠢᠨ ᠳ᠋ᠠᠭᠠᠨ ᠶᠠᠭᠠᠷᠠᠬᠤ ᠰᠢᠭ᠋ ᠪᠣᠯᠪᠠ᠃ ᠥᠭᠡᠯᠦᠨ ᠡᠬᠡ ᠶ᠋ᠢᠨ ᠵᠤᠯᠠᠢ ᠳᠡᠭᠡᠷ᠎ᠡ ᠲᠣᠭᠣᠨᠣ ᠪᠠᠷ ᠮᠡᠯᠲᠡᠢᠬᠦ ᠲᠩᠷᠢ ᠡᠷᠭᠢᠬᠦ ᠰᠢᠭ᠂ ᠭᠠᠵᠠᠷ ᠬᠥᠷᠪᠡᠬᠦ ᠰᠢᠭ ᠪᠣᠯᠵᠤ᠂ ᠪᠠᠷᠢᠴᠠ ᠠᠯᠳᠠᠭᠰᠠᠨ ᠵᠠᠯᠠᠭᠤ ᠬᠠᠲᠤᠨ《ᠡᠵᠢ ᠠ᠋》 ᠳᠠᠭᠤᠳᠠᠨ ᠴᠢᠷᠠᠯᠠᠯᠠ᠃ ᠲᠠᠰᠤ ᠪᠠᠵᠠᠭᠰᠠᠨ ᠪᠤᠷᠭᠠᠰᠤᠨ ᠠᠷᠤᠭ ᠤ᠋ᠨ ᠦᠳᠡᠭᠡᠷᠢ ᠲᠠᠰᠤᠴᠢᠵᠤ᠂ ᠲᠠᠰᠤ ᠵᠠᠭᠤᠭᠰᠠᠨ ᠤᠷᠤᠭᠤᠯ ᠨᠢ ᠬᠡᠭᠵᠡᠷᠡᠨ ᠴᠢᠰᠤ ᠱᠦᠭᠦᠷᠡᠬᠦ ᠦᠶᠡᠰ ᠬᠥᠬᠡ ᠲᠩᠷᠢ ᠳᠠᠭᠤᠳᠠᠨ ᠡᠷ᠎ᠡ ᠬᠣᠩᠭᠣᠷ ᠳᠠᠭᠤ ᠪᠠᠷ ᠤᠬᠢᠯᠠᠬᠤ ᠰᠣᠨᠣᠰᠳᠠᠪᠠ᠃ ᠦᠷ᠎ᠡ ᠶ᠋ᠢᠨ ᠳᠠᠭᠤ ᠰᠣᠨᠣᠰᠤᠭᠰᠠᠨ ᠢᠵᠢᠢ ᠶ᠋ᠢᠨ ᠴᠢᠷᠠᠢ ᠲᠠᠯᠪᠢᠭᠤᠷᠠᠵᠤ᠂ ᠭᠣᠣᠯ ᠲᠠᠰᠤᠷᠠᠲᠠᠯ᠎ᠠ ᠡᠪᠡᠳᠴᠦ ᠠᠭᠰᠠᠨ ᠨᠢ ᠥᠷᠭᠡᠰᠦ ᠠᠪᠴᠢᠬᠠᠭᠰᠠᠨ ᠶᠤᠮ ᠰᠢᠭ᠋ ᠵᠦᠭᠡᠷ ᠪᠣᠯᠵᠠᠢ᠃ ᠥᠭᠡᠯᠦᠨ ᠥᠵᠢᠨ ᠠᠯᠠᠭᠠᠨ ᠴᠢᠨᠡᠭᠡ ᠤᠯᠠᠭᠠᠨ ᠠᠮᠢᠲᠠᠨ ᠤ᠋ ᠲᠡᠩᠬᠡᠭᠡ ᠮᠡᠳᠡᠨ ᠴᠢᠷᠠᠯᠠᠬᠤ ᠶ᠋ᠢ ᠬᠠᠷᠠᠵᠤ ᠡᠩᠬᠦᠷᠡᠢᠯᠡᠨ ᠮᠢᠰᠢᠯᠵᠡᠪᠡ᠃ ᠡᠨᠡ ᠬᠢᠷᠢ ᠶᠢᠰᠦᠭᠡᠢ ᠪᠠᠭᠠᠲᠤᠷ ᠥᠷᠭᠥᠭᠡ ᠭᠡᠷ ᠦ᠋ᠨ ᠭᠠᠳᠠᠭ᠎ᠠ ᠵᠢᠯᠣᠭᠣ ᠲᠡᠳᠡᠨ ᠵᠣᠭᠰᠣᠭᠰᠠᠨ ᠢ᠋ᠶ᠋ᠠᠨ ᠴᠢᠬᠢ ᠲᠠᠯᠪᠢᠨ ᠴᠢᠩᠨᠠᠵᠤ᠂
— ᠬᠦᠦ ᠲᠥᠷᠥᠵᠡᠢ! ᠶᠢᠰᠦᠨ ᠲᠠᠲ᠋ᠠᠷ ᠤ᠋ᠨ ᠲᠡᠮᠦᠵᠢᠨ ᠦᠭᠡ ᠶ᠋ᠢ ᠪᠠᠭᠤᠯᠭᠠᠨ ᠠᠪᠤᠭᠰᠠᠨ ᠦᠶ᠎ᠡ ᠳ᠋ᠦ᠍ ᠲᠣᠬᠢᠶᠠᠪᠠ᠃ ᠲᠡᠮᠦᠵᠢᠨ ᠨᠡᠷ᠎ᠡ ᠥᠭᠭᠦᠶ᠎ᠡ! ᠭᠡᠮᠡᠨ ᠥᠭᠦᠯᠡᠵᠦ ᠠᠶᠠᠨ ᠲᠡᠢᠨ ᠦ᠌ ᠶᠡᠬᠡ ᠵᠠᠮ ᠢ᠋ ᠴᠣᠭ ᠲᠤᠭᠤᠯᠤᠭᠰᠠᠨ ᠰᠢᠳᠠᠷ ᠡᠷᠡᠰ ᠦ᠋ᠨ ᠢ᠋ᠶ᠋ᠡᠨ ᠬᠦᠷᠡᠯ ᠬᠦᠷᠡᠩ ᠴᠢᠷᠠᠢ ᠶ᠋ᠢ ᠪᠠᠬᠠᠷᠬᠠᠯ ᠳᠦᠭᠦᠷᠡᠩ ᠨᠢᠳᠦ ᠪᠡᠷ ᠰᠢᠷᠳᠡᠪᠡ᠃ ᠲᠡᠷᠡ ᠬᠦ᠌ ᠬᠦᠷᠡᠯ ᠰᠤᠪᠤᠷᠭ᠎ᠠ ᠰᠢᠭ᠋ ᠪᠠᠳᠠᠷᠢᠭᠤᠨ ᠡᠷᠡᠰ ᠦ᠋ᠨ ᠭᠠᠯ ᠤ᠋ᠨ ᠳᠥᠯᠥ ᠪᠠᠳᠮᠠᠯᠠᠭᠤᠯᠵᠤ ᠤᠷᠠᠯᠠᠭᠰᠠᠨ ᠲᠣᠭᠣᠯᠭᠠᠨ ᠤ᠋ ᠠᠯᠲᠠᠨ ᠰᠡᠷᠡᠭᠡᠨ ᠳᠡᠭᠡᠭᠦᠷ ᠬᠥᠬᠡ ᠲᠩᠷᠢ ᠮᠡᠯᠲᠡᠢᠨ ᠳᠤᠨᠢᠶᠠᠷᠠᠵᠤ᠂ ᠦᠷ ᠦ᠋ᠨ ᠰᠢᠷᠭᠠᠯ ᠲᠤᠶᠠᠭ᠎ᠠ ᠮᠠᠩᠬᠠᠢᠨ ᠴᠠᠢᠵᠤ ᠪᠠᠢᠪᠠ᠃ ᠠᠢᠰᠤᠢ ᠶᠠᠪᠤᠭ᠎ᠠ ᠰᠦᠷᠦᠭ ᠵᠠᠭᠠᠯ ᠬᠦᠯᠦᠭ ᠰᠢᠭ ᠴᠠᠭᠠᠨ ᠡᠭᠦᠯᠡᠰ ᠦ᠋ᠨ ᠨᠡᠭᠦᠳᠡᠯ ᠢ᠋ ᠪᠠᠶᠠᠷᠲᠤ ᠨᠢᠳᠦ ᠪᠡᠷ ᠰᠢᠷᠲᠡᠵᠦ᠂
— ᠠᠭᠤᠤ ᠶᠡᠬᠡ ᠰᠦᠯᠳᠡ ᠬᠡᠢ ᠮᠣᠷᠢ ᠠᠢᠰᠤᠢ ᠶᠠᠪᠤᠭ᠎ᠠ ᠶ᠋ᠢ ᠪᠢ ᠮᠡᠳᠡᠷᠡᠵᠦ ᠪᠠᠢᠨ᠎ᠠ᠁ ᠭᠡᠵᠦ ᠠᠮᠠᠨ ᠳ᠋ᠠᠭᠠᠨ ᠰᠢᠪᠡᠨᠡᠵᠦ ᠠᠪᠠᠢ᠃
1986—1996 ᠣᠨ
ᠬᠡ· ᠪᠠᠭᠠᠲᠤᠷ ᠪᠠᠭᠤᠯᠭᠠᠪᠠ
ᠦᠬᠡᠷ ᠤᠨᠤᠭᠰᠠᠨ ᠪᠤᠷᠬᠠᠳ
— — — — — — — — — — — — — — —
ᠵᠣᠬᠢᠶᠠᠭᠴᠢ᠄ ᠲᠠᠮᠪᠠ ᠶ᠋ᠢᠨ ᠲᠥᠷᠦᠪᠠᠲᠤ
ᠪᠠᠭᠤᠯᠭᠠᠭᠰᠠᠨ ᠨᠢ᠄ ᠬᠡ· ᠪᠠᠭᠠᠲᠤᠷ
ᠬᠠᠷᠢᠭᠤᠴᠠᠭᠰᠠᠨ ᠨᠠᠢᠷᠠᠭᠤᠯᠤᠭᠴᠢ᠄ ᠪᠤᠤ ᠮᠠᠨᠳᠤᠯ᠎ᠠ
ᠦᠰᠦᠭ ᠬᠠᠷᠭᠤᠭᠤᠯᠤᠭᠴᠢ᠄ ᠪᠠᠲᠤ
ᠬᠠᠪᠢᠰᠤ ᠤᠷᠠᠯᠠᠭᠰᠠᠨ ᠨᠢ᠄ ᠬᠠᠢᠷᠬᠠᠨ
ᠬᠡᠪᠯᠡᠭᠦᠯᠦᠨ ᠲᠠᠷᠬᠠᠭᠠᠭᠰᠠᠨ ᠨᠢ᠄ ᠯᠢᠶᠣᠤᠨᠢᠩ ᠤ᠋ᠨ ᠦᠨᠳᠦᠰᠦᠲᠡᠨ ᠦ᠌ ᠬᠡᠪᠯᠡᠯ ᠦ᠋ᠨ ᠬᠣᠷᠢᠶ᠎ᠠ
ᠬᠡᠪᠯᠡᠨ ᠳᠠᠷᠤᠮᠠᠯᠯᠠᠭᠰᠠᠨ ᠨᠢ᠄ ᠬᠥᠬᠡᠬᠣᠲᠠ ᠶ᠋ᠢᠨ ᠵᠢᠦᠢ ᠯᠢ ᠬᠡᠪᠯᠡᠯ ᠦ᠋ᠨ ᠦᠢᠯᠡᠰ ᠦ᠋ᠨ ᠬᠢᠵᠠᠭᠠᠷᠲᠤ ᠺᠣᠮᠫᠠᠨᠢ
ᠴᠠᠭᠠᠰᠤᠨ ᠤ᠋ ᠬᠡᠮᠵᠢᠶ᠎ᠡ᠄ 145mm * 210mm
ᠬᠡᠪᠯᠡᠯ ᠦ᠋ᠨ ᠬᠠᠭᠤᠳᠠᠰᠤ᠄ 10.5
ᠦᠰᠦᠭ ᠦ᠋ᠨ ᠲᠣᠭ᠎ᠠ᠄ 200 ᠮᠢᠩᠭ᠎ᠠ
ᠬᠡᠪ ᠬᠢᠭᠰᠡᠨ ᠤᠳᠠᠭ᠎ᠠ᠄ 2018 ᠣᠨ ᠤ᠋10 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
ᠬᠡᠪᠯᠡᠭᠰᠡᠨ ᠴᠠᠭ᠄ 2018 ᠣᠨ ᠤ᠋10 ᠰᠠᠷ᠎ᠠ ᠳ᠋ᠤ᠌ ᠠᠩᠬ᠎ᠠ ᠤᠳᠠᠭ᠎ᠠ ᠬᠡᠪᠯᠡᠪᠡ
ᠨᠣᠮ ᠤ᠋ᠨ ᠳ᠋ᠤᠭᠠᠷ᠄ ISBN 978—7—5497—1918—1
ᠦᠨ᠎ᠡ᠄ 52.00 ᠲᠥᠭᠥᠷᠢᠭ
— — — — — — — — — — — — — — —
ᠠᠮᠪᠠᠭᠠᠢ ᠬᠠᠭᠠᠨ ᠥᠬᠢᠨ ᠢ᠋ᠶ᠋ᠡᠨ ᠬᠦᠷᠭᠡᠵᠦ ᠥᠭᠴᠦ ᠶᠠᠪᠤᠭᠠᠳ ᠲᠠᠲ᠋ᠠᠷᠴᠤᠳ ᠲᠤ᠌ ᠪᠠᠷᠢᠭᠳᠠᠨ ᠮᠣᠳᠣᠨ ᠡᠯᠵᠢᠭᠡᠨ ᠳ᠋ᠦ᠍ ᠬᠠᠳᠠᠭᠤᠯᠵᠤ ᠨᠥᠭᠴᠢᠭᠰᠡᠨ ᠭᠤᠨᠢᠭᠲᠤ ᠲᠡᠦᠬᠡ ᠡᠴᠡ ᠷᠣᠮᠠᠨ ᠡᠬᠢᠯᠡᠵᠦ᠂ ᠲᠠᠲ᠋ᠠᠷ ᠤ᠋ᠨ ᠲᠡᠮᠦᠵᠢᠨ ᠦᠭᠡ᠂ ᠬᠣᠷᠢᠪᠤᠬᠠ ᠨᠠᠷ ᠢ᠋ ᠪᠠᠷᠢᠵᠤ ᠢᠷᠡᠭᠰᠡᠨ ᠶᠢᠰᠦᠭᠡᠢ ᠶ᠋ᠢᠨ ᠭᠡᠷ ᠲᠦ᠍ ᠱᠠᠭᠠᠢ ᠶ᠋ᠢᠨ ᠴᠢᠨᠡᠭᠡ ᠨᠥᠵᠢ ᠠᠳᠬᠤᠨ ᠬᠦᠦ ᠲᠥᠷᠥᠭᠰᠡᠨ ᠢ᠋ᠶ᠋ᠡᠷ ᠷᠣᠮᠠᠨ ᠥᠨᠳᠥᠷᠯᠡᠵᠦ ᠪᠠᠢᠨ᠎ᠠ᠃
— ᠨᠠᠢᠷᠠᠭᠤᠯᠤᠭᠴᠢ
ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ᠂ ᠬᠡᠷᠡᠢᠳ ᠮᠥᠩᠬᠡᠨᠠᠰᠤᠨ᠂ ᠬᠡᠯᠡᠰᠣᠶᠣᠯ᠂ ᠳᠡᠭᠦᠦᠳᠠᠭᠤᠯᠠ᠂
ᠡᠷᠳᠡᠨᠢᠭᠤᠸ᠎ᠠ᠂ ᠣᠶᠤᠨᠴᠢᠮᠡᠭ᠂ ᠤᠷᠠᠨᠴᠢᠮᠡᠭ᠂ ᠠᠯᠲᠠᠨᠴᠡᠴᠡᠭ᠂ ᠮᠥᠩᠭᠥᠨ᠂
ᠠᠯᠲᠠᠨᠴᠢᠮᠡᠭ᠂ ᠪᠠᠢ· ᠰᠠᠷᠠᠨ᠎ᠠ᠂ ᠡᠭᠦᠯᠡᠩᠬᠤᠸᠠᠷ᠂ ᠪᠠᠶᠠᠨᠴᠡᠴᠡᠭ
ᠬᠢᠨᠠᠭᠴᠢ᠄ ᠣᠳᠬᠠᠨᠰᠣ᠎ᠠ᠂ ᠭᠠᠷᠮ᠎ᠠ᠂ ᠳᠡᠭᠦᠦᠳᠠᠭᠤᠯᠠ᠂ ᠠᠷᠢᠭᠤᠨ᠂ ᠪᠠᠶᠠᠨᠴᠡᠴᠡᠭ᠂
ᠬᠡᠷᠡᠢᠳ ᠮᠥᠩᠬᠡᠨᠠᠰᠤᠨ᠂ ᠪᠠᠯ᠂ ᠰᠡᠬᠡᠭᠡᠷᠡᠯ᠂ ᠪᠤᠤ ᠸᠧᠨ ᠬᠤᠸᠠ
